ᠡᠪᠤᠯ ᠪᠡᠶ᠎ᠡ ᠪᠠᠨ ᠪᠤᠯᠪᠠᠰᠤᠷᠠᠭᠤᠯᠬᠤ ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2018/12/28
    ᠬᠦᠳᠡᠯᠭᠡᠭᠡᠨ ᠬᠢᠬᠦ ᠪᠤᠯ ᠡᠷᠡᠭᠦᠯ ᠴᠢᠬᠢᠷᠠᠬ ᠤᠨ ᠰᠠᠭᠤᠷᠢ ᠶᠢᠨ ᠨᠢᠭᠡ ᠪᠤᠯᠤᠨ᠎ᠠ᠃ ᠲᠡᠬᠦᠨ ᠤ ᠴᠢᠬᠤᠯᠠ ᠴᠢᠨᠠᠷ ᠢ ᠭᠡᠯᠡᠬᠦ ᠦᠭᠡᠢ ᠪᠤᠯᠪᠠᠴᠤ ᠭᠡᠨ ᠴᠤ ᠪᠦᠷ ᠮᠡᠳᠡᠨ᠎ᠠ᠃ ᠭᠡᠪᠡᠴᠤ ᠬᠦᠳᠡᠯᠭᠡᠭᠡᠨ ᠭᠢᠬᠦ ᠨᠢ ᠪᠠᠰᠠ ᠴᠤ ᠨᠢᠭᠡᠨ ︽ᠬᠤᠤᠰ ᠢᠷᠳᠦ ᠰᠡᠯᠡᠮ᠎ᠠ︾ᠪᠤᠯᠬᠤᠷ ᠭᠡᠳᠦᠷᠡᠬᠦᠯᠬᠦ ᠪᠤᠶᠤ ᠲᠤᠬᠢᠷᠠᠮᠵᠢ ᠦᠭᠡᠢ ᠬᠦᠳᠡᠯᠭᠡᠭᠡᠨ  ᠬᠢᠪᠡᠯ  ᠪᠡᠶ᠎ᠠ  ᠮᠠᠬᠠᠪᠤᠳ ᠢ  ᠬᠤᠬᠢᠷᠠᠭᠤᠯᠵᠤ᠂  ᠴᠢᠨᠠᠬᠰᠢᠯᠠᠪᠠᠯ‌‍ᠭᠡᠨᠡᠳᠳᠡ  ᠦᠬᠦᠬᠦ ᠳᠤ  ᠬᠦᠷᠦᠬᠦᠯᠳᠡᠭ᠃  ᠢᠯᠠᠩᠭᠤᠶ᠎ᠠ  ᠡᠪᠤᠯ ᠤᠨ ᠤᠯᠠᠷᠢᠯ ᠤᠨ  ᠡᠷᠳᠡ ᠶᠢᠨ  ᠪᠤᠯᠪᠠᠰᠤᠷᠠᠯ ᠳᠤ  ᠡᠶᠢᠮᠦᠷᠬᠦ ᠦᠵᠡᠭᠳᠡᠯ ᠵᠦᠡᠭᠳᠡᠭᠡᠨ ᠭᠠᠷᠭᠠᠳᠠᠬ ᠪᠤᠯᠬᠤᠷ ᠡᠪᠦᠯ ᠪᠡᠶ᠎ᠡ ᠪᠠᠨ ᠪᠤᠯᠪᠠᠰᠤᠷᠠᠭᠤᠯᠬᠤ ᠳᠤ ᠲᠤᠤᠷᠠᠬᠢ ᠭᠡᠳᠦᠨ ᠲᠠᠯ᠎ᠠ ᠶᠢ  ᠠᠩᠬᠠᠷᠪᠠᠯ‌ᠵᠤᠬᠢᠨ᠎ᠠ᠃     ᠨᠢᠭᠡ᠂ ᠤᠯᠠᠷᠢᠯ ᠳᠤ ᠵᠤᠬᠢᠴᠠᠬᠤ ᠶᠢ ᠠᠩᠬᠠᠷᠤᠨ᠎ᠠ᠃ ᠨᠠᠮᠤᠷ ᠤᠨ  ᠰᠡᠬᠦᠯᠴᠢ  ᠡᠪᠤᠯ ᠤᠨ  ᠡᠬᠢ  