ᠳᠦᠷᠦ ᠵᠢᠨᠶᠠᠪᠣᠳᠠᠯ ᠤᠨ ᠬᠤᠷᠢᠶᠠᠨ ᠤ ᠵᠠᠰᠠᠭ ᠢ ᠴᠤᠮᠬᠠᠳᠬᠠᠵᠦ ᠡᠷᠬᠡ ᠶᠢ ᠲᠠᠯᠪᠢᠬᠤ᠂ ᠲᠠᠯᠪᠢᠬᠤ ᠪᠠ | ᠬᠠᠮᠢᠶᠠᠷᠬᠤ ᠶᠢ ᠤᠶᠠᠯᠳᠤᠭᠤᠯᠬᠤ ᠦᠢᠯᠡᠴᠢᠯᠡᠭᠡ ᠶᠢ ᠰᠢᠯᠢᠳᠡᠭᠵᠢᠬᠦᠯᠬᠦ ᠲᠠᠢ ᠬᠤᠯᠪᠣᠭᠳᠠᠬᠰᠠᠨ ᠱᠠᠭᠠᠷᠳᠠᠯᠭ᠎ᠠ ᠶᠢ | ᠨᠠᠶᠢᠳᠠᠪᠤᠷᠢᠵᠢᠭᠤᠯᠵᠤ᠂ ᠡᠯ᠎ᠡ ᠳᠦᠷᠦᠯ ᠤᠨ ᠪᠡᠶ᠎ᠡ ᠶᠢᠨ ᠳᠠᠮᠢᠷ ᠤᠨ ᠣᠷᠣᠯᠳᠣᠭᠠᠨ ᠤ ᠠᠵᠢᠯᠯᠠᠭᠠᠨ ᠳᠣᠮᠳᠡᠬᠢ | ᠣᠷᠣᠯᠳᠣᠭᠠᠨ ᠤ ᠳᠠᠯᠠᠪᠠᠢ ᠶᠢᠨ ᠦᠢᠯᠠ ᠠᠵᠢᠯᠯᠠᠭ᠎ᠠ ᠶᠢ ᠣᠯᠠᠮ ᠨᠢᠭᠡ ᠠᠯᠬᠤᠮ ᠳᠦᠷᠢᠮᠵᠢᠬᠦᠯᠣᠨ᠂ ᠣᠷᠣᠯᠳᠣᠭᠠᠨ ᠤ | ᠠᠵᠢᠯᠯᠠᠭᠠᠨ ᠤ ᠡᠷᠬᠡ ᠳᠡᠭᠰᠢ᠂ ᠳᠦᠪ ᠭᠤᠣᠯᠴᠢ᠂ ᠠᠮᠣᠷ ᠳᠦᠪᠰᠢᠨ᠂ ᠡᠮᠬᠢ ᠴᠡᠭᠴᠡ ᠲᠠᠢ ᠦᠷᠨᠢᠬᠦ ᠶᠢ ᠪᠠᠳᠣᠯᠠᠠ | ᠂ ᠪᠡᠶ᠎ᠡ ᠶᠢᠨ ᠳᠠᠮᠢᠷ ᠤᠨ ᠦᠢᠯᠡᠰ ᠤᠨ ᠡᠷᠡᠬᠦᠯ ᠬᠦᠭᠵᠢᠯᠳᠠ ᠶᠢ ᠠᠬᠢᠭᠤᠯᠬᠤ ᠶᠢᠨ ᠲᠤᠰᠠᠳᠠ᠂ ︽ ᠪᠦᠬᠦᠳᠠ | ᠨᠠᠶᠢᠷᠠᠮᠳᠠᠬᠤ ᠳᠣᠮᠳᠠᠳᠣ ᠠᠷᠠᠳᠣᠯᠣᠰ ᠤᠨ ᠪᠡᠶ᠎ᠡ ᠶᠢᠨ ᠲᠠᠮᠢᠷ ᠤᠨ ᠬᠠᠣᠯᠢ︾᠂ ︽ᠪᠦᠬᠦᠳᠠ ᠨᠠᠶᠢᠷᠠᠮᠳᠠᠬᠤ ᠳᠣᠮᠳᠠᠳᠣ | ᠠᠷᠠᠳᠣᠯᠣᠰ ᠤᠨ ᠨᠡᠶᠢᠬᠡᠮ ᠤᠨ ᠠᠮᠣᠷ ᠢᠬᠠᠮᠠᠭᠠᠯᠠᠬᠤ ᠬᠠᠮᠢᠶᠠᠷᠤᠯᠳᠠ ᠶᠢᠨ ᠬᠠᠣᠯᠢ︾᠂ ︽ ᠳᠣᠮᠣ ᠬᠡᠪᠴᠢᠶᠠᠨ ᠤ | ᠣᠯᠠᠨ ᠨᠡᠶᠢᠳᠠ ᠶᠢᠨ ᠴᠢᠨᠠᠷᠲᠠᠢ ᠣᠶᠢᠯᠠ ᠠᠵᠢᠯᠯᠠᠭᠠᠨ ᠤ ᠠᠮᠣᠷ ᠳᠦᠪᠰᠢᠨ ᠤ ᠬᠠᠮᠢᠶᠠᠷᠣᠯᠳᠠ ᠶᠢᠨ ᠲᠥᠷᠢᠮ︾ | ᠵᠡᠷᠬᠡ ᠬᠠᠤᠯᠢ ᠴᠠᠭᠠᠵᠠ ᠳᠦᠷᠢᠮ ᠲᠤᠭᠳᠠᠭᠠᠯ ᠢ ᠦᠨᠳᠦᠰᠦᠯᠡᠨ᠂ ᠲᠤᠰ ᠰᠠᠨᠠᠯ ᠢ ᠲᠤᠭᠲᠠᠭᠠᠭᠰᠠᠨ ᠪᠠᠶᠢᠨ᠎ᠠ᠃ | ᠨᠢᠬᠡ᠂ ᠳᠣᠮᠳᠠᠳᠣ ᠣᠯᠣᠰ ᠤᠨ ᠬᠢᠯᠢ ᠳᠤ ᠵᠣᠬᠢᠶᠠᠨ ᠪᠠᠶᠢᠭᠤᠯᠵᠣ ᠪᠠᠶᠢᠭ᠎ᠠ ᠡᠯ᠎ᠡ ᠳᠦᠷᠦᠯ ᠣᠨᠪᠡᠶᠡ ᠶᠢᠨ | ᠲᠠᠮᠢᠷ ᠤᠨ ᠣᠷᠣᠯᠳᠣᠭᠠᠨ ᠤ ᠠᠵᠢᠯᠯᠠᠭ᠎ᠠ ᠳᠤ ᠳᠣᠰ ᠰᠠᠨᠠᠯ ᠳᠣᠬᠢᠷᠠᠨ᠎ᠠ᠃ | ᠬᠤᠶᠠᠷ᠂ ᠪᠦᠬᠦ ᠣᠯᠣᠰ ᠤᠨ ᠴᠢᠨᠠᠷᠳᠠᠢ ᠳ᠋ᠠᠩ ᠳᠦᠷᠦᠯ ᠤᠨ ᠪᠡᠶ᠎ᠡ ᠶᠢᠨ ᠲᠠᠮᠢᠷ ᠤᠨ ᠨᠡᠶᠢᠬᠡᠮᠯᠢᠭ ᠳᠣᠰ ᠰᠠᠨᠠᠯ | ᠳᠤ ᠦᠨᠳᠦᠰᠦᠯᠡᠵᠦ ᠪᠡᠶ᠎ᠡ ᠶᠢᠨ ᠲᠠᠮᠢᠷ ᠤᠨ ᠳᠦᠷᠦᠯ ᠵᠦᠢᠯ ᠤᠨ ᠢᠶᠠᠨ ᠣᠷᠣᠯᠳᠣᠭᠠᠨ ᠤ ᠠᠵᠢᠯᠯᠠᠭᠠᠨ ᠤ ᠳᠣᠬᠠᠢ | ᠬᠠᠮᠢᠶᠠᠷᠣᠯᠳᠠ ᠶᠢᠨ ᠨᠠᠷᠢᠨ ᠲᠥᠷᠢᠮ ᠢ ᠲᠤᠭᠳᠠᠭᠠᠬᠤ ᠪᠦᠭᠡᠳ ᠪᠦᠬᠦ ᠣᠯᠣᠰ ᠤᠨ ᠬᠡᠪᠴᠢᠶᠠᠨ ᠳᠤ ᠵᠢᠭᠠᠨ | ᠵᠢᠯᠣᠭᠤᠳᠴᠤ ᠬᠢᠨᠠᠨ ᠪᠠᠶᠢᠴᠠᠭᠠᠨ᠎ᠠ᠃ | ᠭᠤᠷᠪᠠ᠂ ᠣᠷᠣᠯᠳᠣᠭᠠᠨ ᠤ ᠠᠵᠢᠯᠯᠠᠭᠠᠨ ᠤ ᠵᠣᠬᠢᠶᠠᠨ ᠪᠠᠶᠢᠭᠤᠯᠬᠤ ᠺᠣᠮᠢᠰ ᠳᠣᠰ ᠰᠠᠨᠠᠯ ᠪᠣᠶᠣ ᠪᠦᠬᠦ | ᠣᠯᠣᠰ ᠤᠨ ᠴᠢᠨᠠᠷᠳᠠᠢ ᠲᠠᠩ ᠳᠦᠷᠦᠯ ᠤᠨ ᠪᠡᠶ᠎ᠡ ᠶᠢᠨ ᠲᠠᠮᠢᠷ ᠤᠨ ᠨᠡᠶᠢᠬᠡᠮᠯᠢᠭ ᠤᠨ ᠬᠠᠮᠢᠶᠠᠷᠣᠯᠳᠠ ᠶᠢᠨ ᠨᠠᠷᠢᠨ | ᠳᠦᠷᠢᠮ ᠢ ᠦᠨᠳᠦᠰᠦᠯᠡᠨ᠂ ᠣᠷᠣᠯᠳᠣᠭᠠᠨ ᠤ ᠢᠶᠠᠨ ᠬᠠᠮᠢᠶᠠᠷᠣᠯᠳᠠ᠂ ᠳᠦᠷᠢᠮᠵᠢᠯ ᠢ ᠪᠡᠶᠡᠯᠡᠬᠦᠯᠦᠨ᠎ᠡ᠃ | ᠳᠦᠷᠪᠡ᠂ ᠣᠷᠣᠯᠳᠣᠭᠠᠨ ᠤ ᠠᠵᠢᠯᠯᠠᠭᠠᠨ ᠳᠤ ᠣᠷᠣᠯᠴᠠᠭᠰᠠᠨ ᠳᠠᠮᠢᠷᠴᠢᠨ᠂ ᠳᠠᠰᠬᠠᠯᠵᠢᠭᠤᠯᠣᠭᠴᠢ᠂ | ᠬᠢᠨᠠᠭᠴᠢ᠂ ᠲᠠᠮᠢᠷᠴᠢᠳ ᠤᠨ ᠠᠩᠭᠢ ᠶᠢᠨ ᠲᠤᠰᠠᠯᠠᠬᠤ ᠠᠵᠢᠯᠳᠠᠨ᠂ ᠣᠷᠣᠯᠳᠣᠭᠠᠨ ᠤ ᠠᠵᠢᠯᠯᠠᠭ᠎ᠠ ᠶᠢ ᠵᠣᠬᠢᠶᠠᠨ | ᠪᠠᠶᠢᠭᠤᠯᠣᠭᠴᠢ ᠲᠠᠯ᠎ᠠ ᠶᠢᠨ ᠠᠵᠢᠯᠳᠠᠨ᠂ ᠦᠵᠡᠭᠴᠢᠳ ᠵᠡᠷᠬᠡ ᠣᠯᠠᠨ ᠨᠡᠶᠢᠳᠠ ᠳᠣᠰ ᠰᠠᠨᠠᠯ ᠪᠣᠯᠣᠨ ᠬᠤᠯᠪᠣᠭᠳᠠᠬᠤ | ᠬᠠᠮᠢᠶᠠᠷᠤᠯᠳᠠ ᠶᠢᠨ ᠨᠠᠷᠢᠨ ᠳᠦᠷᠢᠮ ᠳᠦᠷᠢᠮᠵᠢᠯ ᠢ ᠵᠢᠷᠤᠮᠯᠠᠨ᠎ᠠ᠃ | ᠣᠷᠣᠯᠳᠣᠭᠠᠨ ᠤ ᠠᠵᠢᠯᠯᠠᠭᠠᠨ ᠳᠤ ᠣᠷᠣᠯᠴᠠᠵᠣ ᠪᠠᠶᠢᠭ᠎ᠠ ᠭᠠᠳᠠᠭᠠᠳᠣ ᠣᠯᠣᠰ ᠤᠨ ᠳᠠᠮᠢᠷᠴᠢᠨ ᠪᠣᠯᠣᠨ | ᠳᠠᠰᠬᠠᠯᠵᠢᠭᠤᠯᠣᠭᠴᠢ ᠨᠠᠷ ᠢ ᠬᠠᠮᠢᠶᠠᠷᠬᠤ ᠳᠠᠭᠠᠨ ᠳᠣᠰ ᠰᠠᠨᠠᠯ ᠪᠣᠯᠣᠨ ᠬᠤᠯᠪᠣᠭᠳᠠᠬᠤ ᠬᠠᠤᠯᠢ ᠴᠠᠭᠠᠵᠠ ᠳᠦᠷᠢᠮ | ᠳᠣᠭᠳᠠᠭᠠᠯ ᠢ ᠯᠠᠪᠯᠠᠵᠦ ᠪᠤᠯᠤᠨ᠎ᠠ᠃ | ᠳᠠᠪᠤ᠂ ᠣᠷᠣᠯᠳᠣᠭᠠᠨ ᠤ ᠠᠵᠢᠯᠯᠠᠭᠠᠨ ᠤ ᠬᠠᠮᠢᠶᠠᠷᠣᠯᠳᠠ ᠨᠢ ᠬᠦᠲᠦᠯᠦᠨ ᠲᠠᠭᠠᠭᠤᠯᠬᠤ᠂ ᠬᠦᠮᠦᠵᠢᠬᠦᠯᠬᠦ | ᠪᠣᠯᠣᠨ ᠰᠢᠢᠳᠬᠡᠯ ᠦᠭᠬᠦ ᠶᠢ ᠣᠶᠠᠯᠳᠣᠭᠤᠯᠵᠤ᠂ ᠡᠷᠬᠡ ᠳᠡᠭᠰᠢ᠂ ᠳᠦᠪ ᠭᠤᠣᠯᠴᠢ᠂ ᠨᠡᠬᠡᠬᠡᠯᠳᠠ ᠲᠠᠢ᠂ ᠴᠠᠭ | ᠲᠠᠷᠤᠢ ᠳᠤᠨᠢ ᠂ ᠳᠣᠬᠢᠷᠠᠮᠵᠢᠳᠠᠢ ᠪᠠᠶᠢᠬᠤ ᠵᠠᠷᠴᠢᠮ ᠢ ᠪᠠᠷᠢᠮᠳᠠᠯᠠᠨ᠎ᠠ᠃ | ᠵᠢᠷᠭᠤᠭ᠎ᠠ᠂ ᠣᠷᠣᠯᠳᠣᠭᠠᠨ ᠤ ᠠᠵᠢᠯᠯᠠᠭᠠᠨ ᠤ ᠵᠣᠬᠢᠶᠠᠨ ᠪᠠᠶᠢᠭᠤᠯᠬᠤ ᠺᠣᠮᠢᠰ᠄ | ︵ᠨᠢᠬᠡ︶ ᠣᠬᠠᠮᠰᠠᠷ ᠠᠴᠠ ᠪᠠᠨ ᠨᠡᠶᠢᠬᠡᠮ ᠵᠢᠷᠣᠮ ᠤᠨ ᠭᠤᠣᠯᠯᠠᠭᠴᠢ ᠦᠷᠳᠡᠭ ᠤᠨ ᠦᠵᠡᠯᠳᠡ ᠶᠢ | ᠣᠷᠣᠯᠳᠣᠭᠠᠨ ᠤ ᠠᠵᠢᠯᠯᠠᠭᠠᠨ ᠳᠤ ᠠᠭᠤᠰᠬᠠᠵᠤ᠂ ᠡᠷᠡᠬᠦᠯ ᠴᠢᠬᠢᠷᠠᠭ ᠣᠷᠣᠭᠰᠢ ᠳᠠᠪᠰᠢᠬᠤ᠂ ᠡᠪ ᠨᠠᠶᠢᠷᠠᠮᠳᠠᠭᠤ | ᠪᠣᠯᠪᠠᠰᠣᠨ ᠣᠷᠣᠯᠳᠣᠭᠠᠨ ᠤ ᠳᠠᠯᠠᠪᠠᠢ ᠶᠢᠨ ᠠᠭᠤᠷ ᠠᠮᠢᠰᠬᠤᠯ ᠪᠣᠯᠣᠨ ᠶᠠᠷᠢᠶ᠎ᠠ ᠬᠡᠯᠡᠯᠴᠡᠭᠡ ᠰᠣᠷᠳᠠᠯ ᠣᠬᠠᠭᠤᠯᠭ᠎ᠠ | ᠶᠢᠨ ᠠᠭᠤᠷ ᠠᠮᠢᠰᠬᠤᠯ ᠢ ᠢᠳᠡᠪᠬᠢᠳᠠᠢ ᠪᠣᠢ ᠪᠣᠯᠭᠠᠨ᠎ᠠ᠃ | ︵ᠬᠤᠶᠠᠷ︶ ᠣᠷᠣᠯᠳᠣᠭᠠᠨ ᠤ ᠠᠵᠢᠯᠯᠠᠭ᠎ᠠ ᠶᠢ ᠨᠢᠬᠡᠳᠣᠯᠳᠠᠢ ᠬᠠᠮᠢᠶᠠᠷᠴᠤ᠂ ᠵᠣᠬᠢᠶᠠᠨ ᠪᠠᠶᠢᠭᠤᠯᠬᠤ | ᠳᠦᠯᠦᠪᠯᠡᠭᠡ ᠶᠢ ᠰᠢᠨᠵᠢᠯᠡᠬᠦ ᠣᠬᠠᠭᠠᠨᠴᠢ ᠪᠠᠷ ᠳᠣᠭᠳᠠᠭᠠᠨ᠂ ᠬᠡᠷᠡᠭᠵᠢᠬᠦᠯᠬᠦ ᠳᠦᠰᠦᠯ ᠶᠤᠰᠤᠭᠠᠷ ᠬᠦᠢᠴᠡᠳᠬᠡᠵᠤ᠂ | ᠬᠡᠷᠡᠭᠴᠡᠭᠡ ᠱᠠᠭᠠᠷᠳᠠᠯᠭ᠎ᠠ ᠳᠠᠭᠠᠨ ᠦᠨᠳᠦᠰᠦᠯᠡᠵᠦ᠂ ᠤᠷᠤᠯᠳᠤᠭᠠᠨ᠂ ᠪᠠᠳᠣᠯᠠᠭ᠎ᠠ᠂ ᠰᠣᠷᠳᠠᠯ ᠣᠬᠠᠭᠤᠯᠭ᠎ᠠ᠂ | ᠦᠢᠯᠡᠴᠢᠯᠡᠭᠡ᠂ ᠡᠮ ᠡᠮᠨᠡᠯᠭᠡ᠂ ᠬᠦᠬᠡᠷᠦᠯᠳᠠ ᠶᠢᠨ ᠡᠮ ᠢ ᠬᠤᠷᠢᠭᠯᠠᠬᠤ᠂ ᠰᠠᠬᠢᠯᠭ᠎ᠠ ᠪᠠᠳᠣ ᠪᠠᠶᠢᠴᠠᠭᠠᠬᠤ ᠵᠡᠷᠬᠡ | ᠳᠣᠰᠬᠠᠢ ᠺᠣᠮᠢᠰ ᠢ ᠪᠠᠶᠢᠭᠤᠯᠵᠤ᠂ ᠠᠵᠢᠯ ᠢᠶᠠᠨ ᠵᠦᠢ ᠵᠤᠬᠢᠰᠳᠠᠢ ᠬᠤᠪᠢᠶᠠᠷᠢᠯᠠᠨ ᠪᠠᠶᠢᠷᠢᠯᠠᠭᠤᠯᠵᠤ᠂ | ᠣᠷᠣᠯᠳᠣᠭᠠᠨ ᠤ ᠲᠤᠭᠤᠷᠢᠭ ᠤᠨ ᠡᠯ᠎ᠡ ᠵᠣᠬᠢᠶᠠᠨ ᠪᠠᠶᠢᠭᠤᠯᠣᠯᠳᠠ ᠪᠠᠶᠢᠭᠤᠯᠤᠮᠵᠢ ᠶᠢ ᠵᠣᠬᠢᠴᠠᠭᠤᠯᠣᠨ᠂ | ᠣᠷᠣᠯᠳᠣᠭᠠᠨ ᠤ ᠳᠠᠯᠠᠪᠠᠢ ᠶᠢᠨ ᠠᠵᠢᠯᠯᠠᠭ᠎ᠠ ᠳᠤ ᠬᠢᠨᠠᠯᠳᠠ ᠲᠠᠯᠪᠢᠨ ᠵᠢᠯᠣᠭᠤᠳᠴᠤ᠂ ᠳᠦᠷᠢᠮ ᠤᠨ | ᠪᠠᠶᠢᠭᠤᠯᠣᠯᠳᠠ ᠶᠢ ᠴᠢᠩᠭᠠᠳᠬᠠᠨ᠎ᠠ᠃ | ︵ᠭᠤᠷᠪᠠ︶ ᠳᠠᠯᠠᠪᠠᠢ᠂ ᠬᠡᠷᠡᠭᠰᠡᠯ᠂ ᠳᠠᠭᠤ᠂ ᠭᠡᠷᠡᠯᠳᠦᠬᠦᠯᠬᠡ᠂ LED᠂ ᠫᠠᠶᠢᠰᠠ ᠢᠯᠡᠷᠬᠡᠶᠢᠯᠡᠯ ᠪᠣᠯᠣᠨ | ᠴᠢᠮᠡᠭᠡ ᠬᠤᠯᠪᠣᠭ᠎ᠠ᠂ ᠵᠠᠮ ᠨᠡᠪᠳᠡᠷᠡᠯᠬᠡ᠂ ᠠᠮᠣᠷ ᠢ ᠬᠠᠮᠠᠭᠠᠯᠠᠬᠤ᠂ ᠠᠮᠣᠷ ᠳᠦᠪᠰᠢᠨ ᠤ ᠪᠠᠶᠢᠴᠠᠭᠠᠯᠳᠠ᠂ ᠭᠠᠯ | ᠰᠡᠷᠬᠡᠶᠢᠯᠡᠬᠦ᠂ ᠪᠠᠴᠢᠮ ᠠᠪᠣᠷᠠᠯᠳᠠ᠂ ᠪᠠᠴᠢᠮ ᠪᠠᠶᠢᠳᠠᠯ ᠢ ᠠᠷᠭᠠᠴᠠᠬᠤ ᠰᠤᠪᠠᠭ ᠵᠡᠷᠬᠡ ᠳᠦᠬᠦᠷᠦᠮᠵᠢ ᠶᠢᠨ ᠬᠡᠪ | ᠤᠨ ᠶᠤᠰᠤᠭᠠᠷ ᠠᠵᠢᠯᠯᠠᠬᠤ ᠶᠢ ᠪᠠᠳᠤᠯᠠᠵᠦ᠂ ᠣᠷᠣᠯᠳᠣᠭᠠᠨ ᠤ ᠣᠷᠣᠭᠰᠢᠳᠠᠢ ᠶᠠᠪᠣᠭᠳᠠᠬᠤ ᠶᠢ ᠪᠠᠳᠣᠯᠠᠨ᠎ᠠ᠃ | ︵ᠳᠦᠷᠪᠡ︶ ᠪᠢᠯᠧᠲ ᠳᠡᠮᠳᠡᠭ ᠤᠨ ᠬᠠᠮᠢᠶᠠᠷᠣᠯᠳᠠ ᠶᠢ ᠬᠡᠷᠡᠭᠵᠢᠬᠦᠯᠦᠨ᠂ ᠣᠷᠣᠯᠳᠣᠭᠠᠨ ᠤ ᠳᠠᠯᠠᠪᠠᠢ ᠶᠢᠨ | ᠠᠮᠣᠷ ᠳᠦᠪᠰᠢᠨ ᠤ ᠠᠵᠢᠯ ᠢ ᠴᠢᠩᠭᠠᠳᠬᠠᠨ᠎ᠠ᠃ ᠣᠷᠣᠯᠳᠣᠭᠠᠨ ᠤ ᠳᠠᠯᠠᠪᠠᠢ ᠶᠢᠨ ᠣᠷᠣᠵᠣ ᠭᠠᠷᠬᠤ ᠡᠮᠬᠢ ᠲᠢᠭᠯᠢᠮ | ᠢ ᠳᠦᠷᠢᠮᠵᠢᠬᠦᠯᠦᠨ᠂ ᠣᠷᠣᠯᠳᠣᠭᠠᠨ ᠢ ᠦᠵᠡᠬᠦ ᠣᠷᠴᠢᠨ ᠳᠣᠭᠤᠷᠢᠨ ᠤ ᠬᠠᠮᠢᠶᠠᠷᠣᠯᠳᠠ ᠢ ᠴᠢᠩᠭᠠᠳᠬᠠᠨ᠂ | ᠣᠷᠣᠯᠳᠣᠭᠠᠨ ᠤ ᠳᠠᠯᠠᠪᠠᠢ ᠳᠤ ᠠᠶᠣᠯᠳᠠᠢ ᠪᠣᠳᠠᠰ ᠢᠯᠡᠷᠡᠬᠦ ᠪᠣᠯᠣᠨ ᠣᠷᠣᠯᠳᠣᠭᠠᠨ ᠤ ᠳᠠᠯᠠᠪᠠᠢ ᠶᠢᠨ ᠡᠮᠬᠢ | ᠲᠢᠭᠯᠢᠮ ᠢ ᠡᠪᠳᠡᠬᠦ᠂ ᠡᠷᠡᠭᠦᠯ ᠪᠣᠯᠪᠠᠰᠣᠨ ᠪᠣᠰᠣ᠂ ᠬᠠᠷᠢᠶᠠᠵᠣ ᠳᠣᠷᠣᠮᠵᠢᠯᠠᠬᠤ ᠪᠣᠶᠣ ︽ᠳᠦᠪᠡᠳ ᠢ | ᠳᠣᠰᠠᠭᠠᠠᠷᠯᠠᠭᠤᠯᠬᠤ︾ ᠂ ︽ᠰᠢᠨᠵᠢᠶᠠᠩ ᠢ ᠳᠣᠰᠠᠭᠠᠠᠷᠯᠠᠭᠤᠯᠬᠤ︾ ᠂ ︽ᠳᠠᠶᠢᠸᠠᠨᠢ ᠳᠣᠰᠠᠭᠠᠠᠷᠯᠠᠭᠤᠯᠬᠤ︾᠂ ︽ | ᠹᠠᠯᠦ᠋ᠨ ᠪᠢᠰᠢᠯᠭᠠᠯ︾ ᠵᠡᠷᠬᠡ ᠦᠨᠳᠦᠰᠦᠳᠡᠨ ᠤ ᠪᠦᠯᠬᠦᠮᠳᠡᠯ ᠢ ᠡᠪᠳᠡᠬᠦ᠂ ᠣᠯᠣᠰ ᠣᠷᠣᠨ ᠢ ᠬᠠᠭᠠᠴᠠᠭᠤᠯᠬᠤ᠂ | ᠨᠡᠶᠢᠬᠡᠮ ᠢ ᠡᠰᠡᠷᠬᠦᠴᠡᠭᠦ ᠬᠠᠨᠳᠣᠯᠭ᠎ᠠ ᠲᠠᠢ ᠶᠠᠷᠢᠶ᠎ᠠ ᠬᠡᠯᠡᠯᠴᠡᠭᠡ᠂ ᠳᠤᠭ᠂ ᠣᠷᠢᠶ᠎ᠠ ᠯᠣᠽᠦ᠋ᠩ ᠢᠯᠡᠷᠡᠬᠦ ᠶᠢ | ᠬᠤᠷᠢᠭᠯᠠᠨ᠂ ᠬᠡᠷᠡᠬᠦᠯ ᠵᠣᠳᠣᠭᠠᠨ᠂ ᠰᠢᠬᠠᠯᠳᠣᠨ ᠴᠢᠬᠢᠯᠳᠣᠵᠣ ᠬᠢᠰᠬᠢᠬᠦ ᠬᠡᠷᠡᠭ ᠭᠠᠷᠬᠤ ᠠᠴᠠ ᠰᠡᠷᠬᠡᠶᠢᠯᠡᠨ᠎ᠡ᠃ | ︵ᠳᠠᠪᠤ︶ ᠳᠣᠰ ᠰᠠᠨᠠᠯ ᠪᠣᠯᠣᠨ ᠬᠤᠯᠪᠣᠭᠳᠠᠬᠤ ᠬᠠᠮᠢᠶᠠᠷᠣᠯᠳᠠ ᠶᠢᠨ ᠨᠠᠷᠢᠨ ᠳᠦᠷᠢᠮ ᠪᠣᠯᠣᠨ | ᠳᠦᠷᠢᠮᠵᠢᠯ ᠢ ᠳᠦᠪ ᠴᠢᠩᠭ᠎ᠠ ᠬᠡᠷᠡᠭᠵᠢᠬᠦᠯᠦᠨ᠂ ᠣᠷᠣᠯᠳᠣᠭᠠᠨ ᠤ ᠠᠵᠢᠯᠯᠠᠭᠠᠨ ᠤ ᠡᠯ᠎ᠡ ᠳᠦᠷᠦᠯ ᠤᠨ | ᠪᠠᠳᠣᠯᠠᠭ᠎ᠠ ᠶᠢᠨ ᠠᠵᠢᠯ ᠢ ᠴᠢᠩᠭᠠᠳᠬᠠᠨ᠂ ᠬᠡᠨᠡᠳᠳᠠ ᠶᠢᠨ ᠪᠠᠴᠢᠮ ᠪᠠᠶᠢᠳᠠᠯ ᠢ ᠠᠷᠭᠠᠴᠠᠬᠤ ᠲᠦᠰᠦᠯ ᠲᠣᠬᠲᠠᠭᠠᠵᠦ᠂ | ᠣᠷᠣᠯᠳᠣᠭᠠᠨ ᠤ ᠣᠷᠣᠭᠰᠢᠳᠠᠢ ᠶᠠᠪᠣᠭᠳᠠᠬᠤ ᠶᠢ ᠪᠠᠳᠣᠯᠠᠨ᠎ᠠ᠃ | ᠳᠣᠯᠤᠭ᠎ᠠ᠂ ᠳᠠᠮᠢᠷᠴᠢᠨ ᠄ | ︵ᠨᠢᠬᠡ︶ ᠡᠬᠡ ᠣᠯᠣᠰ ᠢᠶᠠᠨ ᠬᠠᠶᠢᠷᠠᠯᠠᠨ᠂ ᠤᠬᠠᠮᠰᠠᠷ ᠠᠴᠠ ᠪᠠᠨ ᠤᠯᠤᠰ ᠤᠷᠤᠨ ᠤ ᠠᠰᠢᠭ ᠳᠣᠰᠠ | ᠪᠤᠯᠤᠨ ᠨᠡᠷ᠎ᠡ ᠬᠦᠨᠳᠦ ᠶᠢ ᠬᠠᠮᠠᠭᠠᠯᠠᠨ᠎ᠠ᠃ | ︵ᠬᠤᠶᠠᠷ︶ ᠪᠡᠶ᠎ᠡ ᠶᠢᠨ ᠲᠠᠮᠢᠷ ᠤᠨ ᠵᠣᠷᠢᠭ ᠰᠠᠨᠠᠭ᠎ᠠ ᠶᠢ ᠪᠠᠳᠠᠷᠠᠭᠤᠯᠵᠣ᠂ ᠨᠣᠭᠤᠷᠠᠰᠢ ᠦᠬᠡᠢ ᠮᠡᠷᠡᠶᠢᠨ | ᠴᠢᠷᠮᠠᠶᠢᠵᠣ᠂ ᠪᠦᠯᠬᠦᠮᠳᠡᠨ ᠬᠠᠮᠵᠢᠯᠴᠠᠵᠦ᠂ ᠬᠠᠤᠯᠢ ᠳᠦᠷᠢᠮ ᠢ ᠵᠢᠷᠣᠮᠯᠠᠵᠣ᠂ ᠡᠷᠬᠡ ᠳᠡᠭᠰᠢ ᠦᠷᠢᠰᠦᠯᠳᠦᠨ᠂ | ᠬᠢᠨᠠᠭᠴᠢ ᠶᠢ ᠬᠦᠨᠳᠦᠯᠡᠨ᠂ ᠦᠷᠢᠰᠦᠯᠳᠦᠭᠴᠢ ᠡᠳᠡᠬᠡᠳ ᠢᠶᠠᠨ ᠬᠦᠨᠳᠦᠯᠡᠨ᠂ ᠦᠵᠡᠭᠴᠢᠳ ᠢ ᠬᠦᠨᠳᠦᠯᠡᠨ᠎ᠡ᠃ | ︵ᠭᠤᠷᠪᠠ︶ ︽ᠬᠦᠬᠡᠷᠦᠯᠳᠡ ᠶᠢᠨ ᠡᠮ ᠢ ᠬᠤᠷᠢᠭᠯᠠᠬᠤ ᠲᠥᠷᠢᠮ︾ ᠪᠣᠯᠣᠨ ᠬᠠᠮᠢᠶ᠎ᠠ ᠪᠦᠬᠦᠢ ᠳᠦᠷᠢᠮ | ᠳᠣᠭᠳᠠᠭᠠᠯ ᠢ ᠵᠢᠷᠣᠮᠯᠠᠵᠣ᠂ ᠬᠦᠬᠡᠷᠦᠯᠳᠠ ᠶᠢᠨ ᠡᠮ ᠬᠡᠷᠡᠭᠯᠡᠬᠦ ᠶᠢ ᠲᠠᠰᠤ ᠬᠤᠷᠢᠭᠯᠠᠨ᠎ᠠ᠃ | ︵ᠳᠦᠷᠪᠡ︶ ᠣᠷᠣᠯᠳᠣᠭᠠᠨ ᠤ ᠲᠠᠰᠤᠯᠤᠯᠳᠠ ᠰᠢᠢᠳᠭᠡᠯ ᠳᠤ ᠣᠨᠳᠣᠣ ᠰᠠᠨᠠᠯ ᠲᠠᠢ ᠦᠶ᠎ᠡ ᠳᠤ᠂ ᠲᠤᠬᠲᠠᠭᠠᠭᠰᠠᠨ | ᠠᠯᠬᠤᠮ ᠲᠠᠷᠠᠭᠠᠯᠠᠯ ᠤᠨ ᠲᠠᠭᠠᠤ ᠭᠤᠮᠣᠳᠠᠯ ᠲᠤᠭᠠᠴᠢᠨ᠎ᠠ᠃ ᠂ | ᠨᠠᠢᠮᠠ᠂ ᠳᠠᠰᠬᠠᠯᠵᠢᠭᠤᠯᠤᠭᠴᠢ ᠄ | ︵ᠨᠢᠬᠡ︶ ᠣᠷᠣᠯᠳᠣᠭᠠᠨ ᠠᠴᠠ ᠡᠮᠦᠨᠡᠬᠢ ᠪᠡᠯᠡᠳᠬᠡᠯ ᠪᠣᠯᠣᠨ ᠣᠷᠣᠯᠳᠣᠭᠠᠨ ᠤ ᠤᠴᠢᠷ ᠶᠠᠪᠣᠳᠠᠯ ᠢᠶᠠᠨ | ᠰᠢᠨᠵᠢᠯᠡᠬᠦ ᠣᠬᠠᠭᠠᠨᠴᠢ ᠵᠦᠢ ᠵᠣᠬᠢᠰᠳᠠᠢ ᠳᠣᠬᠢᠷᠠᠭᠤᠯᠣᠨ᠂ ᠣᠷᠣᠯᠳᠣᠭᠠᠨ ᠤ ᠦᠶ᠎ᠡ ᠳᠤ ᠵᠢᠭᠠᠨ ᠵᠢᠯᠣᠭᠤᠳᠬᠤ | ᠴᠢᠳᠠᠪᠣᠷᠢ ᠪᠠᠨ ᠳᠡᠬᠡᠭᠰᠢᠯᠡᠬᠦᠯᠦᠨ᠎ᠡ᠃ ᠡᠭᠦᠨ ᠳᠤ᠂ᠤᠷᠤᠯᠳᠤᠭᠠᠨ ᠤ ᠲᠠᠯᠠᠪᠠᠢ ᠶᠢ ᠶᠠᠷᠦᠩᠭᠡᠢ ᠳᠤᠨᠢ ᠠᠵᠢᠵᠦ | ᠲᠤᠩᠭᠠᠬᠤ᠂ ᠪᠦᠬᠦᠯᠢ ᠴᠤᠭᠴᠠ ᠳᠤᠨᠢ ᠡᠵᠡᠮᠳᠡᠬᠦ᠂ ᠲᠤᠬᠠᠢ ᠲᠠᠯᠠᠪᠠᠢ ᠲᠡᠭᠡᠷ᠎ᠠ ᠠᠷᠭᠠᠯᠠᠵᠦ ᠠᠷᠭᠠᠴᠠᠬᠤ ᠵᠡᠷᠭᠡ | ᠴᠢᠳᠠᠪᠤᠷᠢ ᠪᠠᠭᠲᠠᠨ᠎ᠠ᠃ | ︵ᠬᠤᠶᠠᠷ︶ ᠣᠷᠣᠯᠳᠣᠭᠠᠨ ᠤ ᠳᠦᠷᠢᠮ ᠳᠣᠭᠳᠠᠭᠠᠯ ᠠᠯᠬᠤᠮ ᠲᠠᠷᠠᠭᠠᠯᠠᠯ ᠢ ᠵᠢᠷᠣᠮᠯᠠᠬᠤ ᠶᠢ ᠳᠠᠮᠢᠷᠴᠢᠨ | ᠳᠠᠭᠠᠨ ᠰᠠᠨᠠᠭᠤᠯᠤᠨ ᠰᠤᠷᠭᠠᠬᠤ᠂ ᠬᠦᠳᠦᠯᠦᠨ ᠲᠠᠭᠠᠭᠤᠯᠬᠤ᠂ ᠱᠠᠭᠠᠷᠳᠠᠬᠤ ᠡᠷᠭᠡ ᠲᠠᠢ᠂ ᠣᠷᠣᠯᠳᠣᠭᠠᠨ ᠤᠨ | ᠳᠠᠯᠠᠪᠠᠢ ᠳᠠᠬᠢ ᠪᠣᠯᠪᠠᠰᠣᠨ ᠪᠣᠰᠣ ᠦᠬᠡ ᠶᠠᠷᠢᠶ᠎ᠠ ᠦᠢᠯᠡ ᠠᠵᠢᠯᠯᠠᠭ᠎ᠠ ᠶᠢ ᠴᠠᠭ ᠳᠣᠬᠠᠢ ᠳᠤᠨᠢ ᠬᠤᠷᠢᠭᠯᠠᠨ | ᠵᠣᠭᠰᠣᠭᠠᠵᠣ᠂ ᠳᠠᠮᠢᠷᠴᠢᠳ ᠲᠠᠭᠠᠨ ᠳᠣᠬᠢᠷᠠᠭᠤᠯᠣᠯᠳᠠ ᠬᠢᠬᠦ᠂ ᠰᠣᠯᠢᠬᠤ ᠡᠷᠬᠡ ᠲᠠᠢ᠃ | ︵ᠭᠤᠷᠪᠠ︶ ︽ᠬᠦᠬᠡᠷᠦᠯᠳᠡ ᠶᠢᠨ ᠡᠮ ᠢ ᠬᠤᠷᠢᠭᠯᠠᠬᠤ ᠲᠥᠷᠢᠮ︾ ᠪᠣᠯᠣᠨ ᠬᠠᠮᠢᠶ᠎ᠠ ᠪᠦᠬᠦᠢ ᠳᠦᠷᠢᠮ | ᠳᠣᠭᠳᠠᠭᠠᠯ ᠢ ᠵᠢᠷᠣᠮᠯᠠᠨ᠎ᠠ᠂ ᠲᠠᠮᠢᠷᠴᠢᠳ ᠢᠶᠠᠨ ᠵᠣᠬᠢᠶᠠᠨ ᠪᠠᠶᠢᠭᠤᠯᠵᠤ᠂ ᠠᠯᠪᠠᠳᠠᠵᠤ᠂ ᠮᠡᠬᠡᠯᠡᠵᠤ᠂ ᠦᠳᠦᠬᠡᠵᠤ᠂ | ᠬᠠᠮᠵᠢᠵᠦ ᠪᠠᠶᠢᠭᠠᠳ ᠬᠦᠬᠡᠷᠦᠯᠳᠠ ᠶᠢᠨ ᠡᠮ ᠬᠡᠷᠡᠭᠯᠡᠬᠦ ᠶᠢ ᠲᠠᠰᠤ ᠬᠤᠷᠢᠭᠯᠠᠨ᠎ᠠ᠃ | ︵ᠳᠦᠷᠪᠡ︶ ᠣᠷᠣᠯᠳᠣᠭᠠᠨ ᠤ ᠲᠠᠰᠤᠯᠤᠯᠳᠠ ᠰᠢᠢᠳᠭᠡᠯ ᠳᠤ ᠣᠨᠳᠣᠣ ᠰᠠᠨᠠᠯ ᠲᠠᠢ ᠦᠶ᠎ᠡ ᠳᠤ᠂ | ᠲᠤᠬᠲᠠᠭᠠᠭᠰᠠᠨ ᠠᠯᠬᠤᠮ ᠲᠠᠷᠠᠭᠠᠯᠠᠯ ᠤᠨ ᠲᠠᠭᠠᠤ ᠭᠤᠮᠣᠳᠠᠯ ᠲᠤᠭᠠᠴᠢᠨ᠎ᠠ᠃ | ᠶᠢᠰᠦ᠂ ᠬᠢᠨᠠᠭᠴᠢ ᠄ | ︵ᠨᠢᠬᠡ︶ ᠳᠦᠷᠢᠮ ᠳᠣᠭᠳᠠᠭᠠᠯ᠂ ᠠᠯᠬᠤᠮ ᠲᠠᠷᠠᠭᠠᠯᠠᠯ ᠢ ᠨᠢ ᠪᠣᠯᠪᠠᠰᠣᠷᠠᠩᠭᠤᠢ ᠵᠦᠪ ᠣᠨᠣᠪᠴᠢᠳᠠᠢ | ᠣᠶᠢᠯᠠᠭᠠᠨ ᠡᠵᠡᠮᠰᠢᠵᠦ᠂ ᠣᠷᠣᠯᠳᠣᠭᠠᠨ ᠢ ᠬᠢᠨᠠᠨ ᠰᠢᠬᠦᠨᠡ᠃ | ︵ᠬᠤᠶᠠᠷ︶ ᠦᠨᠡᠨ ᠠᠴᠠ ᠵᠦᠪ ᠢ ᠡᠷᠢᠨ᠂ ᠳᠦᠪ ᠴᠢᠩᠭ᠎ᠠ᠂ ᠨᠠᠷᠢᠨ ᠬᠢᠨᠠᠮᠠᠭᠠᠢ᠂ ᠳᠦᠪ ᠭᠤᠣᠯᠴᠢ ᠪᠠᠷ | ᠣᠷᠣᠯᠳᠣᠭᠠᠨ ᠢ ᠬᠢᠨᠠᠨ ᠰᠢᠬᠦᠨᠡ᠃ | ︵ᠭᠤᠷᠪᠠ︶ᠣᠷᠣᠯᠳᠣᠭᠠᠨ ᠤᠨ ᠳᠠᠯᠠᠪᠠᠢ ᠳᠠᠬᠢ ᠪᠣᠯᠪᠠᠰᠣᠨ ᠪᠣᠰᠣ ᠦᠬᠡ ᠶᠠᠷᠢᠶ᠎ᠠ ᠦᠢᠯᠡ ᠠᠵᠢᠯᠯᠠᠭ᠎ᠠ ᠶᠢ | ᠴᠠᠭ ᠳᠣᠬᠠᠢ ᠳᠤᠨᠢ ᠬᠤᠷᠢᠭᠯᠠᠨ ᠵᠣᠭᠰᠣᠭᠠᠵᠣ ᠂ ᠳᠣᠬᠠᠢ ᠶᠢᠨ ᠳᠠᠯᠠᠪᠠᠢ ᠳᠤ ᠨᠢ ᠲᠠᠰᠤᠯᠤᠨ | ᠰᠢᠢᠳᠭᠡᠬᠦ ᠡᠷᠬᠡ ᠲᠠᠢ᠃ | ᠠᠷᠪᠠ᠂ ᠲᠠᠮᠢᠷᠴᠢᠳ ᠤᠨ ᠠᠩᠭᠢ ᠶᠢᠨ ᠲᠤᠰᠠᠯᠠᠬᠤ ᠠᠵᠢᠯᠳᠠᠨ᠄ | ︵ᠨᠢᠬᠡ︶ ᠲᠠᠮᠢᠷᠴᠢᠳ ᠤᠨ ᠠᠩᠬᠢ ᠶᠢᠨ ᠬᠠᠮᠢᠶᠠᠷᠣᠯᠳᠠ ᠶᠢ ᠳᠠᠭᠠᠵᠣ᠂ ᠳᠠᠮᠢᠷᠴᠢᠨ ᠢᠶᠠᠷ ᠳᠦᠪ ᠪᠣᠯᠭᠠᠨ᠂ | ᠲᠠᠮᠢᠷᠴᠢᠳ ᠤᠨ ᠠᠩᠬᠢ ᠶᠢᠨ ᠦᠢᠯᠡᠴᠢᠯᠡᠬᠡᠨ ᠤ ᠪᠠᠳᠣᠯᠠᠭ᠎ᠠ ᠲᠠᠢ ᠬᠤᠯᠪᠣᠭᠳᠠᠬᠤ ᠠᠵᠢᠯ ᠢ ᠢᠳᠡᠪᠬᠢᠳᠠᠢ ᠰᠠᠶᠢᠲᠤᠷ | ᠬᠢᠨ᠎ᠡ᠃ | ︵ᠬᠤᠶᠠᠷ︶ ︽ᠬᠦᠬᠡᠷᠦᠯᠳᠡ ᠶᠢᠨ ᠡᠮ ᠢ ᠬᠤᠷᠢᠭᠯᠠᠬᠤ ᠲᠥᠷᠢᠮ︾ ᠪᠣᠯᠣᠨ ᠬᠠᠮᠢᠶ᠎ᠠ ᠪᠦᠬᠦᠢ ᠳᠦᠷᠢᠮ | ᠳᠣᠭᠳᠠᠭᠠᠯ ᠢ ᠵᠢᠷᠣᠮᠯᠠᠵᠣ᠂ ᠬᠦᠬᠡᠷᠦᠯᠳᠡ ᠶᠢᠨ ᠡᠮ ᠤᠨ ᠪᠠᠶᠢᠴᠠᠭᠠᠯᠳᠠ ᠬᠢᠬᠦ ᠶᠢ ᠬᠤᠷᠢᠭᠯᠠᠨ ᠨᠦᠯᠦᠬᠡᠯᠡᠵᠣ ᠪᠣᠯᠬᠤ | ᠦᠬᠡᠢ᠂ ᠬᠦᠬᠡᠷᠦᠯᠳᠡ ᠶᠢᠨ ᠡᠮ ᠤᠨ ᠪᠠᠶᠢᠴᠠᠭᠠᠯᠳᠠ ᠶᠢᠨ ᠦᠷ᠎ᠡ ᠳ᠋ᠦᠩ ᠢ ᠨᠦᠯᠦᠬᠡᠯᠡᠬᠦ ᠠᠵᠢᠯᠯᠠᠭ᠎ᠠ ᠬᠢᠵᠣ ᠪᠣᠯᠬᠤ | ᠦᠬᠡᠢ᠃ | ᠠᠷᠪᠠᠨ ᠨᠢᠬᠡ᠂ ᠣᠷᠣᠯᠳᠣᠭᠠᠨ ᠤ ᠠᠵᠢᠯᠯᠠᠭ᠎ᠠ ᠶᠢ ᠵᠣᠬᠢᠶᠠᠨ ᠪᠠᠶᠢᠭᠤᠯᠣᠭᠴᠢ ᠲᠠᠯ᠎ᠠ ᠶᠢᠨ ᠠᠵᠢᠯᠳᠠᠨ ᠄ | ︵ᠨᠢᠬᠡ︶ ᠣᠷᠣᠯᠳᠣᠭᠠᠨᠢ ᠵᠣᠬᠢᠶᠠᠨ ᠪᠠᠶᠢᠭᠤᠯᠵᠣ ᠪᠠᠶᠢᠭ᠎ᠠ ᠺᠣᠮᠢᠰ ᠤᠨ ᠵᠠᠬᠢᠷᠴᠤ ᠳᠣᠬᠢᠷᠠᠭᠤᠯᠣᠯᠳᠠ ᠬᠢᠬᠦ | ᠶᠢ ᠰᠤᠨᠤᠰᠴᠤ᠂ ᠨᠠᠷᠢᠨ ᠬᠢᠨᠠᠮᠠᠭᠠᠢ ᠦᠷ᠎ᠡ ᠪᠦᠳᠦᠮᠵᠢᠳᠠᠢ᠂ ᠬᠠᠯᠠᠭᠤᠮᠰᠤᠭ ᠢᠶᠠᠷ ᠰᠠᠶᠢᠳᠤᠷ ᠦᠢᠯᠡᠴᠢᠯᠡᠨ᠂ | ᠣᠷᠣᠯᠳᠣᠭᠠᠨ ᠤ ᠠᠵᠢᠯᠯᠠᠭ᠎ᠠ ᠶᠢᠨ ᠵᠣᠬᠢᠶᠠᠨ ᠪᠠᠶᠢᠭᠤᠯᠬᠤ ᠳᠤ ᠬᠤᠯᠪᠣᠭᠳᠠᠬᠤ ᠠᠵᠢᠯ ᠢ ᠨᠠᠷᠢᠨ ᠬᠢᠨᠠᠮᠠᠭᠠᠢ | ᠪᠡᠶᠡᠯᠡᠬᠦᠯᠦᠨ᠎ᠡ᠃ | ︵ᠬᠤᠶᠠᠷ︶ ᠠᠷᠢᠭᠤᠨ ᠴᠢᠭᠡᠴᠢ ᠪᠠᠷ ᠦᠪᠡᠷ ᠢ ᠪᠠᠨ ᠱᠠᠭᠠᠷᠳᠠᠨ᠂ ᠡᠬᠦᠷᠬᠡ ᠲᠤᠰᠢᠶᠠᠯ ᠢᠶᠠᠨ | ᠬᠢᠴᠢᠶᠡᠩᠬᠦᠶᠢᠯᠡᠨ ᠬᠦᠢᠴᠡᠳᠬᠡᠨ᠂ ᠠᠵᠢᠯ ᠤᠨ ᠳᠦᠷᠢᠮ ᠳᠣᠭᠳᠠᠭᠠᠯ ᠢ ᠵᠢᠷᠣᠮᠯᠠᠵᠣ᠂ ᠠᠵᠢᠯ ᠮᠡᠷᠭᠡᠵᠢᠯ ᠤᠨ ᠶᠣᠰᠣ | ᠮᠤᠷᠠᠯ ᠢ ᠰᠠᠬᠢᠨ᠎ᠠ᠃ | ᠠᠷᠪᠠᠨ ᠬᠤᠶᠠᠷ᠂ ᠦᠵᠡᠭᠴᠢᠳ᠄ | ︵ᠨᠢᠬᠡ︶ ᠠᠵᠢᠯᠳᠠᠳ ᠤᠨ ᠬᠠᠮᠢᠶᠠᠷᠣᠯᠳᠠ ᠶᠢ ᠲᠠᠭᠠᠨ᠂ ᠣᠷᠣᠯᠳᠣᠭᠠᠨ ᠤ ᠳᠠᠯᠠᠪᠠᠢ ᠶᠢᠨ ᠬᠡᠪ ᠤᠨ ᠡᠮᠬᠢ | ᠲᠢᠭᠯᠢᠮ ᠢ ᠬᠠᠮᠠᠭᠠᠯᠠᠨ᠂ ᠠᠮᠤᠷ ᠲᠦᠪᠰᠢᠨ ᠤ ᠪᠠᠶᠢᠴᠠᠭᠠᠯᠳᠠ ᠳᠤ ᠬᠠᠮᠵᠢᠯᠴᠠᠨ᠂ ᠦᠵᠡᠭᠴᠢᠳ ᠤᠨ ᠲᠠᠶᠢᠰᠠᠨ ᠤ | ᠡᠮᠬᠢ ᠲᠢᠭᠯᠢᠮ ᠢ ᠰᠠᠬᠢᠵᠣ᠂ ᠳᠣᠭᠳᠠᠭᠰᠠᠨ ᠰᠠᠭᠤᠳᠠᠯ ᠳᠠᠭᠠᠨ ᠰᠠᠭᠤᠨ᠂ ᠡᠮᠬᠢ ᠴᠡᠭᠴᠡ ᠲᠠᠢ ᠪᠠᠷ ᠳᠠᠯᠠᠪᠠᠢ ᠪᠠᠷ | ᠣᠷᠣᠵᠣ ᠭᠠᠷᠣᠨ᠎ᠠ᠂ ᠣᠷᠣᠯᠳᠣᠭᠠᠨ ᠤ ᠱᠠᠭᠠᠷᠳᠠᠯᠭ᠎ᠠ ᠪᠣᠯᠣᠨ ᠠᠵᠢᠯᠳᠠᠨ ᠤ ᠵᠢᠯᠣᠭᠤᠳᠣᠯᠭ᠎ᠠ ᠳᠣᠣᠷ᠎ᠠ ᠵᠢᠷᠤᠭ | ᠰᠡᠬᠦᠳᠡᠷ ᠠᠪᠴᠣ᠂ ᠳᠦᠷᠰᠦ ᠰᠢᠩᠬᠡᠬᠡᠯᠳᠡ ᠬᠢᠨ᠎ᠠ᠃ | ︵ᠬᠤᠶᠠᠷ︶ ᠣᠷᠣᠯᠳᠣᠭᠠᠨ ᠤ ᠳᠠᠯᠠᠪᠠᠢ ᠶᠢᠨ ᠣᠯᠠᠨ ᠨᠡᠶᠢᠳᠡ ᠶᠢᠨ ᠣᠷᠴᠢᠨ ᠳᠣᠭᠤᠷᠢᠨ ᠤ ᠠᠷᠢᠭᠤᠨ | ᠴᠡᠪᠡᠷ ᠢ ᠪᠠᠳᠣᠯᠠᠵᠣ᠂ ᠨᠡᠶᠢᠬᠡᠮ ᠤᠨ ᠶᠤᠰᠤ ᠰᠤᠷᠳᠠᠬᠤᠨ ᠢ ᠵᠢᠷᠣᠮᠯᠠᠵᠣ᠂ ᠳᠠᠮᠠᠬᠢ ᠳᠠᠳᠠᠬᠤ᠂ ᠳᠣᠷ᠎ᠠ ᠳᠠᠪᠠ ᠪᠠᠷ | ᠬᠤᠭ ᠨᠣᠪᠰᠢ ᠬᠠᠶᠠᠬᠤ ᠶᠢ ᠬᠤᠷᠢᠭᠯᠠᠨ᠎ᠠ᠃ ᠲᠤᠤᠷ ᠬᠡᠷᠡᠰᠬᠡ ᠂ ᠬᠠᠮᠠᠭᠠᠯᠠᠯᠳᠠ ᠶᠢᠨ ᠵᠢᠶᠠᠰᠠ ᠶᠢ ᠠᠪᠠᠷᠢᠨ | ᠮᠠᠴᠣᠵᠤ ᠳᠠᠪᠠᠵᠣ ᠪᠣᠯᠬᠤ ᠦᠬᠡᠢ᠃ | ︵ᠭᠤᠷᠪᠠ︶ ᠪᠣᠯᠪᠠᠰᠣᠨ ᠶᠣᠰᠣ ᠨᠣᠮ ᠲᠠᠢ ᠣᠷᠣᠯᠳᠣᠭᠠᠨ ᠰᠣᠨᠢᠷᠬᠠᠵᠣ᠂ ᠬᠤᠷᠢᠭ᠎ᠠ ᠲᠠᠢ ᠪᠣᠳᠠᠰ᠂ | ᠠᠶᠣᠯᠳᠠᠢ ᠪᠣᠳᠠᠰ ᠢ ᠠᠪᠴᠤ ᠣᠷᠣᠬᠤ ᠶᠢ ᠬᠤᠷᠢᠭᠯᠠᠨ᠂ ᠰᠣᠭᠳᠣᠭᠤ ᠪᠠᠷ ᠣᠷᠣᠯᠳᠣᠭᠠᠨ ᠤ ᠳᠠᠯᠠᠪᠠᠢ ᠳᠤ | ᠣᠷᠣᠬᠤ ᠶᠢ ᠬᠤᠷᠢᠭᠯᠠᠨ᠎ᠠ᠂ ᠦᠢᠮᠡᠬᠦᠯᠵᠦ ᠤᠷᠢᠯᠠᠬᠤ᠂ ᠣᠷᠣᠯᠳᠣᠭᠠᠨ ᠤ ᠳᠠᠯᠠᠪᠠᠢ ᠳᠤ ᠡᠳ᠋ ᠪᠣᠳᠠᠰ ᠰᠢᠳᠡᠬᠦ ᠶᠢ | ᠬᠤᠷᠢᠭᠯᠠᠨ᠎ᠠ᠂ ᠳᠠᠮᠢᠷᠴᠢᠨ᠂ ᠳᠠᠰᠬᠠᠯᠵᠢᠭᠤᠯᠣᠭᠴᠢ᠂ ᠬᠢᠨᠠᠭᠴᠢ᠂ ᠬᠠᠮᠢᠶ᠎ᠠ ᠪᠦᠬᠦᠢ ᠠᠵᠢᠯᠳᠠᠨ ᠢ ᠭᠤᠳᠣᠭᠠᠨ | ᠳᠣᠷᠣᠮᠵᠢᠯᠠᠵᠤ᠂ ᠪᠦᠰᠡᠯᠡᠨ ᠳᠠᠭᠠᠷᠢᠬᠤ ᠶᠢ ᠬᠤᠷᠢᠭᠯᠠᠨ᠎ᠠ᠂ ᠬᠡᠷᠡᠬᠦᠯ ᠵᠣᠳᠣᠭᠠᠨ᠂ ᠬᠡᠷᠡᠭ ᠦᠳᠦᠬᠡᠵᠣ ᠦᠢᠮᠡᠬᠦᠯᠬᠦ ᠶᠢ | ᠬᠤᠷᠢᠭᠯᠠᠨ᠎ᠠ᠂ ᠶᠠᠮᠠᠷᠪᠠ ᠬᠡᠯᠪᠡᠷᠢ ᠪᠠᠷ ᠣᠷᠣᠯᠳᠣᠭᠠᠨ ᠤ ᠡᠮᠬᠢ ᠲᠢᠭᠯᠢᠮ ᠢ ᠬᠠᠷᠰᠢᠯᠠᠵᠦ ᠨᠦᠯᠦᠬᠡᠯᠡᠬᠦ ᠶᠢ | ᠬᠤᠷᠢᠭᠯᠠᠨ᠎ᠠ᠃ | ︵ᠳᠦᠷᠪᠡ︶ ᠬᠤᠪᠢ ᠬᠦᠮᠦᠨ ᠪᠣᠯᠣᠨ ᠬᠠᠷᠠᠵᠣ ᠬᠠᠷᠠᠭᠠᠯᠵᠠᠭᠤᠯᠵᠣ ᠪᠠᠶᠢᠭ᠎ᠠ ᠬᠦᠮᠦᠨ ᠤ ᠪᠡᠶ᠎ᠡ ᠮᠠᠬᠠᠪᠣᠳ᠂ | ᠡᠳ᠋ ᠬᠦᠷᠦᠩᠭᠡ ᠶᠢᠨ ᠠᠮᠣᠷ ᠳᠦᠪᠰᠢᠨ ᠢ ᠠᠩᠬᠠᠷᠴᠤ ᠬᠠᠮᠠᠭᠠᠯᠠᠨ᠎ᠠ᠃ | ᠠᠷᠪᠠ ᠭᠤᠷᠪᠠ᠂ ᠳᠠᠮᠢᠷᠴᠢᠨ᠂ ᠳᠠᠰᠬᠠᠯᠵᠢᠭᠤᠯᠣᠭᠴᠢ᠂ ᠬᠢᠨᠠᠭᠴᠢ᠂ ᠲᠠᠮᠢᠷᠴᠢᠳ ᠤᠨ ᠠᠩᠭᠢ ᠶᠢᠨ ᠲᠤᠰᠠᠯᠠᠬᠤ | ᠠᠵᠢᠯᠳᠠᠨ᠂ ᠣᠷᠣᠯᠳᠣᠭᠠᠨ ᠤ ᠠᠵᠢᠯᠯᠠᠭᠠᠨ ᠤ ᠵᠣᠬᠢᠶᠠᠨ ᠪᠠᠶᠢᠭᠤᠯᠣᠬᠴᠢ ᠲᠠᠯ᠎ᠠ ᠶᠢᠨ ᠠᠵᠢᠯᠳᠠᠨ ᠬᠤᠯᠪᠣᠭᠳᠠᠬᠤ | ᠳᠣᠷᠢᠮ ᠳᠣᠭᠳᠠᠭᠠᠯ ᠢ ᠵᠦᠷᠢᠴᠡᠭᠰᠡᠨ ᠪᠣᠯ ᠣᠷᠣᠯᠳᠣᠭᠠᠨ ᠤ ᠠᠵᠢᠯᠯᠠᠭᠠᠨ ᠤ ᠵᠣᠬᠢᠶᠠᠨ ᠪᠠᠶᠢᠭᠤᠯᠬᠤ ᠺᠣᠮᠢᠰ ᠪᠣᠶᠣ | ᠬᠠᠷᠠᠭᠠᠯᠵᠠᠭᠰᠠᠨ ᠪᠡᠶ᠎ᠡ ᠶᠢᠨ ᠲᠠᠮᠢᠷ ᠤᠨ ᠨᠡᠶᠢᠬᠡᠮᠯᠢᠭ ᠠᠴᠠ ᠳᠣᠰ ᠳᠣᠰ ᠤᠨ ᠡᠬᠦᠷᠬᠡ ᠲᠤᠰᠢᠶᠠᠯ ᠡᠷᠬᠡ ᠮᠡᠳᠡᠯ | ᠤᠨ ᠬᠡᠪᠴᠢᠶ᠎ᠡ ᠪᠠᠨ ᠦᠨᠳᠦᠰᠦᠯᠡᠨ᠂ ᠪᠠᠶᠢᠳᠠᠯ ᠢ ᠦᠵᠡᠵᠣ᠂ ᠰᠠᠬᠢᠯᠭ᠎ᠠ ᠪᠠᠲᠤ ᠳᠦᠷᠢᠮ ᠲᠤᠭᠳᠠᠭᠠᠯ ᠤᠨ ᠳᠠᠭᠠᠣ | ᠰᠢᠢᠳᠪᠦᠷᠢᠯᠡᠨ᠎ᠡ᠃ | ᠳᠠᠮᠢᠷᠴᠢᠨ ᠬᠡᠷᠪᠡ ᠳᠣᠣᠷᠠᠬᠢ ︵1︶ ᠠᠴᠠ ︵7︶᠂ ︵9︶ ᠦᠢᠯᠡ ᠠᠵᠢᠯᠯᠠᠭ᠎ᠠ ᠲᠠᠢ ᠪᠣᠯ᠂ ᠪᠠᠶᠢᠳᠠᠯ ᠢ | ᠦᠵᠡᠵᠤ ᠪᠠᠶᠢᠭᠠᠳ ᠰᠠᠷᠠᠮᠵᠢᠬᠦᠯᠦᠯ ᠥᠭᠬᠦ᠂ ᠬᠤᠪᠢ ᠬᠠᠰᠤᠬᠤ᠂ ᠬᠠᠷᠢᠴᠠᠯ ᠬᠤᠪᠢ ᠶᠢ ᠬᠦᠴᠦᠨ ᠦᠭᠡᠢ ᠪᠤᠯᠭᠠᠬᠤ᠂ | ᠤᠯᠠᠨ ᠳᠤ ᠵᠠᠷᠯᠠᠨ ᠲᠤᠩᠭᠤᠳᠬᠤ᠂ ᠣᠷᠣᠯᠳᠣᠭᠠᠨ ᠠᠴᠠ ᠵᠣᠭᠰᠣᠭᠠᠬᠤ᠂ ᠣᠷᠣᠯᠳᠣᠭᠠᠨ ᠳᠤ ᠣᠷᠣᠯᠴᠠᠬᠤ ᠶᠢ | ᠬᠤᠷᠢᠭᠯᠠᠬᠤ᠂ ᠳᠠᠩᠰᠠᠯᠠᠭᠤᠯᠤᠭᠰᠠᠨ ᠬᠢᠷᠢ ᠬᠡᠮ ᠢ ᠨᠢ ᠬᠦᠴᠦᠨ ᠦᠭᠡᠢ ᠪᠤᠯᠭᠠᠬᠤ᠂ ᠦᠭᠡᠷ᠎ᠡ ᠨᠡᠶᠢᠭᠡᠮᠯᠢᠭ ︵ᠠᠩᠭᠢ︶ | ᠲᠤ ᠰᠢᠯᠵᠢᠬᠦ ᠪᠣᠶᠣ ᠳᠣᠰ ᠳᠦᠷᠦᠯ ᠵᠦᠢᠯ ᠲᠠᠢ ᠬᠤᠯᠪᠤᠭᠳᠠᠭᠰᠠᠨ ᠦᠢᠯᠠ ᠠᠵᠢᠯᠯᠠᠭᠠᠨ ᠳᠤ ᠣᠷᠣᠯᠴᠠᠬᠤ ᠶᠢ | ᠬᠤᠷᠢᠭᠯᠠᠬᠤ ᠵᠡᠷᠬᠡ ᠰᠢᠢᠳᠬᠡᠯ ᠥᠭᠭᠦᠨ᠎ᠡ᠃ | ᠳᠠᠰᠬᠠᠯᠵᠢᠭᠤᠯᠣᠭᠴᠢ ᠬᠡᠷᠪᠡ ᠲᠤᠤᠷᠠᠬᠢ ︵1︶ ᠠᠴᠠ ︵7︶ ᠂ ︵9︶ ᠦᠢᠯᠡ ᠠᠵᠢᠯᠯᠠᠭ᠎ᠠ ᠲᠠᠢ ᠪᠣᠯ᠂ | ᠪᠠᠶᠢᠳᠠᠯ ᠢ ᠦᠵᠡᠵᠤ ᠪᠠᠶᠢᠭᠠᠳ ᠰᠠᠷᠠᠮᠵᠢᠬᠦᠯᠦᠯ ᠥᠭᠬᠦ᠂ ᠤᠯᠠᠨ ᠳᠤ ᠵᠠᠷᠯᠠᠨ ᠲᠤᠩᠭᠤᠳᠬᠤ᠂ ᠣᠷᠣᠯᠳᠣᠭᠠᠨ ᠠᠴᠠ | ᠵᠣᠭᠰᠣᠭᠠᠬᠤ᠂ ᠣᠷᠣᠯᠳᠣᠭᠠᠨ ᠳᠤ ᠣᠷᠣᠯᠴᠠᠬᠤ ᠶᠢ ᠬᠤᠷᠢᠭᠯᠠᠬᠤ᠂ ᠳᠠᠩᠰᠠᠯᠠᠭᠤᠯᠤᠭᠰᠠᠨ ᠬᠢᠷᠢ ᠬᠡᠮ ᠢ ᠨᠢ ᠬᠦᠴᠦᠨ | ᠦᠭᠡᠢ ᠪᠤᠯᠭᠠᠬᠤ ᠪᠤᠶᠤ ᠳᠣᠰ ᠳᠦᠷᠦᠯ ᠵᠦᠢᠯ ᠲᠠᠢ ᠬᠤᠯᠪᠤᠭᠳᠠᠭᠰᠠᠨ ᠦᠢᠯᠠ ᠠᠵᠢᠯᠯᠠᠭᠠᠨ ᠳᠤ ᠣᠷᠣᠯᠴᠠᠬᠤ ᠶᠢ | ᠬᠤᠷᠢᠭᠯᠠᠬᠤ ᠵᠡᠷᠬᠡ ᠰᠢᠢᠳᠬᠡᠯ ᠦᠭᠭᠦᠨ᠎ᠡ᠃ | ᠬᠢᠨᠠᠭᠴᠢ ᠬᠡᠷᠪᠡ ᠲᠤᠤᠷᠠᠬᠢ ︵2︶᠂ ︵3︶ ᠂ ︵5︶ ᠠᠴᠠ ︵7︶ ᠂ ︵9︶ ᠦᠢᠯᠡ ᠠᠵᠢᠯᠯᠠᠭ᠎ᠠ ᠲᠠᠢ | ᠪᠣᠯ ᠪᠠᠶᠢᠳᠠᠯ ᠢ ᠦᠵᠡᠵᠤ ᠪᠠᠶᠢᠭᠠᠳ ᠰᠠᠷᠠᠮᠵᠢᠬᠦᠯᠦᠯ ᠥᠭᠬᠦ᠂ ᠤᠯᠠᠨ ᠳᠤ ᠵᠠᠷᠯᠠᠨ ᠲᠤᠩᠭᠤᠳᠬᠤ᠂ | ᠣᠷᠣᠯᠳᠣᠭᠠᠨ ᠠᠴᠠ ᠵᠣᠭᠰᠣᠭᠠᠬᠤ᠂ ᠣᠷᠣᠯᠳᠣᠭᠠᠨ ᠳᠤ ᠣᠷᠣᠯᠴᠠᠬᠤ ᠶᠢ ᠬᠤᠷᠢᠭᠯᠠᠬᠤ᠂ ᠳᠠᠩᠰᠠᠯᠠᠭᠤᠯᠤᠭᠰᠠᠨ ᠬᠢᠷᠢ | ᠬᠡᠮ ᠢ ᠨᠢ ᠬᠦᠴᠦᠨ ᠦᠭᠡᠢ ᠪᠤᠯᠭᠠᠬᠤ᠂ ᠳᠣᠰ ᠳᠦᠷᠦᠯ ᠵᠦᠢᠯ ᠲᠠᠢ ᠬᠤᠯᠪᠤᠭᠳᠠᠭᠰᠠᠨ ᠦᠢᠯᠠ ᠠᠵᠢᠯᠯᠠᠭᠠᠨ ᠳᠤ | ᠣᠷᠣᠯᠴᠠᠬᠤ ᠶᠢ ᠬᠤᠷᠢᠭᠯᠠᠬᠤ ᠵᠡᠷᠬᠡ ᠰᠢᠢᠳᠬᠡᠯ ᠦᠭᠭᠦᠨ᠎ᠡ᠃ | ᠲᠠᠮᠢᠷᠴᠢᠳ ᠤᠨ ᠠᠩᠭᠢ ᠳᠤ ᠲᠤᠰᠠᠯᠠᠬᠤ ᠠᠵᠢᠯᠳᠠᠨ ᠬᠡᠷᠪᠡ ᠲᠤᠤᠷᠠᠬᠢ ︵2︶ ᠪᠣᠯᠣᠨ ︵4︶᠂︵7︶᠂ | ︵9︶ ᠦᠢᠯᠡ ᠠᠵᠢᠯᠯᠠᠭ᠎ᠠ ᠲᠠᠢ ᠪᠣᠯ᠂ ᠪᠠᠶᠢᠳᠠᠯ ᠢ ᠦᠵᠡᠵᠤ ᠪᠠᠶᠢᠭᠠᠳ ᠰᠠᠷᠠᠮᠵᠢᠬᠦᠯᠦᠯ ᠥᠭᠬᠦ᠂ ᠤᠯᠠᠨ ᠳᠤ ᠵᠠᠷᠯᠠᠨ | ᠲᠤᠩᠭᠤᠳᠬᠤ᠂ ᠳᠣᠰ ᠳᠦᠷᠦᠯ ᠵᠦᠢᠯ ᠲᠠᠢ ᠬᠤᠯᠪᠤᠭᠳᠠᠭᠰᠠᠨ ᠦᠢᠯᠠ ᠠᠵᠢᠯᠯᠠᠭᠠᠨ ᠳᠤ ᠣᠷᠣᠯᠴᠠᠬᠤ ᠶᠢ | ᠬᠤᠷᠢᠭᠯᠠᠬᠤ ᠵᠡᠷᠬᠡ ᠰᠢᠢᠳᠬᠡᠯ ᠦᠭᠭᠦᠨ᠎ᠡ᠃ | ᠣᠷᠣᠯᠳᠣᠭᠠᠨ ᠤ ᠠᠵᠢᠯᠯᠠᠭᠠᠨ ᠤ ᠵᠣᠬᠢᠶᠠᠨ ᠪᠠᠶᠢᠭᠤᠯᠣᠬᠴᠢ ᠲᠠᠯ᠎ᠠ ᠶᠢᠨ ᠠᠵᠢᠯᠳᠠᠨ ᠬᠡᠷᠪᠡ ᠲᠤᠤᠷᠠᠬᠢ ︵1︶ | ᠂ ︵2︶ ᠂ ︵5︶ ᠂ ︵7︶ ᠠᠴᠠ ︵9︶ ᠦᠢᠯᠡ ᠠᠵᠢᠯᠯᠠᠭ᠎ᠠ ᠲᠠᠢ ᠪᠣᠯ ᠂ ᠪᠠᠶᠢᠳᠠᠯ ᠢ ᠦᠵᠡᠵᠤ ᠪᠠᠶᠢᠭᠠᠳ | ᠰᠠᠷᠠᠮᠵᠢᠬᠦᠯᠦᠯ ᠥᠭᠬᠦ᠂ ᠤᠯᠠᠨ ᠳᠤ ᠵᠠᠷᠯᠠᠨ ᠲᠤᠩᠭᠤᠳᠬᠤ ᠵᠡᠷᠬᠡ ᠰᠢᠢᠳᠬᠡᠯ ᠦᠭᠭᠦᠨ᠎ᠡ᠃ | ︵1︶ ᠬᠠᠭᠤᠷᠮᠠᠭᠯᠠᠨ ᠵᠤᠬᠢᠶᠠᠬᠤ ᠵᠡᠷᠭᠡ ᠤᠷᠤᠯᠳᠤᠭᠠᠨ ᠤ ᠬᠤᠳᠠᠯ ᠬᠠᠭᠤᠷᠮᠠᠬᠴᠢ ᠦᠢᠯᠠ ᠠᠵᠢᠯᠯᠠᠭ᠎ᠠ ︔ | ︵2︶ ᠬᠡᠬᠡᠯᠢ ᠬᠠᠭ᠋ᠣᠣᠯᠢ ᠳᠦᠯᠬᠢᠬᠦ᠂ ᠬᠡᠬᠡᠯᠢ ᠬᠠᠭ᠋ᠣᠣᠯᠢ ᠢᠳᠡᠬᠦ᠂ ᠦᠪᠡᠷ ᠢᠶᠠᠨ ᠪᠤᠶᠤ ᠳᠠᠮᠢᠷᠴᠢᠨ ᠢ | ᠵᠢᠭᠠᠵᠣ ᠳᠣᠬᠢᠵᠤ ᠪᠠᠶᠢᠭᠠᠳ ᠤᠷᠤᠯᠳᠤᠭᠠᠨ ᠳᠤ ᠨᠠᠵᠠᠭᠠᠶᠢᠷᠠᠬᠤ᠂ ᠲᠥᠷᠢᠮ ᠲᠤᠭᠳᠠᠭᠠᠯ ᠢ ᠵᠦᠷᠢᠴᠠᠨ | ᠣᠷᠣᠯᠳᠣᠭᠠᠨ ᠤ ᠠᠬᠢᠴᠠ ᠶᠢ ᠬᠠᠷᠰᠢᠯᠠᠵᠦ ᠨᠦᠯᠦᠭᠡᠯᠡᠬᠦ ᠪᠠᠷ ᠲᠠᠮᠵᠢᠨ ᠤᠷᠤᠯᠳᠤᠭᠠᠨ ᠢ ᠡᠷᠭᠡᠰᠢᠶᠡᠭᠰᠡᠨ ᠪᠣᠶᠣ | ᠣᠷᠣᠯᠳᠣᠭᠠᠨ ᠤ ᠦᠷ᠎ᠡ ᠳ᠋ᠦᠩ ᠢ ᠨᠦᠯᠦᠬᠡᠯᠡᠭᠰᠡᠨ ᠦᠢᠯᠡ ᠠᠵᠢᠯᠯᠠᠭ᠎ᠠ᠃ | ︵3︶ ᠭᠤᠳᠣᠭᠠᠨ ᠳᠣᠷᠣᠮᠵᠢᠯᠠᠬᠤ᠂ ᠬᠠᠷᠢᠶᠠᠨ ᠵᠦᠭᠡᠬᠦ᠂ ᠨᠢᠯᠪᠤᠬᠤ᠂ ᠭᠠᠷ ᠲᠠᠯᠠᠶᠢᠬᠤ ᠵᠡᠷᠬᠡ ᠪᠣᠯᠪᠠᠰᠣᠨ | ᠪᠣᠰᠣ᠂ ᠮᠣᠷᠠᠯ ᠦᠬᠡᠢ ᠦᠬᠡ ᠶᠠᠷᠢᠶ᠎ᠠ ᠦᠢᠯᠡ ᠠᠵᠢᠯᠯᠠᠭ᠎ᠠ ᠪᠠᠷ ᠡᠰᠡᠷᠬᠦ ᠡᠳᠡᠬᠡᠳ ᠤᠨ ᠢᠶᠠᠨ ᠬᠤᠯᠪᠣᠭᠳᠠᠬᠤ | ᠬᠦᠮᠦᠰ ᠢ ᠭᠤᠲᠤᠭᠠᠵᠦ ᠬᠠᠯᠳᠠᠭᠰᠠᠨ᠂ ᠳᠦᠯᠬᠢᠬᠦ᠂ ᠮᠦᠷᠬᠦᠬᠦ᠂ ᠳᠡᠯᠡᠳᠬᠦ᠂ ᠴᠣᠬᠢᠬᠤ᠂ ᠢᠰᠬᠦᠯᠬᠦ᠂ ᠲᠡᠪᠰᠡᠬᠦ | ᠪᠤᠶᠤ ᠪᠣᠰᠣᠳ ᠬᠦᠴᠦᠷᠬᠡᠭᠯᠡᠯ ᠤᠨ ᠠᠷᠭ᠎ᠠ ᠬᠡᠯᠪᠡᠷᠢ ᠪᠠᠷ ᠵᠣᠷᠢᠭᠤᠳᠠ ᠡᠰᠡᠷᠬᠦ ᠡᠳᠡᠬᠡᠳ ᠢᠶᠠᠨ ᠰᠢᠷᠬᠠᠳᠣᠭᠤᠯᠤᠭᠰᠨ | ᠵᠡᠷᠬᠡ ᠦᠢᠯᠡᠠᠵᠢᠯᠯᠠᠭ᠎ᠠ᠃ | ︵4︶ ᠣᠷᠣᠯᠳᠣᠭᠠᠨ ᠤ ᠳᠠᠯᠠᠪᠠᠢ ᠶᠢ ᠡᠵᠡᠯᠡᠬᠦ ᠵᠡᠷᠬᠡ ᠠᠷᠭ᠎ᠠ ᠬᠡᠯᠪᠡᠷᠢ ᠪᠠᠷ ᠵᠣᠷᠢᠭᠤᠳᠠ ᠪᠣᠰᠣᠳ | ᠳᠠᠮᠢᠷᠴᠢᠨ ᠤ ᠣᠷᠣᠯᠳᠣᠭᠠᠨ ᠢ ᠬᠠᠷᠰᠢᠯᠠᠵᠤ ᠰᠠᠭᠠᠳᠠᠭᠠᠬᠰᠠᠨ᠂ ᠬᠢᠨᠠᠨ ᠰᠢᠭᠦᠭᠦ ᠶᠢ ᠬᠠᠷᠰᠢᠯᠠᠬᠰᠠᠨ᠂ ᠲᠠᠰᠤᠯᠤᠯᠳᠠ | ᠰᠢᠢᠳᠭᠡᠯ ᠢ ᠳᠠᠭᠠᠬᠤ ᠦᠬᠡᠢ᠂ ᠬᠢᠨᠠᠭᠴᠢ ᠶᠢ ᠳᠠᠭᠠᠷᠢᠬᠰᠠᠨ᠂ ᠱᠠᠩᠨᠠᠯ ᠲᠤᠰᠬᠤ ᠪᠠᠨ ᠲᠡᠪᠴᠢᠵᠦ ᠦᠵᠡᠭᠴᠢᠳ ᠢ | ᠬᠦᠨᠳᠦᠯᠡᠭᠰᠡᠨ ᠦᠬᠡᠢ ᠪᠣᠶᠣ ᠦᠵᠡᠭᠴᠢᠳ ᠢ ᠦᠳᠦᠬᠡᠵᠤ ᠪᠠᠶᠢᠭᠠᠳ ᠣᠷᠣᠯᠳᠣᠭᠠᠨ ᠢ ᠬᠠᠷᠰᠢᠯᠠᠬᠰᠠᠨ ᠵᠡᠷᠬᠡ | ᠣᠷᠣᠯᠳᠣᠭᠠᠨ ᠤ ᠡᠮᠬᠢ ᠲᠢᠭᠯᠢᠮ ᠢ ᠰᠠᠮᠠᠭᠤᠷᠠᠭᠤᠯᠤᠭᠰᠠᠨ ᠦᠢᠯᠠ ᠠᠵᠢᠯᠯᠠᠭ᠎ᠠ᠃ | ︵5︶ ᠣᠷᠣᠯᠳᠣᠭᠠᠨ ᠤ ᠵᠦᠢ ᠶᠤᠰᠤᠨ ᠤ ᠪᠤᠰᠤ ᠬᠢᠷᠢ ᠪᠦᠳᠦᠮᠵᠢ ᠪᠣᠶᠣ ᠵᠦᠢ ᠶᠤᠰᠤᠨ ᠤ ᠪᠤᠰᠤ ᠠᠰᠢᠭ | ᠳᠣᠰᠠ ᠶᠢ ᠣᠯᠬᠤ ᠶᠢᠨ ᠲᠤᠰᠠᠳᠠ᠂ ᠪᠣᠰᠣᠳᠲ᠋ᠣ ᠡᠳ᠋ ᠪᠤᠳᠠᠰ ᠥᠭᠭᠦᠭᠰᠡᠨ ᠪᠣᠶᠣ ᠬᠠᠤᠯᠢ ᠪᠣᠰᠣ ᠪᠠᠷ | ᠪᠤᠰᠤᠳ ᠠᠴᠠ ᠡᠳ᠋ ᠪᠤᠳᠠᠰ ᠨᠡᠭᠡᠵᠦ᠂ ᠡᠳ᠋ ᠪᠤᠳᠠᠰ ᠢ ᠨᠢ ᠬᠦᠯᠢᠶᠡᠨ ᠠᠪᠤᠭᠰᠠᠨ ᠵᠡᠷᠬᠡ ᠦᠢᠯᠡ ᠠᠵᠢᠯᠯᠠᠭ᠎ᠠ᠃ | ︵6︶ ᠤᠴᠢᠷ ᠰᠢᠯᠳᠠᠭᠠᠨᠦᠬᠡᠢ ᠪᠠᠷ ᠡᠷᠬᠡ ᠪᠠᠨ ᠲᠠᠶᠠᠭᠳᠠᠭᠰᠠᠨ᠂ ᠣᠷᠣᠯᠳᠣᠭᠠᠨ ᠢᠶᠠᠨ ᠵᠤᠭᠰᠤᠭᠰᠠᠨ᠂ | ᠣᠷᠣᠯᠳᠣᠭᠠᠨ ᠬᠠᠶᠠᠯᠲᠠ ᠬᠢᠭᠰᠡᠨ ᠪᠣᠶᠣ ᠣᠷᠣᠯᠳᠣᠭᠠᠨ ᠤ ᠬᠤᠭᠤᠴᠠᠭᠠᠨ ᠳᠤ ᠠᠷᠢᠬᠢᠳᠠᠬᠰᠠᠨ᠂ ᠮᠦᠷᠦᠢ | ᠲᠠᠯᠪᠢᠭᠰᠠᠨ᠂ ᠬᠡᠷᠡᠭ ᠳᠠᠳᠠᠬᠰᠠᠨ ᠵᠡᠷᠬᠡ ᠠᠵᠢᠯᠯᠠᠭ᠎ᠠ᠃ | ︵7︶ ᠰᠣᠨᠢᠨ ᠮᠡᠳᠡᠬᠡᠨ ᠤ ᠵᠠᠭᠤᠴᠢᠯᠠᠭᠤᠷ ᠢᠶᠠᠷ ᠬᠤᠳᠠᠯ ᠪᠣᠶᠣ ᠬᠠᠷᠢᠭᠤᠴᠠᠯᠭ᠎ᠠ ᠦᠭᠡᠢ ᠦᠬᠡ ᠶᠠᠷᠢᠶ᠎ᠠ | ᠳᠠᠷᠬᠠᠭᠠᠬᠰᠠᠨ ᠵᠡᠷᠬᠡ ᠠᠵᠢᠯᠯᠠᠭ᠎ᠠ᠃ | ︵8︶ ᠣᠮᠳᠣᠭᠠᠶᠢᠯᠠᠬᠰᠠᠨ ᠪᠣᠶᠣ ᠬᠢᠨᠠᠯᠳᠠ ᠬᠠᠮᠢᠶᠠᠷᠣᠯᠳᠠ ᠰᠤᠯᠠ ᠠᠴᠠ ᠪᠣᠯᠵᠣ ᠲᠣᠮᠣ ᠠᠳᠡᠯ ᠪᠣᠶᠣ | ᠨᠡᠶᠢᠬᠡᠮ ᠳᠤ ᠬᠦᠨᠳᠣ ᠨᠣᠴᠢᠳᠠᠢ ᠮᠠᠭᠤ ᠦᠷ᠎ᠡ ᠨᠦᠯᠦᠬᠡ ᠭᠠᠷᠭᠠᠭᠰᠠᠨ ᠦᠢᠯᠡ ᠠᠵᠢᠯᠯᠠᠭ᠎ᠠ᠃ | ︵9︶ ᠪᠡᠶ᠎ᠡ ᠶᠢᠨ ᠲᠠᠮᠢᠷ ᠤᠨ ᠶᠣᠰᠣ ᠰᠣᠷᠳᠠᠬᠤᠨ ᠢ ᠵᠦᠷᠢᠴᠠᠵᠣ᠂ ᠤᠯᠠᠨ ᠨᠠᠶᠢᠳᠠ ᠶᠢᠨ ᠡᠮᠬᠢ ᠲᠢᠭᠯᠢᠮ᠂ | ᠰᠠᠶᠢᠨ ᠰᠠᠶᠢᠬᠠᠨ ᠵᠠᠩ ᠵᠠᠩᠰᠢᠯ᠂ ᠤᠷᠤᠯᠳᠤᠭᠠᠨ ᠤ ᠰᠠᠬᠢᠯᠭ᠎ᠠ ᠪᠠᠳᠣ ᠬᠡᠪ ᠰᠤᠷᠳᠠᠯ ᠢ ᠡᠪᠳᠡᠨ᠂ ᠨᠡᠶᠢᠬᠡᠮ ᠳᠤ | ᠮᠠᠭᠤ ᠨᠦᠯᠦᠬᠡ ᠭᠠᠷᠭᠠᠬᠰᠠᠨ ᠪᠣᠶᠣ ᠬᠠᠤᠯᠢ ᠶᠢ ᠵᠦᠷᠢᠴᠡᠭᠰᠡᠨ ᠪᠤᠰᠤᠳ ᠵᠦᠢᠯ ᠤᠨ ᠦᠭᠡ ᠶᠠᠷᠢᠶ᠎ᠠ ᠦᠢᠯᠡ | ᠠᠵᠢᠯᠯᠠᠭ᠎ᠠ᠃ | ᠠᠷᠪᠠᠨ ᠳᠦᠷᠪᠡ᠂ ᠬᠦᠬᠡᠷᠦᠯᠳᠡ ᠶᠢᠨ ᠡᠮ ᠤᠨ ᠳᠦᠷᠢᠮ ᠵᠦᠷᠢᠴᠡᠭᠰᠡᠨ ᠬᠡᠷᠡᠭ ᠣᠴᠢᠷ ᠭᠠᠷᠣᠭᠰᠠᠨ ᠪᠣᠯ | ᠣᠯᠣᠰ ᠤᠨ ᠬᠦᠬᠡᠷᠦᠯᠳᠡ ᠶᠢᠨ ᠡᠮ ᠢ ᠡᠰᠡᠷᠬᠦᠴᠡᠬᠦ ᠬᠠᠮᠢᠶ᠎ᠡ ᠪᠦᠬᠦᠢ ᠳᠦᠷᠢᠮ ᠳᠣᠭᠳᠠᠭᠠᠯ ᠢ ᠦᠨᠳᠦᠰᠦᠯᠡᠨ | ᠰᠢᠢᠳᠭᠡᠯ ᠥᠭᠭᠦᠨ᠎ᠡ᠃ | ᠠᠷᠪᠠᠨ ᠳᠠᠪᠤ᠂ ᠳᠠᠮᠢᠷᠴᠢᠨ᠂ ᠳᠠᠰᠬᠠᠯᠵᠢᠭᠤᠯᠣᠭᠴᠢ᠂ ᠬᠢᠨᠠᠭᠴᠢ᠂ ᠲᠠᠮᠢᠷᠴᠢᠳ ᠤᠨ ᠠᠩᠭᠢ ᠶᠢᠨ | ᠲᠤᠰᠠᠯᠠᠬᠤ ᠠᠵᠢᠯᠳᠠᠨ᠂ ᠣᠷᠣᠯᠳᠣᠭᠠᠨ ᠤ ᠠᠵᠢᠯᠯᠠᠭᠠᠨ ᠤ ᠵᠣᠬᠢᠶᠠᠨ ᠪᠠᠶᠢᠭᠤᠯᠣᠬᠴᠢ ᠲᠠᠯ᠎ᠠ ᠶᠢᠨ ᠠᠵᠢᠯᠳᠠᠨ | ᠨᠠᠷ ᠰᠢᠢᠳᠭᠡᠯ ᠳᠤ ᠳᠣᠭᠠᠴᠢᠬᠤ ᠡᠷᠭᠡ ᠪᠠ ᠦᠪᠡᠷ ᠢ ᠪᠠᠨ ᠦᠮᠦᠭᠯᠡᠬᠦ ᠡᠷᠬᠡ ᠲᠠᠢ᠃ ᠰᠢᠢᠳᠭᠡᠯ ᠳᠤ ᠰᠡᠳᠬᠢᠯ | ᠬᠠᠨᠣᠮᠵᠢ ᠦᠬᠡᠢ ᠪᠣᠯ ᠬᠤᠯᠪᠤᠭᠳᠠᠭᠰᠠᠨ ᠳᠦᠷᠢᠮ ᠳᠣᠭᠳᠠᠭᠠᠯ ᠶᠤᠰᠤᠭᠠᠷ ᠣᠷᠣᠯᠳᠣᠭᠠᠨ ᠤ ᠠᠵᠢᠯᠯᠠᠭᠠᠨ ᠤ | ᠵᠣᠬᠢᠶᠠᠨ ᠪᠠᠶᠢᠭᠤᠯᠬᠤ ᠺᠣᠮᠢᠰ ᠪᠣᠯᠣᠨ ᠬᠠᠮᠢᠶ᠎ᠠ ᠪᠦᠬᠦᠢ ᠳᠠᠩ ᠳᠦᠷᠦᠯ ᠤᠨ ᠪᠡᠶ᠎ᠡ ᠶᠢᠨ ᠲᠠᠮᠢᠷ ᠤᠨ ᠨᠡᠶᠢᠬᠡᠮᠯᠢᠭ | ᠲᠤ ᠭᠤᠮᠣᠳᠠᠯ ᠮᠡᠳᠡᠬᠦᠯᠵᠣ ᠪᠤᠯᠤᠨ᠎ᠠ᠂ ᠬᠡᠷᠪᠡ ᠰᠢᠢᠳᠬᠡᠯ ᠨᠢ ᠪᠣᠷᠣᠭᠤᠳᠠᠭᠰᠠᠨ ᠪᠣᠯ ᠴᠠᠭ ᠳᠣᠬᠠᠢ ᠳᠤᠨᠢ | ᠵᠠᠯᠠᠷᠠᠭᠤᠯᠣᠨ᠎ᠠ᠃ ᠭᠤᠮᠣᠳᠠᠯ ᠮᠡᠳᠡᠬᠦᠯᠬᠦ ᠬᠤᠭᠤᠴᠠᠭᠠᠨ ᠳᠤ ᠰᠢᠢᠳᠭᠡᠯ ᠤᠨ ᠰᠢᠢᠳᠪᠣᠷᠢ ᠶᠢᠨ ᠬᠡᠷᠡᠭᠵᠢᠬᠦᠯᠬᠦ ᠨᠢ | ᠨᠦᠯᠦᠬᠡᠯᠡᠭᠳᠡᠬᠦ ᠦᠬᠡᠢ᠃ | ᠠᠷᠪᠠᠨ ᠵᠢᠷᠭᠤᠭ᠎ᠠ᠂ ᠳᠠᠮᠢᠷᠴᠢᠨ᠂ ᠳᠠᠰᠬᠠᠯᠵᠢᠭᠤᠯᠣᠭᠴᠢ᠂ ᠬᠢᠨᠠᠭᠴᠢ᠂ ᠲᠠᠮᠢᠷᠴᠢᠳ ᠤᠨ ᠠᠩᠭᠢ ᠶᠢᠨ | ᠲᠤᠰᠠᠯᠠᠬᠤ ᠠᠵᠢᠯᠳᠠᠨ᠂ ᠣᠷᠣᠯᠳᠣᠭᠠᠨ ᠤ ᠠᠵᠢᠯᠯᠠᠭᠠᠨ ᠤ ᠵᠣᠬᠢᠶᠠᠨ ᠪᠠᠶᠢᠭᠤᠯᠣᠬᠴᠢ ᠲᠠᠯ᠎ᠠ ᠶᠢᠨ ᠠᠵᠢᠯᠳᠠᠨ ︽ | ᠪᠦᠬᠦᠳᠠ ᠨᠠᠶᠢᠷᠠᠮᠳᠠᠬᠤ ᠳᠣᠮᠳᠠᠳᠣ ᠠᠷᠠᠳᠣᠯᠣᠰ ᠤᠨ ᠠᠮᠣᠷ ᠢ ᠬᠠᠮᠠᠭᠠᠯᠠᠬᠤ ᠬᠠᠮᠢᠶᠠᠷᠣᠯᠳᠠ ᠶᠢᠨ ᠬᠠᠤᠯᠢ︾ ᠶᠢ | ᠵᠦᠷᠢᠴᠡᠭᠰᠡᠨ ᠪᠣᠶᠣ ᠡᠷᠡᠬᠦᠦ ᠬᠡᠷᠡᠭ ᠤᠨ ᠬᠠᠤᠯᠢ ᠶᠢ ᠵᠦᠷᠢᠴᠡᠭᠰᠡᠨ ᠪᠠᠶᠢᠬᠤ ᠪᠤᠯᠣᠮᠵᠢ ᠲᠠᠢ ᠪᠣᠯ᠂ ᠣᠷᠣᠯᠳᠣᠭᠠᠨ | ᠤ ᠠᠵᠢᠯᠯᠠᠭ᠎ᠠ ᠶᠢᠨ ᠵᠣᠬᠢᠶᠠᠨ ᠪᠠᠶᠢᠭᠤᠯᠬᠤ ᠺᠣᠮᠢᠰ ᠠᠴᠠ ᠬᠠᠤᠯᠢ ᠵᠢᠨᠲ᠋ᠠᠭᠠᠤ᠂ ᠬᠠᠤᠯᠢ ᠴᠠᠭᠠᠵᠠ ᠶᠢᠨ | ᠪᠠᠶᠢᠭᠤᠯᠣᠯᠭ᠎ᠠ ᠳᠤ ᠰᠢᠯᠵᠢᠬᠦᠯᠦᠨ ᠦᠭᠴᠦ ᠰᠢᠢᠳᠪᠣᠷᠢᠯᠡᠬᠦᠯᠦᠨᠡ᠃ | ᠠᠷᠪᠠᠨ ᠳᠣᠯᠤᠭ᠎ᠠ᠂ ᠦᠵᠡᠭᠴᠢᠳ ᠳᠣᠣᠷᠠᠬᠢ ᠠᠵᠢᠯᠯᠠᠭᠠᠨ ᠤ ᠨᠢᠭᠡ ᠳᠤ ᠬᠤᠯᠪᠤᠭᠳᠠᠪᠠᠯ᠂ ᠣᠷᠣᠯᠳᠣᠭᠠᠨ ᠤ | ᠠᠵᠢᠯᠯᠠᠭᠠᠨ ᠤ ᠵᠣᠬᠢᠶᠠᠨ ᠪᠠᠶᠢᠭᠤᠯᠬᠤ ᠺᠣᠮᠢᠰ ᠨᠢ ᠳᠣᠳᠣᠭᠠᠳᠣ ᠶᠢ ᠬᠠᠮᠠᠭᠠᠯᠠᠬᠤ ᠪᠠᠶᠢᠭᠤᠯᠣᠯᠭ᠎ᠠ ᠲᠠᠢ | ᠬᠠᠮᠵᠢᠯᠴᠠᠨ ︽ᠪᠦᠬᠦᠳᠠ ᠨᠠᠶᠢᠷᠠᠮᠳᠠᠬᠤ ᠳᠣᠮᠳᠠᠳᠣ ᠠᠷᠠᠳ ᠣᠯᠣᠰ ᠤᠨ ᠠᠮᠣᠷ ᠢ ᠬᠠᠮᠠᠭᠠᠯᠠᠬᠤ ᠬᠠᠮᠢᠶᠠᠷᠣᠯᠳᠠ ᠶᠢᠨ | ᠬᠠᠤᠯᠢ︾ ᠶᠤᠰᠤᠭᠠᠷ ᠰᠢᠢᠳᠬᠡᠯ ᠥᠭᠭᠦᠨ᠎ᠡ ᠄ | ︵1︶ ᠳᠠᠯᠠᠪᠠᠢ ᠳᠤ ᠬᠦᠴᠦ ᠪᠠᠷ ᠲᠦᠷᠢᠨ ᠣᠷᠣᠬᠰᠠᠨ | ︵2︶ ᠳᠦᠷᠢᠮ ᠳᠣᠭᠳᠠᠭᠠᠯ ᠵᠦᠷᠢᠴᠡᠨ᠂ ᠳᠠᠯᠠᠪᠠᠢ ᠳᠤ ᠬᠤᠸᠠᠷ ᠫᠣᠣᠵᠢᠩ ᠪᠣᠶᠣ ᠪᠣᠰᠣᠳ ᠵᠦᠢᠯ ᠢ | ᠨᠣᠴᠣᠭᠠᠵᠣ ᠳᠠᠯᠪᠢᠬᠰᠠᠨ | ︵3︶ ᠭᠤᠳᠣᠭᠠᠨ ᠳᠣᠷᠣᠮᠵᠢᠯᠠᠭᠰᠠᠨ ᠣᠷᠢᠶ᠎ᠠ ᠯᠣᠽᠦ᠋ᠩ᠂ ᠡᠯᠬᠦᠬᠡ ᠪᠢᠴᠢᠬᠡᠰᠣ ᠵᠡᠷᠬᠡ ᠵᠦᠢᠯ ᠢ | ᠳᠡᠯᠬᠡᠭᠰᠠᠨ | ︵4︶ ᠬᠢᠨᠠᠭᠴᠢ᠂ ᠳᠠᠮᠢᠷᠴᠢᠨ ᠪᠤᠶᠤ ᠪᠤᠰᠣᠳ ᠠᠵᠢᠯᠳᠠᠨ ᠢ ᠪᠦᠰᠡᠯᠡᠨᠲ᠋ᠠᠭᠠᠷᠢᠬᠰᠠᠨ | ︵5︶ ᠳᠠᠯᠠᠪᠠᠢ ᠵᠦᠭ ᠶᠠᠭᠤᠮ᠎ᠠ ᠰᠢᠳᠡᠭᠰᠡᠨ᠂ ᠢᠳᠬᠠᠯ ᠬᠤᠷᠢᠬᠯᠠᠯ ᠢ ᠰᠣᠨᠣᠰᠬᠤ ᠦᠬᠡᠢ | ︵6︶ ᠣᠷᠣᠯᠳᠣᠭᠠᠨ ᠤ ᠳᠠᠯᠠᠪᠠᠢ ᠶᠢᠨ ᠡᠮᠬᠢ ᠲᠢᠭᠯᠢᠮ ᠢ ᠰᠠᠮᠠᠭᠤᠷᠠᠭᠤᠯᠤᠭᠰᠨ ᠪᠣᠰᠣᠳ ᠵᠦᠢᠯ ᠤᠨ | ᠠᠵᠢᠯᠯᠠᠭ᠎ᠠ | ᠠᠷᠪᠡᠨ ᠨᠠᠢᠮᠠ᠂ ᠡᠯ᠎ᠡ ᠳᠡᠰ ᠤᠨ ᠪᠡᠶ᠎ᠡ ᠶᠢᠨ ᠲᠠᠮᠢᠷ ᠤᠨ ᠨᠡᠶᠢᠭᠡᠮᠯᠢᠭ ᠪᠣᠯᠣᠨ ᠣᠷᠣᠯᠳᠣᠭᠠᠨ ᠤ | ᠠᠵᠢᠯᠯᠠᠭᠠᠨ ᠤ ᠵᠣᠬᠢᠶᠠᠨ ᠪᠠᠶᠢᠭᠤᠯᠬᠤ ᠺᠣᠮᠢᠰ ᠨᠢ ᠬᠡᠷᠪᠡ ᠣᠷᠣᠯᠳᠣᠭᠠᠨ ᠤ ᠠᠵᠢᠯᠯᠠᠭ᠎ᠠ ᠶᠢ ᠵᠣᠬᠢᠶᠠᠨ ᠪᠠᠶᠢᠭᠤᠯᠬᠤ | ᠶᠠᠪᠣᠴᠠ ᠳᠤ ᠲᠣᠮᠣ ᠠᠳᠡᠯ ᠭᠠᠷᠭᠠᠵᠣ᠂ ᠬᠦᠨᠳᠣ ᠨᠣᠴᠢᠳᠠᠢ ᠦᠷ᠎ᠡ ᠳ᠋ᠦᠩ ᠪᠣᠶᠣ ᠮᠠᠭᠤ ᠨᠦᠯᠦᠬᠡ ᠭᠠᠷᠭᠠᠭᠰᠠᠨ | ᠪᠣᠯ᠂ ᠬᠠᠮᠢᠶ᠎ᠡ ᠪᠦᠬᠦᠢ ᠬᠠᠤᠯᠢ ᠴᠠᠭᠠᠵᠠ ᠳᠦᠷᠢᠮ ᠳᠣᠭᠳᠠᠭᠠᠯ ᠶᠤᠰᠤᠭᠠᠷ ᠬᠠᠷᠢᠭᠤᠴᠠᠯᠭ᠎ᠠ ᠡᠭᠦᠷᠭᠡᠯᠡᠨ᠎ᠠ᠃ | ᠪᠡᠶ᠎ᠡ ᠶᠢᠨ ᠲᠠᠮᠢᠷ ᠤᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠬᠠᠮᠢᠶ᠎ᠠ ᠪᠦᠬᠦᠢ ᠪᠠᠶᠢᠳᠠᠯ ᠢ | ᠢᠳᠡᠭᠡᠮᠵᠢ ᠶᠢᠨ ᠳᠡᠮᠳᠡᠭᠯᠡᠯ ᠳᠤ ᠳᠡᠮᠳᠡᠭᠯᠡᠨ ᠪᠦᠬᠦ ᠣᠯᠣᠰ ᠤᠨ ᠢᠳᠡᠬᠡᠮᠵᠢ ᠶᠢᠨ ᠰᠣᠷᠠᠭ ᠵᠠᠩᠬᠢ ᠬᠤᠪᠢᠶᠠᠯᠴᠠᠬᠤ | ᠳᠠᠪᠴᠠᠩ ᠳᠤ ᠣᠷᠣᠭᠤᠯᠵᠤ᠂ ᠬᠢᠨᠠᠨ ᠬᠠᠮᠢᠶᠠᠷᠣᠯᠳᠠ ᠶᠢᠨ ᠭᠤᠤᠯᠳᠠᠯᠭ᠎ᠠ ᠲᠠᠢ ᠡᠳᠡᠬᠡᠳ ᠲᠤ ᠵᠢᠭᠰᠠᠭᠠᠨ᠂ ᠬᠠᠤᠯᠢ | ᠲᠤᠭᠳᠠᠭᠠᠯ ᠶᠤᠰᠤᠭᠠᠷ ᠬᠠᠮᠳᠣᠷᠠᠨ ᠬᠤᠯᠪᠣᠭᠠᠯᠠᠵᠤ ᠵᠠᠰᠠᠭ ᠵᠠᠬᠢᠷᠭᠠᠨ ᠤ ᠴᠢᠨᠠᠷᠳᠠᠢ ᠬᠦᠯᠢᠶᠡᠰᠦᠯᠡᠯ ᠪᠣᠯᠣᠨ | ᠴᠡᠬᠡᠷᠯᠡᠬᠦᠯᠬᠦ ᠠᠷᠭ᠎ᠠ ᠠᠪᠴᠠᠯ ᠠᠪᠣᠨ᠎ᠠ᠃ | ᠠᠷᠪᠠ ᠶᠢᠰᠦ᠂ ᠣᠷᠣᠯᠳᠣᠭᠠᠨ ᠤ ᠠᠵᠢᠯᠯᠠᠭᠠᠨ ᠳᠤ ᠣᠷᠣᠯᠴᠠᠭᠰᠠᠨ ᠡᠯ᠎ᠡ ᠲᠠᠯ᠎ᠠ ᠶᠢᠨ ᠬᠢᠨ ᠨᠡᠶᠢᠬᠡᠮ | ᠵᠢᠷᠣᠮ ᠤᠨ ᠭᠤᠣᠯᠯᠠᠭᠴᠢ ᠦᠷᠳᠡᠭ ᠤᠨ ᠦᠵᠡᠯᠳᠠ ᠶᠢ ᠶᠡᠭᠡᠪᠡᠷ ᠦᠢᠯᠡᠳᠦᠯᠭᠡᠵᠢᠬᠦᠯᠵᠦ᠂ ᠳᠣᠮᠳᠠᠳᠣ ᠶᠢᠨ ᠪᠡᠶ᠎ᠡ ᠶᠢᠨ | ᠲᠠᠮᠢᠷ ᠤᠨ ᠵᠣᠷᠢᠭ ᠰᠠᠨᠠᠭ᠎ᠠ ᠶᠢ ᠬᠦᠢᠴᠡᠳ ᠪᠠᠳᠠᠷᠠᠭᠤᠯᠵᠣ᠂ ᠣᠷᠣᠯᠳᠣᠭᠠᠨ ᠤ ᠲᠠᠯᠠᠪᠠᠢ ᠶᠢᠨ ᠠᠵᠢᠯᠯᠠᠭᠠᠨ ᠤ | ᠲᠦᠷᠢᠮᠵᠢᠯ ᠢ ᠬᠠᠮᠳᠤ ᠪᠠᠷ ᠵᠢᠷᠣᠮᠯᠠᠵᠣ᠂ ᠣᠷᠣᠯᠳᠣᠭᠠᠨ ᠤ ᠠᠵᠢᠯᠯᠠᠭᠠᠨ ᠤ ᠡᠮᠬᠢ ᠳᠢᠭᠯᠢᠮ ᠢ ᠬᠠᠮᠠᠭᠠᠯᠠᠨ᠎ᠠ᠃ | ᠬᠤᠷᠢ᠂ ᠳᠣᠰ ᠰᠠᠨᠠᠯ ᠢ ᠨᠡᠶᠢᠳᠡᠯᠡᠭᠰᠡᠨ ᠡᠳᠦᠷ ᠠᠴᠠ ᠡᠬᠢᠯᠡᠨ ᠬᠡᠷᠡᠭᠵᠢᠬᠦᠯᠦᠨ᠎ᠠ᠂ ᠬᠤᠶᠠᠷ ᠵᠢᠯ ᠤᠨ | ᠬᠦᠴᠦᠨ ᠲᠠᠢ᠃ | ᠳᠠᠭᠠᠯᠳᠣᠭᠤᠯᠣᠯ᠄ | ︽ᠳᠠᠮᠢᠷᠴᠢᠨ᠂ ᠳᠠᠰᠬᠠᠯᠵᠢᠭᠤᠯᠣᠭᠴᠢ ᠶᠢᠨ ᠣᠷᠣᠯᠳᠣᠭᠠᠨ ᠤ ᠳᠠᠯᠠᠪᠠᠢ ᠳᠠᠬᠢ ᠠᠵᠢᠯᠯᠠᠭᠠᠨ ᠤ | ᠲᠥᠷᠢᠮᠵᠢᠯ︾ | ᠳᠠᠮᠢᠷᠴᠢᠨ᠂ ᠳᠠᠰᠬᠠᠵᠢᠭᠤᠯᠣᠭᠴᠢ ᠣᠷᠣᠯᠳᠣᠭᠠᠨ ᠤ ᠳᠠᠯᠠᠪᠠᠢ ᠳᠠᠬᠢ ᠠᠵᠢᠯᠯᠠᠭᠠᠨ ᠤ ᠲᠥᠷᠢᠮᠵᠢᠯ | ᠡᠬᠡ ᠣᠯᠣᠰ ᠢᠶᠠᠨ ᠬᠠᠶᠢᠷᠠᠯᠠᠵᠣ᠂ ᠣᠯᠣᠰ ᠣᠷᠣᠨ ᠤ ᠠᠰᠢᠭ ᠳᠣᠰᠠ ᠶᠢ ᠬᠤᠬᠢᠷᠠᠭᠤᠯᠬᠤ ᠦᠬᠡᠢ | ᠦᠬᠡ ᠶᠠᠷᠢᠶ᠎ᠠ ᠦᠢᠯᠡ ᠠᠵᠢᠯᠯᠠᠭ᠎ᠠ ᠡᠪᠯᠢᠭ᠂ ᠪᠡᠶ᠎ᠡ ᠶᠢᠨ ᠲᠠᠮᠢᠷ ᠤᠨ ᠵᠣᠷᠢᠭ ᠰᠠᠨᠠᠭ᠎ᠠ ᠶᠢ ᠵᠦᠷᠢᠴᠡᠬᠦ | ᠦᠬᠡᠢ | ᠰᠢᠠᠳᠠᠷᠠᠰᠢ ᠦᠬᠡᠢ ᠳᠡᠮᠡᠴᠡᠵᠣ᠂ ᠨᠠᠵᠠᠭᠠᠶᠢᠷᠠᠵᠣ ᠬᠤᠶᠢᠶᠢᠷᠭᠤᠰᠢᠬᠤ ᠪᠣᠯᠬᠤ ᠦᠬᠡᠢ | ᠪᠦᠯᠬᠦᠮᠳᠠᠨ ᠬᠠᠮᠵᠢᠯᠴᠠᠵᠦ᠂ ᠪᠤᠳᠠᠷᠠᠵᠦ ᠲᠤᠳᠤᠷ᠎ᠠ ᠪᠠᠨ ᠲᠡᠮᠡᠴᠡᠯᠳᠦᠬᠦ ᠪᠣᠯᠬᠤ ᠦᠬᠡᠢ | ᠲᠥᠪ ᠭᠤᠤᠯᠴᠢ ᠦᠷᠢᠰᠦᠯᠳᠦᠨ᠂ ᠬᠤᠳᠠᠯ ᠬᠠᠭᠤᠷᠮᠠᠭᠴᠢ ᠪᠠᠶᠢᠵᠣ ᠪᠣᠯᠬᠤ ᠦᠬᠡᠢ | ᠠᠷᠢᠭᠤᠨ ᠴᠢᠭᠡᠴᠢ ᠪᠠᠶᠢᠵᠣ᠂ ᠬᠦᠬᠡᠷᠦᠯᠳᠠ ᠶᠢᠨ ᠡᠮ ᠬᠡᠷᠡᠭᠯᠡᠵᠣ ᠪᠣᠯᠬᠤ ᠦᠬᠡᠢ |