ᠪᠢᠯᠠᠭᠤ ᠰᠢᠳᠡᠬᠦ
ᠨᠡᠶᠢᠲᠡᠯᠡᠭᠰᠡᠨ ᠴᠠᠭ᠄
2019/1/2
    ᠪᠢᠯᠠᠭᠤ ᠪᠤᠯ ᠮᠤᠩᠭᠤᠯᠴᠤᠳ ᠤᠨ ᠡᠷᠳᠡ ᠲᠡᠭᠡᠳᠦ ᠦᠶ᠎ᠡ ᠠᠴᠠ ᠤᠯᠠᠮᠵᠢᠯᠠᠵᠦ ᠢᠷᠡᠭᠰᠡᠨ ᠪᠡᠶ᠎ᠡ ᠬᠠᠮᠠᠭᠠᠯᠠᠬᠤ ᠵᠡᠪᠰᠡᠭ᠂ ᠠᠪᠠ ᠠᠩᠨᠠᠯ ᠤᠨ ᠪᠠᠭᠠᠵᠢ᠂ ᠪᠤᠯᠪᠠᠰᠤᠷᠠᠯ ᠨᠠᠭᠠᠳᠤᠮ ᠤᠨ ᠬᠡᠷᠡᠭᠯᠡᠭᠦᠷ ᠪᠦᠭᠡᠳ ᠮᠤᠩᠭᠤᠯ ᠠᠶᠢᠯ ᠤᠨ ᠭᠡᠷ ᠤᠨ ᠡᠷᠳᠡᠨᠢ ᠶᠤᠮ᠃     ᠪᠢᠯᠠᠭᠤ ᠰᠢᠳᠡᠬᠦ ᠬᠦᠳᠡᠯᠭᠡᠭᠡᠨ ᠨᠢ ᠬᠦᠮᠦᠨ ᠤ ᠪᠡᠶ᠎ᠡ ᠮᠠᠬᠠᠪᠤᠳ ᠲᠤ ᠲᠦᠢᠯ ᠢᠶᠠᠷ ᠠᠰᠢᠬᠲᠠᠢ ᠪᠠᠶᠢᠳᠠᠬ᠃ ᠪᠢᠯᠠᠭᠤ ᠴᠤᠬᠢᠬᠤ ᠦᠶ᠎ᠡ ᠳᠤ ᠭᠦᠶᠦᠵᠦ ᠪᠠᠶᠢᠭᠠᠳ ᠴᠤᠬᠢᠬᠤ ᠲᠤᠯᠠ ᠬᠦᠮᠦᠨ ᠤ ᠭᠦᠶᠦᠵᠦ ᠬᠠᠷᠠᠶᠢᠬᠤ ᠴᠢᠳᠠᠪᠤᠷᠢ ᠶᠢ ᠲᠡᠭᠡᠭᠰᠢᠯᠡᠭᠦᠯᠳᠡᠭ᠃ ᠪᠠᠰᠠ ᠨᠢᠷᠤᠭᠤ ᠴᠡᠭᠡᠵᠢ᠂ ᠮᠦᠷᠦ ᠶᠢᠨ ᠬᠦᠴᠦ ᠶᠢ ᠪᠤᠯᠪᠠᠰᠤᠷᠠᠭᠤᠯᠬᠤ ᠮᠦᠷᠳᠡᠬᠡᠨ ᠪᠦᠬᠦ ᠪᠡᠶ᠎ᠡ ᠶᠢᠨ ᠵᠤᠬᠢᠴᠠᠩᠭᠤᠢ ᠴᠢᠨᠠᠷ ᠪᠤᠯᠤᠨ ᠤᠶᠠᠨ ᠬᠠᠳᠠᠨ ᠴᠢᠨᠠᠷ ᠢ ᠲᠡᠭᠡᠭᠰᠢᠯᠡᠭᠦᠯᠬᠦ ᠳᠤ ᠠᠰᠢᠬᠲᠠᠢ ᠪᠠᠶᠢᠳᠠᠬ᠃     ᠪᠢᠯᠠᠭᠤ ᠳᠤ ᠤᠡᠭᠬᠢᠨ ᠪᠢᠯᠠᠭᠤ᠂ ᠵᠢᠷᠦᠬᠡᠨ ︵ᠲᠡᠭᠦᠵᠢᠩ︶ ᠪᠢᠯᠠᠭᠤ᠂ ᠬᠠᠶᠢᠪ ︵ᠬᠠᠶᠠᠮᠠᠯ︶ ᠭᠡᠵᠦ ᠶᠡᠭᠡ ᠲᠦᠯᠦᠪ ᠭᠤᠷᠪᠠᠨ ᠬᠡᠯᠪᠡᠷᠢ ᠪᠠᠶᠢᠳᠠᠬ᠃ ᠪᠢᠯᠠᠭᠤ ᠶᠢ ᠤᠡᠭᠬᠢ ᠪᠠ ᠵᠢᠷᠦᠬᠡ ᠶᠢ ᠲᠤᠭᠤᠯᠠᠭ᠎ᠠ ᠪᠤᠶᠤ ᠵᠡᠰ ᠭᠠᠤᠯᠢ᠂ ᠲᠡᠮᠦᠷ ᠢᠶᠠᠷ ᠬᠢᠳᠡᠭ᠃ ᠪᠢᠯᠠᠭᠤ ᠶᠢᠨ ᠡᠰᠢ ᠶᠢ ᠬᠠᠶᠢᠯᠠᠰᠦ᠂ ᠰᠢᠷ᠎ᠠ ᠳᠠᠯᠳᠤᠨ ᠮᠤᠳᠤ ᠪᠠᠷ ᠮᠠᠳᠠᠵᠦ ᠬᠢᠨ᠎ᠡ᠃ ᠪᠢᠯᠠᠭᠤ ᠨᠢ ᠭᠠᠷ ᠤᠨ ᠬᠦᠴᠦ ᠪᠠᠨ ᠦᠨᠳᠦᠰᠦᠯᠡᠨ ᠲᠠᠤᠯᠠᠢ ᠴᠤᠬᠢᠬᠤ᠂ ᠴᠢᠨ᠋ᠸ᠎ᠠ ᠴᠤᠬᠢᠬᠤ ᠪᠠᠷ ᠤᠡᠭᠬᠢ ᠶᠢ ᠨᠢ ᠴᠢᠳᠬᠤᠳᠠᠬ᠃ ᠪᠢᠯᠠᠭᠤ ᠶᠢᠨ ᠡᠰᠢ ᠶᠢ ᠬᠡᠷᠡᠭᠯᠡᠬᠦ ᠬᠦᠮᠦᠨ ᠤ ᠪᠠᠨ ᠵᠢᠷᠭᠤᠭᠠᠨ ᠪᠠᠷᠢᠮ ᠬᠭᠠᠰ ᠤᠷᠴᠢᠮ ᠤᠷᠲᠦ ᠬᠢᠳᠡᠭ᠃     ᠪᠢᠯᠠᠭᠤ ᠴᠤᠬᠢᠬᠤ ᠬᠦᠳᠡᠯᠭᠡᠭᠡᠨ ᠳᠤ ᠭᠠᠯᠠᠭᠤ ᠴᠤᠬᠢᠬᠤ᠂ ᠳ᠋ᠢᠩᠭ᠎ᠠ ᠴᠤᠬᠢᠬᠤ᠂ ᠲᠤᠩᠭ᠎ᠠ ᠴᠤᠬᠢᠬᠤ᠂ ᠮᠠᠨᠤᠤᠯ ᠴᠤᠬᠢᠬᠤ᠂ ᠲᠤᠭᠤᠢ ᠴᠤᠬᠢᠬᠤ᠂ ᠲᠠᠤᠯᠠᠢ ᠴᠤᠬᠢᠬᠤ ᠵᠡᠷᠭᠡ ᠬᠡᠯᠪᠡᠷᠢ ᠪᠠᠶᠢᠳᠠᠬ᠃ ᠵᠤᠤ ᠤᠳᠠ ᠶᠢᠨ ᠪᠠᠭᠠᠷᠢᠨ᠂ ᠠᠷᠤ ᠬᠤᠷᠴᠢᠨ᠂ ᠤᠡᠭᠨᠢᠭᠤᠳ ᠢᠶᠠᠷ ᠤᠤᠯ ᠳᠤ ᠪᠠᠨ ᠲᠠᠤᠯᠠᠢ ᠶᠢᠨ ᠠᠪᠠ ᠲᠡᠭᠡᠷ᠎ᠡ ᠮᠤᠷᠢᠨ ᠤ ᠲᠤᠷᠭᠠᠨ ᠭᠦᠶᠦᠳᠡᠯ ᠲᠡᠭᠡᠷ᠎ᠡ ᠭᠦᠶᠦᠭᠡ ᠲᠠᠤᠯᠠᠢ ᠶᠢ ᠤᠨᠤᠪᠴᠢᠲᠠᠢ ᠴᠤᠬᠢᠵᠦ ᠠᠪᠠᠯᠠᠵᠦ ᠪᠠᠶᠢᠬᠰᠠᠨ ᠶᠤᠮ᠃ ᠪᠢᠯᠠᠭᠤ ᠴᠤᠬᠢᠬᠤ ᠬᠦᠳᠡᠯᠭᠡᠭᠡᠨ ᠨᠢ ᠦᠪᠦᠷ ᠮᠤᠩᠭᠤᠯ ᠤᠨ ᠵᠤᠤ ᠤᠳᠠ᠂ ᠵᠢᠷᠢᠮ᠂ ᠬᠦᠯᠦᠨ ᠪᠤᠶᠢᠷ ᠢᠶᠠᠷ ᠬᠠᠷᠠᠬᠳᠠᠵᠦ ᠪᠠᠶᠢᠳᠠᠬ᠃     ᠪᠢᠯᠠᠭᠤ ᠴᠤᠬᠢᠬᠤ ᠶᠢ ᠮᠤᠷᠢᠨ ᠲᠡᠭᠡᠷ᠎ᠡ ᠠᠴᠠ ᠴᠤᠬᠢᠬᠤ ᠪᠠ ᠶᠠᠪᠠᠭᠠᠨ ᠴᠤᠬᠢᠬᠤ︔ ᠶᠠᠪᠠᠭᠠᠨ ᠴᠤᠬᠢᠬᠤ ᠳᠤ ᠤᠷᠤᠨ ᠳᠤ ᠪᠠᠨ ᠵᠤᠬᠰᠤᠵᠦ ᠴᠤᠬᠢᠬᠤ ᠪᠠ ᠤᠬᠵᠤᠮ ᠭᠦᠶᠦᠭᠡᠳ ᠴᠤᠬᠢᠬᠤ ᠭᠡᠵᠦ ᠪᠤᠢ᠃ ᠮᠦᠷᠦ᠋ᠢᠴᠡᠭᠡᠨ ᠳᠤ ᠪᠢᠯᠠᠭᠤ ᠶᠢ ᠬᠤᠯᠠ ᠴᠤᠬᠢᠬᠤ ᠪᠠ ᠤᠨᠤᠪᠴᠢᠲᠠᠢ ᠴᠤᠬᠢᠬᠤ ᠭᠡᠵᠦ ᠬᠤᠶᠠᠷ ᠬᠡᠯᠪᠡᠷᠢ ᠬᠤᠪᠢᠶᠠᠳᠠᠬ᠃     ᠪᠢᠯᠠᠭᠤ ᠶᠢᠨ ᠲᠤᠬᠠᠢ ᠵᠠᠩ ᠦᠢᠯᠡ ᠳᠤ ᠮᠤᠩᠭᠤᠯᠴᠤᠳ ᠠᠡᠭ ᠬᠢᠬᠦ ᠠᠴᠠ ᠭᠠᠳᠠᠨ᠎ᠠ ᠮᠠᠯ ᠰᠦᠷᠦᠭ ᠲᠤ ᠪᠠᠨ ᠶᠠᠪᠤᠬᠤ ᠳᠤ ᠪᠢᠯᠠᠭᠤ ᠰᠦᠢᠷᠠᠵᠦ ᠶᠠᠪᠤᠳᠠᠬ᠃ ᠡᠨᠡ ᠨᠢ ᠴᠢᠨ᠋ᠸ᠎ᠠ ᠨᠤᠬᠠᠢ ᠮᠠᠯ ᠰᠦᠷᠦᠭ ᠲᠤ ᠤᠷᠤᠬᠤ ᠶᠢ ᠰᠡᠷᠬᠡᠶᠢᠯᠡᠬᠦ ᠮᠦᠷᠳᠡᠬᠡᠨ ᠮᠠᠯ ᠡᠷᠭᠢᠭᠦᠯᠬᠦ ᠳᠤ ᠵᠠᠷᠤᠳᠠᠬ ᠪᠠᠶᠢᠨ᠎ᠠ᠃ ᠡᠷ᠎ᠡ ᠬᠦᠮᠦᠨ ᠮᠠᠯ᠂ ᠲᠠᠷᠢᠶ᠎ᠠ᠂ ᠲᠦᠯᠡᠭᠡ᠂ ᠮᠤᠳᠤᠨ ᠳᠤ ᠶᠠᠪᠤᠬᠤ ᠳᠤ ᠪᠢᠯᠠᠭᠤ ᠠᠪᠴᠦ ᠶᠠᠪᠤᠳᠠᠬ᠃ ᠪᠢᠯᠠᠭᠤ ᠪᠠᠨ ᠰᠦᠢᠷᠠᠵᠦ ᠠᠶᠢᠯ ᠤᠨ ᠭᠡᠷ ᠲᠤ ᠤᠷᠤᠬᠤ ᠦᠭᠡᠢ᠂ ᠵᠠᠪᠠᠯ ᠭᠠᠳᠠᠨ᠎ᠠ ᠡᠭᠦᠳᠡᠨ ᠤ ᠬᠠᠵᠠᠭᠤ ᠳᠠᠬᠢ ᠡᠯᠭᠦᠭᠦᠷ ᠲᠡᠭᠡᠷ᠎ᠡ ᠡᠯᠭᠦᠵᠦ ᠲᠠᠯᠪᠢᠳᠠᠬ᠃ ᠠᠶᠢᠯ ᠤᠨ ᠵᠤᠴᠢᠨ ᠤ ᠪᠢᠯᠠᠭᠤ ᠶᠢ ᠬᠡᠤᠬᠡᠳ ᠢᠶᠠᠷ ᠢᠶᠠᠨ ᠨᠠᠭᠠᠳᠤᠭᠤᠯᠬᠤ ᠦᠭᠡᠢ᠂ ᠪᠢᠯᠠᠭᠤ ᠪᠠᠨ ᠲᠡᠭᠡᠷ ᠎ᠡ ᠳᠤᠤᠷ᠎ᠠ ᠬᠠᠶᠠᠵᠦ ᠬᠦᠮᠦᠨ ᠮᠠᠯ ᠢᠶᠠᠷ ᠭᠢᠰᠭᠢᠭᠦᠯᠬᠦ ᠶᠢ ᠲᠠᠰᠤ ᠴᠡᠭᠡᠷᠯᠡᠨ᠎ᠡ᠃ ᠪᠢᠯᠠᠭᠤ ᠪᠠᠨ ᠭᠡᠭᠡᠭᠡᠳ ᠪᠠᠶᠢᠬᠤ ᠳᠤ ᠤᠯᠵᠦ ᠠᠪᠤᠬᠰᠠᠨ ᠡᠵᠡᠨ ᠳᠤ ᠰᠠᠶᠢᠳᠤᠷ ᠲᠠᠯᠠᠷᠬᠠᠨ᠎ᠠ᠃ ᠬᠦᠦ ᠲᠠᠢ ᠪᠤᠯᠪᠠᠯ ᠤᠢ ᠶᠢᠨ ᠬᠤᠷᠢᠮ ᠲᠡᠭᠡᠷ᠎ᠡ ᠬᠡᠤᠬᠡᠳ ᠢᠶᠠᠷ ᠢᠶᠠᠨ ᠡᠳ᠋ ᠪᠠᠷᠠᠭ᠎ᠠ ᠰᠤᠩᠭᠤᠭᠤᠯᠬᠤ ᠳᠤ ᠪᠢᠯᠠᠭᠤ ᠲᠠᠯᠪᠢᠳᠠᠬ᠃ ᠬᠡᠤᠬᠡᠳ ᠨᠢ ᠪᠢᠯᠠᠭᠤ ᠠᠪᠤᠬᠰᠠᠨ ᠪᠠᠶᠢᠪᠠᠯ ᠠᠳᠠᠭᠠᠲᠠᠨ ᠲᠠᠶᠢᠰᠦᠨ ᠢ ᠦᠨᠳᠡᠶᠢᠯᠭᠡᠳᠡᠭ ᠦᠭᠡᠢ ᠰᠠᠶᠢᠨ ᠡᠷ᠎ᠡ ᠪᠤᠯᠤᠨ᠎ᠡ ᠭᠡᠵᠦ ᠪᠡᠯᠬᠡᠰᠢᠶᠡᠳᠡᠭ᠃ ᠤᠯᠠᠨ ᠬᠦᠦ ᠲᠠᠢ ᠬᠦᠮᠦᠨ ᠬᠦᠦ ᠨᠢ ᠪᠢᠯᠠᠭᠤ ᠵᠠᠷᠤᠬᠤ ᠨᠠᠰᠤᠨ ᠳᠤ ᠬᠦᠷᠦᠮᠡᠭᠴᠡ ᠪᠢᠯᠠᠭᠤ ᠴᠢᠳᠬᠤᠭᠤᠯᠵᠦ ᠭᠠᠷ ᠤᠨ ᠵᠡᠪᠰᠡᠭ ᠲᠠᠢ ᠪᠤᠯᠭᠠᠳᠠᠬ᠃ ᠪᠢᠯᠠᠭᠤ ᠪᠠᠷ ᠰᠠᠶᠢᠨ ᠬᠦᠮᠦᠨ ᠢ ᠴᠤᠬᠢᠵᠦ ᠪᠤᠯᠳᠠᠬ ᠦᠭᠡᠢ ᠭᠡᠬᠦ ᠮᠡᠳᠦ᠃
 
ᠢᠷᠡᠯᠲᠡ᠄ ᠪᠦᠬᠦ ᠠᠷᠠᠳ ᠢᠶᠠᠷ ᠢᠶᠠᠨ ᠪᠡᠶ᠎ᠡ ᠴᠢᠬᠢᠷᠠᠭᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号