ᠪᠤᠯᠴᠢᠩ ᠵᠠᠭᠤᠷᠠᠬᠤ ᠶᠢ ᠶᠡᠷᠦ ᠳᠡᠭᠡᠨ ᠰᠢᠷᠪᠤᠰᠤ ᠲᠠᠳᠠᠬᠤ ᠭᠡᠵᠤ ᠨᠡᠷᠡᠯᠡᠨ᠂ ᠲᠠᠷᠤᠢ ᠬᠦᠯ ᠤᠨ ᠭᠡᠰᠡᠭ ᠤᠨ | ᠪᠤᠯᠴᠢᠩ ᠭᠡᠨᠡᠳᠳᠡ ᠵᠠᠭᠤᠷᠠᠬᠤ ᠪᠤᠯᠤᠨ᠎ᠠ᠃ ᠡᠬᠦᠨ ᠤ ᠡᠬᠦᠰᠦᠯ ᠨᠢ ᠤᠯᠠᠨ ᠵᠦᠢᠯ ᠤᠨ ᠰᠢᠯᠳᠠᠭᠠᠨ ᠠᠴᠠ ᠪᠤᠯᠳᠠᠬ᠂ | ᠡᠬᠦᠨ ᠳᠤ ᠪᠤᠯᠴᠢᠩ ᠭᠡᠮᠳᠦᠬᠦ᠂ ᠤᠰᠤ ᠦᠭᠡᠶᠢᠵᠢᠬᠦ᠂ ᠡᠷᠦᠳᠡᠰᠦ ᠪᠤᠳᠠᠰ ᠤᠨ ᠠᠭᠤᠯᠤᠬᠳᠠᠴᠠ ᠲᠤᠤᠷ ᠠ ᠪᠠ ᠵᠠᠷᠢᠮ | ᠡᠮ ᠢ ᠤᠤᠭᠤᠬᠰᠠᠨ ᠵᠡᠷᠭᠡ ᠠᠴᠠ ᠪᠤᠯᠳᠠᠬ᠃ ᠵᠠᠷᠢᠮ ᠲᠦᠬᠦᠮ ᠪᠠᠶᠢᠭᠠᠯᠢᠯᠢᠬ ᠠᠷᠭ᠎ᠠ ᠪᠠᠷ ᠲᠠᠷᠤᠢ ᠰᠢᠷᠪᠤᠰᠤ | ᠲᠠᠳᠠᠬᠤ ᠶᠢ ᠵᠠᠰᠠᠵᠤ ᠲᠡᠶᠢᠯᠦᠨ᠎ᠠ᠃ | ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠶᠢ ᠤᠤᠭᠤᠬᠤ | ᠠᠮᠧᠷᠢᠺᠠ ᠶᠢᠨ ᠶᠠᠩᠪᠠᠶᠢᠬᠠᠨ ᠶᠡᠭᠡ ᠰᠤᠷᠭᠠᠭᠤᠯᠢ ᠶᠢᠨ ᠰᠤᠳᠤᠯᠤᠬᠴᠢᠳ ᠠᠴᠠ ᠲᠠᠷᠤᠰᠢᠯᠠᠬᠰᠠᠨ ᠨᠤᠭᠤᠭ᠎ᠠ ᠶᠢᠨ | ᠰᠢᠬᠦᠰᠦ ᠶᠢ ᠤᠤᠭᠤᠪᠠᠯ ᠰᠢᠷᠪᠤᠰᠤ ᠲᠠᠳᠠᠬᠤ ᠶᠢ ᠬᠤᠷᠢᠬᠯᠠᠬᠤ ᠭᠠᠶᠢᠬᠠᠯᠳᠠᠢ ᠦᠷ ᠠ ᠳ᠋ᠦᠡᠭ ᠲᠠᠢ ᠪᠠᠶᠢᠬᠤ ᠶᠢ | ᠢᠯᠡᠷᠡᠬᠦᠯᠦᠭᠰᠡᠨ ᠪᠠᠶᠢᠨ᠎ᠠ᠃ ᠰᠢᠷᠪᠤᠰᠤ ᠲᠠᠳᠠᠬᠤ ᠰᠤᠳᠤᠯᠭ᠎ᠠ ᠳᠤ ᠰᠠᠶᠢᠨ ᠲᠤᠷ᠎ᠠ ᠠᠴᠠ ᠪᠠᠨ ᠤᠷᠤᠯᠴᠠᠬᠰᠠᠳ ᠲᠤ | ᠲᠤᠰ ᠲᠤᠰ 70 ᠭᠷᠠᠮ ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠪᠤᠶᠤ ᠢᠶᠤᠨ ᠢ ᠠᠷᠢᠯᠭᠠᠬᠰᠠᠨ ᠤᠰᠤ ᠶᠢ | ᠤᠤᠭᠤᠯᠭᠠᠬᠤ ᠪᠤᠶᠤ ᠡᠰᠡᠬᠦᠯ ᠠ ᠶᠠᠭᠤ ᠴᠤ ᠤᠤᠭᠤᠯᠭᠠᠬᠤ ᠦᠭᠡᠢ ᠲᠤᠷᠰᠢᠯᠳᠠ ᠬᠢᠪᠡ᠃ ᠦᠷ ᠠ ᠳ᠋ᠦᠡᠭ | ᠢᠯᠡᠷᠭᠡᠶᠢᠯᠡᠭᠰᠡᠨ ᠨᠢ᠂ ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠶᠢ ᠤᠤᠭᠤᠬᠰᠠᠳ ᠤᠨ 85 ᠰᠧᠺᠦ᠋ᠨ᠋ᠳ᠋ ᠤᠨ | ᠲᠤᠳᠤᠷ ᠠ ᠰᠢᠷᠪᠤᠰᠤ ᠲᠠᠳᠠᠬᠤ ᠨᠢ ᠵᠤᠬᠰᠤᠵᠤ᠂ ᠢᠶᠤᠨ ᠢ ᠠᠷᠢᠯᠭᠠᠬᠰᠠᠨ ᠤᠰᠤ ᠤᠤᠭᠤᠬᠰᠠᠳ ᠠᠴᠠ 37% | ᠬᠤᠷᠳᠤᠨ ᠪᠠᠶᠢᠵᠤ᠂ ᠶᠠᠭᠤ ᠴᠤ ᠤᠤᠭᠤᠬᠰᠠᠨ ᠦᠭᠡᠢ ᠬᠦᠮᠦᠰ ᠠᠴᠠ 45% ᠬᠤᠷᠳᠤᠨ ᠪᠠᠶᠢᠯ᠎ᠠ᠃ | ᠲᠠᠳᠠᠵᠤ ᠰᠤᠩᠭᠠᠬᠤ ᠬᠦᠳᠡᠯᠭᠡᠭᠡᠨ ᠬᠢᠬᠦ | ᠤᠨᠳᠠᠬᠤ ᠶᠠᠪᠤᠴᠠ ᠳᠤ ᠰᠢᠷᠪᠤᠰᠤ ᠲᠠᠳᠠᠬᠤ ᠶᠢᠨ ᠰ᠊ᠵᠯᠳᠠᠭᠠᠨ ᠤ ᠨᠢᠭᠡ ᠨᠢ ᠬᠦᠯ ᠤᠨ ᠬᠤᠷᠤᠭᠤ ᠪᠠᠨ | ᠲᠤᠷᠤᠬᠰᠢ ᠬᠠᠨᠳᠤᠭᠤᠯᠤᠨ ᠭᠡᠪ ᠢᠶᠠᠷ ᠬᠠᠵᠠᠭᠤᠯᠠᠨ ᠭᠡᠪᠳᠡᠵᠤ ᠰᠢᠯᠪᠢ ᠶᠢᠨ ᠭᠡᠰᠡᠭ ᠤᠨ ᠪᠤᠯᠴᠢᠩ ᠪᠤᠭᠤᠨᠢᠰᠬᠤ ᠠᠴᠠ | ᠪᠤᠯᠵᠤ ᠰᠢᠷᠪᠤᠰᠤ ᠨᠢ ᠨᠡᠩ ᠠᠮᠠᠷᠬᠠᠨ ᠵᠠᠭᠤᠷᠠᠵᠤ ᠡᠪᠡᠳᠬᠦ ᠪᠤᠯᠤᠨ᠎ᠠ᠃ ᠰᠢᠷᠪᠤᠰᠤ ᠲᠠᠳᠠᠵᠤ ᠡᠪᠡᠳᠬᠦ ᠶᠢ | ᠬᠦᠡᠭᠭᠡᠷᠡᠬᠦᠯᠬᠦ ᠭᠡᠪᠡᠯ ᠤᠷᠢᠳᠠᠪᠠᠷ ᠬᠦᠯ ᠤᠨ ᠬᠤᠷᠤᠭᠤ ᠪᠠᠨ ᠮᠤᠷᠦ᠋ᠢᠯᠭᠠᠵᠤ ᠲᠠᠬᠢᠨ ᠲᠠᠳᠠᠵᠤ ᠠᠰᠬᠠᠨ ᠪᠤᠯᠭᠠᠬᠤ | ᠬᠦᠳᠡᠯᠭᠡᠭᠡᠨ ᠢ 1 ᠮᠢᠨᠦ᠋ᠲ ᠬᠢᠨ᠎ᠠ᠃ ᠲᠠᠷᠠᠭ᠎ᠠ ᠨᠢ ᠬᠠᠨ᠎ᠠ ᠶᠢᠨ ᠡᠮᠦᠨ᠎ᠠ ᠵᠤᠬᠰᠤᠵᠤ ᠵᠠᠭᠤᠷᠠᠬᠰᠠᠨ ᠬᠦᠯ ᠢᠶᠠᠨ | ᠬᠤᠶᠢᠰᠢ ᠪᠠᠨ ᠰᠤᠩᠭᠠᠵᠤ ᠲᠠᠳᠠᠨ᠂ ᠨᠦᠬᠦᠭᠡ ᠨᠢᠭᠡ ᠬᠦᠯ ᠢᠶᠠᠨ ᠡᠪᠦᠳᠦᠭ ᠦᠭᠡᠳᠡ ᠪᠠᠨ ᠮᠤᠷᠦ᠋ᠢᠯᠭᠠᠨᠠ᠃ | ᠺᠠᠯᠼ ᠨᠦᠬᠦᠪᠦᠷᠢᠯᠡᠬᠦ | ᠤᠯᠠᠩᠬᠢ ᠰᠢᠷᠪᠤᠰᠤ ᠲᠠᠳᠠᠬᠤ ᠨᠢ ᠺᠠᠯᠼ ᠲᠤᠳᠠᠬᠰᠠᠨ ᠠᠴᠠ ᠪᠤᠯᠬᠤ ᠶᠤᠮ᠃ ᠶᠡᠭᠡ ᠭᠡᠮᠵᠢᠶᠡᠨ ᠤ ᠺᠠᠯᠼ | ᠡᠯᠪᠡᠭ ᠠᠭᠤᠯᠬᠤ ᠢᠳᠡᠭᠡᠨ ︵ᠵᠢᠱᠢᠶᠡᠯᠡᠪᠡᠯ ᠴᠠᠭᠠᠨ ᠢᠳᠡᠭᠡᠨ ᠪᠠ ᠨᠤᠭᠤᠭᠠᠨ ᠨᠠᠪᠴᠢᠳᠤ ᠨᠤᠭᠤᠭ᠋ ᠠ︶ ᠢ ᠢᠳᠡᠬᠦ | ᠪᠠ ᠺᠠᠯᠼ ᠡᠯᠪᠡᠭ ᠠᠭᠤᠯᠬᠤ ᠰᠢᠮ ᠠ ᠲᠡᠵᠢᠭᠡᠯ ᠤᠨ ᠨᠦᠬᠦᠪᠦᠷᠢ ᠡᠳ᠋ ᠢ ᠢᠯᠡᠬᠦᠦ ᠤᠤᠭᠤᠪᠠᠯ ᠪᠠᠰᠠ ᠺᠠᠯᠼ | ᠲᠤᠳᠠᠬᠤ ᠶᠢ ᠬᠦᠡᠭᠭᠡᠷᠡᠬᠦᠯᠵᠤ ᠲᠡᠶᠢᠯᠦᠨ᠎ᠠ᠃ ᠪᠠᠰᠠ ᠤᠨᠳᠠᠬᠤ ᠠᠴᠠ ᠪᠠᠨ ᠡᠮᠦᠨ᠎ᠠ ᠨᠢᠭᠡ ᠴᠤᠮᠤ ᠪᠦᠯᠢᠶᠡᠨ ᠰᠦ | ᠤᠤᠭᠤᠬᠤ ᠪᠠᠷ ᠲᠠᠮᠵᠢᠨ ᠺᠠᠯᠼ ᠨᠦᠬᠦᠪᠦᠷᠢᠯᠡᠵᠤ ᠪᠤᠯᠤᠨ᠎ᠠ᠃ | ᠬᠤᠶᠠᠷ ᠮᠧᠲ᠋ᠢᠯᠳᠦ ᠬᠦᠬᠦᠷᠦᠺᠰᠢᠳ᠋ ᠲᠦᠷᠬᠢᠬᠦ | ᠬᠤᠶᠠᠷ ᠮᠧᠲ᠋ᠢᠯᠳᠤ ᠬᠦᠬᠦᠷᠦᠺᠰᠢᠳ᠋ ᠨᠢ ᠨᠢᠭᠡ ᠵᠦᠢᠯ ᠤᠨ ᠮᠤᠳᠤᠨ ᠠᠴᠠ ᠢᠷᠡᠯᠳᠡ ᠲᠠᠢ ᠪᠤᠳᠠᠰ ᠪᠤᠯᠪᠠᠴᠤ | ᠠᠨᠠᠭᠠᠬᠤ ᠤᠬᠠᠭᠠᠨᠳᠠᠨ ᠲᠡᠬᠦᠨ ᠤ ᠡᠮ ᠳᠤ ᠤᠷᠤᠬᠤ ᠴᠢᠳᠠᠪᠤᠷᠢ ᠶᠢ ᠰᠤᠳᠤᠯᠤᠭᠠᠳ ᠨᠢᠭᠡᠨᠳᠡ ᠲᠠᠪᠢ ᠭᠠᠷᠤᠢ ᠵᠢᠯ | ᠪᠤᠯᠵᠤ ᠪᠠᠶᠢᠨ᠎ᠠ᠃ ᠡᠶᠢᠮᠦᠷᠬᠦ ᠬᠠᠮᠠᠷ ᠭᠠᠳᠠᠮ᠎ᠠ ᠦᠷᠪᠢᠰᠦᠯ ᠢ ᠡᠰᠡᠷᠬᠦᠴᠡᠬᠦ ᠪᠤᠳᠠᠰ ᠢ ᠠᠭᠤᠰᠬᠠᠬᠤ ᠡᠮ ᠪᠤᠯᠭᠠᠵᠤ | ᠭᠡᠷᠡᠭᠯᠡᠵᠤ ᠪᠤᠯᠤᠨ᠎ᠠ᠃ ᠠᠮᠧᠷᠢᠺᠠ ᠶᠢᠨ ᠢᠳᠡᠭᠡᠨ ᠤ ᠵᠦᠢᠯ ᠪᠤᠯᠤᠨ ᠡᠮ ᠤᠨ ᠵᠦᠢᠯ ᠳᠤ ᠬᠢᠨᠠᠯᠳᠠ ᠲᠠᠯᠪᠢᠬᠤ | ᠬᠠᠮᠢᠶᠠᠷᠤᠯᠳᠠ ᠶᠢᠨ ᠲᠤᠪᠴᠢᠶ᠎ᠠ ᠠᠴᠠ ᠲᠡᠬᠦᠨ ᠢ ᠭᠠᠳᠠᠷ ᠭᠡᠷᠡᠭᠯᠡᠬᠦ ᠡᠮ ᠤᠨ ᠵᠤᠷ ᠪᠤᠯᠭᠠᠵᠤ ᠤᠯᠠᠨ ᠡᠪᠡᠳᠴᠢᠨ ᠢ | ᠵᠠᠰᠠᠵᠤ ᠪᠤᠢ᠂ ᠡᠬᠦᠨ ᠳᠤ ᠪᠦᠰᠡᠯᠡᠬᠦᠷ ᠴᠦᠪᠦᠷᠢᠬᠦᠳᠦ ᠡᠰᠡᠷᠭᠡᠨ᠎ᠠ ᠪᠠᠭᠳᠠᠨ᠎ᠠ᠃ ᠵᠠᠷᠢᠮ ᠲᠠᠮᠢᠷᠴᠢᠨ ᠪᠤᠯᠴᠢᠩ ᠤᠨ | ᠭᠡᠰᠡᠭ ᠲᠡᠭᠡᠨ ᠰᠢᠩᠭᠡᠨ ᠪᠡᠶᠡᠳᠦ ᠲᠦᠷᠬᠢᠨ ᠰᠢᠷᠪᠤᠰᠤ ᠵᠠᠭᠤᠷᠠᠬᠤ ᠶᠢ ᠬᠦᠡᠭᠭᠡᠷᠡᠬᠦᠯᠵᠤ ᠪᠤᠢ᠃ | ᠦᠨᠦᠷᠳᠦ ᠤᠳ᠋ᠪᠠᠯ᠎ᠠ ᠶᠢᠨ ᠴᠠᠢ ᠤᠤᠭᠤᠬᠤ | ᠦᠨᠦᠷᠳᠦ ᠤᠳ᠋ᠪᠠᠯ᠎ᠠ ᠶᠢᠨ ᠡᠪᠡᠰᠦᠨ ᠡᠮ ᠢᠶᠠᠷ ᠰᠢᠷᠪᠤᠰᠤ ᠵᠠᠭᠤᠷᠠᠬᠤ ᠶᠢ ᠰᠡᠷᠭᠡᠶᠢᠯᠡᠨ ᠵᠠᠰᠠᠵᠤ ᠪᠤᠯᠤᠨ᠎ᠠ᠂ | ᠲᠡᠬᠦᠨ ᠳᠤ 36 ᠵᠦᠢᠯ ᠤᠨ ᠦᠷᠪᠢᠰᠦᠯ ᠢ ᠡᠰᠡᠷᠬᠦᠴᠡᠬᠦ ᠪᠦᠷᠢᠯᠳᠦᠬᠦᠨ ᠠᠭᠤᠯᠵᠤ ᠪᠤᠢ᠃ ᠲᠡᠷᠡ ᠨᠢ ᠪᠠᠰᠠ | ᠠᠮᠳᠠᠯᠢᠬ ᠰᠢᠪᠳᠤᠷᠳᠤ ᠬᠦᠴᠢᠯ ᠤᠨ ᠠᠭᠤᠯᠤᠬᠳᠠᠴᠠ ᠶᠢ ᠨᠡᠮᠡᠭᠳᠡᠬᠦᠯᠵᠤ ᠴᠢᠳᠠᠨ᠎ᠠ᠂ ᠡᠶᠢᠮᠦᠷᠬᠦ ᠰᠢᠪᠳᠤᠷᠳᠤ | ᠬᠦᠴᠢᠯ ᠨᠢ ᠴᠤᠯᠭᠤᠢ ᠪᠤᠯᠴᠢᠩ ᠢ ᠰᠤᠯᠠᠷᠠᠭᠤᠯᠬᠤ ᠶᠢᠨ ᠤᠯᠠᠮ ᠠᠴᠠ ᠰᠢᠷᠪᠤᠰᠤ ᠵᠠᠭᠤᠷᠠᠬᠤ ᠶᠢ ᠬᠦᠡᠭᠭᠡᠷᠡᠬᠦᠯᠬᠦ | ᠦᠢᠯᠡᠳᠦᠯ ᠲᠠᠢ᠃ ᠰᠢᠷᠪᠤᠰᠤ ᠵᠠᠭᠤᠷᠠᠬᠤ ᠡᠪᠡᠳᠴᠢᠳᠡᠨ ᠡᠳᠦᠷ ᠲᠡᠭᠡᠨ ᠭᠡᠳᠦᠨ ᠴᠤᠮᠤ ᠦᠨᠦᠷᠳᠤ ᠤᠳ᠋ᠪᠠᠯ᠎ᠠ ᠶᠢᠨ | ᠴᠠᠢ ᠤᠤᠭᠤᠬᠤ ᠪᠤᠶᠤ ᠡᠰᠡᠬᠦᠯ᠎ᠠ ᠦᠨᠦᠷᠳᠤ ᠤᠳ᠋ᠪᠠᠯ᠎ᠠ ᠠᠭᠤᠯᠤᠬᠰᠠᠨ ᠰᠢᠮ᠎ᠠ ᠲᠡᠵᠢᠭᠡᠯ ᠤᠨ ᠨᠦᠬᠦᠪᠦᠷᠢ ᠡᠳ᠋ ᠢ | ᠤᠤᠭᠤᠵᠤ ᠪᠤᠯᠤᠨ᠎ᠠ᠃ | ᠮᠠᠬᠨᠢ ᠨᠦᠬᠦᠪᠦᠷᠢᠯᠡᠬᠦ | ᠮᠠᠬᠨᠢ ᠨᠢ ᠬᠦᠮᠦᠨ ᠤ ᠪᠡᠶ᠎ᠠ ᠳᠤ ᠴᠢᠬᠤᠯᠠ ᠭᠡᠷᠡᠭᠴᠡᠭᠡ ᠲᠠᠢ ᠨᠢᠭᠡ ᠵᠦᠢᠯ ᠤᠨ ᠡᠷᠦᠳᠡᠰᠦ ᠪᠤᠳᠠᠰ ᠪᠠᠶᠢᠵᠤ᠂ | ᠮᠠᠬᠨᠢ ᠡᠯᠪᠡᠭ ᠠᠭᠤᠯᠬᠤ ᠢᠳᠡᠭᠡᠨ ︵ᠪᠦᠷᠢᠨ ᠠᠮᠤ ᠪᠤᠳᠠᠭ᠎ᠠ ᠪᠤᠯᠤᠨ ᠨᠤᠭᠤᠭᠠᠨ ᠨᠠᠪᠴᠢᠳᠤ ᠨᠤᠭᠤᠭ᠎ᠠ︶ ᠢ | ᠢᠯᠡᠬᠦᠦ ᠢᠳᠡᠪᠡᠯ ᠰᠢᠷᠪᠤᠰᠤ ᠵᠠᠭᠤᠷᠠᠬᠤ ᠶᠢ ᠬᠦᠡᠭᠭᠡᠷᠡᠬᠦᠯᠵᠤ ᠴᠢᠳᠠᠨ᠎ᠠ᠃ ᠤᠨᠳᠠᠬᠤ ᠠᠴᠠ ᠡᠮᠦᠨ᠎ᠠ 300 — | 400 ᠮᠢᠯᠢᠭᠷᠠᠮ ᠰᠢᠮ ᠠ ᠲᠡᠵᠢᠭᠡᠯ ᠤᠨ ᠨᠦᠬᠦᠪᠦᠷᠢ ᠡᠳ᠋ ᠢ ᠤᠤᠭᠤᠪᠠᠯ ᠪᠤᠯᠴᠢᠩ ᠢ ᠰᠤᠯᠠᠷᠠᠭᠤᠯᠬᠤ ᠶᠢᠨ ᠬᠠᠮᠳᠤ | ᠪᠡᠶ᠎ᠠ ᠶᠢᠨ ᠺᠠᠯᠼ ᠢ ᠰᠢᠩᠭᠡᠭᠡᠬᠦ ᠳᠤ ᠲᠤᠰᠠᠯᠠᠮᠵᠢ ᠶᠢᠨ ᠦᠢᠯᠡᠳᠦᠯ ᠦᠵᠡᠬᠦᠯᠦᠨ᠎ᠠ᠃ ᠤᠰᠤ ᠤᠤᠭᠤᠬᠤ | ᠪᠠᠰᠠ ᠴᠦᠭᠡᠨ ᠪᠤᠰᠤ ᠰᠢᠷᠪᠤᠰᠤ ᠲᠠᠳᠠᠬᠤ ᠨᠢ ᠤᠰᠤ ᠦᠭᠡᠶᠢᠳᠡᠭᠰᠡᠨ ᠠᠴᠠ ᠪᠤᠯᠤᠬᠰᠠᠨ ᠶᠤᠮ᠂ ᠡᠶᠢᠮᠦ ᠠᠴᠠ | ᠰᠢᠷᠪᠤᠰᠤ ᠲᠠᠳᠠᠬᠤ ᠭᠡᠮ ᠳᠤ ᠨᠡᠷᠪᠡᠭᠳᠡᠭᠰᠡᠳ ᠪᠡᠶ᠎ᠠ ᠳᠡᠭᠡᠨ ᠬᠦᠢᠴᠡᠳ ᠭᠡᠮᠵᠢᠶᠡᠨ ᠤ ᠤᠰᠤ ᠪᠠᠶᠢᠬᠤ ᠶᠢ ᠪᠠᠳᠤᠯᠠᠬᠤ | ᠭᠡᠷᠡᠭᠳᠡᠢ᠃ ᠰᠢᠷᠦᠭᠦᠨ ᠬᠦᠳᠡᠯᠭᠡᠭᠡᠨ ᠬᠢᠬᠦ ᠠᠴᠠ ᠡᠮᠦᠨ᠎ᠠ ᠤᠷᠢᠳᠠᠪᠠᠷ 1 — 2 ᠴᠤᠮᠤ ᠤᠰᠤ ᠤᠤᠭᠤᠨ᠎ᠠ᠃ | ᠪᠤᠯᠪᠠᠰᠤᠷᠠᠬᠤ ᠶᠠᠪᠤᠴᠠ ᠳᠤ ᠪᠠᠰᠠ ᠵᠤᠬᠢᠬᠤ ᠭᠡᠮᠵᠢᠶᠡᠨ ᠤ ᠴᠠᠬᠢᠯᠭᠠᠨ ᠵᠠᠳᠠᠯᠤᠬᠳᠠᠬᠤᠨ ᠤ ᠤᠮᠳᠠᠭᠠᠨ ᠤᠤᠭᠤᠵᠤ᠂ | ᠤᠰᠤ ᠦᠭᠡᠶᠢᠳᠡᠬᠦ ᠠᠴᠠ ᠪᠤᠯᠵᠤ ᠰᠢᠷᠪᠤᠰᠤ ᠵᠠᠭᠤᠷᠠᠬᠤ ᠠᠴᠠ ᠰᠡᠷᠭᠡᠶᠢᠯᠡᠨ᠎ᠠ᠃ | |