ᠵᠠᠯᠠᠭᠤᠴᠣᠳ ᠪᠠᠭᠠᠴᠣᠳ ᠤᠨ ᠪᠡᠶ᠎ᠡ ᠮᠠᠬᠠᠪᠣᠳ ᠢ ᠰᠠᠶᠢᠵᠢᠷᠠᠭᠤᠯᠵᠦ᠂ ᠵᠠᠯᠠᠭᠤᠴᠳ ᠪᠠᠭᠠᠴᠣᠳ ᠤᠨ | ᠡᠷᠡᠬᠦᠯ ᠢᠶᠠᠷ ᠦᠰᠦᠨ ᠪᠣᠶᠢᠵᠢᠬᠤ ᠶᠢ ᠠᠬᠢᠭᠤᠯᠬᠤ ᠪᠣᠯ ᠣᠯᠣᠰ ᠦᠨᠳᠦᠰᠦᠲᠡᠨ ᠤ ᠢᠷᠡᠭᠡᠲᠦᠢ ᠲᠠᠢ ᠬᠤᠯᠪᠣᠬᠲᠠᠬᠤ | ᠲᠣᠮᠣ ᠶᠠᠪᠣᠲᠠᠯ ᠪᠣᠯᠣᠨ᠎ᠠ᠃ 2008 ᠤᠨ ᠤ ᠪᠡᠭᠡᠵᠢᠩ ᠤᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠣᠬᠯᠠᠭᠠᠨ ᠢ | ᠣᠬᠲᠣᠬᠤ ᠪᠠᠷ ᠠᠵᠠ ᠲᠣᠬᠢᠶᠠᠯ ᠪᠣᠯᠭᠠᠨ᠂ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠢ ᠣᠯᠠᠮ | ᠴᠢᠩᠭᠠᠳᠬᠠᠵᠦ᠂ ᠵᠠᠯᠠᠭᠤᠴᠣᠳ ᠪᠠᠭᠠᠴᠣᠳ ᠤᠨ ᠪᠡᠶ᠎ᠡ ᠮᠠᠬᠠᠪᠣᠳ ᠢ ᠰᠠᠶᠢᠵᠢᠷᠠᠭᠤᠯᠬᠤ ᠨᠢ ᠰᠢᠨᠵᠢᠯᠡᠬᠦ ᠣᠬᠠᠭᠠᠨᠴᠢ | ᠬᠦᠭᠵᠢᠯᠲᠡ ᠶᠢᠨ ᠦᠵᠡᠯᠲᠡ ᠶᠢ ᠪᠦᠬᠦ ᠲᠠᠯ᠎ᠠ ᠪᠠᠷ ᠨᠠᠶᠢᠲᠠᠪᠣᠷᠢᠵᠢᠭᠤᠯᠵᠦ᠂ ᠨᠠᠮ ᠤᠨ ᠰᠣᠷᠭᠠᠨ ᠬᠦᠮᠦᠵᠢᠯ ᠤᠨ | ᠴᠢᠭᠯᠡᠯᠲᠡ ᠶᠢ ᠬᠦᠨᠵᠡᠭᠡᠢ ᠲᠣᠭᠤᠰᠢᠯᠠᠭᠤᠯᠣᠨ᠂ ᠬᠡᠪ ᠴᠢᠨᠠᠷ ᠤᠨ ᠰᠣᠷᠭᠠᠨ ᠬᠦᠮᠦᠵᠢᠯ ᠢ ᠶᠡᠬᠡᠪᠡᠷ ᠠᠬᠢᠭᠤᠯᠵᠦ᠂ | ᠲᠣᠮᠲᠠᠲᠣ ᠣᠯᠣᠰ ᠤᠨ ᠣᠨᠴᠠᠯᠢᠬ ᠪᠦᠬᠦᠢ ᠨᠡᠶᠢᠢᠭᠡᠮ ᠵᠢᠷᠣᠮᠲᠦ ᠦᠢᠯᠡᠰ ᠤᠨ ᠬᠢᠷᠢ ᠲᠡᠩᠴᠡᠭᠰᠡᠨ ᠪᠦᠲᠦᠭᠡᠨ | ᠪᠠᠶᠢᠭᠤᠯᠣᠬᠴᠢ ᠪᠠ ᠵᠠᠯᠭᠠᠮᠵᠢᠯᠠᠬᠴᠢ ᠶᠢ ᠬᠦᠮᠦᠵᠢᠬᠦᠯᠬᠦ ᠳᠤ ᠴᠢᠬᠤᠯᠠ ᠠᠴᠢ ᠬᠤᠯᠪᠣᠬᠲᠠᠯ ᠲᠠᠢ ᠪᠢᠯᠡ᠃ ᠡᠶᠢᠨᠬᠦ | ᠲᠣᠣᠷᠠᠬᠢ ᠮᠡᠲᠦ ᠰᠠᠨᠠᠯ ᠲᠣᠷᠠᠳᠪᠠ᠄ | ᠨᠢᠭᠡ᠂ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠠᠵᠢᠯ ᠢ ᠲᠡᠭᠡᠲᠦ ᠬᠡᠮᠵᠢᠶ᠎ᠡ ᠪᠠᠷ | ᠴᠢᠬᠤᠯᠠᠴᠢᠯᠠᠬᠤ ᠬᠡᠷᠡᠭᠲᠡᠢ | 1. ᠦᠷᠭᠡᠨ ᠣᠯᠠᠨ ᠵᠠᠯᠠᠭᠤᠴᠤᠳ ᠪᠠᠭᠠᠴᠣᠳ ᠤᠨ ᠪᠡᠶ᠎ᠡ ᠰᠡᠳᠬᠢᠴᠡ ᠡᠷᠡᠬᠦᠯ ᠮᠡᠨᠲᠦ᠂ ᠪᠡᠶ᠎ᠡ ᠪᠢᠯᠲᠡᠷ | ᠴᠢᠬᠢᠷᠠᠬ᠂ ᠵᠣᠷᠢᠬ ᠰᠠᠨᠠᠭ᠎ᠠ ᠲᠡᠰᠪᠦᠷᠢᠲᠡᠢ᠂ ᠴᠣᠪᠣᠭᠤ ᠲᠡᠭᠵᠢᠨ ᠪᠠᠶᠢᠬᠤ ᠪᠣᠯ ᠨᠢᠭᠡ ᠦᠨᠳᠦᠰᠦᠲᠡᠨ ᠤ | ᠠᠮᠢᠵᠢᠷᠠᠯ ᠤᠨ ᠬᠦᠴᠦᠨ ᠤ ᠢᠯᠡᠷᠡᠯ᠂ ᠨᠡᠶᠢᠭᠡᠮ ᠤᠨ ᠪᠣᠯᠪᠠᠰᠣᠨ ᠤ ᠲᠠᠪᠰᠢᠯᠲᠠ ᠶᠢᠨ ᠲᠣᠰᠬᠠᠯ ᠪᠠ ᠣᠯᠣᠰ ᠤᠨ | ᠶᠡᠷᠦᠩᠭᠡᠶᠢᠯᠡᠭᠰᠡᠨ ᠬᠦᠴᠦᠨ ᠤ ᠴᠢᠬᠤᠯᠠ ᠠᠭᠤᠯᠭ᠎ᠠ ᠪᠣᠯᠬᠤ ᠶᠣᠮ᠃ ᠨᠠᠮ ᠤᠨ ᠲᠦᠪ ᠬᠤᠷᠢᠶ᠎ᠠ᠂ ᠲᠦᠷᠦ ᠶᠢᠨ | ᠶᠠᠪᠣᠲᠠᠯ ᠤᠨ ᠬᠤᠷᠢᠶ᠎ᠠ ᠶᠡᠷᠦ ᠠᠴᠠ ᠵᠠᠯᠠᠭᠤᠴᠣᠳ ᠪᠠᠭᠠᠴᠣᠳ ᠤᠨ ᠡᠷᠡᠬᠦᠯ ᠢᠶᠠᠷ ᠦᠰᠦᠨ ᠪᠤᠶᠢᠵᠢᠬᠤ ᠶᠢ ᠲᠡᠭᠡᠲᠦ | ᠬᠡᠮᠵᠢᠶ᠎ᠡ ᠪᠠᠷ ᠬᠦᠨᠳᠦᠳᠭᠡᠭᠰᠡᠭᠡᠷ ᠢᠷᠡᠵᠡᠢ᠃ ᠦᠭᠡᠷᠡᠴᠢᠯᠡᠯᠲᠡ ᠬᠢᠵᠦ ᠴᠢᠯᠦᠭᠡᠲᠡᠢ ᠶᠠᠪᠣᠯᠴᠠᠬᠰᠠᠨ ᠠᠴᠠ ᠨᠠᠰᠢ᠂ | ᠮᠠᠨ ᠤ ᠣᠯᠣᠰ ᠤᠨ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠦᠢᠯᠡᠰ ᠦᠷᠨᠢᠬᠦᠨ ᠬᠦᠭᠵᠢᠵᠦ᠂ | ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠠᠵᠢᠯ ᠦᠯᠡᠮᠵᠢ ᠠᠮᠵᠢᠯᠲᠠ ᠣᠯᠵᠦ᠂ ᠵᠠᠯᠠᠭᠤᠴᠣᠳ ᠪᠠᠭᠠᠴᠣᠳ ᠤᠨ | ᠰᠢᠮ᠎ᠡ ᠲᠡᠵᠢᠭᠡᠯ ᠤᠨ ᠬᠡᠮᠵᠢᠶ᠎ᠡ ᠪᠣᠯᠣᠨ ᠮᠠᠬᠠᠪᠣᠳ ᠤᠨ ᠪᠣᠶᠢᠵᠢᠯᠲᠠ ᠶᠢᠨ ᠲᠦᠪᠰᠢᠨ ᠲᠠᠰᠣᠷᠠᠯᠲᠠ ᠦᠭᠡᠢ | ᠲᠡᠭᠡᠭᠰᠢᠯᠡᠵᠦ᠂ ᠪᠦᠬᠦ ᠠᠷᠠᠳ ᠤᠨ ᠡᠷᠡᠬᠦᠯ ᠮᠡᠨᠲᠦ ᠶᠢᠨ ᠬᠡᠪ ᠴᠢᠨᠠᠷ ᠶᠡᠬᠡᠪᠡᠷ ᠲᠡᠭᠡᠭᠰᠢᠯᠡᠪᠡ᠃ ᠭᠡᠪᠡᠴᠦ ᠨᠢᠭᠡ | ᠲᠠᠯ᠎ᠠ ᠪᠠᠷ ᠰᠣᠷᠭᠠᠭᠤᠯᠢ ᠲᠠᠪᠰᠢᠬᠤ ᠨᠣᠷᠮ᠎ᠠ ᠶᠢ ᠦᠷᠦᠭᠡᠰᠦᠭᠡᠯ ᠢᠶᠠᠷ ᠬᠦᠭᠡᠭᠡᠴᠡᠯᠲᠦᠵᠦ᠂ ᠨᠡᠶᠢᠭᠡᠮ ᠪᠠ | ᠰᠣᠷᠭᠠᠭᠤᠯᠢ ᠶᠢᠨ ᠬᠢᠨ ᠣᠶᠣᠨ ᠰᠠᠨᠠᠭᠠᠨ ᠤ ᠬᠦᠮᠦᠵᠢᠯ ᠢ ᠴᠢᠬᠤᠯᠠᠴᠢᠯᠠᠵᠦ᠂ ᠪᠡᠶ᠎ᠡ ᠮᠠᠬᠠᠪᠣᠳ ᠢ ᠣᠮᠲᠣᠭᠠᠶᠢᠯᠠᠨ᠂ | ᠰᠣᠷᠣᠬᠴᠢᠳ ᠤᠨ ᠬᠢᠴᠢᠶᠡᠯ ᠤᠨ ᠲᠠᠷᠣᠭᠠᠰᠣ ᠬᠦᠨᠲᠦᠷᠡᠨ᠂ ᠠᠮᠠᠷᠠᠬᠤ ᠪᠠ ᠬᠦᠲᠡᠯᠭᠡᠭᠡᠨ ᠬᠢᠵᠦ ᠪᠣᠯᠪᠠᠰᠣᠷᠠᠬᠤ ᠴᠠᠬ | ᠬᠦᠷᠦᠯᠴᠡᠬᠦ ᠦᠭᠡᠢ ᠪᠣᠯᠵᠠᠢ︔ ᠨᠦᠬᠦᠭᠡ ᠲᠠᠯ᠎ᠠ ᠪᠠᠷ ᠪᠡᠶ᠎ᠡ ᠶᠢᠨ ᠲᠠᠮᠢᠷ ᠤᠨ ᠲᠦᠬᠦᠭᠡᠷᠦᠮᠵᠢ ᠪᠠ ᠨᠦᠬᠦᠴᠡᠯ | ᠬᠦᠷᠦᠯᠴᠡᠬᠦ ᠦᠭᠡᠢ ᠠᠴᠠ ᠪᠣᠯᠵᠦ᠂ ᠰᠣᠷᠣᠬᠴᠢᠳ ᠤᠨ ᠪᠡᠶ᠎ᠡ ᠶᠢᠨ ᠲᠠᠮᠢᠷ ᠤᠨ ᠬᠢᠴᠢᠶᠡᠯ ᠪᠣᠯᠣᠨ ᠪᠡᠶ᠎ᠡ ᠶᠢᠨ | ᠲᠠᠮᠢᠷ ᠤᠨ ᠬᠦᠲᠡᠯᠭᠡᠭᠡᠨ ᠢ ᠪᠠᠲᠣᠯᠠᠵᠦ ᠲᠡᠶᠢᠯᠬᠦ ᠦᠭᠡᠢ ᠪᠠᠶᠢᠨ᠎ᠠ᠃ ᠣᠶᠢᠷ᠎ᠠ ᠶᠢᠨ ᠬᠤᠭᠤᠴᠠᠭᠠᠨ ᠤ ᠪᠡᠶ᠎ᠡ | ᠮᠠᠬᠠᠪᠣᠳ ᠤᠨ ᠡᠷᠡᠬᠦᠯ ᠮᠡᠨᠲᠦ ᠶᠢᠨ ᠬᠢᠨᠡᠨ ᠬᠡᠮᠵᠢᠯᠲᠡ ᠳᠤ ᠬᠠᠷᠠᠭᠤᠯᠣᠬᠰᠠᠨ ᠢᠶᠠᠷ᠂ ᠵᠠᠯᠠᠭᠤᠴᠣᠳ ᠪᠠᠭᠠᠴᠣᠳ ᠤᠨ | ᠲᠡᠰᠪᠦᠷᠢ ᠲᠠᠭᠠᠭᠠᠮᠠᠭᠠᠢ᠂ ᠬᠦᠴᠦ ᠵᠣᠷᠢᠬ᠂ ᠬᠤᠷᠲᠣᠴᠠ ᠵᠡᠷᠭᠡ ᠲᠠᠮᠢᠷ ᠲᠡᠩᠬᠡᠭᠡ ᠶᠢᠨ ᠵᠢᠭᠠᠯᠲᠠ ᠲᠤᠭ᠎ᠠ | ᠦᠷᠬᠦᠯᠵᠢᠯᠡᠨ ᠲᠣᠷᠣᠬᠰᠢᠯᠠᠵᠦ᠂ ᠬᠠᠷᠠᠭ᠎ᠠ ᠮᠠᠭᠤᠲᠠᠬᠤ ᠨᠣᠷᠮ᠎ᠠ ᠬᠡᠴᠡᠬᠦᠲᠡᠵᠦ᠂ ᠪᠠᠷᠢᠮᠵᠢᠶ᠎ᠠ ᠪᠡᠶ᠎ᠡ ᠶᠢᠨ | ᠵᠢᠩ ᠠᠴᠠ ᠪᠠᠨ ᠲᠠᠪᠠᠭᠰᠠᠨ ᠪᠠ ᠮᠠᠷᠢᠶ᠎ᠠ ᠲᠠᠢ ᠵᠠᠯᠠᠭᠤᠴᠣᠳ ᠪᠠᠭᠠᠴᠣᠳ ᠬᠤᠳᠠ ᠳᠤ ᠢᠯᠡᠳᠲᠡ ᠨᠡᠮᠡᠭᠲᠡᠵᠦ᠂ | ᠬᠦᠲᠡᠭᠡ ᠲᠣᠰᠬᠤᠨ ᠤ ᠬᠡᠰᠡᠭ ᠵᠠᠯᠠᠭᠤᠴᠣᠳ ᠪᠠᠭᠠᠴᠣᠳ ᠤᠨ ᠰᠢᠮ᠎ᠡ ᠲᠡᠵᠢᠭᠡᠯ ᠤᠨ ᠪᠠᠶᠢᠲᠠᠯ ᠢ ᠴᠢᠨᠠᠬᠰᠢᠲᠠ | ᠰᠠᠶᠢᠵᠢᠷᠠᠭᠤᠯᠬᠤ ᠴᠢᠬᠤᠯᠠᠲᠠᠢ᠃ ᠡᠲᠡᠭᠡᠷ ᠠᠰᠠᠭᠤᠲᠠᠯ ᠢ ᠬᠡᠷᠪᠡ ᠦᠨᠡᠨᠬᠦ ᠪᠣᠲᠠᠲᠠᠢ ᠰᠢᠢᠳᠪᠦᠷᠢᠯᠡᠬᠦ ᠦᠭᠡᠢ ᠪᠣᠯ | ᠵᠠᠯᠠᠭᠤᠴᠳ ᠪᠠᠭᠠᠴᠣᠳ ᠤᠨ ᠡᠷᠡᠬᠦᠯ ᠢᠶᠠᠷ ᠦᠰᠦᠨ ᠪᠣᠶᠢᠵᠢᠬᠤ ᠶᠢ ᠬᠦᠨᠲᠦ ᠨᠣᠴᠢᠲᠠᠢ ᠨᠦᠯᠦᠭᠡᠯᠡᠵᠦ᠂ ᠲᠡᠷᠡᠴᠢᠯᠡᠨ | ᠣᠯᠣᠰ ᠦᠨᠳᠦᠰᠦᠲᠡᠨ ᠤ ᠬᠤᠵᠢᠮ ᠢᠷᠡᠭᠡᠲᠦᠢ ᠶᠢ ᠨᠦᠯᠦᠭᠡᠯᠡᠬᠦ ᠪᠣᠯᠣᠨ᠎ᠠ᠃ | 2. ᠵᠠᠯᠠᠭᠤᠴᠤᠳ ᠪᠠᠭᠠᠴᠣᠳ ᠤᠨ ᠦᠶ᠎ᠡ ᠪᠣᠯ ᠪᠡᠶ᠎ᠡ ᠰᠡᠳᠬᠢᠴᠡ ᠶᠢᠨ ᠡᠷᠡᠬᠦᠯ ᠮᠡᠨᠲᠦ ᠪᠠ ᠡᠯ᠎ᠠ | ᠲᠦᠷᠦᠯ ᠤᠨ ᠮᠠᠬᠠᠪᠣᠳ ᠤᠨ ᠬᠡᠪ ᠴᠢᠨᠠᠷ ᠤᠨ ᠬᠦᠭᠵᠢᠯᠲᠡ ᠶᠢᠨ ᠵᠠᠩᠬᠢᠯᠠᠭ᠎ᠠ ᠶᠢᠨ ᠬᠤᠭᠤᠴᠠᠭ᠎ᠠ ᠪᠣᠯᠣᠨ᠎ᠠ᠃ | ᠵᠠᠯᠠᠭᠤᠴᠣᠳ ᠪᠠᠭᠠᠴᠣᠳ ᠤᠨ ᠪᠡᠶ᠎ᠡ ᠮᠠᠬᠠᠪᠣᠳ ᠤᠨ ᠡᠷᠡᠬᠦᠯ ᠴᠢᠬᠢᠷᠠᠬ ᠤᠨ ᠬᠡᠮᠵᠢᠶ᠎ᠡ ᠨᠢ ᠬᠤᠪᠢ ᠬᠦᠮᠦᠨ ᠤ ᠡᠷᠡᠬᠦᠯ | ᠴᠢᠬᠢᠷᠠᠬ ᠢᠶᠠᠷ ᠦᠰᠦᠨ ᠪᠣᠶᠢᠵᠢᠬᠤ ᠪᠠ ᠵᠣᠯ ᠵᠢᠷᠭᠠᠯᠲᠣ ᠠᠮᠢᠲᠣᠷᠠᠯ ᠲᠠᠢ ᠬᠤᠯᠪᠣᠬᠲᠠᠬᠤ ᠪᠠᠷ ᠪᠠᠷᠠᠬᠤ ᠦᠭᠡᠢ | ᠪᠦᠬᠦᠶᠢᠯᠡ ᠦᠨᠳᠦᠰᠦᠲᠡᠨ ᠤ ᠡᠷᠡᠬᠦᠯ ᠴᠢᠬᠢᠷᠠᠬ ᠤᠨ ᠬᠡᠪ ᠴᠢᠨᠠᠷ᠂ ᠪᠦᠬᠦ ᠣᠯᠣᠰ ᠤᠨ ᠴᠢᠲᠠᠪᠣᠷᠢᠲᠠᠨ ᠬᠦᠮᠦᠵᠢᠬᠦᠯᠬᠦ | ᠴᠢᠨᠠᠷ ᠴᠢᠨᠰᠠᠭ᠎ᠠ ᠲᠠᠢ ᠬᠤᠯᠪᠣᠬᠲᠠᠲᠠᠬ᠃ ᠪᠡᠶ᠎ᠡ ᠶᠢᠨ ᠲᠠᠮᠢᠷ ᠤᠨ ᠪᠣᠯᠪᠠᠰᠣᠷᠠᠯ ᠪᠠ ᠪᠡᠶ᠎ᠡ ᠶᠢᠨ ᠲᠠᠮᠢᠷ ᠤᠨ | ᠬᠦᠲᠡᠯᠭᠡᠭᠡᠨ ᠪᠣᠯ ᠡᠬᠡ ᠣᠷᠣᠨᠴᠢ ᠦᠵᠡᠯ ᠪᠣᠯᠣᠨ ᠬᠠᠮᠲᠣᠴᠢ ᠦᠵᠡᠯ ᠤᠨ ᠬᠦᠮᠦᠵᠢᠯ᠂ ᠬᠠᠲᠠᠭᠤᠵᠢᠯᠲᠠᠢ ᠲᠡᠮᠡᠴᠡᠬᠦ | ᠵᠣᠷᠢᠬ ᠰᠠᠨᠠᠭ᠎ᠠ ᠶᠢ ᠲᠠᠪᠲᠠᠵᠦ᠂ ᠰᠠᠶᠢᠨ ᠰᠠᠶᠢᠬᠠᠨ ᠶᠣᠰᠣ ᠮᠣᠷᠠᠯ ᠤᠨ ᠬᠦᠮᠦᠵᠢᠯ ᠢ ᠴᠢᠩᠭᠠᠳᠬᠠᠬᠤ ᠴᠢᠬᠤᠯᠠ | ᠠᠷᠭ᠎ᠠ ᠵᠠᠮ ᠪᠠᠶᠢᠵᠦ᠂ ᠵᠠᠯᠠᠭᠤᠴᠣᠳ ᠪᠠᠭᠠᠴᠣᠳ ᠤᠨ ᠪᠦᠬᠦ ᠲᠠᠯ᠎ᠠ ᠪᠠᠷ ᠬᠦᠭᠵᠢᠬᠦ ᠶᠢ ᠠᠬᠢᠭᠤᠯᠬᠤ ᠴᠢᠬᠤᠯᠠ ᠠᠷᠭ᠎ᠠ | ᠬᠡᠯᠪᠡᠷᠢ ᠪᠤᠯᠬᠤ ᠪᠦᠭᠡᠳ ᠵᠠᠯᠠᠭᠤᠴᠣᠳ ᠪᠠᠭᠠᠴᠣᠳ ᠤᠨ ᠶᠣᠰᠣ ᠰᠣᠷᠲᠠᠬᠤᠨ᠂ ᠣᠶᠣᠨ ᠰᠠᠨᠠᠭᠠᠨ ᠤ ᠦᠰᠦᠨ | ᠪᠣᠶᠢᠵᠢᠯᠲᠠ᠂ ᠭᠤᠸ᠎ᠠ ᠰᠠᠶᠢᠢᠬᠠᠨ ᠤ ᠬᠡᠪ ᠪᠣᠯᠪᠠᠰᠣᠷᠠᠯ ᠢ ᠪᠦᠷᠢᠯᠲᠦᠬᠦᠯᠬᠦ ᠳᠤ ᠣᠷᠣᠯᠠᠭᠤᠯᠵᠦ ᠪᠣᠯᠣᠰᠢ ᠦᠭᠡᠢ | ᠦᠢᠯᠡᠲᠦᠯ ᠦᠵᠡᠬᠦᠯᠲᠡᠭ᠃ ᠡᠯ᠎ᠠ ᠭᠠᠵᠠᠷ ᠣᠷᠣᠨ ᠪᠣᠯᠣᠨ ᠡᠯ᠎ᠡ ᠱᠠᠲᠣᠨ ᠤ ᠡᠯ᠎ᠠ ᠲᠦᠷᠦᠯ ᠤᠨ | ᠰᠣᠷᠭᠠᠭᠤᠯᠢ ᠨᠤᠭᠤᠳ ᠨᠠᠮ ᠤᠨ ᠰᠣᠷᠭᠠᠨ ᠬᠦᠮᠦᠵᠢᠯ ᠤᠨ ᠴᠢᠭᠯᠡᠯᠲᠡ ᠶᠢ ᠪᠦᠬᠦ ᠲᠠᠯ᠎ᠠ ᠪᠠᠷ ᠲᠣᠭᠤᠰᠢᠯᠠᠭᠤᠯᠵᠦ᠂ | ᠦᠷᠭᠡᠨ ᠤᠯᠠᠨ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠠᠵᠢᠯ ᠢ ᠲᠡᠭᠡᠲᠦ ᠬᠡᠮᠵᠢᠶ᠎ᠡ ᠪᠠᠷ | ᠴᠢᠬᠤᠯᠠᠴᠢᠯᠠᠵᠤ᠂ ᠵᠠᠯᠠᠭᠤᠴᠣᠳ ᠪᠠᠭᠠᠴᠣᠳ ᠤᠨ ᠮᠡᠲᠡᠯᠭᠡ ᠶᠢ ᠨᠡᠮᠡᠭᠲᠡᠬᠦᠯᠵᠦ᠂ ᠶᠣᠰᠣ ᠮᠣᠷᠠᠯ ᠲᠠᠢ ᠪᠣᠯᠵᠦ | ᠬᠦᠮᠦᠵᠢᠬᠦᠯᠬᠦ ᠶᠢᠨ ᠬᠠᠮᠲᠣ ᠪᠡᠶ᠎ᠡ ᠮᠠᠬᠠᠪᠣᠳ ᠤᠨ ᠡᠯ᠎ᠠ ᠲᠠᠯ᠎ᠠ ᠶᠢᠨ ᠬᠡᠪ ᠴᠢᠨᠠᠷ ᠪᠣᠯᠣᠨ ᠴᠢᠲᠠᠪᠣᠷᠢ ᠪᠠᠨ | ᠪᠣᠯᠪᠠᠰᠣᠷᠠᠭᠤᠯᠣᠨ ᠬᠦᠭᠵᠢᠬᠦᠯᠵᠦ᠂ ᠲᠣᠮᠲᠠᠲᠣ ᠣᠯᠣᠰ ᠤᠨ ᠣᠨᠴᠠᠯᠢᠬ ᠪᠦᠬᠦᠢ ᠨᠡᠶᠢᠭᠡᠮ ᠵᠢᠷᠣᠮᠲᠣ ᠦᠢᠯᠡᠰ ᠤᠨ | ᠬᠢᠷᠢ ᠲᠡᠩᠴᠡᠭᠰᠡᠨ ᠪᠦᠲᠦᠭᠡᠨ ᠪᠠᠶᠢᠭᠤᠯᠣᠬᠴᠢ ᠪᠠ ᠵᠠᠯᠭᠠᠮᠵᠢᠯᠠᠬᠴᠢ ᠪᠣᠯᠭᠠᠨ ᠬᠦᠮᠦᠵᠢᠬᠦᠯᠬᠦ ᠬᠡᠷᠡᠭᠲᠡᠢ᠃ | 3. ᠣᠲᠣᠬᠠᠨ ᠪᠣᠯᠣᠨ ᠬᠤᠶᠢᠰᠢᠲᠠ ᠶᠢᠨ ᠬᠡᠰᠡᠭ ᠬᠤᠭᠤᠴᠠᠭᠠᠨ ᠳᠤ᠂ ᠵᠠᠯᠠᠭᠤᠴᠣᠳ ᠪᠠᠭᠠᠴᠣᠳ ᠤᠨ | ᠪᠡᠶ᠎ᠡ ᠶᠢᠨ ᠲᠠᠮᠢᠷ ᠤᠨ ᠠᠵᠢᠯ ᠢ ᠴᠢᠩᠭᠠᠳᠬᠠᠬᠤ ᠶᠡᠷᠦᠩᠬᠡᠢ ᠱᠠᠭᠠᠷᠲᠠᠯᠭ᠎ᠠ ᠪᠣᠯ᠄ ᠡᠷᠡᠬᠦᠯ ᠴᠢᠬᠢᠷᠠᠬ ᠨᠢᠭᠡᠳᠦᠭᠡᠷ ᠭᠡᠬᠦ | ᠵᠢᠯᠣᠭᠤᠳᠬᠤ ᠦᠵᠡᠯ ᠰᠠᠨᠠᠭ᠎ᠠ ᠶᠢ ᠨᠠᠷᠢᠨ ᠬᠢᠨᠠᠮᠠᠭᠠᠢ ᠨᠠᠶᠢᠲᠠᠪᠣᠷᠢᠵᠢᠭᠤᠯᠵᠦ᠂ ᠰᠣᠷᠣᠬᠴᠢᠳ ᠤᠨ ᠪᠡᠶ᠎ᠡ ᠮᠠᠬᠠᠪᠣᠳ ᠢ | ᠰᠠᠶᠢᠵᠢᠷᠠᠭᠤᠯᠬᠤ ᠶᠢ ᠰᠣᠷᠭᠠᠭᠤᠯᠢ ᠶᠢᠨ ᠬᠦᠮᠦᠵᠢᠯ ᠤᠨ ᠦᠨᠳᠦᠰᠦᠨ ᠬᠠᠷᠠᠯᠲᠠ ᠶᠢᠨ ᠨᠢᠭᠡ ᠠᠭᠤᠯᠭ᠎ᠠ ᠪᠣᠯᠭᠠᠵᠦ᠂ | ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠠᠵᠢᠯ ᠤᠨ ᠲᠣᠬᠲᠠᠴᠠ ᠶᠢ ᠪᠠᠶᠢᠭᠤᠯᠣᠨ ᠪᠦᠷᠢᠨᠰᠢᠬᠦᠯᠵᠦ᠂ | ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠬᠢᠴᠢᠶᠡᠯ ᠪᠣᠯᠣᠨ ᠰᠣᠷᠣᠬᠴᠢᠳ ᠤᠨ ᠪᠡᠶ᠎ᠡ ᠶᠢᠨ ᠲᠠᠮᠢᠷ ᠤᠨ ᠬᠦᠲᠡᠯᠭᠡᠭᠡᠨ ᠢ | ᠬᠦᠢᠴᠡᠳ ᠪᠠᠲᠣᠯᠠᠨ᠂ ᠣᠯᠠᠨ ᠲᠦᠮᠡᠨᠴᠢ ᠴᠢᠨᠠᠷᠲᠠᠢ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ | ᠬᠦᠲᠡᠯᠭᠡᠭᠡᠨ ᠪᠣᠯᠣᠨ ᠣᠷᠣᠯᠲᠣᠭᠠᠨ ᠢ ᠦᠷᠭᠡᠨ ᠢᠶᠠᠷ ᠦᠷᠨᠢᠬᠦᠯᠵᠦ᠂ ᠪᠡᠶ᠎ᠡ ᠶᠢᠨ ᠲᠠᠮᠢᠷ ᠡᠷᠡᠬᠦᠯ ᠬᠠᠮᠠᠭᠠᠯᠠᠯ ᠤᠨ | ᠲᠦᠬᠦᠭᠡᠷᠦᠮᠵᠢ ᠪᠠ ᠪᠠᠭᠰᠢ ᠶᠢᠨ ᠡᠩᠨᠡᠭᠡ ᠶᠢᠨ ᠪᠠᠶᠢᠭᠤᠯᠣᠯᠲᠠ ᠶᠢ ᠴᠢᠩᠭᠠᠳᠬᠠᠵᠦ᠂ ᠰᠣᠷᠭᠠᠭᠤᠯᠢ᠂ ᠨᠡᠶᠢᠭᠡᠮ | ᠲᠣᠭᠤᠷᠢᠬ᠂ ᠭᠡᠷ ᠪᠦᠯᠢ ᠬᠠᠷᠢᠯᠴᠠᠨ ᠣᠶᠠᠯᠲᠣᠬᠰᠠᠨ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠲᠣᠣᠷ ᠢ | ᠪᠦᠬᠦ ᠲᠠᠯ᠎ᠠ ᠪᠠᠷ ᠲᠡᠬᠦᠯᠲᠡᠷᠵᠢᠬᠦᠯᠵᠦ᠂ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠪᠣᠯᠪᠠᠰᠣᠷᠠᠬᠤ ᠰᠠᠶᠢᠨ | ᠰᠠᠶᠢᠬᠠᠨ ᠲᠠᠳᠬᠠᠯ ᠪᠠ ᠡᠷᠡᠬᠦᠯ ᠴᠢᠬᠢᠷᠠᠬ ᠠᠮᠢᠲᠣᠷᠠᠯ ᠤᠨ ᠬᠡᠯᠪᠡᠷᠢ ᠮᠠᠶ᠋ᠢᠬ ᠢ ᠪᠣᠢ ᠪᠣᠯᠭᠠᠵᠦ᠂ ᠵᠠᠯᠠᠭᠤᠴᠣᠳ | ᠪᠠᠭᠠᠴᠣᠳ ᠤᠨ ᠪᠡᠶ᠎ᠡ ᠶᠢᠨ ᠲᠠᠮᠢᠷ ᠲᠤ ᠲᠣᠷ᠎ᠠ ᠪᠠᠭ᠋ᠠᠲᠠᠢ᠂ ᠪᠡᠶ᠎ᠡ ᠶᠢᠨ ᠲᠠᠮᠢᠷ ᠤᠨ ᠬᠦᠲᠡᠯᠭᠡᠭᠡᠨ ᠢ ᠡᠷᠬᠢᠮᠯᠡᠬᠦ᠂ | ᠡᠷᠡᠬᠦᠯ ᠮᠡᠨᠲᠦ ᠪᠠᠷ ᠦᠰᠦᠨ ᠪᠣᠶᠢᠵᠢᠬᠤ ᠰᠠᠶᠢᠨ ᠰᠠᠶᠢᠬᠠᠨ ᠠᠭᠤᠷ ᠠᠮᠢᠰᠬᠤᠯ ᠪᠠ ᠪᠦᠬᠦ ᠨᠡᠶᠢᠭᠡᠮ ᠢᠶᠠᠷ ᠢᠶᠠᠨ | ᠡᠷᠡᠬᠦᠯ ᠴᠢᠬᠢᠷᠠᠬ ᠢ ᠡᠷᠬᠢᠮᠯᠡᠨ᠂ ᠪᠡᠶ᠎ᠡ ᠶᠢᠨ ᠲᠠᠮᠢᠷ ᠢ ᠲᠡᠭᠡᠲᠦᠯᠡᠬᠦ ᠦᠳᠭᠡᠨ ᠵᠤᠵᠠᠭᠠᠨ ᠠᠭᠤᠷ ᠠᠮᠢᠰᠬᠤᠯ ᠢ | ᠪᠦᠷᠢᠯᠲᠦᠬᠦᠯᠦᠨ᠎ᠡ᠃ 5 ᠵᠢᠯ ᠤᠷᠴᠢᠮ ᠤᠨ ᠬᠤᠭᠤᠴᠠᠭ᠎ᠠ ᠬᠡᠷᠡᠭᠰᠡᠨ᠂ ᠮᠠᠨ ᠤ ᠣᠯᠣᠰ ᠤᠨ ᠵᠠᠯᠠᠭᠤᠴᠣᠳ | ᠪᠠᠭᠠᠴᠣᠳ ᠢ ᠣᠯᠣᠰ ᠤᠨ ᠪᠡᠶ᠎ᠡ ᠮᠠᠬᠠᠪᠣᠳ ᠤᠨ ᠡᠷᠡᠬᠦᠯ ᠴᠢᠬᠢᠷᠠᠬ ᠤᠨ ᠦᠨᠳᠦᠰᠦᠨ ᠱᠠᠭᠠᠷᠲᠠᠯᠭ᠎ᠠ ᠳᠤ ᠨᠡᠶᠢᠲᠡᠮ | ᠬᠦᠷᠭᠡᠵᠦ᠂ ᠲᠡᠰᠪᠦᠷᠢ ᠲᠠᠭᠠᠭᠠᠮᠠᠭᠠᠢ᠂ ᠬᠦᠴᠦ ᠪᠣᠯᠣᠨ ᠬᠤᠷᠲᠣᠴᠠ ᠵᠡᠷᠭᠡ ᠲᠡᠮᠢᠷ ᠲᠡᠩᠬᠡᠭᠡ ᠶᠢᠨ ᠬᠡᠪ ᠴᠢᠨᠠᠷ | ᠢᠯᠡᠳᠲᠡ ᠲᠡᠭᠡᠭᠰᠢᠯᠡᠵᠦ᠂ ᠰᠢᠮ᠎ᠡ ᠲᠡᠵᠢᠭᠡᠯ ᠬᠦᠢᠴᠡᠳ ᠦᠭᠡᠢ᠂ ᠲᠠᠷᠭᠤᠨ ᠮᠠᠷᠢᠶᠠᠯᠢᠬ᠂ ᠣᠶᠢᠷ᠎ᠠ ᠬᠠᠷᠠᠯᠭᠠᠨ | ᠡᠬᠦᠰᠬᠦ ᠨᠣᠷᠮ᠎ᠠ ᠶᠢ ᠮᠡᠲᠡᠭᠲᠡᠮ᠎ᠡ ᠲᠣᠷᠣᠬᠰᠢᠯᠠᠭᠤᠯᠣᠨᠠ᠃ ᠪᠦᠬᠦ ᠨᠠᠮ ᠪᠦᠬᠦ ᠨᠡᠶᠢᠢᠭᠡᠮ ᠤᠨ ᠬᠠᠮᠲᠣ ᠶᠢᠨ | ᠴᠢᠷᠮᠠᠶᠢᠯᠭ᠎ᠠ ᠪᠠᠷ ᠲᠠᠮᠵᠢᠭᠤᠯᠣᠨ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠬᠦᠲᠡᠯᠭᠡᠭᠡᠨ ᠤ | ᠬᠦᠭᠵᠢᠯᠲᠡ ᠶᠢ ᠣᠶᠢᠭ᠎ᠠ ᠦᠭᠡᠢ ᠠᠬᠢᠭᠤᠯᠵᠦ᠂ ᠵᠠᠯᠠᠭᠤᠴᠣᠳ ᠪᠠᠭᠠᠴᠣᠳ ᠲᠡᠷᠡᠴᠢᠯᠡᠨ ᠪᠦᠬᠦ ᠦᠨᠳᠦᠰᠦᠲᠡᠨ ᠤ | ᠡᠷᠡᠬᠦᠯ ᠴᠢᠬᠢᠷᠠᠬ ᠤᠨ ᠬᠡᠪ ᠴᠢᠨᠠᠷ ᠢ ᠲᠠᠰᠣᠷᠠᠯᠲᠠ ᠦᠭᠡᠢ ᠲᠡᠭᠡᠭᠰᠢᠯᠡᠬᠦᠯᠦᠨ᠎ᠡ᠃ | ᠬᠤᠶᠠᠷ᠂ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠢ ᠴᠢᠩᠭᠠᠳᠬᠠᠵᠦ᠂ ᠵᠠᠯᠠᠭᠤᠴᠣᠳ | ᠪᠠᠭᠠᠴᠣᠳ ᠤᠨ ᠪᠡᠶ᠎ᠡ ᠮᠠᠬᠠᠪᠣᠳ ᠢ ᠰᠠᠶᠢᠵᠢᠷᠠᠭᠤᠯᠬᠤ ᠡᠯ᠎ᠡ ᠲᠦᠷᠦᠯ ᠤᠨ ᠠᠷᠭ᠎ᠠ ᠬᠡᠮᠵᠢᠶ᠎ᠡ ᠶᠢ ᠨᠠᠷᠢᠨ ᠬᠢᠨᠠᠮᠠᠭᠠᠢ | ᠨᠠᠶᠢᠲᠠᠪᠣᠷᠢᠵᠢᠭᠤᠯᠣᠨ᠎ᠠ | 4. ︽ᠣᠯᠣᠰ ᠤᠨ ᠰᠣᠷᠣᠬᠴᠢᠳ ᠤᠨ ᠪᠡᠶ᠎ᠡ ᠮᠠᠬᠠᠪᠣᠳ ᠤᠨ ᠡᠷᠡᠬᠦᠯ ᠮᠡᠨᠲᠦ ᠶᠢᠨ ᠪᠠᠷᠢᠮᠵᠢᠶ᠎ᠠ︾ ᠶᠢ ᠪᠦᠬᠦ | ᠲᠠᠯ᠎ᠠ ᠪᠠᠷ ᠬᠡᠷᠡᠭᠵᠢᠬᠦᠯᠵᠦ᠂ ᠡᠷᠡᠬᠦᠯ ᠮᠡᠨᠲᠦ ᠶᠢᠨ ᠬᠡᠪ ᠴᠢᠨᠠᠷ ᠢ ᠰᠣᠷᠣᠬᠴᠢᠳ ᠤᠨ ᠪᠦᠬᠦ ᠲᠠᠯ᠎ᠠ ᠶᠢᠨ ᠡᠷᠡᠬᠦᠯ ᠢᠶᠠᠷ | ᠬᠦᠭᠵᠢᠬᠦ ᠶᠢ ᠰᠢᠯᠭᠠᠨ ᠦᠨᠡᠯᠡᠬᠦ ᠴᠢᠬᠤᠯᠠ ᠵᠢᠭᠠᠯᠲᠠ ᠲᠤᠭ᠎ᠠ ᠪᠣᠯᠭᠠᠨ᠎ᠠ᠃ ᠬᠡᠪ ᠴᠢᠨᠠᠷ ᠤᠨ ᠰᠣᠷᠭᠠᠨ ᠬᠦᠮᠦᠵᠢᠯ ᠤᠨ | ᠱᠠᠭᠠᠷᠲᠠᠯᠭ᠎ᠠ ᠳᠤ ᠨᠡᠶᠢᠴᠡᠬᠦ ᠰᠢᠯᠭᠠᠨ ᠦᠨᠡᠯᠡᠬᠦ ᠲᠦᠷᠢᠮ ᠢ ᠲᠠᠷᠣᠶᠢᠬᠠᠨ ᠪᠠᠶᠢᠭᠤᠯᠵᠦ᠂ ᠲᠡᠬᠦᠨ ᠤ ᠵᠠᠯᠠᠭᠤᠴᠣᠳ | ᠪᠠᠭᠠᠴᠣᠳ ᠤᠨ ᠪᠡᠶ᠎ᠡ ᠮᠠᠬᠠᠪᠣᠳ ᠢ ᠰᠠᠶᠢᠵᠢᠷᠠᠭᠤᠯᠬᠤ ᠳᠤ ᠦᠵᠡᠬᠦᠯᠬᠦ ᠢᠲᠡᠪᠬᠢᠲᠡᠢ ᠣᠲᠣᠷᠢᠲᠣᠮᠵᠢ ᠶᠢᠨ | ᠦᠢᠯᠡᠲᠦᠯ ᠢ ᠪᠠᠲᠠᠷᠠᠭᠤᠯᠣᠨ᠎ᠠ᠃ ᠠᠩᠬ᠎ᠠ ᠲᠣᠮᠲᠠᠲᠣ ᠲᠡᠬᠦᠰᠬᠦ ᠰᠣᠷᠣᠬᠴᠢᠳ ᠤᠨ ᠪᠡᠶ᠎ᠡ ᠶᠢᠨ ᠲᠠᠮᠢᠷ ᠤᠨ | ᠰᠢᠯᠭᠠᠯᠲᠠ ᠶᠢ ᠪᠦᠬᠦ ᠲᠠᠯ᠎ᠠ ᠪᠠᠷ ᠵᠣᠬᠢᠶᠠᠨ ᠪᠠᠶᠢᠭᠤᠯᠣᠨ ᠬᠡᠷᠡᠭᠵᠢᠬᠦᠯᠵᠦ᠂ ᠪᠡᠶ᠎ᠡ ᠶᠢᠨ ᠲᠠᠮᠢᠷ ᠤᠨ ᠬᠢᠷᠢ | ᠪᠦᠲᠦᠮᠵᠢ ᠶᠢᠨ ᠰᠣᠷᠣᠬᠴᠢᠳ ᠤᠨ ᠶᠡᠷᠦᠩᠬᠡᠶᠢᠯᠡᠭᠰᠡᠨ ᠬᠡᠪ ᠴᠢᠨᠠᠷ ᠢ ᠦᠨᠡᠯᠡᠬᠦ ᠪᠠ ᠦᠨᠳᠦᠷ ᠲᠣᠮᠲᠠᠲᠣ ᠳᠤ | ᠲᠠᠪᠰᠢᠬᠤ ᠰᠢᠯᠭᠠᠯᠲᠠ ᠳᠠᠬᠢ ᠬᠤᠪᠢ ᠶᠢᠨ ᠵᠢᠩ ᠢ ᠠᠭᠠᠵᠢᠮ ᠢᠶᠠᠷ ᠨᠡᠮᠡᠭᠲᠡᠬᠦᠯᠦᠨ᠎ᠡ︔ ᠦᠨᠳᠦᠷ ᠲᠣᠮᠲᠠᠲᠣ ᠶᠢᠨ | ᠬᠤᠭᠤᠴᠠᠭᠠᠨ ᠳᠠᠬᠢ ᠰᠣᠷᠭᠠᠭᠤᠯᠢ ᠲᠡᠬᠦᠰᠬᠦ ᠰᠢᠯᠭᠠᠯᠲᠠ ᠳᠤ ᠪᠡᠶ᠎ᠡ ᠶᠢᠨ ᠲᠠᠮᠢᠷ ᠤᠨ ᠰᠢᠯᠭᠠᠯᠲᠠ ᠨᠡᠮᠡᠵᠦ | ᠣᠷᠣᠭᠤᠯᠬᠤ ᠠᠷᠭ᠎ᠠ ᠶᠢ ᠢᠲᠡᠪᠬᠢᠲᠡᠢ ᠬᠡᠷᠡᠭᠵᠢᠬᠦᠯᠦᠨ᠎ᠡ᠃ ︽ᠣᠯᠣᠰ ᠤᠨ ᠰᠣᠷᠣᠬᠴᠢᠳ ᠤᠨ ᠪᠡᠶ᠎ᠡ ᠮᠠᠬᠠᠪᠣᠳ ᠤᠨ | ᠡᠷᠡᠬᠦᠯ ᠮᠡᠨᠲᠦ ᠶᠢᠨ ᠪᠠᠷᠢᠮᠵᠢᠶ᠎ᠠ︾ ᠶᠢᠨ ᠰᠢᠯᠭᠠᠯᠲᠠ ᠶᠢᠨ ᠮᠡᠲᠡᠬᠦᠯᠦᠯᠲᠡ ᠶᠢᠨ ᠲᠦᠷᠢᠮ᠂ ᠮᠡᠲᠡᠭᠳᠡᠯ ᠤᠨ ᠲᠦᠷᠢᠮ | ᠪᠣᠯᠣᠨ ᠰᠢᠨ᠎ᠡ ᠰᠣᠷᠣᠬᠴᠢᠳ ᠤᠨ ᠰᠣᠷᠭᠠᠭᠤᠯᠢ ᠳᠤ ᠣᠷᠣᠬᠤ ᠪᠡᠶ᠎ᠡ ᠮᠠᠬᠠᠪᠣᠳ ᠤᠨ ᠡᠷᠡᠬᠦᠯ ᠮᠡᠨᠲᠦ ᠶᠢᠨ | ᠰᠣᠷᠢᠯᠲᠠ ᠶᠢᠨ ᠲᠦᠷᠢᠮ ᠢ ᠨᠡᠶᠢᠲᠡᠮ ᠬᠡᠷᠡᠭᠵᠢᠬᠦᠯᠦᠨ᠎ᠡ᠃ ︽ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠠᠵᠢᠯ ᠤᠨ | ᠲᠦᠷᠢᠮ︾ ᠢ ᠨᠠᠷᠢᠨ ᠬᠢᠨᠠᠮᠠᠭᠠᠢ ᠲᠣᠭᠤᠰᠢᠯᠠᠭᠤᠯᠵᠦ᠂ ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠠᠵᠢᠯ ᠤᠨ ᠲᠦᠷᠢᠮ | ᠲᠣᠬᠲᠠᠭᠠᠯ ᠢ ᠪᠠᠶᠢᠭᠤᠯᠣᠨ ᠲᠡᠬᠦᠯᠲᠡᠷᠵᠢᠬᠦᠯᠦᠨ᠎ᠡ᠃ | 5. ︽ᠪᠦᠬᠦ ᠣᠯᠣᠰ ᠤᠨ ᠦᠢ ᠲᠦᠮᠡᠨ ᠰᠣᠷᠣᠬᠴᠢᠳ ᠤᠨ ᠨᠠᠷᠠᠨ ᠭᠡᠷᠡᠯᠲᠦ ᠪᠡᠶ᠎ᠡ ᠶᠢᠨ ᠲᠠᠮᠢᠷ ᠤᠨ | ᠬᠦᠲᠡᠯᠭᠡᠭᠡᠨ︾ ᠢ ᠦᠷᠭᠡᠨ ᠢᠶᠠᠷ ᠦᠷᠨᠢᠬᠦᠯᠦᠨ᠎ᠡ᠃ ᠰᠣᠷᠣᠬᠴᠢᠳ ᠤᠨ ᠲᠠᠮᠢᠷ ᠤᠨ ᠲᠠᠯᠠᠪᠣᠷ ᠲᠤ ᠣᠴᠢᠬᠤ᠂ ᠡᠭᠡ | ᠪᠠᠶᠢᠭᠠᠯᠢ ᠶᠢᠨ ᠦᠷᠦᠴᠡᠨ ᠳᠤ ᠬᠦᠨᠵᠡᠭᠡᠶᠢᠢᠷᠡᠬᠦ᠂ ᠲᠤᠯᠠᠭᠠᠨ ᠨᠡᠷᠡᠨ ᠳᠤ ᠲᠠᠪᠠᠲᠠᠢ ᠨᠠᠭᠠᠲᠣᠨ ᠲᠣᠬᠯᠠᠬᠤ ᠶᠢ | ᠵᠣᠷᠢᠬᠵᠢᠭᠤᠯᠵᠦ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠪᠣᠯᠪᠠᠰᠣᠷᠠᠯ ᠤᠨ ᠦᠷᠨᠢᠯᠲᠡ ᠶᠢ ᠪᠣᠢ | ᠪᠣᠯᠭᠠᠨ᠎ᠠ᠃ ᠰᠣᠷᠣᠬᠴᠢᠳ ᠤᠨ ᠨᠠᠰᠣ᠂ ᠬᠦᠢᠰᠦ ᠪᠣᠯᠣᠨ ᠪᠡᠶ᠎ᠡ ᠮᠠᠬᠠᠪᠣᠳ ᠤᠨ ᠪᠠᠶᠢᠲᠠᠯ ᠢ ᠦᠨᠳᠦᠰᠦᠯᠡᠵᠦ᠂ | ᠵᠠᠯᠠᠭᠤᠴᠣᠳ ᠪᠠᠭᠠᠴᠣᠳ ᠤᠨ ᠣᠨᠴᠠᠯᠢᠬ ᠲᠤ ᠵᠣᠬᠢᠴᠠᠬᠤ ᠪᠡᠶ᠎ᠡ ᠶᠢᠨ ᠲᠠᠮᠢᠷ ᠤᠨ ᠵᠢᠭᠠᠨ ᠰᠣᠷᠭᠠᠯᠲᠠ ᠪᠠ | ᠬᠦᠲᠡᠯᠭᠡᠭᠡᠨ ᠤ ᠬᠡᠯᠪᠡᠷᠢ ᠶᠢ ᠢᠲᠡᠪᠬᠢᠲᠡᠢ ᠬᠠᠶᠢᠨ ᠰᠦᠪᠡᠭᠴᠢᠯᠡᠵᠦ᠂ ᠰᠣᠷᠣᠬᠴᠢᠳ ᠢ ᠵᠢᠯᠣᠭᠤᠲᠣᠨ | ᠲᠦᠯᠦᠪᠯᠡᠭᠡ ᠲᠠᠢ᠂ ᠬᠠᠷᠠᠯᠲᠠ ᠲᠠᠢ᠂ ᠵᠢᠮ᠎ᠡ ᠶᠣᠰᠣ ᠲᠠᠢ ᠪᠠᠷ ᠪᠡᠶ᠎ᠡ ᠶᠢᠨ ᠲᠠᠮᠢᠷ ᠤᠨ ᠪᠣᠯᠪᠠᠰᠣᠷᠠᠯ ᠦᠷᠨᠢᠬᠦᠯᠵᠦ᠂ | ᠰᠣᠷᠣᠬᠴᠢᠳ ᠤᠨ ᠪᠠᠶ᠎ᠠ ᠮᠠᠬᠠᠪᠣᠳ ᠪᠣᠯᠣᠨ ᠴᠢᠲᠠᠪᠣᠷᠢ ᠶᠢ ᠴᠢᠷᠮᠠᠶᠢᠨ ᠰᠠᠶᠢᠵᠢᠷᠠᠭᠤᠯᠵᠦ᠂ ᠪᠡᠶ᠎ᠡ ᠶᠢᠨ ᠲᠠᠮᠢᠷ ᠤᠨ | ᠬᠦᠲᠡᠯᠭᠡᠭᠡᠨ ᠤ ᠴᠢᠲᠠᠪᠣᠷᠢ ᠶᠢ ᠲᠡᠭᠡᠭᠰᠢᠯᠡᠬᠦᠯᠵᠦ᠂ ᠪᠡᠶ᠎ᠡ ᠮᠠᠬᠠᠪᠣᠳ ᠤᠨ ᠡᠷᠡᠬᠦᠯ ᠮᠡᠨᠲᠦ ᠶᠢᠨ ᠪᠠᠷᠢᠮᠵᠢᠶ᠎ᠠ ᠳᠤ | ᠬᠦᠷᠭᠡᠨ᠎ᠡ᠃ ᠬᠢᠷᠢ ᠲᠡᠩᠴᠡᠭᠰᠡᠨ ᠲᠡᠰ ᠲᠤ ᠬᠦᠷᠦᠭᠰᠡᠨ ᠰᠣᠷᠣᠬᠴᠢᠳ ᠲᠤ ︽ᠨᠡᠷᠡᠨ ᠭᠡᠷᠡᠯᠲᠦ ᠪᠡᠶ᠎ᠡ ᠶᠢᠨ | ᠲᠠᠮᠢᠷ ᠤᠨ ᠦᠨᠡᠮᠯᠡᠯ ᠲᠡᠮᠲᠡᠭ︾ ᠣᠯᠭᠤᠵᠦ᠂ ᠰᠢᠯᠢᠲᠡᠭ ᠲᠡᠰ ᠲᠤ ᠬᠦᠷᠦᠭᠰᠡᠨ ᠰᠣᠷᠣᠬᠴᠢᠳ ᠲᠤ ︽ᠨᠡᠷᠡᠨ | ᠭᠡᠷᠡᠯᠲᠦ ᠪᠡᠶ᠎ᠡ ᠶᠢᠨ ᠲᠠᠮᠢᠷ ᠤᠨ ᠱᠠᠩᠨᠠᠯ ᠤᠨ ᠲᠡᠮᠲᠡᠭ︾ ᠣᠯᠭᠤᠵᠦ᠂ ᠰᠣᠷᠣᠬᠴᠢᠳ ᠤᠨ ᠪᠡᠶ᠎ᠡ ᠶᠢᠨ ᠲᠠᠮᠢᠷ ᠤᠨ | ᠪᠣᠯᠪᠠᠰᠣᠷᠠᠯ ᠳᠤ ᠣᠷᠣᠯᠴᠠᠬᠤ ᠢᠷᠠᠭᠤ ᠠᠯᠲᠠᠷᠲᠣ ᠰᠡᠳᠬᠢᠯᠭᠡ ᠪᠣᠯᠣᠨ ᠰᠠᠶᠢᠨ ᠲᠣᠷ᠎ᠠ ᠶᠢᠨ ᠴᠢᠨᠠᠷ ᠢ | ᠴᠢᠩᠭᠠᠷᠠᠭᠤᠯᠣᠨ᠎ᠠ᠃ | 6. ᠰᠣᠷᠣᠬᠴᠢᠳ ᠤᠨ ᠬᠡᠲᠦ ᠬᠦᠨᠲᠦ ᠰᠣᠷᠣᠯᠭ᠎ᠠ ᠶᠢᠨ ᠲᠠᠷᠣᠭᠠᠰᠣ ᠶᠢ ᠦᠨᠡᠨᠬᠦ ᠬᠦᠩᠭᠡᠷᠡᠬᠦᠯᠦᠨ᠎ᠡ᠃ | ᠡᠯ᠎ᠡ ᠱᠠᠲᠣᠨ ᠤ ᠡᠯ᠎ᠡ ᠲᠦᠷᠦᠯ ᠤᠨ ᠰᠣᠷᠭᠠᠭᠤᠯᠢ ᠨᠤᠭᠤᠳ ᠰᠣᠷᠭᠠᠭᠤᠯᠢ ᠡᠷᠬᠢᠯᠡᠬᠦ ᠦᠵᠡᠯ ᠰᠠᠨᠠᠭ᠎ᠠ ᠪᠠᠨ ᠣᠯᠠᠮ | ᠲᠦᠪ ᠪᠣᠯᠭᠠᠵᠦ᠂ ᠬᠡᠪ ᠴᠢᠨᠠᠷ ᠤᠨ ᠰᠣᠷᠭᠠᠨ ᠬᠦᠮᠦᠵᠢᠯ ᠢ ᠴᠢᠩᠭᠠᠳᠬᠠᠨ᠂ ᠵᠠᠯᠠᠭᠤᠴᠣᠳ ᠪᠠᠭᠠᠴᠣᠳ ᠤᠨ | ᠠᠮᠢᠲᠣᠯᠢᠬ ᠴᠣᠪᠣᠭᠤ᠂ ᠬᠦᠲᠡᠯᠦᠩᠬᠦᠢ ᠢᠲᠡᠪᠬᠢᠲᠡᠢ ᠬᠦᠭᠵᠢᠬᠦ ᠶᠢ ᠠᠬᠢᠭᠤᠯᠣᠨ᠎ᠠ᠃ ᠲᠣᠮᠲᠠᠲᠣ ᠪᠠᠭ᠎ᠠ ᠰᠣᠷᠭᠠᠭᠤᠯᠢ | ᠨᠢ ᠰᠣᠷᠭᠠᠭᠤᠯᠢ ᠲᠠᠪᠰᠢᠬᠤ ᠨᠣᠷᠮ᠎ᠠ ᠶᠢ ᠦᠷᠦᠭᠡᠰᠦᠭᠡᠯ ᠢᠶᠠᠷ ᠬᠦᠭᠡᠭᠡᠴᠡᠯᠲᠦᠬᠦ ᠬᠠᠨᠲᠣᠰᠢ ᠶᠢ ᠦᠨᠡᠨᠬᠦ ᠵᠠᠰᠠᠨ | ᠵᠠᠯᠠᠷᠠᠭᠤᠯᠵᠦ᠂ ᠰᠣᠷᠣᠬᠴᠢᠳ ᠤᠨ ᠬᠡᠲᠦ ᠬᠦᠨᠲᠦ ᠬᠢᠴᠢᠶᠡᠯ ᠤᠨ ᠲᠠᠷᠣᠭᠠᠰᠣ ᠶᠢ ᠦᠨᠡᠨᠬᠦ ᠬᠦᠩᠭᠡᠷᠡᠬᠦᠯᠦᠨ᠎ᠡ᠃ | ᠦᠨᠳᠦᠰᠦᠨ ᠰᠣᠷᠭᠠᠨ ᠬᠦᠮᠦᠵᠢᠯ ᠤᠨ ᠬᠢᠴᠢᠶᠡᠯᠯᠡᠭᠡ ᠶᠢᠨ ᠦᠭᠡᠷᠡᠴᠢᠯᠡᠯᠲᠡ ᠶᠢ ᠬᠦᠨᠵᠡᠭᠡᠢ ᠠᠬᠢᠭᠤᠯᠵᠦ᠂ | ᠬᠢᠴᠢᠶᠠᠯ ᠤᠨ ᠲᠠᠩᠬᠢᠮ ᠤᠨ ᠵᠢᠭᠠᠨ ᠰᠣᠷᠭᠠᠯᠲᠠ ᠶᠢᠨ ᠴᠢᠨᠠᠷ ᠴᠢᠨᠰᠠᠭ᠎ᠠ ᠪᠣᠯᠣᠨ ᠦᠷ᠎ᠡ ᠪᠦᠲᠦᠮᠵᠢ ᠶᠢ | ᠲᠡᠭᠡᠭᠰᠢᠯᠡᠬᠦᠯᠵᠦ᠂ ᠰᠣᠷᠣᠬᠳᠴᠢᠳ ᠢ ᠨᠡᠩ ᠣᠯᠠᠨ ᠴᠠᠬ ᠢᠶᠠᠷ ᠪᠡᠶ᠎ᠡ ᠶᠢᠨ ᠲᠠᠮᠢᠷ ᠤᠨ ᠪᠣᠯᠪᠠᠰᠣᠷᠠᠯ ᠳᠤ | ᠣᠷᠣᠯᠴᠠᠭᠤᠯᠣᠨ᠎ᠠ᠃ | 7. ᠰᠣᠷᠣᠬᠴᠢᠳ ᠤᠨ ᠡᠳᠦᠷ ᠪᠦᠷᠢ ᠨᠢᠭᠡ ᠴᠠᠬ ᠪᠡᠶ᠎ᠡ ᠪᠣᠯᠪᠠᠰᠣᠷᠠᠬᠤ ᠶᠢ ᠪᠠᠲᠣᠯᠠᠨ᠎ᠠ᠃ ᠲᠣᠮᠲᠠᠲᠣ ᠪᠠᠭ᠎ᠠ | ᠰᠣᠷᠭᠠᠭᠤᠯᠢ ᠨᠤᠭᠤᠳ ᠣᠯᠣᠰ ᠤᠨ ᠬᠢᠴᠢᠶᠡᠯᠯᠡᠭᠡ ᠶᠢᠨ ᠪᠠᠷᠢᠮᠵᠢᠶ᠎ᠠ ᠶᠢ ᠨᠠᠷᠢᠨ ᠬᠢᠨᠠᠮᠠᠭᠠᠢ ᠬᠡᠷᠡᠭᠵᠢᠬᠦᠯᠵᠦ᠂ ᠪᠡᠶ᠎ᠡ ᠶᠢᠨ | ᠲᠠᠮᠢᠷ ᠤᠨ ᠬᠢᠴᠢᠶᠡᠯ ᠤᠨ ᠴᠠᠬ ᠴᠢᠨᠠᠷ ᠢ ᠪᠠᠲᠣᠯᠠᠨ ᠬᠢᠴᠢᠶᠡᠯᠡᠯᠵᠦ᠂ ᠡᠬᠦᠨ ᠳᠤ ᠪᠠᠭ᠎ᠠ ᠰᠣᠷᠭᠠᠭᠤᠯᠢ ᠶᠢᠨ 1 — | 2 ᠤᠨ ᠭᠠᠷᠠᠬ ᠪᠦᠷᠢ 4 ᠬᠢᠴᠢᠶᠡᠯ ᠤᠨ ᠴᠠᠬ᠂ ᠪᠠᠭ᠎ᠠ ᠰᠣᠷᠭᠠᠭᠤᠯᠢ ᠶᠢᠨ 3 — 6 ᠤᠨ ᠪᠣᠯᠣᠨ ᠠᠩᠬ᠎ᠠ | ᠲᠣᠮᠲᠠᠲᠣ ᠭᠠᠷᠠᠬ ᠪᠦᠷᠢ 3 ᠬᠢᠴᠢᠶᠡᠯ ᠤᠨ ᠴᠠᠬ ᠪᠣᠯᠪᠠᠰᠣᠷᠠᠬᠤ᠂ ᠦᠨᠳᠦᠷ ᠲᠣᠮᠲᠠᠲᠣ ᠭᠠᠷᠠᠬ ᠪᠦᠷᠢ 2 | ᠬᠢᠴᠢᠶᠡᠯ ᠤᠨ ᠴᠠᠬ ᠪᠣᠯᠪᠠᠰᠣᠷᠠᠬᠤ ᠶᠢ ᠪᠠᠲᠣᠯᠠᠨ᠎ᠠ︔ ᠪᠡᠶ᠎ᠡ ᠶᠢᠨ ᠲᠠᠮᠢᠷ ᠤᠨ ᠬᠢᠴᠢᠶᠡᠯ ᠦᠭᠡᠢ ᠡᠳᠦᠷ ᠲᠤ | ᠰᠣᠷᠭᠠᠭᠤᠯᠢ ᠠᠴᠠ ᠦᠲᠡ ᠶᠢᠨ ᠬᠤᠶᠢᠨ᠎ᠠ ᠶᠢᠨ ᠬᠢᠴᠢᠶᠡᠯ ᠤᠨ ᠵᠠᠪᠰᠠᠷᠯᠠᠭ᠎ᠠ ᠳᠤ ᠰᠣᠷᠣᠬᠴᠢᠳ ᠢ ᠵᠣᠬᠢᠶᠠᠨ | ᠪᠠᠶᠢᠭᠤᠯᠣᠨ ᠨᠢᠭᠡ ᠴᠠᠬ ᠭᠠᠷᠣᠢ ᠬᠠᠮᠲᠣ ᠶᠢᠨ ᠪᠡᠶ᠎ᠡ ᠶᠢᠨ ᠲᠠᠮᠢᠷ ᠤᠨ ᠪᠣᠯᠪᠠᠰᠣᠷᠠᠯ ᠬᠢᠬᠦ ᠪᠦᠭᠡᠳ ᠡᠬᠦᠨ ᠢ ᠵᠢᠭᠠᠨ | ᠰᠣᠷᠭᠠᠯᠲᠠ ᠶᠢᠨ ᠲᠦᠯᠦᠪᠯᠡᠭᠡ ᠳᠤ ᠣᠷᠣᠭᠤᠯᠣᠨ᠎ᠠ︔ ᠶᠡᠭᠡ ᠬᠢᠴᠢᠶᠡᠯ ᠤᠨ ᠵᠠᠪᠰᠠᠷᠯᠠᠭ᠎ᠠ ᠶᠢᠨ ᠪᠡᠶ᠎ᠡ ᠶᠢᠨ ᠲᠠᠮᠢᠷ ᠤᠨ | ᠬᠦᠲᠡᠯᠭᠡᠭᠡᠨ ᠤ ᠲᠦᠷᠢᠮ ᠢ ᠪᠦᠬᠦ ᠲᠠᠯ᠎ᠠ ᠪᠠᠷ ᠬᠡᠷᠡᠭᠵᠢᠬᠦᠯᠵᠦ᠂ ᠡᠳᠦᠷ ᠪᠦᠷᠢ ᠶᠢᠨ ᠦᠲᠡ ᠶᠢᠨ ᠡᠮᠦᠨ᠎ᠡ | ᠨᠢᠭᠡᠲᠦᠯᠲᠡᠢ ᠪᠠᠷ 25 — 30 ᠮᠢᠨᠦ᠋ᠲ ᠤᠨ ᠤᠨ ᠬᠢᠴᠢᠶᠡᠯ ᠤᠨ ᠵᠠᠪᠰᠠᠷᠯᠠᠭ᠎ᠠ ᠶᠢᠨ ᠪᠡᠶ᠎ᠡ ᠶᠢᠨ ᠲᠠᠮᠢᠷ ᠤᠨ | ᠬᠦᠲᠡᠯᠭᠡᠭᠡᠨ ᠲᠣᠬᠢᠷᠠᠭᠤᠯᠵᠦ᠂ ᠰᠣᠷᠣᠬᠴᠢᠳ ᠢ ᠨᠠᠷᠢᠨ ᠬᠢᠨᠠᠮᠠᠭᠠᠢ ᠵᠣᠬᠢᠶᠠᠨ ᠪᠠᠶᠢᠭᠤᠯᠵᠦ ᠷᠠᠳᠢᠣ᠋ ᠪᠡᠶ᠎ᠡ ᠶᠢᠨ ᠲᠠᠮᠢᠷ | ᠬᠢᠵᠦ᠂ ᠬᠠᠮᠲᠣ ᠶᠢᠨ ᠪᠡᠶ᠎ᠡ ᠶᠢᠨ ᠲᠠᠮᠢᠷ ᠤᠨ ᠬᠦᠲᠡᠯᠭᠡᠭᠡᠨ ᠦᠷᠨᠢᠬᠦᠯᠦᠨ᠎ᠡ︔ ᠪᠠᠶᠢᠷᠢ ᠳᠤ ᠰᠠᠭᠤᠬᠤ ᠲᠦᠷᠢᠮᠲᠦ | ᠰᠣᠷᠭᠠᠭᠤᠯᠢ ᠡᠳᠦᠷ ᠪᠦᠷᠢ ᠡᠷᠲᠡ ᠶᠢᠨ ᠲᠠᠮᠢᠷ ᠲᠤ ᠭᠠᠷᠬᠤ ᠶᠢ ᠪᠠᠷᠢᠮᠲᠠᠯᠠᠨ᠎ᠠ᠃ ᠶᠡᠭᠡ ᠲᠡᠭᠡᠲᠦ | ᠰᠣᠷᠭᠠᠭᠤᠯᠢ ᠨᠤᠭᠤᠳ ᠪᠡᠶ᠎ᠡ ᠶᠢᠨ ᠲᠠᠮᠢᠷ ᠤᠨ ᠬᠢᠴᠢᠶᠡᠯ ᠤᠨ ᠬᠠᠮᠢᠶᠠᠷᠣᠯᠲᠠ ᠪᠠᠨ ᠴᠢᠩᠭᠠᠳᠬᠠᠵᠦ᠂ ᠬᠢᠴᠢᠶᠡᠯ ᠤᠨ | ᠭᠠᠲᠠᠨᠠᠬᠢ ᠪᠡᠶ᠎ᠡ ᠶᠢᠨ ᠲᠠᠮᠢᠷ ᠤᠨ ᠠᠵᠢᠯᠯᠠᠭ᠎ᠠ ᠶᠢ ᠰᠣᠷᠭᠠᠭᠤᠯᠢ ᠶᠢᠨ ᠡᠳᠦᠷ ᠲᠣᠲᠣᠮ ᠤᠨ ᠵᠢᠭᠠᠨ ᠰᠣᠷᠭᠠᠬᠤ | ᠲᠦᠯᠦᠪᠯᠡᠭᠡ ᠳᠡᠭᠡᠨ ᠣᠷᠣᠭᠤᠯᠵᠦ᠂ ᠰᠣᠷᠣᠬᠴᠢ ᠪᠦᠷᠢ ᠶᠢ ᠨᠢᠭᠡ ᠭᠠᠷᠠᠬ ᠲᠤ ᠨᠠᠭᠠᠲᠣ ᠵᠠᠬ᠎ᠠ ᠳᠠᠭᠠᠨ ᠭᠤᠷᠪᠠ | ᠣᠲᠠᠭ᠎ᠠ ᠬᠢᠴᠢᠶᠡᠯ ᠤᠨ ᠭᠠᠲᠠᠨᠠᠬᠢ ᠪᠡᠶ᠎ᠡ ᠶᠢᠨ ᠲᠠᠮᠢᠷ ᠤᠨ ᠪᠣᠯᠪᠠᠰᠣᠷᠠᠯ ᠳᠤ ᠣᠷᠣᠯᠴᠠᠭᠤᠯᠣᠨ᠎ᠠ᠃ ᠡᠯ᠎ᠠ ᠱᠠᠲᠣᠨ ᠤ | ᠰᠣᠷᠭᠠᠨ ᠬᠦᠮᠦᠵᠢᠯ ᠤᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠡᠳᠦᠷ ᠪᠦᠷᠢ ᠨᠢᠭᠡ ᠴᠠᠬ ᠪᠣᠯᠪᠠᠰᠣᠷᠠᠬᠤ ᠪᠣᠲᠠᠲᠠᠢ | ᠱᠠᠭᠠᠷᠲᠠᠯᠭ᠎ᠠ ᠲᠣᠷᠠᠳᠬᠤ ᠶᠢᠨ ᠬᠠᠮᠲᠣ ᠰᠠᠶᠢᠲᠣᠷ ᠨᠠᠶᠢᠲᠠᠪᠣᠷᠢᠵᠢᠭᠤᠯᠬᠤ ᠬᠡᠷᠡᠭᠲᠡᠢ᠃ ᠲᠣᠬᠠᠢ ᠶᠢᠨ ᠭᠠᠵᠠᠷ | ᠣᠷᠣᠨ ᠳᠠᠭᠠᠨ ᠲᠣᠬᠢᠷᠠᠭᠤᠯᠣᠨ ᠬᠦᠲᠡᠭᠡ ᠲᠣᠰᠬᠤᠨ ᠤ ᠦᠷᠭᠡᠨ ᠣᠯᠠᠨ ᠰᠣᠷᠣᠬᠴᠢᠳ ᠢ ᠵᠣᠬᠢᠶᠠᠨ ᠪᠠᠶᠢᠭᠤᠯᠣᠨ | ᠪᠡᠶ᠎ᠡ ᠶᠢᠨ ᠲᠠᠮᠢᠷ ᠤᠨ ᠪᠣᠯᠪᠠᠰᠣᠷᠠᠯ ᠦᠷᠨᠢᠬᠦᠯᠦᠨ᠎ᠡ᠃ ᠵᠡᠮᠲᠡᠭ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ | ᠪᠣᠯᠪᠠᠰᠣᠷᠠᠯ ᠤᠨ ᠬᠦᠲᠡᠯᠭᠡᠭᠡᠨ ᠢ ᠬᠠᠨᠲᠣᠯᠭᠠ ᠲᠠᠢ ᠪᠠᠷ ᠵᠢᠯᠣᠭᠤᠳᠴᠦ ᠲᠡᠮᠵᠢᠨ᠎ᠡ᠃ ᠪᠡᠶ᠎ᠡ ᠶᠢᠨ ᠲᠠᠮᠢᠷ ᠤᠨ | ᠪᠠᠭᠰᠢ ᠶᠢᠨ ᠡᠩᠨᠡᠭᠡ ᠶᠢᠨ ᠪᠠᠶᠢᠭᠤᠯᠣᠯᠲᠠ ᠶᠢ ᠦᠨᠡᠨᠬᠦ ᠴᠢᠩᠭᠠᠳᠬᠠᠵᠦ᠂ ᠪᠡᠶ᠎ᠡ ᠶᠢᠨ ᠲᠠᠮᠢᠷ ᠤᠨ ᠬᠢᠴᠢᠶᠡᠯ ᠨᠡᠭᠡᠭᠡᠭᠰᠡᠨ | ᠪᠣᠯᠣᠨ ᠬᠢᠴᠢᠶᠡᠯ ᠤᠨ ᠭᠠᠲᠠᠨᠠᠬᠢ ᠪᠡᠶ᠎ᠡ ᠶᠢᠨ ᠲᠠᠮᠢᠷ ᠤᠨ ᠬᠦᠲᠡᠯᠭᠡᠭᠡᠨ ᠤ ᠱᠠᠭᠠᠷᠲᠠᠯᠭ᠎ᠠ ᠶᠢ ᠦᠨᠳᠦᠰᠦᠯᠡᠨ ᠪᠡᠶ᠎ᠡ ᠶᠢᠨ | ᠲᠠᠮᠢᠷ ᠤᠨ ᠪᠠᠭᠰᠢ ᠲᠣᠬᠢᠷᠠᠭᠤᠯᠣᠨ᠎ᠠ᠃ | 8. ᠣᠯᠠᠨ ᠲᠡᠰ ᠲᠠᠪᠬᠤᠷᠭ᠎ᠠ ᠣᠯᠠᠨ ᠬᠡᠯᠪᠡᠷᠢ ᠶᠢᠨ ᠰᠣᠷᠣᠬᠴᠢᠳ ᠤᠨ ᠪᠡᠶ᠎ᠡ ᠶᠢᠨ ᠲᠠᠮᠢᠷ ᠤᠨ | ᠣᠷᠣᠯᠲᠣᠭᠠᠨ ᠡᠷᠬᠢᠯᠡᠵᠦ᠂ ᠦᠷᠢᠰᠦᠯᠲᠦᠭᠡᠨ ᠤ ᠴᠢᠨᠠᠷᠲᠠᠢ ᠪᠠ ᠣᠯᠠᠨ ᠲᠦᠮᠡᠨᠴᠢ ᠴᠢᠨᠠᠷᠲᠠᠢ ᠪᠡᠶ᠎ᠡ ᠶᠢᠨ ᠲᠠᠮᠢᠷ ᠤᠨ | ᠬᠦᠲᠡᠯᠭᠡᠭᠡᠨ ᠢ ᠢᠲᠡᠪᠬᠢᠲᠡᠢ ᠦᠷᠨᠢᠬᠦᠯᠦᠨ᠎ᠡ᠃ ᠡᠯ᠎ᠡ ᠱᠠᠲᠣᠨ ᠤ ᠵᠠᠰᠠᠬ ᠤᠨ ᠣᠷᠲᠣᠨ ᠲᠣᠬᠲᠠᠬᠰᠠᠨ | ᠬᠤᠭᠤᠴᠠᠭ᠎ᠠ ᠲᠠᠢ ᠪᠠᠷ ᠶᠡᠷᠦᠩᠭᠡᠶᠢᠯᠡᠭᠰᠡᠨ ᠴᠢᠨᠠᠷᠲᠠᠢ ᠪᠣᠶᠣ ᠲᠣᠰᠬᠠᠢ ᠮᠡᠷᠭᠡᠵᠢᠯ ᠤᠨ ᠴᠢᠨᠠᠷᠲᠠᠢ ᠰᠣᠷᠣᠬᠴᠢᠳ ᠤᠨ | ᠪᠡᠶ᠎ᠡ ᠶᠢᠨ ᠲᠠᠮᠢᠷ ᠤᠨ ᠣᠷᠣᠯᠲᠣᠭᠠᠨ ᠢ ᠵᠣᠬᠢᠶᠠᠨ ᠪᠠᠶᠢᠭᠤᠯᠣᠨ᠎ᠠ᠃ ᠰᠣᠷᠭᠠᠭᠤᠯᠢ ᠨᠤᠭᠤᠳ ᠵᠢᠯ ᠪᠦᠷᠢ ᠬᠠᠪᠣᠷ ᠤᠨ | ᠣᠯᠠᠷᠢᠯ ᠪᠠ ᠨᠠᠮᠣᠷ ᠤᠨ ᠣᠯᠠᠷᠢᠯ ᠤᠨ ᠪᠡᠶ᠎ᠡ ᠶᠢᠨ ᠲᠠᠮᠢᠷ ᠤᠨ ᠣᠷᠣᠯᠲᠣᠭᠠᠨ ᠶᠠᠪᠣᠬᠲᠠᠭᠤᠯᠵᠦ᠂ ᠲᠣᠬᠠᠢ ᠶᠢᠨ | ᠭᠠᠵᠠᠷ ᠤᠨ ᠪᠠᠶᠢᠳᠠᠯ ᠳᠠᠭᠠᠨ ᠲᠣᠬᠢᠷᠠᠭᠤᠯᠣᠨ ᠠᠩᠬᠢ ᠪᠠᠷ ᠨᠢᠭᠡᠴᠡ ᠪᠣᠯᠭᠠᠨ ᠰᠣᠷᠣᠬᠴᠢᠳ ᠤᠨ ᠪᠡᠶ᠎ᠡ ᠶᠢᠨ | ᠲᠠᠮᠢᠷ ᠤᠨ ᠬᠦᠲᠡᠯᠭᠡᠭᠡᠨ ᠪᠠ ᠣᠷᠣᠯᠲᠣᠭᠠᠨ ᠢ ᠦᠷᠬᠦᠯᠵᠢ ᠦᠷᠨᠢᠬᠦᠯᠵᠦ᠂ ᠬᠦᠮᠦᠨ ᠪᠣᠯᠭᠠᠨ ᠪᠡᠶ᠎ᠡ ᠶᠢᠨ ᠲᠠᠮᠢᠷ ᠤᠨ | ᠲᠦᠷᠦᠯ ᠵᠦᠢᠯ ᠳᠤ ᠪᠠᠭ᠋ᠠᠲᠠᠢ᠂ ᠠᠩᠬᠢ ᠪᠦᠷᠢ ᠪᠡᠶ᠎ᠡ ᠶᠢᠨ ᠲᠠᠮᠢᠷ ᠤᠨ ᠬᠦᠲᠡᠯᠭᠡᠭᠡᠨ ᠲᠠᠢ᠂ ᠰᠣᠷᠭᠠᠭᠤᠯᠢ ᠨᠢᠭᠡᠪᠦᠷᠢ | ᠪᠡᠶ᠎ᠡ ᠶᠢᠨ ᠲᠠᠮᠢᠷ ᠤᠨ ᠣᠨᠴᠠᠯᠢᠬ ᠲᠠᠢ ᠪᠠᠶᠢᠬᠤ ᠶᠢ ᠪᠡᠶᠡᠯᠡᠬᠦᠯᠦᠨ᠎ᠡ᠃ ᠪᠡᠶ᠎ᠡ ᠶᠢᠨ ᠲᠠᠮᠢᠷ ᠤᠨ ᠣᠯᠠᠮᠵᠢᠯᠠᠯᠲᠣ ᠲᠦᠷᠦᠯ | ᠵᠦᠢᠯ ᠤᠨ ᠰᠣᠷᠭᠠᠭᠤᠯᠢ ᠪᠠ ᠲᠡᠭᠡᠲᠦ ᠵᠡᠷᠭᠡ ᠶᠢᠨ ᠰᠣᠷᠭᠠᠭᠤᠯᠢ ᠶᠢᠨ ᠦᠨᠳᠦᠷ ᠲᠦᠪᠰᠢᠨ ᠪᠦᠬᠦᠢ ᠲᠠᠮᠢᠷᠴᠢᠳ ᠤᠨ | ᠠᠩᠬᠢ ᠶᠢ ᠣᠯᠠᠮ ᠰᠠᠶᠢᠲᠤᠷ ᠡᠷᠬᠢᠯᠡᠵᠦ᠂ ᠲᠡᠬᠦᠨ ᠤ ᠣᠯᠠᠨ ᠲᠦᠮᠡᠨᠴᠢ ᠴᠢᠨᠠᠷᠲᠠᠢ ᠪᠡᠶ᠎ᠡ ᠶᠢᠨ ᠲᠠᠮᠢᠷ ᠲᠤ | ᠦᠵᠡᠬᠦᠯᠬᠦ ᠵᠢᠱᠢᠶ᠎ᠠ ᠦᠵᠡᠬᠦᠯᠬᠦ ᠲᠠᠶᠢᠴᠢᠯᠠᠨ ᠲᠠᠭᠠᠭᠤᠯᠬᠤ ᠦᠢᠯᠡᠲᠦᠯ ᠢ ᠬᠦᠢᠴᠡᠳ ᠪᠠᠲᠠᠷᠠᠭᠤᠯᠣᠨ᠎ᠠ᠃ ᠲᠡᠭᠡᠲᠦ | ᠵᠡᠷᠭᠡ ᠶᠢᠨ ᠰᠣᠷᠭᠠᠭᠤᠯᠢ ᠪᠣᠯᠣᠨ ᠦᠨᠳᠦᠷ ᠲᠣᠮᠲᠠᠲᠣ ᠶᠢᠨ ᠱᠠᠲᠣᠨ ᠳᠠᠬᠢ ᠰᠣᠷᠣᠬᠴᠢᠳ ᠤᠨ ᠴᠡᠷᠢᠭ ᠤᠨ | ᠰᠣᠷᠢᠯᠲᠠ ᠶᠢᠨ ᠲᠦᠷᠢᠮ ᠢ ᠲᠡᠬᠦᠯᠲᠡᠷᠵᠢᠬᠦᠯᠵᠦ᠂ ᠴᠡᠷᠢᠭ ᠤᠨ ᠰᠣᠷᠢᠯᠲᠠ ᠶᠢᠨ ᠠᠭᠤᠯᠭ᠎ᠠ ᠶᠢ ᠪᠠᠶᠠᠯᠢᠬᠵᠢᠭᠤᠯᠣᠨ ︽ | ᠪᠠᠭᠠᠴᠣᠳ ᠤᠨ ᠴᠡᠷᠢᠭ ᠤᠨ ᠰᠣᠷᠭᠠᠭᠤᠯᠢ︾ ᠶᠢᠨ ᠠᠵᠢᠯᠯᠠᠭ᠎ᠠ ᠦᠷᠨᠢᠬᠦᠯᠵᠦ ᠰᠣᠷᠣᠬᠴᠢᠳ ᠤᠨ ᠴᠡᠷᠢᠭ ᠤᠨ | ᠰᠣᠷᠭᠠᠭᠤᠯᠢ ᠶᠢᠨ ᠪᠡᠶ᠎ᠡ ᠮᠠᠬᠠᠪᠣᠳ ᠢᠶᠠᠨ ᠰᠠᠶᠢᠵᠢᠷᠠᠭᠤᠯᠬᠤ᠂ ᠡᠷᠴᠢ ᠵᠣᠷᠢᠬ ᠢᠶᠠᠨ ᠲᠠᠪᠲᠠᠬᠤ ᠵᠡᠷᠭᠡ ᠲᠠᠯ᠎ᠠ ᠶᠢᠨ | ᠦᠢᠯᠡᠲᠦᠯ ᠢ ᠪᠠᠲᠠᠷᠠᠭᠤᠯᠣᠨ᠎ᠠ᠃ ᠰᠣᠷᠣᠬᠴᠢᠳ ᠤᠨ ᠪᠡᠶ᠎ᠡ ᠶᠢᠨ ᠲᠠᠮᠢᠷ ᠤᠨ ᠬᠦᠲᠡᠯᠭᠡᠭᠡᠨ ᠤ ᠲᠣᠷ᠎ᠠ ᠰᠣᠨᠢᠷᠬᠠᠯ | ᠪᠣᠯᠣᠨ ᠣᠨᠴᠠᠯᠢᠬ ᠢ ᠬᠦᠭᠵᠢᠬᠦᠯᠬᠦ ᠶᠢ ᠴᠢᠬᠤᠯᠠᠴᠢᠯᠠᠨ᠂ ᠰᠣᠷᠣᠬᠴᠢ ᠨᠢᠭᠡᠪᠦᠷᠢ ᠳᠤ ᠬᠤᠶᠠᠷ ᠠᠴᠠ ᠲᠡᠭᠡᠭᠰᠢ | ᠲᠦᠷᠦᠯ ᠤᠨ ᠪᠡᠶ ᠡ ᠶᠢᠨ ᠲᠠᠮᠢᠷ ᠤᠨ ᠬᠦᠲᠡᠯᠭᠡᠭᠡᠨ ᠤ ᠮᠡᠷᠭᠡᠰᠢᠯ ᠡᠵᠡᠮᠰᠢᠬᠦᠯᠦᠨ᠎ᠡ᠃ | 9. ᠵᠠᠯᠠᠭᠤᠴᠣᠳ ᠪᠠᠭᠠᠴᠣᠳ ᠢ ᠬᠠᠪᠰᠣᠷᠣᠨ ᠰᠢᠨᠵᠢᠯᠡᠬᠦ ᠣᠬᠠᠭᠠᠨᠴᠢ ᠪᠠᠷ ᠨᠢᠲᠦ ᠪᠠᠨ ᠬᠡᠷᠡᠭᠯᠡᠬᠦ ᠮᠡᠲᠡᠯᠭᠡ | ᠪᠠ ᠠᠷᠭ᠎ᠠ ᠡᠵᠡᠮᠰᠢᠬᠦᠯᠵᠦ᠂ ᠵᠠᠯᠠᠭᠤᠴᠣᠳ ᠪᠠᠭᠠᠴᠣᠳ ᠤᠨ ᠣᠶᠢᠷ᠎ᠠ ᠬᠠᠷᠠᠯᠭᠠᠨ ᠤ ᠨᠣᠷᠮ᠎ᠠ ᠶᠢ ᠪᠠᠭᠤᠷᠠᠭᠤᠯᠣᠨ᠎ᠠ᠃ | ᠲᠣᠮᠲᠠᠲᠣ ᠪᠠᠭ᠎ᠠ ᠰᠣᠷᠭᠠᠭᠤᠯᠢ ᠶᠢᠨ ᠪᠠᠭᠰᠢ ᠪᠣᠯᠣᠨ ᠭᠡᠷ ᠤᠨ ᠠᠬᠠᠮᠠᠳ ᠰᠣᠷᠣᠬᠴᠢᠳ ᠤᠨ ᠨᠢᠲᠦ ᠪᠠᠨ ᠬᠡᠷᠡᠭᠯᠡᠬᠦ | ᠪᠠᠶᠢᠲᠠᠯ ᠢ ᠠᠩᠬᠠᠷᠴᠦ᠂ ᠡᠳᠦᠷ ᠪᠣᠯᠭᠠᠨ ᠤ ᠦᠲᠡ ᠶᠢᠨ ᠡᠮᠦᠨ᠎ᠡ ᠪᠠ ᠦᠲᠡ ᠶᠢᠨ ᠬᠤᠶᠢᠨ᠎ᠠ ᠰᠣᠷᠣᠬᠴᠢᠳ ᠢ | ᠵᠣᠬᠢᠶᠠᠨ ᠪᠠᠶᠢᠭᠤᠯᠣᠨ ᠨᠢᠲᠦ ᠪᠠᠨ ᠬᠠᠮᠠᠭᠠᠯᠠᠬᠤ ᠲᠠᠮᠢᠷ ᠬᠢᠬᠦ ᠶᠢ ᠪᠠᠷᠢᠮᠲᠠᠯᠠᠵᠦ᠂ ᠵᠦᠢ ᠪᠣᠰᠣ ᠣᠩᠰᠢᠯᠭ᠎ᠠ ᠪᠣᠯᠣᠨ | ᠦᠰᠦᠭ ᠪᠢᠴᠢᠬᠦ ᠠᠷᠭ᠎ᠠ ᠶᠢ ᠴᠠᠬ ᠲᠣᠬᠠᠢ ᠳᠤᠨᠢ ᠵᠠᠯᠠᠷᠠᠭᠤᠯᠵᠦ᠂ ᠣᠶᠢᠷ᠎ᠠ ᠵᠠᠢ ᠠᠴᠠ ᠨᠢᠲᠦ ᠪᠠᠨ ᠬᠡᠷᠡᠭᠯᠡᠬᠦ ᠴᠠᠬ ᠢ | ᠡᠵᠡᠮᠲᠡᠨᠡ᠃ ᠰᠣᠷᠭᠠᠭᠤᠯᠢ ᠨᠤᠭᠤᠳ ᠬᠤᠭᠤᠴᠠᠭ᠎ᠠ ᠪᠦᠷᠢ ᠰᠣᠷᠣᠬᠴᠢᠳ ᠤᠨ ᠬᠠᠷᠠᠭᠠᠨ ᠤ ᠪᠠᠶᠢᠲᠠᠯ ᠳᠤ ᠬᠤᠶᠠᠷ | ᠣᠲᠠᠭ᠎ᠠ ᠬᠢᠨᠡᠨ ᠬᠡᠮᠵᠢᠯᠲᠡ ᠬᠢᠨ᠎ᠡ᠃ ᠡᠯ᠎ᠡ ᠱᠠᠲᠣᠨ ᠤ ᠵᠠᠰᠠᠬ ᠤᠨ ᠣᠷᠲᠣᠨ ᠬᠦᠲᠡᠭᠡ ᠲᠣᠰᠬᠤᠨ ᠤ | ᠰᠣᠷᠭᠠᠭᠤᠯᠢ ᠶᠢᠨ ᠰᠣᠷᠭᠠᠭᠤᠯᠢ ᠡᠷᠬᠢᠯᠡᠬᠦ ᠨᠦᠬᠦᠴᠡᠯ ᠢ ᠰᠠᠶᠢᠵᠢᠷᠠᠭᠤᠯᠵᠦ᠂ ᠭᠡᠷᠡᠯᠲᠦᠬᠦᠯᠭᠡ᠂ ᠬᠢᠴᠢᠶᠡᠯ ᠤᠨ ᠰᠢᠷᠡᠭᠡ | ᠰᠠᠨᠲᠠᠯᠢ ᠶᠢᠨ ᠦᠨᠳᠦᠰᠦᠨ ᠪᠠᠷᠢᠮᠵᠢᠶ᠎ᠠ ᠳᠤ ᠬᠦᠷᠬᠦ ᠶᠢ ᠪᠠᠲᠣᠯᠠᠵᠦ᠂ ᠰᠣᠷᠣᠬᠴᠢᠳ ᠤᠨ ᠨᠢᠲᠦ ᠪᠠᠨ ᠬᠡᠷᠡᠭᠯᠡᠬᠦ | ᠡᠷᠡᠬᠦᠯ ᠬᠠᠮᠠᠭᠠᠯᠠᠯ ᠤᠨ ᠨᠦᠬᠦᠴᠡᠯ ᠢ ᠰᠠᠶᠢᠵᠢᠷᠠᠭᠤᠯᠣᠨ᠎ᠠ᠃ | 10. ᠵᠠᠯᠠᠭᠤᠴᠣᠳ ᠪᠠᠭᠠᠴᠣᠳ ᠤᠨ ᠣᠨᠲᠠᠵᠦ ᠠᠮᠠᠷᠠᠬᠤ ᠴᠠᠬ ᠢ ᠪᠠᠲᠣᠯᠠᠵᠦ᠂ ᠡᠷᠡᠬᠦᠯ ᠬᠠᠮᠠᠭᠠᠯᠠᠯ᠂ | ᠡᠷᠡᠬᠦᠯᠵᠢᠯ ᠪᠠ ᠰᠢᠮ᠎ᠡ ᠲᠡᠵᠢᠭᠡᠯ ᠤᠨ ᠲᠠᠯ᠎ᠠ ᠪᠠᠷ ᠬᠢ ᠵᠢᠯᠣᠭᠤᠲᠣᠯᠭ᠎ᠠ ᠪᠣᠯᠣᠨ ᠪᠠᠲᠣᠯᠠᠭ᠎ᠠ ᠪᠠᠨ ᠴᠢᠩᠭᠠᠳᠬᠠᠨ᠎ᠠ᠃ | ᠰᠢᠨᠵᠢᠯᠡᠬᠦ ᠣᠬᠠᠭᠠᠨᠴᠢ ᠲᠦᠷᠢᠮᠵᠢᠭᠰᠡᠨ ᠰᠣᠷᠣᠬᠴᠢᠳ ᠤᠨ ᠰᠣᠷᠣᠯᠴᠠᠵᠦ ᠠᠮᠠᠷᠠᠬᠤ ᠲᠦᠷᠢᠮ ᠢ ᠲᠣᠬᠲᠠᠭᠠᠨ | ᠬᠡᠷᠡᠭᠵᠢᠬᠦᠯᠵᠦ᠂ ᠪᠠᠭ᠎ᠠ ᠰᠣᠷᠭᠠᠭᠤᠯᠢ ᠶᠢᠨ ᠰᠣᠷᠣᠬᠴᠢᠳ ᠡᠳᠦᠷ ᠪᠦᠷᠢ 10 ᠴᠠᠬ ᠣᠨᠲᠠᠬᠤ᠂ ᠠᠩᠬ᠎ᠠ | ᠲᠣᠮᠲᠠᠲᠣ ᠶᠢᠨ ᠰᠣᠷᠣᠬᠴᠢᠳ ᠡᠳᠦᠷ ᠪᠦᠷᠢ 9 ᠴᠠᠬ ᠣᠨᠲᠠᠬᠤ᠂ ᠦᠨᠳᠦᠷ ᠲᠣᠮᠲᠠᠲᠣ ᠶᠢᠨ ᠰᠣᠷᠣᠬᠴᠢᠳ 8 ᠴᠠᠬ | ᠣᠨᠲᠠᠬᠤ ᠶᠢ ᠪᠠᠲᠣᠯᠠᠨ᠎ᠠ᠃ ᠡᠪᠡᠳᠴᠢᠨ ᠬᠢᠵᠢᠭ ᠢ ᠣᠷᠢᠳᠴᠢᠯᠡᠨ ᠰᠡᠷᠭᠡᠶᠢᠯᠡᠬᠦ᠂ ᠰᠢᠨᠵᠢᠯᠡᠬᠦ ᠣᠬᠠᠭᠠᠨᠴᠢ ᠰᠢᠮ᠎ᠡ | ᠲᠡᠵᠢᠭᠡᠯ ᠲᠠᠢ᠂ ᠡᠷᠡᠬᠦᠯ ᠬᠠᠮᠠᠭᠠᠯᠠᠯ ᠠᠮᠣᠷ ᠲᠦᠪᠰᠢᠨ᠂ ᠬᠤᠣᠷ᠎ᠠ ᠴᠠᠭᠠᠵᠠᠯᠠᠵᠦ ᠲᠡᠮᠡᠬᠢ ᠲᠠᠲᠠᠬᠤ ᠶᠢ | ᠬᠤᠷᠢᠬᠯᠠᠬᠰᠠᠨ ᠵᠡᠷᠭᠡ ᠵᠠᠯᠠᠭᠤᠴᠣᠳ ᠪᠠᠭᠠᠴᠣᠳ ᠤᠨ ᠡᠷᠡᠬᠦᠯ ᠮᠡᠨᠲᠦ ᠶᠢᠨ ᠰᠣᠷᠭᠠᠨ ᠬᠦᠮᠦᠵᠢᠯ ᠢ ᠢᠲᠡᠪᠬᠢᠲᠡᠢ | ᠦᠷᠨᠢᠬᠦᠯᠬᠦ ᠶᠢᠨ ᠬᠠᠮᠲᠣ ᠵᠠᠶᠢᠯᠠᠰᠢ ᠦᠭᠡᠢ ᠱᠠᠭᠠᠷᠲᠠᠬᠤ ᠡᠷᠡᠬᠦᠯ ᠴᠢᠬᠢᠷᠠᠬ ᠤᠨ ᠬᠦᠮᠦᠵᠢᠯ ᠤᠨ ᠴᠠᠬ ᠢ ᠪᠠᠲᠣᠯᠠᠨ᠎ᠠ᠃ | ᠰᠣᠷᠣᠬᠴᠢᠳ ᠤᠨ ᠡᠷᠡᠬᠦᠯ ᠮᠡᠨᠲᠦ ᠶᠢᠨ ᠪᠠᠶᠢᠴᠠᠭᠠᠯᠲᠠ ᠶᠢᠨ ᠲᠦᠷᠢᠮ ᠢ ᠪᠠᠶᠢᠭᠤᠯᠣᠨ ᠲᠡᠬᠦᠯᠲᠡᠷᠵᠢᠬᠦᠯᠵᠦ᠂ ᠵᠠᠯᠠᠭᠤ | ᠪᠠᠭ᠎ᠠ ᠰᠣᠷᠣᠬᠴᠢᠳ ᠲᠤ ᠵᠢᠯ ᠪᠦᠷᠢ ᠨᠢᠭᠡ ᠣᠲᠠᠭ᠎ᠠ ᠡᠷᠡᠬᠦᠯ ᠮᠡᠨᠲᠦ ᠶᠢᠨ ᠪᠠᠶᠢᠴᠠᠭᠠᠯᠲᠠ ᠬᠢᠨ᠎ᠡ᠃ ᠵᠠᠯᠠᠭᠤᠴᠣᠳ | ᠪᠠᠭᠠᠴᠣᠳ ᠤᠨ ᠰᠢᠮ᠎ᠡ ᠲᠡᠵᠢᠭᠡᠯ ᠬᠠᠮᠢᠶᠠᠷᠴᠦ ᠬᠢᠨᠠᠬᠤ ᠲᠣᠬᠲᠠᠴᠠ ᠶᠢ ᠪᠠᠶᠢᠭᠤᠯᠣᠨ ᠲᠡᠬᠦᠯᠲᠡᠷᠵᠢᠬᠦᠯᠵᠦ᠂ ᠬᠤᠲᠠ | ᠬᠦᠲᠡᠭᠡ ᠶᠢᠨ ᠵᠠᠯᠠᠭᠤᠴᠣᠳ ᠪᠠᠭᠠᠴᠣᠳ ᠵᠢᠴᠢ ᠲᠡᠬᠦᠨ ᠤ ᠭᠡᠷ ᠪᠦᠯᠢ ᠳᠤ ᠰᠢᠮ᠎ᠡ ᠲᠡᠵᠢᠭᠡᠯ ᠤᠨ | ᠵᠢᠯᠣᠭᠤᠲᠣᠯᠭ᠎ᠠ ᠪᠠᠨ ᠴᠢᠩᠭᠠᠳᠬᠠᠨ᠎ᠠ︔ ᠡᠳ᠋ ᠤᠨ ᠵᠠᠰᠠᠬ ᠠᠴᠠ ᠲᠡᠮᠵᠢᠬᠦ᠂ ᠠᠵᠢᠯᠴᠢ ᠠᠷᠪᠢᠴᠢ ᠪᠠᠷ ᠰᠣᠷᠣᠯᠭ᠎ᠠ | ᠲᠡᠳᠬᠦᠬᠦ᠂ ᠨᠡᠶᠢᠭᠡᠮ ᠠᠴᠠ ᠲᠣᠰᠠᠯᠠᠨ ᠲᠡᠮᠵᠢᠬᠦ ᠵᠡᠷᠭᠡ ᠬᠡᠯᠪᠡᠷᠢ ᠪᠠᠷ ᠬᠦᠲᠡᠭᠡ ᠲᠣᠰᠬᠤᠨ ᠤ ᠪᠠᠶᠢᠷᠢ ᠳᠤ ᠰᠠᠭᠤᠬᠤ | ᠲᠦᠷᠢᠮᠲᠦ ᠰᠣᠷᠭᠠᠭᠤᠯᠢ ᠶᠢᠨ ᠭᠡᠷ ᠪᠦᠯᠢ ᠶᠢᠨ ᠠᠮᠢᠲᠣᠷᠠᠯ ᠬᠦᠴᠢᠷᠲᠡᠯᠲᠡᠢ ᠰᠣᠷᠣᠬᠴᠢᠳ ᠤᠨ ᠬᠤᠭᠤᠯᠠᠨ ᠤ | ᠨᠦᠬᠦᠪᠦᠷᠢ ᠶᠢᠨ ᠪᠠᠷᠢᠮᠵᠢᠶ᠎ᠠ ᠶᠢ ᠲᠡᠭᠡᠭᠰᠢᠯᠡᠬᠦᠯᠵᠦ᠂ ᠡᠷᠭᠡᠪᠰᠢ ᠱᠠᠭᠠᠷᠲᠠᠬᠤ ᠰᠢᠮ᠎ᠡ ᠲᠡᠵᠢᠭᠡᠯ ᠤᠨ ᠱᠠᠭᠠᠷᠲᠠᠯᠭ᠎ᠠ ᠶᠢ | ᠪᠠᠲᠣᠯᠠᠨ᠎ᠠ᠃ ᠵᠠᠯᠠᠭᠤᠴᠣᠳ ᠪᠠᠭᠠᠴᠣᠳ ᠤᠨ ᠰᠢᠮ᠎ᠡ ᠲᠡᠵᠢᠭᠡᠯ ᠤᠨ ᠪᠠᠶᠢᠲᠠᠯ ᠢ ᠬᠢᠨᠡᠨ ᠬᠡᠮᠵᠢᠬᠦ ᠲᠣᠬᠲᠠᠴᠠ | ᠪᠠᠶᠢᠭᠤᠯᠣᠨ᠂ ᠵᠠᠯᠠᠭᠤᠴᠣᠳ ᠪᠠᠭᠠᠴᠣᠳ ᠤᠨ ᠢᠲᠡᠭᠡᠨ ᠡᠷᠡᠬᠦᠯ ᠬᠠᠮᠠᠭᠠᠯᠠᠯ ᠳᠤ ᠲᠤᠰᠬᠠᠢ ᠲᠦᠷᠦᠯ ᠤᠨ ᠬᠢᠨᠠᠯᠲᠠ | ᠲᠠᠯᠪᠢᠵᠦ ᠬᠠᠮᠢᠶᠠᠷᠬᠤ ᠪᠠᠨ ᠴᠢᠩᠭᠠᠳᠬᠠᠨ᠎ᠠ᠃ ᠰᠢᠨ᠎ᠡ ᠴᠠᠬ ᠬᠤᠭᠤᠴᠠᠭᠠᠨ ᠤ ᠵᠠᠯᠠᠭᠤᠴᠣᠳ ᠪᠠᠭᠠᠴᠣᠳ ᠤᠨ | ᠦᠰᠦᠯᠲᠡ ᠶᠢᠨ ᠣᠨᠴᠠᠯᠢᠬ ᠪᠣᠯᠣᠨ ᠰᠡᠳᠬᠢᠴᠡ ᠶᠢᠨ ᠣᠨᠴᠠᠯᠢᠬ ᠢ ᠦᠨᠳᠦᠰᠦᠯᠡᠵᠦ᠂ ᠰᠡᠳᠬᠢᠴᠡ ᠶᠢᠨ ᠡᠷᠡᠬᠦᠯ | ᠮᠡᠨᠲᠦ ᠶᠢᠨ ᠬᠦᠮᠦᠵᠢᠯ ᠢ ᠬᠠᠨᠲᠣᠯᠭᠠ ᠲᠠᠢ ᠪᠠᠷ ᠴᠢᠩᠭᠠᠳᠬᠠᠵᠦ᠂ ᠵᠠᠯᠠᠭᠤᠴᠣᠳ ᠪᠠᠭᠠᠴᠣᠳ ᠤᠨ ᠰᠡᠳᠬᠢᠴᠡ ᠶᠢᠨ | ᠡᠷᠡᠬᠦᠯ ᠮᠡᠨᠲᠦ ᠶᠢᠨ ᠬᠦᠮᠦᠵᠢᠯ᠂ ᠵᠢᠯᠣᠭᠤᠲᠣᠯᠭ᠎ᠠ ᠪᠠ ᠦᠢᠯᠡᠴᠢᠯᠡᠭᠡᠨ ᠤ ᠲᠣᠣᠷ ᠢ ᠠᠭᠠᠵᠢᠮ ᠢᠶᠠᠷ ᠪᠠᠶᠢᠭᠤᠯᠵᠦ | ᠲᠡᠬᠦᠯᠲᠡᠷᠵᠢᠬᠦᠯᠦᠨ᠎ᠡ᠃ | 11. ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠲᠦᠬᠦᠭᠡᠷᠦᠮᠵᠢ ᠶᠢᠨ ᠪᠠᠶᠢᠭᠤᠯᠣᠯᠲᠠ ᠶᠢ ᠴᠢᠩᠭᠠᠳᠬᠠᠨ᠎ᠠ᠃ | ᠡᠯ᠎ᠠ ᠱᠠᠲᠣᠨ ᠤ ᠵᠠᠰᠠᠬ ᠤᠨ ᠣᠷᠲᠣᠨ ︽ᠣᠯᠠᠨ ᠨᠡᠶᠢᠲᠡ ᠶᠢᠨ ᠰᠣᠶᠣᠯ ᠪᠡᠶ᠎ᠡ ᠶᠢᠨ ᠲᠠᠮᠢᠷ ᠤᠨ ᠲᠦᠬᠦᠭᠡᠷᠦᠮᠵᠢ ᠶᠢᠨ | ᠲᠦᠷᠢᠮ︾ ᠢ ᠨᠠᠷᠢᠨ ᠬᠢᠨᠠᠮᠠᠭᠠᠢ ᠨᠠᠶᠢᠲᠠᠪᠣᠷᠢᠵᠢᠭᠤᠯᠵᠦ᠂ ᠨᠢᠭᠡᠲᠦᠯᠲᠡᠢ ᠲᠦᠯᠦᠪᠵᠢᠬᠦᠯᠦᠨ ᠵᠣᠬᠢᠴᠠᠭᠤᠯᠵᠦ᠂ | ᠲᠣᠬᠠᠢ ᠶᠢᠨ ᠭᠠᠵᠠᠷ ᠤᠨ ᠪᠣᠲᠠᠲᠣ ᠪᠠᠶᠢᠲᠠᠯ ᠳᠠᠭᠠᠨ ᠵᠣᠬᠢᠴᠠᠭᠤᠯᠣᠨ᠂ ᠰᠣᠷᠭᠠᠭᠤᠯᠢ ᠶᠢᠨ ᠪᠡᠶ᠎ᠡ ᠶᠢᠨ ᠲᠠᠮᠢᠷ ᠤᠨ | ᠲᠦᠬᠦᠭᠡᠷᠦᠮᠵᠢ ᠣᠨᠴᠠᠭᠠᠶᠢᠢᠯᠠᠨ ᠪᠡᠶ᠎ᠡ ᠶᠢᠨ ᠲᠠᠮᠢᠷ ᠤᠨ ᠲᠠᠯᠠᠪᠣᠷ ᠤᠨ ᠪᠠᠶᠢᠭᠤᠯᠣᠯᠲᠠ ᠪᠠᠨ ᠴᠢᠩᠭᠠᠳᠬᠠᠨ᠎ᠠ᠃ | ᠬᠤᠲᠠ ᠪᠣᠯᠣᠨ ᠨᠡᠶᠢᠭᠡᠮ ᠲᠣᠭᠤᠷᠢᠬ ᠤᠨ ᠪᠦᠲᠦᠭᠡᠨ ᠪᠠᠶᠢᠭᠤᠯᠣᠯᠲᠠ ᠶᠢᠨ ᠲᠦᠯᠦᠪᠵᠢᠬᠦᠯᠭᠡ ᠳᠤ ᠵᠠᠯᠠᠭᠤᠴᠣᠳ | ᠪᠠᠭᠠᠴᠣᠳ ᠤᠨ ᠪᠡᠶ᠎ᠡ ᠶᠢᠨ ᠲᠠᠮᠢᠷ ᠪᠣᠯᠪᠠᠰᠣᠷᠠᠬᠤ ᠲᠦᠬᠦᠭᠡᠷᠦᠮᠵᠢ ᠶᠢᠨ ᠱᠠᠭᠠᠷᠲᠠᠯᠭ᠎ᠠ ᠶᠢ ᠬᠦᠢᠴᠡᠳ ᠪᠣᠲᠣᠯᠬᠢᠯᠠᠵᠦ᠂ | ᠲᠡᠲᠡᠨ ᠳᠤ ᠦᠨᠳᠦᠰᠦᠨ ᠲᠦᠬᠦᠭᠡᠷᠦᠮᠵᠢ ᠪᠠ ᠨᠦᠬᠦᠴᠡᠯ ᠬᠠᠩᠭᠠᠨ᠎ᠠ᠃ ᠣᠯᠠᠨ ᠨᠡᠶᠢᠲᠡ ᠶᠢᠨ ᠪᠡᠶ᠎ᠡ ᠶᠢᠨ ᠲᠠᠮᠢᠷ ᠤᠨ | ᠲᠦᠬᠦᠭᠡᠷᠦᠮᠵᠢ ᠪᠠᠶᠢᠭᠤᠯᠣᠯᠲᠠ ᠬᠢᠭᠡᠳ ᠰᠣᠷᠭᠠᠭᠤᠯᠢ ᠶᠢᠨ ᠪᠡᠶ ᠡ ᠶᠢᠨ ᠲᠠᠮᠢᠷ ᠤᠨ ᠲᠦᠬᠦᠭᠡᠷᠦᠮᠵᠢ ᠶᠢᠨ | ᠪᠠᠶᠢᠭᠤᠯᠣᠯᠲᠠ ᠶᠢ ᠨᠢᠭᠡᠲᠦᠯᠲᠡᠢ ᠪᠣᠲᠣᠯᠬᠢᠯᠠᠨ ᠶᠡᠷᠦᠩᠭᠡᠶᠢᠯᠡᠨ ᠠᠰᠢᠬᠯᠠᠬᠤ ᠬᠡᠷᠡᠭᠲᠡᠢ᠃ ︽ᠲᠠᠷᠢᠶᠠᠴᠢᠳ ᠤᠨ | ᠪᠡᠶ᠎ᠡ ᠶᠢᠨ ᠲᠠᠮᠢᠷ ᠪᠠᠶ᠎ᠠ ᠪᠣᠯᠪᠠᠰᠣᠷᠠᠬᠤ ᠢᠨᠵᠧᠨᠧᠷᠢᠩ︾ ᠬᠢᠭᠡᠳ ᠬᠦᠲᠡᠭᠡ ᠲᠣᠰᠬᠤᠨ ᠤ ᠲᠣᠮᠲᠠᠲᠣ ᠪᠠᠭ᠎ᠠ | ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠲᠦᠬᠦᠭᠡᠷᠦᠮᠵᠢ ᠶᠢᠨ ᠪᠠᠶᠢᠭᠤᠯᠣᠯᠲᠠ ᠶᠢ ᠣᠶᠠᠯᠲᠣᠭᠤᠯᠵᠦ᠂ ᠬᠦᠲᠡᠭᠡ | ᠲᠣᠰᠬᠤᠨ ᠤ ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠨᠦᠬᠦᠴᠡᠯ ᠢ ᠰᠠᠶᠢᠵᠢᠷᠠᠭᠤᠯᠣᠨ᠎ᠠ᠃ ᠣᠯᠠᠨ ᠨᠡᠶᠢᠲᠡ ᠶᠢᠨ | ᠪᠡᠶ᠎ᠡ ᠶᠢᠨ ᠲᠠᠮᠢᠷ ᠤᠨ ᠣᠷᠲᠣᠨ ᠲᠠᠯᠠᠪᠠᠢ ᠪᠠ ᠪᠡᠶ᠎ᠡ ᠶᠢᠨ ᠲᠠᠮᠢᠷ ᠤᠨ ᠬᠦᠲᠡᠯᠭᠡᠭᠡᠨ ᠤ ᠲᠦᠬᠦᠭᠡᠷᠦᠮᠵᠢ ᠶᠢ ᠰᠦᠢᠳᠭᠡᠯ | ᠬᠤᠷᠢᠶᠠᠬᠤ ᠦᠭᠡᠢ ᠪᠣᠶᠣ ᠬᠠᠷᠠᠭᠠᠯᠵᠠᠯ ᠤᠨ ᠦᠨ᠎ᠡ ᠪᠠᠷ ᠬᠠᠪᠢ ᠲᠦᠰᠦᠷ ᠤᠨ ᠰᠣᠷᠭᠠᠭᠤᠯᠢ ᠪᠣᠯᠣᠨ | ᠰᠣᠷᠣᠬᠴᠢᠳ ᠲᠤ ᠴᠢᠯᠦᠭᠡᠲᠡᠢ ᠨᠡᠭᠡᠭᠡᠵᠦ᠂ ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠣᠷᠲᠣᠨ ᠲᠠᠯᠠᠪᠠᠢ ᠨᠢ | ᠬᠢᠴᠢᠶᠡᠯ ᠤᠨ ᠵᠠᠪᠰᠠᠷᠯᠠᠭ᠎ᠠ ᠪᠠ ᠪᠠᠶᠠᠷ ᠲᠣᠷᠠᠰᠬᠠᠯ ᠤᠨ ᠡᠳᠦᠷ ᠲᠤ ᠰᠣᠷᠣᠬᠴᠢᠳ ᠲᠤ ᠴᠢᠯᠦᠭᠡᠲᠡᠢ ᠨᠡᠭᠡᠭᠡᠨ᠎ᠡ᠃ | 12. ᠪᠡᠶ᠎ᠡ ᠶᠢᠨ ᠲᠠᠮᠢᠷ ᠤᠨ ᠠᠮᠣᠷ ᠲᠦᠪᠰᠢᠨ ᠤ ᠬᠠᠮᠢᠶᠠᠷᠣᠯᠲᠠ ᠶᠢ ᠴᠢᠩᠭᠠᠳᠬᠠᠵᠦ᠂ ᠵᠠᠯᠠᠭᠤᠴᠣᠳ | ᠪᠠᠭᠠᠴᠣᠳ ᠤᠨ ᠰᠢᠨᠵᠢᠯᠡᠬᠦ ᠣᠬᠠᠭᠠᠨᠴᠢ ᠪᠠᠷ ᠪᠡᠶ᠎ᠡ ᠪᠣᠯᠪᠠᠰᠣᠷᠠᠬᠤ ᠶᠢ ᠵᠢᠯᠣᠭᠤᠲᠣᠨ᠎ᠠ᠃ ᠰᠣᠷᠭᠠᠭᠤᠯᠢ ᠠᠴᠠ | ᠪᠡᠶ᠎ᠡ ᠶᠢᠨ ᠲᠠᠮᠢᠷ ᠤᠨ ᠪᠠᠭᠰᠢ ᠨᠡᠷ ᠲᠤ ᠠᠮᠣᠷ ᠲᠦᠪᠰᠢᠨ ᠤ ᠮᠡᠲᠡᠯᠭᠡ ᠪᠣᠯᠣᠨ ᠮᠡᠷᠭᠡᠵᠢᠯ ᠤᠨ ᠪᠣᠯᠪᠠᠰᠣᠷᠠᠯ | ᠬᠦᠷᠲᠡᠭᠡᠵᠦ᠂ ᠰᠣᠷᠣᠬᠴᠢᠳ ᠤᠨ ᠠᠮᠣᠷ ᠲᠦᠪᠰᠢᠨ ᠤ ᠣᠬᠠᠮᠰᠠᠷ ᠤᠨ ᠬᠦᠮᠦᠵᠢᠯ ᠢ ᠴᠢᠩᠭᠠᠳᠬᠠᠨ᠎ᠠ᠃ ᠪᠡᠶ᠎ᠡ ᠶᠢᠨ | ᠲᠠᠮᠢᠷ ᠤᠨ ᠣᠷᠲᠣᠨ ᠲᠠᠯᠠᠪᠠᠢ᠂ ᠲᠦᠬᠦᠭᠡᠷᠦᠮᠵᠢ ᠶᠢᠨ ᠬᠠᠮᠠᠭᠠᠯᠠᠯᠲᠠ ᠬᠠᠮᠢᠶᠠᠷᠣᠯᠲᠠ ᠶᠢ ᠴᠢᠩᠭᠠᠳᠬᠠᠵᠦ᠂ ᠡᠶᠦᠯᠬᠦᠢ | ᠡᠷᠬᠢᠯᠲᠡ ᠶᠢ ᠪᠠᠲᠣᠯᠠᠨ᠎ᠠ᠃ ᠰᠣᠷᠭᠠᠭᠤᠯᠢ ᠶᠢᠨ ᠪᠡᠶ᠎ᠡ ᠶᠢᠨ ᠲᠠᠮᠢᠷ ᠪᠣᠯᠣᠨ ᠵᠠᠯᠠᠭᠤᠴᠣᠳ ᠪᠠᠭᠠᠴᠣᠳ ᠤᠨ | ᠰᠣᠷᠭᠠᠭᠤᠯᠢ ᠶᠢᠨ ᠭᠠᠲᠠᠨᠠᠬᠢ ᠪᠡᠶ᠎ᠡ ᠶᠢᠨ ᠲᠠᠮᠢᠷ ᠤᠨ ᠬᠦᠲᠡᠯᠭᠡᠭᠡᠨ ᠤ ᠠᠮᠣᠷ ᠲᠦᠪᠰᠢᠨ ᠤ ᠬᠠᠮᠢᠶᠠᠷᠣᠯᠲᠠ ᠶᠢᠨ | ᠲᠦᠷᠢᠮ ᠢ ᠲᠡᠬᠦᠯᠲᠡᠷᠵᠢᠬᠦᠯᠵᠦ᠂ ᠠᠮᠣᠷ ᠲᠦᠪᠰᠢᠨ ᠤ ᠬᠠᠷᠢᠭᠤᠴᠠᠯᠭ᠎ᠠ ᠶᠢ ᠲᠣᠲᠣᠷᠬᠠᠶᠢᠯᠠᠨ᠂ ᠠᠮᠣᠷ ᠲᠦᠪᠰᠢᠨ ᠤ | ᠠᠷᠭ᠎ᠠ ᠬᠡᠮᠵᠢᠶ᠎ᠡ ᠶᠢ ᠲᠡᠬᠦᠯᠲᠡᠷᠵᠢᠬᠦᠯᠦᠨ᠎ᠡ᠃ ᠵᠠᠯᠠᠭᠤᠴᠣᠳ ᠪᠠᠭᠠᠴᠣᠳ ᠤᠨ ᠣᠨᠴᠠᠯᠢᠬ ᠲᠤ ᠴᠢᠭᠯᠡᠬᠦᠯᠦᠨ ᠲᠣᠮᠣ | ᠬᠡᠯᠪᠡᠷᠢ ᠶᠢᠨ ᠪᠡᠶ᠎ᠡ ᠶᠢᠨ ᠲᠠᠮᠢᠷ ᠤᠨ ᠬᠦᠲᠡᠯᠭᠡᠭᠡᠨ ᠤ ᠬᠠᠮᠢᠶᠠᠷᠣᠯᠲᠠ ᠶᠢ ᠴᠢᠩᠭᠠᠳᠬᠠᠵᠦ᠂ ᠪᠠᠴᠢᠮ ᠠᠷᠭᠠᠴᠠᠬᠤ | ᠲᠦᠰᠦᠯ ᠢ ᠰᠠᠶᠢᠲᠣᠷ ᠬᠢᠵᠦ᠂ ᠣᠯᠠᠨ ᠲᠦᠮᠡᠨᠴᠢ ᠴᠢᠨᠠᠷᠲᠠᠢ ᠠᠮᠣᠷ ᠲᠦᠪᠰᠢᠨ ᠤ ᠬᠡᠷᠡᠭ ᠡᠬᠦᠰᠬᠦ ᠠᠴᠠ | ᠰᠡᠷᠭᠡᠶᠢᠯᠡᠨ᠎ᠡ᠃ ᠰᠣᠷᠭᠠᠭᠤᠯᠢ ᠪᠣᠯᠭᠠᠨ ᠰᠣᠷᠭᠠᠭᠤᠯᠢ ᠶᠢᠨ ᠬᠦᠷᠢᠶᠡᠨ ᠤ ᠬᠡᠨᠡᠳᠲᠡ ᠶᠢᠨ ᠬᠡᠮᠲᠦᠯ ᠰᠢᠷᠬᠠᠲᠣᠯ ᠤᠨ | ᠬᠡᠷᠡᠭ ᠢ ᠪᠠᠴᠢᠮ ᠠᠷᠭᠠᠴᠠᠬᠤ ᠬᠠᠮᠢᠶᠠᠷᠣᠯᠲᠠ ᠶᠢᠨ ᠲᠣᠬᠲᠠᠴᠠ ᠶᠢ ᠪᠠᠶᠢᠭᠤᠯᠣᠨ᠎ᠠ᠃ ᠵᠠᠯᠠᠭᠤᠴᠣᠳ ᠪᠠᠭᠠᠴᠣᠳ ᠤᠨ | ᠬᠡᠨᠡᠳᠲᠡ ᠶᠢᠨ ᠬᠡᠮᠲᠦᠯ ᠰᠢᠷᠬᠠᠲᠣᠯ ᠤᠨ ᠲᠠᠭᠠᠳᠬᠠᠯ ᠤᠨ ᠲᠦᠷᠢᠮ ᠢ ᠪᠠᠶᠢᠭᠤᠯᠣᠨ ᠲᠡᠬᠦᠯᠲᠡᠷᠵᠢᠬᠦᠯᠵᠦ᠂ ᠵᠠᠰᠠᠬ ᠤᠨ | ᠣᠷᠲᠣᠨ ᠠᠴᠠ ᠭᠡᠨᠡᠳᠲᠡ ᠶᠢᠨ ᠬᠡᠮᠲᠦᠯ ᠰᠢᠷᠬᠠᠲᠣᠯ ᠤᠨ ᠰᠣᠷᠭᠠᠭᠤᠯᠢ ᠶᠢᠨ ᠲᠠᠯ᠎ᠠ ᠶᠢᠨ ᠬᠠᠷᠢᠭᠤᠴᠠᠯᠭ᠎ᠠ ᠶᠢᠨ | ᠲᠠᠭᠠᠳᠬᠠᠯ ᠢ ᠬᠤᠲᠠᠯᠲᠣᠨ ᠠᠪᠬᠤ ᠠᠷᠭ᠎ᠠ ᠶᠢ ᠲᠡᠯᠭᠡᠷᠡᠬᠦᠯᠵᠦ᠂ ᠪᠣᠲᠠᠲᠠᠢ ᠬᠡᠷᠡᠭᠵᠢᠬᠦᠯᠬᠦ ᠨᠠᠷᠢᠨ ᠠᠷᠭ᠎ᠠ ᠶᠢ ᠡᠳ᠋ ᠤᠨ | ᠵᠠᠰᠠᠬ ᠤᠨ ᠬᠡᠯᠲᠡᠰ᠂ ᠲᠠᠭᠠᠳᠬᠠᠯ ᠤᠨ ᠦᠢᠯᠡᠰ ᠤᠨ ᠬᠢᠨᠠᠯᠲᠠ ᠲᠠᠯᠪᠢᠬᠤ ᠬᠤᠷᠠᠯ ᠪᠣᠯᠣᠨ ᠰᠣᠷᠭᠠᠨ ᠬᠦᠮᠦᠵᠢᠯ ᠤᠨ | ᠶᠠᠮᠣᠨ ᠰᠣᠲᠣᠯᠣᠨ ᠲᠣᠬᠲᠠᠭᠠᠨ᠎ᠠ᠃ ᠪᠡᠶ᠎ᠡ ᠶᠢᠨ ᠲᠠᠮᠢᠷ ᠤᠨ ᠰᠢᠨᠵᠢᠯᠡᠬᠦ ᠣᠬᠠᠭᠠᠨ ᠤ ᠰᠣᠲᠣᠯᠭᠠᠨ ᠢ ᠴᠢᠩᠭᠠᠳᠬᠠᠵᠦ᠂ | ᠵᠠᠯᠠᠭᠤᠴᠣᠳ ᠪᠠᠭᠠᠴᠣᠳ ᠤᠨ ᠣᠨᠴᠠᠯᠢᠬ ᠲᠤ ᠵᠣᠬᠢᠴᠠᠬᠤ ᠪᠣᠯᠪᠠᠰᠣᠷᠠᠯ ᠤᠨ ᠲᠦᠷᠦᠯ ᠵᠦᠢᠯ ᠪᠣᠯᠣᠨ ᠪᠡᠶ᠎ᠡ | ᠴᠢᠬᠢᠷᠠᠬᠵᠢᠭᠤᠯᠬᠤ ᠠᠷᠭ᠎ᠠ ᠶᠢ ᠢᠲᠡᠪᠬᠢᠲᠡᠢ ᠰᠣᠲᠣᠯᠣᠨ ᠨᠡᠭᠡᠭᠡᠵᠦ᠂ ᠨᠡᠶᠢᠭᠡᠮ ᠤᠨ ᠪᠡᠶ᠎ᠡ ᠶᠢᠨ ᠲᠠᠮᠢᠷ ᠤᠨ | ᠵᠢᠯᠣᠭᠤᠲᠣᠬᠴᠢ ᠶᠢᠨ ᠡᠩᠨᠡᠭᠡ ᠶᠢᠨ ᠪᠠᠶᠢᠭᠤᠯᠣᠯᠲᠠ ᠶᠢ ᠴᠢᠩᠭᠠᠳᠬᠠᠵᠦ᠂ ᠵᠠᠯᠠᠭᠤᠴᠣᠳ ᠪᠠᠭᠠᠴᠣᠳ ᠤᠨ ᠪᠡᠶ ᠡ ᠶᠢᠨ | ᠲᠠᠮᠢᠷ ᠪᠣᠯᠪᠠᠰᠣᠷᠠᠬᠤ ᠳᠤ ᠰᠢᠨᠵᠢᠯᠡᠬᠦ ᠣᠬᠠᠭᠠᠨᠴᠢ ᠵᠢᠯᠣᠭᠤᠲᠣᠯᠭ᠎ᠠ ᠬᠠᠩᠭᠠᠨ᠎ᠠ᠃ | ᠭᠤᠷᠪᠠ᠂ ᠣᠲᠣᠷᠢᠲᠣᠯᠭ᠎ᠠ ᠪᠠᠨ ᠴᠢᠩᠭᠠᠳᠬᠠᠵᠦ᠂ ᠬᠠᠮᠢᠶᠠᠷᠣᠯᠲᠠ ᠪᠠᠨ ᠴᠢᠩᠭᠠᠷᠠᠭᠤᠯᠵᠦ᠂ ᠪᠦᠬᠦ | ᠨᠡᠶᠢᠭᠡᠮ ᠢᠶᠠᠷ ᠢᠶᠠᠨ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠠᠵᠢᠯ ᠢ ᠲᠡᠳᠬᠦᠬᠦ ᠬᠠᠮᠲᠣᠯ ᠬᠦᠴᠦᠨ ᠢ | ᠪᠦᠷᠢᠯᠲᠦᠬᠦᠯᠦᠨ᠎ᠡ᠃ | 13. ᠡᠯ᠎ᠠ ᠱᠠᠲᠣᠨ ᠤ ᠨᠠᠮ ᠤᠨ ᠬᠤᠷᠢᠶ᠎ᠠ ᠵᠠᠰᠠᠬ ᠤᠨ ᠣᠷᠲᠣᠨ ᠵᠠᠯᠠᠭᠤᠴᠣᠳ ᠪᠠᠭᠠᠴᠣᠳ ᠤᠨ ᠪᠡᠶ᠎ᠡ ᠶᠢᠨ | ᠲᠠᠮᠢᠷ ᠤᠨ ᠠᠵᠢᠯ ᠢ ᠴᠢᠩᠭᠠᠳᠬᠠᠬᠤ ᠶᠢ ᠴᠢᠬᠤᠯᠠ ᠵᠦᠪᠯᠡᠬᠦ ᠵᠦᠢᠯ ᠳᠡᠭᠡᠨ ᠣᠷᠣᠭᠤᠯᠵᠦ᠂ ᠠᠵᠦ ᠠᠬᠤᠢ | ᠨᠡᠶᠢᠭᠡᠮ ᠤᠨ ᠬᠦᠭᠵᠢᠯᠲᠡ ᠶᠢᠨ ᠲᠦᠯᠦᠪᠵᠢᠬᠦᠯᠭᠡ ᠳᠤ ᠪᠠᠭᠲᠠᠭᠠᠨ᠎ᠠ᠃ ᠪᠡᠶ᠎ᠡ ᠶᠢᠨ ᠲᠠᠮᠢᠷ ᠤᠨ ᠦᠢᠯᠡᠰ | ᠣᠨᠴᠠᠭᠠᠶᠢᠯᠠᠨ ᠲᠣᠮᠲᠠᠲᠣ ᠪᠠᠭ᠎ᠠ ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠲᠦᠬᠦᠭᠡᠷᠦᠮᠵᠢ ᠶᠢᠨ ᠪᠡᠯᠡ | ᠣᠷᠣᠭᠤᠯᠣᠯᠲᠠ ᠪᠠᠨ ᠨᠡᠮᠡᠭᠲᠡᠬᠦᠯᠵᠦ᠂ ᠰᠣᠷᠭᠠᠭᠤᠯᠢ ᠶᠢᠨ ᠵᠢᠭᠠᠨ ᠰᠣᠷᠭᠠᠬᠤ ᠶᠠᠰᠣ ᠴᠢᠨᠠᠷ ᠢ ᠣᠨᠣᠪᠴᠢᠲᠠᠢ ᠰᠢᠯᠭᠠᠨ | ᠦᠨᠡᠯᠡᠵᠦ᠂ ᠰᠣᠷᠭᠠᠭᠤᠯᠢ ᠶᠢᠨ ᠬᠡᠪ ᠴᠢᠨᠠᠷ ᠤᠨ ᠰᠣᠷᠭᠠᠨ ᠬᠦᠮᠦᠵᠢᠯ ᠬᠡᠷᠡᠭᠵᠢᠬᠦᠯᠬᠦ᠂ ᠰᠣᠷᠣᠬᠴᠢᠳ ᠤᠨ ᠪᠦᠬᠦ | ᠲᠠᠯ᠎ᠠ ᠶᠢᠨ ᠬᠦᠭᠵᠢᠯᠲᠡ ᠶᠢ ᠠᠬᠢᠭᠤᠯᠬᠤ ᠳᠤ ᠰᠠᠶᠢᠨ ᠰᠠᠶᠢᠬᠠᠨ ᠨᠦᠬᠦᠴᠡᠯ ᠪᠦᠷᠢᠯᠲᠦᠬᠦᠯᠦᠨ᠎ᠡ᠃ ᠨᠠᠮ ᠤᠨ ᠬᠤᠷᠢᠶ᠎ᠠ | ᠵᠠᠰᠠᠬ ᠤᠨ ᠣᠷᠲᠣᠨ ᠤ ᠣᠲᠣᠷᠢᠲᠣᠯᠭ᠎ᠠ ᠲᠣᠣᠷᠠᠬᠢ ᠰᠣᠷᠭᠠᠨ ᠬᠦᠮᠦᠵᠢᠯ᠂ ᠪᠡᠶ᠎ᠡ ᠶᠢᠨ ᠲᠠᠮᠢᠷ᠂ ᠡᠷᠡᠬᠦᠯ | ᠬᠠᠮᠠᠭᠠᠯᠠᠯ ᠤᠨ ᠰᠠᠯᠠᠭ᠎ᠠ ᠮᠦᠴᠢᠷ ᠪᠣᠯᠣᠨ ᠡᠪ ᠬᠠᠮᠲᠣ ᠵᠠᠯᠠᠭᠤᠴᠣᠳ ᠤᠨ ᠵᠣᠬᠢᠶᠠᠨ ᠪᠠᠶᠢᠭᠤᠯᠣᠯᠲᠠ ᠵᠡᠷᠭᠡ | ᠬᠠᠮᠲᠤᠪᠡᠷ ᠤᠷᠤᠯᠴᠠᠭᠰᠠᠨ ᠬᠤᠯᠪᠣᠭᠠᠲᠣ ᠬᠤᠷᠠᠯ ᠤᠨ ᠲᠦᠷᠢᠮ ᠢ ᠪᠠᠶᠢᠭᠤᠯᠵᠦ᠂ ᠵᠠᠯᠠᠭᠤᠴᠣᠳ ᠪᠠᠭᠠᠴᠣᠳ ᠤᠨ | ᠪᠡᠶ᠎ᠡ ᠶᠢᠨ ᠲᠠᠮᠢᠷ ᠤᠨ ᠠᠵᠢᠯ ᠲᠣᠮᠲᠠ ᠲᠣᠬᠢᠶᠠᠯᠲᠣᠬᠰᠠᠨ ᠴᠢᠬᠤᠯᠠ ᠠᠰᠠᠭᠤᠲᠠᠯ ᠢ ᠨᠢᠭᠡᠲᠦᠯᠲᠡᠢ ᠲᠦᠯᠦᠪᠵᠢᠬᠦᠯᠦᠨ | ᠵᠣᠬᠢᠴᠠᠭᠤᠯᠣᠨ᠎ᠠ᠃ | 14. ᠡᠯ᠎ᠡ ᠱᠠᠲᠣᠨ ᠤ ᠵᠠᠰᠠᠬ ᠤᠨ ᠣᠷᠲᠣᠨ ᠪᠠ ᠰᠣᠷᠭᠠᠨ ᠬᠦᠮᠦᠵᠢᠯ ᠤᠨ ᠰᠠᠯᠠᠭ᠎ᠠ ᠮᠦᠴᠢᠷ | ᠰᠣᠷᠭᠠᠭᠤᠯᠢ ᠶᠢᠨ ᠪᠡᠶ᠎ᠡ ᠶᠢᠨ ᠲᠠᠮᠢᠷ ᠲᠤ ᠬᠢᠨᠠᠯᠲᠠ ᠲᠠᠯᠪᠢᠵᠦ ᠪᠠᠶᠢᠴᠠᠭᠠᠬᠤ ᠪᠠᠨ ᠴᠢᠩᠭᠠᠳᠬᠠᠨ᠎ᠠ᠃ | ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠲᠣᠰᠬᠠᠢ ᠲᠦᠷᠦᠯ ᠤᠨ ᠬᠢᠨᠠᠯᠲᠠ ᠲᠠᠯᠪᠢᠬᠤ ᠲᠦᠷᠢᠮ ᠪᠠᠶᠢᠭᠤᠯᠵᠦ᠂ | ᠬᠢᠨᠠᠯᠲᠠ ᠲᠠᠯᠪᠢᠬᠰᠠᠨ ᠳ᠋ᠦᠩ ᠢ ᠢᠯᠡ ᠵᠠᠷᠯᠠᠬᠤ ᠲᠦᠷᠢᠮ ᠬᠡᠷᠡᠭᠵᠢᠬᠦᠯᠦᠨ᠎ᠡ᠃ ᠰᠣᠷᠣᠬᠴᠢᠳ ᠤᠨ ᠪᠡᠶ᠎ᠡ | ᠮᠠᠬᠠᠪᠣᠳ ᠤᠨ ᠡᠷᠡᠬᠦᠯ ᠮᠡᠨᠲᠦ ᠶᠢ ᠬᠢᠨᠠᠨ ᠬᠡᠮᠵᠢᠬᠦ ᠲᠦᠷᠢᠮ ᠢ ᠲᠡᠬᠦᠯᠲᠡᠷᠵᠢᠬᠦᠯᠦᠨ᠂ ᠲᠣᠬᠲᠠᠭᠠᠬᠰᠠᠨ | ᠬᠤᠭᠤᠴᠠᠭᠠᠨ ᠳᠤ ᠬᠢᠨᠡᠨ ᠬᠡᠮᠵᠢᠬᠦ ᠶᠢᠨ ᠬᠠᠮᠲᠣ ᠰᠣᠷᠣᠬᠴᠢᠳ ᠤᠨ ᠪᠡᠶ᠎ᠡ ᠮᠠᠬᠠᠪᠣᠳ ᠤᠨ ᠡᠷᠡᠬᠦᠯ ᠮᠡᠨᠲᠦ ᠶᠢᠨ | ᠪᠠᠶᠢᠲᠠᠯ ᠢ ᠢᠯᠡ ᠵᠠᠷᠯᠠᠨ᠎ᠠ᠃ ᠪᠡᠶ᠎ᠡ ᠶᠢᠨ ᠲᠠᠮᠢᠷ ᠤᠨ ᠠᠵᠢᠯ ᠪᠠ ᠰᠣᠷᠣᠬᠴᠢᠳ ᠤᠨ ᠪᠡᠶ᠎ᠡ ᠮᠠᠬᠠᠪᠣᠳ ᠤᠨ ᠡᠷᠡᠬᠦᠯ | ᠮᠡᠨᠲᠦ ᠶᠢᠨ ᠪᠠᠶᠢᠲᠠᠯ ᠤᠨ ᠰᠣᠷᠭᠠᠨ ᠬᠦᠮᠦᠵᠢᠯ ᠤᠨ ᠬᠢᠨᠡᠯᠲᠡ ᠲᠠᠯᠪᠢᠬᠤ᠂ ᠰᠢᠯᠭᠠᠨ ᠦᠨᠡᠯᠡᠬᠦ ᠵᠢᠭᠠᠯᠲᠠ | ᠲᠤᠭ᠎ᠠ ᠳᠠᠬᠢ ᠬᠠᠷᠢᠴᠠᠯ ᠢ ᠨᠡᠮᠡᠭᠲᠡᠬᠦᠯᠬᠦ ᠶᠢᠨ ᠬᠠᠮᠲᠣ ᠰᠢᠯᠭᠠᠨ ᠦᠨᠡᠯᠡᠬᠦ ᠭᠠᠵᠠᠷ ᠣᠷᠣᠨ ᠪᠣᠯᠣᠨ ᠰᠣᠷᠭᠠᠭᠤᠯᠢ ᠶᠢᠨ | ᠠᠵᠢᠯ ᠤᠨ ᠴᠢᠬᠤᠯᠠ ᠦᠨᠳᠦᠰᠦᠯᠡᠯ ᠪᠣᠯᠭᠠᠨ᠎ᠠ᠃ ᠦᠷ᠎ᠡ ᠪᠦᠲᠦᠮᠵᠢ ᠲᠣᠪᠣᠶᠢᠮ᠎ᠠ ᠭᠠᠵᠠᠷ ᠣᠷᠣᠨ᠂ ᠰᠠᠯᠠᠭ᠎ᠠ | ᠮᠦᠴᠢᠷ᠂ ᠰᠣᠷᠭᠠᠭᠤᠯᠢ ᠪᠣᠯᠣᠨ ᠬᠤᠪᠢ ᠬᠦᠮᠦᠨ ᠢ ᠬᠦᠬᠢᠬᠦᠯᠦᠨ ᠱᠠᠩᠨᠠᠨ᠎ᠠ᠃ ᠵᠠᠯᠠᠭᠤᠴᠣᠳ ᠪᠠᠭᠠᠴᠣᠳ ᠤᠨ ᠪᠡᠶ᠎ᠡ | ᠮᠠᠬᠠᠪᠣᠳ ᠤᠨ ᠡᠷᠡᠬᠦᠯ ᠮᠡᠨᠲᠦ ᠶᠢᠨ ᠲᠦᠪᠰᠢᠨ ᠦᠷᠬᠦᠯᠵᠢᠯᠡᠨ ᠪᠠᠭᠤᠷᠠᠬᠰᠠᠨ ᠭᠠᠵᠠᠷ ᠣᠷᠣᠨ ᠪᠣᠯᠣᠨ | ᠰᠣᠷᠭᠠᠭᠤᠯᠢ ᠶᠢ ᠬᠢᠷᠢ ᠲᠡᠩᠴᠡᠭᠰᠡᠨ ᠰᠢᠯᠭᠠᠨ ᠦᠨᠡᠯᠡᠯᠲᠡ ᠪᠠ ᠰᠢᠯᠢᠲᠡᠭ ᠲᠡᠷᠢᠬᠦᠨ ᠤ ᠰᠢᠯᠭᠠᠷᠠᠭᠤᠯᠤᠯᠳᠠ ᠲᠡᠭᠡᠷ᠎ᠡ | ᠨᠢᠭᠡᠯᠭᠡᠨ ᠦᠭᠡᠶᠢᠰᠭᠡᠬᠦ ᠪᠢᠯᠧᠲ ᠢᠶᠠᠷ ᠰᠶᠢᠳᠪᠤᠷᠢᠯᠡᠨᠠ᠃ | 15. ᠣᠯᠣᠰ ᠤᠨ ᠰᠣᠷᠭᠠᠭᠤᠯᠢ ᠶᠢᠨ ᠪᠡᠶ᠎ᠡ ᠶᠢᠨ ᠲᠠᠮᠢᠷ ᠡᠷᠡᠬᠦᠯ ᠬᠠᠮᠠᠭᠠᠯᠠᠯ ᠤᠨ ᠨᠦᠬᠦᠴᠡᠯ ᠤᠨ ᠦᠨᠳᠦᠰᠦᠨ | ᠪᠠᠷᠢᠮᠵᠢᠶ᠎ᠠ ᠶᠢ ᠲᠣᠬᠲᠠᠭᠠᠵᠦ᠂ ᠬᠠᠣᠯᠢ ᠬᠡᠷᠡᠭᠵᠢᠬᠦᠯᠵᠦ ᠬᠢᠨᠠᠯᠲᠠ ᠲᠠᠯᠪᠢᠬᠤ ᠬᠦᠴᠦᠯᠡᠴᠡ ᠪᠠᠨ ᠴᠢᠩᠭᠠᠳᠬᠠᠨ᠎ᠠ᠃ | ᠣᠯᠣᠰ ᠤᠨ ᠰᠣᠷᠭᠠᠭᠤᠯᠢ ᠶᠢᠨ ᠪᠡᠶ᠎ᠡ ᠶᠢᠨ ᠲᠠᠮᠢᠷ ᠡᠷᠡᠬᠦᠯ ᠬᠠᠮᠠᠭᠠᠯᠠᠯ ᠤᠨ ᠨᠦᠬᠦᠴᠡᠯ ᠤᠨ ᠦᠨᠳᠦᠰᠦᠨ | ᠪᠠᠷᠢᠮᠵᠢᠶ᠎ᠠ ᠪᠠᠷ ᠲᠠᠮᠵᠢᠭᠤᠯᠣᠨ᠂ ᠣᠯᠣᠰ ᠠᠴᠠ ᠡᠯ᠎ᠡ ᠱᠠᠲᠣᠨ ᠤ ᠡᠯ᠎ᠡ ᠲᠦᠷᠦᠯ ᠤᠨ ᠰᠣᠷᠭᠠᠭᠤᠯᠢ ᠶᠢᠨ ᠪᠡᠶ᠎ᠡ ᠶᠢᠨ | ᠲᠠᠮᠢᠷ ᠤᠨ ᠲᠠᠯᠠᠪᠣᠷ᠂ ᠪᠠᠭᠠᠵᠢ ᠲᠦᠬᠦᠭᠡᠷᠦᠮᠵᠢ᠂ ᠡᠷᠡᠬᠦᠯ ᠬᠠᠮᠠᠭᠠᠯᠠᠯ ᠤᠨ ᠨᠦᠬᠦᠴᠡᠯ ᠪᠣᠯᠣᠨ ᠪᠠᠭᠰᠢ ᠶᠢᠨ | ᠡᠩᠨᠡᠭᠡ ᠶᠢᠨ ᠲᠣᠬᠠᠢ ᠦᠨᠳᠦᠰᠦᠨ ᠱᠠᠭᠠᠷᠲᠠᠯᠭ᠎ᠠ ᠶᠢ ᠣᠯᠠᠮ ᠨᠢᠭᠡ ᠠᠯᠬᠤᠮ ᠲᠣᠲᠣᠷᠬᠠᠶᠢᠯᠠᠨ᠎ᠠ᠃ ᠡᠯ᠎ᠡ ᠱᠠᠲᠣᠨ ᠤ | ᠵᠠᠰᠠᠬ ᠤᠨ ᠣᠷᠲᠣᠨ ᠠᠯᠪᠠᠨ ᠵᠢᠷᠣᠮ ᠤᠨ ᠰᠣᠷᠭᠠᠨ ᠬᠦᠮᠦᠵᠢᠯ ᠤᠨ ᠬᠠᠣᠯᠢ ᠪᠣᠯᠣᠨ ᠰᠣᠷᠭᠠᠭᠤᠯᠢ ᠶᠢᠨ ᠪᠡᠶ᠎ᠡ ᠶᠢᠨ | ᠲᠠᠮᠢᠷ ᠡᠷᠡᠬᠦᠯ ᠬᠠᠮᠠᠭᠠᠯᠠᠯ ᠤᠨ ᠠᠵᠢᠯ ᠤᠨ ᠬᠠᠣᠯᠢ ᠴᠠᠭᠠᠵᠠ ᠲᠦᠷᠢᠮ ᠲᠣᠬᠲᠠᠭᠠᠯ ᠢ ᠨᠠᠷᠢᠨ ᠬᠢᠨᠠᠮᠠᠭᠠᠢ | ᠲᠣᠭᠤᠰᠢᠯᠠᠭᠤᠯᠣᠨ ᠬᠡᠷᠡᠭᠵᠢᠬᠦᠯᠬᠦ ᠶᠢᠨ ᠬᠠᠮᠲᠣ ᠬᠢᠨᠠᠯᠲᠠ ᠲᠠᠯᠪᠢᠵᠦ ᠪᠠᠶᠢᠴᠠᠭᠠᠬᠤ ᠪᠠᠨ ᠴᠢᠩᠭᠠᠳᠬᠠᠨ᠎ᠠ᠃ | ᠰᠣᠷᠭᠠᠭᠤᠯᠢ ᠶᠢᠨ ᠪᠡᠶ᠎ᠡ ᠶᠢᠨ ᠲᠠᠮᠢᠷ ᠡᠷᠡᠬᠦᠯ ᠬᠠᠮᠠᠭᠠᠯᠠᠯ ᠤᠨ ᠦᠨᠳᠦᠰᠦᠨ ᠨᠦᠬᠦᠴᠡᠯ ᠬᠢᠷᠢ ᠲᠡᠩᠴᠡᠬᠦ ᠦᠭᠡᠢ | ᠪᠣᠯᠪᠠᠯ ᠬᠤᠭᠤᠴᠠᠭ᠎ᠠ ᠲᠣᠬᠲᠠᠭᠠᠨ ᠵᠠᠰᠠᠨ ᠰᠠᠶᠢᠵᠢᠷᠠᠭᠤᠯᠣᠨ᠎ᠠ᠃ | 16. ᠡᠪ ᠬᠠᠮᠲᠣ ᠵᠠᠯᠠᠭᠤᠴᠣᠳ ᠤᠨ ᠡᠪᠯᠡᠯ᠂ ᠪᠠᠭᠠᠴᠣᠳ ᠤᠨ ᠬᠤᠰᠢᠭᠤᠴᠢ ᠠᠩᠬᠢ᠂ ᠡᠮᠡᠭᠲᠡᠶᠢᠴᠣᠳ ᠤᠨ | ᠬᠤᠯᠪᠣᠭᠠᠲᠣ ᠬᠤᠷᠠᠯ ᠤᠨ ᠵᠣᠬᠢᠶᠠᠨ ᠪᠠᠶᠢᠭᠤᠯᠣᠯᠲᠠ ᠶᠢᠨ ᠲᠠᠪᠠᠭᠤᠯᠢᠬ ᠪᠣᠯᠣᠨ ᠣᠨᠴᠠᠯᠢᠬ ᠢ ᠬᠦᠢᠴᠡᠳ | ᠪᠠᠲᠠᠷᠠᠭᠤᠯᠵᠦ᠂ ᠣᠯᠠᠨ ᠬᠡᠯᠪᠡᠷᠢ ᠪᠦᠬᠦᠢ ᠬᠢᠴᠢᠶᠡᠯ ᠤᠨ ᠭᠠᠲᠠᠨᠠᠬᠢ ᠪᠡᠶ᠎ᠡ ᠶᠢᠨ ᠲᠠᠮᠢᠷ ᠪᠣᠯᠪᠠᠰᠣᠷᠠᠬᠤ ᠬᠦᠲᠡᠯᠭᠡᠭᠡᠨ | ᠦᠷᠨᠢᠬᠦᠯᠦᠨ᠎ᠡ᠃ ᠵᠠᠯᠠᠭᠤᠴᠣᠳ ᠪᠠᠭᠠᠴᠣᠳ ᠤᠨ ᠬᠦᠲᠡᠯᠭᠡᠭᠡᠨ ᠤ ᠲᠦᠪ᠂ ᠪᠠᠭᠠᠴᠣᠳ ᠤᠨ ᠣᠷᠲᠣᠨ᠂ | ᠡᠮᠡᠭᠲᠡᠶᠢᠴᠦᠳ ᠬᠡᠦᠬᠡᠳ ᠤᠨ ᠲᠦᠪ ᠪᠠ ᠪᠣᠰᠣᠳ ᠰᠣᠷᠭᠠᠭᠤᠯᠢ ᠶᠢᠨ ᠭᠠᠲᠠᠨᠠᠬᠢ ᠰᠣᠷᠭᠠᠨ ᠬᠦᠮᠦᠵᠢᠯ ᠤᠨ | ᠪᠠᠶᠢᠭᠤᠯᠣᠮᠵᠢ ᠨᠤᠭᠤᠳ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠬᠦᠲᠡᠯᠭᠡᠭᠡᠨ ᠦᠷᠨᠢᠬᠦᠯᠬᠦ ᠶᠢ | ᠴᠢᠬᠤᠯᠠ ᠡᠬᠦᠷᠭᠡ ᠲᠣᠰᠢᠶᠠᠯ ᠪᠣᠯᠭᠠᠬᠤ ᠬᠡᠷᠡᠭᠲᠡᠢ᠃ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠺᠯᠦᠶᠢᠪ | ᠪᠠ ᠵᠠᠯᠠᠭᠤᠴᠣᠳ ᠪᠠᠭᠠᠴᠣᠳ ᠤᠨ ᠬᠡᠭᠡᠷ᠎ᠡ ᠭᠠᠲᠠᠨᠠᠬᠢ ᠪᠡᠶ᠎ᠡ ᠶᠢᠨ ᠲᠠᠮᠢᠷ ᠤᠨ ᠬᠦᠲᠡᠯᠭᠡᠭᠡᠨ ᠤ ᠰᠠᠭᠤᠷᠢᠨ | ᠪᠠᠶᠢᠭᠤᠯᠬᠤ ᠶᠢ ᠢᠲᠡᠪᠬᠢᠲᠡᠢ ᠵᠢᠯᠣᠭᠤᠳᠴᠦ ᠵᠣᠷᠢᠬᠵᠢᠭᠤᠯᠣᠨ᠎ᠠ᠃ ᠰᠣᠷᠭᠠᠭᠤᠯᠢ ᠶᠢᠨ ᠭᠠᠲᠠᠨᠠᠬᠢ ᠡᠯᠪᠡᠭ ᠪᠠᠶᠠᠯᠢᠬ | ᠪᠡᠶ᠎ᠡ ᠶᠢᠨ ᠲᠠᠮᠢᠷ ᠤᠨ ᠠᠵᠢᠯᠯᠠᠭ᠎ᠠ ᠪᠠ ᠪᠦᠯᠬᠦᠮ ᠬᠠᠮᠲᠣ ᠶᠢᠨ ᠬᠦᠲᠡᠯᠭᠡᠭᠡᠨ ᠦᠷᠨᠢᠬᠦᠯᠬᠦ ᠪᠠᠷ ᠲᠠᠮᠵᠢᠨ ᠬᠢᠴᠢᠶᠠᠯ ᠤᠨ | ᠭᠠᠲᠠᠨᠠᠬᠢ ᠠᠮᠢᠲᠣᠷᠠᠯ ᠢ ᠪᠠᠶᠠᠯᠢᠬᠵᠢᠭᠤᠯᠣᠨ᠂ ᠨᠡᠩ ᠣᠯᠠᠨ ᠵᠠᠯᠠᠭᠤᠴᠣᠳ ᠪᠠᠭᠠᠴᠣᠳ ᠢ ᠡᠷᠡᠬᠦᠯ ᠴᠢᠬᠢᠷᠠᠬ ᠢᠶᠠᠷ | ᠦᠭᠡᠲᠡᠯᠡᠨ ᠲᠠᠪᠰᠢᠬᠤ ᠪᠡᠶ᠎ᠡ ᠶᠢᠨ ᠲᠠᠮᠢᠷ ᠤᠨ ᠬᠦᠲᠡᠯᠭᠡᠭᠡᠨ ᠳᠤ ᠲᠠᠲᠠᠨ ᠠᠪᠴᠢᠷᠠᠨ᠎ᠠ᠃ | 17. ᠰᠣᠷᠭᠠᠭᠤᠯᠢ ᠶᠢᠨ ᠡᠷᠡᠬᠦᠯ ᠬᠠᠮᠠᠭᠠᠯᠠᠯ ᠳᠤ ᠬᠢᠨᠠᠯᠲᠠ ᠲᠠᠯᠪᠢᠬᠤ ᠪᠠ ᠵᠢᠯᠣᠭᠤᠲᠣᠯᠭ᠎ᠠ ᠪᠠᠨ ᠦᠨᠡᠨᠬᠦ | ᠴᠢᠩᠭᠠᠳᠬᠠᠨ᠎ᠠ᠃ ᠰᠣᠷᠭᠠᠭᠤᠯᠢ ᠶᠢᠨ ᠡᠷᠡᠬᠦᠯ ᠬᠠᠮᠠᠭᠠᠯᠠᠯ ᠪᠣᠯ ᠣᠯᠣᠰ ᠤᠨ ᠣᠯᠠᠨ ᠨᠡᠶᠢᠲᠡ ᠶᠢᠨ ᠡᠷᠡᠬᠦᠯ | ᠬᠠᠮᠠᠭᠠᠯᠠᠯ ᠤᠨ ᠦᠢᠯᠡᠴᠢᠯᠡᠭᠡᠨ ᠤ ᠲᠣᠬᠲᠠᠯᠴᠠᠭ᠎ᠠ ᠶᠢᠨ ᠪᠠᠶᠢᠭᠤᠯᠣᠯᠲᠠ ᠶᠢᠨ ᠭᠤᠣᠯᠲᠠᠯᠭ᠎ᠠ ᠪᠣᠯᠣᠨ᠎ᠠ᠃ ᠬᠤᠲᠠ | ᠬᠦᠲᠡᠭᠡ ᠶᠢᠨ ᠲᠣᠮᠲᠠᠲᠣ ᠪᠠᠭ᠎ᠠ ᠰᠣᠷᠭᠠᠭᠤᠯᠢ ᠶᠢᠨ ᠰᠣᠷᠣᠬᠴᠢᠳ ᠢ ᠬᠤᠲᠠ ᠪᠠᠯᠭᠠᠰᠣ ᠶᠢᠨ ᠰᠠᠭᠤᠭᠠᠯᠢ ᠠᠷᠠᠳ ᠤᠨ | ᠦᠨᠳᠦᠰᠦᠨ ᠡᠮ ᠡᠮᠨᠡᠯᠭᠡ ᠶᠢᠨ ᠲᠠᠭᠠᠳᠬᠠᠯ ᠤᠨ ᠲᠣᠷᠰᠢᠯᠲᠠ ᠶᠢᠨ ᠴᠢᠬ ᠪᠠ ᠰᠢᠨ᠎ᠡ ᠮᠠᠶ᠋ᠢᠬ ᠤᠨ ᠬᠦᠲᠡᠭᠡ | ᠲᠣᠰᠬᠤᠨ ᠤ ᠬᠤᠷᠰᠢᠬᠰᠠᠨ ᠡᠮᠨᠡᠯᠭᠡ ᠶᠢᠨ ᠭᠤᠣᠯᠲᠠᠯᠭ᠎ᠠ ᠲᠠᠢ ᠬᠠᠮᠣᠷᠣᠨ ᠪᠠᠭᠲᠠᠭᠠᠬᠤ ᠬᠦᠮᠦᠰ ᠪᠣᠯᠭᠠᠨ᠎ᠠ᠃ ᠡᠯ᠎ᠡ | ᠱᠠᠲᠣᠨ ᠤ ᠡᠪᠡᠳᠴᠢᠨ ᠬᠢᠵᠢᠭ ᠢ ᠣᠷᠢᠳᠴᠢᠯᠡᠨ ᠰᠡᠷᠭᠡᠶᠢᠯᠡᠵᠦ ᠡᠵᠡᠮᠲᠡᠬᠦ ᠪᠠᠶᠢᠭᠤᠯᠣᠮᠵᠢ ᠪᠣᠯᠣᠨ ᠬᠠᠮᠢᠶ᠎ᠠ ᠪᠦᠬᠦᠢ | ᠡᠷᠡᠬᠦᠯ ᠬᠠᠮᠠᠭᠠᠯᠠᠯ ᠤᠨ ᠪᠠᠶᠢᠭᠤᠯᠣᠮᠵᠢ ᠲᠣᠰᠬᠠᠢ ᠬᠦᠮᠦᠨ ᠢᠶᠠᠷ ᠰᠣᠷᠭᠠᠭᠤᠯᠢ ᠶᠢᠨ ᠡᠷᠡᠬᠦᠯ ᠬᠠᠮᠠᠭᠠᠯᠠᠯ ᠤᠨ ᠠᠵᠢᠯ ᠢ | ᠬᠠᠷᠢᠭᠤᠴᠠᠭᠤᠯᠵᠦ ᠵᠢᠯᠣᠭᠤᠲᠣᠭᠤᠯᠵᠦ᠂ ᠣᠯᠣᠰ ᠤᠨ ᠬᠤᠯᠪᠣᠬᠲᠠᠯ ᠪᠦᠬᠦᠢ ᠲᠣᠬᠲᠠᠭᠠᠯ ᠶᠣᠰᠣᠭᠠᠷ ᠵᠠᠰᠠᠬ | ᠵᠠᠬᠢᠷᠭᠠᠨ ᠤ ᠬᠠᠷᠢᠶᠠᠨ ᠳᠠᠬᠢ ᠰᠣᠷᠭᠠᠭᠤᠯᠢ ᠳᠤ ᠣᠷᠢᠳᠴᠢᠯᠡᠨ ᠰᠡᠷᠭᠡᠶᠢᠢᠯᠡᠬᠦ ᠪᠠ ᠡᠷᠡᠬᠦᠯᠵᠢᠯ ᠵᠡᠷᠭᠡ ᠣᠯᠠᠨ | ᠨᠡᠶᠢᠲᠡ ᠶᠢᠨ ᠡᠷᠡᠬᠦᠯ ᠬᠠᠮᠠᠭᠠᠯᠠᠯ ᠤᠨ ᠦᠢᠯᠡᠴᠢᠯᠡᠭᠡ ᠬᠠᠩᠭᠠᠵᠦ᠂ ᠲᠣᠬᠲᠠᠬᠰᠠᠨ ᠬᠤᠭᠤᠴᠠᠭ᠎ᠠ ᠲᠠᠢ ᠪᠠᠷ | ᠰᠣᠷᠭᠠᠭᠤᠯᠢ ᠶᠢᠨ ᠢᠲᠡᠭᠡᠨ ᠤ ᠡᠷᠡᠬᠦᠯ ᠬᠠᠮᠠᠭᠠᠯᠠᠯ᠂ ᠣᠣᠭᠤᠬᠤ ᠣᠰᠣ᠂ ᠬᠠᠯᠲᠠᠪᠣᠷᠢᠲᠣ ᠡᠪᠡᠳᠴᠢᠨ ᠢ | ᠣᠷᠢᠳᠴᠢᠯᠡᠨ ᠰᠡᠷᠭᠡᠶᠢᠯᠡᠬᠦ ᠵᠡᠷᠭᠡ ᠲᠠᠯ᠎ᠠ ᠪᠠᠷ ᠡᠷᠡᠬᠦᠯ ᠬᠠᠮᠠᠭᠠᠯᠠᠯ ᠤᠨ ᠬᠢᠨᠠᠯᠲᠠ ᠲᠠᠯᠪᠢᠨ᠂ ᠬᠢᠨᠠᠨ ᠬᠡᠮᠵᠢᠯᠲᠡ | ᠦᠷᠨᠢᠬᠦᠯᠵᠦ᠂ ᠬᠠᠣᠯᠢ ᠶᠣᠰᠣᠭᠠᠷ ᠸᠠᠺᠼᠢᠨ ᠰᠡᠷᠭᠡᠶᠢᠯᠡᠬᠦ ᠲᠠᠷᠢᠯᠭ᠎ᠠ ᠬᠢᠵᠦ᠂ ᠬᠡᠷᠡᠭᠰᠡᠬᠦ ᠵᠠᠷᠣᠲᠠᠯ ᠢ ᠨᠢ ᠣᠯᠠᠨ | ᠨᠡᠶᠢᠲᠡ ᠶᠢᠨ ᠡᠷᠡᠬᠦᠯ ᠬᠠᠮᠠᠭᠠᠯᠠᠯ ᠤᠨ ᠵᠠᠷᠣᠲᠠᠯ ᠲᠦᠯᠦᠪᠦᠷᠢ ᠶᠢᠨ ᠬᠡᠪᠴᠢᠶᠠᠨ ᠳᠤ ᠪᠠᠭᠲᠠᠭᠠᠨ᠎ᠠ᠃ ᠲᠣᠮᠲᠠᠲᠣ ᠪᠠᠭ᠎ᠠ | ᠰᠣᠷᠭᠠᠭᠤᠯᠢ ︽ᠰᠣᠷᠭᠠᠭᠤᠯᠢ ᠶᠢᠨ ᠡᠷᠡᠬᠦᠯ ᠬᠠᠮᠠᠭᠠᠯᠠᠯ ᠤᠨ ᠠᠵᠢᠯ ᠤᠨ ᠲᠦᠷᠢᠮ︾ ᠤᠨ ᠲᠣᠬᠲᠠᠭᠠᠯ ᠶᠣᠰᠣᠭᠠᠷ᠂ | ᠡᠷᠡᠬᠦᠯ ᠬᠠᠮᠠᠭᠠᠯᠠᠯ ᠤᠨ ᠲᠠᠰᠤᠬ ᠭᠠᠷᠭᠠᠵᠦ᠂ ᠰᠣᠷᠭᠠᠭᠤᠯᠢ ᠶᠢᠨ ᠡᠮᠴᠢ ᠪᠣᠶᠣ ᠲᠣᠰᠬᠠᠢ ︵ᠬᠠᠪᠰᠣᠷᠭᠠᠬᠰᠠᠨ︶ | ᠲᠣᠰᠢᠶᠠᠯᠲᠣ ᠡᠷᠡᠬᠦᠯᠵᠢᠯ ᠤᠨ ᠪᠠᠭᠰᠢ ᠲᠣᠬᠢᠷᠠᠭᠤᠯᠣᠨ᠂ ᠡᠷᠡᠬᠦᠯ ᠬᠠᠮᠠᠭᠠᠯᠠᠯ ᠤᠨ ᠰᠠᠯᠠᠭ᠎ᠠ ᠮᠦᠴᠢᠷ ᠤᠨ | ᠵᠢᠯᠣᠭᠤᠲᠣᠯᠭ᠎ᠠ ᠲᠣᠣᠷ᠎ᠠ ᠰᠣᠷᠭᠠᠭᠤᠯᠢ ᠶᠢᠨ ᠡᠷᠡᠬᠦᠯ ᠬᠠᠮᠠᠭᠠᠯᠠᠯ ᠤᠨ ᠠᠵᠢᠯ ᠦᠷᠨᠢᠬᠦᠯᠦᠨ᠎ᠡ᠃ ᠡᠯ᠎ᠡ ᠱᠠᠲᠣᠨ ᠤ | ᠰᠣᠷᠭᠠᠨ ᠬᠦᠮᠦᠵᠢᠯ ᠤᠨ ᠵᠠᠰᠠᠬ ᠵᠠᠬᠢᠷᠭᠠᠨ ᠤ ᠰᠠᠯᠠᠭ᠎ᠠ ᠮᠦᠴᠢᠷ ᠡᠷᠡᠬᠦᠯ ᠬᠠᠮᠠᠭᠠᠯᠠᠯ ᠤᠨ ᠵᠠᠰᠠᠬ ᠵᠠᠬᠢᠷᠭᠠᠨ ᠤ | ᠰᠠᠯᠠᠭ᠎ᠠ ᠮᠦᠴᠢᠷ ᠲᠠᠢ ᠬᠠᠮᠲᠣᠷᠠᠨ ᠲᠣᠭᠤᠷᠢᠨ ᠪᠠᠶᠢᠴᠠᠭᠠᠬᠤ ᠲᠦᠷᠢᠮ ᠲᠣᠬᠲᠠᠭᠠᠵᠦ᠂ ᠵᠠᠰᠠᠬ ᠵᠠᠬᠢᠷᠭᠠᠨ ᠤ | ᠬᠠᠷᠢᠶᠠᠨ ᠳᠠᠬᠢ ᠰᠣᠷᠭᠠᠭᠤᠯᠢ ᠶᠢᠨ ᠡᠷᠡᠬᠦᠯ ᠬᠠᠮᠠᠭᠠᠯᠠᠯ ᠤᠨ ᠬᠠᠮᠢᠶᠠᠷᠣᠯᠲᠠ ᠪᠠᠨ ᠴᠢᠩᠭᠠᠳᠬᠠᠨ᠎ᠠ᠃ | 18. ᠭᠡᠷ ᠪᠦᠯᠢ ᠪᠣᠯᠣᠨ ᠨᠡᠶᠢᠭᠡᠮ ᠲᠣᠭᠤᠷᠢᠬ ᠤᠨ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ | ᠬᠦᠲᠡᠯᠭᠡᠭᠡᠨ ᠢ ᠴᠢᠩᠭᠠᠳᠬᠠᠵᠦ᠂ ᠰᠣᠷᠭᠠᠭᠤᠯᠢ᠂ ᠭᠡᠷ ᠪᠦᠯᠢ ᠪᠣᠯᠣᠨ ᠨᠡᠶᠢᠭᠡᠮ ᠲᠣᠭᠤᠷᠢᠬ ᠤᠨ ᠨᠡᠶᠢᠯᠡᠯ ᠬᠦᠴᠦᠨ ᠢ | ᠪᠦᠷᠢᠯᠲᠦᠬᠦᠯᠦᠨ᠎ᠡ᠃ ᠭᠡᠷ ᠪᠦᠯᠢ ᠶᠢᠨ ᠬᠦᠮᠦᠵᠢᠯ ᠨᠢ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠢ | ᠴᠢᠩᠭᠠᠳᠬᠠᠵᠦ᠂ ᠵᠠᠯᠠᠭᠤᠴᠣᠳ ᠪᠠᠭᠠᠴᠣᠳ ᠤᠨ ᠪᠡᠶ᠎ᠡ ᠮᠠᠬᠠᠪᠣᠳ ᠢ ᠰᠠᠶᠢᠵᠢᠷᠠᠭᠤᠯᠬᠤ ᠳᠤ ᠵᠠᠩᠬᠢᠯᠠᠭ᠎ᠠ ᠶᠢᠨ | ᠦᠢᠯᠡᠲᠦᠯ ᠦᠵᠡᠬᠦᠯᠲᠡᠭ᠃ ᠦᠷᠭᠡᠨ ᠣᠯᠠᠨ ᠭᠡᠷ ᠤᠨ ᠠᠬᠠᠮᠠᠳ ᠤᠨ ᠲᠣᠮᠲᠠ ᠡᠷᠡᠬᠦᠯ ᠮᠡᠨᠲᠦ ᠨᠢᠭᠡᠲᠦᠭᠡᠷ ᠭᠡᠬᠦ | ᠣᠶᠢᠯᠠᠭᠠᠬᠲᠠᠬᠤᠨ ᠢ ᠣᠷᠢᠶᠠᠯᠠᠨ᠂ ᠵᠦᠪ ᠣᠨᠣᠪᠴᠢᠲᠠᠢ ᠰᠣᠷᠭᠠᠨ ᠬᠦᠮᠦᠵᠢᠯ ᠤᠨ ᠦᠵᠡᠯᠲᠡ᠂ ᠴᠢᠲᠠᠪᠣᠷᠢᠲᠠᠨ | ᠬᠦᠮᠦᠵᠢᠬᠦᠯᠬᠦ ᠦᠵᠡᠯᠲᠡ ᠶᠢ ᠪᠣᠢ ᠪᠣᠯᠭᠠᠨ᠂ ᠵᠠᠯᠠᠭᠤᠴᠣᠳ ᠪᠠᠭᠠᠴᠣᠳ ᠢ ᠬᠠᠷᠠᠬᠠᠨ ᠪᠠᠭ᠎ᠠ ᠠᠴᠠ ᠨᠢ ᠪᠡᠶ᠎ᠡ ᠶᠢᠨ | ᠲᠠᠮᠢᠷ ᠪᠣᠯᠪᠠᠰᠣᠷᠠᠬᠤ ᠲᠠᠳᠬᠠᠯ᠂ ᠢᠲᠡᠭᠡᠨ ᠤ ᠡᠷᠡᠬᠦᠯ ᠬᠠᠮᠠᠭᠠᠯᠠᠯ ᠤᠨ ᠲᠠᠳᠬᠠᠯ ᠪᠣᠯᠣᠨ ᠪᠣᠯᠪᠠᠰᠣᠨ ᠴᠢᠬᠢᠷᠠᠬ | ᠠᠮᠢᠲᠣᠷᠠᠯ ᠤᠨ ᠬᠡᠯᠪᠡᠷᠢ ᠮᠠᠶ᠋ᠢᠬ ᠲᠠᠢ ᠪᠣᠯᠭᠠᠨ ᠬᠦᠮᠦᠵᠢᠬᠦᠯᠵᠦ᠂ ᠬᠡᠷ ᠤᠨ ᠠᠬᠠᠮᠠᠳ ᠪᠣᠯᠣᠨ ᠬᠡᠦᠬᠡᠳ ᠢ | ᠵᠣᠷᠢᠬᠵᠢᠭᠤᠯᠣᠨ ᠬᠠᠮᠲᠣᠪᠡᠷ ᠪᠡᠶ᠎ᠡ ᠶᠢᠨ ᠲᠠᠮᠢᠷ ᠤᠨ ᠪᠣᠯᠪᠠᠰᠣᠷᠠᠯ ᠳᠤ ᠣᠷᠣᠯᠴᠠᠨ᠎ᠠ᠃ ᠰᠣᠷᠭᠠᠭᠤᠯᠢ᠂ ᠨᠡᠶᠢᠭᠡᠮ | ᠲᠣᠭᠤᠷᠢᠬ ᠨᠢ ᠭᠡᠷ ᠪᠦᠯᠢ ᠯᠦᠭᠡ ᠣᠶᠢᠯᠠᠭᠠᠯᠴᠠᠭ᠎ᠠ ᠬᠠᠮᠲᠣᠷᠠᠨ ᠠᠵᠢᠯᠯᠠᠬᠤ ᠪᠠᠨ ᠴᠢᠩᠭᠠᠳᠬᠠᠵᠦ ᠣᠯᠠᠨ ᠬᠡᠯᠪᠡᠷᠢ | ᠮᠠᠶ᠋ᠢᠬ ᠤᠨ ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠤᠨ ᠬᠦᠲᠡᠯᠭᠡᠭᠡᠨ ᠵᠣᠬᠢᠶᠠᠨ ᠪᠠᠶᠢᠭᠤᠯᠣᠨ ᠦᠷᠨᠢᠬᠦᠯᠵᠦ | ᠂ ᠭᠡᠷ ᠪᠦᠯᠢ᠂ ᠨᠡᠶᠢᠭᠡᠮ ᠤᠨ ᠰᠢᠨᠵᠢᠯᠡᠬᠦ ᠣᠬᠠᠭᠠᠨᠴᠢ ᠵᠦᠪ ᠣᠨᠣᠪᠴᠢᠲᠠᠢ ᠰᠣᠷᠭᠠᠨ ᠬᠦᠮᠦᠵᠢᠯ ᠤᠨ ᠦᠵᠡᠯᠲᠡ | ᠪᠣᠯᠣᠨ ᠠᠷᠭ᠎ᠠ ᠬᠡᠯᠪᠡᠷᠢ ᠪᠣᠢ ᠪᠣᠯᠭᠠᠬᠤ ᠶᠢ ᠠᠬᠢᠭᠤᠯᠣᠨ᠎ᠠ᠃ | 19. ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠢ ᠴᠢᠩᠭᠠᠳᠬᠠᠬᠤ ᠲᠦᠷᠦ ᠶᠢᠨ ᠪᠣᠲᠣᠯᠭ᠎ᠠ ᠶᠢᠨ | ᠪᠠᠲᠣᠯᠠᠭ᠎ᠠ ᠶᠢᠨ ᠠᠷᠭ᠎ᠠ ᠬᠡᠮᠵᠢᠶ᠎ᠡ ᠪᠠᠨ ᠣᠯᠠᠮ ᠴᠢᠨᠠᠬᠰᠢᠲᠠ ᠲᠡᠬᠦᠯᠲᠡᠷᠵᠢᠬᠦᠯᠦᠨ᠎ᠡ᠃ ᠨᠠᠮ ᠤᠨ ᠲᠦᠪ ᠬᠤᠷᠢᠶ᠎ᠠ | ᠲᠣᠰᠬᠠᠢ ᠲᠦᠷᠦᠯ ᠤᠨ ᠪᠡᠯᠡ ᠮᠦᠩᠬᠦ ᠲᠣᠬᠢᠷᠠᠭᠤᠯᠵᠦ᠂ ︽ᠪᠦᠬᠦ ᠣᠯᠣᠰ ᠤᠨ ᠦᠢ ᠲᠦᠮᠡᠨ ᠰᠣᠷᠣᠬᠴᠢ ᠶᠢᠨ | ᠨᠡᠷᠡᠨ ᠭᠡᠷᠡᠯᠲᠦ ᠪᠡᠶ᠎ᠡ ᠶᠢᠨ ᠲᠠᠮᠢᠷ ᠤᠨ ᠬᠦᠲᠡᠯᠭᠡᠭᠡᠨ︾ ᠤ ᠪᠠᠭᠠᠵᠢ ᠲᠦᠬᠦᠭᠡᠷᠦᠮᠵᠢ ᠶᠢ ᠲᠡᠮᠵᠢᠬᠦ ᠲᠦᠷᠦᠯ ᠵᠦᠢᠯ ᠢ | ᠬᠡᠷᠡᠭᠵᠢᠬᠦᠯᠵᠦ᠂ ᠠᠯᠪᠠᠨ ᠵᠢᠷᠣᠮ ᠤᠨ ᠰᠣᠷᠭᠠᠨ ᠬᠦᠮᠦᠵᠢᠯ ᠤᠨ ᠱᠠᠲᠣᠨ ᠳᠠᠬᠢ ᠲᠣᠮᠲᠠ ᠪᠠᠷᠠᠭᠤᠨ ᠬᠡᠰᠡᠭ ᠤᠨ | ᠬᠦᠲᠡᠭᠡ ᠲᠣᠰᠬᠤᠨ ᠤ ᠰᠣᠷᠭᠠᠭᠤᠯᠢ ᠶᠢ ᠬᠠᠪᠰᠣᠷᠣᠨ ᠪᠡᠶ᠎ᠡ ᠶᠢᠨ ᠲᠠᠮᠢᠷ ᠤᠨ ᠬᠦᠲᠡᠯᠭᠡᠭᠡᠨ ᠤ ᠲᠦᠬᠦᠭᠡᠷᠦᠮᠵᠢ ᠢᠵᠢ | ᠪᠦᠷᠢᠲᠦᠬᠦᠯᠦᠨᠡ᠃ ᠬᠦᠲᠡᠭᠡ ᠲᠣᠰᠬᠤᠨ ᠤ ᠪᠠᠶᠢᠷᠢ ᠳᠤ ᠰᠠᠭᠤᠬᠤ ᠲᠦᠷᠢᠮᠲᠦ ᠰᠣᠷᠭᠠᠭᠤᠯᠢ ᠶᠢᠨ | ᠪᠠᠶᠢᠭᠤᠯᠣᠯᠲᠠ ᠶᠢᠨ ᠢᠨᠵᠧᠨᠧᠷᠢᠩ᠂ ᠠᠩᠬ᠎ᠠ ᠲᠣᠮᠲᠠᠲᠣ ᠶᠢᠨ ᠰᠣᠷᠭᠠᠭᠤᠯᠢ ᠶᠢᠨ ᠪᠠᠢᠷᠢ ᠶᠢ ᠦᠭᠡᠷᠡᠴᠢᠯᠡᠨ ᠵᠠᠰᠠᠬᠤ | ᠢᠨᠵᠧᠨᠧᠷᠢᠩ ᠪᠠ ᠡᠷᠡᠬᠦᠯ ᠬᠠᠮᠠᠭᠠᠯᠠᠯ ᠤᠨ ᠰᠢᠨ᠎ᠡ ᠰᠣᠷᠭᠠᠭᠤᠯᠢ ᠶᠢᠨ ᠬᠦᠷᠢᠶ᠎ᠠ ᠶᠢ ᠪᠠᠶᠢᠭᠤᠯᠬᠤ ᠢᠨᠵᠧᠨᠧᠷᠢᠩ | ᠲᠣᠮᠲᠠ᠂ ᠰᠣᠷᠭᠠᠭᠤᠯᠢ ᠶᠢᠨ ᠬᠤᠭᠤᠯᠠᠨ ᠲᠠᠩᠬᠢᠮ᠂ ᠣᠣᠭᠤᠬᠤ ᠣᠰᠣᠨ ᠤ ᠲᠦᠬᠦᠭᠡᠷᠦᠮᠵᠢ᠂ ᠵᠣᠷᠯᠣᠩ᠂ | ᠪᠡᠶ᠎ᠡ ᠶᠢᠨ ᠲᠠᠮᠢᠷ ᠤᠨ ᠣᠷᠲᠣᠨ ᠲᠠᠯᠠᠪᠠᠢ ᠵᠡᠷᠭᠡ ᠶᠢ ᠦᠭᠡᠷᠡᠴᠢᠯᠡᠨ ᠵᠠᠰᠠᠬᠤ ᠬᠦᠴᠦᠯᠡᠴᠡ ᠪᠠᠨ ᠦᠨᠡᠨᠬᠦ | ᠴᠢᠩᠭᠠᠷᠠᠭᠤᠯᠣᠨ᠎ᠠ᠃ ᠠᠯᠪᠠᠨ ᠵᠢᠷᠣᠮ ᠤᠨ ᠰᠣᠷᠭᠠᠨ ᠬᠦᠮᠦᠵᠢᠯ ᠤᠨ ᠱᠠᠲᠣᠨ ᠳᠠᠬᠢ ᠰᠣᠷᠣᠬᠴᠢᠳ ᠤᠨ ᠡᠷᠡᠬᠦᠯ | ᠮᠡᠨᠲᠦ ᠶᠢᠨ ᠪᠠᠶᠢᠴᠠᠭᠠᠯᠲᠠ ᠶᠢᠨ ᠵᠠᠷᠣᠲᠠᠯ ᠢ ᠠᠯᠪᠠᠨ ᠵᠢᠷᠣᠮ ᠤᠨ ᠰᠣᠷᠭᠠᠨ ᠬᠦᠮᠦᠵᠢᠯ ᠤᠨ ᠵᠠᠷᠣᠲᠠᠯ ᠤᠨ | ᠪᠠᠲᠣᠯᠠᠭ᠎ᠠ ᠶᠢᠨ ᠲᠣᠬᠲᠠᠴᠠ ᠳᠤ ᠣᠷᠣᠭᠤᠯᠵᠦ᠂ ᠦᠭᠡᠷ᠎ᠡ ᠪᠣᠰᠣᠳ ᠰᠣᠷᠣᠬᠴᠢ ᠶᠢ ᠮᠣᠵᠢ ᠶᠢᠨ ᠲᠡᠰ ᠤᠨ | ᠵᠠᠰᠠᠬ ᠤᠨ ᠣᠷᠲᠣᠨ ᠠᠴᠠ ᠨᠢᠭᠡᠲᠦᠯᠲᠡᠢ ᠵᠠᠷᠣᠲᠠᠯ ᠤᠨ ᠪᠠᠷᠢᠮᠵᠢᠶ᠎ᠠ ᠪᠠ ᠰᠢᠢᠳᠪᠦᠷᠢᠯᠡᠬᠦ ᠠᠷᠭ᠎ᠠ ᠬᠡᠮᠵᠢᠶ᠎ᠡ | ᠲᠣᠬᠲᠠᠭᠠᠨ᠎ᠠ᠃ ᠰᠣᠷᠭᠠᠭᠤᠯᠢ ᠨᠤᠭᠤᠳ ᠪᠡᠶ᠎ᠡ ᠶᠢᠨ ᠲᠠᠮᠢᠷ ᠡᠷᠡᠬᠦᠯ ᠬᠠᠮᠠᠭᠠᠯᠠᠯ ᠤᠨ ᠠᠵᠢᠯ ᠢ ᠬᠡᠪ ᠤᠨ ᠪᠠᠶᠢᠲᠠᠯ ᠢᠶᠠᠷ | ᠦᠷᠨᠢᠬᠦᠯᠬᠦ ᠶᠢ ᠦᠨᠡᠨᠬᠦ ᠪᠠᠲᠣᠯᠠᠵᠦ᠂ ᠬᠡᠷᠡᠭᠰᠡᠬᠦ ᠵᠠᠷᠣᠲᠠᠯ ᠮᠦᠩᠬᠦ ᠶᠢ ᠠᠯᠪᠠᠨ ᠵᠠᠷᠣᠲᠠᠯ ᠠᠴᠠ ᠭᠠᠷᠭᠠᠵᠦ | ᠲᠣᠬᠢᠷᠠᠭᠤᠯᠣᠨ᠎ᠠ᠃ | 20. ᠵᠠᠯᠠᠭᠤᠴᠣᠳ ᠪᠠᠭᠠᠴᠣᠳ ᠤᠨ ᠪᠡᠶ᠎ᠡ ᠶᠢᠨ ᠲᠠᠮᠢᠷ ᠢ ᠬᠦᠨᠳᠦᠳᠭᠡᠨ ᠴᠢᠬᠤᠯᠠᠴᠢᠯᠠᠬᠤ ᠶᠠᠷᠢᠶ᠎ᠠ | ᠬᠡᠯᠡᠯᠴᠡᠭᠡᠨ ᠤ ᠠᠭᠤᠷ ᠠᠮᠢᠰᠬᠤᠯ ᠢ ᠴᠢᠷᠮᠠᠶᠢᠨ ᠪᠣᠢ ᠪᠣᠯᠭᠠᠨ᠎ᠠ᠃ ᠰᠢᠨᠵᠢᠯᠡᠬᠦ ᠣᠬᠠᠭᠠᠨᠴᠢ ᠰᠣᠷᠭᠠᠨ ᠬᠦᠮᠦᠵᠢᠯ ᠤᠨ | ᠦᠵᠡᠯᠲᠡ᠂ ᠴᠢᠲᠠᠪᠣᠷᠢᠲᠠᠨ ᠤ ᠦᠵᠡᠯᠲᠡ᠂ ᠡᠷᠡᠬᠦᠯ ᠮᠡᠨᠲᠦ ᠶᠢᠨ ᠦᠵᠡᠯᠲᠡ ᠶᠢ ᠶᠡᠬᠡᠪᠡᠷ ᠣᠬᠠᠭᠤᠯᠣᠨ | ᠲᠦᠭᠡᠮᠡᠯᠵᠢᠬᠦᠯᠵᠦ᠂ ᠣᠯᠠᠨ ᠲᠦᠮᠡᠨᠴᠢ ᠴᠢᠨᠠᠷᠲᠠᠢ ᠰᠣᠷᠣᠬᠴᠢᠳ ᠤᠨ ᠪᠡᠶ᠎ᠡ ᠶᠢᠨ ᠲᠠᠮᠢᠷ ᠤᠨ ᠬᠦᠲᠡᠯᠭᠡᠭᠡᠨ ᠤ | ᠰᠣᠷᠲᠠᠯ ᠣᠬᠠᠭᠤᠯᠭ᠎ᠠ ᠪᠠᠨ ᠴᠢᠩᠭᠠᠳᠬᠠᠵᠦ᠂ ᠵᠠᠯᠠᠭᠤᠴᠣᠳ ᠪᠠᠭᠠᠴᠣᠳ ᠢ ᠵᠣᠷᠢᠬᠵᠢᠭᠤᠯᠣᠨ ᠢᠲᠡᠪᠬᠢᠲᠡᠢ ᠪᠠᠷ | ᠪᠡᠶ᠎ᠡ ᠶᠢᠨ ᠲᠠᠮᠢᠷ ᠤᠨ ᠪᠣᠯᠪᠠᠰᠣᠷᠠᠯ ᠳᠤ ᠣᠷᠣᠯᠴᠠᠬᠤ ᠨᠡᠶᠢᠢᠡᠮ ᠤᠨ ᠠᠭᠤᠷ ᠠᠮᠢᠰᠬᠤᠯ ᠢ ᠪᠣᠢ ᠪᠣᠯᠭᠠᠨ᠎ᠠ᠃ | ᠣᠯᠢᠮᠫᠢᠺ ᠤᠨ ᠲᠠᠮᠢᠷ ᠤᠨ ᠴᠣᠬᠯᠠᠭᠠᠨ ᠢ ᠣᠬᠲᠣᠬᠤ᠂ ᠣᠯᠢᠮᠫᠢᠺ ᠤᠨ ᠲᠠᠮᠢᠷ ᠤᠨ ᠴᠣᠬᠯᠠᠭᠠᠨ ᠡᠷᠬᠢᠯᠡᠬᠦ ᠪᠠᠷ ᠠᠵᠠ | ᠲᠣᠬᠢᠶᠠᠯ ᠪᠣᠯᠭᠠᠨ ᠡᠯᠪᠡᠭ ᠪᠠᠶᠠᠯᠢᠬ ᠠᠭᠤᠯᠭ᠎ᠠ ᠪᠦᠬᠦᠢ ︽ᠣᠯᠢᠮᠫᠢᠺ ᠶᠢ ᠣᠬᠲᠣᠵᠦ᠂ ᠪᠣᠯᠪᠠᠰᠣᠨ ᠢ ᠡᠷᠬᠢᠮᠯᠡᠵᠦ᠂ | ᠰᠢᠨ᠎ᠡ ᠬᠡᠪ ᠰᠣᠷᠲᠠᠯ ᠢ ᠪᠣᠢ ᠪᠣᠯᠭᠠᠬᠤ︾ ᠠᠵᠢᠯᠯᠠᠭ᠎ᠠ ᠦᠷᠨᠢᠬᠦᠯᠵᠦ᠂ ᠪᠡᠭᠡᠵᠢᠩ ᠤᠨ ᠣᠯᠢᠮᠫᠢᠺ ᠤᠨ ᠲᠠᠮᠢᠷ ᠤᠨ | ᠴᠣᠬᠯᠠᠭᠠᠨ ᠢ ᠦᠷᠭᠡᠨ ᠣᠯᠠᠨ ᠵᠠᠯᠠᠭᠤᠴᠣᠳ ᠪᠠᠭᠠᠴᠣᠳ ᠢᠲᠡᠪᠬᠢᠲᠡᠢ ᠣᠷᠣᠯᠴᠠᠵᠦ᠂ ᠪᠦᠬᠦ ᠠᠷᠠᠳ ᠤᠨ ᠪᠡᠶ᠎ᠡ | ᠴᠢᠬᠢᠷᠠᠬᠵᠢᠭᠤᠯᠬᠤ ᠬᠦᠲᠡᠯᠭᠡᠭᠡᠨ ᠰᠢᠨ᠎ᠡ ᠲᠡᠭᠲᠡᠷ ᠲᠤ ᠠᠬᠢᠬᠰᠠᠨ ᠣᠯᠢᠮᠫᠢᠺ ᠤᠨ ᠲᠠᠮᠢᠷ ᠤᠨ ᠴᠣᠬᠯᠠᠭᠠᠨ ᠪᠣᠯᠭᠠᠵᠦ᠂ | ᠵᠠᠯᠠᠭᠤᠴᠣᠳ ᠪᠠᠭᠠᠴᠣᠳ ᠢ ᠪᠣᠲᠠᠲᠣ ᠠᠵᠢᠯᠯᠠᠭ᠎ᠠ ᠪᠠᠷ ᠢᠶᠠᠨ ᠣᠯᠢᠮᠫᠢᠺ ᠲᠤ ᠣᠷᠣᠯᠴᠠᠭᠤᠯᠵᠦ᠂ ᠰᠢᠨ᠎ᠡ ᠴᠠᠬ | ᠦᠶ᠎ᠡ ᠶᠢᠨ ᠵᠠᠯᠠᠭᠤᠴᠣᠳ ᠪᠠᠭᠠᠴᠣᠳ ᠤᠨ ᠡᠷᠡᠬᠦᠯ ᠴᠢᠬᠢᠷᠠᠬ ᠢᠶᠠᠷ ᠦᠭᠡᠲᠡᠯᠡᠨ ᠲᠠᠪᠰᠢᠬᠤ ᠣᠶᠣᠨ ᠰᠠᠨᠠᠭᠠᠨ ᠤ | ᠲᠦᠷᠰᠦ ᠪᠠᠶᠢᠲᠠᠯ ᠢ ᠬᠦᠢᠴᠡᠳ ᠲᠣᠰᠬᠠᠨ᠎ᠠ᠃ | |