ᠢᠷᠠᠭᠤ ᠠᠯᠳᠠᠷ ᠢᠶᠠᠷ ᠡᠩᠬᠡᠷ ᠢᠶᠠᠨ ᠮᠢᠯᠢᠶᠠᠯᠭᠠᠵᠤ᠂ ᠤᠯᠤᠰ ᠤᠷᠤᠨ ᠤ ᠨᠠᠷᠠ ᠠᠯᠳᠠᠷ ᠢ ᠲᠡᠯᠡᠬᠡᠢ ᠶᠢᠨ | ᠲᠠᠮᠢᠷ ᠤᠨ ᠲᠠᠪᠴᠠᠩ ᠳᠤ ᠲᠠᠭᠤᠷᠢᠰᠤᠭᠤᠯᠤᠭᠰᠠᠠ ᠬᠠᠯᠠᠭᠤᠨ ᠴᠢᠮᠡᠭᠡ ᠶᠢ ᠰᠤᠨᠤᠰᠤᠭᠠᠳ ᠰᠤᠷᠪᠤᠯᠵᠢᠯᠠᠭᠴᠢ 12 | ᠰᠠᠷ᠎ᠠ ᠶᠢᠨ 18 ᠤ ᠡᠳᠤᠷ᠂ ᠬᠠᠳᠠᠨᠪᠠᠭᠠᠳᠤᠷ ᠢ ᠤᠳᠠᠰᠤ ᠪᠠᠷ ᠰᠤᠷᠪᠤᠯᠵᠢᠯᠠᠭᠰᠠᠠ ᠨᠢ ᠡᠨᠡ ᠪᠢᠯᠠ᠃ | 12 ᠰᠠᠷ᠎ᠠ ᠶᠢᠨ 8 — 10 ᠤ ᠡᠳᠤᠷ ᠪᠤᠯᠳᠠᠯ᠎ᠠ ᠠᠮᠧᠷᠢᠺᠠ ᠤᠯᠤᠰ ᠤᠨ ᠰᠠᠨ ᠹᠷᠠᠨᠰᠢᠰᠺᠦ ᠬᠤᠳᠠ ᠳᠤ | ᠶᠠᠪᠤᠭᠳᠠᠭᠰᠠᠨ ᠲᠡᠯᠡᠬᠡᠢ ᠶᠢᠨ ᠬᠤᠨᠳᠠᠭᠠᠳᠤ ᠳᠤᠮᠳᠠᠳᠤ ᠮᠠᠶ᠋ᠢᠭ ᠤᠨ ᠪᠦᠬᠡ ᠶᠢᠨ ᠲᠡᠮᠡᠴᠡᠬᠡᠨ ᠳᠤ ᠤᠯᠤᠰ ᠤᠷᠤᠨ ᠢᠶᠠᠨ | ᠲᠦᠯᠦᠬᠡᠯᠡᠨ ᠤᠷᠤᠯᠴᠠᠵᠤ᠂ ᠪᠦᠬᠦ ᠲᠡᠯᠡᠬᠡᠢ ᠶᠢᠨ 22 ᠤᠯᠤᠰ ᠤᠨ 200 ᠭᠠᠷᠤᠢ ᠰᠤᠳᠤᠨ ᠰᠢᠯᠢᠳᠡᠭ | ᠲᠠᠮᠢᠷᠴᠢᠳ ᠤᠨ ᠳᠤᠮᠳᠠ 90 ᠺᠢᠯᠦᠭᠷᠡᠮ ᠤᠨ ᠲᠠᠰ ᠤᠨ ᠤᠷᠤᠯᠳᠤᠭᠠᠨ ᠤ ᠮᠠᠩᠯᠠᠢ ᠰᠢᠬᠦᠷᠴᠠᠢ᠃ ︽ᠠᠯᠤᠰ | ᠲᠡᠯᠡᠢ ᠶᠢᠨ ᠬᠦᠪᠡᠭᠡ᠂ ᠬᠠᠷᠢ ᠠᠮᠧᠷᠢᠺᠠ ᠶᠢᠨ ᠰᠠᠨ ᠹᠷᠠᠨᠰᠢᠰᠺᠦ ᠠᠴᠠ ᠠᠪᠤ ᠲᠠᠨ ᠳᠠᠭᠠᠨ ᠮᠠᠨᠳᠤᠴᠢᠯᠠᠵᠤ ᠪᠠᠶᠢᠨ᠎ᠠ᠂ | ᠪᠦᠬᠡ ᠶᠢᠨ ᠠᠪᠤᠷᠭᠤ ᠪᠤᠯᠬᠤ ᠶᠢᠨ ᠬᠦᠰᠡᠯ ᠤᠨ ᠴᠤᠭ ᠢ ᠬᠦᠭᠵᠢᠬᠡᠭᠰᠡᠡ ᠬᠦᠮᠤᠨ ᠪᠤᠯ ᠠᠪᠤ ᠮᠢᠨᠢ ᠲᠠ ᠶᠤᠮ᠃ | ᠲᠠᠨ ᠤ ᠬᠤᠰᠢᠭᠤ ᠰᠤᠮᠤᠨ ᠤ ᠪᠠᠨ ᠨᠠᠭᠠᠳᠤᠮ ᠳᠤ ᠵᠤᠳᠤᠭᠯᠠᠨ ᠲᠠᠪᠢᠵᠤ ᠶᠠᠪᠤᠭᠰᠠᠠ ᠬᠡᠶᠢᠮᠤᠷᠢ ᠵᠢᠪᠬᠤᠭ᠎ᠠ ᠴᠢᠨᠢ | ᠠᠪᠤᠷᠭᠤ ᠪᠤᠯᠤᠭᠰᠠᠠ ᠤ ᠮᠢᠨᠢ ᠠᠮᠢᠨ ᠰᠠᠬᠢᠶ᠎ᠠ︾ ᠬᠡᠵᠤ ᠬᠠᠳᠠᠨᠪᠠᠭᠠᠳᠤᠷ ᠬᠠᠷᠢ ᠤᠯᠤᠰ ᠠᠴᠠ ᠰᠡᠳᠬᠢᠯ ᠳᠤᠭᠳᠤᠯᠤᠨ | ᠶᠠᠷᠢᠵᠤ ᠪᠠᠶᠢᠬᠰᠠᠠ ᠶᠤᠮ᠃ | | ᠬᠠᠳᠠᠨᠪᠠᠭᠠᠳᠤᠷ | ᠢᠷᠠᠭᠤ ᠠᠯᠳᠠᠷ ᠢᠶᠠᠷ ᠡᠩᠬᠡᠷ ᠢᠶᠠᠨ ᠮᠢᠯᠢᠶᠠᠯᠭᠠᠵᠤ᠂ ᠤᠯᠤᠰ ᠤᠷᠤᠨ ᠤ ᠨᠠᠷᠠ ᠠᠯᠳᠠᠷ ᠢ ᠲᠡᠯᠡᠬᠡᠢ ᠶᠢᠨ | ᠲᠠᠮᠢᠷ ᠤᠨ ᠲᠠᠪᠴᠠᠩ ᠳᠤ ᠲᠠᠭᠤᠷᠢᠰᠤᠭᠤᠯᠤᠭᠰᠠᠠ ᠬᠠᠯᠠᠭᠤᠨ ᠴᠢᠮᠡᠭᠡ ᠶᠢ ᠰᠤᠨᠤᠰᠤᠭᠠᠳ ᠰᠤᠷᠪᠤᠯᠵᠢᠯᠠᠭᠴᠢ 12 | ᠰᠠᠷ᠎ᠠ ᠶᠢᠨ 18 ᠤ ᠡᠳᠤᠷ᠂ ᠬᠠᠳᠠᠨᠪᠠᠭᠠᠳᠤᠷ ᠢ ᠤᠳᠠᠰᠤ ᠪᠠᠷ ᠰᠤᠷᠪᠤᠯᠵᠢᠯᠠᠭᠰᠠᠠ ᠨᠢ ᠡᠨᠡ ᠪᠢᠯᠠ᠃ | 12 ᠰᠠᠷ᠎ᠠ ᠶᠢᠨ 8 — 10 ᠤ ᠡᠳᠤᠷ ᠪᠤᠯᠳᠠᠯ᠎ᠠ ᠠᠮᠧᠷᠢᠺᠠ ᠤᠯᠤᠰ ᠤᠨ ᠰᠠᠨ ᠹᠷᠠᠨᠰᠢᠰᠺᠦ ᠬᠤᠳᠠ ᠳᠤ | ᠶᠠᠪᠤᠭᠳᠠᠭᠰᠠᠨ ᠲᠡᠯᠡᠬᠡᠢ ᠶᠢᠨ ᠬᠤᠨᠳᠠᠭᠠᠳᠤ ᠳᠤᠮᠳᠠᠳᠤ ᠮᠠᠶ᠋ᠢᠭ ᠤᠨ ᠪᠦᠬᠡ ᠶᠢᠨ ᠲᠡᠮᠡᠴᠡᠬᠡᠨ ᠳᠤ ᠤᠯᠤᠰ ᠤᠷᠤᠨ ᠢᠶᠠᠨ | ᠲᠦᠯᠦᠬᠡᠯᠡᠨ ᠤᠷᠤᠯᠴᠠᠵᠤ᠂ ᠪᠦᠬᠦ ᠲᠡᠯᠡᠬᠡᠢ ᠶᠢᠨ 22 ᠤᠯᠤᠰ ᠤᠨ 200 ᠭᠠᠷᠤᠢ ᠰᠤᠳᠤᠨ ᠰᠢᠯᠢᠳᠡᠭ | ᠲᠠᠮᠢᠷᠴᠢᠳ ᠤᠨ ᠳᠤᠮᠳᠠ 90 ᠺᠢᠯᠦᠭᠷᠡᠮ ᠤᠨ ᠲᠠᠰ ᠤᠨ ᠤᠷᠤᠯᠳᠤᠭᠠᠨ ᠤ ᠮᠠᠩᠯᠠᠢ ᠰᠢᠬᠦᠷᠴᠠᠢ᠃ ︽ᠠᠯᠤᠰ | ᠲᠡᠯᠡᠢ ᠶᠢᠨ ᠬᠦᠪᠡᠭᠡ᠂ ᠬᠠᠷᠢ ᠠᠮᠧᠷᠢᠺᠠ ᠶᠢᠨ ᠰᠠᠨ ᠹᠷᠠᠨᠰᠢᠰᠺᠦ ᠠᠴᠠ ᠠᠪᠤ ᠲᠠᠨ ᠳᠠᠭᠠᠨ ᠮᠠᠨᠳᠤᠴᠢᠯᠠᠵᠤ ᠪᠠᠶᠢᠨ᠎ᠠ᠂ | ᠪᠦᠬᠡ ᠶᠢᠨ ᠠᠪᠤᠷᠭᠤ ᠪᠤᠯᠬᠤ ᠶᠢᠨ ᠬᠦᠰᠡᠯ ᠤᠨ ᠴᠤᠭ ᠢ ᠬᠦᠭᠵᠢᠬᠡᠭᠰᠡᠡ ᠬᠦᠮᠤᠨ ᠪᠤᠯ ᠠᠪᠤ ᠮᠢᠨᠢ ᠲᠠ ᠶᠤᠮ᠃ | ᠲᠠᠨ ᠤ ᠬᠤᠰᠢᠭᠤ ᠰᠤᠮᠤᠨ ᠤ ᠪᠠᠨ ᠨᠠᠭᠠᠳᠤᠮ ᠳᠤ ᠵᠤᠳᠤᠭᠯᠠᠨ ᠲᠠᠪᠢᠵᠤ ᠶᠠᠪᠤᠭᠰᠠᠠ ᠬᠡᠶᠢᠮᠤᠷᠢ ᠵᠢᠪᠬᠤᠭ᠎ᠠ ᠴᠢᠨᠢ | ᠠᠪᠤᠷᠭᠤ ᠪᠤᠯᠤᠭᠰᠠᠠ ᠤ ᠮᠢᠨᠢ ᠠᠮᠢᠨ ᠰᠠᠬᠢᠶ᠎ᠠ︾ ᠬᠡᠵᠤ ᠬᠠᠳᠠᠨᠪᠠᠭᠠᠳᠤᠷ ᠬᠠᠷᠢ ᠤᠯᠤᠰ ᠠᠴᠠ ᠰᠡᠳᠬᠢᠯ ᠳᠤᠭᠳᠤᠯᠤᠨ | ᠶᠠᠷᠢᠵᠤ ᠪᠠᠶᠢᠬᠰᠠᠠ ᠶᠤᠮ᠃ | ︽ᠲᠦᠷᠤ ᠬᠦᠷᠤᠨ ᠤ ᠮᠢᠨᠢ ᠵᠤᠨ ᠲᠦᠮᠡᠨ᠂ ᠶᠠᠰᠤ ᠮᠢᠬᠠᠨ ᠤ ᠮᠢᠨᠢ ᠲᠦᠷᠤᠯ ᠰᠠᠳᠤᠨ ᠠᠨᠳᠠ ᠨᠠᠶᠢᠵᠢ | ᠨᠠᠷ ᠮᠢᠨᠢ ᠰᠠᠶᠢᠬᠠᠨ ᠡᠪᠤᠯᠵᠢᠵᠤ ᠪᠠᠶᠢᠨ᠎ᠠ ᠤᠤ︖ ᠠᠮᠧᠷᠢᠺᠠ ᠳᠤ ᠪᠤᠯᠤᠭᠰᠠᠠ ᠠᠩᠬᠠᠳᠤᠭᠠᠷ ᠤᠳᠠᠭᠠᠨ ᠤ | ᠲᠡᠯᠡᠬᠡᠢ ᠶᠢᠨ ᠠᠪᠤᠷᠭᠤ ᠶᠢᠨ ᠤᠷᠤᠯᠳᠤᠭᠠᠨ ᠳᠤ ᠲᠠ ᠨᠠᠷ ᠤᠨ ᠢᠶᠠᠨ ᠲᠡᠮᠵᠢᠯᠬᠡ ᠬᠡᠰᠢᠭ ᠪᠤᠶᠠᠨ ᠢᠶᠠᠷ ᠢᠷᠡᠨ | ᠤᠷᠤᠯᠴᠠᠭᠠᠳ ᠠᠯᠳᠠᠨ ᠮᠧᠳᠡᠯ ᠳᠤᠰᠤᠭᠰᠠᠠ ᠳᠠᠭᠠᠨ ᠪᠠᠶᠠᠷᠯᠠᠵᠤ ᠪᠠᠶᠢᠨ᠎ᠠ᠂ ᠡᠨᠡ ᠵᠠᠪᠰᠢᠶᠠᠨ ᠢ ᠨᠠᠳᠠᠳᠤ | ᠤᠯᠭᠤᠬᠠᠰᠠᠠ ᠳᠤᠮᠳᠠᠳᠤ ᠤᠯᠤᠰ ᠤᠨ ᠪᠠᠶ᠎ᠠ ᠶᠢᠨ ᠲᠠᠮᠢᠷ ᠤᠨ ᠵᠦᠪᠯᠡᠯ ᠤᠨ ᠤᠳᠤᠷᠢᠳᠤᠯᠭ᠎ᠠ᠂ ᠲᠠᠰᠬᠠᠯᠵᠢᠭᠤᠯᠤᠭᠴᠢ᠂ | ᠠᠬ᠎ᠠ ᠲᠡᠬᠦᠤ ᠨᠠᠷ ᠲᠠᠭᠠᠨ ᠪᠠᠶᠠᠷᠯᠠᠵᠤ ᠪᠠᠶᠢᠨ᠎ᠠ︾ ᠬᠡᠵᠤ ᠮᠤᠩᠭᠤᠯ ᠬᠦᠮᠤᠨ ᠤ ᠤᠮᠤᠭᠰᠢᠯ ᠪᠤᠯᠤᠭᠰᠠᠠ | ᠬᠠᠳᠠᠨᠪᠠᠭᠠᠳᠤᠷ ᠠᠯᠳᠠᠨ ᠮᠧᠳᠠᠯ ᠳᠤᠰᠤᠭᠰᠠᠠ ᠲᠦᠷᠦᠭᠳᠡᠯ ᠢᠶᠠᠨ ᠶᠠᠷᠢᠵᠤ ᠪᠠᠶᠢᠪᠠ᠃ | ᠳᠤᠰ ᠤᠳᠠᠭᠠᠨ ᠤ ᠤᠷᠤᠯᠳᠤᠭᠠᠨ ᠢ ᠠᠮᠧᠷᠢᠺᠠ ᠲᠢᠪ ᠤᠨ ᠪᠦᠬᠡ ᠶᠢᠨ ᠬᠤᠯᠪᠤᠭᠠᠳᠤ ᠬᠤᠷᠠᠯ ᠠᠴᠠ ᠭᠤᠤᠯᠯᠠᠨ | ᠡᠷᠬᠢᠯᠠᠵᠤ᠂ ᠰᠢᠨ ᠾᠦᠢ ᠸᠧᠨ ᠬᠠᠮ ᠵᠠᠭᠤᠴᠢᠯᠠᠭᠤᠷ ᠠᠴᠠ ᠲᠠᠭᠠᠭᠠᠴᠢᠯᠠᠨ ᠡᠷᠬᠢᠯᠠᠵᠤ᠂ ᠠᠮᠧᠷᠢᠺᠠ᠂ ᠶᠠᠫᠤᠨ᠂ | ᠹᠷᠠᠠᠼᠢ᠂ ᠳᠤᠮᠳᠠᠳᠤ᠂ ᠺᠠᠨᠠᠳᠠ᠂ ᠠᠩᠭ᠍ᠯᠢ᠂ ᠢᠲ᠋ᠠᠯᠢ᠂ ᠪᠷᠠᠽᠢᠯ ᠵᠡᠷᠬᠡ ᠤᠯᠤᠰ ᠤᠷᠤᠯᠴᠠᠵᠤ᠂ ᠡᠷᠡᠭᠳᠡᠢ ᠶᠢᠨ | ᠪᠠᠷᠢᠯᠳᠤᠭᠠᠨ ᠳᠤ 10 ᠲᠠᠰ ᠬᠤᠪᠢᠶᠠᠵᠤ᠂ ᠡᠮᠡᠭᠳᠡᠢ ᠶᠢᠨ ᠪᠠᠷᠢᠯᠳᠤᠭᠠᠨ ᠳᠤ 8 ᠲᠠᠰ ᠬᠤᠪᠢᠶᠠᠵᠠᠢ᠃ ᠡᠬᠦᠨ ᠳᠤ᠂ | ᠳᠤᠮᠳᠠᠳᠤ ᠤᠯᠤᠰ ᠤᠨ ᠪᠠᠶ᠎ᠠ ᠶᠢᠨ ᠲᠠᠮᠢᠷ ᠤᠨ ᠠᠩᠬᠢ ᠳᠤ 5 ᠡᠷᠡᠭᠳᠡᠢ ᠲᠠᠮᠢᠷᠴᠢᠨ᠂ 2 ᠡᠮᠡᠭᠳᠡᠢ ᠲᠠᠮᠢᠷᠴᠢᠨ | ᠤᠷᠤᠯᠴᠠᠭᠰᠠᠠ ᠪᠠᠶᠢᠨ᠎ᠠ᠃ | | ᠱᠠᠩᠨᠠᠯ ᠤᠯᠭᠤᠬᠤ ᠶᠤᠰᠤᠯᠠᠯ ᠳᠤ ᠬᠠᠳᠠᠨᠪᠠᠭᠠᠲᠤᠷ ᠤᠯᠤᠰ ᠤᠨ ᠲᠤᠰ ᠢᠶᠠᠨ ᠦᠨᠳᠦᠷ ᠡᠷᠬᠦᠨ᠎ᠡ | 12 ᠰᠠᠷ᠎ᠠ ᠶᠢᠨ ᠡᠬᠢ ᠪᠠᠷ ᠲᠡᠯᠡᠬᠡᠢ ᠶᠢᠨ ᠬᠤᠨᠳᠠᠭᠠᠳᠤ ᠳᠤᠮᠳᠠᠳᠤ ᠮᠠᠶ᠋ᠢᠭ ᠤᠨ ᠪᠦᠬᠡ ᠶᠢᠨ ᠲᠠᠮᠠᠴᠡᠬᠡᠨ ᠤ | ᠬᠤᠪᠢᠶᠠᠷᠢ ᠲᠡᠯᠡᠪᠡᠢ ᠶᠢᠨ ᠤᠷᠤᠯᠳᠤᠭᠠᠨ ᠳᠤ ᠳᠤᠮᠳᠠᠳᠤ ᠤᠯᠤᠰ ᠤᠨ ᠪᠡᠬᠡᠵᠢᠩ᠂ ᠾᠧᠪᠸᠢ ᠮᠤᠵᠢ ᠶᠢᠨ ᠪᠤᠤᠳᠢᠩ᠂ | ᠦᠪᠤᠷ ᠮᠤᠩᠭᠤᠯ᠂ ᠱᠠᠨᠳᠦ᠋ᠩ ᠮᠤᠵᠢ ᠶᠢᠨ ᠵᠢᠨᠠᠨ ᠵᠡᠷᠬᠡ ᠵᠢᠷᠭᠤᠭᠠᠨ ᠭᠠᠵᠡᠷ ᠤᠷᠤᠨ ᠤ ᠰᠢᠯᠢᠳᠡᠭ ᠲᠠᠮᠢᠷᠴᠢᠳ | ᠤᠷᠤᠯᠴᠠᠭᠰᠠᠠ ᠤ ᠳ᠋ᠦᠩ ᠳᠤ ᠦᠪᠤᠷ ᠮᠤᠩᠭᠤᠯ ᠤᠨ ᠬᠦᠯᠤᠨ ᠪᠤᠶᠢᠷ ᠬᠤᠳᠠ ᠶᠢᠨ ᠰᠢᠨ᠎ᠠ ᠪᠠᠷᠭᠤ ᠵᠡᠬᠦᠨ | ᠬᠤᠰᠢᠭᠤᠨ ᠤ ᠰᠤᠶᠤᠯ ᠲᠠᠮᠢᠷ ᠰᠤᠨᠢᠨ ᠮᠡᠳᠡᠭᠡ ᠬᠡᠪᠯᠡᠯ ᠷᠠᠳᠢᠤ᠋ ᠲᠧᠯᠸᠢᠰ ᠬᠤᠷᠢᠶᠠᠨ ᠤ ᠲᠠᠮᠢᠷᠴᠢᠨ ᠬᠠᠳᠠᠨᠪᠠᠭᠠᠳᠤᠷ | 90 ᠺᠢᠯᠦᠭᠷᠡᠮ ᠤᠨ ᠤᠷᠤᠯᠳᠤᠭᠠᠨ ᠳᠤ ᠮᠠᠩᠯᠠᠶᠢᠯᠠᠵᠤ᠂ ᠦᠪᠡᠷ ᠤᠨ ᠢᠶᠠᠨ ᠬᠠᠳᠠᠭᠤ ᠴᠢᠷᠮᠠᠶᠢᠯᠭ᠎ᠠ ᠪᠠᠷ ᠢᠶᠠᠨ | ᠤᠯᠤᠰ ᠢᠶᠠᠨ ᠲᠦᠯᠦᠬᠡᠯᠡᠨ ᠲᠡᠯᠡᠬᠡᠢ ᠶᠢᠨ ᠤᠷᠤᠯᠳᠤᠭᠠᠨ ᠳᠤ ᠤᠷᠤᠯᠴᠠᠬᠤ ᠡᠷᠬᠡ ᠶᠢ ᠤᠯᠵᠤ᠂ ᠬᠡᠷ ᠤᠷᠤᠨ ᠤ ᠠᠬ᠎ᠠ | ᠲᠠᠬᠦᠤᠰ ᠢᠶᠠᠨ ᠬᠠᠭ᠎ᠠ ᠪᠠᠶᠠᠷᠯᠠᠭᠤᠯᠵᠤ ᠪᠠᠶᠢᠯ᠎ᠠ᠃ ᠡᠨᠡᠬᠦ ᠰᠠᠶᠢᠬᠠᠨ ᠵᠤᠯ ᠵᠠᠪᠰᠢᠶᠠᠨ ᠨᠢ ᠬᠠᠳᠠᠨᠪᠠᠭᠠᠳᠤᠷ ᠤᠨ | ᠠᠮᠵᠢᠯᠳᠠ ᠳᠤ ᠬᠦᠷᠬᠦ ᠶᠢᠨ ᠰᠠᠭᠤᠷᠢ ᠶᠢ ᠲᠠᠯᠪᠢᠵᠤ ᠦᠭᠴᠠᠢ᠃ | ᠰᠢᠷᠠᠶᠢᠳ ᠬᠠᠯᠠ ᠶᠢᠨ ᠬᠠᠳᠠᠨᠪᠠᠭᠠᠳᠤᠷ ᠪᠤᠯ ᠬᠦᠯᠤᠨ ᠪᠤᠶᠢᠷ ᠬᠤᠳᠠ ᠶᠢᠨ ᠰᠢᠨ᠎ᠠ ᠪᠠᠷᠭᠤ ᠵᠡᠬᠦᠨ | ᠬᠤᠰᠢᠭᠤᠨ ᠤ ᠭᠠᠨᠵᠤᠤᠷ ᠰᠤᠮᠤᠨ ᠤ ᠤᠷᠱᠤᠨ ᠭᠠᠴᠠᠭ᠎ᠠ ᠪᠠᠷ ᠨᠤᠳᠤᠭᠳᠠᠢ᠂ ᠬᠠᠷᠠᠬᠠᠨ ᠪᠠᠭ᠎ᠠ ᠠᠴᠠ ᠪᠠᠨ ᠪᠦᠬᠡ ᠳᠤ | ᠳᠤᠷ᠎ᠠ ᠪᠠᠬ᠎ᠠ ᠲᠠᠢ ᠪᠦᠬᠡᠳ ᠠᠪᠤ ᠪᠠᠨ ᠲᠠᠭᠠᠵᠤ ᠨᠠᠶᠢᠷ ᠨᠠᠭᠠᠳᠤᠮ ᠢᠶᠠᠷ ᠪᠦᠬᠡ ᠪᠠᠷᠢᠯᠳᠤᠬᠤ ᠶᠢ ᠳᠤᠭᠳᠠᠭᠤᠨ | ᠰᠤᠨᠢᠷᠬᠠᠵᠤ ᠰᠠᠭᠤᠳᠠᠭ᠂ ᠲᠠᠷᠠᠴᠢᠯᠠᠨ ᠪᠠᠭ᠎ᠠ ᠠᠴᠠ ᠪᠠᠨ ᠦᠶ᠎ᠠ ᠶᠢᠨ ᠨᠠᠶᠢᠵᠢ ᠨᠠᠷ ᠲᠠᠢ ᠪᠠᠨ ᠪᠦᠬᠡ ᠪᠠᠷᠢᠯᠳᠤᠵᠤ | ᠪᠦᠬᠡᠴᠢᠨ ᠪᠤᠯᠬᠤ ᠬᠦᠰᠡᠯ ᠲᠠᠢ ᠪᠠᠶᠢᠬᠰᠠᠠ ᠪᠦᠬᠡᠳ ᠠᠪᠤ ᠨᠢ ᠪᠦᠬᠡ ᠰᠠᠶᠢᠨ ᠪᠠᠷᠢᠯᠳᠤᠳᠠᠭ ᠬᠦᠮᠤᠨ ᠪᠠᠶᠢᠵᠠᠢ᠃ | ᠠᠩᠬᠠᠨ ᠤ ᠰᠤᠷᠢᠭ᠎ᠠ ᠪᠠᠨ ᠬᠦᠯᠤᠨ ᠪᠤᠶᠢᠷ ᠬᠤᠳᠠ ᠶᠢᠨ ᠡᠸᠡᠩᠬᠢ ᠬᠤᠰᠢᠭᠤᠨ ᠳᠤ ᠬᠢᠭᠰᠡᠡ ᠲᠠᠷᠠ ᠪᠠᠷ ᠶᠠᠷᠤ ᠠᠴᠠ | ᠬᠠᠶᠢᠯᠠᠷ ᠲᠤ ᠤᠴᠢᠵᠤ ᠦᠵᠡᠭᠡ ᠦᠬᠡᠢ ᠮᠦᠷᠳᠡᠬᠡᠨ ᠶᠠᠬ ᠬᠠᠪᠤᠷ ᠤᠨ ᠲᠦᠯ ᠳᠤᠰᠬᠤ ᠴᠠᠭ ᠲᠤ ᠲᠠᠭᠠᠷᠠᠭᠰᠠᠠ ᠠᠴᠠ | ᠠᠪᠤ ᠡᠵᠢ ᠨᠢ ᠬᠦᠷᠬᠡᠵᠤ ᠴᠢᠳᠠᠭ᠎ᠠ ᠦᠬᠡᠢ᠂ ᠮᠠᠩᠯᠠᠢ ᠠᠬ᠎ᠠ ᠨᠢ ᠬᠠᠶᠢᠯᠠᠷ ᠠᠴᠠ ᠳᠤᠰᠴᠤ ᠬᠦᠷᠬᠡᠭᠰᠡᠡ ᠬᠡᠳᠡᠭ᠃ | ᠬᠠᠳᠠᠨᠪᠠᠭᠠᠳᠤᠷ 2015 ᠤᠨ ᠠᠴᠠ ᠡᠬᠢᠯᠠᠨ ᠰᠢᠨ᠎ᠠ ᠪᠠᠷᠭᠤ ᠵᠡᠬᠦᠨ ᠬᠤᠰᠢᠭᠤᠨ ᠤ ᠤᠤᠯ ᠤᠨ ᠲᠠᠷᠭᠤᠨᠨᠠᠭᠤᠷ | ᠰᠤᠮᠤᠨ ᠤ ᠵᠠᠶᠢᠯᠬᠠᠨ ᠬᠠᠯᠠ ᠶᠢᠨ ᠪᠦᠷᠢᠨᠪᠤᠯᠤᠳ ᠪᠠᠭᠰᠢ ᠶᠢᠨ ᠳᠤᠤᠷ᠎ᠠ ᠳᠤᠮᠳᠠᠳᠤ ᠮᠠᠶ᠋ᠢᠭ ᠤᠨ ᠪᠦᠬᠡ ᠪᠤᠯᠪᠠᠰᠤᠷᠠᠵᠤ | ᠂ 2015 ᠤᠨ ᠳᠤ ᠱᠠᠨᠰᠢ ᠮᠤᠵᠢ ᠳᠤ ᠶᠠᠪᠤᠭᠳᠠᠭᠰᠠᠠ ᠪᠦᠬᠦ ᠤᠯᠤᠰ ᠤᠨ ᠮᠠᠩᠯᠠᠢ ᠰᠢᠯᠭᠠᠷᠠᠭᠤᠯᠬᠤ | ᠤᠷᠤᠯᠳᠤᠭᠠᠨ ᠳᠤ ᠮᠦᠩᠬᠦᠨ ᠮᠧᠳᠠᠯ ᠳᠤᠰᠴᠤ᠂ 2016 ᠤᠨ ᠤ ᠯᠢᠶᠤᠤᠨᠢᠩ ᠮᠤᠵᠢ ᠳᠤ ᠶᠠᠪᠤᠭᠳᠠᠭᠰᠠᠠ ᠪᠦᠬᠦ | ᠤᠯᠤᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠮᠦᠩᠬᠦᠨ ᠮᠧᠳᠡᠯ ᠭᠠᠷᠳᠠᠵᠠᠢ᠃ 2017 ᠤᠨ ᠳᠤ | ᠯᠢᠶᠤᠤᠨᠢᠩ ᠮᠤᠵᠢ ᠶᠢᠨ ᠬᠤ᠋ ᠯᠤ᠋ ᠳ᠋ᠤᠤ ᠬᠤᠳᠠ ᠳᠤ ᠶᠠᠪᠤᠭᠳᠠᠭᠰᠠᠠ ᠪᠦᠬᠦ ᠤᠯᠤᠰ ᠤᠨ ᠮᠠᠩᠯᠠᠢ ᠰᠢᠯᠭᠠᠷᠠᠭᠤᠯᠬᠤ | ᠤᠷᠤᠯᠳᠤᠭᠠᠨ ᠳᠤ ᠲᠡᠳ᠋ᠯᠡᠵᠤ᠂ 2017 ᠤᠨ ᠳᠤ ᠪᠦᠬᠦ ᠤᠯᠤᠰ ᠤᠨ ᠳᠤᠮᠳᠠᠳᠤ ᠮᠠᠶ᠋ᠢᠭ ᠤᠨ ᠪᠦᠬᠡ ᠶᠢᠨ ᠮᠠᠩᠯᠠᠢ | ᠰᠢᠯᠭᠠᠷᠠᠭᠤᠯᠬᠤ ᠤᠷᠤᠯᠳᠤᠭᠠᠨ ᠳᠤ ᠠᠯᠳᠠᠨ ᠮᠧᠳᠡᠯ ᠭᠠᠷᠳᠠᠭᠰᠠᠠ ᠪᠢᠯᠠ᠃ | | ᠨᠤᠳᠤᠭ ᠤᠨ ᠬᠦᠮᠦᠰ ᠨᠢ ᠬᠠᠯᠠᠭᠤᠨ ᠢᠶᠠᠷ ᠤᠭᠳᠤᠨᠡ | ᠬᠠᠳᠠᠨᠪᠠᠭᠠᠳᠤᠷ ᠤᠨ ᠠᠮᠵᠢᠯᠳᠠ ᠨᠢ ᠲᠠᠬᠦᠨ ᠤ ᠲᠠᠰᠬᠠᠯᠵᠢᠭᠤᠯᠤᠭᠴᠢ ᠪᠦᠷᠢᠨᠪᠤᠯᠤᠳ ᠪᠠᠭᠰᠢ ᠲᠠᠢ ᠨᠢᠬᠳᠠ | ᠬᠤᠯᠪᠤᠭ᠎ᠠ ᠲᠠᠢ᠃ ︽ᠪᠦᠷᠢᠨᠪᠤᠯᠤᠳ ᠪᠠᠭᠰᠢ ᠪᠤᠯ ᠳᠤᠮᠳᠠᠳᠤ ᠮᠠᠶ᠋ᠢᠭ ᠤᠨ ᠪᠦᠬᠡ ᠶᠢᠨ ᠬᠦᠩᠬᠡᠨ ᠲᠠᠰ ᠤᠨ | ᠤᠯᠤᠰ ᠤᠨ ᠠᠪᠤᠷᠭᠤ᠃ ᠤᠳᠤ ᠲᠠᠪᠢ ᠶᠢᠨ ᠲᠠᠪᠠᠭ᠎ᠠ ᠶᠢ ᠲᠠᠪᠠᠵᠤ ᠪᠠᠶᠢᠨ᠎ᠠ᠂ ᠬᠡᠬᠦ ᠳᠡᠭᠡᠨ ᠪᠠᠭᠰᠢ ᠮᠢᠨᠢ ᠪᠤᠯ | ᠮᠡᠷᠬᠡᠵᠢᠯ ᠰᠠᠶᠢᠳᠠᠢ᠂ ᠪᠠᠷᠢᠴᠠ ᠰᠠᠶᠢᠳᠠᠢ᠂ ᠮᠡᠷᠬᠡᠵᠢᠯ ᠵᠢᠭᠠᠬᠤ ᠲᠠᠯ᠎ᠠ ᠪᠠᠷ ᠰᠠᠶᠢᠨ᠃ ᠶᠠᠷᠤ ᠨᠢ ᠳᠤᠮᠳᠠᠳᠤ ᠮᠠᠶ᠋ᠢᠭ ᠤᠨ | ᠪᠦᠬᠡ ᠪᠤᠯ ᠵᠤᠳᠤᠭ ᠲᠠᠢ ᠪᠠᠷᠢᠯᠳᠤᠨ᠎ᠠ᠂ ᠴᠠᠭ ᠢᠶᠠᠷ᠂ ᠪᠠᠷᠢᠴᠠ ᠶᠢᠨ ᠪᠡᠯᠡᠳᠬᠡᠯ᠂ ᠮᠡᠷᠬᠡᠵᠢᠯ ᠤᠨ᠂ ᠬᠦᠴᠤᠨ ᠤ | ᠲᠠᠰᠬᠠᠯ᠂ ᠠᠮᠢᠰᠬᠤᠯ ᠤᠨ ᠪᠡᠯᠡᠳᠬᠡᠯ ᠢ ᠰᠠᠶᠢᠨ ᠬᠢᠭᠰᠡᠡ ᠢᠶᠠᠷ ᠦᠨᠤᠳᠤᠷ ᠤᠨ ᠠᠮᠵᠢᠯᠳᠠ ᠳᠤ ᠬᠦᠷᠦᠭᠰᠡᠡ ᠶᠤᠮ︾ | ᠬᠡᠵᠤ ᠡᠷ᠎ᠠ ᠬᠦᠮᠤᠨ ᠤ ᠰᠢᠨᠳᠠᠰᠤ ᠲᠠᠢ ᠬᠠᠳᠠᠨᠪᠠᠭᠠᠳᠤᠷ ᠪᠠᠭᠰᠢ ᠳᠠᠭᠠᠨ ᠲᠠᠯᠠᠷᠬᠠᠭᠰᠠᠠ ᠰᠡᠳᠬᠢᠯᠬᠡ ᠲᠠᠢ ᠶᠠᠷᠢᠨ᠎ᠠ᠃ | ᠪᠦᠷᠢᠨᠪᠤᠯᠤᠳ 1988 ᠤᠨ ᠠᠴᠠ ᠡᠬᠢᠯᠠᠨ ᠪᠦᠬᠦ ᠤᠯᠤᠰ ᠤᠨ ᠤᠷᠤᠯᠳᠤᠭᠠᠨ ᠳᠤ ᠭᠠᠨᠵᠤᠭ᠎ᠠ ᠲᠦᠬᠦᠷᠠᠩ ᠶᠠᠪᠤᠵᠤ | ᠪᠠᠶᠢᠵᠠᠢ᠃ 1989 ᠤᠨ ᠳᠤ ᠾᠧᠨᠡᠨ ᠮᠤᠵᠢ ᠶᠢᠨ ᠵᠧᠩᠵᠸᠤ ᠬᠤᠳᠠ ᠳᠤ ᠶᠠᠪᠤᠭᠳᠠᠭᠰᠠᠠ ᠪᠦᠬᠦ ᠤᠯᠤᠰ ᠤᠨ | ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠬᠦᠷᠠᠯ ᠮᠧᠳᠡᠯ ᠳᠤᠰᠴᠤ᠂ 1990 ᠤᠨ ᠳᠤ ᠦᠪᠤᠷ ᠮᠤᠩᠭᠤᠯ ᠤᠨ | ᠤᠯᠠᠭᠠᠨᠴᠠᠪ ᠬᠤᠳᠠ ᠳᠤ ᠪᠤᠯᠤᠭᠰᠠᠠ ᠪᠦᠬᠦ ᠤᠯᠤᠰ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠲᠦᠷᠪᠡᠳᠤᠬᠡᠷ | ᠨᠠᠷᠠᠰ ᠲᠤ ᠳᠤᠳᠤᠷᠠᠵᠤ᠂ 1992 ᠤᠨ ᠳᠤ ᠯᠠᠨᠵᠸᠤ ᠬᠤᠳᠠ ᠳᠤ ᠶᠠᠪᠤᠭᠳᠠᠭᠰᠠᠠᠠ ᠪᠦᠬᠦ ᠤᠯᠤᠰ ᠤᠨ ᠮᠠᠩᠯᠠᠢ | ᠰᠢᠯᠭᠠᠷᠠᠭᠤᠯᠬᠤ ᠤᠷᠤᠯᠳᠤᠭᠠᠨ ᠳᠤ ᠮᠦᠩᠬᠦᠨ ᠮᠧᠳᠡᠯ ᠭᠠᠷᠳᠠᠵᠤ ᠪᠠᠶᠢᠵᠠᠢ᠃ 2015 ᠤᠨ ᠠᠴᠠ ᠡᠬᠢᠯᠠᠨ ᠰᠢᠨ᠎ᠠ | ᠪᠠᠷᠭᠤ ᠵᠡᠬᠦᠨ ᠬᠤᠰᠢᠭᠤᠨ ᠤ ᠰᠤᠶᠤᠯ ᠲᠠᠮᠢᠷ ᠰᠤᠨᠢᠨ ᠮᠡᠳᠡᠭᠡ ᠬᠡᠪᠯᠡᠯ ᠷᠠᠳᠢᠤ᠋ ᠲᠧᠯᠸᠢᠰ ᠬᠤᠷᠢᠶᠠᠨ ᠳᠤ ᠳᠤᠮᠳᠠᠳᠤ | ᠮᠠᠶ᠋ᠢᠭ ᠤᠨ ᠪᠦᠬᠡ ᠶᠢᠨ ᠲᠠᠰᠬᠠᠯᠵᠢᠭᠤᠯᠤᠬᠴᠢ ᠪᠠᠷ ᠠᠵᠢᠯᠯᠠᠵᠤ᠂ ᠡᠨᠡ ᠬᠤᠭᠤᠷᠤᠨᠳᠤ ᠨᠡᠯᠢᠶᠠᠳ ᠤᠯᠠᠨ ᠰᠤᠷᠤᠭᠴᠢ | ᠱᠠᠪᠢ ᠨᠠᠷ ᠢ ᠬᠦᠮᠥᠵᠢᠬᠦᠯᠵᠠᠢ᠃ | ᠠᠮᠵᠢᠯᠳᠠ ᠳᠤ ᠬᠦᠷᠤᠨ᠎ᠠ ᠬᠡᠳᠡᠭ ᠪᠤᠯ ᠤᠯᠠᠨ ᠡᠯᠧᠮᠧᠨ᠋ᠲ ᠠᠴᠠ ᠳᠤᠭᠳᠠᠭᠠᠭᠳᠠᠳᠠᠭ᠃ ᠡᠬᠦᠨ ᠤ ᠳᠤᠳᠤᠷᠠᠬᠢ | ᠬᠠᠮᠤᠭ ᠤᠨ ᠴᠢᠬᠤᠯᠠ ᠡᠯᠧᠮᠧᠨ᠋ᠲ ᠨᠢ ᠲᠠᠷᠤᠢ ᠠᠷᠤ ᠬᠡᠷ ᠤᠨ ᠲᠡᠮᠵᠢᠯᠬᠡ᠃ ︽ᠮᠢᠨᠤ ᠨᠦᠬᠦᠷ ᠬᠤᠤᠰᠴᠡᠴᠡᠭ ᠬᠡᠳᠡᠭ᠃ | ᠰᠠᠶᠢᠨ ᠪᠦᠬᠡ ᠪᠤᠯᠬᠤ ᠳᠤ ᠠᠷᠤ ᠬᠡᠷ ᠤᠨ ᠲᠦᠰᠢᠭ ᠳᠤᠯᠭᠠᠭᠤᠷᠢ᠂ ᠬᠠᠨᠢ ᠨᠦᠬᠦᠷ ᠮᠢᠨᠢ ᠲᠡᠮᠵᠢᠭᠰᠡᠡ ᠤ ᠠᠴᠢ | ᠪᠤᠶᠠᠨ ᠢᠶᠠᠷ ᠦᠨᠤᠳᠤᠷ ᠤᠨ ᠠᠮᠵᠢᠯᠳᠠ ᠳᠤ ᠬᠦᠷᠦᠭᠰᠡᠡ ᠶᠤᠮ᠃ ᠭᠠᠳᠠᠭᠰᠢ ᠪᠡᠯᠡᠳᠬᠡᠯ ᠳᠤ ᠶᠠᠪᠤᠬᠤ ᠳᠤ ᠬᠡᠷ | ᠤᠷᠤᠨ ᠢᠶᠠᠨ ᠤᠷᠬᠢᠴᠢᠬᠠᠨᠠ᠂ ᠤᠷᠤᠯᠳᠤᠭᠠᠨ ᠲᠡᠮᠡᠴᠡᠬᠡᠨ ᠳᠤ ᠶᠠᠪᠤᠬᠤ ᠳᠤ ᠬᠡᠳᠤᠨ ᠡᠳᠤᠷ᠂ ᠬᠡᠳᠤᠨ ᠰᠠᠷ᠎ᠠ ᠪᠠᠷ | ᠶᠠᠪᠤᠨ᠎ᠠ᠂ ᠲᠡᠷᠠ ᠦᠶ᠎ᠠ ᠳᠤ ᠠᠷᠤ ᠬᠡᠷ ᠤᠨ ᠠᠵᠢᠯ ᠢ ᠨᠦᠬᠦᠷ ᠮᠠᠨᠢ ᠪᠦᠬᠦᠨ ᠢ ᠲᠠᠭᠠᠭᠠᠵᠤ᠂ ᠦᠷ᠎ᠠ ᠬᠡᠤᠬᠡᠳ ᠢᠶᠠᠨ | ᠳᠤᠳᠤᠮᠳᠠᠨᠠ᠂ ᠨᠠᠰᠤᠳᠠᠨ ᠳᠤᠮᠤᠭᠠᠳᠠᠠ ᠢᠶᠠᠨ ᠬᠠᠷᠠᠭᠠᠯᠵᠠᠨ᠎ᠠ᠂ ᠬᠠᠨᠢ ᠮᠨᠠᠢ ᠲᠠᠷᠠ ᠪᠦᠬᠦᠨ ᠢ ᠬᠢᠵᠤ ᠶᠠᠪᠤᠳᠠᠭ ᠲᠤ | ᠪᠠᠶᠠᠷᠯᠠᠵᠤ ᠶᠠᠪᠤᠳᠠᠭ᠂ ᠦᠨᠤᠳᠤᠷ ᠤᠨ ᠠᠮᠵᠢᠯᠳᠠ ᠤᠯᠤᠭᠰᠠᠠ ᠨᠢ ᠬᠠᠨᠢ ᠨᠦᠬᠦᠷ᠂ ᠠᠪᠤ ᠡᠵᠢ ᠶᠢᠨ ᠮᠢᠨᠢ | ᠲᠠᠮᠵᠢᠯᠬᠡ ᠠᠴᠠ ᠰᠠᠯᠵᠤ ᠪᠤᠯᠤᠰᠢ ᠦᠬᠡᠢ ᠬᠤᠯᠪᠤᠭ᠎ᠠ ᠲᠠᠢ︾ ᠬᠡᠮᠡᠬᠦ ᠬᠠᠳᠠᠨᠪᠠᠭᠠᠳᠤᠷ ᠤᠨ ᠶᠠᠷᠢᠶ᠎ᠠ ᠨᠢ ᠰᠡᠳᠬᠢᠯ ᠢ | ᠮᠢᠨᠢ ᠬᠦᠨᠳᠡᠵᠤ᠂ ᠠᠪᠤ ᠡᠵᠢ ᠳᠡᠭᠡᠨ ᠠᠴᠢᠯᠠᠯ ᠲᠠᠢ᠂ ᠬᠡᠷᠬᠡᠢ ᠬᠡᠤᠬᠡᠳ ᠲᠡᠭᠡᠨ ᠬᠠᠷᠢᠭᠤᠴᠠᠯᠭ᠎ᠠ ᠲᠠᠢ ᠪᠠᠶᠢᠭ᠎ᠠ ᠶᠢ ᠨᠢ | ᠰᠤᠨᠤᠰᠤᠭᠠᠳ ᠦᠪᠡᠷ ᠤᠨ ᠡᠷᠬᠡ ᠦᠬᠡᠢ ᠤᠶᠠᠷᠠᠵᠤ ᠰᠠᠭᠤᠯ᠎ᠠ᠃ | | ᠤᠷᠤᠯᠳᠤᠭᠠᠨ ᠳᠤ ᠤᠷᠤᠯᠴᠠᠭᠰᠠᠨ ᠳᠤᠮᠳᠠᠳᠤ ᠤᠯᠤᠰ ᠤᠨ ᠲᠦᠯᠦᠭᠡᠯᠡᠭᠴᠢ ᠨᠠᠷ | ᠬᠡᠪᠡᠴᠦ ︽ᠭᠠᠢ ᠭᠠᠵᠡᠷ ᠳᠤᠤᠷ᠎ᠠ ᠠᠴᠠ︾ ᠬᠡᠳᠡᠭᠴᠢᠯᠠᠨ ᠬᠠᠶᠢᠷᠠᠳᠠᠢ ᠡᠵᠢ ᠨᠢ ᠬᠡᠨᠡᠳᠳᠠ ᠵᠢᠷᠤᠬᠡᠨ | ᠡᠪᠡᠳᠴᠢᠨ ᠢᠶᠠᠷ ᠨᠠᠰᠤ ᠪᠠᠷᠠᠭᠰᠠᠠ ᠤ ᠲᠠᠷᠠᠭ᠎ᠠ ᠬᠠᠳᠠᠨᠪᠠᠭᠠᠳᠤᠷ ᠴᠤ ᠤᠷᠴᠢᠯᠠᠩ ᠳᠤ ᠭᠠᠭᠴᠠ ᠬᠦ ᠡᠵᠢ ᠪᠠᠨ | ᠠᠯᠳᠠᠵᠤ ᠵᠤᠪᠠᠭᠰᠠᠠ ᠤ ᠪᠤᠯᠪᠠᠤ ᠡᠪᠡᠳᠴᠢᠯᠠᠵᠤ᠂ ᠪᠠᠶ᠎ᠠ ᠨᠢ ᠠᠷᠭ᠎ᠠ ᠦᠬᠡᠢ ᠶᠡᠭᠡ ᠮᠠᠭᠤᠳᠠᠵᠤ ᠰᠤᠯᠠᠳᠠᠭᠠᠳ᠂ | ᠬᠤᠶᠠᠷ ᠭᠤᠷᠪᠠᠨ ᠵᠢᠯ ᠪᠦᠷ ᠪᠦᠬᠡ ᠪᠠᠷᠢᠯᠳᠤᠬᠤ ᠪᠠᠨ ᠵᠤᠭᠰᠤᠬᠰᠠᠠ ᠶᠤᠮ᠃ ᠲᠡᠬᠡᠬᠡᠳ ᠰᠡᠬᠦᠯᠠᠷ ᠨᠢ ᠪᠠᠶ᠎ᠠ ᠪᠠᠨ | ᠰᠤᠪᠢᠯᠠᠵᠤ ᠡᠳᠡᠬᠡᠷᠡᠬᠦᠯᠦᠬᠡᠳ ᠲᠠᠬᠢᠨ ᠪᠦᠬᠡᠴᠢᠨ ᠤ ᠠᠶᠠᠨ ᠢᠶᠠᠨ ᠡᠬᠢᠯᠡᠬᠦᠯᠬᠦ ᠳᠤ ᠶᠠᠷᠤ ᠨᠢ ᠰᠠᠶᠢᠨ ᠪᠠᠷᠢᠯᠳᠤᠵᠤ | ᠴᠢᠳᠠᠬᠤ ᠦᠬᠡᠢ ᠪᠠᠶᠢᠬᠤ ᠳᠤᠨᠢ ᠨᠠᠰᠤᠳᠠᠨ ᠪᠤᠭᠤᠷᠤᠯ ᠠᠪᠤ ᠨᠢ ᠨᠠᠨᠳᠢᠨ ᠵᠦᠪᠯᠡᠯᠬᠡ ᠦᠭᠴᠤ᠂ ᠠᠬ᠎ᠠ ᠲᠡᠬᠦᠤ ᠨᠢ | ᠰᠡᠳᠬᠢᠯ ᠢᠶᠠᠷ ᠢᠶᠠᠨ ᠲᠡᠮᠵᠢᠭᠰᠡᠡ ᠪᠢᠯᠠ᠃ ᠬᠡᠷ ᠪᠦᠯᠢ ᠶᠢᠨ ᠲᠠᠮᠵᠢᠯᠬᠡ ᠪᠠᠷ ᠬᠠᠮᠤᠭ ᠤᠨ ᠬᠦᠴᠢᠷ ᠪᠡᠷᠬᠡᠳᠠᠢ ᠴᠠᠭ | ᠮᠦᠴᠠ ᠶᠢ ᠦᠩᠬᠡᠷᠡᠬᠡᠨ ᠳᠤᠭᠤᠯᠵᠤ᠂ ᠪᠠᠶ᠎ᠠ ᠨᠢ ᠲᠡᠩᠬᠡᠬᠡᠷᠡᠵᠤ ᠵᠤᠷᠢᠬᠵᠢᠬᠰᠠᠠ ᠠᠴᠠ ᠨᠢᠬᠡ ᠵᠢᠯ ᠤᠨ ᠬᠠᠳᠠᠭᠤ | ᠰᠢᠷᠤᠬᠦᠨ ᠪᠡᠯᠡᠳᠬᠡᠯ ᠬᠢᠬᠡᠳ ᠤᠷᠤᠯᠳᠤᠭᠠᠨ ᠳᠤ ᠤᠷᠤᠯᠴᠠᠵᠤ᠂ ᠠᠮᠵᠢᠯᠳᠠ ᠳᠤ ᠬᠦᠷᠦᠭᠰᠡᠡ ᠨᠢ ᠡᠨᠡ ᠶᠤᠮ᠃ ᠡᠨᠡᠬᠦ | ᠠᠮᠵᠢᠯᠳᠠ ᠨᠢ ᠴᠦᠬᠦᠷᠡᠰᠢ ᠦᠬᠡᠢ ᠴᠢᠷᠮᠠᠶᠢᠯᠭ᠎ᠠ ᠠᠴᠠ ᠰᠠᠯᠵᠦ ᠴᠢᠳᠠᠬᠤ ᠦᠬᠡᠢ ᠨᠢ ᠯᠠᠪᠳᠠᠢ᠃ | ︽ᠵᠠᠯᠠᠭᠤ ᠨᠢᠬᠡ ᠦᠶ᠎ᠠ ᠳᠡᠭᠡᠨ ᠪᠦᠬᠡ ᠶᠢᠨ ᠮᠡᠷᠬᠡᠵᠢᠯ ᠢ ᠵᠢᠭᠠᠵᠤ ᠤᠯᠠᠮᠵᠢᠯᠠᠵᠤ᠂ ᠬᠤᠵᠢᠮ ᠬᠤᠶᠢᠰᠢᠳᠠ | ᠰᠠᠶᠢᠨ ᠪᠦᠬᠡ ᠪᠤᠯᠪᠠᠰᠤᠷᠠᠭᠤᠯᠤᠶᠠ ᠬᠡᠵᠤ ᠪᠤᠳᠤᠵᠤ ᠪᠠᠶᠢᠨ᠎ᠠ᠂ ᠪᠠᠰᠠ ᠳᠤᠮᠳᠠᠳᠤ ᠮᠠᠶ᠋ᠢᠭ ᠤᠨ ᠪᠦᠬᠡ ᠶᠢ 2021 | ᠤᠨ ᠳᠤ ᠪᠦᠬᠦ ᠤᠯᠤᠰ ᠤᠨ ᠪᠠᠶ᠎ᠠ ᠶᠢᠨ ᠲᠠᠮᠢᠷ ᠤᠨ ᠴᠤᠭᠯᠠᠭᠠᠨ ᠳᠤ ᠤᠷᠤᠭᠤᠯᠤᠭᠰᠠᠠ ᠪᠤᠯᠬᠤᠷ ᠪᠡᠯᠡᠳᠬᠡᠯ ᠢᠶᠠᠨ | ᠰᠠᠶᠢᠨ ᠬᠢᠵᠤ᠂ ᠰᠠᠶᠢᠨ ᠠᠮᠵᠢᠯᠳᠠ ᠤᠯᠤᠶ᠎ᠠ ᠬᠡᠵᠤ ᠪᠤᠳᠤᠵᠤ ᠪᠠᠶᠢᠨ᠎ᠠ︾ ᠬᠡᠵᠤ ᠬᠡᠶᠢᠮᠤᠷᠢ ᠵᠤᠯᠪᠤᠭᠠᠳᠠᠢ | ᠬᠠᠳᠠᠨᠪᠠᠭᠠᠳᠤᠷ ᠬᠤᠵᠢᠮ ᠤᠨ ᠲᠦᠯᠦᠪᠯᠡᠭᠡ ᠪᠠᠨ ᠰᠠᠳᠬᠢᠯ ᠬᠠᠩᠬᠤᠯᠤᠭᠤᠨ ᠶᠠᠷᠢᠨ᠎ᠠ᠃ |