ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠰᠤᠷᠪᠤᠯᠵᠢᠯᠠᠭ᠎ᠠ
ᠰᠡᠳᠬᠢᠯ᠎ᠤᠨ ᠪᠦᠬᠡ᠎ᠠᠴᠠ ᠲᠠᠮᠢᠷ᠎ᠤᠨ ᠪᠦᠬᠡ ᠲᠦᠯᠵᠢᠳᠡᠭ
ᠨᠡᠶ᠋ᠢᠲᠡᠯᠡᠭᠰᠡᠨ ᠴᠠᠭ᠄ 2021-07-07

                   — ᠳᠦᠷᠪᠡᠳ ᠨᠤᠲᠤᠭ᠎ᠤᠨ ᠵᠠᠯᠠᠭᠤ ᠪᠦᠬᠡᠴᠢᠨ ᠵᠠᠨ᠎ᠠ ᠵᠢ ᠰᠤᠷᠪᠤᠯᠵᠢᠯᠠᠪᠠ


      ᠪᠦᠬᠡ ᠭᠡᠳᠡᠭ — ᠳᠡᠷᠳᠡᠭᠡ ᠬᠤᠯᠠ ᠵᠢᠨ ᠵᠠᠭᠤᠨ᠎ᠳᠤ ᠳᠡᠪᠢᠵᠦ ᠶᠠᠪᠤᠭᠰᠠᠨ ᠮᠦᠷ᠎ᠲᠠᠢ᠂
      ᠲᠡᠭᠷᠢ ᠭᠠᠵᠠᠷ᠎ᠤᠨ ᠵᠠᠢ᠎ᠳᠤ ᠲᠡᠯᠡᠵᠦ ᠬᠦᠭᠵᠢᠭᠰᠡᠨ ᠲᠡᠦᠬᠡ᠎ᠲᠠᠢ᠃
      ᠪᠦᠬᠡᠴᠢᠨ ᠭᠡᠳᠡᠭ — ᠵᠤᠳᠤᠭᠯᠠᠨ ᠬᠤᠷᠤᠢ᠍ᠢ᠍ᠯᠠᠭᠰᠠᠭ᠋ᠠᠷ ᠲᠦᠮᠡᠨ᠎ᠤ ᠤᠬᠠᠢ᠍ᠢ᠍ᠯᠠᠯ᠎ᠢ ᠬᠦᠷᠲᠡᠨ᠎ᠡ᠂
      ᠵᠠᠨᠭ᠌ᠭᠢᠶᠠᠯᠠᠨ ᠳᠡᠪᠢᠭᠰᠡᠭᠡᠷ ᠳᠡᠯᠡᠬᠡᠢ ᠵᠢᠨ ᠳᠠᠪᠴᠠᠩ᠎ᠳᠤ ᠬᠦᠷᠦᠨ᠎ᠡ᠃
    ᠤᠯᠠᠮᠵᠢᠯᠠᠯᠲᠤ ᠡᠷ᠎ᠠ ᠵᠢᠨ ᠭᠤᠷᠪᠠᠨ ᠨᠠᠭ᠋ᠠᠳᠤᠮ᠎ᠤᠨ ᠨᠢᠭᠡ ᠪᠤᠯᠤᠭᠰᠠᠨ ᠪᠦᠬᠡ ᠪᠠᠷᠢᠯᠳᠤᠬᠤ ᠭᠡᠳᠡᠭ ᠨᠠᠢ᠍ᠢ᠍ᠷ᠎ᠤᠨ ᠬᠦᠭ᠎ᠢ ᠬᠦᠭᠵᠢᠭᠡᠵᠦ ᠬᠦᠮᠦᠨ᠎ᠤ ᠰᠡᠳᠬᠢᠯ᠎ᠢ ᠬᠦᠪᠪᠦᠯᠵᠡᠭᠦᠯᠬᠦ ᠪᠠᠬᠠᠷᠤᠯ᠎ᠲᠠᠢ ᠲᠠᠮᠢᠷ ᠤᠷᠠᠯᠢᠭ᠎ᠤᠨ ᠨᠢᠭᠡ ᠶᠤᠮ᠃ ᠡᠨᠡ ᠯᠡ ᠵᠠᠮ ᠵᠶ᠋ᠠᠷ ᠦᠢ᠍ᠯᠡᠰ᠎ᠤᠨ ᠠᠶᠠᠨ᠎ᠳᠠᠭᠠᠨ ᠮᠤᠷᠳᠠᠭᠰᠠᠨ ᠤᠯᠠᠭ᠋ᠠᠨᠴᠠᠪ ᠬᠤᠲᠠ ᠵᠢᠨ ᠳᠦᠷᠪᠡᠳ ᠬᠤᠰᠢᠭᠤᠨ᠎ᠤ ᠪᠠᠶᠠᠨᠴᠤᠭᠲᠤ ᠰᠤᠮᠤᠨ᠎ᠤ ᠪᠠᠶᠠᠨᠴᠤᠭᠲᠤ ᠭᠠᠴᠠᠭ᠎ᠠ᠎ᠪᠠᠷ ᠨᠤᠲᠤᠭᠲᠠᠢ ᠵᠠᠯᠠᠭᠤ ᠪᠦᠬᠡᠴᠢᠨ ᠵᠠᠨ᠎ᠠ ᠪᠦᠬᠡ ᠵᠢᠨ ᠠᠯᠳᠠᠷ ᠵᠶ᠋ᠠᠨ ᠳᠠᠭ᠋ᠠᠭ᠋ᠠᠵᠦ᠂ ᠪᠦᠬᠡ ᠵᠢᠨ ᠰᠤᠶᠤᠯ᠎ᠢ ᠬᠦᠭᠵᠢᠭᠦᠯᠬᠦ ᠬᠡᠮᠡᠨ ᠴᠢᠷᠮᠠᠢ᠍ᠢ᠍ᠵᠦ ᠶᠠᠪᠤᠭ᠎ᠠ᠎ᠨᠢ ᠮᠦᠨ ᠴᠦ᠍ ᠨᠤᠲᠤᠭ ᠤᠰᠤᠨ᠎ᠤ᠎ᠪᠠᠨ ᠤᠮᠤᠭᠰᠢᠯ ᠭᠡᠯᠲᠡᠢ!
    ᠬᠦᠴᠦ ᠲᠠᠮᠢᠷ ᠵᠶ᠋ᠠᠨ ᠡᠷᠴᠢᠯᠡᠭᠰᠡᠨ ᠬᠤᠷᠴᠠᠯᠢᠭ ᠪᠦᠬᠡᠴᠢᠨ
    ᠬᠦᠴᠦ ᠲᠠᠮᠢᠷ ᠵᠶ᠋ᠠᠨ ᠡᠷᠴᠢᠯᠡᠵᠦ ᠡᠷᠡᠮᠡᠬᠡᠢ ᠬᠤᠷᠴᠠᠯᠢᠭ ᠪᠠᠷᠢᠯᠳᠤᠵᠦ ᠶᠠᠪᠤᠭᠰᠠᠨ ᠵᠠᠨᠭ᠌ᠭᠢᠶᠠᠲᠤ ᠪᠦᠬᠡᠴᠢᠨ ᠵᠠᠨ᠎ᠠ ᠲᠦᠷᠦᠭᠦᠬᠡᠨ ᠤᠯᠠᠭ᠋ᠠᠨᠴᠠᠪ ᠬᠤᠲᠠ ᠵᠢᠨ ᠬᠡᠪᠴᠢᠶᠡᠨ᠎ᠳᠤ ᠶᠠᠪᠤᠭᠳᠠᠭᠰᠠᠨ 《ᠳᠤᠯᠤᠭ᠋ᠠᠨ ᠰᠡᠷᠪᠡᠭᠡ》 ᠪᠦᠬᠡ ᠵᠢᠨ ᠨᠠᠢ᠍ᠢ᠍ᠷ ᠵᠶ᠋ᠠᠷ ᠲᠡᠷᠢᠭᠦᠯᠡᠵᠦ ᠤᠳᠤᠯᠠᠨ ᠢᠷᠡᠬᠦ ᠵᠢᠯ ᠵᠶ᠋ᠠᠷ ᠮᠠᠨ᠎ᠤ ᠬᠤᠲᠠ᠎ᠳᠤ ᠶᠠᠪᠤᠭᠳᠠᠬᠤ ᠪᠦᠬᠦ ᠤᠷᠤᠨ᠎ᠤ ᠴᠦᠬᠡᠨ ᠲᠤᠭ᠋ᠠᠲᠤ ᠦᠨᠳᠦᠰᠦᠲᠡᠨ᠎ᠤ ᠲᠠᠮᠢᠷ᠎ᠤᠨ ᠴᠤᠭᠯᠠᠭ᠋ᠠᠨ᠎ᠳᠤ ᠪᠡᠯᠡᠳᠭᠡᠯ ᠬᠢᠵᠦ ᠶᠠᠭ᠋ᠠᠷᠠᠵᠦ ᠶᠠᠪᠤᠬᠤ᠎ᠳᠠᠭᠠᠨ ᠲᠡᠷᠡ ᠪᠡᠷᠬᠡ ᠬᠠᠳᠠᠭᠤ ᠰᠤᠷᠢᠭ᠎ᠠ ᠪᠤᠯᠪᠠᠰᠤᠷᠠᠯ ᠵᠶ᠋ᠠᠷ ᠪᠡᠶ᠎ᠡ᠎ᠪᠠᠨ ᠴᠢᠨᠭ᠌ᠭ᠋ᠠᠷᠠᠭᠤᠯᠵᠦ᠂ ᠨᠠᠢ᠍ᠢ᠍ᠷ ᠲᠡᠮᠡᠴᠡᠭᠡᠨ᠎ᠳᠡᠭᠡᠨ ᠠᠮᠵᠢᠯᠲᠠ᠎ᠲᠠᠢ ᠪᠠᠷᠢᠯᠳᠤᠬᠤ᠎ᠪᠠᠷ ᠴᠠᠭ ᠢᠮᠠᠭᠲᠠ ᠪᠡᠯᠡᠳᠭᠡᠵᠦ᠂ ᠪᠦᠬᠡᠴᠢᠨ ᠬᠦ᠍ᠮᠦᠨ᠎ᠤ ᠠᠯᠳᠠᠷ ᠵᠶ᠋ᠠᠨ ᠮᠠᠨᠳᠤᠭᠤᠯᠬᠤ ᠲᠠᠮᠢᠷ᠎ᠤᠨ ᠳᠠᠪᠴᠠᠩ᠎ᠤᠨ ᠦᠨᠳᠦᠷ ᠤᠷᠭᠢᠯ᠎ᠳᠤ ᠭᠠᠷᠬᠤ᠎ᠪᠠᠷ ᠡᠷ᠎ᠡ ᠰᠢᠨᠳᠠᠰᠤ᠎ᠪᠠᠨ ᠰᠢᠯᠭ᠋ᠠᠨ ᠬᠠᠲᠠᠭᠤᠵᠢᠨ ᠪᠤᠯᠪᠠᠰᠤᠷᠠᠨ᠎ᠠ᠃
