★ ᠤ᠂ ᠲᠡᠮᠤᠷᠭᠤᠤᠯᠳᠤ
ᠡᠷᠬᠢᠴᠡᠬᠦᠯᠬᠦ᠎ᠳᠤ 2018 ᠤᠨ᠎ᠤ 6 ᠰᠠᠷ᠎ᠠ ᠵᠢᠨ 1᠎ᠤ ᠡᠳᠤᠷ᠂ ᠦᠪᠤᠷ ᠮᠤᠩᠭᠤᠯ᠎ᠤᠨ ᠷᠠᠳᠢᠤ᠋ ᠲᠸᠯᠸᠢᠰ ᠬᠤᠷᠢᠶ᠎ᠠ᠂ ᠰᠢᠯᠢ ᠵᠢᠨ ᠭᠤᠤᠯ ᠠᠢ᠌ᠮᠠᠭ᠎ᠤᠨ ᠵᠠᠬᠢᠷᠭ᠎ᠠ᠎ᠠᠴᠠ ᠬᠠᠮᠳᠤᠷᠠᠨ ᠡᠷᠬᠢᠯᠡᠭᠰᠡᠨ 《ᠵᠢᠷᠭ᠋ᠠᠯᠠᠩᠳᠤ ᠲᠠᠯ᠎ᠠ ᠨᠤᠳᠤᠭ᠂ ᠰᠢᠯᠢ ᠵᠢᠨ ᠭᠤᠤᠯ》 ᠮᠤᠩᠭᠤᠯ ᠪᠦᠬᠡ ᠵᠢᠨ ᠴᠦᠷᠬᠡᠯᠡᠭᠡ ᠤᠷᠤᠯᠳᠤᠭ᠋ᠠᠨ᠎ᠨᠢ ᠠᠪᠠᠭ᠎ᠠ ᠬᠤᠰᠢᠭᠤᠨ᠎ᠳᠤ ᠴᠢᠩᠬᠢᠰ ᠬᠠᠭ᠋ᠠᠨ᠎ᠤ ᠭᠡᠭᠡᠨ ᠲᠦᠷᠢ ᠵᠢ ᠰᠢᠩᠭᠡᠭᠡᠭᠰᠡᠨ ᠪᠤᠷᠬᠠᠨ ᠲᠠᠬᠢᠯᠭ᠎ᠠ᠎ᠲᠠᠢ ᠪᠤᠭᠳᠠ ᠠᠭᠤᠯᠠ ᠵᠢᠨ ᠡᠩᠭᠡᠷ᠎ᠲᠤ ᠬᠡᠢ᠌ᠮᠤᠷᠢᠲᠠᠢ ᠰᠠᠢ᠌ᠬᠠᠨ ᠬᠦᠰᠢᠭᠡ᠎ᠪᠠᠨ ᠰᠡᠬᠦᠭᠰᠡᠨ ᠪᠢᠯᠠ᠃ ᠲᠡᠷᠡ ᠤᠳᠠᠭ᠎ᠠ ᠠᠷᠤ ᠬᠤᠷᠴᠢᠨ ᠬᠤᠰᠢᠭᠤᠨ᠎ᠤ ᠱᠤᠤ ᠪᠠᠯᠭ᠋ᠠᠰᠤᠨ᠎ᠤ ᠵᠠᠯᠠᠭᠤ ᠰᠤᠳᠤᠨ ᠪᠦᠬᠡ ᠮᠦᠩᠬᠡᠳᠦ᠋ᠭᠦᠷᠡᠩ᠂ ᠪᠦᠬᠦ ᠦᠪᠤᠷ ᠮᠤᠩᠭᠤᠯ ᠤᠷᠤᠨ᠎ᠤ ᠠᠯᠳᠠᠷ ᠨᠡᠷᠡᠳᠠᠢ ᠤᠯᠠᠨ ᠰᠠᠢ᠌ᠨ ᠠᠪᠤᠷᠭᠤᠴᠤᠳᠢ ᠰᠢᠷᠤᠢ᠌ᠳᠠᠭᠤᠯᠵᠦ᠂ ᠨᠠᠢ᠍ᠮᠠᠳᠤᠭ᠋ᠠᠷ ᠨᠤᠭᠤᠯᠠᠭ᠎ᠠ᠎ᠳᠠᠭᠠᠨ ᠵᠡᠬᠦᠨ ᠦᠵᠦᠮᠦᠴᠢᠨ ᠬᠤᠰᠢᠭᠤᠨ᠎ᠤ ᠦᠯᠵᠠᠢ᠌ᠪᠠᠭ᠋ᠠᠳᠤᠷᠢ ᠦᠢ᠍ᠴᠢᠭᠤᠯᠵᠤ᠂ 256 ᠪᠦᠬᠡ᠎ᠳᠤ ᠲᠡᠷᠢᠭᠦᠯᠡᠪᠡ᠃ ᠲᠡᠷᠡ ᠤᠳᠠᠭ᠋ᠠᠨ᠎ᠤ ᠴᠦᠷᠬᠡᠯᠡᠭᠡ ᠪᠠᠷᠢᠯᠳᠤᠭ᠋ᠠᠨ᠎ᠢ ᠮᠡᠬᠦᠰ ᠪᠢ ᠷᠠᠳᠢᠤ᠋ ᠲᠸᠯᠸᠢᠰ᠎ᠠᠴᠠ ᠦᠵᠡᠵᠦ ᠰᠤᠨᠢᠷᠬᠠᠭᠰᠠᠨ ᠰᠡᠳᠬᠢᠭᠳᠡᠯ ᠲᠦᠷᠦᠭᠳᠡᠯ ᠵᠶ᠋ᠠᠨ ᠮᠡᠳᠡᠭᠡ ᠵᠠᠭᠤᠴᠢᠯᠠᠭᠤᠷ ᠵᠶ᠋ᠠᠷ ᠮᠡᠳᠡᠭᠡᠯᠡᠭᠰᠡᠨ ᠪᠦᠬᠡᠳ ᠮᠢᠨᠤ 《ᠮᠤᠩᠭᠤᠯ ᠤᠨᠳᠤᠷᠤᠯ ᠮᠦᠩᠬᠡ ᠬᠤᠷᠸ᠎ᠠ》 ᠭᠡᠰᠡᠨ ᠨᠤᠮ᠎ᠳᠠᠭᠠᠨ ᠪᠢᠴᠢᠵᠤ ᠤᠷᠤᠭᠤᠯᠤᠭᠰᠠᠨ ᠪᠣᠯᠬᠤᠷ ᠲᠡᠷᠨ᠎ᠨᠢ ᠲᠡᠤᠬᠡ ᠵᠢᠨ ᠲᠤᠷᠠᠰᠬᠠᠯ ᠲᠡᠮᠳᠡᠭᠯᠡᠯ ᠪᠤᠯᠤᠨ ᠦᠯᠡᠳᠡᠭᠰᠡᠨ ᠶᠤᠮ᠃
ᠬᠦᠯᠦᠨ ᠪᠤᠢ᠌ᠷ᠎ᠤᠨ ᠰᠢᠨ᠎ᠡ ᠪᠠᠷᠭᠤ ᠪᠠᠷᠠᠭᠤᠨ ᠬᠤᠰᠢᠭᠤᠨ᠎ᠤ ᠰᠤᠶᠤᠯ ᠵᠢᠭᠤᠯᠴᠢᠯᠠᠯ᠎ᠤᠨ ᠨᠠᠢ᠌ᠷ ᠵᠢᠴᠢ ᠦᠪᠤᠷ ᠮᠤᠩᠭᠤᠯ᠎ᠤᠨ ᠴᠦᠷᠬᠡᠯᠡᠭᠡ ᠪᠠᠷᠢᠯᠳᠤᠭ᠋ᠠᠨ᠎ᠤ ᠬᠤᠶᠠᠳᠤᠭ᠋ᠠᠷ ᠲᠠᠯᠠᠪᠠᠢ ᠤᠷᠤᠯᠳᠤᠭ᠋ᠠᠨ 2022 ᠤᠨ᠎ᠤ 7 ᠰᠠᠷ᠎ᠠ ᠵᠢᠨ 30᠎ᠤ ᠡᠳᠤᠷ — 8 ᠰᠠᠷ᠎ᠠ ᠵᠢᠨ 1᠎ᠤ ᠡᠳᠤᠷ ᠪᠤᠯᠳᠠᠯ᠎ᠠ ᠰᠢᠨ᠎ᠡ ᠪᠠᠷᠭᠤ ᠪᠠᠷᠠᠭᠤᠨ ᠬᠤᠰᠢᠭᠤᠨ᠎ᠤ ᠲᠦᠪ ᠠᠯᠳᠠᠨ ᠡᠮᠡᠭᠡᠯ ᠪᠠᠯᠭ᠋ᠠᠰᠤᠨ᠎ᠳᠤ ᠨᠢᠵᠢᠭᠡᠷ ᠰᠠᠢ᠌ᠬᠠᠨ ᠶᠠᠪᠤᠭᠳᠠᠵᠤ᠂ 512 ᠪᠦᠬᠡ ᠵᠤᠳᠤᠭᠯᠠᠭᠰᠠᠨ ᠶᠤᠮ᠃ ᠲᠤᠰ ᠤᠳᠠᠭ᠋ᠠᠨ᠎ᠤ ᠴᠦᠷᠬᠡᠯᠡᠭᠡ ᠪᠠᠷᠢᠯᠳᠤᠭ᠋ᠠᠨ᠎ᠢ ᠪᠢ ᠦᠪᠤᠷ ᠮᠤᠩᠭᠤᠯ᠎ᠤᠨ ᠷᠠᠳᠢᠤ᠋ ᠲᠸᠯᠸᠢᠰ ᠬᠤᠷᠢᠶᠠᠨ᠎ᠤ ᠰᠢᠭᠤᠳ ᠨᠡᠪᠳᠡᠷᠡᠭᠦᠯᠭᠡ᠎ᠠᠴᠠ ᠴᠠᠭ ᠲᠤᠬᠠᠢᠳᠤᠨᠢ ᠲᠡᠢ᠌ᠮᠤ ᠰᠠᠢ᠌ᠬᠠᠨ ᠤᠯᠵᠦ ᠰᠤᠨᠢᠷᠬᠠᠭᠰᠠᠨ ᠦᠬᠡᠢ ᠪᠤᠯᠪᠠᠴᠦ᠂ ᠸᠢᠴᠠᠲ ᠲᠠᠪᠴᠠᠩ ᠵᠶ᠋ᠠᠷ ᠲᠠᠰᠤᠭ ᠪᠤᠰᠤᠭ ᠵᠶ᠋ᠠᠷ ᠰᠤᠨᠢᠷᠬᠠᠨ ᠦᠵᠡᠯ᠎ᠡ᠃ ᠲᠤᠰ ᠤᠳᠠᠭ᠋ᠠᠨ᠎ᠤ ᠴᠦᠷᠬᠡᠯᠡᠭᠡ ᠪᠠᠷᠢᠯᠳᠤᠭ᠋ᠠᠨ᠎ᠳᠤ ᠠᠷᠤ ᠬᠤᠷᠴᠢᠨ ᠬᠤᠰᠢᠭᠤᠨ᠎ᠤ ᠪᠦᠬᠡᠴᠤᠳ᠂ ᠬᠤᠰᠢᠭᠤᠨ᠎ᠤ ᠪᠦᠬᠡ ᠵᠢᠨ ᠨᠡᠢ᠌ᠭᠡᠮᠯᠢᠭ᠎ᠤᠨ ᠲᠡᠷᠢᠭᠦᠯᠡᠭᠴᠢ ᠲᠠᠯᠠᠨᠳᠠᠢ ᠵᠢᠨ ᠲᠠᠭ᠋ᠠᠭᠤᠯᠭ᠎ᠠ᠎ᠪᠠᠷ ᠬᠤᠷᠢᠨ ᠬᠡᠳᠤᠨ ᠰᠢᠯᠢᠳᠡᠭ ᠪᠦᠬᠡᠴᠤᠳ ᠰᠢᠨ᠎ᠡ ᠪᠠᠷᠭᠤ ᠪᠠᠷᠠᠭᠤᠨ ᠬᠤᠰᠢᠭᠤᠨ᠎ᠳᠤ ᠬᠦᠷᠦᠯᠴᠡᠨ ᠤᠴᠢᠵᠦ ᠤᠷᠤᠯᠴᠠᠭ᠋ᠠᠳ᠂ ᠲᠤᠩ ᠰᠠᠢ᠌ᠨ ᠦᠷ᠎ᠡ ᠪᠦᠳᠤᠮᠵᠢ ᠵᠢ ᠤᠯᠵᠦ ᠴᠢᠳᠠᠪᠠ᠃
ᠨᠠᠢ᠌ᠷ᠎ᠢ ᠰᠤᠨᠢᠷᠬᠠᠨ ᠦᠵᠡᠬᠦ ᠵᠢᠨ ᠳᠠᠭ᠋ᠠᠤ ᠮᠡᠬᠦᠰ ᠪᠢ ᠠᠷᠪᠠᠭ᠋ᠠᠳ ᠵᠢᠯ᠎ᠤᠨ ᠡᠮᠤᠨᠡᠬᠢ ᠶᠠᠪᠤᠳᠠᠯ ᠤᠴᠢᠷ᠎ᠢ ᠰᠠᠨᠠᠵᠦ ᠤᠯᠪᠠ᠃ ᠬᠤᠷᠢᠨ ᠨᠢᠬᠡᠳᠤᠭᠡᠷ ᠵᠠᠭᠤᠨ᠎ᠤ ᠠᠷᠪᠠᠭ᠋ᠠᠳ ᠤᠨ᠎ᠤ ᠡᠬᠢᠨ ᠵᠢᠡᠷ ᠮᠠᠨ᠎ᠤ ᠬᠤᠰᠢᠭᠤ᠎ᠨᠢ 《ᠪᠦᠬᠡ ᠵᠢᠨ ᠨᠡᠢ᠌ᠭᠡᠮᠯᠢᠭ》᠎ᠢ ᠪᠠᠢ᠌ᠭᠤᠯᠵᠦ᠂ ᠲᠤᠬᠠᠢ ᠵᠢᠨ ᠦᠶ᠎ᠡ ᠬᠤᠰᠢᠭᠤᠨ ᠤᠯᠤᠰ ᠲᠦᠷᠦ ᠵᠢᠨ ᠵᠦᠪᠯᠡᠯᠭᠡᠨ᠎ᠤ ᠲᠡᠳ᠋ ᠲᠡᠷᠢᠭᠦᠯᠡᠭᠴᠢ ᠪᠠᠢ᠌ᠭᠰᠠᠨ ᠮᠠᠨᠳᠤᠯ᠎ᠠ ᠨᠦᠬᠦᠷ ᠬᠤᠰᠢᠭᠤᠨ᠎ᠤ ᠪᠦᠬᠡ ᠵᠢᠨ ᠠᠵᠢᠯ᠎ᠢ ᠭᠤᠤᠯᠴᠢᠯᠠᠨ ᠬᠠᠮᠢᠶᠠᠷᠴᠦ ᠪᠠᠢ᠌ᠪᠠ᠃ ᠮᠠᠨᠳᠤᠯ᠎ᠠ ᠨᠦᠬᠦᠷ᠎ᠤᠨ ᠰᠠᠨᠠᠭ᠋ᠠᠴᠢᠯᠠᠭ᠎ᠠ᠎ᠪᠠᠷ ᠪᠢ ᠬᠤᠰᠢᠭᠤᠨ ᠪᠦᠬᠡ ᠵᠢᠨ ᠨᠡᠢ᠌ᠭᠡᠮᠯᠢᠭ᠎ᠲᠤ ᠴᠤᠯᠭᠤᠢ ᠠᠷᠠᠰᠤᠨ ᠵᠤᠳᠤᠭ ᠤᠨ ᠨᠢᠷᠤᠭᠤᠨ ᠲᠡᠭᠡᠷ᠎ᠡ ᠬᠡᠳᠤᠨ ᠲᠢᠭ᠎ᠤᠨ 《ᠠᠷᠤ ᠬᠤᠷᠴᠢᠨ》 ᠭᠡᠰᠡᠨ ᠲᠠᠷᠤᠮᠠᠯ ᠦᠰᠦᠭ ᠪᠤᠶᠤ ᠪᠣᠯᠢᠭ᠋ᠠᠷᠢᠨ ᠠᠷᠠᠰᠤᠨ ᠲᠣᠪᠤᠷᠤᠤᠳᠦ ᠵᠤᠳᠤᠭ ᠲᠡᠭᠡᠷ᠎ᠡ ᠲᠡᠮᠤᠷ ᠵᠶ᠋ᠠᠷ ᠲᠠᠪᠳᠠᠭᠰᠠᠨ 《ᠠᠷᠤ ᠬᠤᠷᠴᠢᠨ》 ᠭᠡᠰᠡᠨ ᠬᠡᠳᠤᠨ ᠬᠡᠯᠪᠡᠷᠢ ᠵᠢᠨ ᠦᠰᠦᠭ ᠪᠢᠴᠢᠨ ᠦᠭᠴᠦ᠂ ᠬᠤᠰᠢᠭᠤᠨ᠎ᠳᠠᠭᠠᠨ ᠪᠠᠷᠢᠮᠵᠢᠶ᠎ᠠ᠎ᠳᠤ ᠵᠤᠳᠤᠭ ᠬᠢᠭᠰᠡᠨ ᠶᠤᠮ᠃ ᠦᠨᠤ ᠨᠠᠢ᠌ᠷ᠎ᠢ ᠰᠤᠨᠢᠷᠬᠠᠨ ᠦᠵᠡᠬᠦ᠎ᠳᠤ ᠨᠡᠯᠢᠶᠡᠳ ᠤᠯᠠᠨ ᠵᠠᠯᠠᠭᠤ ᠪᠠᠭ᠋ᠠᠴᠤᠳ ᠪᠤᠶᠤ ᠢᠳᠡᠷ ᠵᠠᠯᠠᠭᠤ ᠪᠦᠬᠡᠴᠤᠳ ᠤᠯᠳᠤᠢ ᠮᠢᠨᠤ ᠪᠢᠴᠢᠨ ᠦᠭᠭᠦᠭᠰᠡᠨ 《ᠠᠷᠤ ᠬᠤᠷᠴᠢᠨ》 ᠭᠡᠰᠡᠨ ᠦᠰᠦᠭ᠎ᠲᠠᠢ ᠵᠤᠳᠤᠭᠢ ᠡᠮᠤᠰᠤᠨ᠂ ᠨᠠᠢ᠌ᠷ᠎ᠤᠨ ᠲᠠᠯᠠᠪᠠᠢ᠎ᠳᠤ ᠤᠮᠤᠭ ᠲᠡᠭᠦᠯᠳᠡᠷ ᠵᠶ᠋ᠠᠷ ᠮᠠᠭᠰᠢᠨ ᠤᠷᠤᠬᠤ᠎ᠳᠤ ᠡᠪᠤᠭᠡᠨ ᠪᠢ ᠨᠤᠳᠤᠭ ᠤᠰᠤᠨ᠎ᠳᠠᠭᠠᠨ ᠪᠠᠭ᠎ᠠ ᠰᠠᠭ᠎ᠠ ᠴᠦ᠍ ᠭᠡᠰᠡᠨ ᠲᠤᠰᠠᠳᠠᠢ ᠶᠠᠪᠤᠳᠠᠯ ᠬᠢᠭᠰᠡᠨ ᠴᠦ᠍ ᠪᠢᠯᠢᠤ ᠭᠡᠵᠦ ᠬᠦᠭᠰᠡᠵᠦ ᠰᠠᠭᠤᠳᠠᠭ᠃ ᠤᠳᠤ ᠮᠦᠩᠬᠡᠳᠦ᠋ᠭᠦᠷᠡᠩ᠎ᠤᠨ ᠡᠮᠦᠰᠴᠤ ᠪᠠᠢ᠌ᠭ᠎ᠠ ᠪᠦᠬᠡ ᠵᠢᠨ ᠲᠤᠤᠬᠤᠤ ᠵᠢᠨ ᠲᠡᠭᠡᠷᠡᠬᠢ 《ᠠᠷᠤ ᠬᠤᠷᠴᠢᠨ》 ᠭᠡᠰᠡᠨ ᠮᠤᠩᠭᠤᠯ ᠡᠪᠬᠡᠮᠡᠯ ᠦᠰᠦᠭ ᠪᠤᠯ ᠮᠦᠨᠴᠤ ᠮᠢᠨᠤ ᠲᠡᠷᠡ ᠦᠶ᠎ᠡ᠎ᠳᠤ ᠪᠢᠴᠢᠨ ᠦᠭᠭᠦᠭᠰᠡᠨ ᠦᠰᠦᠭ ᠪᠢᠯᠠ᠃ ᠮᠦᠩᠬᠡᠳᠦ᠋ᠭᠦᠷᠡᠩ᠎ᠤᠨ ᠵᠶ᠋ᠠᠨ ᠨᠠᠢ᠌ᠷ ᠪᠤᠯᠭ᠋ᠠᠨ᠎ᠳᠤ ᠠᠮᠵᠢᠯᠳᠠ᠎ᠲᠠᠢ ᠰᠠᠢ᠌ᠨ ᠪᠠᠷᠢᠯᠳᠤᠬᠤ ᠵᠢ᠎ᠨᠢ ᠬᠠᠷᠠᠭ᠋ᠠᠳ ᠡᠪᠤᠭᠡᠨ ᠪᠢ ᠴᠦ᠍ ᠪᠠᠬᠠᠳᠤᠨ ᠪᠠᠶᠠᠷᠯᠠᠵᠦ ᠰᠠᠭᠤᠨ᠎ᠠ᠃
8 ᠰᠠᠷ᠎ᠠ ᠵᠢᠨ1᠎ᠤ ᠡᠳᠤᠷ᠂ ᠸᠢᠴᠠᠲ ᠲᠠᠪᠴᠠᠩ᠎ᠤᠨ ᠮᠡᠳᠡᠭᠡᠯᠡᠯ ᠵᠶ᠋ᠠᠷ ᠦᠵᠡᠪᠡᠯ᠄ ᠲᠡᠭᠡᠷ᠎ᠡ ᠲᠦᠷᠪᠡ ᠵᠢᠨ ᠨᠤᠭᠤᠯᠤᠭ᠋ᠠᠨᠳᠤ ᠠᠷᠤ ᠬᠤᠷᠴᠢᠨ ᠬᠤᠰᠢᠭᠤᠨ᠎ᠤ ᠮᠦᠩᠬᠡᠳᠦ᠋ᠭᠦᠷᠡᠩ᠂ ᠰᠢᠨ᠎ᠡ ᠪᠠᠷᠭᠤ ᠪᠠᠷᠠᠭᠤᠨ ᠬᠤᠰᠢᠭᠤᠨ᠎ᠤ ᠰᠤᠳᠤᠪᠢᠯᠢᠭ᠌᠎ᠲᠠᠢ ᠲᠠᠭ᠋ᠠᠷᠠᠯᠳᠤᠵᠦ᠂ ᠮᠦᠩᠬᠡᠳᠦ᠋ᠭᠦᠷᠡᠩ ᠪᠠᠷᠠᠭᠤᠨ ᠲᠠᠯ᠎ᠠ᠎ᠪᠠᠷ ᠵᠶ᠋ᠠᠨ ᠴᠤᠬᠢᠨ ᠡᠯᠭᠦᠵᠦ᠂ ᠰᠤᠳᠤᠪᠢᠯᠢᠭ᠌ ᠵᠶ᠋ᠠᠷ ᠲᠠᠪᠠᠵᠦ᠂ ᠲᠡᠳ᠋ ᠲᠡᠷᠢᠭᠦᠨ᠎ᠤ ᠪᠠᠷᠢᠯᠳᠤᠭ᠋ᠠᠨ᠎ᠳᠤ ᠰᠢᠨ᠎ᠡ ᠪᠠᠷᠭᠤ ᠪᠠᠷᠠᠭᠤᠨ ᠬᠤᠰᠢᠭᠤᠨ᠎ᠤ ᠰᠸᠩᠭᠡᠭ᠋ᠠᠷᠪᠤᠤ ᠲᠠᠢ ᠬᠤᠶᠠᠭᠤᠯᠨ ᠰᠢᠯᠭ᠋ᠠᠷᠠᠨ ᠦᠯᠡᠳᠡᠪᠡ᠃ ᠲᠡᠷᠢᠭᠦᠨ ᠲᠡᠳ᠋ ᠵᠢᠨ ᠪᠠᠷᠢᠯᠳᠤᠭ᠋ᠠᠨ᠎ᠳᠤ ᠠᠷᠤ ᠬᠤᠷᠴᠢᠨ ᠬᠤᠰᠢᠭᠤᠨ᠎ᠤ ᠵᠠᠯᠠᠭᠤ ᠰᠤᠳᠤᠨ ᠪᠦᠬᠡ ᠮᠦᠩᠬᠡᠳᠦ᠋ᠭᠦᠷᠡᠩ᠂ ᠰᠸᠩᠭᠡᠭ᠋ᠠᠷᠪᠤᠤᠳᠤ ᠨᠠᠢ᠌ᠷ ᠲᠠᠯᠪᠢᠵᠦ᠂ ᠰᠸᠩᠭᠡᠭ᠋ᠠᠷᠪᠤᠤ ᠲᠡᠷᠢᠭᠦᠯᠡᠵᠦ᠂ ᠮᠦᠩᠬᠡᠳᠦ᠋ᠭᠦᠷᠡᠩ ᠲᠡᠳ᠋ᠯᠡᠪᠡ᠃
