ᠡᠪᠤᠯ ᠤᠨ ᠬᠦᠢᠳᠡᠨ ᠡᠳᠦᠷ ᠬᠦᠳᠡᠯᠭᠡᠭᠡᠨ ᠬᠢᠬᠦ ᠳᠤ ᠬᠢᠯᠪᠠᠷᠬᠠᠨ ᠰᠢᠷᠬᠠᠳᠤᠯ ᠡᠬᠦᠰᠭᠡᠳᠡᠭ
ᠨᠡᠶᠢᠲᠡᠯᠡᠭᠰᠡᠨ ᠴᠠᠭ᠄
2018/12/28
     ᠪᠡᠶ᠎ᠠ ᠮᠠᠬᠠᠪᠤᠳ ᠢᠶᠠᠨ ᠲᠠᠪᠳᠠᠨ ᠪᠤᠯᠪᠠᠰᠤᠷᠠᠬᠤ ᠬᠦᠳᠡᠯᠭᠡᠭᠡᠨ ᠬᠢᠬᠦ ᠨᠢ ᠦᠨᠡᠨ ᠳᠡᠭᠡᠨ ᠪᠡᠶ᠎ᠠ ᠮᠠᠬᠠᠪᠤᠳ ᠢᠶᠠᠨ ᠨᠡᠩ ᠴᠢᠬᠢᠷᠠᠭᠵᠢᠭᠤᠯᠬᠤ ᠶᠢᠨ ᠲᠦᠯᠦᠭᠡ ᠶᠤᠮ᠃ ᠭᠡᠳᠡᠯ ᠎ᠠ ᠲᠤᠬᠢᠷᠠᠮᠵᠢ ᠦᠭᠡᠢ ᠪᠡᠶ᠎ᠠ ᠶᠢᠨ ᠬᠦᠳᠡᠯᠭᠡᠭᠡᠨ ᠬᠢᠬᠦ ᠨᠢ ᠬᠢᠯᠪᠠᠷᠬᠠᠨ ᠰᠢᠷᠬᠠᠳᠤᠯ ᠢ ᠡᠬᠦᠰᠭᠡᠳᠡᠭ᠃ ᠡᠬᠦᠨ ᠳᠤ ᠬᠦᠳᠡᠯᠭᠡᠭᠡᠨ ᠬᠢᠬᠦ ᠠᠴᠠ ᠪᠤᠯᠤᠬᠰᠠᠨ ᠲᠦᠷᠭᠡᠨ ᠴᠢᠨᠠᠷᠳᠠᠢ ᠪᠠ ᠤᠳᠠᠭᠠᠨ ᠴᠢᠨᠠᠷᠳᠠᠢ ᠰᠢᠷᠬᠠᠳᠤᠯ ᠢ ᠵᠢᠭᠠᠳᠠᠬ᠂ ᠰᠢᠷᠬᠠᠳᠤᠯ ᠡᠬᠦᠰᠬᠦ ᠨᠢ ᠶᠡᠷᠦᠩᠭᠡᠢ ᠳᠡᠭᠡᠨ ᠬᠦᠳᠡᠯᠭᠡᠭᠡᠨ ᠤ ᠵᠦᠢᠯ᠂ ᠬᠦᠳᠡᠯᠦᠯ ᠪᠠᠷᠢᠯ᠂ ᠬᠦᠳᠡᠯᠭᠡᠭᠡᠨ ᠤ ᠬᠢᠷᠢ ᠲᠦᠪᠰᠢᠨ᠂ ᠤᠷᠴᠢᠨ ᠲᠤᠭᠤᠷᠢᠨ ᠵᠡᠷᠭᠡ ᠨᠦᠯᠦᠭᠡᠯᠡᠬᠦ ᠬᠦᠴᠦᠨ ᠵᠦᠢᠯ ᠲᠠᠢ ᠨᠢᠬᠳᠠ ᠬᠤᠯᠪᠤᠭ᠎ᠠ ᠲᠠᠢ ᠪᠠᠶᠢᠳᠠᠬ᠃ ᠤᠨᠴᠠᠭᠠᠢᠢᠯᠠᠨ ᠡᠪᠤᠯ ᠤᠨ ᠤᠯᠠᠷᠢᠯ ᠳᠤ ᠴᠠᠬ ᠠᠭᠤᠷ ᠬᠦᠢᠳᠡᠷᠡᠭᠰᠡᠨ ᠠᠴᠠ ᠪᠤᠯᠵᠤ ᠨᠡᠩ ᠬᠢᠯᠪᠠᠷᠬᠠᠨ ᠬᠦᠳᠡᠯᠭᠡᠭᠡᠨ ᠤ ᠰᠢᠷᠬᠠᠳᠤᠯ ᠢ ᠡᠬᠦᠰᠭᠡᠳᠡᠭ ᠶᠤᠮ᠃         ᠪᠦᠷᠢᠳᠭᠡᠯ ᠢ ᠦᠨᠳᠦᠰᠦᠯᠡᠪᠡᠯ᠂ 25.8% ᠤᠨ ᠬᠦᠮᠦᠰ ᠨᠢ ᠡᠪᠦᠳᠦᠭ ᠤᠨ ᠦᠶ᠎ᠠ᠂ 20.6% ᠤᠨ ᠬᠦᠮᠦᠰ ᠨᠢ ᠱᠠᠭ᠎ᠠ ᠶᠢᠨ ᠭᠡᠰᠡᠭ᠂ 17.8% ᠤᠨ ᠬᠦᠮᠦᠰ ᠤᠨ ᠨᠢᠷᠤᠭᠤᠨ ᠭᠡᠰᠡᠭ ᠨᠢ ᠠᠮᠠᠷᠬᠠᠨ ᠰᠢᠷᠬᠠᠳᠤᠵᠤ᠂ ᠪᠦᠳᠦᠬᠦᠨ ᠭᠤᠶ᠎ᠠ ᠵᠡᠷᠭᠡ ᠭᠡᠰᠡᠭ ᠤᠨ ᠰᠢᠷᠬᠠᠳᠠᠬᠤ ᠬᠠᠷᠢᠴᠠᠯ ᠨᠢ 8.9% ᠢ ᠡᠵᠡᠯᠡᠵᠤ᠂ ᠮᠦᠷᠦ ᠶᠢᠨ ᠭᠡᠰᠡᠭ ᠤᠨ ᠰᠢᠷᠬᠠᠳᠤᠯ ᠨᠢ 8.4%᠂ ᠰᠢᠯᠪᠢ ᠶᠢᠨ ᠭᠡᠰᠡᠭ ᠤᠨ ᠰᠢᠷᠬᠠᠳᠤᠯ ᠨᠢ 8.2% ᠲᠤ ᠬᠦᠷᠦᠭᠰᠡᠨ ᠪᠠᠶᠢᠨ᠎ᠠ᠃ ᠠᠳᠠᠯᠢ ᠪᠤᠰᠤ ᠶᠢᠨ ᠪᠡᠶ᠎ᠠ ᠶᠢᠨ ᠬᠦᠳᠡᠯᠭᠡᠭᠡᠨ ᠨᠢ ᠠᠳᠠᠯᠢ ᠪᠤᠰᠤ ᠶᠢᠨ ᠭᠡᠰᠡᠭ ᠤᠨ ᠰᠢᠷᠬᠠᠳᠤᠯ ᠢ ᠡᠬᠦᠰᠭᠡᠳᠡᠭ · ᠵᠢᠱᠢᠶᠡᠯᠡᠪᠡᠯ ᠰᠠᠬᠰᠤᠨ ᠪᠦᠮᠪᠦᠭᠡ ᠨᠠᠭᠠᠳᠬᠤ ᠨᠢ ᠡᠪᠦᠳᠦᠭ᠂ᠱᠠᠭ᠎ᠠ ᠶᠢᠨ ᠭᠡᠰᠡᠭ ᠠᠮᠠᠷᠬᠠᠨ ᠰᠢᠷᠬᠠᠳᠤᠵᠤ᠂ ᠶᠤᠭ᠎ᠠ ᠪᠤᠯᠪᠠᠰᠤᠷᠠᠬᠤ᠂ ᠪᠡᠶ᠎ᠠ ᠶᠢᠨ ᠲᠠᠮᠢᠷ ᠬᠢᠬᠦ ᠨᠢ ᠨᠢᠷᠤᠭᠤ᠂ ᠮᠦᠷᠦ᠂ ᠡᠪᠦᠳᠦᠭ᠂ ᠪᠠᠭᠤᠨ ᠤ ᠭᠡᠰᠡᠭ ᠠᠮᠠᠷᠬᠠᠨ ᠰᠢᠷᠬᠠᠳᠤᠵᠤ᠂ ᠦᠰᠦᠷᠦᠯᠳᠡ ᠶᠢᠨ ᠴᠢᠨᠠᠷᠳᠠᠢ ᠬᠦᠳᠡᠯᠭᠡᠭᠡᠨ ᠬᠢᠬᠦ ᠨᠢ ᠪᠦᠳᠦᠬᠦᠨ ᠭᠤᠶ᠎ᠠ ᠶᠢᠨ ᠪᠤᠯᠴᠢᠩ ᠤᠨ ᠭᠡᠰᠡᠭ ᠰᠢᠷᠬᠠᠳᠤᠵᠤ᠂ ᠬᠦᠴᠦ ᠪᠤᠯᠪᠠᠰᠤᠷᠠᠬᠤ ᠨᠢ ᠮᠦᠷᠦ᠂ ᠲᠤᠬᠤᠢ᠂ ᠨᠢᠷᠤᠭᠤᠨ ᠤ ᠭᠡᠰᠡᠭ ᠢ ᠠᠮᠠᠷᠬᠠᠨ ᠰᠢᠷᠬᠠᠳᠤᠭᠤᠯᠬᠤ ᠪᠤᠯᠤᠨ᠎ᠠ᠃ ᠪᠡᠶ᠎ᠠ ᠶᠢᠨ ᠬᠦᠳᠡᠯᠭᠡᠭᠡᠨ ᠤ ᠰᠢᠷᠬᠠᠳᠤᠯ ᠡᠬᠦᠰᠭᠡᠬᠦ ᠨᠢ ᠨᠡᠯᠢᠶᠡᠳ ᠵᠢᠮ᠎ᠠ ᠶᠤᠰᠤᠴᠢ ᠴᠢᠨᠠᠷ ᠲᠠᠢ ᠪᠠᠶᠢᠳᠠᠬ ᠪᠤᠯᠬᠤᠷ ᠡᠨᠡᠬᠦ ᠵᠢᠮ ᠎ᠠ ᠶᠤᠰᠤ ᠶᠢ ᠨᠢ ᠰᠠᠶᠢᠬᠠᠨ ᠡᠵᠡᠮᠰᠢᠵᠤ ᠴᠢᠳᠠᠪᠡᠯ ᠰᠢᠷᠬᠠᠳᠤᠯ ᠤᠨ ᠨᠤᠷᠮ᠎ᠠ ᠶᠢ ᠶᠡᠭᠡᠪᠡᠷ ᠪᠠᠭᠤᠷᠠᠭᠤᠯᠵᠤ ᠪᠤᠯᠤᠨ᠎ᠠ᠃         1᠂ ᠪᠡᠶ᠎ᠠ ᠳᠡᠭᠡᠨ ᠲᠤᠬᠢᠷᠠᠬᠰᠠᠨ ᠪᠤᠯᠪᠠᠰᠤᠷᠠᠬᠤ ᠠᠷᠭ᠎ᠠ ᠭᠡᠯᠪᠡᠷᠢ ᠶᠢ ᠰᠤᠩᠭᠤᠪᠠᠯ ᠵᠤᠬᠢᠨ᠎ᠠ᠃ ᠵᠠᠯᠠᠭᠤ ᠬᠦᠮᠦᠰ ᠰᠠᠬᠰᠤᠨ ᠪᠦᠮᠪᠦᠭᠡ᠂ ᠬᠦᠯ ᠪᠦᠮᠪᠦᠭᠡ ᠵᠡᠷᠭᠡ ᠰᠢᠷᠦᠬᠦᠨ ᠬᠦᠳᠡᠯᠭᠡᠭᠡᠨ ᠢ ᠰᠤᠩᠭᠤᠵᠤ᠂ ᠢᠳᠡᠷ᠂ ᠦᠳᠡᠯᠦᠭᠡ ᠨᠠᠰᠤᠨ ᠤ ᠬᠦᠮᠦᠰ ᠵᠤᠭᠠᠴᠠᠬᠤ᠂ ᠨᠢᠳᠤᠷᠭᠠᠨ ᠲᠠᠮᠢᠷ ᠵᠡᠷᠭᠡ ᠨᠠᠮᠵᠢᠭᠤᠬᠠᠨ ᠬᠦᠳᠡᠯᠭᠡᠭᠡᠨ ᠢ ᠰᠤᠩᠭᠤᠵᠤ ᠪᠤᠯᠤᠨ᠎ᠠ᠃     2᠂ ᠬᠦᠳᠡᠯᠭᠡᠭᠡᠨ ᠨᠢ ᠲᠦᠷᠢᠮᠵᠢᠬᠦᠨ ᠪᠠᠶᠢᠬᠤ᠃ ᠪᠠᠶᠢᠴᠠᠭᠠᠯᠳᠠ ᠠᠴᠠ ᠦᠵᠡᠪᠡᠯ ᠬᠦᠳᠡᠯᠭᠡᠭᠡᠨ ᠤ ᠰᠢᠷᠬᠠᠳᠤᠯ ᠡᠬᠦᠰᠬᠦ ᠨᠢ 35.6% ᠲᠤ ᠬᠦᠷᠴᠤ᠂ ᠬᠦᠳᠡᠯᠭᠡᠭᠡᠨ ᠠᠴᠠ ᠪᠤᠯᠵᠤ ᠰᠢᠷᠬᠠᠳᠤᠯ ᠡᠬᠦᠰᠬᠦ ᠰᠢᠯᠳᠠᠭᠠᠨ ᠤ ᠲᠡᠷᠢᠬᠦᠨ ᠳᠤ ᠪᠠᠶᠢᠷᠢᠯᠠᠵᠤ ᠪᠠᠶᠢᠳᠠᠬ᠃ ᠬᠦᠳᠡᠯᠭᠡᠭᠡᠨ ᠬᠢᠬᠦ ᠳᠡᠭᠡᠨ ᠪᠡᠶ᠎ᠠ ᠶᠢᠨ ᠦᠨᠳᠦᠰᠦᠨ ᠪᠤᠯᠪᠠᠰᠤᠷᠠᠯ ᠢ ᠴᠢᠬᠤᠯᠠᠴᠢᠯᠠᠨ᠎ᠠ᠃ ᠬᠦᠷᠦᠯᠴᠡᠬᠦ᠋ᠢᠴᠡ ᠬᠦᠴᠦᠨ ᠴᠢᠳᠠᠯ᠂ ᠲᠠᠭᠠᠭᠠᠮᠠᠭᠠᠢ ᠴᠢᠨᠠᠷ ᠲᠠᠢ ᠪᠠᠶᠢᠬᠤ ᠨᠢ ᠡᠯ᠎ᠠ ᠵᠦᠢᠯ ᠤᠨ ᠮᠡᠷᠭᠡᠵᠢᠯ ᠤᠨ ᠬᠦᠳᠡᠯᠭᠡᠭᠡᠨ ᠢ ᠪᠡᠶᠡᠯᠡᠬᠦᠯᠬᠦ ᠶᠢᠨ ᠦᠨᠳᠦᠰᠦᠨ ᠪᠠᠳᠤᠯᠠᠭ᠎ᠠ ᠪᠤᠯᠤᠨ᠎ᠠ᠃         3᠂ ᠪᠤᠯᠪᠠᠰᠤᠷᠠᠯ ᠬᠢᠬᠦ ᠳᠡᠭᠡᠨ ᠲᠤᠬᠢᠳᠠᠢ ᠭᠠᠵᠠᠷ ᠢ ᠰᠤᠩᠭᠤᠬᠤ᠃ ᠪᠠᠶᠢᠴᠠᠭᠠᠯᠳᠠ ᠳᠤ ᠢᠯᠡᠷᠡᠭᠦᠯᠦᠭᠰᠡᠨ ᠢᠶᠠᠷ᠂ 16.9% ᠤᠨ ᠬᠦᠳᠡᠯᠭᠡᠭᠡᠨ ᠤ ᠰᠢᠷᠬᠠᠳᠤᠯ ᠨᠢ ᠪᠤᠯᠪᠠᠰᠤᠷᠠᠯ ᠤᠨ ᠭᠠᠵᠠᠷ ᠤᠨ ᠲᠤᠬᠢᠷᠠᠮᠵᠢ ᠦᠭᠡᠢ ᠠᠴᠠ ᠪᠤᠯᠤᠬᠰᠠᠨ ᠪᠠᠶᠢᠳᠠᠬ᠃         4᠂ ᠪᠡᠯᠡᠳᠭᠡᠯ ᠬᠦᠳᠡᠯᠭᠡᠭᠡᠨ ᠢ ᠬᠦᠢᠴᠡᠳ ᠬᠢᠬᠦ᠃ 27.8% ᠤᠨ ᠰᠢᠷᠬᠠᠳᠤᠯ ᠨᠢ ᠪᠦᠷ ᠪᠡᠯᠡᠳᠭᠡᠯ ᠬᠦᠳᠡᠯᠭᠡᠭᠡᠨ ᠢ ᠬᠦᠢᠴᠡᠳ ᠰᠠᠶᠢᠨ ᠬᠢᠭᠰᠡᠨ ᠦᠭᠡᠢ ᠠᠴᠠ ᠪᠤᠯᠤᠬᠰᠠᠨ ᠪᠠᠶᠢᠨ᠎ᠠ᠃ ᠡᠶᠢᠮᠦ ᠠᠴᠠ ᠪᠡᠶ ᠎ᠠ ᠪᠤᠯᠪᠠᠰᠤᠷᠠᠬᠤ ᠠᠴᠠ ᠪᠠᠨ ᠡᠮᠦᠨ᠎ᠠ ᠰᠤᠩᠬᠤ ᠪᠠ ᠪᠡᠶ᠎ᠠ ᠬᠠᠯᠰᠠᠭᠠᠬᠤ ᠬᠦᠳᠡᠯᠭᠡᠭᠡᠨ ᠢ ᠵᠤᠬᠢᠰᠳᠠᠢ ᠬᠢᠪᠡᠯ ᠵᠤᠬᠢᠨ᠎ᠠ᠃     5᠂ ᠲᠠᠮᠢᠷ ᠤᠨ ᠤᠮᠳᠠᠭᠠᠨ᠃ ᠪᠡᠶ᠎ᠠ ᠶᠢᠨ ᠬᠦᠳᠡᠯᠭᠡᠭᠡᠨ ᠬᠢᠬᠦ ᠦᠶᠡᠰ ᠶᠡᠭᠡ ᠬᠦᠯᠦᠰᠦ ᠭᠠᠷᠴᠤ᠂ ᠴᠠᠬᠢᠯᠭᠠᠨ ᠵᠠᠳᠠᠯᠤᠬ ᠪᠤᠳᠠᠰ ᠨᠢ ᠬᠦᠯᠦᠰᠦ ᠪᠠᠷ ᠲᠠᠮᠵᠢᠨ ᠭᠠᠷᠳᠠᠬ ᠠᠴᠠ ᠴᠠᠬ ᠲᠤᠬᠠᠢ ᠳᠤᠨᠢ ᠨᠦᠬᠦᠪᠦᠷᠢᠯᠡᠬᠦ ᠨᠢ ᠪᠤᠯᠴᠢᠩ ᠰᠢᠷᠪᠤᠰᠤ ᠲᠠᠳᠠᠬᠤ ᠠᠴᠠ ᠰᠡᠷᠭᠡᠶᠢᠯᠡᠵᠤ ᠴᠢᠳᠠᠨ᠎ᠠ᠃ ᠡᠬᠦᠨ ᠳᠤ ᠬᠠᠮᠤᠬ ᠠᠴᠠ ᠪᠦᠳᠦᠮᠵᠢᠳᠡᠢ ᠠᠷᠭ᠎ᠠ ᠨᠢ ᠲᠠᠮᠢᠷ ᠤᠨ ᠤᠮᠳᠠᠭᠠᠨ ᠢ ᠵᠤᠬᠢᠰᠳᠠᠢ ᠤᠤᠭᠤᠬᠤ ᠪᠤᠯᠤᠨ᠎ᠠ᠃         ᠭᠡᠷᠪᠡ ᠬᠦᠳᠡᠯᠭᠡᠭᠡᠨ ᠤ ᠲᠤᠮᠳᠠ ᠰᠠᠨᠠᠮᠰᠠᠷ ᠦᠭᠡᠢ ᠰᠢᠷᠬᠠᠳᠤᠪᠠᠯ ᠲᠡᠷᠡ ᠲᠠᠷᠤᠢ ᠳᠤᠨᠢ ᠬᠦᠳᠡᠯᠭᠡᠭᠡᠨ ᠬᠢᠬᠦ ᠪᠠᠨ ᠵᠤᠬᠰᠤᠵᠤ᠂ ᠰᠢᠷᠬᠠᠳᠤᠬᠰᠠᠨ ᠭᠡᠰᠡᠭ ᠲᠤ ᠮᠦᠰᠦᠨ ᠤᠭᠤᠳᠠ ᠲᠠᠯᠪᠢᠨ᠂ 20 ᠮᠢᠨᠦ᠋ᠲ ᠤᠨ ᠲᠠᠷᠠᠭ᠎ᠠ ᠬᠠᠷᠢᠮᠠᠬᠠᠢ ᠤᠷᠢᠶᠠᠯᠳᠠ ᠪᠠᠷ ᠪᠤᠭᠤᠵᠤ᠂ ᠴᠢᠬᠤᠯᠠᠳᠠᠢ ᠦᠶ᠎ᠠ ᠳᠤ ᠡᠮᠨᠡᠯᠭᠡ ᠳᠤ ᠬᠦᠷᠭᠡᠵᠤ ᠡᠮᠨᠡᠬᠦᠯᠬᠦ ᠴᠢᠬᠤᠯᠠᠲᠠᠢ᠃
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号