ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠰᠤᠷᠪᠤᠯᠵᠢᠯᠠᠭ᠎ᠠ
ᠪᠥᠬᠥ ᠤᠯᠤᠰ᠎ᠤᠨ ᠤᠯᠤᠰ ᠲᠥᠷᠥ ᠵᠢᠨ ᠵᠥᠪᠯᠡᠯᠭᠡᠨ᠎ᠤ ᠭᠡᠰᠢᠭᠦᠨ ᠰᠢᠦᠢ ᠢᠦᠢ ᠬᠤᠸᠠ᠄ ᠪᠡᠶ᠎ᠡ ᠵᠢᠨ ᠲᠠᠮᠢᠷ ᠰᠤᠷᠭ᠋ᠠᠨ ᠬᠥᠮᠦᠵᠢᠯ᠎ᠤᠨ ᠴᠢᠳᠠᠪᠤᠷᠢᠲᠠᠨ᠎ᠤ ᠰᠢᠯᠵᠢᠯᠲᠡ ᠵᠢᠨ ᠲᠣᠭᠲᠠᠴᠠ ᠵᠢ ᠤᠯᠠᠮ ᠨᠢᠭᠡ ᠲᠡᠭᠦᠯᠳᠡᠷᠵᠢᠭᠦᠯᠬᠦ ᠵᠢ ᠬᠦᠰᠡᠵᠦ ᠪᠠᠢ᠌ᠨ᠎ᠡ
ᠨᠡᠶ᠋ᠢᠲᠡᠯᠡᠭᠰᠡᠨ ᠴᠠᠭ᠄ 2023-03-15

    ᠪᠥᠬᠥ ᠤᠯᠤᠰ᠎ᠤᠨ ᠤᠯᠤᠰ ᠲᠥᠷᠥ ᠵᠢᠨ ᠵᠥᠪᠯᠡᠯᠭᠡᠨ᠎ᠤ ᠭᠡᠰᠢᠭᠦᠨ᠂ ᠤᠯᠤᠰ᠎ᠤᠨ ᠪᠡᠶ᠎ᠡ ᠵᠢᠨ ᠲᠠᠮᠢᠷ᠎ᠤᠨ ᠶᠡᠷᠦᠩᠬᠡᠢ ᠲᠣᠪᠴᠢᠶ᠎ᠠ ᠵᠢᠨ ᠰᠢᠲᠠᠷ᠎ᠠ ᠬᠦᠵᠦᠷ᠎ᠤᠨ ᠬᠥᠳᠡᠯᠭᠡᠭᠡᠨ᠎ᠤ ᠬᠠᠮᠢᠶᠠᠷᠤᠯᠲᠠ ᠵᠢᠨ ᠲᠥᠪ᠎ᠤᠨ ᠣᠯᠠᠨ ᠤᠯᠤᠰ᠎ᠤᠨ ᠰᠢᠲᠠᠷ᠎ᠠ ᠵᠢᠨ ᠬᠡᠯᠲᠡᠰ᠎ᠤᠨ ᠳᠡᠳ᠋ ᠡᠷᠬᠢᠯᠡᠭᠴᠢ ᠰᠢᠦᠢ ᠢᠦᠢ ᠬᠤᠸᠠ ᠣᠢ᠌ᠷ᠎ᠠ ᠵᠢᠨ ᠵᠢᠯ᠎ᠳᠤ ᠠᠵᠢᠯ᠎ᠠᠴᠠ᠎ᠪᠠᠨ ᠬᠠᠯᠠᠭᠳᠠᠭᠰᠠᠨ ᠲᠠᠮᠢᠷᠴᠢᠳ᠎ᠲᠤ ᠠᠵᠢᠯ ᠣᠯᠭᠣᠵᠤ ᠲᠥᠪᠬᠢᠨᠡᠭᠦᠯᠬᠦ ᠵᠢᠴᠢ ᠲᠥᠷᠥᠯ ᠵᠦᠢ᠍ᠯ᠎ᠤᠨ ᠬᠥᠭᠵᠢᠯᠲᠡ ᠵᠢᠨ ᠪᠤᠭᠤᠭᠳᠠᠯ᠎ᠤᠨ ᠲᠤᠬᠠᠢ ᠠᠩᠬᠠᠷᠤᠭᠰᠠᠭ᠋ᠠᠷ ᠢᠷᠡᠵᠡᠢ᠃ ᠭᠦᠨᠵᠡᠭᠡᠢ ᠪᠠᠢ᠌ᠴᠠᠭ᠋ᠠᠨ ᠰᠤᠳᠤᠯᠤᠯᠲᠠ ᠬᠢᠭᠰᠡᠨ ᠰᠠᠭᠤᠷᠢᠨ ᠳᠡᠭᠡᠷ᠎ᠡ᠂ ᠲᠡᠷᠡ ᠪᠦᠬᠦ ᠤᠯᠤᠰ᠎ᠤᠨ ᠤᠯᠤᠰ ᠲᠦᠷᠦ ᠵᠢᠨ ᠵᠥᠪᠯᠡᠯᠭᠡᠨ᠎ᠤ ᠠᠷᠪᠠᠨ ᠳᠥᠷᠪᠡᠳᠦᠭᠡᠷ ᠬᠤᠭᠤᠴᠠᠭ᠋ᠠᠨ᠎ᠤ ᠠᠩᠬᠠᠳᠤᠭ᠋ᠠᠷ ᠬᠤᠷᠠᠯ ᠳᠡᠭᠡᠷ᠎ᠡ ᠰᠢᠲᠠᠷ᠎ᠠ ᠬᠦᠵᠦᠷ᠎ᠤᠨ ᠲᠦᠷᠦᠯ ᠵᠦᠢ᠍ᠯ ᠪᠣᠯᠣᠨ ᠶᠡᠬᠡ ᠳᠡᠭᠡᠳᠦ ᠰᠤᠷᠭ᠋ᠠᠭᠤᠯᠢ ᠵᠢᠨ ᠪᠡᠶ᠎ᠡ ᠵᠢᠨ ᠲᠠᠮᠢᠷ ᠰᠤᠷᠭ᠋ᠠᠨ ᠬᠥᠮᠦᠵᠢᠯ᠎ᠤᠨ ᠠᠭᠤᠰᠤᠯᠴᠠᠯ᠎ᠤᠨ ᠭᠦᠨᠵᠡᠭᠡᠢ ᠬᠥᠭᠵᠢᠯᠲᠡ ᠵᠢ ᠠᠬᠢᠭᠤᠯᠬᠤ ᠲᠤᠬᠠᠢ ᠰᠠᠨᠠᠯ ᠳᠤᠷᠠᠳᠤᠯᠭ᠎ᠠ ᠵᠢ ᠳᠡᠪᠰᠢᠭᠦᠯᠵᠡᠢ᠃ ᠰᠢᠦᠢ ᠢᠦᠢ ᠬᠤᠸᠠ ᠢᠯᠡᠷᠬᠡᠢ᠌ᠯᠡᠬᠦ ᠎ᠳᠡᠭᠡᠨ᠄       《ᠰᠢᠲᠠᠷ᠎ᠠ ᠬᠦᠵᠦᠷ᠎ᠤᠨ ᠲᠥᠷᠥᠯ ᠵᠦᠢ᠍ᠯ ᠬᠢᠭᠡᠳ ᠰᠤᠷᠭ᠋ᠠᠨ ᠬᠥᠮᠦᠵᠢᠯ᠎ᠤᠨ ᠰᠠᠯᠠᠭ᠎ᠠ ᠮᠥᠴᠢᠷ᠎ᠤᠨ ᠬᠤᠯᠪᠤᠭ᠋ᠠᠯᠠᠯ ᠵᠶ᠋ᠠᠷ ᠳᠠᠮᠵᠢᠭᠤᠯᠤᠨ᠂ ᠪᠡᠶ᠎ᠡ ᠵᠢᠨ ᠲᠠᠮᠢᠷ ᠪᠠ ᠰᠤᠷᠭ᠋ᠠᠨ ᠬᠥᠮᠦᠵᠢᠯ᠎ᠤᠨ ᠠᠭᠤᠰᠤᠯᠴᠠᠯ᠎ᠤᠨ ᠭᠦᠨᠵᠡᠭᠡᠢ ᠬᠥᠭᠵᠢᠯᠲᠡ ᠵᠢ ᠤᠯᠠᠮ ᠨᠢᠭᠡ ᠠᠯᠬᠤᠮ ᠠᠬᠢᠭᠤᠯᠬᠤ ᠵᠢᠨ ᠬᠠᠮᠲᠤ ᠰᠢᠲᠠᠷ᠎ᠠ ᠬᠦᠵᠦᠷ᠎ᠤᠨ ᠲᠥᠷᠥᠯ ᠵᠦᠢ᠍ᠯ᠎ᠤᠨ ᠬᠥᠭᠵᠢᠯᠲᠡ ᠵᠢ ᠳᠠᠢ᠌ᠴᠢᠯᠠᠬᠤ ᠵᠢ ᠬᠦᠰᠡᠵᠦ ᠪᠠᠢ᠌ᠨ᠎ᠠ》 ᠭᠡᠵᠡᠢ᠃
    ᠮᠠᠨ᠎ᠤ ᠤᠯᠤᠰ᠎ᠤᠨ ᠣᠯᠠᠨ ᠤᠯᠤᠰ᠎ᠤᠨ ᠰᠢᠲᠠᠷ᠎ᠠ ᠵᠢᠨ   ᠰᠢᠯᠭ᠋ᠠᠷᠠᠭᠰᠠᠨ ᠴᠢᠳᠠᠪᠤᠷᠢᠲᠠᠨ᠎ᠤ ᠦᠰᠦᠨ ᠪᠣᠶ᠋ᠢᠵᠢᠯᠲᠠ ᠵᠢᠨ ᠰᠣᠩᠭᠣᠯᠲᠠ ᠪᠠ ᠦᠰᠦᠨ ᠪᠣᠶ᠋ᠢᠵᠢᠯᠲᠠ ᠵᠢᠨ ᠵᠠᠮ᠎ᠠᠴᠠ ᠠᠪᠴᠤ ᠦᠵᠡᠪᠡᠯ᠂ ᠨᠢᠭᠡᠳᠦᠭᠡᠷ ᠹᠷᠣᠨᠲ᠎ᠤᠨ ᠰᠢᠲᠠᠷᠠᠴᠢᠨ ᠠᠵᠢᠯ ᠮᠡᠷᠭᠡᠵᠢᠯ᠎ᠤᠨ ᠣᠷᠭᠢᠯ᠎ᠤᠨ ᠬᠤᠭᠤᠴᠠᠭ᠋ᠠᠨ᠎ᠳᠠᠭᠠᠨ ᠶᠡᠬᠡ ᠳᠡᠭᠡᠳᠦ ᠰᠤᠷᠭ᠋ᠠᠭᠤᠯᠢ᠎ᠳᠤ ᠣᠷᠣᠵᠤ ᠰᠤᠷᠤᠯᠴᠠᠬᠤ᠎ᠨᠢ ᠨᠢᠭᠡᠨᠲᠡ ᠲᠦᠭᠡᠮᠡᠯ ᠦᠵᠡᠭᠳᠡᠯ ᠪᠣᠯᠵᠤ᠂ ᠶᠡᠬᠡ ᠳᠡᠭᠡᠳᠦ ᠰᠤᠷᠭ᠋ᠠᠭᠤᠯᠢ ᠵᠢᠨ ᠰᠤᠷᠭ᠋ᠠᠨ ᠬᠥᠮᠦᠵᠢᠯ᠎ᠨᠢ ᠰᠣᠩᠭᠣᠵᠤ ᠪᠣᠯᠬᠤ ᠵᠦᠢ᠍ᠯ᠎ᠠᠴᠠ᠎ᠪᠠᠨ ᠡᠩ᠎ᠤᠨ ᠵᠦᠢ᠍ᠯ ᠪᠣᠯᠤᠭᠰᠠᠨ ᠪᠠᠢ᠌ᠨ᠎ᠠ᠃ ᠾᠧᠦ ᠢ ᠹᠠᠨ᠂ ᠳ᠋ᠢᠩ ᠯᠢ ᠷᠧᠨ ᠵᠡᠷᠭᠡ ᠣᠷᠣᠢ᠌ᠯᠠᠭᠰᠠᠨ ᠰᠢᠲᠠᠷᠠᠴᠢᠨ ᠶᠡᠬᠡ ᠰᠤᠷᠭ᠋ᠠᠭᠤᠯᠢ ᠵᠢᠨ ᠬᠤᠭᠤᠴᠠᠭ᠋ᠠᠨ᠎ᠳᠤ᠂ ᠴᠢᠨᠠᠭᠰᠢᠯᠠᠪᠠᠯ ᠶᠡᠬᠡ ᠰᠤᠷᠭ᠋ᠠᠭᠤᠯᠢ᠎ᠪᠠᠨ ᠲᠡᠭᠦᠰᠦᠭᠰᠡᠨ᠎ᠤ ᠳᠠᠷᠠᠭ᠎ᠠ ᠪᠦᠷ ᠦᠷᠭᠦᠯᠵᠢᠯᠡᠨ ᠠᠵᠢᠯ ᠮᠡᠷᠭᠡᠵᠢᠯ᠎ᠤᠨ ᠲᠠᠯ᠎ᠠ᠎ᠪᠠᠷ ᠴᠢᠬᠤᠯᠠ ᠶᠡᠬᠡ ᠰᠢᠪᠲᠤᠯᠤᠯᠲᠠ᠎ᠲᠠᠢ ᠪᠣᠯᠤᠭᠰᠠᠨ ᠪᠠᠢ᠌ᠨ᠎ᠠ᠃
      ᠰᠢᠤᠢ ᠢᠤᠢ ᠬᠤᠸᠠ ᠣᠳᠣᠬᠠᠨ᠎ᠤ ᠮᠠᠨ᠎ᠤ ᠤᠯᠤᠰ᠎ᠤᠨ ᠶᠡᠬᠡ ᠳᠡᠭᠡᠳᠦ ᠰᠤᠷᠭ᠋ᠠᠭᠤᠯᠢ ᠵᠢᠨ ᠣᠯᠠᠨ ᠤᠯᠤᠰ᠎ᠤᠨ ᠰᠢᠲᠠᠷ᠎ᠠ ᠵᠢᠨ ᠥᠨᠳᠥᠷ ᠬᠢᠷᠢ ᠲᠦᠪᠰᠢᠨ᠎ᠲᠠᠢ ᠲᠠᠮᠢᠷ᠎ᠤᠨ ᠠᠩᠭᠢ ᠵᠢᠨ ᠪᠦᠲᠦᠭᠡᠨ ᠪᠠᠢ᠌ᠭᠤᠯᠤᠯᠲᠠ ᠵᠢᠨ ᠪᠠᠢ᠌ᠳᠠᠯ ᠵᠢᠴᠢ ᠬᠥᠭᠵᠢᠯᠲᠡ ᠵᠢᠨ ᠣᠷᠣᠨ ᠵᠠᠢ ᠵᠢᠨ ᠲᠤᠬᠠᠢ ᠬᠡᠯᠡᠬᠦ᠎ᠳᠡᠭᠡᠨ᠄ 《ᠳᠡᠭᠡᠷ᠎ᠡ ᠵᠠᠭᠤᠨ᠎ᠤ ᠶᠡᠷᠡᠭᠡᠳ ᠣᠨ᠎ᠤ ᠦᠶ᠎ᠡ᠎ᠳᠤ᠂ ᠣᠯᠠᠨ ᠤᠯᠤᠰ᠎ᠤᠨ ᠣᠨᠴᠠ ᠲᠠᠰ᠎ᠤᠨ ᠡᠮᠡᠭᠲᠡᠢ ᠶᠡᠬᠡ ᠪᠠᠭᠰᠢ ᠴᠢᠨ ᠺᠠᠨ ᠶᠢᠩ᠂ ᠸᠠᠩ ᠫᠢᠨ᠂ ᠸᠠᠩ ᠯᠧᠢ ᠨᠡᠷ ᠱᠠᠩᠬᠠᠢ ᠵᠢᠨ ᠡᠳ᠋᠎ᠤᠨ ᠵᠠᠰᠠᠭ ᠠᠵᠤ ᠠᠬᠤᠢ ᠵᠢᠨ ᠶᠡᠬᠡ ᠰᠤᠷᠭ᠋ᠠᠭᠤᠯᠢ᠎ᠳᠤ ᠪᠠᠲᠤᠯᠠᠨ ᠬᠦᠷᠭᠡᠭᠳᠡᠭᠰᠡᠨ᠎ᠤ ᠳᠠᠷᠠᠭ᠎ᠠ᠂ ᠱᠠᠩᠬᠠᠢ ᠵᠢᠨ ᠡᠳ᠋᠎ᠤᠨ ᠵᠠᠰᠠᠭ ᠠᠵᠤ ᠠᠬᠤᠢ ᠵᠢᠨ ᠶᠡᠬᠡ ᠰᠤᠷᠭ᠋ᠠᠭᠤᠯᠢ ᠬᠠᠮᠤᠭ᠎ᠤᠨ ᠡᠷᠲᠡ ᠳᠡᠭᠡᠳᠦ ᠰᠤᠷᠭ᠋ᠠᠭᠤᠯᠢ ᠵᠢᠨ ᠣᠯᠠᠨ ᠤᠯᠤᠰ᠎ᠤᠨ ᠰᠢᠲᠠᠷ᠎ᠠ ᠵᠢᠨ ᠥᠨᠳᠥᠷ ᠬᠢᠷᠢ ᠲᠦᠪᠰᠢᠨ᠎ᠤ ᠲᠠᠮᠢᠷ᠎ᠤᠨ ᠠᠩᠭᠢ ᠵᠢ ᠪᠠᠢ᠌ᠭᠤᠯᠵᠤ᠂ ᠣᠲᠣ ᠪᠣᠯᠲᠠᠯ᠎ᠠ ᠨᠢᠭᠡᠨᠲᠡ ᠵᠠᠭᠤ ᠭᠠᠷᠤᠢ ᠣᠯᠠᠨ ᠤᠯᠤᠰ᠎ᠤᠨ ᠰᠢᠲᠠᠷ᠎ᠠ ᠵᠢᠨ ᠣᠨᠴᠠ ᠴᠢᠳᠠᠪᠤᠷᠢᠲᠠᠢ ᠰᠣᠷᠣᠭᠴᠢ ᠵᠢ ᠡᠯᠰᠡᠭᠰᠡᠨ ᠪᠥᠭᠡᠳ ᠣᠯᠠᠨ ᠤᠳᠠᠭ᠎ᠠ ᠳᠡᠯᠡᠬᠡᠢ ᠵᠢᠨ ᠣᠶᠤᠲᠠᠳ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠤ ᠪᠦᠯᠬᠦᠮ ᠪᠠ ᠬᠤᠪᠢ ᠬᠥᠮᠥᠨ᠎ᠤ ᠮᠠᠩᠯᠠᠢ᠎ᠳᠤ ᠰᠢᠯᠭ᠋ᠠᠷᠠᠵᠠᠢ᠃ ᠡᠭᠦᠨ᠎ᠠᠴᠠ ᠰᠡᠭᠦᠯᠡᠷ ᠪᠡᠭᠡᠵᠢᠩ ᠶᠡᠬᠡ ᠰᠤᠷᠭ᠋ᠠᠭᠤᠯᠢ᠂ ᠴᠢᠩᠬᠤᠸᠠ ᠶᠡᠬᠡ ᠰᠤᠷᠭ᠋ᠠᠭᠤᠯᠢ᠂ ᠨᠠᠨᠺᠠᠢ ᠶᠡᠬᠡ ᠰᠤᠷᠭ᠋ᠠᠭᠤᠯᠢ᠎ᠳᠤ ᠪᠦᠷ ᠥᠨᠳᠥᠷ ᠬᠢᠷᠢ ᠲᠦᠪᠰᠢᠨ᠎ᠲᠠᠢ ᠲᠤᠰᠬᠠᠢ ᠮᠡᠷᠭᠡᠵᠢᠯ᠎ᠤᠨ ᠰᠢᠲᠠᠷᠠᠴᠢᠨ ᠰᠤᠷᠤᠯᠴᠠᠵᠤ᠂ ᠪᠠᠰᠠ ᠰᠤᠷᠭ᠋ᠠᠭᠤᠯᠢ ᠵᠢᠨ ᠣᠯᠠᠨ ᠤᠯᠤᠰ᠎ᠤᠨ ᠰᠢᠲᠠᠷ᠎ᠠ ᠵᠢᠨ ᠠᠩᠭᠢ ᠵᠢ ᠪᠠᠢ᠌ᠭᠤᠯᠵᠠᠢ᠃ 2020 ᠣᠨ᠎ᠳᠤ ᠾᠧᠦ ᠢ ᠹᠠᠨ ᠱᠧᠨᠵᠧᠨ ᠶᠡᠬᠡ ᠰᠤᠷᠭ᠋ᠠᠭᠤᠯᠢ᠎ᠳᠤ ᠤᠷᠢᠭᠳᠠᠨ ᠶᠡᠬᠡ ᠰᠤᠷᠭ᠋ᠠᠭᠤᠯᠢ ᠵᠢᠨ ᠫᠷᠦᠹᠸᠰᠰᠤᠷ ᠪᠣᠯᠵᠤ᠂ ᠶᠡᠬᠡ ᠳᠡᠭᠡᠳᠦ ᠰᠤᠷᠭ᠋ᠠᠭᠤᠯᠢ᠎ᠳᠤ ᠤᠯᠠᠨ ᠤᠯᠤᠰ᠎ᠤᠨ ᠰᠢᠲᠠᠷ᠎ᠠ ᠵᠢᠨ ᠬᠢᠴᠢᠶᠡᠯ ᠣᠷᠣᠵᠤ᠂ ᠤᠯᠠᠨ ᠤᠯᠤᠰ᠎ᠤᠨ ᠰᠢᠲᠠᠷ᠎ᠠ ᠵᠢᠨ ᠬᠥᠭᠵᠢᠯᠲᠡ᠎ᠳᠤ ᠢᠳᠡᠪᠬᠢᠲᠡᠢ ᠠᠬᠢᠭᠤᠯᠬᠤ ᠦᠢ᠍ᠯᠡᠳᠦᠯ ᠦᠵᠡᠭᠦᠯᠵᠡᠢ》 ᠭᠡᠵᠦ ᠬᠡᠯᠡᠪᠡ᠃ ᠰᠢᠦᠢ ᠢᠦᠢ ᠬᠤᠸᠠ ᠢᠯᠡᠷᠬᠡᠢ᠌ᠯᠡᠬᠦ᠎ᠳᠡᠭᠡᠨ᠄ 《ᠳᠡᠭᠡᠳᠦ ᠰᠤᠷᠭ᠋ᠠᠭᠤᠯᠢ᠎ᠳᠤ ᠪᠡᠶ᠎ᠡ ᠵᠢᠨ ᠲᠠᠮᠢᠷ᠎ᠤᠨ ᠵᠦᠢ᠍ᠯᠡᠰ᠎ᠤᠨ ᠥᠨᠳᠥᠷ ᠬᠢᠷᠢ ᠲᠦᠪᠰᠢᠨ ᠵᠶ᠋ᠡᠷ ᠬᠥᠭᠵᠢᠬᠦ ᠵᠢ ᠲᠦᠯᠬᠢᠨ ᠠᠬᠢᠭᠤᠯᠬᠤ ᠵᠢᠨ ᠵᠠᠩᠭᠢᠯᠠᠭ᠎ᠠ᠎ᠨᠢ ᠪᠡᠶ᠎ᠡ ᠵᠢᠨ ᠲᠠᠮᠢᠷ᠎ᠤᠨ ᠰᠢᠯᠢᠳᠡᠭ ᠲᠤᠰᠬᠠᠢ ᠮᠡᠷᠭᠡᠵᠢᠯ᠎ᠤᠨ ᠪᠠᠭᠰᠢ ᠳᠡᠭᠡᠳᠦ ᠰᠤᠷᠭ᠋ᠠᠭᠤᠯᠢ᠎ᠳᠤ ᠣᠷᠣᠵᠤ ᠪᠠᠭᠰᠢᠯᠠᠬᠤ᠎ᠳᠤ ᠪᠣᠶ᠂ ᠴᠢᠳᠠᠪᠤᠷᠢᠲᠠᠨ ᠪᠣᠯ ᠬᠡᠵᠢᠶᠡᠳᠡ ᠭᠣᠣᠯᠳᠠᠯᠭ᠎ᠠ ᠪᠣᠯᠬᠤ ᠶᠤᠮ᠂ ᠣᠳᠣᠬᠠᠨ᠎ᠤ ᠪᠠᠢ᠌ᠳᠠᠯ᠎ᠠᠴᠠ ᠠᠪᠴᠤ ᠬᠡᠯᠡᠪᠡᠯ᠂ ᠳᠡᠭᠡᠳᠦ ᠰᠤᠷᠭ᠋ᠠᠭᠤᠯᠢ᠎ᠳᠤ ᠲᠤᠰᠬᠠᠢ ᠮᠡᠷᠭᠡᠵᠢᠯ᠎ᠤᠨ ᠪᠠᠭᠰᠢ ᠪᠣᠯᠬᠤ ᠬᠥᠮᠥᠨ᠎ᠤ ᠲᠣᠭ᠎ᠠ ᠪᠠᠰᠠ ᠮᠠᠰᠢ ᠬᠢᠵᠠᠭ᠋ᠠᠷᠲᠠᠢ ᠪᠠᠢ᠌ᠭᠰᠠᠭ᠋ᠠᠷ᠂ ᠢᠷᠡᠭᠡᠳᠦᠢ᠎ᠳᠤ ᠴᠢᠳᠠᠪᠤᠷᠢᠲᠠᠨ᠎ᠤ ᠰᠢᠯᠵᠢᠯᠲᠡ ᠵᠢᠨ ᠲᠣᠭᠲᠠᠴᠠ ᠵᠢ ᠨᠠᠩ ᠲᠡᠭᠦᠯᠳᠡᠷᠵᠢᠭᠦᠯᠬᠦ ᠵᠢ ᠬᠦᠰᠡᠵᠦ ᠪᠠᠢ᠌ᠨ᠎ᠠ》 ᠭᠡᠵᠡᠢ᠃

ᠢᠷᠡᠯᠲᠡ᠄ ᠲᠤᠮᠳᠠᠳᠦ ᠤᠯᠤᠰ᠎ᠤᠨ ᠪᠡᠶ᠎ᠡ ᠵᠢᠨ ᠲᠠᠮᠢᠷ᠎ᠤᠨ ᠰᠤᠨᠢᠨ
          
ᠬᠠᠮᠢᠶ᠎ᠡ ᠪᠦᠬᠦᠢ ᠰᠣᠨᠢᠨ
ᠪᠥᠬᠥ ᠤᠯᠤᠰ᠎ᠤᠨ ᠤᠯᠤᠰ ᠲᠥᠷᠥ ᠵᠢᠨ ᠵᠥᠪᠯᠡᠯᠭᠡᠨ᠎ᠤ ᠭᠡᠰᠢᠭᠦᠨ ᠸᠠᠩ ᠶᠦᠩ ᠹᠧᠩ᠄ ᠪᠡᠶ᠎ᠡ ᠵᠢᠨ ᠲᠠᠮᠢᠷ ᠪᠠ ᠰᠤᠷᠭ᠋ᠠᠨ ᠬᠥᠮᠦᠵᠢᠯ᠎ᠤᠨ ᠠᠭᠤᠰᠤᠯᠴᠠᠯ᠎ᠢ ᠭᠦᠨᠵᠡᠭᠡᠢ᠌ᠷᠡᠭᠦᠯᠵᠦ ᠣᠯᠢᠮᠫᠢᠺ᠎ᠤᠨ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠤ ᠰᠢᠨ᠎ᠡ᠎ᠪᠠᠷ ᠪᠤᠢ ᠪᠤᠯᠤᠭᠰᠠᠨ ᠲᠦᠷᠦᠯ ᠵᠦᠢ᠍ᠯ᠎ᠤᠨ ᠬᠦᠭᠵᠢᠯᠳᠡ ᠵᠢ ᠠᠬᠢᠭᠤᠯᠤᠨ᠎ᠡ
ᠪᠡᠶ᠎ᠡ ᠵᠢᠨ ᠲᠠᠮᠢᠷ᠎ᠤᠨ ᠶᠡᠷᠦᠩᠬᠡᠢ ᠲᠣᠪᠴᠢᠶ᠎ᠠ ᠵᠢᠨ ᠳᠠᠷᠤᠭ᠎ᠠ ᠭᠣᠸ᠋ ᡁᠢ ᠳ᠋ᠠᠨ᠄ ᠮᠥᠰᠥ ᠴᠠᠰᠤᠨ᠎ᠤ ᠲᠠᠮᠢᠷ᠎ᠤᠨ ᠬᠥᠳᠡᠯᠭᠡᠭᠡᠨ᠎ᠤ ᠬᠥᠭᠵᠢᠯᠲᠡ ᠵᠢ ᠤᠯᠠᠮ ᠨᠢᠭᠡ ᠠᠯᠬᠤᠮ ᠲᠦᠯᠬᠢᠨ ᠠᠬᠢᠭᠤᠯᠵᠤ᠂ 《ᠭᠤᠷᠪᠠᠨ ᠲᠣᠮᠣ ᠪᠥᠮᠪᠥᠭᠡ》 ᠵᠢ ᠬᠥᠭᠵᠢᠭᠦᠯᠦᠨ ᠮᠠᠨᠳᠤᠭᠤᠯᠬᠤ᠎ᠪᠠᠷ ᠡᠷᠡᠰ ᠵᠣᠷᠢᠭ ᠰᠢᠭᠤᠳᠴᠤ᠂ ᠪᠥᠬᠥ ᠠᠷᠠᠳ᠎ᠤᠨ ᠪᠡᠶ᠎ᠡ ᠴᠢᠬᠢᠷᠠᠭᠵᠢᠭᠤᠯᠬᠤ ᠪᠠ ᠵᠠᠯᠠᠭᠤᠴᠤᠳ ᠪᠠᠭ᠋ᠠᠴᠤᠳ᠎ᠤᠨ ᠪᠡᠶ᠎ᠡ ᠵᠢᠨ ᠲᠠᠮᠢᠷ᠎ᠢ ᠴᠢᠩᠭ᠋ᠠᠳᠬᠠᠨ᠎ᠠ
ᠲᠠᠯ᠎ᠠ ᠵᠢᠨ ᠭᠦᠨ᠎ᠳᠠᠬᠢ ᠬᠥᠯ ᠪᠥᠮᠪᠥᠭᠡ ᠵᠢᠨ ᠤᠷᠤᠯᠳᠤᠭ᠋ᠠᠨ
《ᠡᠵᠢ ᠡ᠂ ᠪᠦᠬᠡ ᠪᠠᠷᠢᠯᠳᠤᠶ᠎ᠡ!》
《ᠤᠷᠤᠯᠳᠤᠭ᠋ᠠᠨ᠎ᠳᠤ ᠤᠷᠤᠯᠴᠠᠭ᠋ᠠᠳ ᠤᠯᠠᠮ ᠢᠳᠡᠭᠡᠯ᠎ᠲᠠᠢ ᠪᠤᠯᠤᠯ᠎ᠠ!》
 
            