ᠤᠷᠴᠢᠮᠬᠠᠨ ᠪᠠᠶᠠᠨᠨᠠᠭᠤᠷ ᠬᠤᠳᠠ ᠵᠢᠨ ᠤᠷᠠᠳ᠎ᠤᠨ ᠬᠤᠢ᠌ᠳᠦ ᠬᠤᠰᠢᠭᠤᠨ᠎ᠳᠤ ᠨᠢᠭᠡᠨ ᠤᠳᠠᠭ᠋ᠠᠨ᠎ᠤ ᠣᠨᠴᠠᠭ᠋ᠠᠶ ᠲᠡᠮᠡᠭᠡᠨ᠎ᠤ ᠨᠠᠢ᠌ᠷ ᠶᠠᠪᠤᠬᠳᠠᠵᠤ᠂ ᠤᠯᠠᠭ᠋ᠠᠨ ᠲᠡᠮᠡᠭᠡᠨ᠎ᠤ ᠰᠣᠶᠣᠯ᠎ᠢ ᠤᠯᠠᠨ ᠲᠦᠮᠡᠨ᠎ᠳᠡᠭᠡᠨ ᠪᠠᠬᠠᠷᠬᠠᠭᠤᠯᠤᠯᠠ᠃ ᠲᠤᠰ ᠨᠠᠢ᠌ᠷ᠎ᠢ ᠴᠤᠬᠠᠦ᠋ᠨᠳᠦᠷ ᠪᠠᠯᠭ᠋ᠠᠰᠤ ᠵᠢᠨ ᠮᠠᠯᠴᠢᠨ ᠭᠠᠩᠪᠠᠭ᠋ᠠᠲᠤᠷᠤᠨᠬᠢᠨ ᠡᠷᠭᠢᠯᠡᠭᠰᠡᠨ ᠪᠠᠢ᠌ᠵᠠᠢ᠃

ᠲᠤᠬᠠᠢ ᠵᠢᠨ ᠡᠳᠦᠷ᠎ᠤᠨ ᠥᠷᠯᠥᠭᠡ ᠡᠷᠲᠡ᠂ ᠤᠷᠠᠳ᠎ᠤᠨ ᠲᠠᠯ᠎ᠠ ᠨᠤᠳᠤᠭ᠎ᠤᠨ ᠮᠠᠯᠴᠢᠳ ᠦᠵᠡᠰᠬᠦᠯᠡᠩᠲᠦ ᠰᠠᠢ᠌ᠬᠠᠨ ᠦᠨᠳᠦᠰᠦᠳᠠᠨ᠎ᠤ ᠤᠯᠠᠮᠵᠢᠯᠠᠯᠲᠤ ᠬᠤᠪᠴᠠᠰᠤ ᠵᠠᠰᠠᠯ ᠵᠶ᠋ᠠᠨ ᠡᠮᠦᠰᠴᠦ᠂ ᠲᠡᠮᠡᠭᠡ᠎ᠪᠠᠨ ᠤᠨᠤᠵᠤ ᠭᠠᠩᠪᠠᠭ᠋ᠠᠲᠤᠷ ᠤᠨ ᠮᠠᠯᠵᠢᠯ᠎ᠤᠨ ᠲᠠᠯᠠᠪᠠᠢ᠎ᠳᠤ ᠬᠦᠷᠪᠡ᠃ 3 ᠺᠢᠯᠤᠮᠸᠲᠷ᠂ 5 ᠺᠢᠯᠤᠮᠸᠲᠷ᠂ 6 ᠺᠢᠯᠤᠮᠸᠲᠷ᠂ 12 ᠺᠢᠯᠤᠮᠸᠲᠷ᠎ᠤᠨ ᠤᠷᠤᠯᠳᠤᠭ᠋ᠠᠨ ᠭᠡᠬᠦ ᠲᠦᠷᠪᠡᠨ ᠲᠤᠭᠤᠢ᠌ᠯᠠᠩ ᠬᠤᠪᠢᠶᠠᠵᠤ ᠬᠤᠷᠲᠤᠨ ᠲᠡᠮᠡᠭᠡᠨ᠎ᠤ ᠤᠷᠤᠯᠳᠤᠭ᠋ᠠᠨ ᠶᠠᠪᠤᠭᠳᠠᠭᠤᠯᠪᠠ᠂ ᠤᠷᠤᠯᠳᠤᠭ᠋ᠠᠨ᠎ᠳᠤ ᠣᠷᠣᠯᠴᠠᠭᠰᠠᠨ ᠲᠡᠮᠡᠭᠡᠨ᠎ᠤ ᠪᠡᠶ᠎ᠡ ᠪᠢᠯᠳᠠᠷ ᠰᠦᠷᠯᠢᠭ ᠰᠠᠢ᠌ᠬᠠᠨ ᠪᠠᠢ᠌ᠵᠦ᠂ ᠤᠨᠤᠭ᠋ᠠᠴᠢᠳ ᠨᠢᠭᠡᠳ ᠨᠢᠭᠡ᠎ᠪᠠᠷ ᠣᠮᠣᠭ ᠲᠡᠭᠦᠯᠳᠡᠷ ᠵᠶ᠋ᠠᠷ ᠮᠣᠷᠳᠠᠵᠠᠭ᠋ᠠᠵᠤ ᠭᠣᠪᠢ ᠨᠤᠳᠤᠭ ᠵᠶ᠋ᠠᠷ ᠬᠤᠷᠳᠤᠨ ᠲᠡᠮᠡᠬᠡ᠎ᠪᠠᠨ ᠬᠦᠶᠦᠯᠬᠡᠵᠤ᠂ ᠰᠢᠷᠤᠩᠬᠠᠢ᠍ᠯᠠᠨ ᠦᠷᠢᠰᠦᠯᠳᠦᠵᠦ᠂ ᠤᠷᠤᠯᠳᠤᠭ᠋ᠠᠨ᠎ᠤ ᠠᠭᠤᠷ ᠠᠮᠢᠰᠬᠤᠯ ᠬᠥᠷ ᠬᠦᠭᠵᠢᠶᠡᠨ᠎ᠲᠠᠢ ᠪᠠᠢ᠌ᠵᠦ᠂ ᠬᠤᠷᠠᠭᠰᠠᠨ ᠤᠯᠠᠨ᠎ᠤ ᠪᠠᠬᠠᠷᠬᠠᠯ᠎ᠢ ᠲᠠᠲᠠᠪᠠ᠃

ᠲᠡᠮᠡᠭᠡᠨ ᠨᠤᠯᠤᠤᠭᠤᠷ ᠬᠠᠢ᠌ᠴᠢᠯᠠᠨᠠ
ᠲᠡᠮᠡᠭᠡᠨ᠎ᠤ ᠤᠷᠤᠯᠳᠤᠭ᠋ᠠᠨ ᠬᠤᠷᠴᠠ ᠰᠢᠷᠦᠭᠦᠨ ᠶᠠᠪᠤᠭᠳᠠᠭᠰᠠᠨᠤ ᠲᠠᠷᠠᠭ᠎ᠠ᠂ ᠮᠠᠯᠴᠢᠳ ᠨᠢᠭᠡ ᠲᠤᠤᠷ᠎ᠠ ᠴᠤᠭᠯᠠᠷᠠᠵᠤ᠂ ᠬᠠᠷᠢᠯᠴᠠᠨ ᠬᠠᠪᠰᠤᠷᠴᠤ ᠲᠡᠮᠡᠭᠡᠨ᠎ᠤ ᠨᠣᠣᠯᠣᠭᠤᠷ ᠬᠠᠢ᠌ᠴᠢᠯᠠᠵᠦ᠂ ᠲᠡᠮᠡᠭᠡ᠎ᠪᠠᠨ ᠲᠠᠮᠠᠭ᠋ᠠᠯᠠᠵᠦ᠂ ᠥᠪᠡᠷ ᠥᠪᠡᠷ᠎ᠤᠨ ᠦᠢ᠍ᠯᠡᠳᠪᠦᠷᠢᠯᠡᠯ᠎ᠤᠨ ᠤᠷ᠎ᠠ ᠮᠡᠷᠭᠡᠵᠢᠯ ᠵᠶ᠋ᠠᠨ ᠳᠡᠯᠭᠡᠨ ᠦᠵᠡᠭᠦᠯᠬᠦ ᠵᠢᠨ ᠬᠠᠮᠲᠤ ᠭᠤᠪᠢ ᠵᠢᠨ ᠤᠯᠠᠭ᠋ᠠᠨ ᠲᠡᠮᠡᠭᠡ ᠮᠠᠯᠵᠢᠬᠤ ᠲᠤᠷᠰᠢᠯᠭ᠎ᠠ᠎ᠪᠠᠨ ᠬᠤᠪᠢᠶᠠᠯᠴᠠᠪᠠ᠃
ᠤᠷᠠᠳ᠎ᠤᠨ ᠬᠤᠢ᠌ᠳᠦ ᠬᠣᠰᠢᠭᠤ᠎ᠨᠢ ᠳᠤᠮᠳᠠᠳᠤ ᠤᠯᠤᠰ᠎ᠤᠨ ᠭᠤᠪᠢ ᠵᠢᠨ ᠤᠯᠠᠭ᠋ᠠᠨ ᠲᠡᠮᠡᠭᠡᠨ᠎ᠤ ᠨᠤᠲᠤᠭ ᠬᠡᠮᠡᠭᠳᠡᠵᠦ᠂ ᠭᠠᠩᠪᠠᠭ᠋ᠠᠲᠤᠷᠤᠨ ᠪᠠᠢ᠌ᠭ᠎ᠠ ᠴᠤᠬᠠᠦ᠋ᠨᠳᠦᠷ ᠪᠠᠯᠭ᠋ᠠᠰᠤ᠎ᠨᠢ ᠭᠤᠪᠢ ᠵᠢᠨ ᠤᠯᠠᠭ᠋ᠠᠨ ᠲᠡᠮᠡᠭᠡ ᠲᠡᠵᠢᠭᠡᠨ ᠦᠷᠡᠵᠢᠭᠦᠯᠬᠦ ᠲᠤᠮᠤ ᠪᠠᠯᠭ᠋ᠠᠰᠤ ᠪᠠᠢ᠌ᠵᠦ᠂ ᠲᠤᠰ ᠪᠠᠯᠭ᠋ᠠᠰᠤᠨ᠎ᠤ ᠮᠠᠯᠴᠢᠳ᠎ᠤᠨ ᠣᠯᠠᠩᠬᠢ᠎ᠨᠢ ᠲᠡᠮᠡᠭᠡ ᠮᠠᠯᠵᠢᠵᠤ ᠪᠤᠢ᠃ ᠬᠠᠪᠤᠷ᠎ᠤᠨ ᠤᠯᠠᠷᠢᠯ ᠪᠤᠯ ᠲᠡᠮᠡᠭᠡᠨ ᠨᠤᠤᠯᠤᠭᠤᠷ ᠬᠠᠢ᠌ᠴᠢᠯᠠᠬᠤ᠂ ᠲᠡᠮᠡᠭᠡ ᠲᠠᠮᠠᠭ᠋ᠠᠯᠠᠬᠤ ᠶᠠᠭ᠋ᠠᠷᠠᠯᠳᠠᠢ ᠴᠠᠭ ᠪᠠᠢ᠌ᠵᠦ᠂ ᠲᠡᠮᠡᠭᠡᠨ ᠨᠠᠢ᠌ᠷ ᠡᠷᠬᠢᠯᠡᠬᠦ᠎ᠪᠠᠷ ᠲᠠᠮᠵᠢᠨ ᠮᠠᠯᠴᠢᠳ᠎ᠢ ᠬᠠᠷᠢᠯᠴᠠᠨ ᠬᠠᠪᠰᠤᠷᠤᠯᠴᠠᠭᠤᠯᠵᠤ᠂ ᠮᠠᠯ ᠠᠵᠤ ᠠᠬᠤᠶ ᠵᠢᠨ ᠦᠢ᠍ᠯᠡᠳᠪᠦᠷᠢᠯᠡᠯ᠎ᠤᠨ ᠲᠠᠷᠤᠭ᠋ᠠᠰᠦ ᠵᠢ᠎ᠨᠢ ᠶᠡᠬᠡ᠎ᠪᠠᠷ ᠬᠥᠩᠭᠡᠯᠡᠭᠰᠡᠨ ᠪᠠᠢ᠌ᠨ᠎ᠡ᠃

ᠲᠡᠮᠡᠭᠡ ᠲᠠᠮᠠᠭ᠋ᠠᠯᠠᠨᠠ
《ᠲᠠᠯ᠎ᠠ ᠨᠤᠳᠤᠭ᠎ᠤᠨ ᠮᠠᠯᠴᠢᠳ ᠶᠠᠷᠦ᠎ᠠᠴᠠ ᠬᠠᠷᠢᠯᠴᠠᠨ ᠬᠠᠪᠰᠤᠷᠤᠯᠴᠠᠬᠤ ᠰᠠᠢ᠌ᠬᠠᠨ ᠤᠯᠠᠮᠵᠢᠯᠠᠯ᠎ᠲᠠᠢ ᠶᠤᠮ᠂ ᠬᠠᠪᠤᠷ ᠡᠪᠦᠯ᠎ᠤᠨ ᠤᠯᠠᠷᠢᠯ᠎ᠳᠤ ᠤᠯᠠᠨ ᠵᠶ᠋ᠠᠷ ᠵᠶ᠋ᠠᠨ ᠲᠡᠮᠡᠭᠡᠨ᠎ᠤ ᠨᠠᠢ᠌ᠷ ᠨᠠᠭ᠋ᠠᠳᠤᠮ᠎ᠢ ᠡᠭᠡᠯᠵᠢᠯᠡᠨ ᠡᠷᠭᠢᠯᠡᠬᠦ ᠬᠡᠯᠪᠡᠷᠢ᠎ᠪᠠᠷ ᠦᠢ᠍ᠯᠡᠳᠪᠦᠷᠢᠯᠡᠯ᠎ᠢ ᠠᠳᠬᠤᠵᠤ᠂ ᠲᠡᠮᠡᠭᠡᠨ ᠰᠣᠶᠣᠯ᠎ᠢ ᠬᠠᠮᠳᠤᠪᠡᠷ ᠤᠯᠠᠮᠵᠢᠯᠠᠨ ᠪᠠᠳᠠᠷᠠᠭᠤᠯᠬᠤ᠎ᠨᠢ ᠮᠠᠰᠢ ᠤᠳᠬ᠎ᠠ ᠠᠭᠤᠯᠭ᠎ᠠ᠎ᠲᠠᠢ ᠶᠤᠮ!》 ᠭᠡᠵᠤ ᠭᠠᠩᠪᠠᠭ᠋ᠠᠳᠤᠷ ᠶᠠᠷᠢᠨ᠎ᠠ᠃