ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠪᠠᠶ᠋ᠢᠳᠠᠯ
ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠲᠥᠷᠥᠯ ᠵᠦᠢ᠍ᠯ᠎ᠢ ᠬᠦᠭᠵᠢᠭᠦᠯᠬᠦ ᠵᠢᠨ ᠤᠴᠢᠷ
ᠨᠡᠶ᠋ᠢᠲᠡᠯᠡᠭᠰᠡᠨ ᠴᠠᠭ᠄ 2024-05-24

    ᠰᠤᠷ ᠬᠠᠷᠪᠤᠬᠤ᠂ ᠮᠣᠷᠢ ᠤᠨᠤᠬᠤ᠂ ᠵᠡᠪᠰᠡᠭ᠎ᠤᠨ ᠡᠷᠳᠡᠮ᠂ ᠪᠥᠬᠡ ᠪᠠᠷᠢᠯᠳᠤᠬᠤ᠂ ᠯᠤᠤᠳᠤ ᠣᠩᠭᠣᠴᠠ ᠮᠡᠳᠦ ᠵᠢᠨ ᠮᠠᠰᠢ ᠤᠯᠠᠨ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠲᠥᠷᠥᠯ ᠵᠦᠢ᠍ᠯ᠎ᠨᠢ ᠣᠯᠠᠨ ᠲᠦᠮᠡᠨ᠎ᠳᠤ ᠲᠠᠭ᠋ᠠᠰᠢᠶᠠᠭᠳᠠᠵᠦ᠂ ᠪᠡᠶ᠎ᠡ ᠴᠢᠬᠢᠷᠠᠭᠵᠢᠭᠤᠯᠬᠤ ᠴᠢᠬᠤᠯᠠ ᠲᠦᠷᠦᠯ ᠵᠦᠢ᠍ᠯ ᠪᠤᠯᠤᠭᠰᠠᠨ ᠪᠠᠢ᠌ᠨ᠎ᠡ᠃ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠲᠥᠷᠥᠯ ᠵᠦᠢ᠍ᠯ᠎ᠤᠨ ᠪᠣᠶ ᠪᠤᠯᠤᠭᠰᠠᠨ ᠪᠠ ᠬᠦᠭᠵᠢᠭᠰᠡᠨ᠎ᠨᠢ ᠲᠤᠬᠠᠶ ᠵᠢᠨ ᠭᠠᠵᠠᠷ᠎ᠤᠨ ᠭᠠᠵᠠᠷ ᠤᠷᠤᠨ᠎ᠤ ᠣᠨᠴᠠᠯᠢᠭ᠂ ᠲᠡᠦᠬᠡ ᠵᠢᠨ ᠤᠤᠷ ᠲᠤᠨᠳᠠᠰᠦ᠂ ᠨᠤᠲᠤᠭ ᠤᠰᠤᠨ᠎ᠤ ᠵᠠᠩ ᠦᠢ᠍ᠯᠡ᠎ᠲᠠᠢ   ᠨᠢᠠᠠᠳᠠ ᠬᠣᠯᠪᠣᠭ᠎ᠠ᠎ᠲᠠᠢ ᠶᠤᠮ᠃ ᠵᠢᠱ᠌ᠢᠶᠡᠯᠡᠪᠡᠯ᠂ ᠲᠠᠯ᠎ᠠ ᠨᠤᠳᠤᠭ᠎ᠤᠨ ᠨᠠᠭ᠋ᠠᠳᠤᠮ᠎ᠨᠢ ᠲᠠᠯ᠎ᠠ ᠨᠤᠳᠤᠭ᠎ᠤᠨ ᠦᠢ᠍ᠯᠡᠳᠪᠦᠷᠢᠯᠡᠯ ᠠᠮᠢᠳᠤᠷᠠᠯ᠎ᠤᠨ ᠦᠢ᠍ᠯᠡᠳᠦᠯᠭᠡ᠎ᠠᠴᠠ ᠢᠷᠡᠯᠳᠡ᠎ᠲᠠᠢ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠲᠥᠷᠥᠯ ᠵᠦᠢ᠍ᠯ ᠪᠤᠯᠬᠤ ᠪᠦᠭᠡᠳ ᠭᠦᠨ ᠵᠤᠵᠠᠭ᠋ᠠᠨ   ᠲᠡᠦᠬᠡ ᠰᠤᠶᠤᠯ᠎ᠢ ᠠᠴᠢᠶᠠᠯᠠᠭᠰᠠᠨ ᠡᠷᠬᠢᠮ ᠨᠠᠨᠳᠢᠨ ᠥᠪ ᠬᠥᠷᠥᠩᠭᠡ ᠪᠣᠯᠤᠨ᠎ᠠ᠃
    ᠲᠦᠷᠦᠭᠦᠬᠡᠨ ᠵᠠᠰᠠᠪᠤᠷᠢ ᠤᠷᠤᠭᠤᠯᠤᠭᠰᠠᠨ ᠪᠡᠶ᠎ᠡ ᠵᠢᠨ ᠲᠠᠮᠢᠷ᠎ᠤᠨ ᠬᠠᠤᠯᠢ᠎ᠳᠤ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠲᠥᠷᠥᠯ ᠵᠦᠢ᠍ᠯ᠎ᠢ ᠬᠠᠮᠠᠭ᠋ᠠᠯᠠᠬᠤ ᠪᠠ ᠤᠯᠠᠮᠵᠢᠯᠠᠨ ᠵᠠᠯᠭ᠋ᠠᠮᠵᠢᠯᠠᠬᠤ ᠲᠤᠬᠠᠶ ᠲᠣᠳᠣᠷᠬᠠᠶ ᠲᠤᠭᠳᠠᠭ᠋ᠠᠯ ᠭᠠᠷᠭ᠋ᠠᠪᠠ᠃ ᠦᠨᠳᠦᠰᠦᠳᠡᠨ᠎ᠤ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠲᠥᠷᠥᠯ ᠵᠦᠢ᠍ᠯ ᠪᠣᠯᠤᠨ ᠪᠡᠶ᠎ᠡ ᠵᠢᠨ ᠲᠠᠮᠢᠷ᠎ᠤᠨ ᠰᠣᠶᠣᠯ᠎ᠢ ᠤᠯᠠᠮᠵᠢᠯᠠᠨ ᠪᠠᠳᠠᠷᠠᠭᠤᠯᠬᠤ᠎ᠨᠢ   ᠦᠨᠳᠦᠰᠦᠳᠡᠨ᠎ᠨᠦᠭᠦᠳ᠎ᠤᠨ ᠣᠯᠠᠨ ᠲᠦᠮᠡᠨ᠎ᠤ ᠡᠳᠦᠷ ᠢᠷᠡᠬᠦᠶ᠎ᠡ ᠨᠡᠮᠡᠭᠳᠡᠵᠦ ᠪᠠᠢ᠌ᠭ᠎ᠠ ᠪᠡᠶ᠎ᠡ ᠴᠢᠬᠢᠷᠠᠭᠵᠢᠭᠤᠯᠬᠤ ᠬᠡᠷᠡᠭᠴᠡᠭᠡ ᠵᠢ ᠨᠠᠩ ᠰᠠᠢ᠌ᠨ ᠬᠠᠩᠭ᠋ᠠᠬᠤ᠎ᠳᠤ ᠠᠰᠢᠭᠳᠠᠢ ᠪᠠᠢ᠌ᠵᠦ᠂ ᠪᠡᠶ᠎ᠡ ᠵᠢᠨ ᠲᠠᠮᠢᠷ᠎ᠤᠨ ᠬᠦᠴᠦᠷᠬᠡᠭ ᠤᠯᠤᠰ᠎ᠢ ᠪᠠᠢ᠌ᠭᠤᠯᠬᠤ᠂ ᠲᠤᠮᠳᠠᠳᠦ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠪᠠᠳᠠᠷᠠᠭᠤᠯᠬᠤ᠎ᠳᠤ ᠴᠢᠬᠤᠯᠠ ᠶᠡᠬᠡ ᠠᠴᠢ ᠬᠤᠯᠪᠤᠭᠳᠠᠯ᠎ᠲᠠᠢ ᠶᠤᠮ᠃ ᠪᠥᠮᠪᠥᠭᠡᠨ ᠲᠥᠷᠥᠯ᠎ᠤᠨ ᠲᠠᠮᠢᠷ  ᠎ᠤᠨ ᠬᠦᠳᠡᠯᠭᠡᠭᠡᠨ᠎ᠢ ᠰᠤᠪᠤᠳ ᠪᠦᠮᠪᠦᠭᠡ᠎ᠪᠠᠷ ᠵᠢᠱ᠌ᠢᠶᠡᠯᠡᠪᠡᠯ᠂ ᠲᠤᠰ ᠲᠥᠷᠥᠯ ᠵᠦᠢ᠍ᠯ᠎ᠨᠢ ᠨᠢᠭᠡ ᠦᠶ᠎ᠡ ᠭᠡᠭᠡᠭᠳᠡᠵᠦ᠂ ᠡᠷᠳᠡᠮᠳᠡᠨ ᠨᠡᠷ᠎ᠤᠨ ᠰᠤᠳᠤᠯᠬᠤ᠂ ᠡᠮᠬᠢᠳᠭᠡᠬᠦ ᠪᠠ ᠲᠡᠯᠭᠡᠷᠡᠭᠦᠯᠬᠦ᠎ᠪᠠᠷ ᠳᠠᠮᠵᠢᠨ᠂ 1986 ᠤᠨ᠎ᠳᠤ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠴᠥᠭᠡᠨ ᠲᠣᠭ᠋ᠠᠲᠤ ᠦᠨᠳᠦᠰᠦᠳᠡᠨ᠎ᠤ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠳᠤ ᠢᠯᠡᠷᠡᠪᠡ᠃ ᠰᠤᠪᠤᠳ ᠪᠦᠮᠪᠦᠭᠡ ᠪᠤᠯ ᠮᠠᠨᠵᠦ ᠦᠨᠳᠦᠰᠦᠳᠡᠨ᠎ᠤ ᠤᠯᠠᠮᠵᠢᠯᠠᠯᠳᠦ ᠪᠡᠶ᠎ᠡ ᠵᠢᠨ ᠲᠠᠮᠢᠷ᠎ᠤᠨ ᠲᠦᠷᠦᠯ ᠵᠦᠢ᠍ᠯ ᠪᠤᠯᠤᠨ᠎ᠠ᠃ ᠮᠠᠨᠵᠦ ᠦᠨᠳᠦᠰᠦᠲᠡᠨ ᠰᠤᠪᠤᠳ᠎ᠢ ᠭᠡᠭᠡᠨ ᠰᠠᠷᠠᠭᠤᠯ ᠪᠤᠯᠤᠨ ᠵᠤᠯ ᠵᠢᠷᠭ᠋ᠠᠯ᠎ᠤᠨ ᠪᠡᠯᠭᠡ ᠲᠡᠮᠳᠡᠭ ᠵᠶ᠋ᠠᠷ ᠦᠵᠡᠳᠡᠭ᠃ ᠰᠤᠪᠤᠳ ᠲᠡᠭᠦᠭᠦ ᠪᠤᠯ ᠡᠷᠳᠡᠨ᠎ᠤ ᠮᠠᠨᠵᠦ ᠦᠨᠳᠦᠰᠦᠳᠡᠨ᠎ᠤ ᠴᠢᠬᠤᠯᠠ ᠦᠢ᠍ᠯᠡᠳᠪᠦᠷᠢᠯᠡᠯ ᠪᠤᠯᠤᠨ ᠠᠵᠦ ᠠᠬᠤᠢ ᠵᠢᠨ ᠠᠵᠢᠯᠯᠠᠭ᠎ᠠ ᠪᠤᠯᠬᠤ ᠶᠤᠮ᠃ ᠰᠤᠪᠤᠳ ᠪᠦᠮᠪᠦᠭᠡ ᠪᠤᠯ ᠰᠤᠪᠤᠳ ᠲᠡᠭᠦᠭᠦ ᠡᠨᠡ ᠬᠦ᠌ ᠤᠯᠠᠮᠵᠢᠯᠠᠯᠳᠦ ᠤᠢ᠍ᠯᠡᠳᠪᠦᠷᠢᠯᠡᠯ᠎ᠤᠨ ᠠᠵᠢᠯᠯᠠᠭ᠎ᠠ᠎ᠠᠴᠠ ᠤᠯᠠᠷᠢᠨ ᠬᠤᠪᠢᠰᠴᠦ ᠢᠷᠡᠭᠰᠡᠨ ᠲᠡᠮᠢᠷ᠎ᠤᠨ ᠲᠦᠷᠦᠯ ᠵᠦᠢ᠍ᠯ ᠪᠤᠯᠤᠨ᠎ᠠ᠃
    ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠵᠦᠢ᠍ᠯᠡᠰ᠎ᠢ ᠬᠦᠭᠵᠢᠭᠦᠯᠬᠦ᠎ᠳᠤ ᠤᠯᠠᠮᠵᠢᠯᠠᠨ ᠵᠠᠯᠭ᠋ᠠᠮᠵᠢᠯᠠᠬᠤ ᠪᠠ ᠰᠢᠨ᠎ᠡ ᠵᠢ ᠡᠭᠦᠳᠬᠦ ᠵᠢᠨ ᠬᠠᠷᠢᠴᠠᠭ᠎ᠠ ᠵᠢ ᠰᠠᠢ᠌ᠳᠤᠷ ᠲᠡᠩᠴᠡᠭᠦᠷᠢᠰᠢᠭᠦᠯᠬᠦ᠎ᠨᠢ ᠴᠢᠬᠤᠯᠠ᠃ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠲᠥᠷᠥᠯ ᠵᠦᠢ᠍ᠯ᠎ᠤᠨ ᠪᠦᠬᠦ ᠠᠷᠠᠳ᠎ᠤᠨ ᠪᠡᠶ᠎ᠡ ᠴᠢᠬᠢᠷᠠᠭᠵᠢᠭᠤᠯᠬᠤ ᠲᠤᠮᠳᠠᠬᠢ ᠦᠢ᠍ᠯᠡᠳᠦᠯ᠎ᠢ ᠶᠡᠭᠡ᠎ᠪᠠᠷ ᠪᠠᠳᠠᠷᠠᠭᠤᠯᠬᠤ᠎ᠪᠠᠷ ᠪᠠᠷᠠᠬᠤ ᠦᠭᠡᠶ ᠪᠠᠰᠠ ᠤᠯᠠᠮᠵᠢᠯᠠᠯᠲᠤ ᠪᠡᠶ᠎ᠡ ᠵᠢᠨ ᠲᠠᠮᠢᠷ᠎ᠢ ᠠᠵᠤ ᠠᠬᠤᠶ ᠨᠡᠢ᠌ᠭᠡᠮ᠎ᠤᠨ ᠬᠦᠭᠵᠢᠯᠳᠡ᠎ᠯᠦᠭᠡ ᠠᠭᠤᠰᠤᠯᠴᠠᠭᠤᠯᠬᠤ ᠬᠡᠷᠡᠭᠳᠡᠢ᠃ ᠮᠠᠨ᠎ᠤ ᠤᠷᠤᠨ᠎ᠤ ᠵᠠᠷᠢᠮ ᠳᠤᠮᠳᠠᠳᠤ ᠪᠠᠭ᠎ᠠ ᠰᠤᠷᠭ᠋ᠠᠭᠤᠯᠢ ᠰᠤᠷ ᠬᠠᠷᠪᠤᠬᠤ᠂ ᠪᠦᠬᠡ ᠪᠠᠷᠢᠯᠳᠤᠬᠤ ᠵᠡᠷᠭᠡ ᠵᠢ ᠰᠤᠷᠭ᠋ᠠᠭᠤᠯᠢ ᠵᠢᠨ ᠬᠦᠷᠢᠶᠡᠨ᠎ᠳᠤ ᠣᠷᠣᠭᠤᠯᠤᠨ ᠤᠨᠴᠠᠯᠢᠭᠳᠦ ᠬᠢᠴᠢᠶᠡᠯ ᠪᠤᠯᠭ᠋ᠠᠪᠠ᠃ ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠲᠥᠷᠥᠯ ᠵᠦᠢ᠍ᠯ᠎ᠢ ᠠᠭᠤᠳᠠᠯᠬᠤ᠂ ᠡᠮᠬᠢᠯᠡᠬᠦ᠂ ᠬᠠᠮᠠᠭ᠋ᠠᠯᠠᠬᠤ᠂ ᠳᠡᠯᠭᠡᠷᠡᠭᠦᠯᠬᠦ ᠪᠠ ᠰᠢᠨ᠎ᠡ ᠵᠢ ᠡᠭᠦᠳᠦᠨ ᠬᠦᠭᠵᠢᠭᠦᠯᠬᠦ᠎ᠨᠢ ᠠᠷᠠᠳ ᠤᠯᠠᠨ᠎ᠤ ᠡᠳᠦᠷ ᠢᠷᠡᠬᠦᠶ᠎ᠡ ᠨᠡᠮᠡᠭᠳᠡᠵᠦ ᠪᠠᠢ᠌ᠭ᠎ᠠ ᠪᠡᠶ᠎ᠡ ᠵᠢᠨ ᠲᠠᠮᠢᠷ᠎ᠤᠨ ᠪᠡᠶ᠎ᠡ ᠴᠢᠬᠢᠷᠠᠭᠵᠢᠭᠤᠯᠬᠤ ᠬᠡᠷᠡᠭᠴᠡᠭᠡ ᠵᠢ ᠨᠡᠩ ᠰᠠᠢ᠌ᠨ ᠬᠠᠩᠭ᠋ᠠᠵᠤ᠂ ᠲᠤᠮᠳᠠᠳᠦ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠪᠠᠳᠠᠷᠠᠭᠤᠯᠬᠤ᠎ᠳᠤ ᠴᠢᠬᠤᠯᠠ ᠶᠡᠬᠡ ᠠᠴᠢ ᠬᠤᠯᠪᠤᠭᠳᠠᠯ᠎ᠲᠠᠢ ᠶᠤᠮ᠃ ᠤᠯᠠᠮᠵᠢᠯᠠᠯᠲᠤ ᠪᠡᠶ᠎ᠡ ᠵᠢᠨ ᠲᠠᠮᠢᠷ᠎ᠢ ᠵᠢᠭᠤᠯᠴᠢᠯᠠᠯ᠂ ᠰᠣᠶᠣᠯ᠂ ᠠᠵᠤ ᠠᠬᠤᠶ ᠨᠡᠢ᠌ᠭᠡᠮ᠎ᠤᠨ ᠬᠦᠭᠵᠢᠯᠳᠡ᠎ᠯᠦᠭᠡ ᠨᠢᠭᠡ ᠴᠤᠭᠴᠠ ᠪᠣᠯᠭ᠋ᠠᠬᠤ᠎ᠨᠢ ᠢᠷᠡᠭᠡᠳᠦᠢ ᠵᠢᠨ ᠬᠠᠨᠳᠤᠰᠢ ᠪᠤᠯᠪᠠ᠃
    ᠦᠨᠳᠦᠰᠦᠳᠡᠨ᠎ᠤ ᠤᠯᠠᠮᠵᠢᠯᠠᠯᠲᠤ ᠪᠡᠶ᠎ᠡ ᠵᠢᠨ ᠲᠠᠮᠢᠷ᠎ᠨᠢ ᠨᠢᠭᠡ ᠵᠦᠢ᠍ᠯ᠎ᠤᠨ ᠬᠦᠳᠡᠯᠭᠡᠭᠡᠨ᠎ᠤ ᠬᠡᠯᠪᠡᠷᠢ ᠪᠤᠯᠬᠤ᠎ᠪᠠᠷ ᠪᠠᠷᠠᠬᠤ ᠥᠬᠡᠶ᠂ ᠨᠠᠩ ᠴᠦ᠍ ᠡᠯᠪᠡᠭ ᠪᠠᠶᠠᠯᠢᠭ ᠲᠤᠮᠳᠠᠳᠦ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠠᠭᠤᠯᠵᠤ᠂ ᠲᠤᠮᠳᠠᠳᠦ ᠵᠢᠨ ᠪᠡᠶ᠎ᠡ ᠵᠢᠨ ᠲᠠᠮᠢᠷ  ᠎ᠤᠨ ᠵᠣᠷᠢᠭ ᠰᠠᠨᠠᠭ᠋ᠠᠨ᠎ᠤ ᠠᠮᠢᠳᠤᠯᠢᠭ ᠬᠤᠷᠢᠶᠠᠩᠭᠤᠶ ᠳᠦᠷᠰᠦ ᠪᠣᠯᠤᠨ᠎ᠠ᠃ ᠤᠯᠠᠮᠵᠢᠯᠠᠨ ᠵᠠᠯᠭ᠋ᠠᠮᠵᠢᠯᠠᠬᠤ ᠠᠵᠢᠯ᠎ᠢ ᠰᠠᠢ᠌ᠳᠤᠷ ᠬᠢᠪᠡᠯ ᠰᠠᠶᠢ ᠦᠨᠳᠦᠰᠦᠳᠡᠨ᠎ᠨᠦᠭᠦᠳ᠎ᠤᠨ ᠤᠯᠠᠨ ᠲᠦᠮᠡᠨ᠎ᠤ ᠤᠶᠤᠨ᠎ᠤ ᠪᠠ ᠰᠣᠶᠣᠯ᠎ᠤᠨ ᠠᠮᠢᠳᠤᠷᠠᠯ᠎ᠢ ᠲᠠᠰᠤᠷᠠᠯᠳᠠ ᠦᠭᠡᠢ ᠪᠠᠶᠠᠯᠢᠭᠵᠢᠭᠤᠯᠵᠦ ᠴᠢᠳᠠᠨ᠎ᠠ᠃   ᠦᠨᠳᠦᠰᠦᠳᠡᠨ᠎ᠤ ᠤᠯᠠᠮᠵᠢᠯᠠᠯᠲᠤ ᠪᠡᠶ᠎ᠡ ᠵᠢᠨ ᠲᠠᠮᠢᠷ᠎ᠢ ᠬᠦᠭᠵᠢᠭᠦᠯᠦᠨ ᠮᠠᠨᠳᠤᠭᠤᠯᠪᠠᠯ᠂ ᠪᠡᠶ᠎ᠡ ᠵᠢᠨ ᠲᠠᠮᠢᠷ᠎ᠤᠨ ᠬᠦᠴᠦᠷᠬᠡᠭ ᠤᠯᠤᠰ᠎ᠤᠨ ᠪᠠᠢ᠌ᠭᠤᠯᠤᠯᠳᠠ᠎ᠳᠤ ᠰᠦᠷ   ᠲᠠᠯᠠᠢ᠌ᠴᠢᠳᠠᠢ ᠬᠦᠴᠦᠨ᠎ᠢ ᠨᠢᠠᠠᠳᠠᠷᠠᠭᠤᠯᠬᠤ᠎ᠨᠢ ᠯᠠᠪᠲᠠᠢ! (ᠴᠸᠨ ᠨᠡᠷᠡᠨᠳᠤᠩᠭ᠋ᠠᠯᠠᠭ)