      ᠪᠦᠬᠡᠴᠢᠨ ᠭᠡᠬᠦ᠎ᠠᠴᠠ ᠬᠠᠮᠤᠭ ᠲᠦᠷᠦᠭᠦᠦ ᠲᠠᠷᠢᠬᠢᠨ᠎ᠳᠤ ᠤᠷᠤᠵᠦ ᠢᠷᠡᠳᠡᠭ᠎ᠨᠢ ᠠᠭᠤᠯᠠ ᠬᠠᠳᠠ ᠰᠢᠭ ᠰᠦᠷᠯᠢᠭ ᠤᠷᠭᠤᠭ᠎ᠠ ᠮᠤᠳᠤ ᠰᠢᠭ ᠦᠨᠳᠦᠷ ᠠᠪᠤᠷᠭᠤᠴᠤᠤᠯ ᠪᠢᠯᠡ᠂ ᠭᠡᠪᠡᠴᠦ ᠰᠦᠷᠯᠢᠭ ᠲᠤᠮᠤ ᠪᠡᠶ᠎ᠡ ᠦᠭᠡᠢ ᠴᠦ᠍ ᠰᠡᠷᠭᠡᠭ ᠬᠦᠨᠭᠭᠡᠨ ᠪᠠᠷᠢᠯᠳᠤᠳᠠᠭ ᠤᠬᠠᠭ᠋ᠠᠨᠲᠤ ᠪᠦᠬᠡᠴᠢᠳ᠎ᠤᠨ ᠳᠤᠲᠤᠷᠠᠬᠢ ᠨᠢᠭᠡ᠎ᠨᠢ ᠳᠦᠷᠪᠡᠳ ᠨᠤᠲᠤᠭ᠎ᠤᠨ ᠤᠤᠭ᠋ᠠᠯ ᠵᠠᠨ᠎ᠠ ᠪᠤᠯᠤᠨ᠎ᠠ᠃
    《ᠦᠪᠡᠷ ᠵᠶ᠋ᠠᠨ ᠪᠡᠶ᠎ᠡ ᠪᠢᠯᠳᠠᠷ ᠲᠤᠮᠤ ᠪᠦᠳᠦᠭᠦᠨ ᠪᠢᠰᠢ ᠪᠤᠯᠬᠤᠷ ᠪᠠᠷᠢᠯᠳᠤᠭ᠋ᠠᠨ ᠳᠤᠮᠳᠠ ᠲᠦᠷᠭᠡᠨ ᠬᠦᠳᠡᠯᠵᠦ ᠬᠦᠮᠦᠨ᠎ᠤ ᠵᠤᠭᠰᠤᠯᠲᠠ ᠵᠢ ᠬᠦᠳᠡᠯᠭᠡᠵᠦ ᠪᠠᠢ᠍ᠢ᠍ᠮᠠᠨᠵᠢᠨ ᠲᠦᠷᠭᠡᠬᠡᠨ ᠮᠡᠬᠡ ᠬᠡᠷᠡᠭᠯᠡᠬᠦ ᠵᠢ ᠪᠤᠳᠤᠳᠠᠭ᠂ ᠲᠡᠢ᠍ᠮᠦ ᠪᠢᠰᠢ ᠪᠤᠯ ᠲᠤᠮᠤ ᠪᠡᠶ᠎ᠠ᠎ᠲᠠᠢ ᠬᠦᠮᠦᠨ᠎ᠢ ᠶᠠᠭ᠋ᠠᠬᠢᠵᠦ ᠳᠡᠢ᠍ᠯᠬᠦ ᠪᠤᠢ!》 ᠭᠡᠵᠦ ᠶᠠᠷᠢᠬᠤ᠎ᠨᠢ ᠬᠡᠷᠰᠡᠦ ᠬᠦᠮᠦᠨ᠎ᠤ ᠲᠠᠢ᠍ᠢ᠍ᠪᠤᠩ ᠲᠤᠭᠲᠠᠭᠤᠨ᠎ᠢ ᠬᠠᠷᠠᠭᠤᠯᠤᠨ᠎ᠠ᠃ ᠨᠠᠮᠬᠠᠨ ᠪᠠᠶ᠎ᠠ᠎ᠲᠠᠢ ᠴᠤ᠌ ᠬᠦᠳᠡᠷᠯᠢᠭ ᠴᠤᠭᠴᠠ᠎ᠲᠠᠢ᠂ ᠨᠠᠮᠵᠢᠭᠤᠬᠠᠨ ᠠᠯᠬᠤᠭ᠎ᠠ᠎ᠲᠠᠢ ᠴᠤ᠌ ᠡᠷᠴᠢᠲᠡᠢ᠍ᠢ᠍ᠬᠡᠨ ᠬᠢᠰᠭᠢᠴᠨ᠎ᠲᠠᠢ ᠲᠡᠷᠡᠪᠡᠷ ᠮᠤᠨᠭ᠌ᠭᠤᠯ ᠨᠤᠲᠤᠭ᠎ᠤᠨ ᠵᠦᠭᠡᠯᠡᠨ ᠰᠢᠷᠤᠢ᠎ᠳᠤ ᠪᠡᠬᠢᠵᠢᠨ ᠪᠤᠢ᠍ᠢ᠍ᠵᠢᠵᠦ᠂ ᠮᠤᠨᠭ᠌ᠭᠤᠯ ᠪᠦᠬᠡ ᠵᠢᠨ ᠤᠷᠠᠢ ᠵᠢᠨ ᠳᠠᠭᠤᠨ ᠵᠶ᠋ᠠᠷ ᠵᠤᠯᠪᠤᠭ᠋ᠠᠯᠢᠭ ᠪᠠᠷᠢᠯᠳᠤᠵᠦ ᠶᠠᠪᠤᠭᠰᠠᠨ ᠵᠶ᠋ᠠᠷ ᠬᠦᠨᠭᠭᠡᠨ ᠪᠠᠷᠢᠯᠳᠤᠳᠠᠭ ᠴᠤᠤ᠎ᠲᠠᠢ ᠪᠢᠯᠡ᠃
      ᠪᠠᠭ᠎ᠠ᠎ᠠᠴᠠ᠎ᠪᠠᠨ ᠪᠦᠬᠡ᠎ᠳᠤ ᠤᠨᠴᠠᠭ᠋ᠠᠢ ᠪᠠᠬ᠎ᠠ᠎ᠲᠠᠢ ᠪᠤᠯᠬᠤᠷ ᠳᠠᠨᠭ᠌ᠳᠠ ᠮᠦᠷᠦ ᠳᠠᠯᠤ᠎ᠪᠠᠨ ᠭᠠᠷᠭ᠋ᠠᠴᠢᠬᠠᠭᠰᠠᠨ ᠤᠷᠠᠨᠭ᠌ᠬᠠᠢ ᠬᠤᠪᠴᠠᠰᠤ᠎ᠲᠠᠢ ᠨᠤᠴᠤᠯᠳᠤᠵᠦ ᠶᠠᠪᠤᠳᠠᠭ ᠬᠡᠦᠬᠡᠳ ᠪᠠᠢ᠍ᠢ᠍ᠵᠦ᠂ ᠠᠢ᠍ᠢ᠍ᠯ᠎ᠤᠨ ᠠᠬᠠᠮᠠᠳ ᠵᠶ᠋ᠠᠷ ᠠᠳᠬᠤ ᠰᠢᠬᠢᠷ᠎ᠪᠠᠷ ᠱᠠᠨᠭ᠌ᠨᠠᠭᠤᠯᠵᠦ ᠤᠯᠠᠮ ᠯᠡ ᠤᠷᠮ᠎ᠠ᠎ᠲᠠᠢ ᠪᠠᠷᠢᠯᠳᠤᠳᠠᠭ ᠭᠡᠯ᠎ᠡ᠂ ᠰᠤᠷᠭ᠋ᠠᠭᠤᠯᠢ ᠵᠢᠨ ᠪᠤᠱ᠌ᠤᠭ᠎ᠠ ᠵᠢ ᠠᠯᠬᠤᠭᠰᠠᠨ ᠴᠠᠭ᠎ᠠᠴᠠ᠎ᠪᠠᠨ 《6•1》᠎ᠤ ᠪᠦᠬᠡ ᠵᠢᠨ ᠱᠠᠩ᠎ᠢ ᠠᠯᠳᠠᠯ ᠊ᠦᠭᠡᠢ ᠲᠤᠰᠳᠠᠭ ᠲᠡᠭᠦᠨ᠎ᠤ 13᠎ᠲᠠᠢ ᠵᠢᠯ᠎ᠳᠤᠨᠢ᠂ ᠤᠯᠠᠭ᠋ᠠᠨᠴᠠᠪ ᠬᠤᠲᠠ ᠵᠢᠨ ᠠᠵᠢᠯ᠎ᠤᠨ ᠴᠢᠯᠦᠭᠡᠨ᠎ᠤ ᠪᠡᠶ ᠎ᠡ ᠵᠢᠨ ᠲᠠᠮᠢᠷ᠎ᠤᠨ ᠰᠤᠷᠭ᠋ᠠᠭᠤᠯᠢ ᠵᠢᠨ ᠳᠡᠳ᠋ ᠵᠠᠬᠢᠷᠤᠯ ᠰᠢᠷᠠ ᠪᠠᠭᠰᠢ᠂ ᠳᠦᠷᠪᠡᠳ ᠬᠤᠰᠢᠭᠤᠨ᠎ᠤ ᠪᠡᠶ ᠎ᠡ ᠲᠠᠮᠢᠷ᠎ᠤᠨ ᠲᠤᠪᠴᠢᠶᠠᠨ ᠳᠠᠷᠤᠭ᠎ᠠ ᠪᠤᠳᠢᠵᠠᠪ ᠭᠤᠸᠠᠢ᠎ᠲᠠᠢ ᠬᠠᠮᠲᠤ ᠰᠤᠷᠭ᠋ᠠᠭᠤᠯᠢ᠎ᠳᠤ᠎ᠨᠢ ᠰᠤᠷᠤᠭᠴᠢ ᠡᠯᠰᠡᠬᠦ᠎ᠪᠠᠷ ᠬᠦᠷᠦᠭᠡᠳ ᠵᠠᠨ᠎ᠠ ᠵᠢ ᠪᠠᠬᠠᠷᠬᠠᠵᠦ ᠲᠠᠮᠢᠷ᠎ᠤᠨ ᠰᠤᠷᠭ᠋ᠠᠭᠤᠯᠢ᠎ᠳᠤ᠎ᠪᠠᠨ ᠡᠯᠰᠡᠨ ᠠᠪᠤᠭᠰᠠᠨ ᠪᠠᠢ᠍ᠨ᠎ᠠ᠃ ᠢᠨᠭᠬᠢᠵᠦ ᠯᠡ ᠠᠨᠭ᠌ᠬ᠎ᠠ ᠤᠳᠠᠭ᠎ᠠ ᠭᠡᠷ᠎ᠠᠴᠠ᠎ᠪᠠᠨ ᠬᠤᠯᠠᠳᠠᠵᠦ ᠠᠢ᠍ᠢ᠍ᠮᠠᠭ᠎ᠤᠨ ᠲᠦᠪ᠎ᠲᠤ ᠲᠠᠮᠢᠷ᠎ᠤᠨ ᠮᠦᠷ᠎ᠢ ᠵᠤᠷᠢᠵᠦ ᠢᠷᠡᠬᠦ᠎ᠳᠤ ᠪᠦᠬᠦ ᠰᠤᠷᠤᠭᠴᠢ ᠵᠢᠨ ᠳᠤᠲᠤᠷ ᠎ᠠ ᠨᠠᠰᠤ᠎ᠪᠠᠷ ᠬᠠᠮᠤᠭ ᠪᠠᠭ᠎ᠠ᠎ᠨᠢ ᠪᠠᠢ᠍ᠢ᠍ᠵᠦ᠂ ᠲᠠᠨᠢᠯ ᠪᠤᠰᠤ ᠤᠷᠴᠢᠨ᠎ᠳᠤ ᠳᠠᠰᠬᠤ ᠦᠭᠡᠢ᠂ ᠠᠪᠤ ᠡᠵᠢ᠎ᠪᠠᠨ ᠰᠠᠨᠠᠬᠤ ᠵᠢᠨ ᠡᠷᠬᠡ᠎ᠪᠠᠷ ᠪᠤᠴᠠᠭ᠋ᠠᠳ ᠶᠠᠪᠤᠬᠤ ᠪᠤᠳᠤᠯ ᠤᠷᠤᠵᠦ ᠪᠠᠢ᠍ᠢ᠍ᠭᠰᠠᠨ ᠭᠡᠳᠡᠭ᠃ ᠭᠡᠬᠦ᠎ᠳᠤ 《ᠨᠢᠭᠡ ᠦᠶ᠎ᠡ ᠵᠢᠨ ᠪᠠᠭᠰᠢ ᠠᠷᠪᠠᠨ ᠦᠶ ᠎ᠡ ᠵᠢᠨ ᠠᠪᠤ ᠡᠵᠢ᠎ᠲᠠᠢ ᠲᠡᠨᠭᠴᠡᠨ᠎ᠡ》 ᠭᠡᠳᠡᠭ ᠵᠶ᠋ᠠᠷ ᠢᠷᠦᠭᠡᠯ ᠵᠶ᠋ᠠᠷ ᠤᠴᠠᠷᠠᠭᠰᠠᠨ ᠪᠠᠭᠰᠢ ᠵᠢᠨ ᠵᠶ᠋ᠠᠨ ᠬᠠᠯᠠᠮᠵᠢᠯᠠᠯ ᠬᠠᠷᠢᠭᠤᠴᠠᠯᠭ᠎ᠠ᠎ᠪᠠᠷ ᠲᠠᠮᠢᠷᠴᠢᠨ ᠪᠤᠯᠬᠤ ᠵᠠᠮ ᠵᠶ᠋ᠠᠨ ᠤᠷᠬᠢᠵᠦ ᠴᠢᠳᠠᠭ᠎ᠠ ᠦᠭᠡᠢ ᠦᠷᠭᠦᠯᠵᠢᠯᠡᠭᠦᠯᠦᠨ ᠦᠨᠦᠳᠦᠷ᠎ᠲᠤ ᠢᠷᠡᠬᠦ᠎ᠳᠤ᠂ ᠤᠷᠢᠳ ᠬᠤᠵᠢᠳ ᠤᠯᠠᠭ᠋ᠠᠨᠴᠠᠪ ᠬᠤᠲᠠ ᠵᠢᠨ ᠠᠵᠢᠯ᠎ᠤᠨ ᠴᠢᠯᠦᠭᠡᠨ᠎ᠤ ᠪᠡᠶ ᠎ᠡ ᠵᠢᠨ ᠲᠠᠮᠢᠷ᠎ᠤᠨ ᠰᠤᠷᠭ᠋ᠠᠭᠤᠯᠢ᠎ᠳᠤ ᠵᠢᠤᠳᠤᠤ ᠪᠦᠬᠡ ᠵᠢᠨ ᠮᠡᠷᠭᠡᠵᠢᠯ ᠵᠶ᠋ᠠᠷ ᠳᠦᠷᠪᠡᠨ ᠵᠢᠯ ᠰᠤᠷᠤᠯᠴᠠᠵᠦ᠂ ᠳᠠᠬᠢᠨ 2010 ᠤᠨ᠎ᠤ 10   ᠰᠠᠷ᠎ᠠ ᠎ᠳᠤ   ᠦᠪᠦᠷ   ᠮᠤᠨᠭ᠌ᠭᠤᠯ ᠎ᠤᠨ   ᠰᠢᠭᠰᠢᠭᠡ   ᠪᠠᠭ ᠎ᠤᠨ   ᠠᠨᠭ᠌ᠭᠢ ᠎ᠳᠤ   ᠡᠯᠰᠡᠭᠳᠡᠨ  5   ᠵᠢᠯ ᠰᠤᠷᠤᠯᠴᠠᠭᠰᠠᠨ ᠪᠠᠢ᠍ᠢ᠍ᠨ᠎ᠠ᠃
      ᠵᠢᠤᠤᠳᠤ ᠪᠦᠬᠡ ᠭᠡᠳᠡᠭ ᠪᠡᠶ ᠎ᠡ ᠵᠢᠨ ᠬᠦᠨᠳᠦ᠎ᠪᠠᠷ ᠪᠠᠷᠢᠮᠵᠢᠶᠠᠯᠠᠵᠦ ᠪᠠᠷᠢᠯᠳᠤᠳᠠᠭ ᠲᠠᠮᠢᠷ᠎ᠤᠨ ᠨᠢᠭᠡ ᠲᠦᠷᠦᠯ ᠪᠤᠯᠬᠤᠷ ᠪᠡᠶ᠎ᠡ ᠵᠢᠨ ᠵᠢᠩ ᠵᠶ᠋ᠠᠨ ᠪᠠᠳᠤᠯᠠᠬᠤ᠎ᠠᠴᠠ ᠤᠷᠤᠯᠳᠤᠭ᠋ᠠᠨ ᠲᠡᠮᠡᠴᠡᠭᠡᠨ᠎ᠳᠤ ᠪᠡᠯᠡᠳᠭᠡᠯ ᠬᠢᠬᠦ ᠪᠦᠬᠦ ᠶᠠᠪᠤᠴᠠ᠎ᠳᠤ ᠮᠠᠰᠢ ᠶᠡᠬᠡ ᠬᠠᠲᠠᠭᠤ ᠪᠤᠯᠪᠠᠰᠤᠷᠠᠯ ᠬᠡᠷᠡᠭᠰᠡᠳᠡᠭ᠃ 《ᠲᠠᠮᠢᠷ ᠪᠤᠯᠪᠠᠰᠤᠷᠠᠬᠤ ᠪᠤᠯ ᠮᠦᠨ ᠴᠤ᠌ ᠶᠡᠬᠡ ᠬᠦᠴᠦ ᠪᠤᠯᠪᠠᠰᠤᠷᠠᠯ ᠤᠷᠤᠳᠠᠭ᠂ ᠶᠡᠬᠡ ᠠᠮᠵᠢᠯᠲᠠ᠎ᠳᠤ ᠬᠦᠷᠦᠨ᠎ᠡ ᠭᠡᠪᠡᠯ ᠵᠠᠪᠠᠯ ᠬᠦᠯᠦᠰᠦ᠎ᠪᠠᠨ ᠶᠡᠬᠡ ᠤᠷᠤᠰᠬᠠᠬᠤ ᠯᠡ ᠬᠡᠷᠡᠭᠲᠡᠢ᠂ ᠬᠦᠮᠦᠨ᠎ᠠᠴᠠ ᠢᠯᠡᠭᠦᠦ ᠠᠵᠢᠯᠯᠠᠵᠦ ᠪᠠᠢ᠍ᠭ᠋ᠠᠳ ᠠᠮᠵᠢᠯᠲᠠ᠎ᠳᠤ ᠬᠦᠷᠳᠡᠭ》 ᠭᠡᠵᠦ ᠡᠴᠢᠨᠡᠨ ᠵᠢᠯ ᠨᠢᠭᠡ ᠰᠡᠳᠬᠢᠯ᠎ᠢ ᠪᠠᠷᠢᠵᠦ ᠰᠤᠨᠭ᠌ᠭᠤᠭᠰᠠᠨ ᠵᠠᠮ ᠵᠶ᠋ᠠᠨ ᠬᠦᠭᠡᠭᠡᠴᠡᠯᠳᠦᠵᠦ ᠶᠠᠪᠤᠭᠰᠠᠨ ᠲᠤᠬᠠᠢ᠎ᠪᠠᠨ ᠳᠤᠷᠠᠳᠬᠤ᠎ᠳᠤ ᠨᠢᠭᠡ ᠬᠦᠮᠦᠨ᠎ᠳᠤ ᠳᠤᠷ᠎ᠠ ᠰᠤᠨᠢᠷᠬᠠᠯ᠎ᠠᠴᠠ ᠭᠠᠳᠠᠨ᠎ᠠ 《ᠳᠤᠷᠠᠲᠠᠢ ᠵᠦᠢ᠍ᠯ ᠵᠶ᠋ᠠᠨ ᠬᠢᠬᠦ᠎ᠳᠤ ᠬᠡᠳᠦᠢ ᠬᠦᠴᠢᠷ ᠪᠠᠢ᠍ᠭᠰᠠᠨ ᠴᠤ᠌ ᠪᠠᠷᠢᠮᠲᠠᠯᠠᠳᠠᠭ》 ᠰᠦᠰᠦ ᠵᠤᠷᠢᠭ ᠶᠠᠮᠠᠷᠬᠠᠨ ᠮᠤᠨᠳᠠᠭ ᠡᠷᠴᠢ ᠬᠦᠴᠦᠲᠡᠢ ᠭᠡᠳᠡᠭ᠎ᠢ ᠤᠢ᠍ᠢ᠍ᠯᠠᠭ᠋ᠠᠯ᠎ᠠ᠃
ᠠᠪᠤ ᠡᠵᠢ ᠬᠡᠮᠡᠬᠦ ᠠᠮᠢᠳᠤ ᠪᠤᠷᠬᠠᠨ᠎ᠠᠴᠠ ᠬᠠᠢ᠍ᠢ᠍ᠷᠠᠯᠠᠭᠰᠠᠨ ᠴᠢᠬᠢᠷᠠᠭ ᠪᠡᠶ ᠎ᠡ᠎ᠳᠡᠭᠡᠨ ᠲᠦᠰᠢᠵᠦ᠂ ᠠᠮᠢᠳᠤᠷᠠᠯ ᠬᠡᠮᠡᠬᠦ ᠤᠪᠢᠳᠠᠰᠲᠦ ᠰᠤᠳᠤᠷ᠎ᠠᠴᠠ ᠬᠦᠷᠲᠡᠭᠰᠡᠨ ᠴᠢᠨᠭᠭ᠎ᠠ ᠪᠤᠳᠤᠯ᠎ᠳᠠᠭᠠᠨ ᠲᠤᠯᠢᠳᠠᠨ ᠦᠨᠦᠳᠦᠷ ᠪᠡᠶ᠎ᠡ ᠪᠦᠬᠡ ᠰᠡᠳᠬᠢᠯ ᠪᠦᠬᠡ ᠴᠢᠷᠮᠠᠢ᠍ᠢ᠍ᠵᠦ ᠶᠠᠪᠤᠭ᠎ᠠ᠎ᠨᠢ ᠡᠨᠡ ᠪᠢᠯᠢᠦ!
      ᠬᠦᠮᠦᠨ ᠪᠦᠬᠦᠨ ᠱᠠᠭᠰᠢᠬᠤ ᠭᠡᠭᠡᠨ ᠰᠡᠳᠬᠢᠯ᠎ᠤᠨ ᠲᠡᠨᠭᠭᠡᠭᠡ᠎ᠲᠠᠢ
     《ᠪᠦᠬᠡᠴᠢᠨ ᠭᠡᠳᠡᠭ ᠵᠢᠭᠡ᠎ᠳᠤ ᠤᠯᠠᠮᠵᠢᠯᠠᠳᠠᠭ ᠶᠤᠰᠤᠨ ᠪᠠᠢ᠍ᠢ᠍ᠳᠠᠭ》 ᠭᠡᠵᠦ ᠨᠤᠲᠤᠭ᠎ᠤᠨ ᠲᠤᠮᠤᠭ᠋ᠠᠳᠠᠳ᠎ᠤᠨ ᠶᠠᠷᠢᠬᠤ ᠵᠢ ᠳᠠᠨᠭ᠌ᠳᠠ ᠰᠤᠨᠤᠰᠴᠦ ᠪᠠᠢ᠍ᠢ᠍ᠭᠰᠠᠨ᠂ ᠳᠤᠮᠤᠭ ᠰᠢᠭ ᠶᠠᠷᠢᠭᠳᠠᠳᠠᠭ ᠡᠨᠡᠬᠦ ᠨᠢᠭᠤᠴᠠᠬᠠᠨ ᠤᠳᠬ᠎ᠠ᠎ᠲᠠᠢ ᠶᠠᠷᠢᠶ᠎ᠠ 《ᠡᠷᠲᠡᠨ᠎ᠤ ᠦᠭᠡ ᠡᠰᠢ᠎ᠲᠠᠢ》 ᠭᠡᠳᠡᠭ᠎ᠢ ᠭᠡᠷᠡᠴᠢᠯᠡᠬᠦ ᠰᠢᠭ᠋ ᠪᠦᠬᠡᠴᠢᠨ ᠬᠦᠮᠦᠨ᠎ᠠᠴᠠ ᠲᠠᠨᠠᠢ᠍ᠢ᠍ᠬᠢᠨ ᠤᠳᠤᠮ᠎ᠤᠨ ᠪᠦᠬᠡᠴᠢᠨ᠎ᠲᠠᠢ ᠤᠤ ᠭᠡᠵᠦ ᠠᠰᠠᠭᠤᠬᠤᠯᠠᠷ ᠨᠠᠭ᠋ᠠᠴᠢ ᠵᠢᠨ ᠲᠠᠯ᠎ᠠ᠎ᠠᠴᠠ᠎ᠪᠠᠨ ᠶᠠᠷᠢᠳᠠᠭ᠎ᠨᠢ ᠤᠴᠢᠷᠲᠠᠢ ᠪᠠᠢ᠍ᠢ᠍ᠵᠠᠢ᠃ ᠨᠠᠭ᠋ᠠᠴᠢ ᠵᠢᠨ ᠵᠶ᠋ᠠᠨ ᠪᠠᠷᠢᠯᠳᠤᠭ᠋ᠠᠨ᠎ᠢ ᠦᠪᠯᠡᠵᠦ ᠵᠠᠶᠠᠭ᠋ᠠᠭᠰᠠᠨ ᠵᠠᠨ᠎ᠠ ᠴᠦ᠍ ᠪᠦᠬᠡ ᠭᠡᠳᠡᠭ ᠤᠳᠤᠮᠲᠤ ᠲᠠᠮᠢᠷ᠎ᠲᠠᠢ ᠬᠤᠪᠢ ᠪᠠᠷᠢᠯᠳᠤᠯᠭ᠎ᠠ᠎ᠲᠠᠢ ᠪᠤᠯᠵᠦ ᠠᠮᠢᠳᠤᠷᠠᠯ ᠠᠵᠢᠯ᠎ᠤᠨ ᠳᠡᠨᠭᠰᠡᠨ ᠳᠡᠭᠡᠷ᠎ᠡ ᠠᠮᠵᠢᠭᠤᠯᠵᠦ ᠶᠠᠭ᠋ᠠᠷᠠᠨ᠎ᠠ᠃
     2016 ᠤᠨ᠎ᠳᠤ ᠨᠤᠲᠤᠭ᠎ᠤᠨ ᠤᠬᠢᠨ ᠭᠡᠭᠡᠨᠲᠠᠨ᠎ᠠ᠎ᠲᠠᠢ ᠵᠢᠷᠭ᠋ᠠᠯᠲᠤ ᠠᠮᠢᠳᠤᠷᠠᠯ ᠵᠶ᠋ᠠᠨ ᠴᠤᠭᠴᠠᠯᠠᠵᠦ ᠨᠠᠢ᠍ᠢ᠍ᠷ᠎ᠤᠨ ᠳᠠᠭᠤᠨ᠎ᠤ ᠠᠶᠠᠯᠭᠤᠨ᠎ᠳᠤ ᠮᠤᠨᠭ᠌ᠭᠤᠯ ᠠᠢ᠍ᠢ᠍ᠯ ᠨᠢᠭᠡ ᠵᠢ ᠨᠡᠮᠡᠭᠰᠡᠨ᠎ᠠᠴᠠ ᠤᠳᠤᠮ᠎ᠤᠨ ᠬᠡᠯᠬᠢᠶ᠎ᠡ ᠵᠢ ᠤᠷᠲᠤᠰᠬᠠᠬᠤ ᠬᠦᠭᠡᠷᠦᠬᠦᠨ ᠤᠬᠢᠨ᠎ᠲᠠᠢ ᠪᠤᠯᠵᠦ᠂ ᠳᠤᠯᠠᠭ᠋ᠠᠬᠠᠨ ᠠᠮᠢᠳᠤᠷᠠᠯ᠎ᠳᠤ᠎ᠨᠢ ᠬᠠᠢ᠍ᠢ᠍ᠷ᠎ᠠ ᠨᠡᠮᠡᠵᠦ ᠢᠷᠡᠭᠰᠡᠨ ᠪᠤᠯᠬᠤᠷ ᠳᠤᠲᠤᠨᠤ ᠭᠡᠬᠦ ᠰᠠᠢ᠍ᠢ᠍ᠬᠠᠨ ᠨᠡᠷ᠎ᠡ ᠬᠠᠢ᠍ᠢ᠍ᠷᠠᠯᠠᠨ ᠭᠡᠭᠡᠨ ᠬᠦᠰᠡᠯ ᠵᠶ᠋ᠠᠨ ᠰᠢᠨᠭᠭᠡᠭᠡᠭᠰᠡᠨ ᠭᠡᠷ᠎ᠲᠤ᠎ᠨᠢ ᠭᠡᠷᠡᠯᠳᠦᠬᠦ ᠡᠭᠡᠰᠢᠭ ᠪᠤᠯᠵᠠᠢ᠃ ᠠᠯᠲᠠᠨ ᠪᠦᠭᠡᠵᠢ᠎ᠪᠠᠨ ᠰᠤᠯᠢᠯᠴᠠᠵᠦ ᠠᠵᠠ ᠵᠢᠷᠭ᠋ᠠᠯ ᠵᠶ᠋ᠠᠨ ᠬᠤᠪᠢᠶᠠᠯᠴᠠᠭᠰᠠᠨ ᠲᠡᠷᠡ ᠴᠠᠭ᠎ᠠᠴᠠ ᠠᠷᠢᠭᠤᠨ ᠭᠤᠯᠤᠮᠲᠠ᠎ᠳᠤ᠎ᠨᠢ ᠭᠠᠯ ᠨᠡᠮᠡᠵᠦ᠂ ᠬᠤᠢ᠍ᠢ᠍ᠮᠤᠷ ᠳᠦᠭᠦᠷᠭᠡᠬᠦ ᠪᠤᠭᠤᠷᠤᠯ᠎ᠤᠳ ᠵᠶ᠋ᠠᠨ ᠠᠴᠢᠯᠠᠨ᠂ ᠬᠤᠶᠠᠷ ᠬᠤᠶᠠᠷ ᠰᠠᠷ᠎ᠠ᠎ᠪᠠᠷ ᠰᠤᠷᠢᠭ᠎ᠠ ᠪᠤᠯᠪᠠᠰᠤᠷᠠᠯ ᠬᠢᠬᠦ ᠨᠦᠬᠦᠷ᠎ᠤᠨ ᠵᠶ᠋ᠠᠨ ᠬᠤᠢ᠍ᠢ᠍ᠨ᠎ᠠ᠎ᠠᠴᠠ ᠠᠯᠢᠪᠠ ᠪᠦᠬᠦᠨ᠎ᠢ ᠵᠤᠬᠢᠴᠠᠭᠤᠯᠤᠨ ᠰᠠᠭᠤᠳᠠᠭ ᠰᠠᠢ᠍ᠢ᠍ᠬᠠᠨ ᠬᠦᠮᠦᠵᠢᠯ ᠰᠠᠷᠠᠭᠤᠯ ᠤᠬᠠᠭ᠋ᠠᠨ᠎ᠲᠠᠢ ᠪᠦᠰᠡᠭᠦᠢ᠎ᠨᠢ ᠡᠨᠡ ᠭᠡᠷ᠎ᠤᠨ ᠨᠠᠷᠠ ᠪᠤᠯᠵᠦ ᠭᠡᠷᠡᠯᠲᠦᠭᠰᠡᠭᠡᠷ ᠪᠠᠢ᠍ᠢ᠍ᠨ᠎ᠠ᠃ 《ᠭᠠᠳᠠᠭᠰᠢ ᠰᠤᠷᠢᠭ᠎ᠠ ᠪᠤᠯᠪᠠᠰᠤᠷᠠᠯ᠎ᠳᠤ ᠶᠠᠪᠤᠭᠰᠠᠨ ᠦᠶ᠎ᠡ᠎ᠪᠠᠷ ᠬᠡᠦᠬᠡᠳ ᠲᠠᠭᠰᠢᠭᠤᠷ ᠬᠦᠷᠪᠡᠯ ᠭᠠᠭᠴᠠᠭ᠋ᠠᠷ ᠰᠠᠨᠳᠤᠷᠠᠳᠠᠭ ᠪᠤᠯᠪᠠᠴᠤ᠂ ᠰᠤᠷᠢᠭ᠎ᠠ ᠪᠤᠯᠪᠠᠰᠤᠷᠠᠯ᠎ᠳᠤ᠎ᠨᠢ ᠬᠠᠷᠰᠢ ᠪᠤᠯᠬᠤ᠎ᠠᠴᠠ ᠬᠢᠴᠢᠶᠡᠭᠡᠳ ᠶᠡᠷᠦᠨᠢ ᠬᠡᠯᠡᠳᠡᠭ ᠦᠭᠡᠢ》 ᠭᠡᠵᠦ ᠰᠠᠢ᠍ᠢ᠍ᠬᠠᠨ ᠪᠤᠯᠪᠠᠰᠤᠷᠠᠵᠦ ᠢᠷᠡᠭᠡᠳ ᠰᠠᠢ᠍ᠢ᠍ᠨ ᠪᠠᠷᠢᠯᠳᠤᠬᠤ ᠵᠢ᠎ᠨᠢ ᠬᠦᠰᠡᠵᠦ ᠰᠠᠭᠤᠳᠠᠭ ᠭᠡᠭᠡᠨᠲᠠᠨ᠎ᠠ ᠵᠢᠨ ᠳᠡᠭᠵᠢᠨ ᠨᠢᠳᠦᠨ᠎ᠤ ᠴᠠᠭ᠋ᠠᠨ᠎ᠠ᠎ᠠᠴᠠ ᠵᠦᠭᠡᠯᠡᠨ ᠭᠡᠷᠡᠯᠲᠦᠬᠦ ᠬᠠᠷᠠᠴᠠ᠎ᠨᠢ ᠡᠮᠡᠭᠲᠡᠢ ᠬᠦᠮᠦᠨ᠎ᠤ ᠵᠢᠨᠭᠬᠢᠨᠢ ᠰᠠᠢ᠍ᠢ᠍ᠬᠠᠨ᠎ᠢ ᠬᠠᠷᠠᠭᠤᠯᠬᠤ ᠵᠢᠷᠦᠬᠡᠨ ᠲᠠᠮᠢᠷ ᠵᠶ᠋ᠠᠷ ᠤᠴᠢᠯᠠᠨ᠎ᠠ᠃
    ᠬᠠᠢ᠍ᠢ᠍ᠷ᠎ᠠ ᠭᠡᠳᠡᠭ ᠡᠶ᠎ᠡ ᠡᠪᠲᠡᠢ ᠠᠮᠢᠳᠤᠷᠠᠬᠤ ᠵᠢᠨ ᠰᠠᠭᠤᠷᠢ ᠪᠤᠯ ᠬᠠᠷᠢᠭᠤᠴᠠᠯᠭ᠎ᠠ ᠭᠡᠳᠡᠭ ᠦᠭᠡᠳᠡ ᠡᠰᠡᠷᠡᠭ ᠠᠮᠢᠳᠤᠷᠠᠬᠤ ᠵᠢᠨ ᠪᠠᠲᠤᠯᠠᠭ᠎ᠠ ᠶᠤᠮ᠃ ᠨᠠᠢ᠍ᠢ᠍ᠷ᠎ᠤᠨ ᠲᠠᠯᠠᠪᠠᠢ᠎ᠪᠠᠷ ᠮᠠᠭᠰᠢᠭᠤᠯᠵᠦ ᠶᠠᠪᠤᠬᠤ ᠲᠡᠭᠦᠨ᠎ᠤ ᠬᠤᠢ᠍ᠢ᠍ᠨ᠎ᠠ᠎ᠠᠴᠠ ᠳᠠᠭᠤ ᠦᠭᠡᠢ᠍ᠢ᠍ᠬᠡᠨ ᠳᠡᠮᠵᠢᠵᠦ ᠶᠠᠪᠤᠳᠠᠭ ᠭᠡᠷᠭᠡᠢ ᠵᠢᠨ ᠵᠶ᠋ᠠᠨ ᠰᠡᠳᠬᠢᠯ᠎ᠤᠨ ᠵᠦᠳᠡᠷᠡᠯ᠎ᠢ ᠮᠡᠳᠡᠷᠡᠵᠦ ᠶᠠᠪᠤᠭ᠎ᠠ ᠵᠢ 《ᠲᠠᠯᠠᠷᠬᠠᠵᠦ ᠶᠠᠪᠤᠳᠠᠭ ᠳ᠋ᠠ》 ᠭᠡᠳᠡᠭ ᠬᠤᠶᠠᠷᠬᠠᠨ ᠦᠭᠡ᠎ᠨᠢ ᠲᠠᠰᠤᠷᠬᠠᠢ ᠭᠡᠷᠡᠴᠢᠯᠡᠨ᠎ᠡ᠃
    ᠬᠦᠮᠦᠨ ᠪᠤᠯᠭ᠋ᠠᠨ᠎ᠤ ᠠᠮᠢᠳᠤᠷᠠᠯ᠎ᠳᠤ ᠬᠠᠮᠤᠭ ᠨᠦᠯᠦᠭᠡ ᠦᠵᠡᠭᠦᠯᠦᠭᠰᠡᠨ ᠬᠡᠳᠦᠨ ᠬᠦᠮᠦᠨ ᠪᠠᠢ᠍ᠢ᠍ᠳᠠᠭ᠂ ᠲᠡᠭᠦᠨ᠎ᠠᠴᠠ ᠵᠤᠷᠢᠭ ᠤᠬᠠᠭ᠋ᠠᠨ ᠰᠤᠷᠴᠦ᠂ ᠠᠵᠤ ᠠᠮᠢᠳᠤᠷᠠᠯ᠎ᠳᠠᠭᠠᠨ ᠬᠠᠲᠠᠭᠤᠵᠢᠵᠦ ᠰᠡᠭᠡᠭᠡᠷᠡᠳᠡᠭ ᠪᠤᠯᠬᠤᠷ ᠠᠴᠢ ᠵᠢ ᠰᠠᠨᠠᠵᠦ ᠠᠴᠢᠲᠠᠨ ᠵᠶ᠋ᠠᠨ ᠬᠦᠨᠳᠦᠯᠡᠵᠦ ᠶᠠᠪᠤᠬᠤ᠎ᠨᠢ ᠠᠮᠢᠳᠤᠷᠠᠬᠤᠢ ᠵᠢᠨ ᠦᠵᠡᠯᠲᠡ ᠵᠦᠪ ᠪᠠᠢ᠍ᠢ᠍ᠬᠤ ᠵᠢᠨ ᠡᠬᠢᠯᠡᠯᠲᠡ ᠶᠤᠮ᠃ 《ᠨᠢᠭᠡ ᠤᠳᠠᠭ᠋ᠠᠨ᠎ᠤ ᠤᠷᠤᠯᠳᠤᠭ᠋ᠠᠨ᠎ᠳᠤ ᠰᠢᠷᠠ ᠪᠠᠭᠰᠢ ᠨᠠᠮᠠᠢ᠍ᠢ ᠲᠤᠰᠠᠬᠠᠢ᠍ᠢ᠍ᠯᠠᠨ ᠳᠠᠭ᠋ᠠᠵᠦ᠂ ᠪᠡᠶ ᠎ᠡ ᠵᠢᠨ ᠵᠢᠩ᠎ᠢ ᠪᠠᠭᠤᠷᠠᠭᠤᠯᠬᠤ᠎ᠠᠴᠠ ᠡᠬᠢᠯᠡᠭᠡᠳ ᠪᠦᠬᠦ ᠪᠤᠯᠪᠠᠰᠤᠷᠠᠯ᠎ᠳᠤ ᠪᠡᠶᠡᠳᠡᠨ ᠵᠢᠯᠤᠭᠤᠳᠴᠦ ᠶᠡᠬᠡ ᠬᠦᠴᠦ ᠤᠷᠤᠭᠤᠯᠤᠭᠰᠠᠨ ᠵᠶ᠋ᠠᠷ ᠲᠤᠰ ᠤᠳᠠᠭ᠋ᠠᠨ᠎ᠤ ᠤᠷᠤᠯᠳᠤᠭ᠋ᠠᠨ᠎ᠳᠤ ᠪᠢ ᠮᠠᠰᠢ ᠰᠠᠢ᠍ᠢ᠍ᠨ ᠪᠠᠷᠢᠯᠳᠤᠭᠰᠠᠨ ᠡ᠂ ᠰᠢᠭᠰᠢᠭᠡ ᠪᠠᠭ᠎ᠤᠨ ᠠᠨᠭ᠌ᠬᠢ᠎ᠳᠤ ᠤᠴᠢᠭᠰᠠᠨ᠎ᠤ ᠳᠠᠷᠠᠭ᠎ᠠ ᠴᠤ᠌ ᠪᠠᠢ᠍ᠨᠭ᠌ᠭᠤ ᠤᠲᠠᠰᠤ ᠢᠷᠡᠳᠡᠭ》 ᠭᠡᠵᠦ ᠳᠤᠷᠠᠰᠴᠦ ᠶᠠᠷᠢᠬᠤ᠎ᠠᠴᠠ᠎ᠨᠢ ᠨᠢᠮᠪᠠᠢ ᠵᠢᠯᠤᠭᠤᠳᠴᠦ ᠵᠢᠭ᠋ᠠᠨ ᠰᠤᠷᠭ᠋ᠠᠭᠰᠠᠨ᠎ᠤ ᠠᠴᠢ᠎ᠪᠠᠷ ᠪᠦᠬᠡᠴᠢᠨ ᠪᠤᠯᠬᠤ ᠵᠠᠮ᠎ᠳᠤ ᠰᠢᠯᠤᠭᠤᠬᠠᠨ ᠬᠦᠲᠦᠯᠦᠭᠰᠡᠨ ᠬᠦᠨᠳᠦᠲᠡᠢ ᠪᠠᠭᠰᠢ ᠵᠢᠨ ᠵᠶ᠋ᠠᠨ ᠭᠠᠪᠢᠶ᠎ᠠ ᠵᠢᠳᠬᠦᠯ ᠵᠢᠴᠢ ᠬᠤᠢ᠍ᠢ᠍ᠨ᠎ᠠ᠎ᠠᠴᠠ᠎ᠨᠢ ᠰᠠᠨᠠᠭ᠎ᠠ ᠠᠯᠭ᠋ᠠᠰᠠᠵᠦ ᠰᠠᠭᠤᠳᠠᠭ ᠴᠦ᠍ ᠵᠤᠷᠢᠭᠵᠢᠭᠤᠯᠵᠦ ᠵᠠᠬᠢᠳᠠᠭ ᠠᠪᠤ ᠡᠵᠢ ᠵᠢᠨ ᠬᠠᠢ᠍ᠢ᠍ᠷ᠎ᠠ᠎ᠪᠠᠷ ᠬᠠᠳᠠᠭᠤ ᠪᠤᠯᠪᠠᠰᠤᠷᠠᠯ᠎ᠤᠨ ᠬᠠᠯᠠ ᠵᠢ   ᠳᠠᠪᠠᠭᠤᠯᠤᠭᠰᠠᠨ   ᠠᠴᠢ ᠵᠢ ᠎ᠨᠢ   ᠳᠠᠨᠭ᠌ᠳᠠ   ᠵᠢᠷᠦᠬᠡᠨ   ᠰᠠᠬᠢᠶ᠎ᠠ   ᠪᠤᠯᠭ᠋ᠠᠨ   ᠪᠤᠳᠤᠵᠦ   ᠶᠠᠪᠤᠳᠠᠭ ᠎ᠨᠢ ᠡᠨᠡ ᠪᠠᠢ᠍ᠵᠠᠢ᠃
