ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠰᠤᠷ ᠬᠠᠷᠪᠤᠯᠳᠠ
ᠨᠡᠶ᠋ᠢᠲᠡᠯᠡᠭᠰᠡᠨ ᠴᠠᠭ᠄ 2019-01-02

    ᠰᠤᠷ ᠬᠠᠷᠪᠤᠯᠲᠠ ᠪᠤᠯ 《ᠡᠷ᠎ᠡ ᠵᠢᠨ ᠭᠤᠷᠪᠠᠨ ᠨᠠᠭ᠋ᠠᠳᠤᠮ》᠎ᠤᠨ ᠨᠢᠭᠡᠨ ᠵᠦᠢ᠍ᠯ ᠮᠦᠨ᠃ ᠮᠤᠡᠭᠭᠤᠯ ᠦᠨᠳᠦᠰᠦᠲᠡᠨ ᠪᠤᠯ ᠲᠡᠯᠡᠬᠡᠢ ᠵᠢᠨ ᠤᠯᠠᠨ ᠦᠨᠳᠦᠰᠦᠲᠡᠨ᠎ᠤ ᠳᠤᠮᠳᠠ ᠨᠤᠮᠤ ᠰᠤᠮᠤ ᠵᠢ ᠬᠠᠮᠤᠬ᠎ᠤᠨ ᠡᠷᠳᠡ ᠦᠢ᠍ᠯᠡᠳᠴᠦ ᠬᠡᠷᠡᠭᠯᠡᠭᠰᠡᠨ ᠦᠨᠳᠦᠰᠦᠲᠡᠨ᠎ᠤ ᠨᠢᠭᠡ᠎ᠨᠢ ᠶᠤᠮ᠃ ᠲᠡᠷᠡ ᠪᠠᠷᠤᠬ ᠰᠢᠨ᠎ᠡ ᠴᠢᠯᠠᠭᠤᠨ ᠵᠡᠪᠰᠡᠭ᠎ᠤᠨ ᠦᠶ᠎ᠡ ᠵᠢᠨ ᠰᠡᠭᠦᠯᠴᠢ᠎ᠪᠠᠷ ᠨᠤᠮᠤ ᠰᠤᠮᠤ ᠵᠢ ᠡᠭᠦᠳᠦᠨ ᠪᠦᠳᠦᠭᠡᠵᠡᠢ᠃ ᠤᠨ ᠲᠤᠭ᠋ᠠᠯᠠᠯ᠎ᠤᠨ ᠡᠮᠦᠨ᠎ᠡ ᠵᠢᠷᠭᠤᠳᠤᠭ᠋ᠠᠷ ᠵᠠᠭᠤᠨ᠎ᠤ ᠦᠶ᠎ᠡ᠎ᠠᠴᠠ ᠮᠤᠡᠭᠭᠤᠯ᠎ᠤᠨ ᠦᠨᠳᠦᠷᠯᠢᠭ ᠲᠡᠭᠡᠷ᠎ᠡ ᠤᠷᠢᠳ ᠬᠤᠵᠢᠳ ᠠᠮᠢᠳᠤᠷᠠᠵᠦ ᠪᠠᠶ᠋ᠢᠬᠰᠠᠨ ᠾᠦᠡᠭᠨᠦ᠂ ᠳ᠋ᠤᠢ᠍ᠡᠭᠬᠤ᠂ ᠰᠢᠶᠠᠨᠪᠢ ᠵᠡᠷᠭᠡ ᠤᠬᠰᠠᠭ᠋ᠠᠲᠠᠨ ᠪᠠ ᠠᠶ᠋ᠢᠮᠠᠬ᠎ᠤᠨ ᠬᠤᠯᠪᠤᠭ᠎ᠠ᠎ᠨᠤᠭᠤᠳ ᠠᠭᠤᠯᠠ᠂ ᠤᠰᠤ᠂ ᠲᠡᠭᠷᠢ᠂ ᠭᠠᠵᠠᠷ᠂ ᠤᠪᠤᠭ᠎ᠠ᠂ ᠤᠡᠭᠭᠤᠨ ᠲᠠᠬᠢᠬᠤ ᠪᠤᠶᠤ ᠵᠡᠷᠭᠡᠯᠡᠳᠡᠭᠡ ᠠᠶ᠋ᠢᠮᠠᠬ᠎ᠲᠠᠢ᠎ᠪᠠᠨ ᠬᠤᠯᠪᠤᠭ᠎ᠠ ᠪᠠᠶ᠋ᠢᠭᠤᠯᠬᠤ᠂ ᠲᠠᠶ᠋ᠢᠨ ᠪᠠᠶ᠋ᠢᠯᠳᠤᠭ᠋ᠠᠨ᠎ᠳᠤ ᠮᠤᠷᠳᠠᠬᠤ ᠪᠠ ᠪᠠᠶ᠋ᠢᠯᠳᠤᠭ᠋ᠠᠨ᠎ᠤ ᠢᠯᠠᠯᠲᠠ᠎ᠪᠠᠨ ᠪᠡᠯᠭᠡᠯᠡᠬᠦ᠎ᠳᠤ ᠪᠦᠷ ᠨᠠᠶ᠋ᠢᠷ ᠨᠠᠭ᠋ᠠᠳᠤᠮ ᠬᠢᠵᠦ ᠨᠤᠮᠤ ᠰᠤᠮᠤ ᠬᠠᠷᠪᠤᠬᠤ ᠮᠦᠷᠦᠢ᠍ᠢ᠍ᠴᠡᠭᠡᠨ᠎ᠢ ᠶᠠᠪᠤᠭᠤᠯᠳᠠᠬ ᠪᠠᠶ᠋ᠢᠵᠠᠢ᠃
    ᠮᠤᠡᠭᠭᠤᠯ ᠦᠨᠳᠦᠰᠦᠲᠡᠨ᠎ᠤ ᠬᠠᠮᠳᠦ ᠵᠢᠨ ᠴᠤᠬ᠍ᠴᠠ ᠪᠦᠷᠢᠯᠳᠦᠬᠦ᠎ᠠᠴᠠ ᠡᠮᠦᠨ᠎ᠡ ᠮᠤᠡᠭᠭᠤᠯᠴᠤᠳ᠎ᠤᠨ ᠡᠪᠦᠭᠡ ᠲᠡᠭᠡᠳᠦᠰ ᠮᠤᠷᠢᠨ ᠲᠡᠭᠡᠷ᠎ᠡ᠎ᠠᠴᠠ ᠨᠠᠮᠨᠠᠬᠤ᠎ᠳᠠᠭᠠᠨ ᠴᠢᠳᠠᠮᠠᠭ᠋ᠠᠢ ᠭᠡᠵᠦ ᠬᠤᠯᠠ ᠤᠶ᠋ᠢᠷ᠎ᠠ᠎ᠳᠠᠭᠠᠨ ᠠᠯᠳᠠᠷᠰᠢᠬᠰᠠᠨ ᠪᠠᠶ᠋ᠢᠵᠠᠢ᠃ ᠢᠲ᠋ᠠᠯᠢ ᠵᠢᠨ ᠱᠠᠰᠢᠨ ᠲᠡᠯᠭᠡᠷᠡᠭᠦᠯᠦᠭᠴᠢ ᠺᠠᠷᠪᠢᠨᠢ ᠠᠷᠪᠠᠨ ᠭᠤᠷᠪᠠᠳᠤᠭ᠋ᠠᠷ ᠵᠠᠭᠤᠨ᠎ᠤ ᠰᠡᠭᠦᠯᠴᠢ ᠦᠶ᠎ᠡ᠎ᠪᠠᠷ ᠮᠤᠡᠭᠭᠤᠯ ᠤᠷᠤᠨ᠎ᠳᠤ ᠢᠷᠡᠵᠦ ᠦᠡᠭᠭᠡᠷᠡᠵᠡᠢ᠃ ᠲᠡᠷᠡ ᠠᠶᠠᠯᠠᠯ᠎ᠤᠨ ᠲᠡᠮᠳᠡᠭᠯᠡᠯ᠎ᠳᠡᠭᠡᠨ 《ᠡᠷᠡᠭᠲᠡᠢ ᠬᠦᠮᠦᠨ ᠰᠤᠮᠤ ᠵᠤᠭᠢᠶᠠᠬᠤ ᠪᠠ ᠮᠠᠯ ᠵᠶ᠋ᠠᠨ ᠬᠠᠷᠢᠭᠤᠯᠬᠤ᠎ᠠᠴᠠ ᠭᠠᠳᠠᠨ᠎ᠠ ᠶᠠᠭᠤ ᠵᠢ ᠴᠦ᠍ ᠬᠠᠮᠢᠶᠠᠷᠬᠤ ᠦᠭᠡᠢ᠃ ᠲᠡᠳᠡ ᠭᠠᠷᠴᠦ ᠠᠡᠭ ᠠᠡᠭᠨᠠᠨ ᠬᠠᠷᠪᠤᠵᠦ ᠨᠠᠮᠨᠠᠬᠤ ᠵᠢ ᠪᠤᠯᠪᠠᠰᠤᠷᠠᠳᠠᠬ᠃ ᠲᠡᠳᠡᠨ᠎ᠤ ᠶᠡᠬᠡ ᠪᠠᠭ᠎ᠠ ᠭᠡᠰᠡᠨ ᠦᠭᠡᠢ ᠪᠦᠷ ᠰᠢᠯᠢᠳᠡᠭ ᠬᠠᠷᠪᠤᠭ᠋ᠠᠴᠢᠨ ᠶᠤᠮ᠃ ᠲᠡᠳᠡ ᠭᠠᠷᠴᠦ ᠠᠡᠭ ᠠᠡᠭᠨᠠᠨ ᠬᠠᠷᠪᠤᠵᠦ ᠨᠠᠮᠨᠠᠬᠤ ᠵᠢ ᠪᠤᠯᠪᠠᠰᠤᠷᠠᠳᠠᠬ᠃ ᠲᠡᠳᠡᠨ᠎ᠤ ᠶᠡᠬᠡ ᠪᠠᠭ᠎ᠠ ᠭᠡᠰᠡᠨ ᠦᠭᠡᠢ ᠪᠦᠷ ᠰᠢᠯᠢᠳᠡᠭ ᠬᠠᠷᠪᠤᠭ᠋ᠠᠴᠢᠨ ᠶᠤᠮ᠃ ᠲᠡᠳᠡᠨ᠎ᠤ ᠬᠡᠤᠬᠡᠳ᠎ᠨᠢ ᠬᠤᠶᠠᠷ ᠭᠤᠷᠪᠠᠨ ᠨᠠᠰᠤᠯᠠᠮᠠᠬ᠍ᠴᠠ ᠡᠬᠢᠯᠡᠨ ᠮᠤᠷᠢ ᠤᠨᠤᠵᠦ᠂ ᠮᠤᠷᠢ ᠰᠤᠷᠭ᠋ᠠᠵᠦ᠂ ᠮᠤᠷᠢᠨ ᠳᠡᠭᠡᠷ᠎ᠡ ᠦᠰᠦᠷᠦᠨ ᠭᠠᠷᠴᠦ ᠴᠢᠳᠠᠬᠤ ᠪᠦᠭᠡᠳ ᠪᠠᠰᠠ ᠬᠡᠤᠬᠡᠳ᠎ᠤᠨ ᠨᠠᠰᠤᠨ᠎ᠤ ᠠᠳᠠᠯᠢ ᠪᠤᠰᠤ᠎ᠪᠠᠷ ᠶᠡᠬᠡ ᠪᠠᠭ᠎ᠠ ᠨᠤᠮᠤ ᠦᠭᠴᠦ᠂ ᠲᠡᠳᠡᠨ᠎ᠢ ᠬᠠᠷᠪᠤᠭᠤᠯᠵᠦ ᠰᠤᠷᠭ᠋ᠠᠳᠠᠬ᠃ ᠲᠡᠳᠡ ᠳᠠᠳᠮᠠᠭ᠋ᠠᠢ ᠮᠦᠷᠳᠡᠬᠡᠨ ᠡᠷᠡᠯᠬᠡᠭ ᠪᠠᠶ᠋ᠢᠳᠠᠬ》 ᠭᠡᠵᠦ ᠪᠢᠴᠢᠵᠡᠢ᠃ ᠡᠷᠳᠡᠨ᠎ᠤ ᠦᠶ᠎ᠡ᠎ᠳᠤ ᠬᠦᠦ᠎ᠲᠠᠢ ᠪᠤᠯᠪᠠᠯ ᠡᠭᠦᠳᠡᠨ ᠲᠡᠭᠡᠷ᠎ᠡ᠎ᠪᠠᠨ ᠨᠤᠮᠤ ᠡᠯᠭᠦᠵᠦ ᠪᠠᠶᠠᠷᠯᠠᠨ ᠪᠡᠯᠭᠡᠯᠡᠵᠦ᠂ ᠡᠷᠡᠭᠲᠡᠶ᠋ᠢᠴᠦᠳ ᠪᠤᠯ ᠬᠦᠳᠡᠯᠮᠦᠷᠢᠯᠡᠬᠦ ᠪᠠ ᠤᠯᠤᠰ ᠵᠶ᠋ᠠᠨ ᠬᠠᠮᠠᠭ᠋ᠠᠯᠠᠬᠤ ᠡᠭᠦᠷᠭᠡ ᠬᠠᠷᠢᠭᠤᠴᠠᠯᠭ᠎ᠠ᠎ᠲᠠᠢ ᠪᠤᠯᠬᠤᠷ ᠬᠦᠮᠦᠨ ᠪᠦᠬᠦᠨ ᠨᠤᠮᠤ ᠰᠤᠮᠤ ᠬᠠᠷᠪᠤᠵᠦ ᠰᠤᠷᠬᠤ ᠬᠡᠷᠡᠭᠲᠡᠢ ᠪᠠᠶ᠋ᠢᠳᠠᠬ᠃ ᠡᠷᠳᠡᠨ᠎ᠤ ᠦᠶ᠎ᠡ᠎ᠳᠤ ᠴᠦᠬᠡᠨ ᠪᠤᠰᠤ ᠰᠢᠯᠢᠳᠡᠭ ᠰᠤᠷᠴᠢᠨ ᠪᠠᠶ᠋ᠢᠵᠠᠢ᠃ ᠲᠤᠬᠠᠶ᠋ᠢᠯᠠᠪᠠᠯ᠂ ᠴᠢᠡᠭᠭᠢᠰ ᠬᠠᠭ᠋ᠠᠨ᠎ᠤ ᠦᠷᠯᠦᠭ᠎ᠤᠳ ᠪᠤᠯ ᠨᠢᠭᠡ ᠨᠢᠭᠡ᠎ᠪᠠᠷ ᠵᠶ᠋ᠠᠨ ᠪᠦᠷ ᠴᠡᠴᠡᠨ ᠬᠠᠷᠪᠤᠭ᠋ᠠᠴᠢ ᠴᠤᠯᠠ᠎ᠲᠠᠢ ᠶᠤᠮ᠃ ᠮᠤᠡᠭᠭᠤᠯ ᠡᠮᠡᠭᠲᠡᠶ᠋ᠢᠴᠦᠳ᠎ᠤᠨ ᠳᠤᠲᠤᠷ᠎ᠠ ᠴᠦ᠍ ᠰᠢᠯᠢᠳᠡᠭ ᠰᠤᠷᠴᠢᠨ ᠪᠠᠶ᠋ᠢᠵᠠᠢ᠃ 《ᠮᠤᠡᠭᠭᠤᠯ᠎ᠳᠤ ᠡᠯᠴᠢᠨ ᠵᠶ᠋ᠠᠷ ᠤᠴᠢᠬᠰᠠᠨ ᠲᠡᠮᠳᠡᠭᠯᠡᠯ》᠎ᠳᠤ 《ᠮᠤᠡᠭᠭᠤᠯ ᠪᠦᠰᠡᠭᠦᠢ᠍ᠢ᠍ᠴᠦᠳ ᠪᠦᠷ ᠦᠮᠦᠳᠦ ᠡᠮᠦᠰᠳᠡᠭ᠂ ᠡᠷᠡᠭᠲᠡᠶ᠋ᠢᠴᠦᠳ᠎ᠲᠠᠢ ᠠᠳᠠᠯᠢ᠎ᠪᠠᠷ ᠰᠤᠷ ᠬᠠᠷᠪᠤᠵᠦ ᠴᠢᠳᠠᠮᠤᠢ》 ᠭᠡᠵᠦ ᠪᠢᠴᠢᠵᠦ ᠪᠠᠶ᠋ᠢᠳᠠᠬ᠃
