ᠠᠨᠳᠠᠢ ᠪᠦᠵᠢᠭ
ᠨᠡᠶᠢᠲᠡᠯᠡᠭᠰᠡᠨ ᠴᠠᠭ᠄
2019/1/2
    ᠠᠨᠳᠠᠢ ᠭᠡᠬᠦ ᠲᠠᠭᠤᠤ ᠪᠦᠵᠢᠭ ᠪᠤᠯ ᠮᠤᠩᠭᠤᠯᠴᠤᠳ ᠤᠨ ᠤᠯᠠᠮᠵᠢᠯᠠᠯᠲᠦ ᠲᠠᠭᠤᠤ ᠪᠦᠵᠢᠭ ᠤᠨ ᠤᠷᠠᠯᠢᠬ ᠤᠨ ᠬᠦᠭᠵᠢᠯ ᠳᠠᠬᠢ ᠴᠢᠬᠤᠯᠠ ᠨᠢᠭᠡ ᠰᠠᠯᠪᠤᠷᠢ ᠰᠤᠳᠠᠰᠤᠨ ᠮᠦᠨ ᠪᠦᠭᠡᠳ ᠨᠤᠳᠤᠬ ᠤᠷᠤᠨ ᠤ ᠰᠢᠨᠵᠢ ᠪᠦᠬᠦᠢ ᠰᠤᠶᠤᠯ ᠤᠨ ᠤᠨᠴᠠᠭᠠᠢ ᠨᠢᠭᠡᠨ ᠦᠵᠡᠭᠳᠡᠯ ᠭᠡᠯᠲᠡᠢ ᠶᠤᠮ᠃ ᠠᠨᠳᠠᠢ ᠶᠢ ᠰᠤᠶᠤᠯ ᠤᠨ ᠬᠠᠷᠠᠭᠠᠰᠦ ᠠᠴᠠ ᠰᠤᠳᠤᠯᠬᠤ ᠭᠡᠪᠡᠯ᠂ ᠠᠷᠠᠳ ᠤᠨ ᠳᠤᠮᠳᠠ ᠤᠷᠲᠦ ᠬᠤᠭᠤᠴᠠᠭ᠎ᠠ ᠪᠠᠷ ᠤᠯᠠᠮᠵᠢᠯᠠᠬᠳᠠᠨ᠂ ᠮᠤᠩᠭᠤᠯ ᠤᠨ ᠦᠢ ᠲᠦᠮᠡᠨ ᠬᠦᠳᠡᠯᠮᠦᠷᠢᠴᠢᠨ ᠠᠷᠠᠳ ᠲᠦᠮᠡᠨ ᠤ ᠵᠤᠭ᠎ᠠ ᠰᠤᠨᠢᠷᠬᠠᠯ ᠪᠤᠯᠭᠠᠨ ᠦᠪᠯᠡᠵᠦ ᠪᠠᠶᠢᠭ᠎ᠠ ᠠᠮᠢᠳᠤ ᠪᠠᠶᠠᠯᠢᠬ ᠲᠠᠭᠤᠤ ᠪᠦᠵᠢᠭ ᠤᠨ ᠤᠷᠠᠯᠢᠬ ᠲᠤ ᠬᠡᠭᠡᠷ᠎ᠡ ᠶᠢᠨ ᠪᠠᠶᠢᠴᠠᠭᠠᠯᠲᠠ ᠬᠢᠬᠦ ᠨᠢ ᠳᠤᠲᠠᠬᠳᠠᠵᠦ ᠦᠯᠦ ᠪᠤᠯᠬᠤ ᠰᠠᠭᠤᠷᠢ ᠨᠦᠭᠦᠴᠡᠯ ᠪᠤᠯᠳᠠᠬ ᠭᠡᠳᠡᠭ ᠢ ᠮᠡᠳᠡᠷᠡᠭᠦᠰᠢᠲᠡᠢ ᠶᠤᠮ᠃     ᠤᠨᠴᠠᠭᠠᠢ ᠰᠤᠶᠤᠯ ᠨᠢ ᠤᠨᠴᠠᠭᠠᠢ ᠠᠮᠢ ᠠᠬᠤᠢ ᠶᠢᠨ ᠤᠷᠴᠢᠨ ᠠᠴᠠ ᠤᠯᠪᠠᠭᠠᠯᠠᠵᠦ᠂ ᠤᠨᠴᠠᠭᠠᠢ ᠰᠤᠶᠤᠯ ᠰᠡᠳᠭᠢᠴᠡ ᠨᠢ ᠤᠨᠴᠠᠭᠠᠢ ᠠᠵᠦ ᠠᠬᠤᠢ ᠶᠢᠨ ᠬᠡᠯᠪᠡᠷᠢ ᠠᠴᠠ ᠤᠯᠪᠠᠭᠠᠯᠠᠵᠦ᠂ ᠠᠳᠠᠯᠢ ᠪᠤᠰᠤ ᠪᠦᠵᠢᠭ ᠤᠨ ᠬᠡᠪ ᠨᠠᠮᠪᠠ ᠶᠢ ᠤᠨᠴᠠᠭᠠᠢ ᠰᠤᠶᠤᠯ ᠤᠨ ᠡᠬᠢ ᠰᠤᠷᠪᠤᠯᠵᠢ ᠲᠦᠯᠦᠪᠰᠢᠷᠡᠳᠡᠭ᠃ ᠡᠨᠡ ᠪᠤᠯ ᠠᠨᠳᠠᠢ ᠶᠢᠨ ᠡᠭᠦᠰᠦᠯᠳᠡ ᠶᠢᠨ ᠤᠷᠢᠳᠠᠯ ᠤᠨ ᠰᠢᠨᠵᠢ ᠲᠠᠢ ᠬᠦᠮᠦᠨ ᠵᠦᠢᠯ ᠪᠤᠯᠤᠨ᠎ᠠ᠃     ᠠᠨᠳᠠᠢ ᠶᠢᠨ ᠡᠭᠦᠰᠦᠯ ᠤᠨ ᠳᠤᠮᠤᠬ᠄     ᠡᠨᠡ ᠲᠤᠬᠠᠢ ᠬᠦᠷᠢᠶ᠎ᠡ ᠬᠤᠰᠢᠭᠤ᠂ ᠮᠤᠩᠭᠤᠯᠵᠢᠨ ᠬᠤᠰᠢᠭᠤ᠂ ᠭᠤᠷᠯᠤᠰ ᠬᠤᠰᠢᠭᠤ᠂ ᠲᠠᠷᠬᠠᠨ ᠬᠤᠰᠢᠭᠤ᠂ ᠠᠷᠤ ᠬᠠᠯᠬ᠎ᠠ ᠵᠡᠷᠭᠡ ᠠᠴᠠ ᠡᠭᠦᠰᠦᠯ᠎ᠡ ᠭᠡᠳᠡᠭ ᠳᠤᠮᠤᠬ ᠪᠦᠷ ᠪᠤᠢ᠃ ᠭᠡᠪᠡᠴᠦ ᠬᠦᠷᠢᠶ᠎ᠡ ᠬᠤᠰᠢᠭᠤ ᠠᠴᠠ ᠡᠭᠦᠰᠦᠯ᠎ᠡ ᠭᠡᠳᠡᠭ ᠲᠤᠮᠤ ᠭᠤᠤᠯ ᠪᠠᠶᠢᠷᠢ ᠶᠢ ᠡᠵᠡᠯᠡᠨ᠎ᠡ᠃ ᠳᠤᠮᠤᠬ ᠤᠳ ᠲᠤ ᠠᠨᠳᠠᠢ ᠲᠡᠭᠡᠭᠡᠭᠰᠡᠨ ᠲᠡᠷᠭᠡ ᠨᠢ ᠴᠦᠮ ᠢᠶᠠᠷ ᠢᠶᠠᠨ ᠬᠦᠷᠢᠶ᠎ᠡ ᠬᠤᠰᠢᠭᠤᠨ ᠳᠤ ᠤᠡᠭᠬᠤᠯᠢᠳᠠᠬ ᠤᠨᠴᠠᠯᠢᠬ ᠲᠠᠢ᠃ ᠪᠠᠷᠤᠬ ︽ᠠᠨᠳᠠᠢ︾ ᠭᠡᠳᠡᠭ ᠨᠡᠷᠡᠶᠢᠳᠦᠯ ᠡᠨᠡ ᠦᠶᠡᠰ ᠠᠴᠠ ᠡᠬᠢᠯᠡᠵᠦ ᠪᠤᠢ ᠪᠤᠯᠵᠠᠢ ᠭᠡᠳᠡᠭ᠃     ᠠᠨᠳᠠᠢ ᠭᠡᠳᠡᠭ ᠦᠭᠡ ᠶᠢᠨ ᠤᠳᠬ᠎ᠠ᠄     ᠤᠯᠠᠩᠬᠢ ᠡᠷᠳᠡᠮᠳᠡᠳ ︽ᠡᠪᠡᠳᠴᠢᠨ ᠤ ᠨᠡᠷ᠎ᠡ︾ ᠭᠡᠳᠡᠭ᠃ ᠭᠡᠬᠦ ᠳᠡᠭᠡᠨ ᠵᠠᠯᠠᠭᠤ ᠦᠬᠢᠨ᠂ ᠵᠠᠯᠠᠭᠤ ᠪᠡᠷᠢᠶᠡᠳ ᠲᠤ ᠬᠠᠶᠠ ᠳᠤᠬᠢᠶᠠᠯᠳᠤᠳᠠᠬ ᠬᠦᠢᠳᠡᠨ ᠡᠪᠡᠳᠴᠢᠨ ᠪᠤᠶᠤ ᠰᠡᠳᠭᠢᠯ ᠤᠨ ᠡᠪᠡᠳᠴᠢᠨ ᠭᠡᠨ᠎ᠡ᠃ ᠮᠦᠨ ᠬᠡᠯᠡ ᠪᠢᠴᠢᠭ ᠵᠦᠢ ᠠᠴᠠ ᠬᠠᠷᠠᠭᠠᠯᠠᠵᠦ᠄ ᠠᠨᠳᠠ - ᠠᠨᠳᠠᠢ ᠶᠢᠨ ᠤᠯᠠᠷᠢᠯ ᠢᠶᠠᠷ ᠦᠵᠡᠵᠦ᠂ ᠠᠨᠳᠠ ᠨᠠᠶᠢᠵᠠ ᠶᠢᠨ ᠤᠴᠢᠷ ᠲᠠᠢ ᠬᠤᠯᠪᠤᠬᠳᠠᠬᠤ ᠡᠪᠡᠳᠴᠢᠨ ᠭᠡᠪᠡ᠃ ᠦᠨᠡᠨ ᠳᠡᠭᠡᠨ ᠪᠡᠷᠭᠡᠨ - ᠪᠡᠷᠭᠡᠢ︔ ᠠᠯᠳᠠ - ᠠᠯᠲᠠᠢ︔ ᠠᠭ᠎ᠠ - ᠠᠭᠠᠢ ᠁ ᠮᠡᠳᠦ ᠶᠢᠨ ᠬᠡᠯᠡᠨ ᠤ ᠦᠵᠡᠭᠳᠡᠯ ᠢᠶᠠᠷ ᠮᠦᠷᠳᠡᠪᠡᠯ ︽ᠠᠨᠳᠠᠢ︾ ᠨᠢ ᠠᠨᠳᠠ ᠶᠢᠨ ᠤᠯᠪᠠᠷᠢᠯ ᠪᠠᠶᠢᠳᠠᠬ ᠨᠢ ᠵᠦᠢ ᠳᠤ ᠨᠡᠶᠢᠴᠡᠨ᠎ᠡ᠃ ᠤᠶᠢᠷᠠᠳ ᠮᠤᠩᠭᠤᠯ ᠳᠤ᠂ ᠬᠤᠷᠠᠭ᠎ᠠ ᠢᠰᠢᠭᠡ ᠭᠠᠵᠠᠷ ᠬᠦᠯᠪᠡᠷᠢᠵᠦ ᠲᠦᠷᠪᠡᠨ ᠮᠦᠴᠢ ᠨᠢ ᠲᠠᠳᠠᠯᠳᠤᠨ ᠲᠡᠶᠢᠴᠢᠯᠡᠬᠦ ᠭᠡᠮ ᠢ ︽ᠠᠨᠳᠠᠢ ᠲᠤᠰᠤᠯ᠎ᠠ︾ ᠭᠡᠳᠡᠭ᠃ ᠵᠡᠭᠦᠨ ᠮᠤᠩᠭᠤᠯ ᠳᠤ ᠪᠤᠯ ︽ᠭᠠᠵᠠᠷ ᠤᠨ ᠬᠦᠷᠦᠰᠦ ᠲᠠᠭᠠᠷᠢᠯ᠎ᠠ︾ ᠭᠡᠵᠦ ᠬᠡᠯᠡᠬᠦ ᠪᠦᠭᠡᠳ ᠭᠠᠯ ᠲᠠᠯᠪᠢᠵᠦ ᠤᠳᠤᠭ᠎ᠠ ᠦᠨᠦᠷᠳᠦᠭᠦᠯᠵᠦ ᠵᠠᠰᠠᠳᠠᠬ᠃ ᠢᠡᠭᠭᠢᠭᠡᠳ ᠦᠵᠡᠬᠦ ᠳᠤ ᠠᠨᠳᠠᠢ ᠪᠤᠯ ᠡᠪᠡᠳᠴᠢᠨ ᠤ ᠨᠡᠷ᠎ᠡ ᠪᠠᠶᠢᠵᠦ ᠲᠠᠭᠠᠷᠠᠨ᠎ᠠ᠃     ᠠᠨᠳᠠᠢ ᠶᠢᠨ ᠲᠡᠤᠬᠡᠨ ᠬᠦᠭᠵᠢᠯ᠄     ᠠᠨᠳᠠᠢ ᠪᠤᠯ ᠮᠤᠩᠭᠤᠯᠴᠤᠳ ᠪᠤᠯᠤᠨ ᠤᠮᠠᠷᠠᠳᠦ ᠶᠢᠨ ᠦᠨᠳᠦᠰᠦᠲᠡᠨ ᠤ ᠤᠵᠠᠭᠤᠷ ᠰᠤᠶᠤᠯ ᠤᠬᠠᠮᠰᠠᠷ ᠤᠨ ᠬᠦᠷᠦᠰᠦᠨ ᠲᠡᠭᠡᠷ᠎ᠡ ᠠᠶᠠᠨᠳᠠᠭᠠᠨ ᠨᠠᠬᠢᠶᠠᠯᠠᠨ ᠤᠷᠭᠤᠵᠦ ᠭᠠᠷᠤᠬᠰᠠᠨ ᠰᠤᠶᠤᠯ ᠤᠨ ᠦᠵᠡᠭᠳᠡᠯ ᠮᠦᠨ᠃ ᠲᠡᠷᠡ ᠤᠵᠠᠭᠤᠷ ᠢᠷᠭᠡᠳ ᠤᠨ ᠰᠢᠳᠦᠯᠭᠡ ᠪᠢᠰᠢᠷᠡᠯ ᠤᠨ ᠤᠬᠠᠮᠰᠠᠷ᠂ ᠲᠠᠭᠤᠯᠠᠵᠦ ᠲᠡᠪᠰᠡᠬᠦ ᠤᠷᠠᠯᠢᠬ ᠤᠨ ᠰᠠᠭᠤᠷᠢᠨ ᠳᠤ ᠦᠨᠳᠦᠰᠦᠯᠡᠵᠦ᠂ ᠠᠯᠭᠤᠷ ᠢᠶᠠᠷ ᠪᠡᠶ᠎ᠡ ᠪᠠᠨ ᠲᠠᠭᠠᠭᠠᠬᠰᠠᠨ ᠠᠨᠳᠠᠢ ᠭᠡᠬᠦ ᠬᠡᠯᠪᠡᠷᠢ ᠪᠠᠷ ᠰᠢᠨ᠎ᠡ ᠬᠦᠭᠵᠢᠯ ᠤᠨ ᠵᠠᠮ ᠢᠶᠠᠨ ᠨᠡᠭᠡᠭᠡᠵᠡᠢ᠃ ᠪᠠᠷᠤᠬ 17 ᠳ᠋ᠤᠭᠠᠷ ᠵᠠᠭᠤᠨ ᠠᠴᠠ ᠢᠨᠠᠬᠰᠢ ᠬᠤᠶᠠᠳᠤᠭᠠᠷ ᠬᠦᠭᠵᠢᠯ ᠤᠨ ᠱᠠᠳᠤᠨ ᠳᠠᠭᠠᠨ ᠳᠠᠪᠰᠢᠨ ᠤᠷᠤᠵᠦ᠂ ᠠᠨᠳᠠᠢ ᠭᠡᠬᠦ ᠲᠤᠰᠬᠠᠢ ᠨᠡᠷ᠎ᠡ ᠪᠤᠶᠤ ᠬᠡᠯᠪᠡᠷᠢ ᠪᠠᠷ ᠤᠷᠤᠰᠢᠨ ᠲᠤᠬᠳᠠᠨᠢᠵᠦ᠂ ᠭᠤᠤᠯᠳᠠᠭᠤ ᠵᠠᠯᠠᠭᠤ ᠡᠮᠡᠭᠲᠡᠢ ︽ᠦᠬᠢᠳ ᠪᠡᠷᠢᠶᠡᠳ︾ ᠡᠪᠡᠳᠴᠢᠲᠡᠨ ᠤ ᠬᠦᠢᠳᠡᠨ ᠡᠪᠡᠳᠴᠢᠨ ᠪᠤᠶᠤ ᠰᠡᠳᠭᠢᠯ ᠤᠨ ᠡᠪᠡᠳᠴᠢᠨ ᠢ ᠵᠠᠰᠠᠬᠤ ᠪᠠᠷ ᠤᠨᠴᠠᠯᠢᠬ ᠢᠶᠠᠨ ᠪᠤᠯᠭᠠᠬᠰᠠᠨ ᠤᠯᠠᠨ ᠲᠦᠮᠡᠨᠴᠢ ᠴᠢᠨᠠᠷᠲᠠᠢ ᠲᠠᠭᠤᠤ ᠪᠦᠵᠢᠭ᠂ ᠰᠤᠶᠤᠯ ᠤᠷᠠᠯᠢᠬ ᠪᠤᠯᠵᠦ ᠬᠦᠭᠵᠢᠵᠡᠢ᠃ 1956 ᠤᠨ ᠠᠴᠠ ᠡᠬᠢᠯᠡᠵᠦ ︽ᠡᠷᠳᠡᠨ ᠤ ᠬᠢ ᠶᠢ ᠡᠳᠦᠭᠡ ᠳᠤ ᠦᠢᠯᠡᠴᠢᠯᠡᠭᠦᠯᠬᠦ︾ ᠵᠤᠷᠢᠯᠳᠠ ᠠᠴᠠ ᠡᠭᠦᠰᠴᠦ᠂ ᠬᠠᠭᠤᠴᠢᠨ ᠬᠡᠯᠪᠡᠷᠢ ᠪᠤᠯᠤᠨ ᠠᠭᠤᠯᠭ᠎ᠠ ᠳᠤᠨᠢ ᠰᠢᠨ᠎ᠡ ᠵᠠᠰᠠᠯᠲᠠ ᠤᠷᠤᠭᠤᠯᠵᠦ ᠠᠷᠠᠳ ᠤᠨ ᠲᠠᠭᠤᠤ ᠪᠦᠵᠢᠭ ᠤᠨ ᠤᠷᠠᠯᠢᠬ ᠲᠡᠶᠢᠰᠢ ᠵᠢᠯᠤᠭᠤ ᠶᠢ ᠨᠢ ᠵᠠᠯᠠᠪᠠ᠃ ᠡᠭᠦᠨ ᠢ ᠬᠦᠮᠦᠰ ︽ᠰᠢᠨ᠎ᠡ ᠠᠨᠳᠠᠢ ︾ ᠭᠡᠳᠡᠭ᠃ ᠤᠳᠤ ᠰᠢᠨ᠎ᠡ ᠠᠨᠳᠠᠢ ᠬᠦᠭᠵᠢᠭᠡᠳ ᠲᠠᠭᠤᠤ᠂ ᠪᠦᠵᠢᠭ᠂ ᠰᠢᠯᠦᠭ᠂ ᠲᠤᠭᠤᠵᠢᠰ᠂ ᠵᠦᠴᠦᠭᠡ ᠁ ᠭᠡᠬᠦ ᠮᠡᠳᠦ ᠪᠠᠷ ᠤᠷᠠᠯᠢᠬ ᠤᠨ ᠤᠠᠯᠨ ᠲᠦᠷᠦᠯ ᠵᠦᠢᠯ ᠵᠦᠭ ᠤᠯᠠᠷᠢᠨ ᠬᠦᠭᠵᠢᠵᠦ ᠪᠠᠶᠢᠨ᠎ᠠ᠃ ᠬᠦᠭᠰᠢᠨ ᠮᠤᠳᠤᠨ ᠠᠴᠠ ᠬᠦᠬᠡ ᠮᠦᠴᠢᠷ ᠰᠢᠭᠦᠷᠯᠡᠭᠰᠡᠨ ᠰᠢᠭ᠂ ᠬᠠᠭᠤᠴᠢᠨ ᠦᠪ ᠰᠤᠶᠤᠯ ᠠᠴᠠ ᠬᠦᠭᠵᠢᠯ ᠤᠨ ᠰᠢᠨ᠎ᠡ ᠠᠮᠢ ᠲᠦᠯᠵᠢᠵᠦ ᠮᠤᠩᠭᠤᠯ ᠰᠤᠶᠤᠯ ᠤᠨ ᠮᠦᠡᠭᠬᠡ ᠱᠠᠩᠰᠢ ᠪᠤᠯᠤᠯ᠎ᠠ᠃
 
ᠢᠷᠡᠯᠲᠡ᠄ ᠪᠦᠬᠦ ᠠᠷᠠᠳ ᠢᠶᠠᠷ ᠢᠶᠠᠨ ᠪᠡᠶ᠎ᠡ ᠴᠢᠬᠢᠷᠠᠭᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号