ᠨᠢᠭᠡᠳᠦᠭᠡᠷ ᠪᠦᠯᠦᠭ ᠶᠡᠷᠦᠩᠭᠡᠢ ᠲᠦᠷᠢᠮ | ᠨᠢᠭᠡᠳᠦᠭᠡᠷ ᠵᠤᠷᠪᠤᠰ ᠬᠤᠨᠵᠢᠪᠤᠷᠢᠳᠦ ᠰᠤᠭᠤᠯᠤᠭ᠎ᠠ ᠤ ᠬᠠᠮᠢᠶᠠᠷᠤᠯᠳᠠ ᠶᠢ ᠴᠢᠩᠭᠠᠳᠬᠠᠵᠦ᠂ ᠬᠤᠨᠵᠢᠪᠤᠷᠢᠳᠦ | ᠰᠤᠭᠤᠯᠤᠭ᠎ᠠ ᠤ ᠵᠠᠬ᠎ᠠ ᠲᠡᠯᠭᠡᠭᠦᠷ ᠤᠨ ᠬᠦᠭᠵᠢᠯᠳᠡ ᠶᠢ ᠲᠦᠷᠢᠮᠵᠢᠭᠦᠯᠦᠨ᠂ ᠬᠤᠨᠵᠢᠪᠤᠷᠢᠳᠦ ᠰᠤᠭᠤᠯᠤᠭ᠎ᠠ ᠤ ᠵᠠᠬ᠎ᠠ | ᠲᠡᠯᠭᠡᠭᠦᠷ ᠤᠨ ᠡᠮᠬᠢ ᠲᠢᠭᠯᠢᠮ ᠢ ᠬᠠᠮᠠᠭᠠᠯᠠᠵᠦ᠂ ᠬᠤᠨᠵᠢᠪᠤᠷᠢᠳᠦ ᠰᠤᠭᠤᠯᠤᠭ᠎ᠠ ᠳᠤ ᠤᠷᠤᠯᠴᠠᠭᠴᠢ ᠶᠢᠨ ᠬᠠᠦᠯᠢ | ᠶᠣᠰᠣᠨ ᠤ ᠡᠷᠭᠡ ᠠᠰᠢᠭ ᠢ ᠬᠠᠮᠠᠭᠠᠯᠠᠨ᠂ ᠨᠡᠶᠢᠭᠡᠮ ᠨᠡᠶᠢᠳᠡ ᠶᠢᠨ ᠠᠰᠠᠷᠠᠮᠵᠢ ᠶᠢᠨ ᠦᠢᠯᠡᠰ ᠤᠨ ᠬᠦᠭᠵᠢᠯᠳᠡ ᠶᠢ | ᠠᠬᠢᠭᠤᠯᠬᠤ ᠶᠢᠨ ᠲᠦᠯᠦᠭᠡ ᠲᠤᠰ ᠲᠦᠷᠢᠮ ᠢ ᠲᠤᠭᠳᠠᠭᠠᠪᠠ᠃ | ᠬᠤᠶᠠᠳᠤᠭᠠᠷ ᠵᠤᠷᠪᠤᠰ ᠲᠤᠰ ᠲᠦᠷᠢᠮ ᠳᠤ ᠵᠢᠭᠠᠭᠰᠠᠨ ᠬᠤᠨᠵᠢᠪᠤᠷᠢᠳᠦ ᠰᠤᠭᠤᠯᠤᠭ᠎ᠠ ᠪᠤᠯ ᠤᠯᠤᠰ ᠠᠴᠠ | ᠨᠡᠶᠢᠭᠡᠮ ᠨᠡᠶᠢᠳᠡ ᠶᠢᠨ ᠠᠰᠠᠷᠠᠮᠵᠢ ᠶᠢᠨ ᠪᠡᠯᠡ ᠮᠦᠩᠭᠦ ᠬᠤᠷᠠᠮᠳᠤᠭᠤᠯᠵᠦ᠂ ᠨᠡᠶᠢᠭᠡᠮ ᠨᠡᠶᠢᠳᠡ ᠶᠢᠨ ᠠᠰᠠᠷᠠᠮᠵᠢ ᠶᠢᠨ | ᠦᠢᠯᠡᠰ ᠤᠨ ᠬᠦᠭᠵᠢᠯᠳᠡ ᠶᠢ ᠠᠬᠢᠭᠤᠯᠬᠤ ᠶᠢᠨ ᠲᠦᠯᠦᠭᠡ ᠤᠨᠴᠠ ᠵᠦᠪᠰᠢᠶᠡᠷᠡᠨ ᠲᠠᠷᠬᠠᠭᠠᠭᠰᠠᠨ᠂ ᠬᠠᠦᠯᠢ | ᠶᠤᠰᠤᠭᠠᠷ ᠪᠤᠷᠤᠯᠠᠭᠤᠯᠤᠨ ᠬᠤᠳᠠᠯᠳᠤᠵᠦ᠂ ᠡᠷᠭᠡᠳᠦ ᠠᠷᠠᠳ ᠰᠠᠶᠢᠨ ᠲᠤᠷ᠎ᠠ ᠠᠴᠠ ᠪᠠᠨ ᠬᠤᠳᠠᠯᠳᠤᠨ ᠠᠪᠴᠦ᠂ | ᠲᠤᠰᠬᠠᠢ ᠲᠦᠷᠢᠮ ᠤᠨ ᠲᠠᠭᠠᠦ ᠱᠠᠩᠨᠠᠯ ᠤᠯᠬᠤ ᠵᠠᠪᠰᠢᠶᠠᠨ ᠪᠦᠬᠦᠢ ᠭᠡᠷᠡᠴᠢ ᠪᠠᠷᠢᠮᠳᠠ ᠪᠤᠯᠤᠨ᠎ᠠ᠃ | ᠬᠤᠨᠵᠢᠪᠤᠷᠢᠳᠦ ᠰᠤᠭᠤᠯᠤᠭ᠎ᠠ ᠪᠤᠯ ᠡᠬᠡ ᠮᠥᠩᠭᠦ ᠶᠢ ᠪᠤᠴᠠᠭᠠᠬᠤ ᠦᠭᠡᠢ᠂ ᠬᠦᠦ ᠮᠦᠩᠭᠦ ᠪᠤᠳᠤᠵᠦ ᠦᠭᠭᠦ | ᠦᠭᠡᠢ᠃ | ᠭᠤᠷᠪᠠᠳᠤᠭᠠᠷ ᠵᠤᠷᠪᠤᠰ ᠲᠦᠷᠦ ᠶᠢᠨ ᠶᠠᠪᠤᠳᠠᠯ ᠤᠨ ᠬᠤᠷᠢᠶᠠᠨ ᠠᠴᠠ ᠠᠰᠠᠷᠠᠮᠵᠢ ᠶᠢᠨ ᠬᠤᠨᠵᠢᠪᠤᠷᠢᠳᠤ | ᠰᠤᠭᠤᠯᠤᠭ᠎ᠠ᠂ ᠪᠡᠶ᠎ᠡ ᠶᠢᠨ ᠲᠠᠮᠢᠷ ᠤᠨ ᠬᠤᠨᠵᠢᠪᠤᠷᠢᠳᠤ ᠰᠤᠭᠤᠯᠤᠭ᠎ᠠ ᠶᠢ ᠤᠨᠴᠠ ᠵᠦᠪᠰᠢᠶᠡᠷᠡᠨ ᠲᠠᠷᠬᠠᠭᠠᠨ᠎ᠠ᠃ | ᠲᠦᠷᠦ ᠶᠢᠨ ᠶᠠᠪᠤᠳᠠᠯ ᠤᠨ ᠬᠤᠷᠢᠶᠠᠨ ᠤ ᠤᠨᠴᠠ ᠵᠦᠪᠰᠢᠶᠡᠷᠡᠯ ᠦᠭᠡᠢ ᠪᠠᠷ ᠪᠤᠰᠤᠳ ᠬᠤᠨᠵᠢᠪᠤᠷᠢᠳᠦ ᠰᠤᠭᠤᠯᠤᠭ᠎ᠠ | ᠶᠢ ᠲᠠᠷᠬᠠᠭᠠᠬᠤ ᠶᠢ ᠬᠤᠷᠢᠭᠯᠠᠨ᠎ᠠ᠃ ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠬᠢᠯᠢ ᠲᠤᠳᠤᠷ᠎ᠠ ᠬᠢᠯᠢ | ᠶᠢᠨ ᠭᠠᠳᠠᠨᠠᠬᠢ ᠬᠤᠨᠵᠢᠪᠤᠷᠢᠳᠦ ᠰᠤᠭᠤᠯᠤᠭ᠎ᠠ ᠶᠢ ᠲᠠᠷᠬᠠᠭᠠᠨ ᠬᠤᠳᠠᠯᠳᠤᠬᠤ ᠶᠢ ᠬᠤᠷᠢᠭᠯᠠᠨ᠎ᠠ᠃ | ᠲᠦᠷᠪᠡᠳᠦᠭᠡᠷ ᠵᠤᠷᠪᠤᠰ ᠬᠤᠨᠵᠢᠪᠤᠷᠢᠳᠦ ᠰᠣᠭᠤᠯᠤᠭ᠎ᠠ ᠤ ᠲᠠᠷᠬᠠᠭᠠᠬᠤ᠂ ᠪᠤᠷᠤᠯᠠᠭᠤᠯᠵᠦ ᠬᠤᠳᠠᠯᠳᠤᠬᠤ | ᠪᠤᠯᠤᠨ ᠱᠠᠩᠨᠠᠯ ᠨᠡᠭᠡᠭᠡᠬᠦ ᠨᠢ ᠢᠯᠡ ᠲᠤᠳᠦ᠂ ᠡᠷᠭᠡ ᠲᠡᠭᠰᠢ᠂ ᠲᠦᠪ ᠭᠤᠤᠯᠴᠢ ᠪᠠ ᠦᠨᠡᠨᠴᠢ ᠢᠳᠡᠭᠡᠮᠵᠢᠳᠡᠢ | ᠵᠠᠷᠴᠢᠮ ᠢ ᠵᠢᠷᠤᠮᠯᠠᠬᠤ ᠬᠡᠷᠡᠭᠳᠡᠢ᠃ | ᠲᠠᠪᠤᠳᠤᠭᠠᠷ ᠵᠤᠷᠪᠤᠰ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ | ᠠᠴᠠ ᠪᠦᠬᠦ ᠤᠯᠤᠰ ᠤᠨ ᠬᠤᠨᠵᠢᠪᠤᠷᠢᠳᠦ ᠰᠤᠭᠤᠯᠤᠭ᠎ᠠ ᠤ ᠬᠢᠨᠠᠨ ᠬᠠᠮᠢᠶᠠᠷᠤᠯᠳᠠ ᠶᠢᠨ ᠠᠵᠢᠯ ᠢ ᠬᠠᠷᠢᠭᠤᠴᠠᠨ᠎ᠠ᠃ | ᠲᠦᠷᠦ ᠶᠢᠨ ᠶᠠᠪᠤᠳᠠᠯ ᠤᠨ ᠬᠤᠷᠢᠶᠠᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ᠂ ᠪᠡᠶ᠎ᠡ ᠶᠢᠨ ᠲᠠᠮᠢᠷ ᠤᠨ | ᠵᠠᠰᠠᠭ ᠵᠠᠬᠢᠷᠭᠠᠨ ᠤ ᠰᠠᠯᠠᠭ᠎ᠠ ᠮᠦᠴᠢᠷ ᠦᠪᠡᠷᠰᠡᠳ ᠤᠨ ᠲᠤᠰᠢᠶᠠᠯ ᠬᠠᠷᠢᠭᠤᠴᠠᠯᠭ᠎ᠠ ᠶᠢᠨ ᠢᠶᠠᠨ ᠲᠠᠭᠠᠦ ᠪᠦᠬᠦ | ᠤᠯᠤᠰ ᠤᠨ ᠠᠰᠠᠷᠠᠮᠵᠢ ᠶᠢᠨ ᠬᠤᠨᠵᠢᠪᠤᠷᠢᠳᠦ ᠰᠤᠭᠤᠯᠤᠭ᠎ᠠ᠂ ᠪᠡᠶ᠎ᠡ ᠶᠢᠨ ᠲᠠᠮᠢᠷ ᠤᠨ ᠬᠤᠨᠵᠢᠪᠤᠷᠢᠳᠦ ᠰᠤᠭᠤᠯᠤᠭ᠎ᠠ | ᠤ ᠬᠠᠮᠢᠶᠠᠷᠤᠯᠳᠠ ᠶᠢᠨ ᠠᠵᠢᠯ ᠢ ᠲᠤᠰ ᠲᠤᠰ ᠬᠠᠷᠢᠭᠤᠴᠠᠨ᠎ᠠ᠃ | ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶᠠᠳᠤ ᠬᠤᠳᠠ ᠶᠢᠨ ᠠᠷᠠᠳ ᠤᠨ ᠵᠠᠰᠭ ᠤᠨ | ᠤᠷᠳᠤᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠲᠤᠰ ᠵᠠᠰᠠᠭ ᠵᠠᠬᠢᠷᠭᠠᠨ ᠤ ᠤᠷᠤᠨ ᠨᠤᠳᠤᠭ ᠤᠨ | ᠬᠤᠨᠵᠢᠪᠤᠷᠢᠳᠦ ᠰᠣᠭᠤᠯᠤᠭ᠎ᠠ ᠤ ᠬᠢᠨᠠᠨ ᠬᠠᠮᠢᠶᠠᠷᠤᠯᠳᠠ ᠶᠢᠨ ᠠᠵᠢᠯ ᠢ ᠬᠠᠷᠢᠭᠤᠴᠠᠨ᠎ᠠ᠃ ᠮᠤᠵᠢ᠂ ᠦᠪᠡᠷᠳᠡᠭᠡᠨ | ᠵᠠᠰᠠᠬᠤ ᠤᠷᠤᠨ᠂ ᠰᠢᠭᠤᠳ ᠬᠠᠷᠢᠶᠠᠳᠤ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠠᠷᠠᠳ ᠤᠨ ᠶᠠᠪᠤᠳᠠᠯ | ᠤᠨ ᠰᠠᠯᠠᠭ᠎ᠠ ᠮᠦᠴᠢᠷ᠂ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠦᠪᠡᠷᠰᠡᠳ ᠤᠨ ᠲᠤᠰᠢᠶᠠᠯ | ᠬᠠᠷᠢᠭᠤᠴᠠᠯᠭ᠎ᠠ ᠶᠢᠨ ᠢᠶᠠᠨ ᠲᠠᠭᠠᠦ ᠲᠤᠰ ᠵᠠᠰᠠᠭ ᠵᠠᠬᠢᠷᠭᠠᠨ ᠤ ᠤᠷᠤᠨ ᠨᠤᠳᠤᠭ ᠤᠨ ᠠᠰᠠᠷᠠᠮᠵᠢ ᠶᠢᠨ | ᠬᠤᠨᠵᠢᠪᠤᠷᠢᠳᠦ ᠰᠤᠭᠤᠯᠤᠭ᠎ᠠ᠂ ᠪᠡᠶ᠎ᠡ ᠶᠢᠨ ᠲᠠᠮᠢᠷ ᠤᠨ ᠬᠤᠨᠵᠢᠪᠤᠷᠢᠳᠦ ᠰᠤᠭᠤᠯᠤᠭ᠎ᠠ ᠤ ᠬᠠᠮᠢᠶᠠᠷᠤᠯᠳᠠ ᠶᠢᠨ ᠠᠵᠢᠯ | ᠢ ᠲᠤᠰ ᠲᠤᠰ ᠬᠠᠷᠢᠭᠤᠴᠠᠨ᠎ᠠ᠃ | ᠰᠢᠶᠠᠨ ᠤ ᠱᠠᠳᠣᠨ ᠠᠴᠠ ᠲᠡᠭᠡᠭᠰᠢᠬᠢ ᠡᠯ᠎ᠡ ᠱᠠᠳᠣᠨ ᠤ ᠠᠷᠠᠳ ᠤᠨ ᠵᠠᠰᠠᠭ ᠤᠨ ᠤᠷᠳᠤᠨ ᠤ ᠲᠤᠳᠤᠭᠠᠳᠤ ᠶᠢ | ᠬᠠᠮᠠᠭᠠᠯᠠᠬᠤ ᠪᠠᠶᠢᠭᠤᠯᠭ᠎ᠠ ᠪᠤᠯᠤᠨ ᠰᠢᠶᠠᠨ ᠤ ᠱᠠᠳᠣᠨ ᠠᠴᠠ ᠲᠡᠭᠡᠭᠰᠢᠬᠢ ᠠᠵᠦ ᠦᠢᠯᠡᠳᠪᠦᠷᠢ ᠬᠤᠳᠠᠯᠳᠤᠭᠠᠨ ᠤ | ᠵᠠᠰᠠᠭ ᠵᠠᠬᠢᠷᠭᠠᠨ ᠤ ᠬᠠᠮᠢᠶᠠᠷᠤᠯᠳᠠ ᠶᠢᠨ ᠪᠠᠶᠢᠭᠤᠯᠭ᠎ᠠ ᠠᠴᠠ ᠦᠪᠡᠷᠰᠡᠳ ᠤᠨ ᠲᠤᠰᠢᠶᠠᠯ ᠬᠠᠷᠢᠭᠤᠴᠠᠯᠭ᠎ᠠ ᠶᠢᠨ | ᠬᠡᠪᠴᠢᠶᠡᠨ ᠳᠤ ᠬᠠᠦᠯᠢ ᠪᠤᠰᠦ ᠬᠤᠵᠢᠪᠤᠷᠢᠳᠤ ᠰᠤᠭᠤᠯᠤᠭ᠎ᠠ ᠶᠢ ᠬᠠᠦᠯᠢ ᠶᠢᠨ ᠲᠠᠭᠠᠦ ᠪᠠᠶᠢᠴᠠᠭᠠᠨ ᠰᠢᠢᠳᠭᠡᠵᠦ᠂ | ᠬᠤᠨᠵᠢᠪᠤᠷᠢᠳᠦ ᠰᠣᠭᠤᠯᠤᠭ᠎ᠠ ᠤ ᠵᠠᠬ᠎ᠠ ᠲᠡᠯᠭᠡᠭᠦᠷ ᠤᠨ ᠡᠮᠬᠢ ᠲᠢᠭᠯᠢᠮ ᠢ ᠬᠠᠮᠠᠭᠠᠯᠠᠨ᠎ᠠ᠃ | ᠬᠤᠶᠠᠳᠤᠭᠠᠷ ᠪᠦᠯᠦᠭ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠤᠯᠤᠨ ᠪᠤᠷᠤᠯᠠᠭᠤᠯᠵᠦ ᠬᠤᠳᠠᠯᠳᠤᠬᠤ | ᠬᠠᠮᠢᠶᠠᠷᠤᠯᠳᠠ | ᠵᠢᠷᠭᠤᠳᠤᠭᠠᠷ ᠵᠤᠷᠪᠤᠰ ᠲᠦᠷᠦ ᠶᠢᠨ ᠶᠠᠪᠤᠳᠠᠯ ᠤᠨ ᠬᠤᠷᠢᠶᠠᠨ ᠤ ᠠᠷᠠᠳ ᠤᠨ ᠶᠠᠪᠤᠳᠠᠯ ᠤᠨ ᠰᠠᠯᠠᠭ᠎ᠠ | ᠮᠦᠴᠢᠷ᠂ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠠᠴᠠ ᠬᠠᠦᠯᠢ ᠶᠤᠰᠤᠭᠠᠷ ᠪᠠᠶᠢᠭᠤᠯᠤᠭᠰᠠᠨ | ᠠᠰᠠᠷᠠᠮᠵᠢ ᠶᠢᠨ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠪᠡᠶ᠎ᠡ ᠶᠢᠨ ᠲᠠᠮᠢᠷ ᠤᠨ ᠬᠤᠨᠵᠢᠪᠤᠷᠢᠳᠤ | ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ︵ ᠲᠤᠷᠤᠭᠰᠢ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠡᠶᠢᠭᠤᠯᠤᠮᠵᠢ | ᠭᠡᠵᠦ ᠲᠦᠭᠦᠮᠴᠢᠯᠡᠨ᠎ᠡ︶ ᠨᠢ ᠪᠦᠬᠦ ᠤᠯᠤᠰ ᠤᠨ ᠠᠰᠠᠷᠠᠮᠵᠢ ᠶᠢᠨ ᠬᠤᠨᠵᠢᠪᠤᠷᠢᠳᠤ ᠰᠤᠭᠤᠯᠤᠭ᠎ᠠ᠂ ᠪᠡᠶ᠎ᠡ ᠶᠢᠨ ᠲᠠᠮᠢᠷ | ᠤᠨ ᠬᠤᠨᠵᠢᠪᠤᠷᠢᠳᠤ ᠰᠤᠭᠤᠯᠤᠭ᠎ᠠ ᠤ ᠲᠠᠷᠬᠠᠭᠠᠬᠤ ᠪᠠ ᠵᠤᠬᠢᠶᠠᠨ ᠪᠠᠶᠢᠭᠤᠯᠵᠦ ᠪᠤᠷᠤᠯᠠᠭᠤᠯᠵᠦ ᠬᠤᠳᠠᠯᠳᠤᠬᠤ ᠠᠵᠢᠯ | ᠢ ᠲᠤᠰ ᠲᠤᠰ ᠬᠠᠷᠢᠭᠤᠴᠠᠨ᠎ᠠ᠃ | ᠮᠤᠵᠢ᠂ ᠦᠪᠡᠷᠳᠡᠭᠡᠨ ᠵᠠᠰᠠᠬᠤ ᠤᠡᠤᠨ᠂ ᠰᠢᠭᠤᠳ ᠬᠠᠷᠢᠶᠠᠳᠤ ᠬᠤᠳᠠ ᠶᠢᠨ ᠠᠷᠠᠳ ᠤᠨ ᠵᠠᠰᠠᠭ ᠤᠨ | ᠤᠷᠳᠤᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ᠂ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ | ᠮᠦᠴᠢᠷ ᠠᠴᠠ ᠬᠠᠦᠯᠢ ᠶᠤᠰᠤᠭᠠᠷ ᠪᠠᠶᠢᠭᠤᠯᠤᠭᠰᠠᠨ ᠠᠰᠠᠷᠠᠮᠵᠢ ᠶᠢᠨ ᠬᠤᠨᠵᠢᠪᠤᠷᠢᠳᠤ ᠰᠤᠭᠤᠯᠤᠭ᠎ᠠ ᠪᠤᠷᠤᠯᠠᠭᠤᠯᠵᠦ | ᠬᠤᠳᠠᠯᠳᠤᠬᠤ ᠪᠠᠶᠢᠭᠤᠯᠤᠯᠮᠵᠢ᠂ ᠪᠡᠶ᠎ᠡ ᠶᠢᠨ ᠲᠠᠮᠢᠷ ᠤᠨ ᠬᠤᠨᠵᠢᠪᠤᠷᠢᠳᠤ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ | ᠪᠠᠶᠢᠭᠤᠯᠤᠮᠵᠢ ︵ᠲᠤᠷᠤᠭᠰᠢ ᠬᠤᠨᠵᠢᠪᠤᠷᠢᠳᠤ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠭᠡᠵᠦ | ᠲᠦᠭᠦᠮᠴᠢᠯᠡᠨ᠎ᠡ︶ ᠨᠢ ᠲᠤᠰ ᠵᠠᠰᠠᠭ ᠵᠠᠬᠢᠷᠭᠠᠨ ᠤ ᠤᠷᠤᠨ ᠨᠤᠳᠤᠭ ᠤᠨ ᠠᠰᠠᠷᠠᠮᠵᠢ ᠶᠢᠨ ᠬᠤᠨᠵᠢᠪᠤᠷᠢᠳᠤ | ᠰᠤᠭᠤᠯᠤᠭ᠎ᠠ᠂ ᠪᠡᠶ᠎ᠡ ᠶᠢᠨ ᠲᠠᠮᠢᠷ ᠤᠨ ᠬᠤᠨᠵᠢᠪᠤᠷᠢᠳᠤ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠠᠵᠢᠯ ᠢ ᠲᠤᠰ | ᠲᠤᠰ ᠬᠠᠷᠢᠭᠤᠴᠠᠨ᠎ᠠ᠃ | ᠲᠤᠯᠤᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ᠶᠢᠨ ᠠᠰᠠᠷᠠᠮᠵᠢ ᠶᠢᠨ | ᠬᠤᠨᠵᠢᠪᠤᠷᠢᠳᠤ ᠰᠤᠭᠤᠯᠤᠭ᠎ᠠ᠂ ᠪᠡᠶ᠎ᠡ ᠶᠢᠨ ᠲᠠᠮᠢᠷ ᠤᠨ ᠬᠤᠨᠵᠢᠪᠤᠷᠢᠳᠤ ᠰᠤᠭᠤᠯᠤᠭ᠎ᠠ ᠤ ᠪᠤᠳᠠᠳᠠᠢ ᠲᠦᠷᠦᠯ ᠵᠦᠢᠯ ︵ | ᠲᠤᠷᠤᠭᠰᠢ ᠬᠤᠨᠵᠢᠪᠤᠷᠢᠳᠤ ᠰᠤᠭᠤᠯᠤᠭ᠎ᠠ ᠤ ᠲᠦᠷᠦᠯ ᠵᠦᠢᠯ ᠬᠡᠵᠦ ᠲᠦᠭᠦᠮᠴᠢᠯᠡᠨ᠎ᠡ︶ ᠢ ᠨᠡᠭᠡᠭᠡᠬᠦ᠂ ᠵᠤᠭᠰᠤᠭᠠᠬᠤ | ᠶᠢ ᠭᠤᠶᠤᠴᠢᠯᠠᠬᠤ ᠪᠤᠶᠤ ᠬᠤᠨᠵᠢᠪᠤᠷᠢᠳᠤ ᠰᠤᠭᠤᠯᠤᠭ᠎ᠠ ᠤ ᠲᠦᠷᠦᠯ ᠵᠦᠢᠯ ᠤᠨ ᠬᠢᠨᠠᠨ ᠵᠦᠪᠰᠢᠶᠡᠷᠡᠭᠦᠯᠬᠦ ᠵᠦᠢᠯᠡᠰ ᠢ | ᠬᠤᠪᠢᠷᠭᠠᠬᠤ ᠶᠢ ᠭᠤᠶᠤᠴᠢᠯᠠᠬᠤ ᠢ ᠲᠤᠰ ᠲᠦᠷᠢᠮ ᠳᠤ ᠲᠤᠭᠳᠠᠭᠠᠭᠰᠠᠨ ᠶᠠᠪᠤᠴᠠ ᠶᠢᠨ ᠲᠠᠭᠠᠦ ᠲᠦᠷᠦ ᠶᠢᠨ | ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠲᠤ ᠮᠡᠳᠡᠭᠦᠯᠵᠦ ᠵᠦᠪᠰᠢᠶᠡᠷᠡᠭᠦᠯᠦᠨ᠎ᠡ᠃ | ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠬᠤᠨᠵᠢᠪᠤᠷᠢᠳᠤ | ᠰᠤᠭᠤᠯᠤᠭ᠎ᠠ ᠤ ᠵᠠᠬ᠎ᠠ ᠲᠡᠯᠭᠡᠭᠦᠷ ᠤᠨ ᠡᠷᠡᠭᠦᠯ ᠢᠶᠠᠷ ᠬᠦᠭᠵᠢᠬᠦ ᠬᠡᠷᠡᠭᠴᠡᠭᠡ ᠶᠢ ᠦᠨᠳᠦᠰᠦᠯᠡᠵᠦ᠂ ᠬᠤᠨᠵᠢᠪᠤᠷᠢᠳᠤ | ᠰᠤᠭᠤᠯᠤᠭ᠎ᠠ ᠤ ᠵᠠᠬ᠎ᠠ ᠲᠡᠯᠭᠡᠭᠦᠷ ᠪᠤᠯᠤᠨ ᠬᠤᠨᠵᠢᠪᠤᠷᠢᠳᠤ ᠰᠤᠭᠤᠯᠤᠭ᠎ᠠ ᠤ ᠲᠦᠷᠦᠯ ᠵᠦᠢᠯ ᠤᠨ ᠪᠦᠳᠦᠴᠡ ᠶᠢ ᠵᠦᠢ | ᠵᠤᠬᠢᠰᠳᠠᠢ ᠪᠠᠷ ᠲᠦᠯᠦᠪᠵᠢᠭᠦᠯᠬᠦ᠂ ᠬᠤᠨᠵᠢᠪᠤᠷᠢᠳᠤ ᠰᠤᠭᠤᠯᠤᠭ᠎ᠠ ᠤ ᠠᠶᠤᠯ ᠲᠦᠭᠰᠢᠭᠦᠷᠢ ᠶᠢ ᠴᠢᠩᠭ᠎ᠠ ᠡᠵᠡᠮᠰᠢᠬᠦ | ᠵᠠᠷᠴᠢᠮ ᠤᠨ ᠲᠠᠭᠠᠦ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ᠶᠢᠨ ᠭᠤᠶᠤᠴᠢᠯᠠᠯ ᠳᠤ ᠬᠢᠨᠠᠨ | ᠪᠠᠶᠢᠴᠠᠭᠠᠯᠳᠠ ᠬᠢᠨ᠎ᠡ᠃ | ᠨᠠᠢᠮᠠᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ᠨᠢ ᠬᠤᠨᠵᠢᠪᠤᠷᠢᠳᠤ | ᠰᠤᠭᠤᠯᠤᠭ᠎ᠠ ᠤ ᠲᠦᠷᠦᠯ ᠵᠦᠢᠯ ᠨᠡᠬᠡᠬᠡᠭᠦ ᠶᠢ ᠭᠤᠶᠤᠴᠢᠯᠠᠬᠤ ᠳᠤ᠂ ᠲᠦᠷᠦ ᠶᠢᠨ ᠶᠠᠪᠤᠳᠠᠯ ᠤᠨ ᠬᠤᠷᠢᠶᠠᠨ ᠤ | ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠪᠤᠶᠤ ᠲᠦᠷᠦ ᠶᠢᠨ ᠶᠠᠪᠤᠳᠠᠯ ᠤᠨ ᠬᠤᠷᠢᠶᠠᠨ ᠤ ᠪᠡᠶ᠎ᠡ ᠶᠢᠨ ᠲᠠᠮᠢᠷ ᠤᠨ | ᠵᠠᠰᠠᠭ ᠵᠠᠬᠢᠷᠭᠠᠨ ᠤ ᠰᠠᠯᠠᠭ᠎ᠠ ᠮᠦᠴᠢᠷ ᠠᠴᠠ ᠬᠢᠨᠠᠵᠦ ᠬᠠᠷᠭᠤᠯᠤᠨ ᠵᠦᠪᠰᠢᠶᠡᠷᠡᠭᠦᠯᠵᠦ᠂ ᠲᠦᠷᠦ ᠶᠢᠨ ᠶᠠᠪᠤᠳᠠᠯ | ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠲᠤ ᠲᠠᠷᠠᠭᠠᠬᠢ ᠭᠤᠶᠤᠴᠢᠯᠠᠯ ᠤᠨ | ᠮᠠᠲ᠋ᠧᠷᠢᠶᠠᠯ ᠢ ᠲᠤᠰᠢᠶᠠᠨ᠎ᠠ᠄ | ︵ᠨᠢᠭᠡ︶ ᠭᠤᠶᠤᠴᠢᠯᠠᠯ ᠤᠨ ᠪᠢᠴᠢᠭ︔ | ︵ᠬᠤᠶᠠᠷ︶ ᠬᠤᠨᠵᠢᠪᠤᠷᠢᠳᠤ ᠰᠤᠭᠤᠯᠤᠭ᠎ᠠ ᠤ ᠲᠦᠷᠦᠯ ᠵᠦᠢᠯ ᠤᠨ ᠲᠦᠷᠢᠮ︔ | ︵ᠭᠤᠷᠪᠠ︶ ᠲᠠᠷᠬᠠᠭᠠᠬᠤ ᠬᠡᠯᠪᠡᠷᠢ᠂ ᠲᠠᠷᠬᠠᠭᠠᠬᠤ ᠬᠦᠷᠢᠶ᠎ᠡ ᠬᠡᠪᠴᠢᠶ᠎ᠡ︔ | ︵ᠲᠦᠷᠪᠡ︶ ᠵᠠᠬ᠎ᠠ ᠲᠡᠯᠭᠡᠭᠦᠷ ᠤᠨ ᠵᠠᠳᠠᠯᠤᠯᠳᠠ ᠶᠢᠨ ᠮᠡᠳᠡᠭᠦᠯᠦᠯᠳᠡ ᠵᠢᠴᠢ ᠮᠡᠷᠭᠡᠵᠢᠯ ᠤᠨ ᠬᠡᠷᠡᠭᠵᠢᠭᠦᠯᠵᠦ | ᠪᠤᠯᠬᠤ ᠵᠠᠳᠠᠯᠤᠯᠳᠠ ᠶᠢᠨ ᠮᠡᠳᠡᠭᠦᠯᠦᠯᠳᠡ︔ | ︵ᠲᠠᠪᠤ︶ ᠱᠠᠩᠨᠠᠯ ᠨᠡᠭᠡᠭᠡᠬᠦ᠂ ᠱᠠᠩᠨᠠᠯ ᠤᠯᠭᠤᠬᠤ ᠠᠵᠢᠯᠯᠠᠭᠠᠨ ᠤ ᠲᠦᠷᠢᠮ︔ | ︵ᠵᠢᠷᠭᠤᠭ᠎ᠠ︶ ᠠᠶᠤᠯ ᠲᠦᠭᠰᠢᠭᠦᠷᠢ ᠶᠢ ᠡᠵᠡᠮᠰᠢᠬᠦ ᠲᠦᠰᠦᠯ᠃ | ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠬᠦᠯᠢᠶᠡᠨ ᠠᠪᠴᠦ | ᠰᠢᠢᠳᠪᠦᠷᠢᠯᠡᠭᠰᠡᠨ ᠠᠴᠠ ᠡᠬᠢᠯᠡᠨ 90 ᠠᠵᠢᠯ ᠤᠨ ᠡᠳᠦᠷ ᠤᠨ ᠲᠤᠳᠤᠷ᠎ᠠ᠂ ᠲᠤᠰᠬᠠᠢ ᠮᠡᠷᠭᠡᠵᠢᠯᠳᠡᠨ ᠤ ᠬᠢᠨᠠᠨ | ᠲᠤᠭᠳᠠᠭᠠᠯᠳᠠ᠂ ᠪᠠᠳᠤᠯᠠᠬᠤ ᠬᠤᠷᠠᠯ ᠵᠡᠷᠭᠡ ᠠᠷᠭ᠎ᠠ ᠬᠡᠯᠪᠡᠷᠢ ᠪᠠᠷ ᠬᠤᠨᠵᠢᠪᠤᠷᠢᠳᠤ ᠰᠤᠭᠤᠯᠤᠭ᠎ᠠ ᠤ ᠲᠦᠷᠦᠯ ᠵᠦᠢᠯ ᠢ | ᠨᠡᠭᠡᠭᠡᠬᠦ ᠲᠠᠯ᠎ᠠ ᠪᠠᠷ ᠨᠡᠶᠢᠭᠡᠮ ᠤᠨ ᠰᠠᠨᠠᠯ ᠢ ᠰᠤᠨᠤᠰᠴᠦ᠂ ᠭᠤᠶᠤᠴᠢᠯᠠᠯ ᠳᠤ ᠬᠢᠨᠠᠨ ᠪᠠᠶᠢᠴᠠᠭᠠᠯᠳᠠ ᠬᠢᠵᠦ ᠪᠢᠴᠢᠭ | ᠤᠨ ᠰᠢᠢᠳᠪᠦᠷᠢ ᠭᠠᠷᠭᠠᠨ᠎ᠠ᠃ | ᠶᠢᠰᠦᠳᠦᠭᠡᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ᠠᠴᠠ ᠬᠤᠨᠵᠢᠪᠤᠷᠢᠳᠤ | ᠰᠤᠭᠤᠯᠤᠭ᠎ᠠ ᠤ ᠲᠦᠷᠦᠯ ᠵᠦᠢᠯ ᠤᠨ ᠲᠦᠷᠢᠮ᠂ ᠲᠠᠷᠬᠠᠭᠠᠬᠤ ᠬᠡᠯᠪᠡᠷᠢ᠂ ᠲᠠᠷᠬᠠᠭᠠᠬᠤ ᠬᠡᠪᠴᠢᠶ᠎ᠡ ᠢ ᠦᠭᠡᠷᠡᠴᠢᠯᠡᠬᠦ | ᠵᠡᠷᠭᠡ ᠭᠤᠶᠤᠴᠢᠯᠠᠯ ᠤᠨ ᠬᠢᠨᠠᠨ ᠵᠦᠪᠰᠢᠶᠡᠷᠡᠭᠦᠯᠬᠦ ᠵᠦᠢᠯᠡᠰ ᠢ ᠲᠦᠷᠦ ᠶᠢᠨ ᠶᠠᠪᠤᠳᠠᠯ ᠤᠨ ᠬᠤᠷᠢᠶᠠᠨ ᠤ ᠠᠷᠠᠳ ᠤᠨ | ᠶᠠᠪᠤᠳᠠᠯ ᠤᠨ ᠰᠠᠯᠠᠭ᠎ᠠ ᠮᠦᠴᠢᠷ ᠪᠤᠶᠤ ᠲᠦᠷᠦ ᠶᠢᠨ ᠶᠠᠪᠤᠳᠠᠯ ᠤᠨ ᠬᠤᠷᠢᠶᠠᠨ ᠤ ᠪᠡᠶ᠎ᠡ ᠶᠢᠨ ᠲᠠᠮᠢᠷ ᠤᠨ ᠵᠠᠰᠠᠭ | ᠵᠠᠬᠢᠷᠭᠠᠨ ᠤ ᠰᠠᠯᠠᠭ᠎ᠠ ᠮᠦᠴᠢᠷ ᠢᠶᠠᠷ ᠬᠢᠨᠠᠨ ᠬᠠᠷᠭᠤᠭᠤᠯᠵᠦ ᠵᠦᠪᠰᠢᠶᠡᠷᠡᠭᠦᠯᠦᠨ᠂ ᠲᠦᠷᠦ ᠶᠢᠨ ᠶᠠᠪᠤᠳᠠᠯ ᠤᠨ | ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠲᠤ ᠭᠤᠶᠤᠴᠢᠯᠠᠯ ᠭᠠᠷᠭᠠᠵᠦ᠂ ᠦᠭᠡᠷᠡᠴᠢᠯᠡᠬᠦ ᠵᠦᠢᠯ ᠲᠠᠢ | ᠬᠠᠮᠢᠶᠠᠳᠠᠢ ᠮᠠᠲ᠋ᠧᠷᠢᠶᠠᠯ ᠢᠶᠠᠨ ᠲᠤᠰᠢᠶᠠᠨ᠎ᠠ᠃ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ | ᠰᠠᠯᠠᠭ᠎ᠠ ᠮᠦᠴᠢᠷ ᠭᠤᠶᠤᠴᠢᠯᠠᠯ ᠢ ᠬᠦᠯᠢᠶᠡᠨ ᠠᠪᠴᠦ ᠰᠢᠢᠳᠪᠦᠷᠢᠯᠡᠭᠰᠡᠨ ᠡᠳᠦᠷ ᠠᠴᠠ ᠡᠬᠢᠯᠡᠨ 45 ᠠᠵᠢᠯ ᠤᠨ | ᠡᠳᠦᠷ ᠤᠨ ᠲᠤᠳᠤᠷ᠎ᠠ᠂ ᠭᠤᠶᠤᠴᠢᠯᠠᠯ ᠳᠤ ᠬᠢᠨᠠᠨ ᠪᠠᠶᠢᠴᠠᠭᠠᠯᠳᠠ ᠬᠢᠵᠦ᠂ ᠪᠢᠴᠢᠭ ᠤᠨ ᠰᠢᠢᠳᠪᠦᠷᠢ ᠭᠠᠷᠭᠠᠨ᠎ᠠ᠃ | ᠠᠷᠪᠠᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ᠠᠴᠠ ᠬᠤᠨᠵᠢᠪᠤᠷᠢᠳᠤ | ᠰᠤᠭᠤᠯᠤᠭ᠎ᠠ ᠤ ᠲᠦᠷᠦᠯ ᠵᠦᠢᠯ ᠢ ᠵᠤᠭᠰᠤᠭᠠᠬᠤ ᠶᠢ ᠭᠤᠶᠤᠴᠢᠯᠠᠬᠤ ᠳᠤ᠂ ᠲᠦᠷᠦ ᠶᠢᠨ ᠶᠠᠪᠤᠳᠠᠯ ᠤᠨ ᠬᠤᠷᠢᠶᠠᠨ ᠤ | ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠪᠤᠶᠤ ᠲᠦᠷᠦ ᠶᠢᠨ ᠶᠠᠪᠤᠳᠠᠯ ᠤᠨ ᠬᠤᠷᠢᠶᠠᠨ ᠤ ᠪᠡᠶ᠎ᠡ ᠶᠢᠨ ᠲᠠᠮᠢᠷ ᠤᠨ | ᠵᠠᠰᠠᠭ ᠵᠠᠬᠢᠷᠭᠠᠨ ᠤ ᠰᠠᠯᠠᠭ᠎ᠠ ᠮᠦᠴᠢᠷ ᠢᠶᠠᠷ ᠬᠢᠨᠠᠨ ᠬᠠᠷᠭᠤᠭᠤᠯᠵᠦ ᠵᠦᠪᠰᠢᠶᠡᠷᠡᠭᠦᠯᠦᠨ᠂ ᠲᠦᠷᠦ ᠶᠢᠨ ᠶᠠᠪᠤᠳᠠᠯ ᠤᠨ | ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠲᠤ ᠪᠢᠴᠢᠭ ᠤᠨ ᠭᠤᠶᠤᠴᠢᠯᠠᠯ ᠭᠠᠷᠭᠠᠨ ᠬᠤᠨᠵᠢᠪᠤᠷᠢᠳᠤ | ᠰᠤᠭᠤᠯᠤᠭ᠎ᠠ ᠤ ᠲᠦᠷᠦᠯ ᠵᠦᠢᠯ ᠢ ᠵᠤᠭᠰᠤᠭᠠᠬᠤ ᠲᠠᠢ ᠬᠠᠮᠢᠶᠠᠳᠠᠢ ᠮᠠᠲ᠋ᠧᠷᠢᠶᠠᠯ ᠢᠶᠠᠨ ᠲᠤᠰᠢᠶᠠᠨ᠎ᠠ᠃ ᠲᠦᠷᠦ ᠶᠢᠨ | ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠭᠤᠶᠤᠴᠢᠯᠠᠯ ᠢ ᠬᠦᠯᠢᠶᠡᠨ ᠠᠪᠴᠦ | ᠰᠢᠢᠳᠪᠦᠷᠢᠯᠡᠭᠰᠡᠨ ᠠᠴᠠ ᠡᠬᠢᠯᠡᠨ 10 ᠠᠵᠢᠯ ᠤᠨ ᠡᠳᠦᠷ ᠤᠨ ᠲᠤᠳᠤᠷ᠎ᠠ ᠭᠤᠶᠤᠴᠢᠯᠠᠯ ᠢ ᠬᠢᠨᠠᠨ ᠪᠠᠶᠢᠴᠠᠭᠠᠵᠦ | ᠪᠢᠴᠢᠭ ᠤᠨ ᠰᠢᠢᠳᠪᠦᠷᠢ ᠭᠠᠷᠭᠠᠨ᠎ᠠ᠃ | ᠠᠷᠪᠠᠨ ᠨᠢᠭᠡᠳᠦᠭᠡᠷ ᠵᠤᠷᠪᠤᠰ ᠬᠤᠨᠵᠢᠪᠤᠷᠢᠳᠦ ᠰᠤᠭᠤᠯᠤᠭ᠎ᠠ ᠤ ᠲᠦᠷᠦᠯ ᠵᠦᠢᠯ ᠢ ᠨᠡᠭᠡᠭᠡᠬᠦ᠂ ᠵᠤᠭᠰᠤᠭᠠᠬᠤ | ᠪᠤᠶᠤ ᠬᠤᠨᠵᠢᠪᠤᠷᠢᠳᠦ ᠰᠤᠭᠤᠯᠤᠭ᠎ᠠ ᠶᠢᠨ ᠲᠦᠷᠦᠯ ᠵᠦᠢᠯ ᠤᠨ ᠬᠢᠨᠠᠨ ᠵᠦᠪᠰᠢᠶᠡᠷᠡᠬᠦ ᠵᠦᠢᠯᠡᠰ ᠢ ᠬᠤᠪᠢᠷᠭᠠᠬᠤ | ᠵᠦᠪᠰᠢᠶᠡᠷᠡᠯ ᠤᠯᠤᠭᠰᠠᠨ ᠤ ᠲᠠᠷᠠᠭ᠎ᠠ᠂ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ᠨᠢ | ᠬᠤᠨᠵᠢᠪᠤᠷᠢᠳᠦ ᠰᠤᠭᠤᠯᠤᠭ᠎ᠠ ᠤ ᠲᠦᠷᠦᠯ ᠵᠦᠢᠯ ᠨᠡᠭᠡᠭᠡᠬᠦ᠂ ᠬᠤᠪᠢᠷᠭᠠᠬᠤ᠂ ᠵᠤᠭᠰᠤᠭᠠᠬᠤ ᠠᠴᠠ 10 ᠪᠠᠶᠢᠭᠠᠯᠢ | ᠶᠢᠨ ᠡᠳᠦᠷ ᠤᠨ ᠡᠮᠦᠨ᠎ᠡ ᠬᠤᠯᠪᠤᠭᠳᠠᠯ ᠪᠦᠭᠦᠢ ᠮᠡᠳᠡᠭᠡ ᠵᠠᠩᠭᠢ ᠶᠢ ᠨᠡᠶᠢᠭᠡᠮ ᠳᠤ ᠵᠠᠷᠯᠠᠬᠤ ᠬᠡᠷᠡᠭᠳᠡᠢ᠃ | ᠠᠷᠪᠠᠨ ᠬᠤᠶᠠᠳᠤᠭᠠᠷ ᠵᠤᠷᠪᠤᠰ ᠨᠡᠶᠢᠭᠡᠮ ᠨᠡᠶᠢᠳᠡ ᠶᠢᠨ ᠠᠰᠢᠭ ᠲᠤᠰᠠ ᠶᠢ ᠬᠠᠮᠠᠭᠠᠯᠠᠬᠤ ᠱᠠᠭᠠᠷᠳᠠᠯᠭ᠎ᠠ ᠠᠴᠠ | ᠪᠤᠯᠤᠭᠰᠠᠨ ᠪᠠᠴᠢᠮ ᠪᠠᠶᠢᠳᠠᠯ ᠳᠤ᠂ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ | ᠮᠦᠴᠢᠷ ᠨᠢ ᠴᠢᠬᠤᠯᠠ ᠠᠷᠭ᠎ᠠ ᠬᠡᠮᠵᠢᠶ᠎ᠡ ᠠᠪᠴᠦ᠂ ᠬᠤᠨᠵᠢᠪᠤᠷᠢᠳᠦ ᠰᠤᠭᠤᠯᠤᠭ᠎ᠠ ᠤ ᠲᠦᠷᠦᠯ ᠵᠦᠢᠯ ᠤᠨ ᠬᠢᠨᠠᠨ | ᠵᠦᠪᠰᠢᠶᠡᠷᠡᠬᠦ ᠵᠦᠢᠯᠡᠰ ᠢ ᠬᠤᠪᠢᠷᠭᠠᠬᠤ ᠪᠤᠶᠤ ᠬᠤᠨᠵᠢᠪᠤᠷᠢᠳᠦ ᠰᠤᠭᠤᠯᠤᠭ᠎ᠠ ᠤ ᠲᠦᠷᠦᠯ ᠵᠦᠢᠯ ᠢ ᠵᠤᠭᠰᠤᠭᠠᠬᠤ ᠶᠢ | ᠰᠢᠢᠳᠴᠦ ᠪᠤᠯᠤᠨ᠎ᠠ᠃ | ᠠᠷᠪᠠᠨ ᠭᠤᠷᠪᠠᠳᠤᠭᠠᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ | ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠠᠴᠠ ᠵᠠᠰᠠᠭ ᠤᠨ ᠤᠷᠳᠤᠨ ᠤ | ᠬᠤᠳᠠᠯᠳᠤᠨ ᠠᠪᠬᠤ ᠬᠠᠦᠯᠢ ᠴᠠᠭᠠᠵᠠ᠂ ᠵᠠᠰᠠᠭ ᠵᠠᠬᠢᠷᠭᠠᠨ ᠤ ᠬᠠᠦᠯᠢ ᠲᠦᠷᠢᠮ ᠤᠨ ᠲᠤᠭᠳᠠᠭᠠᠯ ᠶᠤᠰᠤᠭᠠᠷ | ᠪᠠᠷᠢᠮᠵᠢᠶ᠎ᠠ ᠳᠤ ᠨᠡᠶᠢᠴᠡᠭᠰᠡᠨ ᠬᠤᠨᠵᠢᠪᠤᠷᠢᠳᠦ ᠰᠤᠭᠤᠯᠤᠭ᠎ᠠ ᠤ ᠲᠦᠭᠦᠭᠡᠷᠦᠮᠵᠢ ᠪᠤᠯᠤᠨ ᠮᠡᠷᠭᠡᠵᠢᠯ ᠤᠨ ᠦᠢᠯᠡᠴᠢᠯᠡᠭᠡ | ᠬᠤᠳᠠᠯᠳᠤᠨ ᠠᠪᠬᠤ ᠬᠡᠷᠡᠭᠳᠡᠢ᠃ | ᠬᠤᠨᠵᠢᠪᠤᠷᠢᠳᠦ ᠰᠤᠭᠤᠯᠤᠭ᠎ᠠ ᠤ ᠲᠦᠭᠦᠭᠡᠷᠦᠮᠵᠢ ᠪᠤᠯᠤᠨ ᠮᠡᠷᠭᠡᠵᠢᠯ ᠤᠨ ᠦᠢᠯᠡᠴᠢᠯᠡᠭᠡᠨ ᠤ ᠪᠠᠷᠢᠮᠵᠢᠶ᠎ᠠ ᠶᠢ | ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠲᠦᠷᠦ ᠶᠢᠨ ᠶᠠᠪᠤᠳᠠᠯ ᠤᠨ | ᠬᠤᠷᠢᠶᠠᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ᠂ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ | ᠮᠦᠴᠢᠷ ᠲᠠᠢ ᠬᠠᠮᠳᠤᠷᠠᠵᠦ ᠪᠠᠶᠢᠭᠠᠳ ᠤᠯᠤᠰ ᠤᠨ ᠬᠤᠯᠪᠤᠭᠳᠠᠯ ᠪᠦᠬᠦᠢ ᠪᠠᠷᠢᠮᠵᠢᠶᠠᠵᠢᠭᠤᠯᠬᠤ ᠬᠠᠦᠯᠢ ᠴᠠᠭᠠᠵᠠ᠂ | ᠵᠠᠰᠭ ᠵᠠᠬᠢᠷᠭᠠᠨ ᠤ ᠬᠠᠦᠯᠢ ᠲᠤᠭᠳᠠᠭᠠᠯ ᠤᠨ ᠲᠠᠭᠠᠦ ᠲᠤᠭᠳᠠᠭᠠᠨ᠎ᠠ᠃ | ᠠᠷᠪᠠᠨ ᠲᠦᠷᠪᠡᠳᠦᠭᠡᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠡᠶᠢᠭᠤᠯᠤᠮᠵᠢ᠂ | ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠨᠢ ᠠᠶᠤᠯ ᠲᠦᠭᠰᠢᠭᠦᠷᠢ ᠶᠢᠨ | ᠬᠠᠮᠢᠶᠠᠷᠤᠯᠳᠠ ᠶᠢᠨ ᠲᠤᠭᠳᠠᠯᠴᠠᠭ᠎ᠠ ᠪᠠ ᠰᠡᠵᠢᠭᠳᠡᠢ ᠪᠡᠯᠡ ᠮᠦᠩᠭᠦᠨ ᠤ ᠮᠡᠳᠡᠭᠦᠯᠦᠯᠳᠡ ᠶᠢᠨ ᠲᠦᠷᠢᠮ ᠢ ᠪᠠᠶᠢᠭᠤᠯᠵᠦ᠂ | ᠬᠤᠨᠵᠢᠪᠤᠷᠢᠳᠦ ᠰᠤᠭᠤᠯᠤᠭ᠎ᠠ ᠤ ᠲᠠᠷᠬᠠᠭᠠᠬᠤ ᠪᠠ ᠪᠤᠷᠤᠯᠠᠭᠤᠯᠵᠦ ᠬᠤᠳᠠᠯᠳᠤᠬᠤ ᠠᠮᠤᠷ ᠲᠦᠪᠰᠢᠨ ᠢ ᠪᠠᠳᠤᠯᠠᠬᠤ | ᠬᠡᠷᠡᠭᠳᠡᠢ᠃ | ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ | ᠬᠤᠳᠠᠯᠳᠤᠬᠤ ᠪᠠᠶᠢᠭᠤᠯᠤᠮᠵᠢ ᠠᠴᠠ ᠬᠤᠨᠵᠢᠪᠤᠷᠢᠳᠦ ᠰᠤᠭᠤᠯᠤᠭ᠎ᠠ ᠤ ᠪᠤᠷᠤᠯᠠᠭᠤᠯᠵᠦ ᠬᠤᠳᠠᠯᠳᠤᠬᠤ ᠰᠢᠰᠲ᠋ᠧᠮ ᠤᠨ | ᠲᠤᠭ᠎ᠠ ᠪᠠᠷᠢᠮᠳᠠ ᠶᠢᠨ ᠬᠠᠮᠢᠶᠠᠷᠤᠯᠳᠠ᠂ ᠱᠠᠩᠨᠠᠯ ᠨᠡᠭᠡᠭᠡᠬᠦ ᠪᠠ ᠤᠯᠭᠤᠬᠤ ᠬᠠᠮᠢᠶᠠᠷᠤᠯᠳᠠ ᠵᠢᠴᠢ ᠬᠤᠨᠵᠢᠪᠤᠷᠢᠳᠦ | ᠰᠤᠭᠤᠯᠤᠭ᠎ᠠ ᠤ ᠪᠡᠯᠡ ᠮᠦᠩᠭᠦᠨ ᠤ ᠲᠦᠪᠯᠡᠷᠡᠭᠦᠯᠦᠨ ᠬᠠᠮᠢᠶᠠᠷᠤᠯᠳᠠ ᠶᠢ ᠬᠠᠷᠢᠭᠤᠴᠠᠨ᠎ᠠ᠂ ᠦᠭᠡᠷ᠎ᠡ ᠪᠤᠰᠤᠳ ᠲᠤ | ᠨᠠᠶᠢᠳᠠᠨ ᠬᠠᠮᠢᠶᠠᠷᠠᠭᠤᠯᠵᠦ ᠪᠤᠯᠬᠤ ᠦᠭᠡᠢ᠃ | ᠠᠷᠪᠠᠨ ᠲᠠᠪᠤᠳᠤᠭᠠᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ | ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠠᠴᠠ ᠪᠠᠶᠢᠭᠤᠯᠭ᠎ᠠ ᠪᠤᠶᠤ ᠬᠤᠪᠢ ᠬᠦᠮᠦᠨ ᠢ ᠨᠠᠶᠢᠳᠠᠵᠦ᠂ | ᠬᠤᠨᠵᠢᠪᠤᠷᠢᠳᠦ ᠰᠤᠭᠤᠯᠤᠭ᠎ᠠ ᠶᠢ ᠤᠷᠤᠯᠠᠨ ᠬᠤᠳᠠᠯᠳᠤᠭᠤᠯᠵᠦ ᠪᠤᠯᠤᠨ᠎ᠠ᠃ ᠬᠤᠨᠵᠢᠪᠤᠷᠢᠳᠦ ᠰᠤᠭᠤᠯᠤᠭ᠎ᠠ | ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠠᠴᠠ | ᠨᠠᠶᠢᠳᠠᠯᠭ᠎ᠠ ᠬᠦᠯᠢᠶᠡᠭᠰᠡᠨ ᠬᠤᠨᠵᠢᠪᠤᠷᠢᠳᠤ ᠰᠤᠭᠤᠯᠤᠭ᠎ᠠ ᠤᠷᠤᠯᠠᠨ ᠬᠤᠳᠠᠯᠳᠤᠭᠴᠢ ᠲᠠᠢ ᠤᠷᠤᠯᠠᠨ ᠬᠤᠳᠠᠯᠳᠤᠬᠤ | ᠭᠡᠷ᠎ᠡ ᠲᠤᠭᠳᠠᠬᠤ ᠬᠡᠷᠡᠭᠳᠡᠢ᠃ ᠠᠰᠠᠷᠠᠮᠵᠢ ᠶᠢᠨ ᠬᠤᠨᠵᠢᠪᠤᠷᠢᠳᠤ ᠰᠤᠭᠤᠯᠤᠭ᠎ᠠ᠂ ᠪᠡᠶ᠎ᠡ ᠶᠢᠨ ᠲᠠᠮᠢᠷ ᠤᠨ | ᠬᠤᠨᠵᠢᠪᠤᠷᠢᠳᠦ ᠰᠤᠭᠤᠯᠤᠭ᠎ᠠ ᠤ ᠤᠷᠤᠯᠠᠨ ᠬᠤᠳᠠᠯᠳᠤᠬᠤ ᠭᠡᠷ᠎ᠡ ᠶᠢᠨ ᠬᠡᠪ ᠲᠤᠪᠬᠢᠮᠠᠯ ᠢ ᠲᠦᠷᠦ ᠶᠢᠨ ᠶᠠᠪᠤᠳᠠᠯ ᠤᠨ | ᠬᠤᠷᠢᠶᠠᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ᠂ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ | ᠮᠦᠴᠢᠷ ᠠᠴᠠ ᠲᠤᠰ ᠲᠤᠰ ᠲᠤᠭᠳᠠᠭᠠᠨ᠎ᠠ᠃ | ᠬᠤᠨᠵᠢᠪᠤᠷᠢᠳᠤ ᠰᠤᠭᠤᠯᠤᠭ᠎ᠠ ᠤᠷᠤᠯᠠᠨ ᠬᠤᠳᠠᠯᠳᠤᠭᠴᠢ ᠠᠴᠠ ᠦᠭᠡᠷ᠎ᠡ ᠪᠤᠰᠤᠳ ᠢ ᠨᠠᠶᠢᠳᠠᠵᠦ | ᠬᠤᠨᠵᠢᠪᠤᠷᠢᠳᠦ ᠰᠤᠭᠤᠯᠤᠭ᠎ᠠ ᠤᠷᠤᠯᠠᠨ ᠬᠤᠳᠠᠯᠳᠤᠭᠤᠯᠵᠦ ᠪᠤᠯᠬᠤ ᠦᠭᠡᠢ᠃ | ᠠᠷᠪᠠᠨ ᠵᠢᠷᠭᠤᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ | ᠠᠴᠠ ᠬᠤᠨᠵᠢᠪᠤᠷᠢᠳᠦ ᠰᠤᠭᠤᠯᠤᠭ᠎ᠠ ᠤᠷᠤᠯᠠᠨ ᠬᠤᠳᠠᠯᠳᠤᠭᠴᠢ ᠳᠤ ᠬᠤᠨᠵᠢᠪᠤᠷᠢᠳᠤ ᠰᠤᠭᠤᠯᠤᠭ᠎ᠠ ᠠᠪᠬᠤ ᠲᠤᠰᠬᠠᠢ | ᠲᠦᠭᠦᠭᠡᠷᠦᠮᠵᠢ ᠲᠤᠭᠢᠷᠠᠭᠤᠯᠵᠦ ᠦᠭᠭᠦ ᠭᠡᠷᠡᠭᠳᠡᠢ᠃ ᠬᠤᠨᠵᠢᠪᠤᠷᠢᠳᠤ ᠰᠤᠭᠤᠯᠤᠭ᠎ᠠ ᠠᠪᠬᠤ ᠲᠤᠰᠬᠠᠢ ᠲᠦᠭᠦᠭᠡᠷᠦᠮᠵᠢ | ᠨᠢ ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠳᠤ ᠬᠠᠷᠢᠶᠠᠯᠠᠭᠳᠠᠨ᠎ᠠ᠂ | ᠬᠤᠨᠵᠢᠪᠤᠷᠢᠳᠦ ᠰᠤᠭᠤᠯᠤᠭ᠎ᠠ ᠤᠷᠤᠯᠠᠨ ᠬᠤᠳᠠᠯᠳᠤᠭᠴᠢ ᠠᠴᠠ ᠲᠡᠭᠦᠨ ᠢ ᠵᠢᠭᠡᠯᠡᠭᠦᠯᠵᠦ᠂ ᠲᠦᠷᠢᠶᠡᠰᠠᠯᠡᠭᠦᠯᠵᠦ᠂ | ᠬᠤᠳᠠᠯᠳᠦᠵᠦ ᠪᠤᠯᠬᠤ ᠦᠭᠡᠢ᠃ | ᠠᠷᠪᠠᠨ ᠲᠤᠯᠤᠳᠤᠭᠠᠷ ᠵᠤᠷᠪᠤᠰ ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ | ᠨᠢ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ᠶᠢᠨ ᠵᠢᠯᠤᠭᠤᠳᠤᠯᠭ᠎ᠠ ᠲᠤᠤᠷ᠎ᠠ᠂ ᠬᠤᠨᠵᠢᠪᠤᠷᠢᠳᠤ | ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠲᠠᠯᠠᠪᠦᠷ ᠤᠨ ᠪᠠᠶᠢᠷᠢᠯᠠᠭᠤᠯᠤᠯᠳᠠ ᠶᠢ ᠨᠢᠭᠡᠳᠦᠯᠳᠡᠢ ᠲᠦᠯᠦᠪᠯᠡᠨ | ᠲᠦᠯᠦᠪᠵᠢᠭᠦᠯᠬᠦ ᠬᠡᠷᠡᠭᠳᠡᠢ᠃ ᠬᠤᠨᠵᠢᠪᠤᠷᠢᠳᠤ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠲᠠᠯᠠᠪᠦᠷ ᠨᠢ | ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ᠶᠢᠨ ᠨᠢᠭᠡᠳᠦᠯᠲᠡᠢ ᠱᠠᠭᠠᠷᠳᠠᠯᠭ᠎ᠠ ᠶᠢᠨ ᠳᠠᠭᠠᠦ᠂ | ᠬᠤᠨᠵᠢᠪᠤᠷᠢᠳᠤ ᠰᠤᠭᠤᠯᠤᠭ᠎ᠠ ᠬᠤᠳᠠᠯᠳᠤᠬᠤ ᠲᠤᠳᠤᠷᠬᠠᠶᠢᠯᠠᠯᠳᠠ ᠶᠢᠨ ᠲᠡᠮᠳᠡᠭ ᠶᠢ ᠲᠤᠬᠢᠷᠠᠭᠤᠯᠵᠦ᠂ ᠰᠡᠷᠡᠮᠵᠢᠯᠡᠯ ᠤᠨ | ᠤᠷᠢᠶ᠎ᠠ ᠶᠢ ᠨᠠᠭᠠᠬᠤ ᠬᠡᠷᠡᠭᠳᠡᠢ᠃ | ᠠᠷᠪᠠᠨ ᠨᠠᠢᠮᠠᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ | ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ᠂ ᠬᠤᠨᠵᠢᠪᠤᠷᠢᠳᠤ ᠰᠤᠭᠤᠯᠤᠭ᠎ᠠ ᠤᠷᠤᠯᠠᠨ | ᠬᠤᠳᠠᠯᠳᠤᠭᠴᠢ ᠨᠢ ᠲᠠᠷᠠᠭᠠᠬᠢ ᠠᠵᠢᠯᠯᠠᠭ᠎ᠠ ᠶᠢ ᠬᠢᠵᠦ ᠪᠤᠯᠬᠤ ᠦᠬᠡᠢ᠄ ︵ᠨᠢᠭᠡ︶ ᠬᠤᠳᠠᠯ ᠬᠠᠭᠤᠷᠮᠠᠭᠴᠢ᠂ | ᠪᠤᠷᠤᠭᠤ ᠵᠢᠯᠤᠭᠤᠳᠬᠤ ᠴᠢᠨᠠᠷᠳᠠᠢ ᠤᠬᠠᠭᠤᠯᠬᠤ︔ ︵ᠬᠤᠶᠠᠷ︶ ᠠᠳᠠᠯᠢ ᠲᠦᠷᠦᠯ ᠤᠨ ᠠᠵᠢᠯᠳᠠᠨ ᠢᠶᠠᠨ ᠭᠦᠳᠬᠡᠬᠦ | ᠵᠡᠷᠭᠡ ᠠᠷᠭ᠎ᠠ ᠠᠪᠴᠠᠯ ᠢᠶᠠᠷ ᠵᠦᠢ ᠪᠤᠰᠦ ᠪᠠᠷ ᠦᠷᠢᠰᠦᠯᠳᠦᠬᠦ ︔ ︵ᠭᠤᠷᠪᠠ︶ ᠨᠠᠰᠤᠨ ᠳᠤ ᠦᠯᠦ ᠬᠦᠷᠦᠭᠰᠡᠳ | ᠲᠤ ᠬᠤᠨᠵᠢᠪᠤᠷᠢᠳᠤ ᠰᠤᠭᠤᠯᠤᠭ᠎ᠠ ᠬᠤᠳᠠᠯᠳᠤᠬᠤ︔ ︵ᠲᠦᠷᠪᠡ︶ ᠱᠡᠭᠡᠯᠡᠨ ᠪᠤᠷᠤᠯᠠᠭᠤᠯᠬᠤ ᠪᠤᠶᠤ ᠢᠳᠡᠭᠡᠮᠵᠢ ᠶᠢᠨ | ᠬᠡᠯᠪᠡᠷᠢ ᠪᠠᠷ ᠬᠤᠨᠵᠢᠪᠤᠷᠢᠳᠦ ᠰᠤᠭᠤᠯᠤᠭ᠎ᠠ ᠬᠤᠳᠠᠯᠳᠤᠬᠤ᠃ | ᠠᠷᠪᠠ ᠶᠢᠰᠦᠳᠦᠭᠡᠷ ᠵᠤᠷᠪᠤᠰ ᠬᠤᠨᠵᠢᠪᠤᠷᠢᠳᠦ ᠰᠤᠭᠤᠯᠤᠭ᠎ᠠ ᠶᠢ ᠤᠰᠠᠳᠬᠠᠬᠤ ᠴᠢᠬᠤᠯᠠᠲᠠᠢ ᠪᠤᠯ᠂ | ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ ᠠᠴᠠ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ | ᠵᠠᠰᠠᠭ ᠤᠨ ᠰᠠᠯᠠᠭ᠎ᠠ ᠮᠦᠴᠢᠷ ᠲᠤ ᠮᠡᠳᠡᠭᠦᠯᠵᠦ ᠵᠦᠪᠰᠢᠶᠡᠷᠡᠭᠦᠯᠦᠭᠰᠡᠨ ᠤ ᠲᠠᠷᠠᠭ᠎ᠠ᠂ ᠲᠦᠷᠦ ᠶᠢᠨ ᠶᠠᠪᠤᠳᠠᠯ ᠤᠨ | ᠬᠤᠷᠢᠶᠠᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ ᠪᠤᠶᠤ ᠲᠦᠷᠦ ᠶᠢᠨ ᠶᠠᠪᠤᠳᠠᠯ ᠤᠨ ᠬᠤᠷᠢᠶᠠᠨ ᠤ ᠲᠠᠮᠢᠷ | ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠬᠢᠨᠠᠯᠳᠠ ᠲᠤᠤᠷ᠎ᠠ ᠤᠰᠠᠳᠬᠠᠨ᠎ᠠ᠃ | ᠬᠤᠷᠢᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠤ ᠰᠤᠭᠤᠯᠤᠭ᠎ᠠ | ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠠᠴᠠ ᠬᠤᠨᠵᠢᠪᠤᠷᠢᠳᠤ ᠰᠤᠭᠤᠯᠤᠭ᠎ᠠ ᠤ ᠲᠠᠷᠬᠠᠭᠠᠯᠳᠠ᠂ | ᠪᠤᠷᠤᠯᠠᠭᠤᠯᠤᠨ ᠬᠤᠳᠠᠯᠳᠣᠭᠰᠠᠨ ᠪᠠᠶᠢᠳᠠᠯ ᠢ ᠴᠠᠭ ᠲᠤᠬᠠᠢ ᠳᠤᠨᠢ ᠨᠡᠶᠢᠭᠡᠮ ᠳᠤ ᠪᠦᠬᠦ ᠲᠠᠯ᠎ᠠ ᠪᠠᠷ ᠨᠡᠶᠢᠳᠡᠯᠡᠵᠦ᠂ | ᠨᠡᠶᠢᠭᠡᠮ ᠨᠡᠶᠢᠳᠡ ᠶᠢᠨ ᠬᠢᠨᠠᠯᠳᠠ ᠶᠢ ᠬᠦᠯᠢᠶᠡᠬᠦ ᠬᠡᠷᠡᠭᠳᠡᠢ᠃ | ᠭᠤᠷᠪᠠᠳᠤᠭᠠᠷ ᠪᠦᠯᠦᠭ ᠬᠤᠨᠵᠢᠪᠤᠷᠢᠳᠦ ᠰᠤᠭᠤᠯᠤᠭ᠎ᠠ ᠤ ᠱᠠᠩᠨᠠᠯ ᠨᠡᠭᠡᠭᠡᠬᠦ ᠪᠠ ᠱᠠᠩᠨᠠᠯ ᠤᠯᠭᠤᠬᠤ | ᠬᠠᠮᠢᠶᠠᠷᠤᠯᠳᠠ | ᠬᠤᠷᠢᠨ ᠨᠢᠭᠡᠳᠦᠭᠡᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠤ | ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠠᠴᠠ ᠬᠤᠨᠵᠢᠪᠤᠷᠢᠳᠤ ᠰᠤᠭᠤᠯᠤᠭ᠎ᠠ ᠤ ᠲᠦᠷᠦᠯ ᠵᠦᠢᠯ | ᠤᠨ ᠲᠦᠷᠢᠮ ᠪᠤᠯᠤᠨ ᠱᠠᠩᠨᠠᠯ ᠨᠡᠬᠡᠬᠡᠬᠦ ᠠᠵᠯᠯᠠᠭᠠᠨ ᠤ ᠲᠦᠷᠢᠮ ᠤᠨ ᠲᠠᠭᠠᠦ ᠱᠠᠩᠨᠠᠯ ᠨᠡᠭᠡᠭᠡᠨ᠎ᠡ᠃ | ᠲᠦᠷᠦ ᠶᠢᠨ ᠶᠠᠪᠤᠳᠠᠯ ᠤᠨ ᠬᠤᠷᠢᠶᠠᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ᠂ ᠪᠡᠶ᠎ᠡ ᠶᠢᠨ ᠲᠠᠮᠢᠷ | ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠪᠤᠯᠤᠨ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶᠠᠳᠤ | ᠬᠤᠳᠠ ᠶᠢᠨ ᠠᠷᠠᠳ ᠤᠨ ᠵᠠᠰᠠᠭ ᠤᠨ ᠣᠷᠳᠤᠨ ᠤ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ᠂ ᠪᠡᠶ᠎ᠡ ᠶᠢᠨ ᠲᠠᠮᠢᠷ | ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠠᠴᠠ ᠬᠤᠨᠵᠢᠪᠤᠷᠢᠳᠤ ᠰᠤᠭᠤᠯᠤᠭ᠎ᠠ ᠤ ᠱᠠᠩᠨᠠᠯ ᠨᠡᠭᠡᠭᠡᠬᠦ ᠬᠦᠳᠡᠯᠭᠡᠭᠡᠨ | ᠳᠤ ᠬᠢᠨᠡᠯᠳᠠ ᠲᠠᠯᠪᠢᠬᠤ ᠪᠠᠨ ᠴᠢᠩᠭᠠᠳᠬᠠᠵᠦ᠂ ᠬᠤᠨᠵᠢᠪᠤᠷᠢᠳᠦ ᠰᠤᠭᠤᠯᠤᠭ᠎ᠠ ᠤ ᠱᠠᠩᠨᠠᠯ ᠨᠡᠭᠡᠭᠡᠬᠦ ᠳᠤ ᠢᠯᠡ ᠲᠤᠳᠤ᠂ | ᠲᠦᠪ ᠭᠤᠤᠯᠴᠢ ᠶᠢ ᠪᠠᠳᠤᠯᠠᠨ᠎ᠠ᠃ | ᠬᠤᠷᠢᠨ ᠬᠤᠶᠠᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠤ | ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠦᠮᠵᠢ ᠨᠢ ᠬᠤᠨᠵᠢᠪᠤᠷᠢᠳᠤ ᠰᠤᠭᠤᠯᠤᠭ᠎ᠠ ᠤ ᠪᠤᠷᠤᠯᠠᠭᠤᠯᠭ᠎ᠠ | ᠶᠢᠨ ᠲᠤᠭ᠎ᠠ ᠪᠠᠷᠢᠮᠳᠠ ᠶᠢᠨ ᠪᠦᠷᠢᠨ ᠪᠦᠳᠦᠨ᠂ ᠵᠦᠪ ᠤᠨᠤᠪᠴᠢᠳᠠᠢ ᠪᠤᠯᠤᠨ ᠠᠮᠤᠷ ᠲᠦᠪᠰᠢᠨ ᠢ ᠪᠠᠳᠤᠯᠠᠨ᠎ᠠ᠃ | ᠲᠤᠰ ᠬᠤᠭᠤᠴᠠᠭᠠᠨ ᠤ ᠬᠤᠨᠵᠢᠪᠤᠷᠢᠳᠤ ᠰᠤᠭᠤᠯᠤᠭ᠎ᠠ ᠤ ᠪᠤᠷᠤᠯᠠᠭᠤᠯᠭ᠎ᠠ ᠶᠢᠨ ᠲᠤᠭ᠎ᠠ ᠪᠠᠷᠢᠮᠳᠠ ᠶᠢ ᠪᠢᠳᠡᠭᠦᠮᠵᠢᠯᠡᠨ | ᠬᠠᠳᠠᠭᠠᠯᠠᠭᠰᠠᠨ ᠠᠴᠠ ᠱᠠᠩᠨᠠᠯ ᠨᠡᠭᠡᠭᠡᠬᠦ ᠬᠦᠳᠡᠯᠭᠡᠭᠡᠨ ᠲᠠᠭᠤᠰᠬᠤ ᠬᠦᠷᠳᠡᠯ᠎ᠡ᠂ ᠪᠤᠷᠤᠯᠠᠭᠤᠯᠭ᠎ᠠ ᠶᠢᠨ ᠲᠤᠭ᠎ᠠ | ᠪᠠᠷᠢᠮᠳᠠ ᠶᠢ ᠡᠷᠢᠵᠦ ᠦᠵᠡᠵᠦ᠂ ᠬᠤᠪᠢᠷᠭᠠᠬᠤ ᠪᠤᠶᠤ ᠤᠰᠠᠳᠬᠠᠵᠦ ᠪᠤᠯᠬᠤ ᠦᠭᠡᠢ᠃ | ᠬᠤᠷᠢᠨ ᠭᠤᠷᠪᠠᠳᠤᠭᠠᠷ ᠵᠤᠷᠪᠤᠰ ᠬᠤᠨᠵᠢᠪᠤᠷᠢᠳᠤ ᠰᠣᠭᠤᠯᠤᠭ᠎ᠠ ᠲᠠᠷᠬᠠᠭᠠᠬᠤ ᠪᠠᠶᠢᠭᠤᠯᠤᠮᠵᠢ᠂ | ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠤᠨ ᠬᠤᠳᠠᠯᠳᠣᠬᠤ ᠪᠠᠶᠢᠭᠤᠯᠤᠮᠵᠢ ᠠᠴᠠ ᠱᠠᠩᠨᠠᠯ ᠨᠡᠭᠡᠭᠡᠬᠦ ᠲᠦᠭᠦᠭᠡᠷᠦᠮᠵᠢ | ᠶᠢᠨ ᠬᠠᠮᠢᠶᠠᠷᠤᠯᠳᠠ ᠶᠢ ᠴᠢᠩᠭᠠᠳᠬᠠᠵᠦ᠂ ᠱᠠᠩᠨᠠᠯ ᠨᠡᠭᠡᠭᠡᠬᠦ ᠲᠦᠭᠦᠭᠡᠷᠦᠮᠵᠢ ᠶᠢᠨ ᠬᠡᠪ ᠤᠨ ᠠᠵᠯᠯᠠᠬᠤ ᠶᠢ ᠪᠠᠳᠤᠯᠠᠵᠦ᠂ | ᠪᠠᠰᠠ ᠱᠠᠩᠨᠠᠯ ᠨᠡᠭᠡᠭᠡᠬᠦ ᠪᠡᠯᠡᠳᠭᠡᠯ ᠲᠦᠭᠦᠭᠡᠷᠦᠮᠵᠢ ᠶᠢ ᠲᠤᠬᠢᠷᠠᠭᠤᠯᠬᠤ ᠬᠡᠷᠡᠭᠳᠡᠢ᠃ | ᠬᠤᠷᠢᠨ ᠲᠦᠷᠪᠡᠳᠦᠭᠡᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ | ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠤᠨ ᠬᠤᠳᠠᠯᠳᠣᠬᠤ ᠪᠠᠶᠢᠭᠤᠯᠤᠮᠵᠢ ᠠᠴᠠ ᠬᠤᠭᠤᠴᠠᠭ᠎ᠠ ᠪᠦᠷᠢ ᠶᠢᠨ | ᠬᠤᠨᠵᠢᠪᠤᠷᠢᠳᠤ ᠰᠤᠭᠤᠯᠤᠭ᠎ᠠ ᠤ ᠪᠤᠷᠤᠯᠠᠭᠤᠯᠤᠨ ᠬᠤᠳᠠᠯᠳᠤᠯᠳᠠ ᠲᠠᠭᠤᠰᠤᠭᠰᠠᠨ ᠤ ᠲᠠᠷᠠᠭ᠎ᠠ᠂ ᠲᠤᠰ ᠬᠤᠭᠤᠴᠠᠭᠠᠨ | ᠤ ᠬᠤᠨᠵᠢᠪᠤᠷᠢᠳᠦ ᠰᠤᠭᠤᠯᠤᠭ᠎ᠠ ᠤ ᠪᠤᠷᠤᠯᠠᠭᠤᠯᠤᠨ ᠬᠤᠳᠠᠯᠳᠤᠭᠰᠠᠨ ᠪᠠᠶᠢᠳᠠᠯ ᠪᠤᠯᠤᠨ ᠱᠠᠩᠨᠠᠯ ᠨᠡᠭᠡᠭᠡᠭᠰᠡᠨ ᠦᠷ᠎ᠡ | ᠳ᠋ᠦᠩ ᠢ ᠴᠠᠭ ᠲᠤᠬᠠᠢ ᠳᠤᠨᠢ ᠨᠡᠶᠢᠭᠡᠮ ᠳᠤ ᠨᠡᠶᠢᠳᠡᠯᠡᠬᠦ ᠭᠡᠷᠡᠭᠳᠡᠢ᠃ | ᠬᠤᠷᠢᠨ ᠲᠠᠪᠤᠳᠤᠭᠠᠷ ᠵᠤᠷᠪᠤᠰ ᠬᠤᠨᠵᠢᠪᠤᠷᠢᠳᠦ ᠰᠤᠭᠤᠯᠤᠭ᠎ᠠ ᠳᠤ ᠱᠠᠩᠨᠠᠯ ᠤᠯᠤᠭᠴᠢ ᠨᠢ ᠱᠠᠩᠨᠠᠯ | ᠨᠡᠭᠡᠭᠡᠭᠰᠡᠨ ᠡᠳᠦᠷ ᠠᠴᠠ ᠡᠬᠢᠯᠡᠨ 60 ᠪᠠᠶᠢᠭᠠᠯᠢ ᠶᠢᠨ ᠡᠳᠦᠷ ᠤᠨ ᠲᠤᠳᠤᠷ᠎ᠠ᠂ ᠱᠠᠩᠨᠠᠯ ᠣᠯᠣᠭᠰᠠᠨ ᠬᠤᠨᠵᠢᠪᠤᠷᠢᠳᠤ | ᠰᠤᠭᠤᠯᠤᠭ᠎ᠠ ᠪᠠᠨ ᠠᠪᠤᠭᠠᠳ ᠲᠤᠭᠳᠠᠭᠰᠠᠨ ᠭᠠᠵᠠᠷ ᠲᠤ ᠬᠦᠷᠴᠦ ᠱᠠᠩᠨᠠᠯ ᠢᠶᠠᠨ ᠲᠤᠰᠤᠨ᠎ᠠ᠂ ᠬᠤᠨᠵᠢᠪᠤᠷᠢᠳᠤ | ᠰᠤᠭᠤᠯᠤᠭ᠎ᠠ ᠤ ᠲᠦᠷᠦᠯ ᠵᠦᠢᠯ ᠤᠨ ᠲᠤᠭᠳᠠᠭᠠᠯ ᠳᠤ ᠪᠡᠶ᠎ᠡ ᠶᠢᠨ ᠦᠨᠡᠮᠯᠡᠬᠦ ᠪᠠᠨ ᠭᠠᠷᠭᠠᠬᠤ ᠴᠢᠬᠤᠯᠠᠳᠠᠢ ᠭᠡᠰᠡᠨ | ᠪᠤᠯ᠂ ᠲᠤᠰ ᠬᠦᠮᠦᠨ ᠤ ᠪᠡᠶ᠎ᠡ ᠶᠢᠨ ᠦᠨᠡᠮᠯᠡᠬᠦ ᠪᠠᠨ ᠭᠠᠷᠭᠠᠬᠤ ᠭᠡᠷᠡᠭᠳᠡᠢ᠃ ᠬᠤᠭᠤᠴᠠᠭ᠎ᠠ ᠨᠢ ᠬᠡᠳᠦᠷᠡᠵᠦ ᠱᠠᠩᠨᠠᠯ | ᠢᠶᠠᠨ ᠲᠤᠰᠤᠬᠤ ᠦᠭᠡᠢ ᠪᠤᠯ ᠱᠠᠩᠨᠠᠯ ᠢᠶᠠᠨ ᠲᠠᠶᠠᠭᠳᠠᠭᠰᠠᠨ ᠢᠶᠠᠷ ᠦᠵᠡᠨ᠎ᠡ᠃ | ᠬᠠᠭᠤᠷᠮᠠᠭ ᠢᠶᠠᠷ ᠵᠤᠬᠢᠶᠠᠭᠰᠠᠨ᠂ ᠬᠤᠪᠢᠷᠠᠭᠤᠯᠵᠦ ᠦᠢᠯᠡᠳᠦᠭᠰᠡᠨ ᠬᠤᠨᠵᠢᠪᠤᠷᠢᠳᠦ ᠰᠤᠭᠤᠯᠤᠭ᠎ᠠ ᠶᠢ ᠬᠡᠷᠡᠭᠯᠡᠵᠦ | ᠱᠠᠩᠨᠠᠯ ᠲᠤᠰᠬᠤ ᠶᠢ ᠬᠤᠷᠢᠭᠯᠠᠨ᠎ᠠ᠃ | ᠬᠤᠷᠢᠨ ᠵᠢᠷᠭᠤᠳᠤᠭᠠᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ | ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ᠂ ᠬᠤᠨᠵᠢᠪᠤᠷᠢᠳᠦ ᠰᠤᠭᠤᠯᠤᠭ᠎ᠠ | ᠤᠷᠤᠯᠠᠨ ᠬᠤᠳᠠᠯᠳᠤᠭᠴᠢ ᠠᠴᠠ ᠬᠤᠨᠵᠢᠪᠤᠷᠢᠳᠤ ᠰᠤᠭᠤᠯᠤᠭ᠎ᠠ ᠤ ᠲᠦᠷᠦᠯ ᠵᠦᠢᠯ ᠤᠨ ᠲᠦᠷᠢᠮ ᠪᠠ ᠱᠠᠩᠨᠠᠯ | ᠣᠯᠭᠤᠬᠤ ᠠᠵᠢᠯᠯᠠᠭᠠᠨ ᠤ ᠲᠦᠷᠢᠮ ᠤᠨ ᠲᠠᠭᠠᠦ ᠱᠠᠩᠨᠠᠯ ᠤᠯᠭᠤᠨ᠎ᠠ᠃ | ᠬᠤᠨᠵᠢᠪᠤᠷᠢᠳᠤ ᠰᠤᠭᠤᠯᠤᠭ᠎ᠠ ᠤ ᠱᠠᠩᠨᠠᠯ ᠤᠨ ᠮᠦᠩᠭᠦ ᠶᠢ ᠠᠷᠠᠳ ᠤᠨ ᠵᠤᠭᠤᠰ ᠪᠠᠷ ᠪᠡᠯᠡᠨ ᠮᠦᠩᠭᠦ ᠪᠤᠶᠤ | ᠪᠡᠯᠡᠨ ᠮᠦᠩᠭᠦᠨ ᠤ ᠪᠠᠷᠢᠮᠳᠠ ᠪᠠᠷ ᠨᠢᠭᠡᠯᠡ ᠣᠳᠠᠭ᠎ᠠ ᠳᠤ ᠰᠤᠯᠢᠵᠦ ᠦᠭᠭᠦᠨ᠎ᠡ᠃ | ᠨᠠᠰᠤᠨ ᠳᠤ ᠦᠯᠦ ᠬᠦᠷᠦᠭᠰᠡᠳ ᠲᠤ ᠱᠠᠩᠨᠠᠯ ᠤᠯᠭᠤᠬᠤ ᠦᠭᠡᠢ᠃ | ᠬᠤᠷᠢᠨ ᠲᠤᠯᠤᠳᠤᠭᠠᠠᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ | ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ᠂ ᠬᠤᠨᠵᠢᠪᠤᠷᠢᠳᠦ ᠰᠣᠭᠤᠯᠤᠭ᠎ᠠ | ᠤᠷᠤᠯᠠᠨ ᠬᠤᠳᠠᠯᠳᠤᠭᠴᠢ ᠵᠢᠴᠢ ᠪᠤᠰᠤᠳ ᠲᠤᠬᠠᠶᠢᠯᠠᠭᠰᠠᠨ ᠠᠵᠢᠯ ᠪᠤᠶᠤ ᠲᠤᠰᠢᠶᠠᠯ ᠤᠨ ᠲᠠᠰᠢᠷᠠᠮ ᠢᠶᠠᠷ ᠱᠠᠩᠨᠠᠯ | ᠤᠯᠤᠭᠴᠢ ᠶᠢᠨ ᠬᠤᠪᠢ ᠬᠦᠮᠦᠨ ᠤ ᠮᠡᠳᠡᠭᠡ ᠵᠠᠩᠬᠢ ᠶᠢ ᠮᠡᠳᠡᠪᠡᠯ᠂ ᠱᠠᠩᠨᠠᠯ ᠤᠯᠤᠭᠴᠢ ᠶᠢᠨ ᠮᠡᠳᠡᠭᠡ ᠵᠠᠩᠬᠢ ᠶᠢᠨ | ᠨᠢᠭᠤᠴᠠ ᠶᠢ ᠬᠠᠮᠠᠭᠠᠯᠠᠬᠤ ᠭᠡᠷᠡᠭᠳᠡᠢ᠃ | ᠲᠦᠷᠪᠡᠳᠦᠭᠡᠷ ᠪᠦᠯᠦᠭ ᠬᠤᠨᠵᠢᠪᠤᠷᠢᠳᠤ ᠰᠤᠭᠤᠯᠤᠭ᠎ᠠ ᠤ ᠪᠡᠯᠡ ᠮᠦᠩᠭᠦ ᠶᠢᠨ ᠬᠠᠮᠢᠶᠠᠷᠤᠯᠳᠠ | ᠬᠤᠷᠢᠨ ᠨᠠᠢᠮᠠᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠤ ᠪᠡᠯᠡ ᠮᠦᠩᠭᠦᠨ ᠳᠤ ᠬᠤᠨᠵᠢᠪᠤᠷᠢᠳᠦ | ᠰᠤᠭᠤᠯᠤᠭ᠎ᠠ ᠤ ᠱᠠᠩᠨᠠᠯ ᠤᠨ ᠮᠦᠩᠭᠦ᠂ ᠬᠤᠨᠵᠢᠪᠤᠷᠢᠳᠣ ᠰᠤᠭᠤᠯᠤᠭ᠎ᠠ ᠲᠠᠷᠬᠠᠭᠠᠬᠤ ᠵᠠᠷᠤᠳᠠᠯ ᠪᠤᠯᠤᠨ ᠬᠤᠨᠵᠢᠪᠤᠷᠢᠲᠤ | ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦ ᠪᠠᠭᠳᠠᠨ᠎ᠠ᠃ ᠬᠤᠨᠵᠢᠪᠤᠷᠢᠳᠤ ᠰᠤᠭᠤᠯᠤᠭ᠎ᠠ ᠤ ᠪᠡᠯᠡ | ᠮᠦᠩᠭᠦᠨ ᠤ ᠪᠦᠷᠢᠯᠳᠦᠯ ᠤᠨ ᠬᠠᠷᠢᠴᠠᠯ ᠢ ᠲᠦᠷᠦ ᠶᠢᠨ ᠶᠠᠪᠤᠳᠠᠯ ᠤᠨ ᠬᠤᠷᠢᠶᠠᠨ ᠠᠴᠠ ᠰᠢᠢᠳᠦᠨ᠎ᠡ᠃ | ᠬᠤᠨᠵᠢᠪᠤᠷᠢᠳᠣ ᠰᠣᠭᠤᠯᠤᠭ᠎ᠠ ᠤ ᠲᠦᠷᠦᠯ ᠵᠦᠢᠯ ᠤᠨ ᠬᠤᠭᠤᠷᠤᠨᠳᠤᠬᠢ ᠬᠤᠨᠵᠢᠪᠤᠷᠢᠳᠦ ᠰᠤᠭᠤᠯᠤᠭ᠎ᠠ ᠤ ᠪᠡᠯᠡ | ᠮᠦᠩᠭᠦᠨ ᠤ ᠪᠤᠳᠠᠳᠠᠢ ᠪᠦᠷᠢᠯᠳᠦᠯ ᠤᠨ ᠬᠠᠷᠢᠴᠠᠯ ᠢ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ | ᠰᠠᠯᠠᠭ᠎ᠠ ᠮᠦᠴᠢᠷ ᠠᠴᠠ ᠲᠦᠷᠦ ᠶᠢᠨ ᠶᠠᠪᠤᠳᠠᠯ ᠤᠨ ᠬᠤᠷᠢᠶᠠᠨ ᠤ ᠰᠢᠢᠳᠪᠦᠷᠢ ᠶᠢ ᠦᠨᠳᠦᠰᠦᠯᠡᠨ ᠲᠤᠭᠳᠠᠭᠠᠨ᠎ᠠ᠃ | ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠬᠦᠷᠢᠶ᠎ᠡ ᠬᠡᠪᠴᠢᠶᠡᠨ ᠤ ᠦᠷᠭᠡᠳᠬᠦ ᠪᠠ ᠬᠤᠨᠵᠢᠪᠤᠷᠢᠳᠦ | ᠰᠤᠭᠤᠯᠤᠭ᠎ᠠ ᠶᠢᠨ ᠲᠦᠷᠦᠯ ᠵᠦᠢᠯ ᠨᠡᠮᠡᠭᠳᠡᠬᠦ ᠶᠢ ᠲᠠᠭᠠᠯᠳᠦᠨ᠂ ᠬᠤᠨᠵᠢᠪᠤᠷᠢᠳᠦ ᠰᠤᠭᠤᠯᠤᠭ᠎ᠠ ᠤ ᠲᠠᠷᠬᠠᠭᠠᠬᠤ | ᠵᠠᠷᠤᠳᠠᠯ ᠤᠨ ᠬᠠᠷᠢᠴᠠᠯ ᠢ ᠪᠠᠭᠤᠷᠠᠭᠤᠯᠵᠦ ᠪᠤᠯᠤᠨ᠎ᠠ᠃ | ᠬᠤᠷᠢ ᠶᠢᠰᠦᠳᠦᠭᠡᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ | ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠨᠢ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ | ᠵᠠᠰᠠᠭ ᠤᠨ ᠰᠠᠯᠠᠭ᠎ᠠ ᠮᠦᠴᠢᠷ ᠤᠨ ᠲᠦᠷᠢᠮ ᠤᠨ ᠲᠠᠭᠠᠦ ᠬᠤᠨᠵᠢᠪᠤᠷᠢᠳᠤ ᠰᠤᠭᠤᠯᠤᠭ᠎ᠠ ᠤ ᠪᠡᠯᠡ ᠮᠦᠩᠭᠦᠨ ᠤ | ᠲᠠᠩᠰᠠ ᠨᠡᠭᠡᠭᠡᠵᠦ᠂ ᠬᠤᠨᠵᠢᠪᠤᠷᠢᠳᠦ ᠰᠤᠭᠤᠯᠤᠭ᠎ᠠ ᠤ ᠪᠡᠯᠡ ᠮᠦᠩᠭᠦ ᠶᠢ ᠬᠠᠷᠭᠤᠭᠤᠯᠵᠦ ᠪᠤᠳᠤᠬᠤ ᠳᠤ ᠬᠡᠷᠡᠭᠯᠡᠬᠦ | ᠬᠡᠷᠡᠭᠳᠡᠢ᠃ | ᠭᠤᠴᠢᠳᠣᠭᠠᠷ ᠵᠤᠷᠪᠤᠰ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ | ᠪᠤᠯᠤᠨ ᠮᠤᠵᠢ᠂ ᠦᠪᠡᠷᠳᠡᠬᠡᠨ ᠵᠠᠰᠠᠬᠤ ᠤᠷᠤᠨ᠂ ᠰᠢᠭᠤᠳ ᠬᠠᠷᠢᠶᠠᠳᠤ ᠬᠤᠳᠠ ᠶᠢᠨ ᠠᠷᠠᠳ ᠤᠨ ᠵᠠᠰᠠᠭ ᠤᠨ | ᠤᠷᠳᠤᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠬᠤᠨᠵᠢᠪᠤᠷᠢᠳᠤ ᠰᠤᠭᠤᠯᠤᠭ᠎ᠠ ᠤ ᠲᠠᠷᠬᠠᠭᠠᠬᠤ᠂ | ᠪᠤᠷᠤᠯᠠᠭᠤᠯᠤᠨ ᠬᠤᠳᠠᠯᠳᠣᠬᠤ ᠪᠤᠯᠤᠨ ᠪᠡᠯᠡ ᠮᠦᠩᠭᠦᠨ ᠤ ᠬᠠᠮᠢᠶᠠᠷᠤᠯᠳᠠ ᠶᠢᠨ ᠮᠡᠳᠡᠭᠡ ᠵᠠᠩᠬᠢ ᠶᠢᠨ ᠰᠢᠰᠲ᠋ᠧᠮ ᠢ | ᠪᠠᠶᠢᠭᠤᠯᠵᠦ᠂ ᠬᠤᠨᠵᠢᠪᠤᠷᠢᠳᠤ ᠰᠤᠭᠤᠯᠤᠭ᠎ᠠ ᠤ ᠪᠤᠷᠤᠯᠠᠭᠤᠯᠤᠨ ᠬᠤᠳᠠᠯᠳᠣᠯᠳᠠ ᠪᠠ ᠪᠡᠯᠡ ᠮᠦᠩᠭᠦᠨ ᠤ ᠡᠷᠭᠢᠯᠳᠡ | ᠶᠢ ᠴᠠᠭ ᠲᠤᠬᠠᠢ ᠳᠤᠨᠢ ᠡᠵᠡᠮᠰᠢᠬᠦ ᠭᠡᠷᠡᠭᠳᠡᠢ᠃ | ᠭᠤᠴᠢᠨ ᠨᠢᠭᠡᠳᠦᠭᠡᠷ ᠵᠤᠷᠪᠤᠰ ᠬᠤᠨᠵᠢᠪᠤᠷᠢᠳᠤ ᠰᠤᠭᠤᠯᠤᠭ᠎ᠠ ᠤ ᠱᠠᠩᠨᠠᠯ ᠤᠨ ᠮᠦᠩᠭᠦ ᠶᠢ ᠬᠤᠨᠵᠢᠪᠤᠷᠢᠳᠤ | ᠰᠤᠭᠤᠯᠤᠭ᠎ᠠ ᠳᠤ ᠱᠠᠩᠨᠠᠯ ᠤᠯᠤᠭᠴᠢ ᠳᠤ ᠠᠰᠢᠭᠯᠠᠨ᠎ᠠ᠃ ᠬᠤᠨᠵᠢᠪᠤᠷᠢᠳᠤ ᠰᠤᠭᠤᠯᠤᠭ᠎ᠠ ᠤ ᠲᠠᠩ ︵单注) | ᠱᠠᠩᠨᠠᠯ ᠤᠨ ᠮᠦᠩᠭᠦ ᠶᠢᠨ ᠬᠠᠮᠤᠭ ᠤᠨ ᠦᠨᠳᠦᠷ ᠬᠡᠮᠵᠢᠶ᠎ᠡ ᠶᠢ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ | ᠵᠠᠰᠠᠭ ᠤᠨ ᠰᠠᠯᠠᠭ᠎ᠠ ᠮᠦᠴᠢᠷ ᠠᠴᠠ ᠬᠤᠨᠵᠢᠪᠤᠷᠢᠳᠦ ᠰᠤᠭᠤᠯᠤᠭ᠎ᠠ ᠤ ᠵᠠᠬ᠎ᠠ ᠲᠡᠯᠭᠡᠭᠦᠷ ᠤᠨ ᠬᠦᠭᠵᠢᠯᠳᠡ ᠶᠢᠨ | ᠪᠠᠶᠢᠳᠠᠯ ᠢ ᠦᠨᠳᠦᠰᠦᠯᠡᠨ ᠰᠢᠢᠳᠦᠨ᠎ᠡ᠃ | ᠬᠤᠭᠤᠴᠠᠭ᠎ᠠ ᠨᠢ ᠬᠡᠳᠦᠷᠡᠵᠦ ᠲᠣᠰᠣᠭᠰᠠᠨ ᠦᠭᠡᠢ ᠱᠠᠩᠨᠠᠯ ᠤᠨ ᠮᠦᠩᠭᠦ ᠶᠢ ᠬᠤᠨᠵᠢᠪᠤᠷᠢᠳᠦ ᠰᠤᠭᠤᠯᠤᠭ᠎ᠠ ᠤ | ᠨᠡᠶᠢᠳᠡ ᠶᠢᠨ ᠠᠰᠠᠷᠠᠮᠵᠢ ᠶᠢᠨ ᠮᠦᠩᠭᠦᠨ ᠳᠤ ᠤᠷᠤᠭᠤᠯᠤᠨ᠎ᠠ᠃ | ᠭᠤᠴᠢᠨ ᠬᠤᠶᠠᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠵᠠᠷᠤᠳᠠᠯ ᠢ ᠬᠤᠨᠵᠢᠪᠤᠷᠢᠳᠦ | ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ | ᠪᠠᠶᠢᠭᠤᠯᠤᠮᠵᠢ ᠶᠢᠨ ᠲᠤᠬᠠᠶᠢᠯᠠᠭᠰᠠᠨ ᠠᠵᠢᠯ ᠤᠨ ᠵᠠᠷᠤᠬᠤ ᠵᠠᠷᠤᠯᠭ᠎ᠠ ᠵᠢᠴᠢ ᠬᠤᠨᠵᠢᠪᠤᠷᠢᠳᠦ ᠰᠤᠭᠤᠯᠤᠭ᠎ᠠ ᠤᠷᠤᠯᠠᠨ | ᠬᠤᠳᠠᠯᠳᠤᠭᠴᠢ ᠶᠢᠨ ᠪᠤᠷᠤᠯᠠᠭᠤᠯᠵᠦ ᠬᠤᠳᠠᠯᠳᠤᠬᠤ ᠳᠤ ᠵᠠᠷᠤᠬᠤ ᠵᠠᠷᠤᠯᠭ᠎ᠠ ᠳᠤ ᠲᠤᠰᠬᠠᠶᠢᠯᠠᠨ ᠠᠰᠢᠭᠯᠠᠨ᠎ᠠ᠃ | ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ | ᠬᠤᠳᠠᠯᠳᠤᠬᠤ ᠪᠠᠶᠢᠭᠤᠯᠤᠮᠵᠢ ᠶᠢᠨ ᠲᠤᠬᠠᠶᠢᠯᠠᠭᠰᠠᠨ ᠠᠵᠢᠯ ᠤᠨ ᠵᠠᠷᠤᠳᠠᠯ ᠢ ᠤᠷᠤᠯᠭ᠎ᠠ ᠵᠠᠷᠤᠯᠭ᠎ᠠ ᠶᠢᠨ ᠬᠤᠶᠠᠷ | ᠱᠤᠭᠤᠮ ᠢᠶᠠᠷ ᠬᠠᠮᠢᠶᠠᠷᠴᠦ᠂ ᠲᠡᠭᠦᠨ ᠤ ᠵᠠᠷᠤᠯᠭ᠎ᠠ ᠨᠢ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ | ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠶᠢᠨ ᠡᠳ᠋ ᠤᠨ ᠶᠠᠪᠤᠳᠠᠯ ᠤᠨ | ᠬᠠᠮᠢᠶᠠᠷᠤᠯᠳᠠ ᠶᠢᠨ ᠲᠦᠷᠢᠮ ᠳᠤ ᠨᠡᠶᠢᠴᠡᠬᠦ ᠭᠡᠷᠡᠭᠳᠡᠢ᠃ | ᠭᠤᠴᠢᠨ ᠭᠤᠷᠪᠠᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦ | ᠶᠢ ᠨᠡᠶᠢᠭᠡᠮ ᠤᠨ ᠠᠰᠠᠷᠠᠮᠵᠢ᠂ ᠪᠡᠶ᠎ᠡ ᠶᠢᠨ ᠲᠠᠮᠢᠷ ᠵᠡᠷᠭᠡ ᠨᠡᠶᠢᠭᠡᠮ ᠨᠡᠶᠢᠳᠡ ᠶᠢᠨ ᠠᠰᠠᠷᠠᠮᠵᠢ ᠶᠢᠨ ᠦᠢᠯᠡᠰ ᠲᠤ | ᠲᠤᠰᠬᠠᠶᠢᠯᠠᠨ ᠠᠰᠢᠭᠯᠠᠨ᠎ᠠ᠂ ᠡᠳ᠋ ᠤᠨ ᠵᠠᠰᠠᠭ ᠤᠨ ᠡᠩ ᠤᠨ ᠲᠦᠰᠦᠪ ᠢ ᠲᠡᠩᠴᠡᠭᠦᠰᠢᠷᠡᠭᠦᠯᠬᠦ ᠳᠤ ᠠᠰᠢᠭᠯᠠᠬᠤ | ᠦᠭᠡᠢ᠃ | ᠬᠤᠨᠵᠢᠪᠤᠷᠢᠳᠤ ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦ ᠶᠢ ᠵᠠᠰᠠᠭ ᠤᠨ ᠤᠷᠳᠤᠨ ᠤ | ᠴᠢᠨᠠᠷᠳᠠᠢ ᠰᠠᠭᠤᠷᠢ ᠮᠦᠩᠭᠦᠨ ᠤ ᠬᠠᠮᠢᠶᠠᠷᠤᠯᠳᠠ ᠶᠢᠨ ᠠᠷᠭ᠎ᠠ ᠶᠢ ᠦᠨᠳᠦᠰᠦᠯᠠᠵᠦ᠂ ᠲᠦᠰᠦᠪ ᠲᠤ ᠤᠷᠤᠭᠤᠯᠤᠨ᠂ | ᠤᠷᠤᠯᠭ᠎ᠠ ᠵᠠᠷᠤᠯᠭ᠎ᠠ ᠬᠤᠶᠠᠷ ᠱᠤᠭᠤᠮ ᠤᠨ ᠬᠠᠮᠢᠶᠠᠷᠤᠯᠳᠠ ᠶᠢ ᠬᠡᠷᠡᠭᠵᠢᠭᠦᠯᠦᠨ᠎ᠡ᠃ | ᠭᠤᠴᠢᠨ ᠲᠦᠷᠪᠡᠳᠦᠭᠡᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ | ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠨᠢ ᠲᠦᠷᠦ ᠶᠢᠨ ᠶᠠᠪᠤᠳᠠᠯ ᠤᠨ | ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠤᠨ ᠲᠤᠭᠳᠠᠭᠠᠯ ᠤᠨ ᠲᠠᠭᠠᠦ᠂ ᠬᠤᠨᠵᠢᠪᠤᠷᠢᠳᠤ ᠰᠤᠭᠤᠯᠤᠭ᠎ᠠ | ᠤ ᠨᠡᠶᠢᠳᠡ ᠶᠢᠨ ᠠᠰᠠᠷᠠᠮᠵᠢ ᠶᠢᠨ ᠮᠦᠩᠭᠦ ᠪᠠ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠵᠠᠷᠤᠳᠠᠯ ᠤᠨ | ᠲᠤᠬᠠᠶᠢᠯᠠᠭᠰᠠᠨ ᠠᠵᠢᠯ ᠤᠨ ᠵᠠᠷᠤᠳᠠᠯ ᠢ ᠴᠠᠭ ᠲᠤᠬᠠᠢ ᠳᠤᠨᠢ ᠲᠡᠭᠡᠭᠰᠢ ᠲᠤᠰᠢᠶᠠᠵᠦ᠂ ᠲᠤᠮᠳᠠ ᠠᠴᠠ ᠨᠢ ᠦᠯᠡᠳᠡᠭᠡᠬᠦ | ᠪᠤᠶᠤ ᠨᠡᠭᠦᠯᠭᠡᠨ ᠬᠡᠷᠡᠭᠯᠡᠵᠦ ᠪᠤᠯᠬᠤ ᠦᠭᠡᠢ᠃ ᠡᠳ᠋ ᠶᠢᠨ ᠵᠠᠰᠠᠭ ᠤᠨ ᠰᠠᠯᠠᠭ᠎ᠠ ᠮᠦᠴᠢᠷ ᠨᠢ ᠬᠤᠨᠵᠢᠪᠤᠷᠢᠳᠦ | ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ | ᠪᠠᠶᠢᠭᠤᠯᠤᠮᠵᠢ ᠶᠢᠨ ᠲᠤᠬᠠᠶᠢᠯᠠᠭᠰᠠᠨ ᠠᠵᠢᠯ ᠤᠨ ᠵᠠᠷᠤᠳᠠᠯ ᠢ ᠴᠠᠭ ᠲᠤᠬᠠᠢ ᠳᠤᠨᠢ ᠬᠠᠷᠭᠤᠭᠤᠯᠵᠦ ᠪᠠᠭᠤᠯᠭᠠᠵᠦ | ᠦᠭᠭᠦ ᠭᠡᠷᠡᠭᠳᠡᠢ᠃ | ᠭᠤᠴᠢᠨ ᠲᠠᠪᠤᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦᠨ ᠤ | ᠬᠤᠪᠢᠶᠠᠷᠠᠯᠳᠠ ᠶᠢᠨ ᠪᠤᠳᠤᠯᠭ᠎ᠠ ᠶᠢ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ | ᠮᠦᠴᠢᠷ ᠠᠴᠠ ᠲᠦᠷᠦ ᠶᠢᠨ ᠶᠠᠪᠤᠳᠠᠯ ᠤᠨ ᠬᠤᠷᠢᠶᠠᠨ ᠤ ᠠᠷᠠᠳ ᠤᠨ ᠶᠠᠪᠤᠳᠠᠯ ᠪᠠ ᠪᠡᠶ᠎ᠡ ᠶᠢᠨ ᠲᠠᠮᠢᠷ ᠤᠨ ᠵᠠᠰᠠᠭ | ᠵᠠᠬᠢᠷᠭ᠎ᠠ ᠵᠡᠷᠭᠡ ᠰᠠᠯᠠᠭ᠎ᠠ ᠮᠦᠴᠢᠷ ᠲᠠᠢ ᠬᠠᠮᠳᠤᠷᠠᠵᠦ ᠪᠠᠶᠢᠭᠠᠳ ᠲᠦᠰᠦᠯ ᠭᠠᠷᠭᠠᠨ᠂ ᠲᠦᠷᠦ ᠶᠢᠨ ᠶᠠᠪᠤᠳᠠᠯ ᠤᠨ | ᠬᠤᠷᠢᠶᠠᠨ ᠳᠤ ᠮᠡᠳᠡᠭᠦᠯᠦᠨ ᠵᠦᠪᠰᠢᠶᠡᠷᠡᠭᠦᠯᠦᠭᠰᠡᠨ ᠤ ᠲᠠᠷᠠᠭ᠎ᠠ ᠭᠡᠷᠡᠭᠵᠢᠭᠦᠯᠦᠨ᠎ᠡ᠃ | ᠭᠤᠴᠢᠨ ᠵᠢᠷᠭᠤᠳᠤᠭᠠᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠵᠠᠷᠤᠳᠠᠯ᠂ ᠬᠤᠨᠵᠢᠪᠤᠷᠢᠳᠤ | ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦ ᠶᠢ ᠬᠠᠮᠢᠶᠠᠷᠬᠤ᠂ ᠬᠡᠷᠡᠭᠯᠡᠬᠦ ᠪᠠᠶᠢᠭᠤᠯᠭ᠎ᠠ ᠨᠢ ᠡᠳ᠋ ᠤᠨ | ᠵᠠᠰᠠᠭ ᠤᠨ ᠰᠠᠯᠠᠭ᠎ᠠ ᠮᠦᠴᠢᠷ᠂ ᠬᠢᠨᠠᠨ ᠪᠤᠳᠤᠯᠳᠠ ᠶᠢᠨ ᠪᠠᠶᠢᠭᠤᠯᠭ᠎ᠠ ᠪᠠ ᠨᠡᠶᠢᠭᠡᠮ ᠤᠨ ᠤᠯᠠᠨ ᠲᠦᠮᠡᠨ ᠤ ᠬᠢᠨᠠᠯᠳᠠ | ᠶᠢ ᠬᠠᠦᠯᠢ ᠶᠤᠰᠤᠭᠠᠷ ᠬᠦᠯᠢᠶᠡᠬᠦ ᠬᠡᠷᠡᠭᠳᠡᠢ᠃ | ᠬᠤᠨᠵᠢᠪᠤᠷᠢᠳᠦ ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦ ᠶᠢ ᠬᠠᠮᠢᠶᠠᠷᠬᠤ᠂ ᠬᠡᠷᠡᠭᠯᠡᠬᠦ | ᠪᠠᠶᠢᠭᠤᠯᠭ᠎ᠠ ᠨᠢ ᠨᠡᠶᠢᠳᠡ ᠶᠢᠨ ᠠᠰᠠᠷᠠᠮᠵᠢ ᠶᠢᠨ ᠮᠦᠩᠭᠦᠨ ᠤ ᠬᠡᠷᠡᠭᠯᠡᠭᠰᠡᠨ ᠪᠠᠶᠢᠳᠠᠯ ᠢ ᠵᠢᠯ ᠪᠦᠷᠢ ᠨᠡᠶᠢᠭᠡᠮ ᠳᠤ | ᠵᠠᠷᠯᠠᠬᠤ ᠭᠡᠷᠡᠭᠳᠡᠢ᠃ | ᠭᠤᠴᠢᠨ ᠲᠤᠯᠤᠳᠤᠭᠠᠷ ᠵᠤᠷᠪᠤᠰ ᠲᠦᠷᠦ ᠶᠢᠨ ᠶᠠᠪᠤᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ | ᠮᠦᠴᠢᠷ ᠪᠤᠯᠤᠨ ᠮᠤᠵᠢ᠂ ᠦᠪᠡᠷᠳᠡᠭᠡᠨ ᠵᠠᠰᠠᠬᠤ ᠤᠷᠤᠨ᠂ ᠰᠢᠭᠤᠳ ᠬᠠᠷᠢᠶᠠᠳᠣ ᠬᠤᠳᠠ ᠶᠢᠨ ᠠᠷᠠᠳ ᠤᠨ ᠵᠠᠰᠠᠭ | ᠤᠨ ᠣᠷᠳᠤᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠵᠢᠯ ᠪᠦᠷᠢ ᠲᠤᠰ ᠱᠠᠳᠣᠨ ᠤ ᠠᠷᠠᠳ ᠤᠨ ᠵᠠᠰᠠᠭ | ᠤᠨ ᠣᠷᠳᠣᠨ ᠳᠤ ᠨᠢᠳᠤᠨᠤᠨ ᠤ ᠬᠤᠨᠵᠢᠪᠤᠷᠢᠳᠦ ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦᠨ ᠤ | ᠨᠢᠭᠡᠳᠦᠯᠲᠡᠢ ᠲᠦᠯᠦᠪᠯᠡᠭᠰᠡᠨ᠂ ᠬᠤᠪᠢᠶᠠᠷᠠᠯᠠᠭᠰᠠᠨ ᠪᠠ ᠬᠡᠷᠡᠭᠯᠡᠭᠰᠡᠨ ᠪᠠᠶᠢᠳᠠᠯ ᠢ ᠮᠡᠳᠡᠭᠦᠯᠦᠯᠳᠡ ᠬᠢᠵᠦ᠂ ᠨᠡᠶᠢᠭᠡᠮ ᠳᠤ | ᠵᠠᠷᠯᠠᠬᠤ ᠭᠡᠷᠡᠭᠳᠡᠢ᠃ | ᠲᠠᠪᠤᠳᠤᠭᠠᠷ ᠪᠦᠯᠦᠭ ᠬᠠᠦᠯᠢ ᠶᠢᠨ ᠬᠠᠷᠢᠭᠤᠴᠠᠯᠭ᠎ᠠ | ᠭᠤᠴᠢᠨ ᠨᠠᠢᠮᠠᠳᠤᠭᠠᠷ ᠵᠤᠷᠪᠤᠰ ᠲᠤᠰ ᠲᠦᠷᠢᠮ ᠤᠨ ᠲᠤᠭᠳᠠᠭᠠᠯ ᠢ ᠵᠦᠷᠢᠴᠡᠵᠦ᠂ ᠬᠤᠨᠵᠢᠪᠤᠷᠢᠳᠦ | ᠰᠤᠭᠤᠯᠤᠭ᠎ᠠ ᠶᠢ ᠲᠤᠷ᠎ᠠ ᠪᠠᠷ ᠲᠠᠷᠬᠠᠭᠠᠵᠦ᠂ ᠬᠤᠳᠠᠯᠳᠤᠭᠰᠠᠨ ᠪᠤᠶᠤ ᠪᠦᠭᠦᠳᠡ ᠨᠠᠶᠢᠷᠠᠮᠳᠠᠬᠤ ᠲᠤᠮᠳᠠᠳᠦ ᠠᠷᠠᠳ | ᠣᠯᠣᠰ ᠤᠨ ᠬᠢᠯᠢ ᠲᠤᠳᠤᠷ᠎ᠠ ᠬᠢᠯᠢ ᠶᠢᠨ ᠭᠠᠳᠠᠨᠠᠬᠢ ᠬᠤᠨᠵᠢᠪᠤᠷᠢᠳᠦ ᠰᠤᠭᠤᠯᠤᠭ᠎ᠠ ᠶᠢ ᠲᠠᠷᠬᠠᠭᠠᠵᠦ᠂ ᠬᠤᠳᠠᠯᠳᠤᠨ | ᠶᠠᠯ᠎ᠠ ᠪᠤᠯᠵᠦ ᠪᠦᠷᠢᠯᠳᠦᠭᠰᠡᠨ ᠪᠤᠯ᠂ ᠬᠠᠦᠯᠢ ᠶᠤᠰᠤᠭᠠᠷ ᠡᠷᠡᠭᠦᠦ ᠶᠢᠨ ᠬᠡᠷᠡᠭ ᠤᠨ ᠬᠠᠷᠢᠭᠤᠴᠠᠯᠭ᠎ᠠ ᠨᠡᠬᠡᠮᠵᠢᠯᠡᠨ᠎ᠡ︔ | ᠶᠠᠯ᠎ᠠ ᠪᠤᠯᠵᠦ ᠪᠦᠷᠢᠯᠳᠦᠭᠰᠡᠨ ᠦᠭᠡᠢ ᠪᠤᠯ᠂ ᠲᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠬᠠᠦᠯᠢ ᠶᠤᠰᠤᠭᠠᠷ | ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ ᠰᠢᠢᠳᠬᠡᠯ ᠦᠭᠭᠦᠨ᠎ᠡ︔ ᠬᠠᠦᠯᠢ ᠵᠦᠷᠢᠴᠡᠭᠰᠡᠨ ᠤᠷᠤᠯᠭ᠎ᠠ ᠪᠠᠶᠢᠪᠠᠯ | ᠬᠠᠦᠯᠢ ᠵᠦᠷᠢᠴᠡᠭᠰᠡᠨ ᠤᠷᠤᠯᠭ᠎ᠠ ᠶᠢ ᠨᠢ ᠬᠤᠷᠢᠶᠠᠨ ᠠᠪᠤᠨ᠎ᠠ᠃ | ᠭᠤᠴᠢ ᠶᠢᠰᠦᠳᠦᠭᠡᠷ ᠵᠤᠷᠪᠤᠰ ᠬᠤᠨᠵᠢᠪᠤᠷᠢᠳᠦ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ | ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠨᠢ ᠲᠠᠷᠠᠭᠠᠬᠢ ᠵᠦᠢᠯᠡᠰ ᠤᠨ ᠠᠯᠢ ᠨᠢᠭᠡ ᠠᠵᠢᠯᠯᠠᠭ᠎ᠠ | ᠶᠢ ᠬᠢᠭᠰᠡᠨ ᠪᠠᠶᠢᠪᠠᠯ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠠᠷᠠᠯᠵᠢᠶ᠎ᠠ ᠶᠢ ᠨᠢ ᠵᠤᠭᠰᠤᠭᠠᠵᠦ ᠵᠠᠷᠯᠢᠭᠳᠠᠨ | ᠴᠡᠭᠴᠡᠯᠡᠬᠦ ᠬᠡᠷᠡᠭᠳᠡᠢ︔ ᠬᠠᠦᠯᠢ ᠵᠦᠷᠢᠴᠡᠭᠰᠡᠨ ᠤᠷᠤᠯᠭ᠎ᠠ ᠪᠠᠶᠢᠪᠠᠯ ᠬᠠᠦᠯᠢ ᠵᠦᠷᠢᠴᠡᠭᠰᠡᠨ ᠤᠷᠤᠯᠭ᠎ᠠ ᠶᠢ ᠨᠢ | ᠬᠤᠷᠢᠶᠠᠨ ᠠᠪᠴᠦ᠂ ᠬᠠᠦᠯᠢ ᠵᠦᠷᠢᠴᠡᠭᠰᠡᠨ ᠤᠷᠤᠯᠭ᠎ᠠ ᠶᠢᠨ ᠬᠢᠨᠢ 3 ᠲᠠᠬᠢᠨ ᠲᠤᠷᠭᠠᠭᠤᠯᠢ ᠪᠠᠷ ᠰᠢᠢᠳᠬᠡᠨ᠎ᠡ︔ | ᠰᠢᠭᠤᠳ ᠬᠠᠷᠢᠭᠤᠴᠠᠭᠰᠠᠨ ᠭᠤᠤᠯᠯᠠᠬᠤ ᠬᠦᠮᠦᠰ ᠪᠤᠯᠤᠨ ᠪᠤᠰᠤᠳ ᠰᠢᠭᠤᠳ ᠬᠠᠷᠢᠭᠤᠴᠠᠯᠭ᠎ᠠ ᠲᠠᠢ ᠬᠦᠮᠦᠰ ᠲᠤ | ᠬᠠᠦᠯᠢ ᠶᠤᠰᠤᠭᠠᠷ ᠰᠢᠢᠳᠬᠡᠯ ᠦᠭᠭᠦᠨ᠎ᠡ︔ ᠶᠠᠯ᠎ᠠ ᠪᠤᠯᠵᠦ ᠪᠦᠷᠢᠯᠳᠦᠭᠰᠡᠨ ᠪᠠᠶᠢᠪᠠᠯ᠂ ᠬᠠᠦᠯᠢ ᠶᠤᠰᠤᠭᠠᠷ ᠡᠷᠡᠬᠦᠦ | ᠶᠢᠨ ᠬᠠᠷᠢᠭᠤᠴᠠᠯᠭ᠎ᠠ ᠨᠡᠬᠡᠮᠵᠢᠯᠡᠨ᠎ᠡ᠄ ︵ᠨᠢᠭᠡ︶ ᠵᠦᠪᠰᠢᠶᠡᠷᠡᠯ ᠢ ᠤᠯᠤᠭ᠎ᠠ ᠦᠭᠡᠢ ᠪᠠᠷ ᠬᠤᠨᠵᠢᠪᠤᠷᠢᠳᠦ | ᠰᠤᠭᠤᠯᠤᠭ᠎ᠠ ᠤ ᠲᠦᠷᠦᠯ ᠵᠦᠢᠯ ᠢ ᠨᠡᠭᠡᠭᠡᠭᠰᠡᠨ᠂ ᠵᠤᠭᠰᠤᠭᠠᠭᠰᠠᠨ ᠪᠤᠶᠤ ᠵᠦᠪᠰᠢᠶᠡᠷᠡᠯ ᠢ ᠤᠯᠤᠭᠰᠠᠨ ᠦᠭᠡᠢ | ᠪᠠᠷ ᠬᠤᠨᠵᠢᠪᠤᠷᠢᠳᠦ ᠰᠤᠭᠤᠯᠤᠭ᠎ᠠ ᠤ ᠲᠦᠷᠦᠯ ᠵᠦᠢᠯ ᠤᠨ ᠬᠢᠨᠠᠨ ᠵᠦᠪᠰᠢᠶᠡᠷᠡᠬᠦ ᠵᠦᠢᠯᠡᠰ ᠢ | ᠬᠤᠪᠢᠷᠭᠠᠭᠰᠠᠨ︔ ︵ᠬᠤᠶᠠᠷ︶ ᠵᠦᠪᠰᠢᠶᠡᠷᠡᠯ ᠢ ᠤᠯᠤᠭ᠎ᠠ ᠦᠭᠡᠢ ᠬᠤᠨᠵᠢᠪᠤᠷᠢᠳᠦ ᠰᠤᠭᠤᠯᠤᠭ᠎ᠠ ᠤ ᠲᠦᠷᠦᠯ ᠵᠦᠢᠯ | ᠤᠨ ᠲᠦᠷᠢᠮ᠂ ᠲᠠᠷᠬᠠᠭᠠᠬᠤ ᠭᠡᠯᠪᠡᠷᠢ᠂ ᠲᠠᠷᠬᠠᠭᠠᠬᠤ ᠬᠡᠪᠴᠢᠶ᠎ᠡ᠂ ᠱᠠᠩᠨᠠᠯ ᠨᠡᠭᠡᠭᠡᠬᠦ ᠱᠠᠩᠨᠠᠯ ᠣᠯᠭᠤᠬᠤ ᠠᠵᠢᠯᠯᠠᠭᠠᠨ | ᠤ ᠲᠦᠷᠢᠮ ᠢᠶᠠᠷ ᠬᠤᠨᠵᠢᠪᠤᠷᠢᠳᠤ ᠰᠤᠭᠤᠯᠤᠭ᠎ᠠ ᠲᠠᠷᠬᠠᠭᠠᠭᠰᠠᠨ᠂ ᠬᠤᠳᠠᠯᠳᠤᠭᠰᠠᠨ ᠪᠤᠶᠤ ᠱᠠᠩᠨᠠᠯ ᠨᠡᠭᠡᠭᠡᠵᠦ ᠱᠠᠩᠨᠠᠯ | ᠣᠯᠭᠤᠭᠰᠠᠨ︔ ︵ᠭᠤᠷᠪᠠ︶ ᠬᠤᠨᠵᠢᠪᠤᠷᠢᠳᠦ ᠰᠤᠭᠤᠯᠤᠭ᠎ᠠ ᠤ ᠪᠤᠷᠤᠯᠠᠭᠤᠯᠵᠦ ᠬᠤᠳᠠᠯᠳᠤᠬᠤ ᠰᠢᠰᠲ᠋ᠧᠮ ᠤᠨ | ᠲᠤᠭ᠎ᠠ ᠪᠠᠷᠢᠮᠳᠠ ᠶᠢᠨ ᠬᠠᠮᠢᠶᠠᠷᠤᠯᠳᠠ᠂ ᠱᠠᠩᠨᠠᠯ ᠨᠡᠭᠡᠭᠡᠬᠦ ᠱᠠᠩᠨᠠᠯ ᠣᠯᠭᠤᠬᠤ ᠬᠠᠮᠢᠶᠠᠷᠤᠯᠳᠠ ᠪᠤᠶᠤ ᠬᠤᠨᠵᠢᠪᠤᠷᠢᠳᠦ | ᠰᠤᠭᠤᠯᠤᠭ᠎ᠠ ᠤ ᠪᠡᠯᠡ ᠮᠦᠩᠭᠦ ᠶᠢᠨ ᠲᠦᠪᠯᠡᠷᠡᠭᠦᠯᠦᠨ ᠬᠠᠮᠢᠶᠠᠷᠤᠯᠳᠠ ᠶᠢ ᠦᠭᠡᠷ᠎ᠡ ᠪᠤᠰᠤᠳ ᠲᠤ ᠨᠠᠶᠢᠳᠠᠨ | ᠬᠠᠮᠢᠶᠠᠷᠠᠭᠤᠯᠤᠭᠰᠠᠨ︔ ︵ᠲᠦᠷᠪᠡ︶ ᠬᠤᠨᠵᠢᠪᠤᠷᠢᠳᠦ ᠰᠤᠭᠤᠯᠤᠭ᠎ᠠ ᠤ ᠪᠤᠷᠤᠯᠠᠭᠤᠯᠭ᠎ᠠ ᠶᠢᠨ ᠲᠤᠭ᠎ᠠ ᠪᠠᠷᠢᠮᠳᠠ ᠶᠢ | ᠲᠦᠷᠢᠮ ᠵᠦᠷᠢᠴᠡᠵᠦ ᠡᠷᠢᠵᠦ ᠦᠵᠡᠭᠰᠡᠨ᠂ ᠬᠤᠪᠢᠷᠭᠠᠭᠰᠠᠨ᠂ ᠣᠰᠠᠳᠬᠠᠭᠰᠠᠨ︔ ︵ᠲᠠᠪᠦ︶ ᠱᠠᠬᠡᠯᠡᠨ | ᠪᠤᠷᠤᠯᠠᠭᠤᠯᠭ᠎ᠠ ᠪᠤᠶᠤ ᠢᠳᠡᠭᠡᠮᠵᠢ ᠶᠢᠨ ᠬᠡᠯᠪᠡᠷᠢ ᠪᠠᠷ ᠬᠤᠨᠵᠢᠪᠤᠷᠢᠳᠦ ᠰᠤᠭᠤᠯᠤᠭ᠎ᠠ ᠶᠢ ᠬᠤᠳᠠᠯᠳᠤᠭᠰᠠᠨ︔ | ︵ᠵᠢᠷᠭᠤᠭ᠎ᠠ︶ ᠵᠦᠪᠰᠢᠶᠡᠷᠡᠯ ᠤᠯᠤᠭ᠎ᠠ ᠦᠭᠡᠢ ᠪᠠᠷ ᠬᠤᠨᠵᠢᠪᠤᠷᠢᠳᠤ ᠰᠣᠭᠤᠯᠤᠭ᠎ᠠ ᠶᠢ ᠣᠰᠠᠳᠬᠠᠭᠰᠠᠨ︔ | ︵ᠲᠤᠯᠤᠭ᠎ᠠ︶ ᠬᠤᠨᠵᠢᠪᠤᠷᠢᠳᠤ ᠰᠤᠭᠤᠯᠤᠭ᠎ᠠ ᠤ ᠪᠡᠯᠡ ᠮᠦᠩᠭᠦ ᠶᠢ ᠲᠤᠮᠳᠠ ᠠᠴᠠ ᠨᠢ ᠦᠯᠡᠳᠡᠭᠡᠵᠦ᠂ ᠨᠡᠭᠦᠯᠭᠡᠨ | ᠭᠡᠷᠡᠭᠯᠡᠭᠰᠡᠨ᠃ | ᠲᠦᠴᠢᠳᠦᠭᠡᠷ ᠵᠤᠷᠪᠤᠰ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ ᠬᠤᠨᠵᠢᠪᠤᠷᠢᠳᠦ | ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠨᠢ ᠲᠠᠷᠠᠭᠠᠬᠢ ᠵᠦᠢᠯᠡᠰ ᠤᠨ ᠠᠯᠢ ᠨᠢᠭᠡ ᠠᠵᠢᠯᠯᠠᠭ᠎ᠠ | ᠶᠢ ᠬᠢᠭᠰᠡᠨ ᠪᠤᠯ᠂ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠵᠠᠷᠯᠢᠭᠳᠠᠨ ᠵᠠᠯᠠᠷᠠᠭᠤᠯᠤᠨ᠎ᠠ︔ ᠬᠠᠦᠯᠢ | ᠵᠦᠷᠢᠴᠡᠭᠰᠡᠨ ᠤᠷᠤᠯᠭ᠎ᠠ ᠪᠠᠶᠢᠪᠠᠯ ᠬᠠᠦᠯᠢ ᠵᠦᠷᠢᠴᠡᠭᠰᠡᠨ ᠤᠷᠤᠯᠭ᠎ᠠ ᠶᠢ ᠨᠢ ᠬᠤᠷᠢᠶᠠᠨ ᠠᠪᠤᠨ᠎ᠠ︔ ᠰᠢᠭᠤᠳ | ᠬᠠᠷᠢᠭᠤᠴᠠᠭᠰᠠᠨ ᠭᠤᠤᠯᠯᠠᠬᠤ ᠬᠦᠮᠦᠰ ᠪᠤᠯᠤᠨ ᠪᠤᠰᠤᠳ ᠰᠢᠭᠤᠳ ᠬᠠᠷᠢᠭᠤᠴᠠᠯᠭ᠎ᠠ ᠲᠠᠢ ᠬᠦᠮᠦᠰ ᠳᠤ ᠬᠠᠦᠯᠢ | ᠶᠣᠰᠤᠭᠠᠷ ᠰᠢᠢᠳᠬᠡᠯ ᠦᠭᠭᠦᠨ᠎ᠡ ᠄ ︵ᠨᠢᠭᠡ︶ ᠪᠠᠷᠢᠮᠵᠢᠶᠠᠨ ᠳᠤ ᠨᠡᠶᠢᠴᠡᠬᠦ ᠦᠭᠡᠢ ᠬᠤᠨᠵᠢᠪᠤᠷᠢᠳᠤ ᠰᠤᠭᠤᠯᠤᠭ᠎ᠠ ᠤ | ᠲᠦᠭᠦᠭᠡᠷᠦᠮᠵᠢ ᠪᠤᠶᠤ ᠮᠡᠷᠭᠡᠵᠢᠯ ᠤᠨ ᠦᠢᠯᠡᠴᠢᠯᠡᠭᠡ ᠶᠢ ᠬᠤᠳᠠᠯᠳᠤᠨ ᠠᠪᠤᠭᠰᠠᠨ︔ ︵ᠬᠤᠶᠠᠷ︶ ᠬᠤᠳᠠᠯ | ᠬᠠᠭᠤᠷᠮᠠᠭᠴᠢ᠂ ᠪᠤᠷᠤᠭᠤ ᠵᠢᠯᠤᠭᠤᠳᠬᠤ ᠴᠢᠨᠠᠷᠳᠠᠢ ᠤᠬᠠᠭᠤᠯᠭ᠎ᠠ ᠬᠢᠭᠰᠡᠨ︔ ︵ᠭᠤᠷᠪᠠ︶ ᠠᠳᠠᠯᠢ ᠲᠦᠷᠦᠯ ᠤᠨ | ᠠᠵᠢᠯᠳᠠᠨ ᠢᠶᠠᠨ ᠭᠦᠳᠬᠡᠬᠦ ᠵᠡᠷᠭᠡ ᠠᠷᠭ᠎ᠠ ᠠᠪᠴᠠᠯ ᠢᠶᠠᠷ ᠵᠦᠢ ᠪᠤᠰᠤ ᠪᠠᠷ ᠦᠷᠢᠰᠦᠯᠳᠦᠭᠰᠡᠨ︔ ︵ᠲᠦᠷᠪᠡ︶ | ᠨᠠᠰᠤᠨ ᠳᠤ ᠦᠯᠦ ᠬᠦᠷᠦᠭᠰᠡᠳ ᠲᠤ ᠬᠤᠨᠵᠢᠪᠤᠷᠢᠳᠤ ᠰᠤᠭᠤᠯᠤᠭ᠎ᠠ ᠬᠤᠳᠠᠯᠳᠤᠭᠰᠠᠨ︔ ︵ᠲᠠᠪᠤ︶ ᠬᠤᠨᠵᠢᠪᠤᠷᠢᠳᠤ | ᠰᠤᠭᠤᠯᠤᠭ᠎ᠠ ᠳᠤ ᠱᠠᠩᠨᠠᠯ ᠤᠯᠤᠭᠴᠢ ᠶᠢᠨ ᠬᠤᠪᠢ ᠬᠦᠮᠦᠨ ᠤ ᠮᠡᠳᠡᠭᠡ ᠵᠠᠩᠬᠢ ᠶᠢ ᠵᠠᠳᠠᠷᠠᠭᠤᠯᠤᠭᠰᠠᠨ︔ | ︵ᠵᠢᠷᠭᠤᠭ᠎ᠠ︶ ᠬᠤᠭᠤᠴᠠᠭ᠎ᠠ ᠨᠢ ᠭᠡᠳᠦᠷᠡᠵᠦ ᠲᠣᠰᠤᠭᠰᠠᠨ ᠦᠭᠡᠢ ᠱᠠᠩᠨᠠᠯ ᠤᠨ ᠮᠦᠩᠭᠦ ᠶᠢ ᠬᠤᠨᠵᠢᠪᠤᠷᠢᠳᠤ | ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦᠨ ᠳᠤ ᠣᠷᠤᠭᠤᠯᠤᠭᠰᠠᠨ ᠦᠭᠡᠢ︔ ︵ᠲᠤᠯᠤᠭ᠎ᠠ︶ | ᠬᠤᠨᠵᠢᠪᠤᠷᠢᠳᠦ ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦ᠂ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ | ᠵᠠᠷᠤᠳᠠᠯ ᠳᠠᠬᠢ ᠲᠤᠬᠠᠶᠢᠯᠠᠭᠰᠠᠨ ᠠᠵᠢᠯ ᠤᠨ ᠵᠠᠷᠤᠳᠠᠯ ᠢ ᠲᠦᠷᠢᠮ ᠤᠨ ᠲᠠᠭᠠᠦ ᠲᠡᠭᠡᠭᠰᠢ ᠲᠤᠰᠢᠶᠠᠭᠰᠠᠨ ᠦᠭᠡᠢ᠃ | ᠲᠦᠴᠢᠨ ᠨᠢᠭᠡᠳᠦᠭᠡᠷ ᠵᠤᠷᠪᠤᠰ ᠬᠤᠨᠵᠢᠪᠤᠷᠢᠳᠦ ᠰᠤᠭᠤᠯᠤᠭ᠎ᠠ ᠤ ᠣᠷᠤᠯᠠᠨ ᠬᠤᠳᠠᠯᠳᠤᠭᠴᠢ ᠲᠠᠷᠠᠭᠠᠬᠢ | ᠵᠦᠢᠯᠡᠰ ᠤᠨ ᠠᠯᠢ ᠨᠢᠭᠡ ᠠᠵᠢᠯᠯᠠᠭ᠎ᠠ ᠶᠢ ᠬᠢᠭᠰᠡᠨ ᠪᠠᠶᠢᠪᠠᠯ᠂ ᠠᠷᠠᠳ ᠤᠨ ᠶᠠᠪᠤᠳᠠᠯ ᠤᠨ ᠰᠠᠯᠠᠭ᠎ᠠ ᠮᠦᠴᠢᠷ᠂ ᠪᠶᠡ | ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠠᠴᠠ ᠵᠠᠷᠯᠢᠭᠳᠠ ᠵᠠᠯᠠᠷᠠᠭᠤᠯᠵᠦ᠂ 2000 ᠵᠤᠭᠤᠰ ᠠᠴᠠ | ᠲᠡᠭᠡᠭᠰᠢ 1 ᠲᠦᠮᠡᠨ ᠵᠤᠭᠤᠰ ᠠᠴᠠ ᠲᠤᠭᠤᠭᠰᠢ ᠲᠤᠷᠭᠠᠨ᠎ᠠ︔ ᠬᠠᠦᠯᠢ ᠵᠦᠷᠢᠴᠡᠭᠰᠡᠨ ᠤᠷᠤᠯᠭ᠎ᠠ ᠪᠠᠶᠢᠪᠠᠯ ᠬᠠᠦᠯᠢ | ᠵᠦᠷᠢᠴᠡᠭᠰᠡᠨ ᠤᠷᠤᠯᠭ᠎ᠠ ᠶᠢ ᠨᠢ ᠬᠤᠷᠢᠶᠠᠨ ᠠᠪᠤᠨ᠎ᠠ ᠄ | ︵ᠨᠢᠭᠡ︶ ᠦᠭᠡᠷ᠎ᠡ ᠪᠤᠰᠤᠳ ᠲᠤ ᠨᠠᠶᠢᠳᠠᠯᠭ᠎ᠠ ᠦᠭᠴᠦ ᠬᠤᠨᠵᠢᠪᠤᠷᠢᠳᠦ ᠰᠤᠭᠤᠯᠤᠭ᠎ᠠ ᠤᠷᠤᠯᠠᠨ | ᠬᠤᠳᠠᠯᠳᠤᠭᠤᠯᠤᠭᠰᠠᠨ ᠪᠤᠶᠤ ᠬᠤᠨᠵᠢᠪᠤᠷᠢᠳᠦ ᠰᠤᠭᠤᠯᠤᠭ᠎ᠠ ᠠᠪᠬᠤ ︵投注) ᠲᠤᠰᠬᠠᠢ ᠲᠦᠭᠦᠭᠡᠷᠦᠮᠵᠢ ᠶᠢ | ᠵᠢᠭᠡᠯᠡᠭᠦᠯᠦᠭᠰᠡᠨ᠂ ᠲᠦᠷᠢᠶᠡᠰᠦᠯᠡᠭᠦᠯᠦᠭᠰᠡᠨ᠂ ᠬᠤᠳᠠᠯᠳᠤᠭᠰᠠᠨ︔ ︵ᠬᠤᠶᠠᠷ︶ ᠬᠤᠳᠠᠯ ᠬᠠᠭᠤᠷᠮᠠᠭᠴᠢ᠂ ᠪᠤᠷᠤᠭᠤ | ᠵᠢᠯᠤᠭᠤᠳᠬᠤ ᠴᠢᠨᠠᠷᠳᠠᠢ ᠤᠬᠠᠭᠤᠯᠭ᠎ᠠ ᠬᠢᠭᠰᠡᠨ︔ ︵ᠭᠤᠷᠪᠠ︶ ᠠᠳᠠᠯᠢ ᠲᠦᠷᠦᠯ ᠤᠨ ᠠᠵᠢᠯᠳᠠᠨ ᠢᠶᠠᠨ ᠭᠦᠳᠬᠡᠬᠦ | ᠵᠡᠷᠭᠡ ᠠᠷᠭ᠎ᠠ ᠠᠪᠴᠠᠯ ᠢᠶᠠᠷ ᠵᠦᠢ ᠪᠤᠰᠤ ᠪᠠᠷ ᠦᠷᠢᠰᠦᠯᠳᠦᠭᠰᠡᠨ︔ ︵ᠲᠦᠷᠪᠡ︶ ᠨᠠᠰᠤᠨ ᠳᠤ ᠦᠯᠦ ᠬᠦᠷᠦᠭᠰᠡᠳ | ᠲᠤ ᠬᠤᠨᠵᠢᠪᠤᠷᠢᠳᠤ ᠰᠤᠭᠤᠯᠤᠭ᠎ᠠ ᠬᠤᠳᠠᠯᠳᠤᠭᠰᠠᠨ ︔ ︵ᠲᠠᠪᠤ︶ ᠱᠠᠬᠡᠯᠡᠨ ᠪᠤᠷᠤᠯᠠᠭᠤᠯᠭ᠎ᠠ ᠪᠤᠶᠤ ᠢᠳᠡᠭᠡᠮᠵᠢ ᠶᠢᠨ | ᠬᠡᠯᠪᠡᠷᠢ ᠪᠠᠷ ᠬᠤᠨᠵᠢᠪᠤᠷᠢᠳᠦ ᠰᠤᠭᠤᠯᠤᠭ᠎ᠠ ᠶᠢ ᠬᠤᠳᠠᠯᠳᠤᠭᠰᠠᠨ᠃ | ᠬᠤᠨᠵᠢᠪᠤᠷᠢᠳᠤ ᠰᠤᠭᠤᠯᠤᠭ᠎ᠠ ᠤᠷᠤᠯᠠᠨ ᠬᠤᠳᠠᠯᠳᠤᠭᠴᠢ ᠨᠢ ᠡᠮᠦᠨᠡᠬᠢ ᠵᠦᠢᠯ ᠳᠤ ᠲᠤᠷᠠᠳᠤᠭᠰᠠᠨ ᠠᠵᠢᠯᠯᠠᠭ᠎ᠠ | ᠬᠢᠵᠦ᠂ ᠰᠢᠢᠳᠭᠡᠯ ᠬᠦᠯᠢᠶᠡᠭᠰᠡᠨ ᠪᠠᠶᠢᠪᠠᠯ᠂ ᠬᠤᠨᠵᠢᠪᠤᠷᠢᠳᠤ ᠰᠤᠭᠤᠯᠤᠭ᠎ᠠ ᠲᠠᠷᠬᠠᠭᠠᠬᠤ ᠪᠠᠶᠢᠭᠤᠯᠤᠮᠵᠢ᠂ | ᠬᠤᠨᠵᠢᠪᠤᠷᠢᠳᠤ ᠰᠤᠭᠤᠯᠤᠭ᠎ᠠ ᠪᠤᠷᠤᠯᠠᠭᠤᠯᠵᠦ ᠬᠤᠳᠠᠯᠳᠤᠬᠤ ᠪᠠᠶᠢᠭᠤᠯᠤᠮᠵᠢ ᠨᠢ ᠬᠤᠨᠵᠢᠪᠤᠷᠢᠳᠦ ᠰᠤᠭᠤᠯᠤᠭ᠎ᠠ | ᠤᠷᠤᠯᠠᠨ ᠬᠤᠳᠠᠯᠳᠤᠬᠤ ᠭᠡᠷ᠎ᠡ ᠪᠠᠨ ᠬᠦᠴᠦᠨ ᠦᠭᠡᠢ ᠪᠤᠯᠭᠠᠬᠤ ᠡᠷᠬᠡ ᠲᠠᠢ᠃ | ᠲᠦᠴᠢᠨ ᠬᠤᠶᠠᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠶᠢ ᠬᠠᠭᠤᠷᠮᠠᠭ ᠢᠶᠠᠷ ᠵᠤᠬᠢᠶᠠᠬᠤ᠂ | ᠬᠤᠪᠢᠷᠭᠠᠵᠦ ᠦᠢᠯᠡᠳᠬᠦ ᠪᠤᠶᠤ ᠬᠠᠭᠤᠷᠮᠠᠭ ᠢᠶᠠᠷ ᠵᠤᠬᠢᠶᠠᠭᠰᠠᠨ᠂ ᠬᠤᠪᠢᠷᠭᠠᠵᠦ ᠦᠢᠯᠡᠳᠦᠭᠰᠡᠨ ᠬᠤᠨᠵᠢᠪᠤᠷᠢᠳᠤ | ᠰᠤᠭᠤᠯᠤᠭ᠎ᠠ ᠪᠠᠷ ᠱᠠᠩᠨᠠᠯ ᠲᠤᠰᠤᠭᠰᠠᠨ ᠪᠤᠯ ᠬᠠᠦᠯᠢ ᠶᠤᠰᠤᠭᠠᠷ ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ | ᠰᠢᠢᠳᠭᠡᠯ ᠦᠭᠭᠦᠨ᠎ᠡ︔ ᠶᠠᠯ᠎ᠠ ᠪᠤᠯᠵᠦ ᠪᠦᠷᠢᠯᠳᠦᠭᠰᠡᠨ ᠪᠤᠯ ᠬᠠᠦᠯᠢ ᠶᠣᠰᠤᠭᠠᠷ ᠡᠷᠡᠭᠦᠦ ᠶᠢᠨ ᠬᠡᠷᠡᠭ ᠤᠨ | ᠬᠠᠷᠢᠭᠤᠴᠠᠯᠭ᠎ᠠ ᠨᠡᠭᠡᠮᠵᠢᠯᠡᠨ᠎ᠡ᠃ | ᠲᠦᠴᠢᠨ ᠭᠤᠷᠪᠠᠳᠤᠭᠠᠷ ᠵᠤᠷᠪᠤᠰ ᠬᠤᠨᠵᠢᠪᠤᠷᠢᠳᠤ ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦ | ᠶᠢ ᠬᠠᠮᠢᠶᠠᠷᠬᠤ᠂ ᠬᠡᠷᠡᠭᠯᠡᠬᠦ ᠪᠠᠶᠢᠭᠤᠯᠭ᠎ᠠ ᠨᠢ ᠨᠡᠶᠢᠳᠡ ᠶᠢᠨ ᠠᠰᠠᠷᠠᠮᠵᠢ ᠶᠢᠨ ᠮᠦᠩᠭᠦ ᠶᠢ ᠬᠠᠮᠢᠶᠠᠷᠬᠤ᠂ ᠬᠡᠷᠡᠭᠯᠡᠬᠦ | ᠲᠦᠷᠢᠮ ᠢ ᠵᠦᠷᠢᠴᠡᠭᠰᠡᠨ ᠪᠤᠯ᠂ ᠡᠳ᠋ ᠤᠨ ᠵᠠᠰᠠᠭ ᠤᠨ ᠰᠠᠯᠠᠭ᠎ᠠ ᠮᠦᠴᠢᠷ ᠠᠴᠠ ᠵᠠᠷᠯᠢᠭᠳᠠᠨ ᠬᠤᠭᠤᠴᠠᠭ᠎ᠠ ᠲᠤᠭᠳᠠᠨ | ᠵᠠᠯᠠᠷᠠᠭᠤᠯᠤᠨ᠎ᠠ︔ ᠬᠠᠦᠯᠢ ᠵᠦᠷᠢᠴᠡᠭᠰᠡᠨ ᠤᠷᠤᠯᠭ᠎ᠠ ᠪᠠᠶᠢᠪᠠᠯ᠂ ᠬᠠᠦᠯᠢ ᠵᠦᠷᠢᠴᠡᠭᠰᠡᠨ ᠤᠷᠤᠯᠭ᠎ᠠ ᠶᠢ ᠨᠢ ᠬᠤᠷᠢᠶᠠᠨ | ᠠᠪᠤᠨ᠎ᠠ︔ ᠲᠤᠭᠳᠠᠭᠰᠠᠨ ᠬᠤᠭᠤᠴᠠᠭᠠᠨ ᠳᠤ ᠵᠠᠯᠠᠷᠠᠭᠤᠯᠬᠤ ᠦᠭᠡᠢ ᠪᠤᠯ ᠬᠤᠨᠵᠢᠪᠤᠷᠢᠳᠦ ᠰᠣᠭᠤᠯᠤᠭ᠎ᠠ ᠤ ᠨᠡᠶᠢᠳᠡ | ᠶᠢᠨ ᠠᠰᠠᠷᠠᠮᠵᠢ ᠶᠢᠨ ᠮᠦᠩᠭᠦ ᠶᠢ ᠠᠰᠢᠭᠯᠠᠵᠦ ᠪᠤᠢ ᠪᠤᠯᠤᠭᠰᠠᠨ ᠬᠦᠷᠦᠩᠭᠡ ᠶᠢ ᠨᠢ ᠬᠤᠷᠢᠶᠠᠨ ᠠᠪᠴᠦ᠂ | ᠬᠤᠨᠵᠢᠪᠤᠷᠢᠳᠤ ᠰᠤᠭᠤᠯᠤᠭ᠎ᠠ ᠤ ᠨᠡᠶᠢᠳᠡ ᠶᠢᠨ ᠠᠰᠠᠷᠠᠮᠵᠢ ᠶᠢᠨ ᠮᠦᠩᠭᠦ ᠶᠢ ᠬᠡᠷᠡᠭᠯᠡᠬᠦ ᠬᠢᠷᠢ ᠬᠡᠮ ᠢ ᠨᠢ | ᠦᠭᠡᠶᠢᠰᠬᠡᠨ᠎ᠡ᠃ | ᠲᠦᠴᠢᠨ ᠲᠦᠷᠪᠡᠳᠦᠭᠡᠷ ᠵᠤᠷᠪᠤᠰ ᠲᠤᠰ ᠲᠦᠷᠢᠮ ᠤᠨ ᠲᠤᠭᠳᠠᠭᠠᠯ ᠲᠠᠭᠠᠦ ᠬᠤᠨᠵᠢᠪᠤᠷᠢᠳᠤ ᠰᠤᠭᠤᠯᠤᠭ᠎ᠠ ᠤ | ᠬᠠᠮᠢᠶᠠᠷᠤᠯᠳᠠ ᠶᠢᠨ ᠲᠤᠰᠢᠶᠠᠯ ᠬᠦᠢᠴᠡᠳᠬᠡᠵᠦ ᠪᠠᠶᠢᠭ᠎ᠠ ᠡᠳ᠋ ᠤᠨ ᠵᠠᠰᠠᠭ ᠤᠨ ᠰᠠᠯᠠᠭ᠎ᠠ ᠮᠦᠴᠢᠷ᠂ ᠠᠷᠠᠳ ᠤᠨ | ᠶᠠᠪᠤᠳᠠᠯ ᠤᠨ ᠰᠠᠯᠠᠭ᠎ᠠ ᠮᠦᠴᠢᠷ᠂ ᠪᠡᠶ᠎ᠡ ᠶᠢᠨ ᠲᠠᠮᠢᠷ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠤᠨ ᠠᠵᠢᠯᠳᠠᠠ | ᠠᠴᠠ ᠬᠤᠨᠵᠢᠪᠤᠷᠢᠳᠤ ᠰᠤᠭᠤᠯᠤᠭ᠎ᠠ ᠤ ᠬᠢᠨᠡᠨ ᠬᠠᠮᠢᠶᠠᠷᠬᠤ ᠬᠦᠳᠡᠯᠭᠡᠭᠡᠨ ᠳᠤ ᠠᠵᠢᠯ ᠤᠨ ᠡᠷᠭᠡ ᠪᠠᠨ ᠲᠤᠷ᠎ᠠ ᠪᠠᠷ | ᠬᠡᠷᠡᠭᠯᠡᠵᠦ᠂ ᠲᠤᠰᠢᠶᠠᠯ ᠤᠨ ᠰᠠᠬᠢᠯᠭ᠎ᠠ ᠪᠠᠳᠦ ᠶᠢ ᠦᠯᠦ ᠬᠦᠨᠳᠦᠳᠭᠡᠵᠦ᠂ ᠭᠤᠶᠠᠴᠢᠯᠠᠨ ᠬᠠᠦᠯᠢ ᠶᠤᠰᠤ ᠶᠢ | ᠵᠦᠷᠢᠴᠡᠵᠦ᠂ ᠶᠠᠯ᠎ᠠ ᠪᠤᠯᠵᠦ ᠪᠦᠷᠢᠯᠳᠦᠭᠰᠡᠨ ᠪᠤᠯ ᠬᠠᠦᠯᠢ ᠶᠤᠰᠤᠭᠠᠷ ᠡᠷᠡᠭᠦᠦ ᠶᠢᠨ ᠬᠡᠷᠡᠭ ᠤᠨ ᠬᠠᠷᠢᠭᠤᠴᠠᠯᠭ᠎ᠠ | ᠨᠡᠬᠡᠮᠵᠢᠯᠡᠨ᠎ᠡ︔ ᠶᠠᠯ᠎ᠠ ᠪᠤᠯᠵᠦ ᠬᠠᠷᠠᠬᠠᠨ ᠪᠦᠷᠢᠯᠳᠦᠭᠡ ᠦᠭᠡᠢ ᠪᠤᠯ᠂ ᠬᠠᠦᠯᠢ ᠶᠤᠰᠤᠭᠠᠷ ᠰᠢᠢᠳᠭᠡᠯ ᠦᠭᠭᠦᠨ᠎ᠡ᠃ | ᠵᠢᠷᠭᠤᠳᠤᠭᠠᠷ ᠪᠦᠯᠦᠭ ᠲᠠᠭᠠᠯᠳᠤᠭᠤᠯᠤᠭᠰᠠᠨ ᠲᠦᠷᠢᠮ | ᠲᠦᠴᠢᠨ ᠲᠠᠪᠤᠳᠤᠭᠠᠷ ᠵᠤᠷᠪᠤᠰ ᠲᠤᠰ ᠲᠦᠷᠢᠮ ᠢ 2009 ᠤᠨ ᠤ 7 ᠰᠠᠷ᠎ᠠ ᠶᠢᠨ 1 ᠤ ᠡᠳᠦᠷ ᠠᠴᠠ | ᠡᠬᠢᠯᠡᠨ ᠬᠡᠷᠡᠭᠵᠢᠭᠦᠯᠦᠨ᠎ᠡ᠃ | |