    ᠠᠢ᠍ᠢ᠍ᠯ ᠪᠤᠯᠵᠦ ᠠᠪᠤ ᠰᠠᠭᠤᠭᠰᠠᠨ ᠪᠤᠯᠬᠤᠷ ᠰᠡᠳᠬᠢᠯ᠎ᠤᠨ ᠬᠦᠴᠦ᠎ᠪᠠᠷ ᠲᠤᠰᠠᠯᠠᠵᠦ ᠶᠠᠪᠤᠭᠰᠠᠨ ᠬᠦᠮᠦᠰ᠎ᠤᠨ ᠠᠴᠢ ᠵᠢ ᠰᠠᠨᠠᠬᠤ ᠵᠢ ᠳᠡᠭᠡᠳᠦᠯᠡᠵᠦ᠂ ᠪᠡᠶ᠎ᠡ ᠵᠢᠨ ᠲᠠᠮᠢᠷ᠎ᠠᠴᠠ ᠰᠡᠳᠬᠢᠯ᠎ᠤᠨ ᠲᠠᠮᠢᠷ ᠲᠦᠯᠵᠢᠵᠦ ᠦᠨᠦᠳᠦᠷ ᠰᠡᠳᠬᠢᠯ ᠪᠦᠬᠡ ᠤᠬᠠᠭ᠋ᠠᠨ ᠪᠦᠬᠡ ᠦᠭᠡᠳᠡᠯᠡᠵᠦ ᠶᠠᠪᠤᠭ᠎ᠠ᠎ᠨᠢ ᠡᠨᠡ ᠪᠢᠯᠢᠦ!
    ᠬᠠᠮᠤᠭ ᠡᠷᠳᠡᠮ ᠵᠶ᠋ᠠᠨ ᠬᠦᠪᠴᠢᠯᠡᠭᠰᠡᠨ ᠰᠢᠨᠳᠠᠰᠤ ᠬᠠᠲᠠᠭᠤ ᠤᠬᠠᠭ᠋ᠠᠨ
    ᠦᠶ᠎ᠡ ᠦᠶ᠎ᠡ ᠰᠡᠪᠡᠯᠵᠡᠬᠦ ᠵᠦᠭᠡᠯᠡᠨ ᠪᠤᠷᠤᠭ᠋ᠠᠨ᠎ᠤ ᠳᠤᠮᠳᠠᠭᠤᠷ ᠮᠤᠨᠭ᠌ᠭᠤᠯ ᠵᠠᠰᠠᠯ ᠵᠶ᠋ᠠᠷ ᠭᠤᠶᠤᠯᠠᠭᠰᠠᠨ ᠮᠠᠯᠴᠢᠨ ᠲᠦᠮᠡᠨ᠂ ᠴᠢᠮᠡᠭᠲᠦ ᠵᠤᠳᠤᠭ ᠵᠶ᠋ᠠᠷ ᠪᠠᠬᠠᠷᠬᠠᠭᠰᠠᠨ ᠪᠦᠬᠡᠴᠢᠨ ᠲᠠᠮᠢᠷᠴᠢᠳ ᠳᠦᠷᠪᠡᠳ ᠨᠤᠲᠤᠭ᠎ᠤᠨ ᠬᠡᠢ᠍ᠢ᠍ᠮᠤᠷᠢ ᠵᠢ ᠰᠡᠷᠭᠦᠭᠡᠵᠦ ᠬᠡᠰᠢᠭ᠎ᠢ ᠳᠠᠯᠠᠯᠤᠨ ᠨᠠᠮᠢᠯᠵᠠᠨ᠎ᠠ᠃ ᠵᠠᠨᠭ᠌ᠭᠢᠶᠠᠲᠤ ᠪᠦᠬᠡᠴᠢᠨ ᠵᠠᠨ᠎ᠠ᠎ᠠᠴᠠ ᠡᠨᠭᠬᠦᠷᠡᠢ ᠤᠬᠢᠨ ᠳᠤᠲᠤᠨᠤ ᠵᠢᠨ ᠲᠤᠷᠭ᠋ᠠᠨ ᠦᠷᠪᠦᠭᠡ ᠵᠢ ᠬᠦᠨᠳᠡᠬᠦ ᠲᠠᠰᠢᠷᠠᠮ ᠵᠶ᠋ᠠᠷ ᠦᠨᠭᠭᠡᠷᠡᠭᠰᠡᠨ ᠵᠢᠯ᠎ᠤᠨ 7 ᠰᠠᠷ᠎ᠠ᠎ᠳᠤ 128 ᠪᠦᠬᠡ ᠬᠤᠤᠰᠯᠠᠭᠤᠯᠤᠨ ᠨᠤᠲᠤᠭ᠎ᠤᠨ ᠲᠦᠮᠡᠨ᠎ᠳᠡᠭᠡᠨ ᠨᠠᠢ᠍ᠢ᠍ᠷ᠎ᠤᠨ ᠪᠡᠯᠡᠭ ᠬᠦᠷᠭᠡᠭᠰᠡᠨ᠎ᠨᠢ ᠡᠨᠡ ᠪᠢᠯᠡ᠃
    2012 ᠤᠨ᠎ᠳᠤ ᠪᠦᠬᠦ ᠤᠯᠤᠰ᠎ᠤᠨ ᠺᠯᠦ᠋ᠪ᠎ᠤᠨ ᠲᠡᠮᠡᠴᠡᠭᠡᠨ᠎ᠤ 66 ᠺᠢᠯᠦᠭᠷᠠᠮ᠎ᠤᠨ ᠳᠡᠰ᠎ᠲᠤ ᠬᠤᠶᠠᠳᠤᠭ᠋ᠠᠷ᠎ᠲᠤ ᠤᠷᠤᠵᠦ᠂ ᠨᠢᠭᠡᠳᠦᠭᠡᠷ ᠳᠡᠰ᠎ᠤᠨ ᠲᠠᠮᠢᠷᠴᠢᠨ ᠪᠤᠯᠤᠭᠰᠠᠨ᠎ᠨᠢ ᠲᠡᠭᠦᠨ᠎ᠢ ᠠᠮᠵᠢᠯᠲᠠ ᠵᠢᠨ ᠳᠡᠭᠳᠡᠷ᠎ᠲᠤ ᠦᠭᠰᠦᠭᠦᠯᠵᠦ 2013 ᠤᠨ᠎ᠳᠤ ᠪᠦᠬᠦ ᠤᠯᠤᠰ᠎ᠤᠨ ᠲᠠᠮᠢᠷ᠎ᠤᠨ ᠴᠤᠭᠯᠠᠭ᠋ᠠᠨ᠎ᠳᠤ ᠤᠷᠤᠯᠴᠠᠵᠦ ᠡᠬᠢᠯᠡᠭᠰᠡᠨ ᠵᠶ᠋ᠠᠷ ᠤᠯᠤᠰ ᠤᠷᠤᠨ᠎ᠤ ᠤᠯᠠᠨ ᠲᠡᠮᠡᠴᠡᠭᠡᠨ᠎ᠳᠤ ᠡᠮᠦᠨᠡᠭᠦᠷ ᠰᠢᠭᠤᠷᠬᠠᠢ᠍ᠢ᠍ᠯᠠᠵᠦ ᠲᠠᠮᠢᠷᠴᠢᠨ ᠬᠦᠮᠦᠨ᠎ᠤ ᠪᠦᠲᠦᠭᠡᠯ ᠵᠶ᠋ᠠᠷ ᠠᠯᠳᠠᠷ ᠭᠠᠪᠢᠶ ᠎ᠠ᠎ᠪᠠᠨ ᠳᠠᠭᠤᠷᠢᠰᠠᠭᠤᠯᠵᠦ ᠢᠷᠡᠵᠡᠢ᠃ 2015 ᠤᠨ᠎ᠳᠤ ᠲᠠᠮᠢᠷ᠎ᠤᠨ ᠠᠨᠭ᠌ᠭᠢ᠎ᠠᠴᠠ᠎ᠪᠠᠨ ᠪᠤᠴᠠᠨ ᠢᠷᠡᠵᠦ᠂ 2016 ᠤᠨ᠎ᠤ ᠬᠠᠪᠤᠷ᠎ᠠᠴᠠ ᠵᠡᠭᠦᠨ ᠦᠵᠦᠮᠦᠴᠢᠨ ᠬᠤᠰᠢᠭᠤᠨ᠎ᠳᠤ ᠠᠷᠰᠯᠠᠨ ᠪᠠᠲᠤᠵᠢᠷᠭ᠋ᠠᠯ᠎ᠤᠨ ᠳᠤᠤᠷ᠎ᠠ ᠭᠤᠷᠪᠠᠨ ᠵᠢᠯ ᠰᠢᠬᠠᠮ ᠰᠤᠷᠢᠭ᠎ᠠ ᠬᠢᠵᠦ᠂ ᠡᠨᠳᠡ᠎ᠠᠴᠠ ᠮᠤᠨᠭ᠌ᠭᠤᠯ ᠪᠦᠬᠡ ᠵᠢᠨ ᠵᠠᠮ ᠵᠶ᠋ᠠᠨ ᠡᠯᠭᠦᠭᠰᠡᠨ᠎ᠠᠴᠠ ᠬᠤᠢ᠍ᠢ᠍ᠰᠢ᠂ ᠵᠢᠯ᠎ᠳᠤ ᠨᠤᠲᠤᠭ᠎ᠠᠴᠠ᠎ᠪᠠᠨ ᠭᠠᠳᠠᠨ᠎ᠠ ᠤᠢ᠍ᠢ᠍ᠷ᠎ᠠ ᠤᠷᠴᠢᠮ᠎ᠤᠨ ᠬᠤᠰᠢᠭᠤ ᠨᠤᠲᠤᠭ᠎ᠤᠨ ᠨᠠᠢ᠍ᠢ᠍ᠷ ᠨᠠᠭ᠋ᠠᠳᠤᠮ ᠵᠶ᠋ᠠᠷ ᠤᠯᠠᠨ ᠤᠷᠤᠯᠴᠠᠳᠠᠭ ᠪᠤᠯᠤᠭᠰᠠᠨ ᠪᠠᠢ᠍ᠢ᠍ᠨ᠎ᠠ᠃