ᠵᠠᠷᠢᠮ ᠦᠵᠡᠭᠴᠢᠳ 《ᠮᠦᠩᠬᠡᠳᠦ᠋ᠭᠦᠷᠡᠩ᠎ᠤᠨ ᠤᠳᠤ ᠵᠢᠨ ᠪᠠᠷᠢᠯᠳᠤᠭ᠋ᠠᠨ᠎ᠤ ᠪᠠᠢ᠌ᠳᠠᠯ ᠵᠶ᠋ᠠᠷ ᠦᠵᠡᠪᠡᠯ᠂ ᠰᠸᠩᠭᠡᠭ᠋ᠠᠷᠪᠤᠤ ᠵᠢ ᠬᠠᠶᠠᠵᠦ ᠪᠤᠯᠬᠤ ᠪᠤᠯᠤᠮᠵᠢ ᠲᠤᠩ ᠶᠡᠬᠡ᠂ ᠭᠡᠳᠡᠯ᠎ᠡ ᠮᠦᠩᠬᠡᠳᠦ᠋ᠭᠦᠷᠡᠩ ᠪᠤᠰᠤᠳ ᠬᠤᠰᠢᠭᠤᠨ᠎ᠤ ᠨᠠᠢ᠌ᠷ᠎ᠲᠤ ᠤᠴᠢᠪᠠᠯ᠂ ᠶᠡᠷᠤ᠎ᠳᠡᠭᠡᠨ ᠨᠠᠢ᠌ᠷ ᠲᠠᠯᠪᠢᠳᠠᠭ᠂ ᠲᠡᠭᠡᠵᠦ ᠪᠤᠯᠬᠤ ᠦᠬᠡᠢ᠂ ᠵᠠᠪᠠᠯ ᠦᠪᠡᠷ᠎ᠤᠨ ᠬᠦᠴᠦᠨ ᠴᠢᠳᠠᠯ ᠵᠶ᠋ᠠᠨ ᠦᠵᠡᠭᠦᠯᠬᠦ ᠬᠡᠷᠡᠭᠳᠠᠢ》 ᠭᠡᠵᠦ ᠶᠠᠷᠢᠵᠦ ᠪᠠᠢ᠌ᠨ᠎ᠠ᠃ ᠬᠡᠬᠦ᠎ᠳᠤ ᠮᠢᠨᠤ ᠦᠵᠡᠬᠦ᠎ᠪᠠᠷ᠄ ᠤᠳᠤ ᠵᠢᠨ ᠪᠠᠢ᠌ᠳᠠᠯ᠂ ᠤᠳᠤ ᠵᠢᠨ ᠵᠠᠷᠢᠮ ᠨᠦᠭᠦᠴᠡᠯ ᠲᠤᠤᠷ᠎ᠠ᠂ ᠬᠤᠷᠢᠳᠤᠭ᠋ᠠᠷ ᠵᠠᠭᠤᠨ᠎ᠤ ᠲᠠᠯᠠᠭ᠋ᠠᠳ ᠤᠨ᠎ᠤ ᠦᠶ᠎ᠡ᠎ᠳᠤ ᠮᠠᠤ ᠽᠸ ᠳ᠋ᠦᠩ ᠲᠡᠷᠢᠭᠦᠯᠡᠭᠴᠢ ᠵᠢᠨ ᠲᠤᠷᠠᠳᠤᠭᠰᠠᠨ 《ᠨᠦᠬᠦᠷᠯᠡᠯ ᠨᠢᠭᠡᠳᠤᠭᠡᠷ᠂ ᠤᠷᠤᠯᠳᠤᠭ᠋ᠠᠨ ᠬᠤᠶᠠᠳᠤᠭ᠋ᠠᠷ》 ᠭᠡᠰᠡᠨ ᠵᠢᠭ᠋ᠠᠪᠤᠷᠢ᠎ᠪᠠᠷ ᠠᠯᠢ ᠤᠯᠠᠨ ᠤᠷᠤᠯᠳᠤᠭ᠋ᠠᠨ ᠵᠶ᠋ᠠᠨ ᠡᠷᠬᠢᠯᠡᠨ ᠶᠠᠪᠤᠭᠳᠠᠭᠤᠯᠪᠠᠯ ᠵᠦᠪ ᠪᠠᠢ᠌ᠬ᠎ᠠ ᠭᠡᠵᠦ ᠪᠤᠳᠤᠳᠠᠭ᠃ ᠤᠳᠤ ᠰᠢ ᠵᠢᠨ ᠫᠢᠩ ᠲᠡᠷᠢᠭᠦᠯᠡᠭᠴᠢ 《ᠡᠶ᠎ᠡ ᠵᠤᠬᠢᠴᠠᠯᠳᠤ ᠨᠡᠢ᠌ᠭᠡᠮ᠎ᠢ ᠪᠦᠳᠤᠭᠡᠨ ᠪᠠᠢ᠌ᠭᠤᠯᠬᠤ᠎ᠪᠠᠷ ᠪᠦᠭᠦᠳᠡᠭᠡᠷ ᠬᠠᠮᠳᠤᠷᠠᠨ ᠲᠡᠮᠡᠴᠡᠬᠦ ᠬᠡᠷᠡᠭᠳᠠᠢ》᠂ 《ᠪᠦᠬᠦᠢ᠌ᠯᠡ ᠬᠦᠮᠤᠨ ᠲᠦᠷᠦᠯᠬᠢᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠤᠢ ᠪᠤᠯᠭ᠋ᠠᠬᠤ ᠬᠡᠷᠡᠭᠳᠠᠢ》 ᠭᠡᠵᠦ ᠤᠷᠢᠶᠠᠯᠠᠵᠦ ᠪᠠᠢ᠌ᠨ᠎ᠠ᠃ ᠦᠩᠭᠡᠷᠡᠭᠰᠡᠨ᠎ᠳᠤ 《ᠨᠦᠬᠦᠷᠯᠡᠯ ᠨᠢᠭᠡᠳᠤᠭᠡᠷ᠂ ᠤᠷᠤᠯᠳᠤᠭ᠋ᠠᠨ ᠬᠤᠶᠠᠳᠤᠭ᠋ᠠᠷ 》 ᠭᠡᠰᠡᠨ ᠤᠷᠢᠶᠠᠯᠠᠯ ᠵᠶ᠋ᠠᠷ 《ᠪᠠᠭ᠎ᠠ ᠪᠦᠮᠪᠤᠭᠡ᠎ᠪᠠᠷ ᠶᠡᠭᠡ ᠪᠦᠮᠪᠤᠷᠴᠡᠭ》 ᠵᠢ ᠡᠷᠭᠢᠭᠦᠯᠵᠦ᠂ ᠲᠤᠮᠳᠠᠳᠤ ᠠᠮᠸᠷᠢᠺᠠ ᠵᠢᠨ ᠬᠠᠷᠢᠴᠠᠭ᠎ᠠ ᠵᠢ ᠰᠠᠢ᠌ᠵᠢᠷᠠᠭᠤᠯᠤᠭᠰᠠᠨ᠂ ᠠᠯᠢ ᠤᠯᠠᠨ ᠬᠦᠭᠵᠢᠵᠦ ᠪᠠᠢ᠌ᠭ᠎ᠠ ᠤᠯᠤᠰ ᠤᠷᠤᠨ᠎ᠲᠠᠢ ᠬᠠᠮᠵᠢᠯᠴᠠᠭ᠎ᠠ᠎ᠪᠠᠨ ᠰᠠᠢ᠌ᠵᠢᠷᠠᠭᠤᠯᠤᠭᠰᠠᠨ᠂ ᠡᠨᠡ᠎ᠨᠢ ᠮᠦᠨ ᠣᠯᠢᠮᠫᠢᠺ᠎ᠤᠨ ᠵᠤᠷᠢᠭ ᠰᠠᠨᠠᠭ᠎ᠠ᠎ᠲᠠᠢ ᠴᠦ᠍ ᠨᠡᠢ᠌ᠴᠡᠵᠦ ᠪᠠᠢ᠌ᠳᠠᠭ᠃ ᠡᠮᠤᠨ᠎ᠡ ᠨᠢᠭᠡ ᠬᠤᠭᠤᠴᠠᠭ᠋ᠠᠨ᠎ᠳᠤ ᠵᠠᠷᠢᠮ ᠲᠠᠮᠢᠷᠴᠢᠳ ᠨᠠᠢ᠌ᠷ᠎ᠤᠨ ᠮᠠᠢ᠌ᠮᠠᠢ ᠬᠡᠯᠡᠯᠴᠡᠵᠦ᠂ ᠬᠡᠷᠪᠡ ᠪᠠᠭᠤᠵᠦ ᠦᠭᠪᠡᠯ ᠲᠡᠷᠢᠭᠦᠨ ᠱᠠᠩᠠᠴᠠᠪᠠᠨ ᠬᠡᠳᠤᠨ ᠬᠤᠪᠢ ᠵᠢᠨ ᠬᠠᠷᠢᠴᠠᠯ ᠵᠶ᠋ᠠᠷ ᠪᠠᠭᠤᠵᠦ ᠦᠭᠭᠦᠭᠰᠡᠨ ᠡᠳᠡᠭᠡᠳ᠎ᠳᠡᠭᠡᠨ ᠪᠡᠯᠡᠭ ᠪᠤᠯᠭ᠋ᠠᠨ ᠦᠭᠴᠦ᠂ ᠬᠡᠢ ᠬᠤᠭᠤᠰᠤᠨ ᠨᠡᠷ᠎ᠡ ᠵᠢ ᠲᠡᠮᠡᠴᠡᠨ ᠤᠯᠳᠠᠭ ᠤᠴᠢᠷ᠎ᠤᠳ ᠭᠠᠷᠴᠦ ᠦᠩᠭᠡᠷᠡᠭᠰᠡᠨ᠃ ᠦᠨᠤ ᠬᠠᠷᠢᠨ ᠡᠨᠡᠬᠦ ᠦᠵᠡᠭᠳᠡᠯ ᠲᠤᠢ᠌ᠯ ᠵᠶ᠋ᠠᠷ ᠪᠠᠭ᠋ᠠᠰᠪᠠ᠃ ᠤᠳᠤ ᠪᠦᠬᠦ ᠦᠪᠤᠷ ᠮᠤᠩᠭᠤᠯ ᠤᠷᠤᠨ ᠵᠶ᠋ᠠᠷ ᠴᠦᠷᠬᠡᠯᠡᠭᠡ ᠪᠠᠷᠢᠯᠳᠤᠭ᠋ᠠᠨ᠎ᠢ 《ᠱᠠᠳᠤᠯᠵᠢᠨ ᠤᠨᠤᠭ᠎ᠠ》 ᠪᠤᠶᠤ ᠲᠡᠭᠡᠷ᠎ᠡ 16᠎ᠠᠴᠠ ᠲᠡᠭᠡᠭᠰᠢᠭᠢ ᠪᠦᠬᠡᠴᠤᠳ᠎ᠲᠤ 《ᠢᠯᠡ ᠰᠢᠪᠠᠭ᠎ᠠ》᠎ᠪᠠᠷ ᠤᠨᠤᠭ᠎ᠠ ᠲᠤᠯᠭ᠋ᠠᠵᠦ ᠪᠠᠢ᠌ᠨ᠎ᠠ᠃ ᠡᠨᠡ᠎ᠨᠢ ᠮᠠᠰᠢ ᠲᠦᠪ ᠴᠢᠭᠡᠴᠢ᠂ ᠮᠠᠰᠢ ᠰᠠᠢ᠌ᠨ ᠶᠠᠪᠤᠳᠠᠯ ᠪᠤᠯᠤᠨ᠎ᠠ᠃ ᠭᠡᠬᠦ᠎ᠳᠤ ᠠᠯᠢ ᠨᠢᠭᠡᠨ ᠭᠠᠵᠠᠷ ᠤᠷᠤᠨ᠎ᠤ ᠨᠠᠢ᠌ᠷ ᠨᠠᠭ᠋ᠠᠳᠤᠮ ᠴᠦ᠍ ᠪᠤᠯᠤᠭ᠂ ᠲᠡᠷᠡ᠎ᠬᠦ ᠭᠠᠵᠠᠷ ᠤᠷᠤᠨ᠎ᠤ ᠦᠵᠡᠭᠴᠢᠳ᠂ ᠰᠤᠨᠢᠷᠬᠠᠭᠴᠢᠳ᠂ ᠨᠠᠭ᠋ᠠᠳᠤᠮᠴᠢᠳ ᠪᠦᠷ ᠦᠪᠡᠷ᠎ᠤᠨ ᠨᠤᠳᠤᠭ ᠤᠰᠤᠨ᠎ᠤ᠎ᠪᠠᠨ ᠪᠦᠬᠡᠴᠤᠳ᠂ ᠤᠶᠠᠭ᠋ᠠᠴᠢᠨ᠂ ᠬᠠᠷᠪᠤᠭ᠋ᠠᠴᠢᠳ ᠵᠶ᠋ᠠᠨ ᠦᠵᠤᠭᠦᠷ ᠲᠡᠷᠢᠭᠦᠨ᠎ᠳᠤ ᠤᠷᠤᠵᠦ᠂ ᠨᠤᠳᠤᠭ ᠤᠰᠤᠨ᠎ᠳᠠᠭᠠᠨ ᠠᠯᠳᠠᠷ ᠨᠡᠷ᠎ᠡ ᠠᠪᠴᠢᠷᠠᠵᠦ ᠦᠭᠬᠦ ᠵᠢ ᠬᠦᠰᠡᠵᠦ ᠪᠠᠢ᠌ᠳᠠᠭ᠃ ᠠᠯᠢ ᠨᠢᠬᠡ ᠬᠤᠰᠢᠭᠤ ᠰᠤᠮᠤ᠎ᠨᠢ ᠭᠡᠳ ᠨᠢᠭᠡ ᠨᠠᠢ᠌ᠷ ᠨᠠᠭ᠋ᠠᠳᠤᠮ ᠡᠷᠬᠢᠯᠡᠬᠦ᠎ᠨᠢ ᠲᠡᠢ᠌ᠮᠤ ᠠᠮᠤᠷ ᠪᠤᠰᠤ᠂ ᠲᠡᠢ᠌ᠮᠤ᠎ᠠᠴᠠ ᠠᠯᠢ ᠭᠠᠵᠠᠷ ᠤᠷᠤᠨ᠎ᠨᠢ ᠭᠡᠳ᠂ ᠨᠠᠢ᠌ᠷ᠎ᠤᠨ ᠱᠠᠩ ᠵᠶ᠋ᠠᠨ ᠪᠤᠰᠤᠳ ᠤᠷᠤᠨ᠎ᠳᠤ ᠦᠭᠬᠦ ᠲᠤᠷ᠎ᠠ ᠦᠬᠡᠢ ᠪᠠᠢ᠌ᠳᠠᠭ᠎ᠨᠢ ᠦᠨᠡᠨ᠃ ᠦᠩᠭᠡᠷᠡᠭᠰᠡᠨ᠎ᠳᠤ ᠬᠦᠮᠤᠨ᠎ᠤ ᠭᠠᠵᠠᠷ᠂ ᠬᠦᠨᠳᠡᠯᠡᠨ ᠬᠤᠰᠢᠭᠤᠨ᠎ᠳᠤ ᠤᠴᠢᠭ᠋ᠠᠳ ᠲᠡᠷᠢᠭᠦᠨ ᠱᠠᠩᠢᠨᠢ ᠠᠪᠴᠢᠷᠠᠵᠦ ᠪᠠᠢ᠌ᠭᠰᠠᠨ ᠰᠠᠢ᠌ᠨ ᠪᠦᠬᠡᠴᠤᠳ ᠪᠠᠢ᠌ᠯ᠎ᠠ ᠭᠡᠬᠦ᠎ᠳᠤ ᠪᠠᠰᠠ ᠪᠦᠬᠡᠴᠤᠳ ᠬᠤᠭᠤᠷᠤᠨᠳᠤ᠎ᠪᠠᠨ ᠨᠠᠢ᠌ᠷ ᠵᠢᠷᠤᠮ ᠪᠤᠶᠤ ᠪᠠᠭᠰᠢ ᠱᠠᠪᠢ ᠵᠢᠨ ᠬᠠᠷᠢᠴᠠᠭ᠎ᠠ᠂ ᠤᠢ᠌ᠷ᠎ᠠ ᠲᠦᠷᠦᠯ᠎ᠤᠨ ᠬᠠᠷᠢᠴᠠᠭ᠎ᠠ ᠵᠡᠷᠭᠡ ᠤᠯᠠᠨ ᠲᠠᠯ᠎ᠠ ᠵᠢᠨ ᠬᠠᠷᠢᠴᠠᠭ᠎ᠠ ᠬᠤᠯᠪᠤᠭ᠎ᠠ ᠵᠢ ᠪᠤᠳᠤᠯᠬᠢᠯᠠᠵᠦ᠂ ᠵᠠᠷᠢᠮ᠎ᠳᠠᠭᠠᠨ ᠡᠨᠡ ᠤᠳᠠᠭ᠎ᠠ ᠴᠢ ᠨᠠᠢ᠌ᠷ ᠲᠠᠯᠪᠢᠭᠰᠠᠨ ᠪᠤᠯ ᠲᠠᠷᠠᠭ᠎ᠠ ᠤᠳᠠᠭ᠎ᠠ ᠪᠢ ᠨᠠᠢ᠌ᠷ ᠲᠠᠯᠪᠢᠬᠤ ᠤᠴᠢᠷ ᠶᠠᠪᠤᠳᠠᠯ ᠵᠦᠩᠳᠡᠭᠡᠨ ᠭᠠᠷᠳᠠᠭ᠃ ᠡᠢ᠌ᠮᠤᠷᠬᠦ ᠪᠤᠯᠪᠠᠰᠤᠨ ᠰᠠᠢ᠌ᠬᠠᠨ ᠵᠠᠩ ᠰᠤᠷᠳᠠᠯ᠎ᠢ ᠶᠠᠭ ᠲᠠᠭ᠋ᠠᠷᠠᠬᠤ ᠦᠬᠡᠢ ᠭᠡᠵᠦ ᠬᠡᠯᠡᠬᠦ ᠵᠢᠨ ᠠᠷᠭ᠎ᠠ ᠦᠬᠡᠢ ᠪᠠᠢ᠌ᠬ᠎ᠠ᠃ ᠭᠡᠪᠡᠴᠦ ᠨᠠᠢ᠌ᠷ᠎ᠤᠨ ᠲᠦᠷᠢᠮ᠎ᠠᠴᠠ ᠵᠦᠷᠢᠴᠡᠬᠦ ᠦᠬᠡᠢ ᠪᠠᠢ᠌ᠳᠠᠯ ᠲᠤᠤᠷ᠎ᠠ᠂ ᠵᠦᠪ ᠶᠤᠰᠤᠨ᠎ᠤ ᠲᠦᠯᠦᠭᠡ ᠦᠪᠡᠷ᠎ᠤᠨ ᠤᠷ᠎ᠠ ᠮᠡᠷᠭᠡᠵᠢᠯ᠂ ᠬᠦᠴᠦ ᠴᠢᠳᠠᠯ᠂ ᠠᠷᠭ᠎ᠠ ᠰᠠᠮᠪᠠᠭ᠎ᠠ᠎ᠪᠠᠷ ᠵᠶ᠋ᠠᠨ ᠨᠡᠷ᠎ᠡ ᠲᠦᠷᠦ᠂ ᠢᠷᠠᠭᠤ ᠠᠯᠳᠠᠷ᠎ᠢ ᠲᠡᠮᠡᠴᠡᠨ ᠣᠯᠬᠤ᠎ᠨᠢ ᠵᠦᠢ ᠶᠤᠰᠤᠨ᠎ᠤ ᠤᠴᠢᠷ ᠪᠢᠯᠡ᠃
8 ᠰᠠᠷ᠎ᠠ ᠵᠢᠨ 5 — 6᠎ᠤ ᠡᠳᠤᠷ 《ᠤᠯᠠᠭ᠋ᠠᠨᠬᠠᠳᠠ ᠬᠤᠳᠠ ᠵᠢᠨ ᠮᠠᠯᠴᠢᠨ ᠲᠠᠷᠢᠶᠠᠴᠢᠨ᠎ᠤ ᠰᠤᠶᠤᠯ᠎ᠤᠨ ᠨᠠᠢ᠌ᠷ᠂ ᠯᠤᠤ ᠭᠠᠷᠤᠳᠢ ᠵᠢᠨ ᠨᠤᠳᠤᠭ ᠤᠩᠨᠢᠭᠤᠳ᠎ᠤᠨ ᠵᠤᠭ᠋ᠠᠴᠠᠯ᠎ᠤᠨ ᠨᠠᠢ᠌ᠷ》᠂ ᠮᠦᠨᠴᠦ ᠪᠦᠬᠦ ᠤᠷᠤᠨ᠎ᠤ ᠡᠨᠡ ᠵᠢᠯ᠎ᠤᠨ ᠴᠦᠷᠬᠡᠯᠡᠭᠡ ᠪᠠᠷᠢᠯᠳᠤᠭ᠋ᠠᠨ᠎ᠤ ᠭᠤᠷᠪᠠᠳᠡᠬᠢ ᠲᠠᠯᠠᠪᠠᠢ ᠤᠷᠤᠯᠳᠤᠭ᠋ᠠᠨ᠂ ᠤᠩᠨᠢᠭᠤᠳ ᠬᠤᠰᠢᠭᠤᠨ᠎ᠤ ᠭᠡᠷᠰᠡᠩ ᠰᠤᠮᠤᠨ᠎ᠤ ᠠᠭᠤᠳᠠᠮ ᠰᠠᠷᠠᠭᠤᠯ ᠨᠤᠮᠢᠨ ᠨᠤᠭᠤᠭ᠋ᠠᠨ ᠲᠡᠨᠵᠢᠨ ᠲᠡᠭᠡᠷ᠎ᠡ ᠦᠪᠡᠳᠡᠭᠰᠢ ᠶᠡᠬᠡᠪᠡᠷ ᠶᠠᠪᠤᠭᠳᠠᠪᠠ᠃ ᠲᠤᠰ ᠤᠳᠠᠭ᠋ᠠᠨ᠎ᠤ ᠪᠦᠬᠦ ᠤᠷᠤᠨ᠎ᠤ ᠴᠦᠷᠬᠡᠯᠡᠭᠡ ᠪᠠᠷᠢᠯᠳᠤᠭ᠋ᠠᠨ᠎ᠤ ᠲᠡᠭᠡᠷ᠎ᠡ ᠨᠠᠢ᠍ᠮᠠ᠎ᠳᠤ ᠠᠷᠤ ᠬᠤᠷᠴᠢᠨ ᠬᠤᠰᠢᠭᠤᠨ᠎ᠤ ᠮᠦᠩᠬᠡᠳᠦ᠋ᠭᠦᠷᠡᠩ ᠲᠡᠷᠢᠭᠦᠯᠡᠵᠦ᠂ ᠰᠢᠨ᠎ᠡ ᠪᠠᠷᠭᠤ ᠵᠡᠭᠦᠨ ᠬᠤᠰᠢᠭᠤᠨ᠎ᠤ ᠲᠦᠷᠦᠰᠠᠴᠤᠷᠠᠯ ᠲᠡᠳ᠋ᠯᠡᠵᠦ᠂ ᠰᠢᠯᠤᠭᠤᠨ ᠬᠦᠬᠡ ᠬᠤᠰᠢᠭᠤᠨ᠎ᠤ ᠨᠠᠷᠬᠢᠶ᠎ᠠ ᠭᠤᠷᠪᠠᠳᠤᠭ᠋ᠠᠷ᠎ᠲᠤ ᠂ ᠠᠷᠤ ᠬᠤᠷᠴᠢᠨ ᠬᠤᠰᠢᠭᠤᠨ᠎ᠤ ᠰᠢᠨᠢᠨᠢᠭᠡᠨ ᠲᠦᠷᠪᠡᠳᠤᠭᠡᠷ᠎ᠲᠤ᠂ ᠵᠡᠭᠦᠨ ᠰᠦᠨᠢᠳ ᠬᠤᠰᠢᠭᠤᠨ᠎ᠤ ᠮᠠᠩᠯᠠᠢ ᠲᠠᠪᠤᠳᠤᠭ᠋ᠠᠷ᠎ᠲᠤ᠂ ᠠᠪᠠᠭ᠎ᠠ ᠵᠢᠨ ᠴᠠᠭ᠋ᠠᠨᠵᠠᠭ᠋ᠠᠨ ᠵᠢᠷᠭᠤᠳᠤᠭ᠋ᠠᠷ᠎ᠲᠤ᠂ ᠵᠡᠭᠦᠨ ᠦᠵᠦᠮᠦᠴᠢᠨ ᠬᠤᠰᠢᠭᠤᠨ᠎ᠤ ᠰᠡᠴᠡᠨᠪᠢᠯᠢᠭ ᠲᠤᠯᠤᠳᠤᠭ᠋ᠠᠷ᠎ᠲᠤ᠂ ᠪᠠᠷᠠᠭᠤᠨ ᠦᠵᠦᠮᠦᠴᠢᠨ ᠬᠤᠰᠢᠭᠤᠨ᠎ᠤ ᠴᠠᠭ᠋ᠠᠨᠵᠠᠭ᠋ᠠᠨ ᠨᠠᠢ᠍ᠮᠠᠳᠦᠭ᠋ᠠᠷ᠎ᠲᠤ ᠲᠤᠰ ᠲᠤᠰ ᠲᠤᠳᠤᠷᠠᠪᠠ᠃
8 ᠰᠠᠷ᠎ᠠ ᠵᠢᠨ19 — 20 ᠪᠤᠯᠳᠠᠯ᠎ᠠ ᠤᠯᠠᠭ᠋ᠠᠨᠬᠠᠳᠠ ᠬᠤᠳᠠ ᠵᠢᠨ ᠠᠷᠤ ᠬᠤᠷᠴᠢᠨ ᠬᠤᠰᠢᠭᠤᠨ᠎ᠤ ᠬᠠᠷ᠎ᠠ ᠪᠠᠷᠰ ᠵᠢᠯ᠎ᠤᠨ ᠬᠠᠪᠤᠳᠤ ᠬᠠᠰᠠᠷ᠎ᠤᠨ ᠤᠪᠤᠭ᠋ᠠᠨ ᠲᠠᠬᠢᠯᠭ᠎ᠠ᠂ ᠪᠠᠶᠠᠠᠠᠦ᠋ᠨᠳᠤᠷ ᠰᠤᠮᠤᠨ᠎ᠤ ᠠᠷᠪᠠᠨ ᠲᠦᠷᠪᠡᠳᠤᠭᠡᠷ ᠤᠳᠠᠭ᠋ᠠᠨ᠎ᠤ ᠮᠠᠯᠴᠢᠨ ᠨᠠᠭ᠋ᠠᠳᠤᠮ ᠵᠢᠴᠢ ᠪᠦᠬᠦ ᠤᠷᠤᠨ᠎ᠤ ᠡᠨᠡ ᠵᠢᠯ᠎ᠤᠨ ᠲᠦᠷᠪᠡᠳᠤᠭᠡᠷ ᠲᠠᠯᠠᠪᠠᠢ ᠮᠤᠩᠭᠤᠯ ᠪᠦᠬᠡ ᠵᠢᠨ ᠴᠦᠷᠬᠡᠯᠡᠭᠡ ᠪᠠᠷᠢᠯᠳᠤᠭ᠋ᠠᠨ᠎ᠢ ᠠᠷᠤ ᠬᠤᠷᠴᠢᠨ ᠬᠤᠰᠢᠭᠤᠨ᠎ᠤ ᠪᠠᠶᠠᠠᠠᠦ᠋ᠨᠳᠤᠷ ᠰᠤᠮᠤᠨ᠎ᠤ ᠲᠠᠷᠬᠠᠨ ᠭᠠᠴᠠᠭ᠎ᠠ ᠵᠢᠨ ᠤᠪᠤᠭ᠋ᠠᠨ ᠪᠤᠯᠠᠭ᠎ᠤᠨ ᠲᠠᠯ᠎ᠠ᠂ ᠬᠠᠬᠢᠷ᠎ᠤᠨ ᠭᠤᠤᠯ᠎ᠤᠨ ᠲᠤᠷᠭ᠋ᠠᠨ ᠨᠤᠭᠤᠭ᠋ᠠᠨ ᠲᠡᠨᠵᠢᠨ ᠲᠡᠭᠡᠷ᠎ᠡ ᠨᠢᠵᠢᠭᠡᠷ ᠰᠠᠢ᠌ᠬᠠᠨ ᠬᠢᠯ᠎ᠡ᠃ ᠲᠤᠰ ᠤᠳᠠᠭ᠋ᠠᠨ᠎ᠤ ᠨᠠᠢ᠌ᠷ᠎ᠲᠤ 《ᠮᠤᠩᠭᠤᠯ ᠦᠨᠳᠤᠰᠤᠳᠡᠨ᠎ᠤ ᠴᠠᠭ᠋ᠠᠨ ᠢᠳᠡᠭᠡ ᠵᠢᠨ ᠦᠵᠡᠭᠦᠯᠦᠯᠭᠡ》᠎ᠢ ᠡᠷᠬᠢᠯᠡᠨ ᠶᠠᠪᠤᠭᠳᠠᠭᠤᠯᠤᠭᠰᠠᠨ ᠪᠦᠭᠡᠳ ᠪᠠᠰᠠ ᠰᠤᠷ ᠬᠠᠷᠪᠤᠯᠳᠠ᠂ ᠨᠠᠢ᠍ᠮᠠᠨ ᠲᠦᠷᠦᠯ᠎ᠤᠨ ᠮᠤᠷᠢᠨ ᠤᠷᠤᠯᠳᠤᠭ᠋ᠠᠨ᠂ 512 ᠪᠦᠬᠡ ᠵᠢᠨ ᠪᠠᠷᠢᠯᠳᠤᠭ᠋ᠠᠨ ᠵᠡᠷᠭᠡ ᠨᠠᠭ᠋ᠠᠳᠤᠮ᠎ᠤᠨ ᠠᠭᠤᠯᠭ᠎ᠠ᠎ᠪᠠᠷ ᠶᠠᠪᠤᠭᠳᠠᠭᠤᠯᠵᠠᠢ᠃ ᠬᠦᠴᠦᠳᠤ ᠪᠦᠬᠡ ᠵᠢᠨ ᠪᠠᠷᠢᠯᠳᠤᠭ᠋ᠠᠨ ᠳᠤ ᠠᠷᠤ ᠬᠤᠷᠴᠢᠨ ᠬᠤᠰᠢᠭᠤᠨ᠎ᠤ ᠮᠦᠩᠬᠡᠳᠦ᠋ᠭᠦᠷᠡᠩ ᠲᠡᠷᠢᠭᠦᠯᠡᠵᠦ ᠲᠠᠪᠤᠨ ᠬᠤᠰᠢᠭᠤ ᠮᠠᠯ ᠵᠶ᠋ᠠᠷ ᠱᠠᠩᠨᠠᠭᠳᠠᠵᠦ᠂ ᠰᠦᠨᠢᠳ ᠵᠡᠭᠦᠨ ᠬᠤᠰᠢᠭᠤᠨ᠎ᠤ ᠰᠢᠯᠤᠭᠤᠨ ᠲᠡᠳ᠋ᠯᠡᠵᠦ᠂ ᠠᠷᠠᠳ᠎ᠤᠨ ᠵᠤᠭᠤᠰ 2 ᠲᠦᠮᠡᠨ ᠲᠦᠭᠦᠷᠢᠭ ᠵᠶ᠋ᠠᠷ ᠱᠠᠩᠨᠠᠭᠳᠠᠵᠦ᠂ ᠰᠢᠯᠤᠭᠤᠨ ᠬᠦᠬᠡ ᠬᠤᠰᠢᠭᠤᠨ᠎ᠤ ᠪᠠᠶᠠᠯᠢᠭ ᠭᠤᠷᠪᠠᠳᠤᠭ᠋ᠠᠷ᠎ᠲᠤ᠂ ᠠᠷᠤ ᠬᠤᠷᠴᠢᠨ ᠬᠤᠰᠢᠭᠤᠨ᠎ᠤ ᠨᠠᠴᠢᠨ ᠲᠦᠷᠪᠠᠳᠤᠭᠡᠷ᠎ᠲᠤ ᠲᠤᠳᠤᠷᠠᠵᠤ ᠲᠤᠰ ᠪᠦᠷᠢ ᠠᠷᠠᠳ᠎ᠤᠨ ᠵᠤᠭᠤᠰ ᠲᠦᠮᠡᠨ ᠲᠦᠭᠦᠷᠢᠭ ᠵᠶ᠋ᠠᠷ ᠱᠠᠩᠨᠠᠭᠳᠠᠪᠠ᠃ ᠰᠢᠨ᠎ᠡ ᠪᠠᠷᠭᠤ ᠪᠠᠷᠠᠭᠤᠨ ᠬᠤᠰᠢᠭᠤᠨ᠎ᠤ ᠰᠸᠩᠭᠡᠭ᠋ᠠᠷᠪᠤᠤ ᠲᠠᠪᠤᠳᠤᠭ᠋ᠠᠷ᠎ᠲᠤ᠂ ᠬᠡᠰᠢᠭᠳᠡᠨ ᠬᠤᠰᠢᠭᠤᠨ᠎ᠤ ᠬᠢᠯᠪᠠᠭ᠎ᠠ ᠵᠢᠷᠭᠤᠳᠤᠭ᠋ᠠᠷ᠎ᠲᠤ᠂ ᠠᠷᠤ ᠬᠤᠷᠴᠢᠨ ᠬᠤᠰᠢᠭᠤᠨ᠎ᠤ ᠡᠷᠬᠢᠮᠪᠡᠳᠤ ᠲᠤᠯᠤᠳᠤᠭ᠋ᠠᠷ᠎ᠲᠤ᠂ ᠵᠡᠭᠦᠨ ᠦᠵᠦᠮᠦᠴᠢᠨ ᠬᠤᠰᠢᠭᠤᠨ᠎ᠤ ᠡᠷᠬᠢᠮᠰᠦ᠋ᠯᠳᠡ ᠨᠠᠢ᠍ᠮᠠᠳᠤᠭ᠋ᠠᠷ᠎ᠲᠤ ᠲᠤᠳᠤᠷᠠᠵᠦ᠂ ᠲᠤᠰ ᠪᠦᠷᠢ 5000 ᠲᠦᠭᠦᠷᠢᠭ ᠵᠶ᠋ᠠᠷ ᠱᠠᠩᠨᠠᠭᠳᠠᠪᠠ᠃
ᠮᠦᠩᠬᠡᠳᠦ᠋ᠭᠦᠷᠡᠩ ᠡᠨᠡ ᠵᠢᠯ᠎ᠤᠨ ᠪᠦᠬᠦ ᠤᠷᠤᠨ᠎ᠤ ᠨᠢᠭᠡᠳᠤᠭᠡᠷ ᠲᠠᠯᠠᠪᠠᠢ ᠴᠦᠷᠬᠡᠯᠡᠭᠡ ᠪᠠᠷᠢᠯᠳᠤᠭ᠋ᠠᠨ᠎ᠳᠤ ᠤᠷᠤᠯᠴᠠᠭᠰᠠᠨ ᠦᠬᠡᠢ᠂ ᠰᠢᠨ᠎ᠡ ᠪᠠᠷᠭᠤ ᠪᠠᠷᠠᠭᠤᠨ ᠬᠤᠰᠢᠭᠤᠨ᠎ᠳᠤ ᠡᠷᠬᠢᠯᠡᠭᠰᠡᠨ ᠬᠤᠶᠠᠳᠤᠭ᠋ᠠᠷ ᠲᠠᠯᠠᠪᠠᠢ ᠤᠷᠤᠯᠳᠤᠭ᠋ᠠᠨ᠎ᠳᠤ ᠲᠡᠳ᠋ᠯᠡᠵᠦ᠂ ᠤᠩᠨᠢᠭᠤᠳ ᠬᠤᠰᠢᠭᠤᠨ᠎ᠳᠤ ᠪᠤᠯᠤᠭᠰᠠᠨ ᠭᠤᠷᠪᠠᠳᠤᠭ᠋ᠠᠷ ᠲᠠᠯᠠᠪᠠᠢ ᠤᠷᠤᠯᠳᠤᠭ᠋ᠠᠨ᠎ᠳᠤ ᠲᠡᠷᠢᠭᠦᠯᠡᠵᠦ᠂ ᠶᠡᠷᠦᠩᠬᠡᠢ ᠬᠤᠪᠢ᠎ᠪᠠᠷ ᠪᠦᠬᠦ ᠤᠷᠤᠨ᠎ᠳᠤ ᠭᠤᠷᠪᠠᠳᠤᠭ᠋ᠠᠷ᠎ᠲᠤ ᠵᠢᠭᠰᠠᠭ᠋ᠠᠭᠳᠠᠵᠦ᠂ ᠠᠷᠤ ᠬᠤᠷᠴᠢᠨ ᠬᠤᠰᠢᠭᠤᠨ᠎ᠤ ᠪᠠᠶᠠᠠᠠᠦ᠋ᠨᠳᠦᠷ ᠰᠤᠮᠤᠨ᠎ᠳᠤ ᠪᠤᠯᠤᠭᠰᠠᠨ ᠲᠦᠷᠪᠡᠳᠤᠭᠡᠷ ᠲᠠᠯᠠᠪᠠᠢ ᠤᠷᠤᠯᠳᠤᠭ᠋ᠠᠨ᠎ᠳᠤ ᠮᠦᠨᠴᠦ ᠲᠡᠷᠢᠭᠦᠯᠡᠵᠦ᠂ ᠲᠠᠪᠤᠨ ᠬᠤᠰᠢᠭᠤ ᠮᠠᠯ ᠵᠶ᠋ᠠᠷ ᠱᠠᠩᠨᠠᠭᠳᠠᠨ᠂ ᠲᠤᠯᠤᠳᠡᠬᠢ ᠤᠳᠠᠭ᠎ᠠ 512 ᠪᠦᠬᠡ ᠵᠢᠨ ᠮᠠᠩᠯᠠᠢ ᠪᠣᠯᠵᠤ᠂ ᠲᠤᠰ ᠤᠳᠠᠭ᠎ᠠ᠎ᠪᠠᠷ ᠮᠦᠩᠬᠡᠳᠦ᠋ᠭᠦᠷᠡᠩ᠎ᠤᠨ ᠶᠡᠷᠤᠩᠬᠡᠢ ᠬᠤᠪᠢ ᠲᠡᠭᠡᠭᠰᠢᠯᠡᠵᠦ᠂ 26 ᠶᠡᠷᠦᠩᠭᠡᠢ ᠬᠤᠪᠢ᠎ᠪᠠᠷ ᠴᠦᠷᠬᠡᠯᠡᠭᠡ ᠤᠷᠤᠯᠳᠤᠭ᠋ᠠᠨ᠎ᠤ ᠲᠡᠷᠢᠭᠦᠨ᠎ᠳᠤ ᠵᠢᠭᠰᠠᠭ᠋ᠠᠭᠳᠠᠵᠠᠢ᠃
ᠠᠷᠤ ᠬᠤᠷᠴᠢᠨ ᠬᠤᠰᠢᠭᠤᠨ᠎ᠤ ᠮᠦᠩᠬᠡᠳᠦ᠋ᠭᠦᠷᠡᠩ ᠪᠤᠯ ᠬᠤᠰᠢᠭᠤ ᠨᠤᠳᠤᠭ ᠴᠢᠨᠠᠭᠰᠢᠯᠠᠨ ᠤᠷᠤᠨ ᠬᠤᠳᠠ ᠵᠢᠨ ᠵᠢᠠᠨ ᠨᠡᠷ᠎ᠡ ᠠᠯᠳᠠᠷ᠎ᠢ ᠲᠠᠶᠠᠭ᠋ᠠᠷ ᠤᠯᠠᠨ᠎ᠳᠤ ᠮᠠᠨᠳᠤᠭᠤᠯᠤᠨ ᠶᠠᠪᠤᠭ᠎ᠠ ᠮᠠᠭᠳᠠᠭ᠋ᠠᠯ᠎ᠲᠠᠢ ᠰᠠᠢ᠌ᠬᠠᠨ ᠰᠤᠳᠤᠨ ᠪᠦᠬᠡ ᠶᠤᠮ᠃ ᠪᠦᠬᠡᠴᠢᠨ ᠵᠠᠯᠠᠭᠤ ᠵᠢᠨ ᠵᠢᠠᠨ ᠨᠡᠷ᠎ᠡ᠎ᠳᠡᠭᠡᠨ ᠠᠳᠠᠯᠢ ᠮᠦᠩᠭᠡᠳᠡ ᠳᠦᠭᠦᠷᠡᠩ ᠠᠮᠵᠢᠯᠳᠠ᠎ᠲᠠᠢ᠂ ᠬᠡᠢ᠌ᠮᠦᠷᠢᠯᠢᠭ ᠵᠢᠪᠬᠤᠭ᠎ᠠ᠎ᠲᠠᠢ ᠶᠠᠪᠤᠬᠤ ᠵᠢ ᠢᠷᠦᠭᠡᠨ ᠵᠦᠩᠨᠡᠶ᠎ᠡ!
2022 ᠤᠨ᠎ᠤ 8 ᠰᠠᠷ᠎ᠠ ᠵᠢᠨ 20᠎ᠤ ᠡᠳᠤᠷ ᠬᠦᠬᠡᠬᠤᠳᠠᠨ᠎ᠠ