ᠰᠤᠷ ᠬᠠᠷᠪᠤᠯᠳᠠ
ᠨᠡᠶᠢᠲᠡᠯᠡᠭᠰᠡᠨ ᠴᠠᠭ᠄
2019/1/2
    ᠰᠤᠷ ᠬᠠᠷᠪᠤᠯᠲᠠ ᠪᠤᠯ ︽ᠡᠷ᠎ᠡ ᠶᠢᠨ ᠭᠤᠷᠪᠠᠨ ᠨᠠᠭᠠᠳᠤᠮ︾ ᠤᠨ ᠨᠢᠭᠡᠨ ᠵᠦᠢᠯ ᠮᠦᠨ᠃ ᠮᠤᠩᠭᠤᠯ ᠦᠨᠳᠦᠰᠦᠲᠡᠨ ᠪᠤᠯ ᠲᠡᠯᠡᠬᠡᠢ ᠶᠢᠨ ᠤᠯᠠᠨ ᠦᠨᠳᠦᠰᠦᠲᠡᠨ ᠤ ᠳᠤᠮᠳᠠ ᠨᠤᠮᠤ ᠰᠤᠮᠤ ᠶᠢ ᠬᠠᠮᠤᠬ ᠤᠨ ᠡᠷᠳᠡ ᠦᠢᠯᠡᠳᠴᠦ ᠬᠡᠷᠡᠭᠯᠡᠭᠰᠡᠨ ᠦᠨᠳᠦᠰᠦᠲᠡᠨ ᠤ ᠨᠢᠭᠡ ᠨᠢ ᠶᠤᠮ᠃ ᠲᠡᠷᠡ ᠪᠠᠷᠤᠬ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠰᠡᠭᠦᠯᠴᠢ ᠪᠠᠷ ᠨᠤᠮᠤ ᠰᠤᠮᠤ ᠶᠢ ᠡᠭᠦᠳᠦᠨ ᠪᠦᠳᠦᠭᠡᠵᠡᠢ᠃ ᠤᠨ ᠲᠤᠭᠠᠯᠠᠯ ᠤᠨ ᠡᠮᠦᠨ᠎ᠡ ᠵᠢᠷᠭᠤᠳᠤᠭᠠᠷ ᠵᠠᠭᠤᠨ ᠤ ᠦᠶ᠎ᠡ ᠠᠴᠠ ᠮᠤᠩᠭᠤᠯ ᠤᠨ ᠦᠨᠳᠦᠷᠯᠢᠭ ᠲᠡᠭᠡᠷ᠎ᠡ ᠤᠷᠢᠳ ᠬᠤᠵᠢᠳ ᠠᠮᠢᠳᠤᠷᠠᠵᠦ ᠪᠠᠶᠢᠬᠰᠠᠨ ᠾᠦᠡᠭᠨᠦ᠂ ᠳ᠋ᠦᠡᠭᠬᠤ᠂ ᠰᠢᠶᠠᠨᠪᠢ ᠵᠡᠷᠭᠡ ᠤᠬᠰᠠᠭᠠᠲᠠᠨ ᠪᠠ ᠠᠶᠢᠮᠠᠬ ᠤᠨ ᠬᠤᠯᠪᠤᠭ᠎ᠠ ᠨᠤᠭᠤᠳ ᠠᠭᠤᠯᠠ᠂ ᠤᠰᠤ᠂ ᠲᠡᠭᠷᠢ᠂ ᠭᠠᠵᠠᠷ᠂ ᠤᠪᠤᠭ᠎ᠠ᠂ ᠤᠡᠭᠭᠤᠨ ᠲᠠᠬᠢᠬᠤ ᠪᠤᠶᠤ ᠵᠡᠷᠭᠡᠯᠡᠳᠡᠭᠡ ᠠᠶᠢᠮᠠᠬ ᠲᠠᠢ ᠪᠠᠨ ᠬᠤᠯᠪᠤᠭ᠎ᠠ ᠪᠠᠶᠢᠭᠤᠯᠬᠤ᠂ ᠲᠠᠶᠢᠨ ᠪᠠᠶᠢᠯᠳᠤᠭᠠᠨ ᠳᠤ ᠮᠤᠷᠳᠠᠬᠤ ᠪᠠ ᠪᠠᠶᠢᠯᠳᠤᠭᠠᠨ ᠤ ᠢᠯᠠᠯᠲᠠ ᠪᠠᠨ ᠪᠡᠯᠭᠡᠯᠡᠬᠦ ᠳᠤ ᠪᠦᠷ ᠨᠠᠶᠢᠷ ᠨᠠᠭᠠᠳᠤᠮ ᠬᠢᠵᠦ ᠨᠤᠮᠤ ᠰᠤᠮᠤ ᠬᠠᠷᠪᠤᠬᠤ ᠮᠦᠷᠦ᠋ᠢᠴᠡᠭᠡᠨ ᠢ ᠶᠠᠪᠤᠭᠤᠯᠳᠠᠬ ᠪᠠᠶᠢᠵᠠᠢ᠃     ᠮᠤᠩᠭᠤᠯ ᠦᠨᠳᠦᠰᠦᠲᠡᠨ ᠤ ᠬᠠᠮᠳᠦ ᠶᠢᠨ ᠴᠤᠬᠴᠠ ᠪᠦᠷᠢᠯᠳᠦᠬᠦ ᠠᠴᠠ ᠡᠮᠦᠨ᠎ᠡ ᠮᠤᠩᠭᠤᠯᠴᠤᠳ ᠤᠨ ᠡᠪᠦᠭᠡ ᠲᠡᠭᠡᠳᠦᠰ ᠮᠤᠷᠢᠨ ᠲᠡᠭᠡᠷ᠎ᠡ ᠠᠴᠠ ᠨᠠᠮᠨᠠᠬᠤ ᠳᠠᠭᠠᠨ ᠴᠢᠳᠠᠮᠠᠭᠠᠢ ᠭᠡᠵᠦ ᠬᠤᠯᠠ ᠤᠶᠢᠷ᠎ᠠ ᠳᠠᠭᠠᠨ ᠠᠯᠳᠠᠷᠰᠢᠬᠰᠠᠨ ᠪᠠᠶᠢᠵᠠᠢ᠃ ᠢᠲ᠋ᠠᠯᠢ ᠶᠢᠨ ᠱᠠᠰᠢᠨ ᠲᠡᠯᠭᠡᠷᠡᠭᠦᠯᠦᠭᠴᠢ ᠺᠠᠷᠪᠢᠨᠢ ᠠᠷᠪᠠᠨ ᠭᠤᠷᠪᠠᠳᠤᠭᠠᠷ ᠵᠠᠭᠤᠨ ᠤ ᠰᠡᠭᠦᠯᠴᠢ ᠦᠶ᠎ᠡ ᠪᠠᠷ ᠮᠤᠩᠭᠤᠯ ᠤᠷᠤᠨ ᠳᠤ ᠢᠷᠡᠵᠦ ᠦᠡᠭᠭᠡᠷᠡᠵᠡᠢ᠃ ᠲᠡᠷᠡ ᠠᠶᠠᠯᠠᠯ ᠤᠨ ᠲᠡᠮᠳᠡᠭᠯᠡᠯ ᠳᠡᠭᠡᠨ ︽ᠡᠷᠡᠭᠲᠡᠢ ᠬᠦᠮᠦᠨ ᠰᠤᠮᠤ ᠵᠤᠭᠢᠶᠠᠬᠤ ᠪᠠ ᠮᠠᠯ ᠢᠶᠠᠨ ᠬᠠᠷᠢᠭᠤᠯᠬᠤ ᠠᠴᠠ ᠭᠠᠳᠠᠨ᠎ᠠ ᠶᠠᠭᠤ ᠶᠢ ᠴᠦ ᠬᠠᠮᠢᠶᠠᠷᠬᠤ ᠦᠭᠡᠢ᠃ ᠲᠡᠳᠡ ᠭᠠᠷᠴᠦ ᠠᠡᠭ ᠠᠩᠨᠠᠨ ᠬᠠᠷᠪᠤᠵᠦ ᠨᠠᠮᠨᠠᠬᠤ ᠶᠢ ᠪᠤᠯᠪᠠᠰᠤᠷᠠᠳᠠᠬ᠃ ᠲᠡᠳᠡᠨ ᠤ ᠶᠡᠭᠡ ᠪᠠᠭ᠎ᠠ ᠭᠡᠰᠡᠨ ᠦᠭᠡᠢ ᠪᠦᠷ ᠰᠢᠯᠢᠳᠡᠭ ᠬᠠᠷᠪᠤᠭᠠᠴᠢᠨ ᠶᠤᠮ᠃ ᠲᠡᠳᠡ ᠭᠠᠷᠴᠦ ᠠᠡᠭ ᠠᠩᠨᠠᠨ ᠬᠠᠷᠪᠤᠵᠦ ᠨᠠᠮᠨᠠᠬᠤ ᠶᠢ ᠪᠤᠯᠪᠠᠰᠤᠷᠠᠳᠠᠬ᠃ ᠲᠡᠳᠡᠨ ᠤ ᠶᠡᠭᠡ ᠪᠠᠭ᠎ᠠ ᠭᠡᠰᠡᠨ ᠦᠭᠡᠢ ᠪᠦᠷ ᠰᠢᠯᠢᠳᠡᠭ ᠬᠠᠷᠪᠤᠭᠠᠴᠢᠨ ᠶᠤᠮ᠃ ᠲᠡᠳᠡᠨ ᠤ ᠬᠡᠤᠬᠡᠳ ᠨᠢ ᠬᠤᠶᠠᠷ ᠭᠤᠷᠪᠠᠨ ᠨᠠᠰᠤᠯᠠᠮᠠᠬᠴᠠ ᠡᠬᠢᠯᠡᠨ ᠮᠤᠷᠢ ᠤᠨᠤᠵᠦ᠂ ᠮᠤᠷᠢ ᠰᠤᠷᠭᠠᠵᠦ᠂ ᠮᠤᠷᠢᠨ ᠳᠡᠭᠡᠷ᠎ᠡ ᠦᠰᠦᠷᠦᠨ ᠭᠠᠷᠴᠦ ᠴᠢᠳᠠᠬᠤ ᠪᠦᠭᠡᠳ ᠪᠠᠰᠠ ᠬᠡᠤᠬᠡᠳ ᠤᠨ ᠨᠠᠰᠤᠨ ᠤ ᠠᠳᠠᠯᠢ ᠪᠤᠰᠤ ᠪᠠᠷ ᠶᠡᠭᠡ ᠪᠠᠭ᠎ᠠ ᠨᠤᠮᠤ ᠦᠭᠴᠦ᠂ ᠲᠡᠳᠡᠨ ᠢ ᠬᠠᠷᠪᠤᠭᠤᠯᠵᠦ ᠰᠤᠷᠭᠠᠳᠠᠬ᠃ ᠲᠡᠳᠡ ᠳᠠᠳᠮᠠᠭᠠᠢ ᠮᠦᠷᠳᠡᠬᠡᠨ ᠡᠷᠡᠯᠬᠡᠭ ᠪᠠᠶᠢᠳᠠᠬ︾ ᠭᠡᠵᠦ ᠪᠢᠴᠢᠵᠡᠢ᠃ ᠡᠷᠳᠡᠨ ᠤ ᠦᠶ᠎ᠡ ᠳᠤ ᠬᠦᠦ ᠲᠠᠢ ᠪᠤᠯᠪᠠᠯ ᠡᠭᠦᠳᠡᠨ ᠲᠡᠭᠡᠷ᠎ᠡ ᠪᠠᠨ ᠨᠤᠮᠤ ᠡᠯᠭᠦᠵᠦ ᠪᠠᠶᠠᠷᠯᠠᠨ ᠪᠡᠯᠭᠡᠯᠡᠵᠦ᠂ ᠡᠷᠡᠭᠲᠡᠶᠢᠴᠦᠳ ᠪᠤᠯ ᠬᠦᠳᠡᠯᠮᠦᠷᠢᠯᠡᠬᠦ ᠪᠠ ᠤᠯᠤᠰ ᠢᠶᠠᠨ ᠬᠠᠮᠠᠭᠠᠯᠠᠬᠤ ᠡᠭᠦᠷᠭᠡ ᠬᠠᠷᠢᠭᠤᠴᠠᠯᠭ᠎ᠠ ᠲᠠᠢ ᠪᠤᠯᠬᠤᠷ ᠬᠦᠮᠦᠨ ᠪᠦᠬᠦᠨ ᠨᠤᠮᠤ ᠰᠤᠮᠤ ᠬᠠᠷᠪᠤᠵᠦ ᠰᠤᠷᠬᠤ ᠬᠡᠷᠡᠭᠲᠡᠢ ᠪᠠᠶᠢᠳᠠᠬ᠃ ᠡᠷᠳᠡᠨ ᠤ ᠦᠶ᠎ᠡ ᠳᠤ ᠴᠦᠬᠡᠨ ᠪᠤᠰᠤ ᠰᠢᠯᠢᠳᠡᠭ ᠰᠤᠷᠴᠢᠨ ᠪᠠᠶᠢᠵᠠᠢ᠃ ᠲᠤᠬᠠᠶᠢᠯᠠᠪᠠᠯ᠂ ᠴᠢᠩᠭᠢᠰ ᠬᠠᠭᠠᠨ ᠤ ᠦᠷᠯᠦᠭ ᠤᠳ ᠪᠤᠯ ᠨᠢᠭᠡ ᠨᠢᠭᠡ ᠪᠠᠷ ᠢᠶᠠᠨ ᠪᠦᠷ ᠴᠡᠴᠡᠨ ᠬᠠᠷᠪᠤᠭᠠᠴᠢ ᠴᠤᠯᠠ ᠲᠠᠢ ᠶᠤᠮ᠃ ᠮᠤᠩᠭᠤᠯ ᠡᠮᠡᠭᠲᠡᠶᠢᠴᠦᠳ ᠤᠨ ᠳᠤᠲᠤᠷ᠎ᠠ ᠴᠦ ᠰᠢᠯᠢᠳᠡᠭ ᠰᠤᠷᠴᠢᠨ ᠪᠠᠶᠢᠵᠠᠢ᠃ ︽ᠮᠤᠩᠭᠤᠯ ᠳᠤ ᠡᠯᠴᠢᠨ ᠢᠶᠠᠷ ᠤᠴᠢᠬᠰᠠᠨ ᠲᠡᠮᠳᠡᠭᠯᠡᠯ︾ ᠳᠤ ︽ᠮᠤᠩᠭᠤᠯ ᠪᠦᠰᠡᠭᠦ᠋ᠢᠴᠦᠳ ᠪᠦᠷ ᠦᠮᠦᠳᠦ ᠡᠮᠦᠰᠳᠡᠭ᠂ ᠡᠷᠡᠭᠲᠡᠶᠢᠴᠦᠳ ᠲᠠᠢ ᠠᠳᠠᠯᠢ ᠪᠠᠷ ᠰᠤᠷ ᠬᠠᠷᠪᠤᠵᠦ ᠴᠢᠳᠠᠮᠤᠢ︾ ᠭᠡᠵᠦ ᠪᠢᠴᠢᠵᠦ ᠪᠠᠶᠢᠳᠠᠬ᠃     ᠡᠷᠳᠡᠨ ᠤ ᠮᠤᠩᠭᠤᠯᠴᠤᠳ ᠰᠤᠷ ᠬᠠᠷᠪᠤᠬᠤ ᠳᠠᠭᠠᠨ ᠶᠠᠪᠠᠭᠠᠨ ᠬᠠᠷᠪᠤᠯᠲᠠ᠂ ᠮᠤᠷᠢᠨ ᠬᠠᠷᠪᠤᠯᠲᠠ ᠳᠤ ᠪᠦᠷ ᠴᠢᠳᠠᠮᠠᠭᠠᠢ ᠪᠠᠶᠢᠳᠠᠬ᠃ ︽ᠬᠠᠷ᠎ᠠ ᠲᠠᠲ᠋ᠠᠷ ᠤᠨ ᠪᠦᠷᠢᠨ ᠲᠡᠮᠳᠡᠭᠯᠡᠯ︾ ᠳᠤ ︽ᠲᠦᠷᠪᠡ ᠲᠠᠪᠤᠨ ᠨᠠᠰᠤᠨ ᠳᠤᠨᠢ ᠪᠠᠭ᠎ᠠ ᠨᠤᠮᠤ᠂ ᠤᠬᠤᠷ ᠰᠤᠮᠤ ᠤᠷᠤᠯᠳᠤᠭᠤᠯᠤᠬᠰᠠᠭᠠᠷ ᠦᠰᠦᠭᠰᠡᠨ ᠤ ᠬᠤᠶᠢᠨ᠎ᠠ ᠵᠢᠯ ᠤᠨ ᠲᠦᠷᠪᠡᠨ ᠤᠯᠠᠷᠢᠯ ᠳᠤ ᠠᠡᠭ ᠠᠪᠠ ᠬᠢᠬᠦ ᠳᠤ ᠶᠠᠪᠤᠭᠤᠯᠤᠮᠤᠢ᠂ ᠲᠠᠪᠬᠢᠯᠳᠤᠭᠤᠯᠤᠨ ᠬᠠᠷᠠᠶᠢᠯᠭᠠᠬᠤᠢ ᠳᠤᠷ ᠭᠡᠳᠡᠶᠢᠨ ᠵᠤᠬᠰᠤᠬᠤ ᠠᠴᠠ ᠪᠢᠰᠢ ᠰᠠᠭᠤᠬᠤ ᠦᠭᠡᠢ᠂ ᠡᠶᠢᠮᠦ ᠠᠴᠠ ᠨᠠᠢᠮᠠ ᠶᠢᠰᠦᠨ ᠬᠤᠪᠢ ᠶᠢᠨ ᠬᠦᠴᠦᠨ ᠨᠢ ᠰᠠᠶ᠋ᠢ ᠭᠤᠳᠤᠯ ᠳᠤᠷ ᠬᠦᠷᠳᠡᠭ᠂ ᠬᠤᠢ ᠰᠠᠯᠬᠢ ᠢᠷᠡᠬᠦ‍ ᠰᠢᠭ ᠲᠦᠷᠭᠡᠨ ᠪᠦᠭᠡᠳ ᠠᠭᠤᠯᠠ ᠨᠤᠷᠠᠭᠠᠮᠠᠷ ᠬᠦᠴᠦᠨ ᠲᠠᠢ᠂ ᠵᠡᠭᠦᠨᠰᠢ ᠨᠤᠭᠤᠯᠤᠷᠠᠨ ᠡᠷᠭᠢᠯᠳᠦᠬᠦ ᠨᠢ ᠵᠢᠭᠦᠷᠲᠡᠨ ᠠᠮᠢᠳᠠᠨ ᠰᠢᠬ ᠬᠦᠡᠭᠬᠡᠨ ᠪᠤᠯᠬᠤᠷ ᠵᠡᠭᠦᠨᠰᠢ ᠬᠢ ᠶᠢ ᠠᠩᠬᠠᠷᠤᠨ᠂ ᠪᠠᠷᠠᠭᠤᠨᠰᠢ ᠬᠢ ᠶᠢ ᠬᠠᠷᠪᠤᠬᠤ ᠳᠠᠭᠠᠨ ᠴᠢᠳᠠᠮᠠᠭᠠᠢ ᠪᠦᠯᠦᠭᠡ᠃ ᠬᠤᠳᠠᠷᠭᠠᠨ ᠭᠤᠳᠤᠰ ᠨᠠᠮᠨᠠᠬᠤ ᠪᠠᠷ ᠦᠯᠦ ᠪᠠᠷᠠᠮ ᠶᠠᠪᠠᠭᠠᠨ ᠢᠶᠠᠷ ᠬᠠᠷᠪᠤᠬᠤ ᠳᠠᠭᠠᠨ ᠬᠦᠯ ᠢᠶᠠᠨ ᠠᠯᠴᠠᠶᠢᠨ ᠵᠤᠬᠰᠤᠵᠦ ᠠᠯᠬᠤᠴᠠ ᠨᠢ ᠠᠭᠤᠳᠠᠮ᠂ ᠭᠤᠶ᠎ᠠ ᠪᠠᠨ ᠨᠤᠬᠳᠤᠯᠭᠠᠵᠦ᠂ ᠨᠢᠷᠤᠭᠤ ᠪᠠᠨ ᠪᠦᠭᠲᠦ᠋ᠢᠬᠦ ᠪᠤᠯᠬᠤᠷ ᠬᠦᠴᠦᠲᠡᠢ ᠪᠦᠭᠡᠳ ᠬᠠᠪᠳᠠᠰᠦ ᠶᠢ ᠨᠡᠪᠳᠡ ᠰᠢᠪᠲᠤᠯᠵᠦ ᠴᠢᠳᠠᠮᠤᠢ︾ ᠭᠡᠵᠡᠢ᠃ ᠠᠳᠡ ᠮᠤᠷᠢᠨ ᠲᠡᠭᠡᠷ᠎ᠡ ᠠᠴᠠ ᠨᠠᠮᠨᠠᠬᠤ ᠪᠤᠯᠤᠨ ᠶᠠᠪᠠᠭᠠᠨ ᠢᠶᠠᠷ ᠬᠠᠷᠪᠤᠬᠤ ᠠᠷᠭ᠎ᠠ ᠶᠢ ᠶᠠᠷᠢᠵᠠᠢ᠃
 
ᠢᠷᠡᠯᠲᠡ᠄ ᠪᠦᠬᠦ ᠠᠷᠠᠳ ᠢᠶᠠᠷ ᠢᠶᠠᠨ ᠪᠡᠶ᠎ᠡ ᠴᠢᠬᠢᠷᠠᠭᠵᠢᠭᠤᠯᠬᠤ ᠨᠡᠶᠢᠳᠡ ᠶᠢᠨ ᠦᠢᠯᠡᠴᠢᠯᠡᠭᠡᠨ ᠤ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号