    2019 ᠤᠨ᠎ᠳᠤ ᠪᠠᠶᠠᠨᠨᠠᠭᠤᠷ᠎ᠤᠨ ᠤᠷᠠᠳ᠎ᠤᠨ ᠡᠮᠦᠨᠡᠲᠦ ᠬᠤᠰᠢᠭᠤᠨ᠎ᠳᠤ ᠪᠤᠯᠤᠭᠰᠠᠨ ᠪᠠᠷᠠᠭᠤᠨ ᠲᠠᠪᠤᠨ ᠠᠢ᠍ᠮᠠᠭ ᠬᠤᠲᠠ ᠵᠢᠨ ᠨᠠᠢ᠍ᠢ᠍ᠷ᠎ᠲᠤ ᠪᠠᠷᠢᠯᠳᠤᠨ ᠲᠡᠷᠢᠭᠦᠯᠦᠭᠡᠳ ᠪᠠᠷᠠᠭᠤᠨ ᠲᠠᠪᠤᠨ ᠠᠢ᠍ᠢ᠍ᠮᠠᠭ᠎ᠤᠨ ᠵᠠᠨᠭ᠌ᠭᠢᠶ᠎ᠠ ᠬᠦᠷᠲᠡᠭᠰᠡᠨ᠎ᠨᠢ ᠲᠡᠭᠦᠨ᠎ᠤ ᠬᠠᠮᠤᠭ᠎ᠠᠴᠠ ᠤᠨᠴᠠᠭ᠋ᠠᠢ ᠪᠠᠬᠠᠷᠬᠠᠯ ᠪᠠᠢ᠍ᠢ᠍ᠵᠠᠢ᠃ ᠢᠨᠭᠬᠢᠵᠦ ᠯᠡ ᠮᠤᠨᠭ᠌ᠭᠤᠯ ᠪᠦᠬᠡ᠎ᠪᠠᠨ ᠪᠠᠷᠢᠯᠳᠤᠵᠦ ᠶᠠᠪᠤᠭᠰᠠᠨ ᠠᠶᠠᠨ ᠵᠠᠮ᠎ᠳᠠᠭᠠᠨ 256 ᠪᠦᠬᠡ᠎ᠳᠤ ᠨᠢᠭᠡ ᠲᠡᠷᠢᠭᠦᠯᠡᠵᠦ᠂ ᠶᠡᠬᠡ ᠪᠠᠭ᠎ᠠ ᠨᠠᠢ᠍ᠢ᠍ᠷ ᠵᠶ᠋ᠠᠷ 60 ᠭᠠᠷᠤᠢ ᠤᠳᠠᠭ᠎ᠠ ᠦᠵᠦᠭᠦᠷᠯᠡᠨ ᠬᠤᠯᠠ ᠤᠢ᠍ᠢ᠍ᠷ᠎ᠠ ᠵᠢᠨ ᠨᠠᠭ᠋ᠠᠳᠤᠮᠴᠢᠨ ᠵᠶ᠋ᠠᠨ ᠪᠠᠶᠠᠰᠬᠠᠵᠦ ᠶᠠᠪᠤᠵᠠᠢ᠃
    ᠭᠠᠭᠴᠠ ᠬᠦᠴᠦ ᠴᠢᠳᠠᠯ ᠵᠶ᠋ᠠᠷ ᠵᠶ᠋ᠠᠨ ᠪᠠᠷᠢᠯᠳᠤᠬᠤ ᠪᠢᠰᠢ᠂ ᠤᠬᠠᠭ᠋ᠠᠨ ᠰᠠᠮᠪᠠᠭ᠎ᠠ ᠵᠤᠷᠢᠭ ᠰᠠᠨᠠᠭ᠎ᠠ ᠠᠯᠢᠪᠠ ᠶᠠᠭᠤᠮ᠎ᠠ ᠵᠢ ᠵᠤᠬᠢᠴᠠᠭᠤᠯᠤᠨ᠂ ᠪᠠᠷᠢᠯᠳᠤᠬᠤ ᠳᠤᠮᠳᠠ ᠬᠠᠷᠢᠯᠴᠠᠨ ᠰᠤᠷᠤᠯᠴᠠᠬᠤ᠂ ᠦᠪᠡᠷ᠎ᠤᠨ ᠳᠤᠳᠠᠭᠳᠠᠯ ᠪᠤᠶᠤ ᠡᠮᠵᠡᠭ ᠲᠠᠯ ᠎ᠠ᠎ᠪᠠᠨ ᠠᠨᠭ᠌ᠬᠠᠷᠤᠨ ᠲᠠᠨᠢᠵᠦ᠂ ᠨᠦᠭᠦᠭᠡ ᠡᠲᠡᠭᠡᠳ ᠵᠶ᠋ᠠᠨ ᠭᠢᠷᠠᠬᠠᠢ ᠠᠵᠢᠵᠦ ᠤᠢ᠍ᠯᠠᠭ᠋ᠠᠬᠤ ᠵᠢᠨ ᠳᠠᠭ᠋ᠠᠤ ᠪᠠᠷᠢᠯᠳᠤᠬᠤ ᠠᠷᠭ᠎ᠠ ᠮᠡᠬᠡ ᠵᠢ ᠲᠤᠨᠭ᠌ᠭ᠋ᠠᠵᠦ᠂ ᠪᠡᠶ᠎ᠡ᠎ᠳᠡᠭᠡᠨ ᠵᠤᠬᠢᠴᠠᠭᠤᠯᠤᠨ ᠪᠡᠯᠡᠳᠭᠡᠯ ᠬᠢᠬᠦ᠎ᠨᠢ ᠲᠡᠭᠦᠨ᠎ᠤ ᠬᠤᠷᠴᠠᠯᠢᠭ ᠪᠠᠷᠢᠯᠳᠤᠳᠠᠭ ᠤᠬᠠᠭ᠋ᠠᠨ᠎ᠤ ᠢᠷᠡᠯᠲᠡ ᠶᠤᠮ᠃
    ᠤᠬᠠᠭ᠋ᠠᠨ ᠲᠠᠮᠢᠷ ᠤᠷ᠎ᠠ ᠪᠢᠷ᠎ᠡ ᠵᠢ ᠰᠢᠯᠭ᠋ᠠᠬᠤ ᠮᠤᠨᠭ᠌ᠭᠤᠯ ᠪᠦᠬᠡ ᠵᠢᠨ ᠪᠠᠷᠢᠯᠳᠤᠭ᠋ᠠᠨ ᠪᠤᠯ ᠪᠤᠯᠪᠠᠰᠤᠨ ᠰᠤᠶᠤᠯ᠎ᠲᠠᠢ ᠲᠠᠮᠢᠷ ᠶᠤᠮ᠂ ᠬᠠᠷᠢᠨ ᠬᠠᠷ᠎ᠠ ᠬᠦᠴᠦ᠎ᠪᠠᠷ ᠨᠤᠴᠤᠯᠳᠤᠵᠦ ᠬᠠᠶᠠᠵᠦ ᠰᠠᠪᠠᠳᠠᠭ ᠲᠤᠭᠯᠠᠭ᠋ᠠᠮ ᠪᠢᠰᠢ᠂ ᠤᠢ᠍ᠢ᠍ᠴᠢᠭᠰᠠᠨ ᠨᠢᠭᠡ᠎ᠪᠠᠨ ᠡᠷᠭᠦᠨ ᠪᠤᠰᠬᠠᠵᠦ᠂ ᠨᠠᠢ᠍ᠢ᠍ᠷ᠎ᠢ ᠡᠷᠬᠢᠮᠯᠡᠵᠦ ᠨᠠᠭ᠋ᠠᠳᠤᠮ ᠵᠶ᠋ᠠᠨ ᠳᠡᠭᠡᠳᠦᠯᠡᠳᠡᠭ ᠮᠤᠷᠠᠯ ᠬᠦᠴᠦ ᠵᠢ ᠬᠤᠤᠰᠯᠠᠭᠤᠯᠤᠭᠰᠠᠨ ᠮᠤᠨᠭ᠌ᠭᠤᠯ᠎ᠤᠨ ᠮᠢᠨᠢ ᠰᠢᠯᠢᠳᠡᠭ ᠤᠳᠤᠮᠰᠢᠯ ᠬᠠᠳᠠᠭ᠋ᠠᠯᠠᠭᠳᠠᠵᠦ ᠪᠠᠢ᠍ᠢ᠍ᠳᠠᠭ᠎ᠠᠴᠠ ᠪᠦᠬᠡᠴᠢᠨ ᠬᠦᠮᠦᠨ᠎ᠤ ᠬᠡᠢ᠍ᠢ᠍ᠮᠤᠷᠢ ᠦᠭᠡᠳᠡ᠎ᠪᠠᠨ ᠬᠡᠢ᠍ᠢ᠍ᠰᠴᠦ᠂ ᠪᠦᠬᠡ ᠵᠢᠨ ᠰᠤᠶᠤᠯ᠎ᠤᠨ ᠭᠠᠯ ᠦᠭᠡᠳᠡ᠎ᠪᠠᠨ ᠬᠦᠭᠵᠢᠵᠦ ᠪᠠᠢ᠍ᠢ᠍ᠳᠠᠭ ᠡ᠃