ᠢᠷᠡᠯᠲᠡ᠄ ᠦᠪᠦᠷ ᠮᠣᠩᠭᠤᠯ᠎ᠤᠨ ᠡᠳᠤᠷ᠎ᠤᠨ ᠰᠣᠨᠢᠨ
          
ᠬᠠᠮᠢᠶ᠎ᠡ ᠪᠦᠬᠦᠢ ᠰᠣᠨᠢᠨ
2023 ᠣᠨ᠎ᠤ ᠪᠥᠬᠥ ᠣᠷᠣᠨ᠎ᠤ ᠠᠷᠪᠠᠨ ᠨᠢᠭᠡᠳᠦᠭᠡᠷ ᠬᠤᠭᠤᠴᠠᠭ᠋ᠠᠨ᠎ᠤ U25 ᠵᠠᠯᠠᠭᠤᠴᠤᠳ᠎ᠤᠨ ᠪᠥᠬᠡ ᠵᠢᠨ ᠤᠷᠤᠯᠳᠤᠭ᠋ᠠᠨ ᠶᠠᠪᠤᠭᠳᠠᠪᠠ
2023 ᠣᠨ᠎ᠤ 《ᠪᠡᠯᠭᠦᠳᠡᠢ》 ᠬᠤᠨᠳᠠᠭ᠋ᠠᠲᠤ ᠮᠤᠩᠭᠤᠯ ᠪᠦᠬᠡ ᠵᠢᠨ ᠪᠠᠭ ᠨᠢᠭᠡᠴᠢ ᠵᠢᠨ ᠪᠠᠷᠢᠯᠳᠤᠭ᠋ᠠᠨ ᠵᠢᠴᠢ ᠮᠤᠩᠭᠤᠯ ᠪᠦᠬᠡ ᠵᠢᠨ ᠠᠪᠠᠭ᠎ᠠ ᠮᠠᠶᠢᠭ᠎ᠤᠨ ᠤᠷᠤᠯᠳᠤᠭ᠋ᠠᠨ ᠶᠠᠪᠤᠭᠳᠠᠪᠠ
ᠪᠥᠭᠦ ᠤᠯᠣᠰ᠎ᠤᠨ ᠭᠡᠪᠴᠢᠶᠠᠨ᠎ᠤ ᠡᠪᠡᠷ ᠨᠤᠮᠤ ᠵᠢᠨ ᠤᠷᠤᠯᠳᠤᠭ᠋ᠠᠨ ᠠᠮᠵᠢᠯᠳᠠᠳᠠᠢ ᠦᠨᠳᠤᠷᠯᠠᠯ᠎ᠠ
ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢ ᠪᠢᠴᠢᠭᠯᠡᠭᠰᠡᠨ ᠦᠪᠡᠳᠡᠭᠰᠢ ᠴᠤᠭᠯᠠᠭ᠋ᠠᠨ
ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠷᠪᠠᠳᠤᠭ᠋ᠠᠷ ᠬᠤᠭᠤᠴᠠᠭ᠋ᠠᠨ᠎ᠤ ᠴᠦᠭᠡᠨ ᠲᠤᠭ᠋ᠠᠳᠤ ᠦᠨᠳᠦᠰᠦᠳᠡᠨ᠎ᠤ ᠤᠯᠠᠮᠵᠢᠯᠠᠯᠳᠤ ᠪᠡᠶ᠎ᠡ ᠵᠢᠨ ᠲᠠᠮᠢᠷ᠎ᠤᠨ ᠴᠤᠭᠯᠠᠭ᠋ᠠᠨ ᠠᠮᠵᠢᠯᠳᠠ᠎ᠲᠠᠢ ᠲᠡᠭᠦᠰᠪᠡ
 
            