    ᠡᠷᠳᠡᠨ᠎ᠤ ᠮᠤᠡᠭᠭᠤᠯᠴᠤᠳ ᠰᠤᠷ ᠬᠠᠷᠪᠤᠬᠤ᠎ᠳᠠᠭᠠᠨ ᠶᠠᠪᠠᠭ᠋ᠠᠨ ᠬᠠᠷᠪᠤᠯᠲᠠ᠂ ᠮᠤᠷᠢᠨ ᠬᠠᠷᠪᠤᠯᠲᠠ᠎ᠳᠤ ᠪᠦᠷ ᠴᠢᠳᠠᠮᠠᠭ᠋ᠠᠢ ᠪᠠᠶ᠋ᠢᠳᠠᠬ᠃ 《ᠬᠠᠷ᠎ᠠ ᠲᠠᠲ᠋ᠠᠷ᠎ᠤᠨ ᠪᠦᠷᠢᠨ ᠲᠡᠮᠳᠡᠭᠯᠡᠯ》᠎ᠳᠤ 《ᠲᠦᠷᠪᠡ ᠲᠠᠪᠤᠨ ᠨᠠᠰᠤᠨ᠎ᠳᠤᠨᠢ ᠪᠠᠭ᠎ᠠ ᠨᠤᠮᠤ᠂ ᠤᠬᠤᠷ ᠰᠤᠮᠤ ᠤᠷᠤᠯᠳᠤᠭᠤᠯᠤᠬᠰᠠᠭ᠋ᠠᠷ ᠦᠰᠦᠭᠰᠡᠨ᠎ᠤ ᠬᠤᠶ᠋ᠢᠨ᠎ᠠ ᠵᠢᠯ᠎ᠤᠨ ᠲᠦᠷᠪᠡᠨ ᠤᠯᠠᠷᠢᠯ᠎ᠳᠤ ᠠᠡᠭ ᠠᠪᠠ ᠬᠢᠬᠦ᠎ᠳᠤ ᠶᠠᠪᠤᠭᠤᠯᠤᠮᠤᠢ᠂ ᠲᠠᠪᠬᠢᠯᠳᠤᠭᠤᠯᠤᠨ ᠬᠠᠷᠠᠶ᠋ᠢᠯᠭ᠋ᠠᠬᠤᠢ᠎ᠳᠤᠷ ᠭᠡᠳᠡᠶ᠋ᠢᠨ ᠵᠤᠬᠰᠤᠬᠤ᠎ᠠᠴᠠ ᠪᠢᠰᠢ ᠰᠠᠭᠤᠬᠤ ᠦᠭᠡᠢ᠂ ᠡᠶ᠋ᠢᠮᠦ᠎ᠠᠴᠠ ᠨᠠᠢ᠍ᠮᠠ ᠶᠢᠰᠦᠨ ᠬᠤᠪᠢ ᠵᠢᠨ ᠬᠦᠴᠦᠨ᠎ᠨᠢ ᠰᠠᠶᠢ ᠭᠤᠳᠤᠯ᠎ᠳᠤᠷ ᠬᠦᠷᠳᠡᠭ᠂ ᠬᠤᠢ ᠰᠠᠯᠬᠢ ᠢᠷᠡᠬᠦ ᠰᠢᠭ ᠲᠦᠷᠭᠡᠨ ᠪᠦᠭᠡᠳ ᠠᠭᠤᠯᠠ ᠨᠤᠷᠠᠭ᠋ᠠᠮᠠᠷ ᠬᠦᠴᠦᠨ᠎ᠲᠠᠢ᠂ ᠵᠡᠭᠦᠨᠰᠢ ᠨᠤᠭᠤᠯᠤᠷᠠᠨ ᠡᠷᠭᠢᠯᠳᠦᠬᠦ᠎ᠨᠢ ᠵᠢᠭᠦᠷᠲᠡᠨ ᠠᠮᠢᠳᠠᠨ ᠰᠢᠬ ᠬᠦᠡᠭᠬᠡᠨ ᠪᠤᠯᠬᠤᠷ ᠵᠡᠭᠦᠨᠰᠢ᠎ᠬᠢ ᠵᠢ ᠠᠡᠭᠬᠠᠷᠤᠨ᠂ ᠪᠠᠷᠠᠭᠤᠨᠰᠢ᠎ᠬᠢ ᠵᠢ ᠬᠠᠷᠪᠤᠬᠤ᠎ᠳᠠᠭᠠᠨ ᠴᠢᠳᠠᠮᠠᠭ᠋ᠠᠢ ᠪᠦᠯᠦᠭᠡ᠃ ᠬᠤᠳᠠᠷᠭ᠋ᠠᠨ ᠭᠤᠳᠤᠰ ᠨᠠᠮᠨᠠᠬᠤ᠎ᠪᠠᠷ ᠦᠯᠦ ᠪᠠᠷᠠᠮ ᠶᠠᠪᠠᠭ᠋ᠠᠨ ᠵᠶ᠋ᠠᠷ ᠬᠠᠷᠪᠤᠬᠤ᠎ᠳᠠᠭᠠᠨ ᠬᠦᠯ ᠵᠶ᠋ᠠᠨ ᠠᠯᠴᠠᠶ᠋ᠢᠨ ᠵᠤᠬᠰᠤᠵᠦ ᠠᠯᠬᠤᠴᠠ᠎ᠨᠢ ᠠᠭᠤᠳᠠᠮ᠂ ᠭᠤᠶ᠎ᠠ᠎ᠪᠠᠨ ᠨᠤᠬᠳᠤᠯᠭ᠋ᠠᠵᠦ᠂ ᠨᠢᠷᠤᠭᠤ᠎ᠪᠠᠨ ᠪᠦᠭᠲᠦᠢ᠍ᠢ᠍ᠬᠦ ᠪᠤᠯᠬᠤᠷ ᠬᠦᠴᠦᠲᠡᠢ ᠪᠦᠭᠡᠳ ᠬᠠᠪᠳᠠᠰᠦ ᠵᠢ ᠨᠡᠪᠳᠡ ᠰᠢᠪᠲᠤᠯᠵᠦ ᠴᠢᠳᠠᠮᠤᠢ》 ᠭᠡᠵᠡᠢ᠃ ᠡᠨᠳᠡ ᠮᠤᠷᠢᠨ ᠲᠡᠭᠡᠷ᠎ᠡ᠎ᠠᠴᠠ ᠨᠠᠮᠨᠠᠬᠤ ᠪᠤᠯᠤᠨ ᠶᠠᠪᠠᠭ᠋ᠠᠨ ᠵᠶ᠋ᠠᠷ ᠬᠠᠷᠪᠤᠬᠤ ᠠᠷᠭ᠎ᠠ ᠵᠢ ᠶᠠᠷᠢᠵᠠᠢ᠃

ᠢᠷᠡᠯᠲᠡ᠄ ᠪᠦᠬᠦ ᠠᠷᠠᠳ ᠵᠶ᠋ᠠᠷ ᠵᠶ᠋ᠠᠨ ᠪᠡᠶ᠎ᠡ ᠴᠢᠬᠢᠷᠠᠭᠵᠢᠭᠤᠯᠬᠤ ᠨᠡᠢ᠌ᠳᠡ ᠵᠢᠨ ᠦᠢ᠍ᠯᠡᠴᠢᠯᠡᠭᠡᠨ᠎ᠤ ᠲᠠᠪᠴᠠᠩ
          
ᠬᠠᠮᠢᠶ᠎ᠡ ᠪᠦᠬᠦᠢ ᠰᠣᠨᠢᠨ
ᠲᠡᠮᠡᠭᠡ ᠤᠷᠤᠯᠳᠤᠬᠤ
ᠮᠤᠷᠢ ᠤᠷᠤᠯᠳᠤᠬᠤ
ᠪᠦᠭᠡ ᠪᠠᠷᠢᠯᠳᠤᠬᠤ
ᠪᠦᠭᠡ ᠪᠠᠷᠢᠯᠳᠤᠬᠤ ᠵᠢᠨ ᠰᠤᠷᠭ᠋ᠠᠨ ᠭᠦᠮᠦᠵᠢᠯ᠎ᠤᠨ ᠠᠴᠢ ᠬᠤᠯᠪᠤᠭᠳᠠᠯ
ᠰᠤᠷ ᠬᠠᠷᠪᠤᠬᠤ ᠶᠤᠰᠤᠨ
 
            