    《ᠬᠤᠯᠠ ᠵᠢ ᠬᠠᠷᠠᠭᠰᠠᠨ ᠬᠦᠮᠦᠨ᠎ᠤ ᠬᠠᠷᠠᠭ᠎ᠠ ᠠᠭᠤᠳᠠᠮ᠂ ᠬᠤᠵᠢᠮ ᠵᠶ᠋ᠠᠨ ᠪᠤᠳᠤᠭᠰᠠᠨ ᠬᠦᠮᠦᠨ᠎ᠤ ᠵᠠᠮ ᠰᠠᠷᠠᠭᠤᠯ》 ᠭᠡᠳᠡᠭ ᠵᠶ᠋ᠠᠷ ᠦᠢ᠍ᠯᠡᠰ᠎ᠤᠨ ᠨᠢᠭᠡ ᠰᠤᠨᠭ᠌ᠭᠤᠯᠳᠠ ᠪᠤᠯᠭ᠋ᠠᠭᠰᠠᠨ ᠪᠦᠬᠡ ᠵᠢᠨ ᠮᠡᠷᠭᠡᠵᠢᠯ ᠵᠶ᠋ᠠᠨ ᠭᠠᠭᠴᠠ ᠦᠪᠡᠷ ᠵᠶ᠋ᠠᠨ ᠴᠢᠳᠠᠭ᠋ᠠᠳ ᠵᠤᠭᠰᠤᠬᠤ ᠵᠢ ᠪᠤᠳᠤᠭᠰᠠᠨ ᠦᠭᠡᠢ ᠲᠡᠷᠡᠪᠡᠷ ᠮᠤᠨᠭ᠌ᠭᠤᠯ ᠪᠦᠬᠡ ᠵᠢᠨ ᠲᠤᠬᠠᠢ ᠢᠯᠡᠭᠦᠬᠡᠨ ᠲᠠᠨᠢᠭᠤᠯᠵᠦ᠂ ᠤᠯᠠᠨ ᠬᠦᠮᠦᠨ᠎ᠢ᠎ᠲᠤᠷ ᠎ᠠ ᠰᠤᠨᠢᠷᠬᠠᠯ᠎ᠲᠠᠢ ᠪᠤᠯᠭ᠋ᠠᠨ ᠳᠡᠯᠭᠡᠷᠡᠭᠦᠯᠬᠦ ᠰᠠᠨᠠᠭ᠋ᠠᠨ᠎ᠠᠴᠠ ᠪᠠᠭ᠋ᠠᠴᠤᠳ ᠬᠡᠦᠬᠡᠳ᠎ᠤᠨ ᠰᠤᠷᠢᠭ᠎ᠠ ᠪᠤᠯᠪᠠᠰᠤᠷᠠᠯ᠎ᠤᠨ ᠭᠠᠵᠠᠷ ᠭᠠᠷᠭ᠋ᠠᠬᠤ ᠵᠢ ᠵᠤᠷᠢᠵᠦ᠂ ᠨᠤᠲᠤᠭ᠎ᠤᠨ ᠳᠡᠭᠦᠦᠨᠡᠷ᠎ᠲᠡᠭᠡᠨ ᠮᠡᠷᠭᠡᠵᠢᠯ ᠵᠶ᠋ᠠᠨ ᠵᠢᠭ᠋ᠠᠵᠦ ᠬᠦᠮᠦᠵᠢᠭᠦᠯᠬᠦ ᠵᠢᠨ ᠳᠠᠭ᠋ᠠᠤ ᠤᠯᠠᠭ᠋ᠠᠨᠴᠠᠪ ᠨᠤᠲᠤᠭ᠎ᠲᠤ ᠮᠤᠨᠭ᠌ᠭᠤᠯ ᠪᠦᠬᠡ ᠪᠠᠷᠢᠯᠳᠤᠬᠤ ᠬᠦᠮᠦᠨ ᠴᠦᠬᠡᠨ ᠪᠠᠢ᠍ᠢ᠍ᠭ᠎ᠠ ᠬᠤᠭᠤᠰᠤᠨ᠎ᠢ ᠨᠦᠬᠦᠬᠦ᠎ᠪᠠᠷ ᠴᠢᠷᠮᠠᠢ᠍ᠢ᠍ᠵᠦ ᠪᠠᠢ᠍ᠢ᠍ᠨ᠎ᠠ᠃
    ᠦᠢ᠍ᠯᠡᠰ᠎ᠤᠨ ᠬᠠᠷᠭᠤᠢ᠎ᠨᠢ ᠰᠠᠷᠠᠭᠤᠯᠵᠢᠵᠦ᠂ ᠦᠪᠯᠡᠬᠦ ᠵᠢᠨ ᠶᠤᠰᠤ ᠵᠢ ᠤᠬᠠᠭ᠋ᠠᠷᠠᠵᠦ᠂ ᠤᠷᠤᠯᠳᠤᠵᠦ ᠶᠠᠪᠤᠭᠰᠠᠨ ᠮᠤᠨᠭ᠌ᠭᠤᠯ ᠪᠦᠬᠡ ᠵᠢᠨ ᠤᠷ᠎ᠠ ᠮᠡᠷᠭᠡᠵᠢᠯ ᠵᠶ᠋ᠠᠨ ᠤᠯᠠᠮᠵᠢᠯᠠᠬᠤ ᠵᠢ ᠰᠠᠨᠠᠭ᠋ᠠᠰᠢᠷᠠᠨ ᠰᠡᠳᠬᠢᠯ᠎ᠤᠨ ᠲᠠᠮᠢᠷ᠎ᠠᠴᠠ ᠤᠬᠠᠭ᠋ᠠᠨ᠎ᠤ ᠲᠠᠮᠢᠷ ᠤᠷᠭᠤᠵᠦ ᠦᠨᠦᠳᠦᠷ ᠤᠬᠠᠭ᠋ᠠᠨ ᠪᠦᠬᠡ ᠤᠳᠤᠮᠲᠤ ᠪᠦᠬᠡ ᠪᠠᠳᠠᠷᠠᠵᠦ ᠶᠠᠪᠤᠭ᠎ᠠ᠎ᠨᠢ ᠡᠨᠡ ᠪᠢᠯᠢᠦ!

ᠢᠷᠡᠯᠲᠡ᠄ ᠤᠯᠠᠭ᠋ᠠᠨᠴᠠᠪ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠪᠦᠭᠡ ᠱᠠᠯᠪᠢᠩ᠎ᠤᠨ ᠣᠯᠠ ᠮᠦᠷ
ᠤᠯᠢᠮᠫᠢᠺ᠎ᠤᠨ ᠠᠯᠳᠠᠨ ᠳᠠᠶ᠋ᠢᠰᠠᠨ᠎ᠠ ᠭᠡᠷᠡᠯ ᠳᠠᠳᠠᠭᠤᠯᠤᠭᠰᠠᠨ ᠴᠸᠡ ᠶᠦᠨ ᠰᠢᠶᠠ
ᠪᠦᠬᠦ ᠠᠷᠠᠳ᠎ᠤᠨ ᠪᠡᠶ᠎ᠡ ᠴᠢᠬᠢᠷᠠᠭᠵᠢᠭᠤᠯᠬᠤ ᠪᠣᠯᠣᠨ ᠪᠦᠬᠦ ᠠᠷᠠᠳ᠎ᠤᠨ ᠡᠷᠡᠭᠦᠯ ᠮᠡᠨᠳᠦ ᠵᠢᠨ ᠭᠦᠨᠵᠡᠭᠡᠢ ᠠᠭᠤᠰᠤᠯᠴᠠᠯ᠎ᠢ ᠠᠬᠢᠭᠤᠯᠵᠤ ᠪᠡᠶ᠎ᠡ ᠵᠢᠨ ᠲᠠᠮᠢᠷ᠎ᠤᠨ ᠬᠦᠴᠦᠷᠬᠡᠭ ᠤᠯᠤᠰ᠎ᠤᠨ ᠪᠦᠲᠦᠭᠡᠨ ᠪᠠᠢ᠌ᠭᠤᠯᠤᠯᠲᠠ᠎ᠳᠤ ᠥᠪᠥᠷ ᠮᠣᠩᠭᠣᠯ᠎ᠤᠨ ᠪᠡᠶ᠎ᠡ ᠵᠢᠨ ᠲᠠᠮᠢᠷ᠎ᠤᠨ ᠰᠢᠨ᠎ᠡ ᠬᠤᠪᠢ ᠨᠡᠮᠡᠷᠢ ᠦᠵᠡᠭᠦᠯᠰᠦᠭᠡᠢ
ᠶᠠᠩ ᠵᠢᠶᠠ ᠢᠦᠢ᠄ ᠪᠠᠢ᠌ᠳᠠᠯ ᠵᠶ᠋ᠠᠨ ᠲᠣᠬᠢᠷᠠᠭᠤᠯᠵᠤ ᠫᠠᠷᠢᠰ᠎ᠤᠨ ᠤᠯᠢᠮᠫᠢᠺ᠎ᠳᠤ ᠪᠡᠯᠡᠳᠬᠡᠨ᠎ᠡ
ᠲᠠᠯ᠎ᠠ ᠨᠤᠳᠤᠭ ᠲᠡᠭᠡᠷᠡᠬᠢ 《ᠠᠯᠠᠭ᠋ᠠᠳᠠᠬᠤ ᠪᠦᠮᠪᠦᠭᠡ ᠵᠢᠨ ᠬᠠᠯᠠᠮᠰᠢᠯ》
 
            