ᠪᠤᠯᠬᠤ ᠳᠤ  ᠠᠭᠤᠷ‌ᠠᠮᠢᠰᠬᠤᠯ ᠭᠡᠨᠡᠳᠳᠡ ᠬᠦᠢᠳᠡᠷᠡᠵᠤ᠂ ᠢᠯᠠᠩᠭᠤᠶ᠎ᠠ  ᠶᠡᠭᠡ  ᠰᠠᠯᠬᠢ  ᠦᠡᠭᠭᠡᠷᠡᠭᠰᠡᠨ ᠤ  ᠲᠠᠷᠠᠭ᠎ᠠ  ᠬᠦᠢᠳᠡᠨ ᠤᠷᠤᠰᠬᠠᠯ  ᠢᠷᠡᠵᠤ‌‍ᠲ᠋ᠤᠯᠠᠭᠠᠨ ᠤ ᠭᠡᠮᠵᠢᠶ᠎ᠠ ᠪᠠᠭᠤᠷᠠᠬᠤ ᠦᠶᠡᠰ  ᠵᠠᠷᠢᠮ  ᠬᠦᠮᠦᠰ ᠤᠨ  ᠬᠠᠬᠢᠷ  ᠬᠦᠢᠳᠡᠨ ᠳᠤ  ︽ᠪᠠᠴᠢᠮ  ᠪᠠᠶᠢᠳᠠᠯ ᠢ  ᠠᠷᠭᠠᠴᠠᠬᠤ‌‍ᠲ᠋ᠤᠰᠬᠠᠯ︾ ᠨᠢ ᠮᠠᠰᠢ ᠰᠦᠷᠡᠭᠡᠢ ᠪᠤᠯᠵᠤ᠂  ᠰᠤᠯᠪᠢᠭᠤ  ᠮᠡᠳᠡᠷᠡᠯ  ᠬᠦᠭᠡᠷᠦᠨ᠂  ᠴᠢᠰᠤᠨ ᠲᠠᠷᠤᠯᠳᠠ  ᠲᠡᠭᠡᠭᠰᠢᠯᠡᠵᠤ᠂  ᠵᠢᠷᠦᠭᠡᠨ‌‍ᠴᠤᠬᠢᠯᠭ᠎ᠠ ᠲᠦᠷᠭᠡᠰᠦᠨ᠂ ᠠᠷᠠᠰᠤᠨ ᠤ ᠵᠢᠵᠢᠭ ᠨᠠᠷᠢᠨ  ᠰᠤᠳᠠᠯ  ᠠᠪᠴᠢᠬᠤ ᠠᠴᠠ  ᠪᠤᠯᠵᠤ᠂  ᠵᠢᠷᠦᠭᠡ  ᠴᠢᠰᠤᠨ  ᠰᠤᠳᠠᠯ ‍ᠤᠨ‌ᠡᠪᠡᠳᠴᠢᠨ ᠠᠮᠠᠷᠬᠠᠨ ᠡᠬᠦᠰᠬᠦ ᠮᠡᠳᠦ ᠶᠢᠨ ᠢᠯᠡᠷᠡᠯ ᠭᠠᠷᠳᠠᠬ᠃ ᠡᠩ ᠤᠨ ᠪᠠᠶᠢᠳᠠᠯ ᠳᠤ 4 — 6  ᠭᠠᠷᠠᠬ  ᠦᠡᠭᠭᠡᠷᠡᠭᠰᠡᠨ ‍ᠤ‌‍ᠲ᠋ᠠᠷᠠᠭ᠎ᠠ ᠰᠠᠶ᠋ᠢ ᠵᠢᠩᠬᠢᠨᠢ ᠪᠠᠷ ᠡᠪᠤᠯ ᠤᠨ ᠤᠯᠠᠷᠢᠯ ᠳᠤ ᠵᠤᠬᠢᠴᠠᠵᠤ᠂  ᠪᠡᠶ᠎ᠠ  ᠮᠠᠬᠠᠪᠤᠳ  ᠲᠤᠤᠷ᠎ᠠ  ᠲᠤᠯᠠᠭᠠᠨ ᠳᠤ  ᠲᠡᠰᠪᠦᠷᠢᠳᠡᠢ‌‍ᠪᠤᠯᠵᠤ ᠨᠡᠯᠢᠶᠡᠳ ᠠᠮᠤᠷ ᠲᠦᠪᠰᠢᠨ ᠪᠤᠯᠳᠠᠬ᠃ ᠡᠨᠡ ᠪᠤᠯ ᠲᠠᠷᠤᠢ ︽ᠬᠦᠢᠳᠡᠨ ᠳᠤ ᠲᠠᠳᠬᠤ︾ ᠶᠠᠪᠤᠴᠠ ᠪᠤᠯᠬᠤ ᠶᠤᠮ᠃    ᠬᠤᠶᠠᠷ᠂ ᠠᠭᠠᠷ ᠤᠨ ᠲᠤᠯᠠᠭᠠᠨ ᠬᠢᠭᠡᠳ  ᠰᠠᠯᠬᠢᠨ ᠤ  ᠬᠦᠴᠦ ᠶᠢ  ᠠᠩᠬᠠᠷᠤᠨ᠎ᠠ᠃  ᠪᠡᠭᠡᠵᠢᠩ  ᠬᠤᠳᠠ ᠶᠢᠨ  74ᠲᠦᠮᠡᠨ ᠬᠦᠮᠦᠨ ᠤ  ᠵᠢᠷᠦᠭᠡ  ᠴᠢᠰᠤᠨ  ᠰᠤᠳᠠᠯ ᠤᠨ  ᠡᠪᠡᠳᠴᠢᠲᠡᠨ  10  ᠵᠢᠯ  ᠬᠢᠨᠠᠨ  ᠭᠡᠮᠵᠢᠭᠰᠡᠨ  ᠦᠷ᠎ᠠ  ᠳ᠋ᠦᠡᠭ ᠳ᠋ᠤ᠋‌ᠢᠯᠡᠷᠡᠭᠰᠡᠨ ᠢᠶᠠᠷ᠂ ᠲᠦᠷᠭᠡᠨ ᠴᠢᠨᠠᠷᠳᠠᠢ ᠵᠢᠷᠦᠭᠡᠨ ᠪᠤᠯᠴᠢᠩ ᠤᠨ  ᠵᠠᠩᠬᠢᠷᠠᠯ  ᠬᠢᠭᠡᠳ  ᠲᠠᠷᠢᠬᠢᠨ ᠤ  ᠰᠠ  ᠡᠪᠡᠳᠴᠢᠨ  ᠠᠭᠤᠷ‌ᠠᠮᠢᠰᠬᠤᠯ ᠬᠦᠢᠳᠡᠷᠡᠵᠤ ᠲᠤᠯᠠᠭᠠᠨ ᠤ ᠭᠡᠮᠵᠢᠶ᠎ᠠ ᠲᠤᠤᠷ᠎ᠠ ᠪᠤᠯᠬᠤ ᠲᠤᠳᠤᠮ ᠡᠬᠦᠰᠬᠦ  ᠨᠤᠷᠮ᠎ᠠ ᠨᠢ  ᠤᠯᠠᠮ  ᠦᠨᠳᠦᠷ  ᠪᠤᠯᠳᠠᠬ᠃ᠰᠤᠳᠤᠯᠭᠠᠨ ᠳᠤ ᠬᠠᠷᠠᠭᠤᠯᠤᠬᠰᠠᠨ ᠢᠶᠠᠷ᠂ ᠬᠦᠮᠦᠨ ᠭᠡᠷ ᠠᠴᠠ ᠭᠠᠷᠤᠭᠠᠳ ᠲᠡᠭ ᠭᠡᠷᠠᠳᠦ᠋ᠰ ᠠᠴᠠ ᠲᠤᠷᠤᠬᠰᠢᠬᠢ ᠬᠦᠢᠳᠡᠨ ᠠᠭᠠᠷ ᠢ‌‍ᠰᠢᠭᠤᠳ ᠨᠢᠭᠤᠷ ᠦᠭᠡᠳᠡ ᠪᠠᠨ ᠦᠯᠢᠶᠡᠯᠭᠡᠪᠡᠯ ᠲᠤᠤᠷ ᠎ᠠ ᠪᠠᠨ ᠲᠢᠳᠢᠮ ᠯᠤᠬᠰᠢᠭᠤᠨ ᠰᠤᠳᠠᠯ ᠤᠨ  ᠲᠠᠳᠠᠪᠠᠯᠵᠠᠯ  ᠡᠬᠦᠰᠬᠦ  ᠪᠠ‌‍ᠴᠢᠰᠤᠨ ᠲᠠᠷᠤᠯᠳᠠ ᠲᠡᠭᠡᠭᠰᠢᠯᠡᠵᠤ᠂ ᠵᠢᠷᠦᠭᠡ ᠪᠠᠵᠠᠯᠠᠨ ᠡᠪᠡᠳᠬᠦ ᠡᠪᠡᠳᠴᠢᠨ ᠢ ᠬᠦᠳᠡᠯᠭᠡᠳᠡᠭ᠃ ᠡᠶᠢᠮᠦ ᠠᠴᠠ ᠮᠠᠯᠠᠭᠠᠢ  ᠵᠡᠬᠦᠵᠤ᠂ᠬᠦᠵᠦᠭᠦᠨ ᠤᠷᠢᠶᠠᠯᠳᠠ ᠪᠤᠭᠤᠵᠤ᠂ ᠪᠡᠭᠡᠯᠡᠢ ᠵᠡᠬᠦᠬᠦ  ᠵᠡᠷᠭᠡ ᠪᠠᠷ  ᠲᠤᠯᠠᠭᠠᠨ ᠢ  ᠬᠠᠮᠠᠭᠠᠯᠬᠠᠤ  ᠭᠡᠷᠡᠭᠳᠡᠢ᠃  ᠠᠭᠤᠷ  ᠠᠮᠢᠰᠬᠤᠯ‌‍ᠭᠡᠳᠦᠷᠭᠡᠢ ᠬᠦᠢᠳᠡᠨ ᠪᠤᠯ ᠵᠢᠷᠦᠭᠡ ᠲᠠᠷᠢᠬᠢᠨ ᠰᠤᠳᠠᠯ ᠤᠨ ᠡᠪᠡᠳᠴᠢᠨ ᠲᠠᠢ ᠬᠦᠮᠦᠨ ᠭᠠᠳᠠᠨ᠎ᠠ ᠭᠠᠷᠬᠤ ᠳᠤ ᠲᠤᠬᠢᠷᠠᠬᠤ  ᠦᠭᠡᠢ᠃ᠡᠬᠦᠨ ᠠᠴᠠ ᠭᠠᠳᠠᠨ᠎ᠠ ᠰᠠᠯᠬᠢᠨ ᠤ ᠬᠦᠴᠦ ᠨᠢ ᠲᠤᠤᠷ᠎ᠠ ᠲᠤᠯᠠᠭᠠᠨ ᠤ ᠬᠦᠢᠳᠡᠨ ᠦᠢᠯᠡᠴᠢᠯᠡᠭᠡ ᠶᠢ ᠶᠡᠭᠡᠰᠭᠡᠳᠡᠭ ᠰᠢᠯᠳᠠᠭᠠᠨ ᠢ ᠴᠤ ᠪᠤᠳᠤᠯᠬᠢᠯᠠᠬᠤ ᠭᠡᠷᠡᠭᠳᠡᠢ᠃    ᠭᠤᠷᠪᠠ᠂ ᠠᠮᠢᠳᠤ ᠪᠤᠳᠠᠰ ᠤᠨ ᠴᠠᠬ ᠤᠨ ᠭᠡᠮᠨᠡᠯ ᠢ ᠵᠢᠷᠦᠮᠯᠡᠨ᠋ ᠎ᠠ᠃ ᠠᠮᠢᠳᠤ ᠪᠤᠳᠠᠰ ᠤᠨ  ᠦᠵᠡᠭᠳᠡᠯ ᠢᠶᠠᠷ  ᠭᠡᠯᠡᠪᠡᠯ᠂ᠬᠦᠮᠦᠨ ᠤ ᠪᠡᠶ᠎ᠠ ᠦᠳᠡ ᠶᠢᠨ ᠬᠤᠶᠢᠨᠠᠬᠢ 4 — 6 ᠴᠠᠬ ᠲᠤ ᠵᠢᠷᠦᠭᠡ ᠴᠢᠰᠤᠨ ᠰᠤᠳᠠᠯ ᠤᠨ ᠠᠵᠢᠯᠯᠠᠭᠠᠨ ᠤ  ᠴᠢᠳᠠᠪᠤᠷᠢ ᠨᠢ‌ᠬᠠᠮᠤᠬ ᠤᠨ ᠰᠠᠶᠢᠨ ᠪᠠᠶᠢᠳᠠᠯ ᠳᠤ ᠤᠷᠤᠵᠤ᠂ ᠲᠠᠷᠠᠭᠠᠯᠠᠪᠠᠯ ᠦᠳᠡ ᠶᠢᠨ ᠡᠮᠦᠨᠡᠬᠢ 10  ᠴᠠᠬ ᠠᠴᠠ  ᠬᠤᠶᠢᠰᠢ᠂  ᠬᠠᠮᠤᠬ ‍ᠤᠨ‌ᠠᠨᠠᠢ ᠦᠶ᠎ᠠ ᠨᠢ ᠦᠷᠯᠦᠭᠡ ᠶᠢᠨ 6 — 9 ᠴᠠᠬ ᠤᠨ ᠬᠤᠭᠤᠷᠤᠨᠳᠤ ᠪᠠᠢᠳᠠᠬ᠃ ᠡᠶᠢᠮᠦ ᠠᠴᠠ ᠡᠷᠡᠭᠦᠯ ᠡᠩᠭᠡ ᠰᠠᠶᠢᠨ ᠪᠠᠶᠢᠪᠡᠯ‌ᠨᠢᠭᠡ ᠡᠳᠦᠷ ᠤᠨ ᠶᠠᠮᠠᠷ ᠴᠠᠬ ᠲᠤ ᠴᠤ ᠬᠦᠳᠡᠯᠭᠡᠭᠡᠨ ᠬᠢᠵᠤ ᠪᠤᠯᠳᠠᠬ᠃  ᠭᠡᠷᠪᠡ  ᠵᠢᠷᠦᠭᠡ  ᠴᠢᠰᠤᠨ  ᠰᠤᠳᠠᠯ ᠤᠨ  ᠡᠪᠡᠳᠴᠢᠨ‌ᠡᠮᠭᠡᠭ ᠲᠠᠢ᠂ ᠵᠢᠱᠢᠶᠡᠯᠡᠪᠡᠯ ᠴᠢᠰᠤᠨ ᠲᠠᠷᠤᠯᠳᠠ ᠦᠨᠳᠦᠷ ᠡᠪᠡᠳᠴᠢᠨ᠂ ᠲᠢᠳᠢᠮ  ᠵᠢᠷᠦᠭᠡᠨ  ᠡᠪᠡᠳᠴᠢᠨ᠂  ᠵᠢᠷᠦᠭᠡ  ᠪᠠᠵᠠᠯᠠᠵᠤ‌ᠡᠪᠡᠳᠬᠦ᠂ ᠵᠢᠷᠦᠭᠡᠨ ᠴᠢᠳᠠᠪᠤᠷᠢ ᠬᠦᠢᠴᠡᠳ ᠪᠤᠰᠤ  ᠪᠤᠯ  ᠦᠳᠡ ᠶᠢᠨ  ᠬᠤᠶᠢᠨᠠᠬᠢ  4  —  6  ᠴᠠᠬ ᠤᠨ  ᠬᠤᠭᠤᠷᠤᠨᠳᠤ‌‍ᠬᠦ᠋ᠳᠡᠯᠭᠡᠭᠡᠨ ᠬᠢᠬᠦ ᠪᠤᠶᠤ ᠦᠳᠡ ᠶᠢᠨ ᠡᠮᠦᠨᠡᠬᠢ  10  ᠴᠠᠬ ᠠᠴᠠ  ᠬᠤᠶᠢᠨ᠎ᠠ  ᠭᠠᠳᠠᠨ᠎ᠠ  ᠭᠠᠷᠪᠠᠯ  ᠲᠤᠬᠢᠷᠠᠮᠵᠢᠳᠠᠢ᠃  ᠠᠯᠢ‌‍ᠴᠢᠳᠠᠬᠤ ᠪᠠᠷ ᠬᠠᠷ᠎ᠠ ᠦᠷᠯᠦᠭᠡᠬᠦᠷ ᠡᠪᠤᠯ ᠤᠨ ᠪᠤᠯᠪᠠᠰᠤᠷᠠᠯ ᠬᠢᠬᠦ  ᠦᠭᠡᠢ  ᠪᠠᠶᠢᠬᠤ  ᠭᠡᠷᠡᠭᠳᠡᠢ᠃  ᠤᠴᠢᠷ ᠨᠢ  ᠡᠨᠡ  ᠦᠶᠡᠰ‌‍ᠰᠤᠯᠪᠢᠭᠤ ᠮᠡᠳᠡᠷᠡᠯ ᠤᠨ ᠲᠡᠯᠡᠬᠦ ᠬᠦᠴᠦ ᠤᠬᠵᠤᠮ ᠲᠦᠷᠭᠡᠨ ᠲᠡᠭᠡᠭᠰᠢᠯᠡᠵᠤ᠂  ᠵᠢᠷᠦᠭᠡ  ᠴᠢᠰᠤᠨ  ᠰᠤᠳᠠᠯ ᠤᠨ  ᠲᠠᠷᠤᠭᠠᠰᠤ ᠵᠢ‌ᠬᠠᠮᠤᠬ ᠠᠴᠠ ᠬᠦᠨᠳᠦᠷᠡᠬᠦᠯᠳᠡᠭ᠃ ᠶᠡᠭᠡ ᠮᠠᠨᠠᠨ ᠲᠠᠢ ᠡᠳᠦᠷ ᠪᠤᠯ ᠠᠭᠠᠷ ᠤᠨ ᠪᠤᠬᠢᠷᠳᠤᠯ ᠬᠦᠨᠳᠦ ᠨᠤᠴᠢᠳᠠᠢ ᠪᠤᠯᠬᠤ ᠪᠠᠷ  ᠪᠠᠷᠠᠬᠤ‌ᠦᠭᠡᠢ᠂ ᠴᠢᠬᠢᠭ ᠤᠨ ᠭᠡᠮᠵᠢᠶ᠎ᠠ ᠴᠤ ᠭᠡᠳᠦᠷᠭᠡᠢ ᠦᠨᠳᠦᠷ  ᠪᠤᠯᠬᠤ  ᠲᠤᠯᠠ  ᠮᠦᠨ  ᠴᠤ  ᠡᠷᠳᠡ ᠶᠢᠨ  ᠪᠤᠯᠪᠠᠰᠤᠷᠠᠯ  ᠬᠢᠬᠦ ᠳ᠋ᠤ᠋‌‍ᠲ᠋ᠤᠬᠢᠷᠠᠮᠵᠢ ᠦᠭᠡᠢ᠃    ᠲᠦᠷᠪᠡ᠂ ᠬᠦᠳᠡᠯᠭᠡᠭᠡᠨ ᠤ ᠭᠡᠮᠵᠢᠶ᠎ᠠ ᠪᠠᠨ ᠲᠤᠬᠢᠷᠠᠭᠤᠯᠤᠨ᠎ᠠ᠃ ᠬᠦᠢᠳᠡᠨ ᠡᠳᠦᠷ  ᠶᠡᠷᠦ ᠳᠡᠭᠡᠨ  ᠪᠡᠶ᠎ᠠ ᠮᠠᠬᠠᠪᠤᠳ ‍ᠤᠨ‌‍ᠬᠦ᠋ᠴᠢᠯᠳᠦ᠋ᠷᠦᠭᠴᠢ ᠬᠤᠷᠤᠬᠳᠠᠭᠤᠯᠬᠤ ᠭᠡᠮᠵᠢᠶ᠎ᠠ ᠶᠢ ᠨᠡᠮᠡᠭᠳᠡᠬᠦᠯᠳᠡᠭ ᠪᠦᠭᠡᠳ ᠬᠠᠷ᠎ᠠ ᠦᠷᠯᠦᠭᠡᠬᠦᠷ ᠪᠠᠰᠠ ᠠᠶᠤᠯᠳᠠᠢ ᠴᠠᠬ ᠮᠦᠴᠡ‌‍ᠪᠤᠯᠬᠤᠷ ᠡᠨᠡ ᠦᠶᠡᠰ ᠤᠨ  ᠬᠦᠳᠡᠯᠭᠡᠭᠡᠨ ᠤ  ᠭᠡᠮᠵᠢᠶ᠎ᠠ ᠪᠠᠨ  ᠵᠠᠪᠠᠯ  ᠬᠠᠷᠢᠴᠡᠩᠭᠤᠢ ᠪᠠᠷ  ᠪᠠᠭᠠᠰᠬᠠᠬᠤ  ᠭᠡᠷᠡᠭᠳᠡᠢ᠃  ᠡᠰᠡᠪᠡᠯ‌‍ᠬᠦ᠋ᠴᠢᠯᠳᠦ᠋ᠷᠦᠭᠴᠢᠳᠦ ᠬᠦᠳᠡᠯᠭᠡᠭᠡᠨ ᠨᠢ ᠬᠦᠴᠢᠯᠳᠦ᠋ᠷᠦᠭᠴᠢ ᠦᠭᠡᠢ ᠬᠦᠳᠡᠯᠭᠡᠭᠡᠨ ᠪᠤᠯᠤᠨ ᠬᠤᠪᠢᠷᠠᠵᠤ ᠦᠰᠦᠳ ᠦᠭᠡᠷ᠎ᠠ ᠦᠷ᠎ᠠ ᠳ᠋ᠦᠡᠭ ᠤᠯᠳᠠᠬ᠃    ᠲᠠᠪᠤ᠂  ᠢᠳᠡᠭᠡᠨ  ᠤᠮᠳᠠᠭᠠᠨ ᠢᠶᠠᠨ   ᠲᠤᠬᠢᠷᠠᠭᠤᠯᠤᠨ᠎ᠠ᠃   ᠪᠡᠶ᠎ᠠ ᠮᠠᠬᠠᠪᠤᠳ ᠤᠨ   ᠬᠦᠢᠳᠡᠨ ᠢ   ᠡᠰᠡᠷᠬᠦᠴᠡᠬᠦ‌‍ᠴᠢᠳᠠᠪᠤᠷᠢ ᠶᠢ ᠲᠡᠭᠡᠭᠰᠢᠯᠡᠬᠦᠯᠬᠦ ᠢᠳᠡᠭᠡᠨ ᠤᠮᠳᠠᠭᠠᠨ ᠤ ᠵᠠᠷᠴᠢᠮ ᠪᠤᠯ ᠤᠭᠤᠷᠠᠬ ᠡᠯᠪᠡᠭ᠂ ᠢᠯᠴᠢ ᠦᠨᠳᠦᠷ᠂ ᠤᠰᠤ ᠬᠦᠢᠴᠡᠳ ᠪᠠᠶᠢᠬᠤ ᠶᠢ ᠱᠠᠭᠠᠷᠳᠠᠨ᠎ᠠ᠃ ᠤᠭᠤᠷᠠᠬ ᠨᠢ ᠨᠢᠭᠡ ᠵᠦᠢᠯ ᠤᠨ ᠤᠨᠴᠠᠭᠠᠢ ᠢᠯᠴᠢ ᠶᠢᠨ ᠬᠦᠳᠡᠯᠭᠡᠬᠦ  ᠬᠦᠴᠦᠨ ᠤ ᠦᠢᠯᠡᠳᠦᠯ ᠲᠠᠢ‌‍ᠪᠤᠯᠬᠤᠷ ᠪᠡᠶ᠎ᠠ ᠮᠠᠬᠠᠪᠤᠳ ᠢ ᠬᠦᠢᠳᠡᠨ ᠳᠤ ᠲᠡᠰᠪᠦᠷᠢᠳᠡᠢ ᠪᠤᠯᠭᠠᠳᠠᠬ᠃ ᠤᠰᠤ  ᠬᠦᠢᠴᠡᠳ  ᠪᠠᠶᠢᠬᠤ ᠨᠢ  ᠤᠷᠭᠠᠨᠢᠬ  ᠪᠡᠶ᠎ᠠ ᠵᠢᠨ‌ᠡᠷᠬᠢᠯᠳᠡ ᠶᠢ ᠰᠠᠶᠢᠵᠢᠷᠠᠭᠤᠯᠵᠤ᠂ ᠠᠮᠠᠷᠬᠠᠨ ᠬᠦᠯᠳᠡᠭᠡᠵᠤ ᠰᠢᠷᠬᠠᠳᠤᠭᠤᠯᠬᠤ ᠦᠭᠡᠢ᠃ ᠪᠡᠶ᠎ᠠ ᠳᠤ ᠤᠰᠤ  ᠲᠤᠳᠠᠬᠳᠠᠵᠤ  ᠪᠠᠶᠢᠬᠤ‌ᠡᠰᠡᠬᠦ ᠶᠢ ᠦᠷᠯᠦᠭᠡ ᠡᠷᠳᠡ ᠶᠢᠨ ᠰᠢᠭᠡᠰᠦᠨ ᠤ ᠦᠡᠭᠭᠡ ᠠᠴᠠ ᠦᠵᠡᠵᠤ ᠭᠠᠷᠴᠤ ᠪᠤᠯᠬᠤ ᠶᠤᠮ᠃ ᠦᠡᠭᠭᠡ ᠨᠢ ᠰᠢᠷ᠎ᠠ  ᠪᠠᠶᠢᠪᠠᠯ‌ᠤᠰᠤ ᠲᠤᠳᠠᠬᠳᠠᠵᠤ ᠪᠠᠶᠢᠨ᠎ᠠ᠂ ᠦᠡᠭᠭᠡ ᠨᠢ ᠲᠤᠩ ᠭᠡᠶᠢᠪᠤᠷ ᠪᠠᠶᠢᠪᠠᠯ  ᠭᠡᠪ ᠤᠨ  ᠪᠠᠶᠢᠳᠠᠯ ᠳᠤ  ᠪᠤᠢ᠃  ᠪᠠᠰᠠ  ᠰᠢᠭᠡᠰᠦᠨ ‍ᠤ‌‍ᠭᠡᠮᠵᠢᠶ᠎ᠠ ᠨᠢ ᠡᠳᠦᠷ ᠲᠤ 1500 ᠮᠢᠯᠢᠯᠢᠳ᠋ᠷ ᠠᠴᠠ ᠲᠡᠭᠡᠭᠰᠢ ᠪᠠᠶᠢᠪᠠᠯ ᠭᠡᠪ ᠤᠨ ᠪᠠᠶᠢᠳᠠᠯ ᠳᠤ ᠲᠤᠭᠠᠴᠠᠬᠳᠠᠨ᠎ᠠ᠃  ᠪᠠᠭᠴᠠᠯᠠᠪᠠᠯ᠂ ᠡᠪᠤᠯ ᠪᠡᠶ᠎ᠡ ᠪᠠᠨ ᠪᠤᠯᠪᠠᠰᠤᠷᠠᠭᠤᠯᠬᠤ ᠳᠤ ᠵᠠᠪᠠᠯ ᠰᠠᠶᠢᠨ ᠢᠳᠡᠵᠤ ᠤᠤᠭᠤᠵᠤ ᠪᠠᠶᠢᠬᠤ ᠭᠡᠷᠡᠭᠳᠡᠢ᠃    ᠢᠳᠡᠷ ᠦᠳᠡᠯᠦᠭᠡ ᠨᠠᠰᠤᠨ ᠤ ᠬᠦᠮᠦᠰ᠂ ᠢᠯᠠᠩᠭᠤᠶ᠎ᠠ ᠵᠢᠷᠦᠭᠡ ᠴᠢᠰᠤᠨ ᠰᠤᠳᠠᠯ ᠤᠨ ᠡᠪᠡᠳᠴᠢᠨ ᠲᠠᠪᠬᠤᠷᠯᠠᠬᠰᠠᠨ ᠪᠤᠯ‌ᠵᠢᠷᠦᠭᠡᠨ ᠤ  ᠴᠢᠨᠠᠷᠳᠠᠢ  ᠭᠡᠨᠡᠳᠳᠡ  ᠦᠬᠦᠬᠦ ᠠᠴᠠ  ᠵᠠᠪᠠᠯ  ᠬᠢᠴᠢᠶᠡᠬᠦ  ᠭᠡᠷᠡᠭᠳᠡᠢ᠃   ᠡᠬᠦᠨ ᠳᠤ ᠬᠠᠮᠤᠬ ᠤᠨ ᠦᠷᠬᠦᠯᠵᠢ‌‍ᠲ᠋ᠤᠬᠢᠶᠠᠯᠳᠤᠳᠠᠬ ᠨᠢ ︽ᠡᠪᠤᠯ ᠤᠨ ᠤᠯᠠᠷᠢᠯ ᠤᠨ ᠭᠡᠨᠡᠳᠳᠡ ᠦᠬᠦᠬᠦ  ᠭᠤᠷᠮᠤᠰᠤᠨ  ᠬᠦᠴᠦᠨ  ᠵᠦᠢᠯ︾  ᠪᠤᠯᠬᠤ  ︽ᠡᠪᠤᠯ ‍ᠤᠨ‌ᠤᠯᠠᠷᠢᠯ᠂ ᠬᠠᠷ᠎ᠠ ᠦᠷᠯᠦᠭᠡ᠂ ᠴᠠᠰᠤ ᠰᠢᠭᠤᠷᠭᠠᠨ︾ ᠭᠤᠷᠪᠠ ᠶᠢᠨ ᠠᠯᠢ ᠨᠢᠭᠡ ᠨᠢ ᠪᠤᠯᠪᠠᠴᠤ ᠪᠦᠷ ᠯᠡ ᠵᠢᠷᠦᠭᠡᠨ  ᠪᠤᠯᠴᠢᠩ ‍ᠤᠨ‌‍ᠬᠦ᠋ᠴᠢᠯᠳᠦ᠋ᠷᠦᠭᠴᠢ ᠵᠠᠷᠤᠴᠠᠭᠤᠯᠬᠤ ᠭᠡᠮᠵᠢᠶ ᠎ᠠ ᠶᠢ ᠨᠡᠮᠡᠭᠳᠡᠬᠦᠯᠳᠡᠭ᠃            ᠭᠡᠷᠪᠡ ᠡᠨᠡ ᠭᠤᠷᠪᠠᠭᠤᠯᠠ ᠴᠤᠬ ᠲᠠᠭᠠᠨ ᠢᠯᠡᠷᠡᠪᠡᠯ ᠮᠠᠰᠢ ᠶᠡᠭᠡ ᠠᠶᠤᠯ ᠲᠦᠭᠰᠢᠬᠦᠷᠢ ᠪᠤᠯᠵᠤ  ᠪᠦᠷᠢᠯᠳᠦᠬᠦ  ᠪᠤᠯᠬᠤᠷ ᠡᠷᠬᠡᠪᠰᠢ ᠠᠩᠬᠠᠷᠴᠤ᠂ ᠰᠠᠨᠠᠭᠠᠨ ᠳᠤ ᠦᠭᠡᠢ ᠤᠴᠢᠷ ᠭᠠᠷᠬᠤ ᠠᠴᠠ ᠬᠢᠴᠢᠶᠡᠬᠦ ᠭᠡᠷᠡᠭᠳᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号