—— 2015 ᠤᠨ ᠤ 1 ᠳ᠋ᠤᠭᠡᠷ ᠰᠠᠷ᠎ᠠ ᠶᠢᠨ 26 ᠤ ᠡᠳᠥᠷ ᠤᠨ | ᠥᠪᠥᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ | ᠠᠷᠪᠠᠨ ᠬᠤᠶᠠᠳᠤᠭᠠᠷ ᠬᠤᠭᠤᠴᠠᠭᠠᠨ ᠤ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠭᠤᠷᠪᠠᠳᠤᠭᠠᠷ | ᠬᠤᠷᠠᠯᠳᠤᠭᠠᠨ ᠲᠡᠭᠡᠷ᠎ᠡ | | ᠥᠪᠡᠷᠳᠡᠭᠡᠨ ᠵᠠᠰᠠᠬᠤ ᠤᠷᠤᠨ ᠤ ᠲᠡᠷᠢᠭᠦᠯᠡᠭᠴᠢ ᠪᠠᠭᠠᠲᠤᠷ | | | ᠲᠦᠯᠦᠬᠡᠯᠡᠭᠴᠢᠳ ᠡ᠄ | ᠤᠳᠤ᠂ ᠪᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ | ᠡᠮᠦᠨ᠎ᠡ ᠠᠴᠠ ᠶᠡᠭᠡ ᠬᠤᠷᠠᠯ ᠳᠤ ᠠᠵᠢᠯ ᠢᠶᠠᠨ ᠮᠡᠳᠡᠭᠦᠯᠦᠶ᠎ᠡ᠂ ᠬᠢᠨᠠᠨ ᠵᠦᠪᠯᠡᠬᠦ ᠪᠣᠯᠪᠠᠤ᠂ ᠲᠡᠷᠡᠴᠢᠯᠡᠨ ᠥᠪᠡᠷᠲᠡᠭᠡᠨ | ᠵᠠᠰᠠᠬᠤ ᠣᠷᠣᠨ ᠤ ᠤᠯᠤᠰ ᠲᠥᠷᠥ ᠶᠢᠨ ᠵᠦᠪᠯᠡᠯᠭᠡᠨ ᠤ ᠭᠡᠰᠢᠭᠦᠨ ᠪᠣᠯᠣᠨ ᠬᠤᠷᠠᠯ ᠳᠤ ᠰᠤᠯᠠ ᠣᠷᠣᠯᠴᠠᠭᠰᠠᠳ | ᠰᠠᠨᠠᠯ ᠢᠶᠠᠨ ᠳᠤᠷᠠᠳᠬᠤ ᠪᠣᠯᠪᠠᠤ᠃ | ᠨᠢᠭᠡ᠂ 2014 ᠣᠨ ᠤ ᠠᠵᠢᠯ ᠤᠨ ᠡᠷᠭᠢᠴᠡᠭᠦᠯᠦᠯ | ᠥᠩᠭᠡᠷᠡᠭᠰᠡᠨ ᠨᠢᠭᠡ ᠵᠢᠯ ᠪᠣᠯ ᠥᠪᠡᠷᠲᠡᠭᠡᠨ ᠵᠠᠰᠠᠬᠤ ᠣᠷᠣᠨ ᠤ ᠭᠥᠭᠵᠢᠯᠲᠡ ᠶᠢᠨ ᠶᠠᠪᠤᠴᠠ ᠳᠠᠬᠢ ᠴᠢᠬᠤᠯᠠ | ᠬᠦᠰᠢᠶ᠎ᠡ ᠳᠤᠷᠠᠰᠬᠠᠯ ᠤᠨ ᠠᠴᠢ ᠬᠤᠯᠪᠣᠭᠳᠠᠯ ᠲᠠᠢ ᠨᠢᠭᠡ ᠵᠢᠯ ᠪᠣᠯᠣᠨ᠎ᠠ᠃ ᠵᠠᠬ᠎ᠠ ᠳᠡᠯᠭᠡᠭᠦᠷ ᠤᠨ ᠬᠡᠷᠡᠭᠴᠡᠭᠡ | ᠱᠠᠭᠠᠷᠳᠠᠯᠭ᠎ᠠ ᠬᠠᠩᠭᠠᠮᠵᠢ ᠦᠭᠡᠢ᠂ ᠠᠵᠤ ᠠᠬᠤᠢ ᠶᠢᠨ ᠪᠠᠭᠤᠷᠠᠯᠲᠠ ᠶᠢᠨ ᠳᠠᠷᠤᠯᠲᠠ ᠶᠡᠬᠡᠳᠴᠦ ᠪᠠᠶᠢᠭ᠎ᠠ ᠵᠡᠷᠭᠡ | ᠨᠦᠰᠡᠷ ᠬᠦᠨᠳᠦ ᠪᠤᠳᠤᠯᠢᠶᠠᠨᠲᠠᠢ ᠪᠠᠶᠢᠳᠠᠯ ᠪᠣᠯᠣᠨ ᠬᠠᠲᠠᠭᠤ ᠪᠡᠷᠬᠡᠰᠢᠶᠡᠯᠲᠡᠢ ᠦᠭᠡᠷᠡᠴᠢᠯᠡᠯᠳᠡ ᠬᠥᠭᠵᠢᠯᠲᠡ ᠶᠢᠨ | ᠲᠣᠭᠳᠠᠭᠤᠨ ᠪᠠᠶᠢᠯᠭᠠᠬᠤ ᠡᠭᠦᠷᠭᠡ ᠳᠤ ᠬᠠᠨᠳᠤᠭᠤᠯᠤᠨ᠂ ᠨᠠᠮ ᠤᠨ ᠲᠥᠪ ᠬᠤᠷᠢᠶ᠎ᠠ᠂ ᠲᠥᠷᠥ ᠶᠢᠨ ᠶᠠᠪᠤᠳᠠᠯ ᠤᠨ | ᠬᠤᠷᠢᠶ᠎ᠠ ᠪᠣᠯᠣᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠵᠥᠪ ᠣᠨᠣᠪᠴᠢᠲᠠᠢ ᠤᠳᠤᠷᠢᠳᠤᠯᠭ᠎ᠠ | ᠲᠣᠣᠷ᠎ᠠ᠂ ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠪᠥᠬᠦ ᠣᠷᠣᠨ ᠤ ᠥᠨᠳᠦᠰᠦᠲᠡᠨ ᠨᠦᠭᠦᠳ ᠤᠨ | ᠠᠷᠠᠳ ᠲᠦᠮᠡᠨ ᠢ ᠪᠥᠯᠬᠦᠮᠳᠡᠭᠦᠯᠦᠨ ᠲᠠᠭᠠᠭᠤᠯᠵᠤ᠂ ᠰᠢ ᠶᠢᠨ ᠫᠢᠩ ᠶᠡᠷᠦᠩᠬᠡᠢ ᠱᠦᠵᠢ ᠶᠢᠨ ᠠᠯᠢ ᠣᠯᠠᠨ ᠴᠢᠬᠤᠯᠠ | ᠶᠠᠷᠢᠶ᠎ᠠ ᠪᠣᠯᠣᠨ ᠥᠪᠥᠷ ᠮᠣᠩᠭᠤᠯ ᠳᠤ ᠰᠢᠨᠵᠢᠯᠡᠨ ᠪᠠᠶᠢᠴᠠᠭᠠᠬᠤ ᠳᠤ ᠶᠠᠷᠢᠭᠰᠠᠨ ᠴᠢᠬᠤᠯᠠ ᠶᠠᠷᠢᠶᠠᠨ ᠤ ᠵᠣᠷᠢᠭ | ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠤ᠂ ᠲᠥᠪ ᠤᠨ ᠡᠯ᠎ᠡ ᠵᠦᠢᠯ ᠤᠨ ᠰᠢᠢᠳᠪᠦᠷᠢᠲᠦ ᠪᠣᠳᠣᠯᠭ᠎ᠠ ᠶᠢᠨ | ᠪᠠᠶᠢᠷᠢᠯᠠᠭᠤᠯᠤᠯᠲᠠ ᠪᠣᠯᠣᠨ ᠥᠪᠡᠷᠲᠡᠭᠡᠨ ᠵᠠᠰᠠᠬᠤ ᠣᠷᠣᠨ ᠤ ︽8337︾ ᠬᠥᠭᠵᠢᠯᠲᠡ ᠶᠢᠨ ᠰᠡᠳᠬᠢᠮᠵᠢ ᠶᠢ ᠪᠥᠬᠦ | ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠠᠵᠤ ᠠᠬᠤᠢ ᠶᠢᠨ ᠬᠦᠭᠵᠢᠯᠲᠡ ᠶᠢᠨ ᠰᠢᠨ᠎ᠡ ᠬᠡᠪ ᠪᠠᠶᠢᠳᠠᠯ ᠳᠤ | ᠰᠠᠨᠠᠭᠠᠴᠢᠯᠠᠭ᠎ᠠ ᠠᠴᠠ ᠪᠠᠨ ᠳᠤᠬᠢᠷᠠᠯᠴᠠᠨ᠂ ᠯᠠᠪᠳᠠᠭᠤᠨ ᠢᠶᠠᠷ ᠤᠷᠤᠭᠰᠢ ᠳᠠᠪᠰᠢᠭᠤᠯᠬᠤ ᠠᠵᠢᠯ ᠤᠨ ᠶᠡᠷᠥᠩᠬᠡᠢ | ᠦᠨᠳᠦᠰᠦᠨ ᠰᠠᠨᠠᠭ᠎ᠠ ᠶᠢ ᠪᠠᠷᠢᠮᠲᠠᠯᠠᠵᠤ᠂ ᠨᠡᠮᠡᠭᠳᠡᠯ ᠢ ᠯᠠᠪᠳᠠᠭᠤᠨ ᠪᠠᠶᠢᠯᠭᠠᠬᠤ᠂ ᠥᠭᠡᠷᠡᠴᠢᠯᠡᠯᠲᠡ ᠶᠢ ᠠᠬᠢᠭᠤᠯᠬᠤ᠂ | ᠪᠦᠲᠦᠴᠡ ᠶᠢ ᠲᠤᠬᠢᠷᠠᠭᠤᠯᠬᠤ᠂ ᠠᠷᠠᠳ ᠤᠨ ᠠᠮᠢᠳᠤᠷᠠᠯ ᠢ ᠬᠠᠷᠠᠭᠠᠯᠵᠠᠬᠤ᠂ ᠠᠶᠤᠯ ᠲᠦᠭᠰᠢᠭᠦᠷᠢ ᠶᠢ ᠰᠡᠷᠭᠡᠶᠢᠯᠡᠬᠦ | ᠡᠯ᠎ᠡ ᠵᠦᠢᠯ ᠤᠨ ᠠᠵᠢᠯ ᠢᠶᠠᠨ ᠨᠢᠭᠡᠲᠦᠯᠲᠡᠢ ᠲᠦᠯᠦᠪᠯᠡᠨ ᠰᠠᠶᠢᠳᠤᠷ ᠬᠢᠵᠦ᠂ ᠣᠳᠣᠬᠢᠴᠢᠯᠠᠭᠰᠠᠨ ᠥᠪᠥᠷ ᠮᠣᠩᠭᠤᠯ ᠢ | ᠪᠦᠲᠦᠭᠡᠨ ᠪᠠᠶᠢᠭᠤᠯᠬᠤ ᠳᠤ ᠰᠢᠨ᠎ᠡ ᠪᠠᠶᠢᠳᠠᠯ ᠢ ᠡᠭᠦᠳᠪᠡ᠃ | ︵ᠨᠢᠭᠡ︶ ᠠᠵᠤ ᠠᠬᠤᠢ ᠶᠢᠨ ᠲᠣᠭᠲᠠᠭᠤᠨ ᠨᠡᠮᠡᠭᠳᠡᠯ ᠢ ᠪᠠᠲᠤᠯᠠᠪᠠ᠃ ᠪᠥᠬᠦ ᠣᠷᠣᠨ ᠤ ᠦᠢᠯᠡᠳᠪᠦᠷᠢᠯᠡᠯ ᠤᠨ | ᠶᠡᠷᠥᠩᠬᠡᠢ ᠥᠷᠲᠡᠭ 17769.5 ᠳ᠋ᠦᠩᠰᠢᠭᠤᠷ ᠲᠦᠭᠦᠷᠢᠭ ᠪᠠᠶᠢᠵᠤ᠂ 7.8 % ᠪᠠᠷ ᠨᠡᠮᠡᠭᠳᠡᠵᠦ᠂ ᠵᠣᠬᠢᠰᠲᠠᠢ | ᠣᠷᠣᠨ ᠵᠠᠢ ᠳᠤ ᠪᠠᠶᠢᠷᠢᠯᠠᠵᠤ ᠪᠠᠶᠢᠨ᠎ᠠ᠂ ᠡᠩ ᠤᠨ ᠣᠯᠠᠨ ᠨᠡᠶᠢᠲᠡ ᠶᠢᠨ ᠲᠥᠰᠥᠪ ᠤᠨ ᠣᠷᠣᠯᠭ᠎ᠠ 1843.2 | ᠳ᠋ᠦᠩᠰᠢᠭᠤᠷ ᠲᠦᠭᠦᠷᠢᠭ ᠪᠠᠶᠢᠵᠤ᠂ 7.1% ᠪᠠᠷ ᠨᠡᠮᠡᠭᠳᠡᠪᠡ︔ ᠡᠩ ᠤᠨ ᠣᠯᠠᠨ ᠨᠡᠶᠢᠲᠠ ᠶᠢᠨ ᠲᠥᠰᠥᠪ ᠤᠨ | ᠵᠠᠷᠤᠯᠭ᠎ᠠ 3884.3 ᠳ᠋ᠦᠩᠰᠢᠭᠤᠷ ᠲᠥᠭᠦᠷᠢᠭ ᠪᠠᠶᠢᠵᠤ᠂ 5.4% ᠪᠠᠷ ᠨᠡᠮᠡᠭᠳᠡᠪᠡ᠃ ᠪᠡᠯᠡ ᠣᠷᠣᠭᠤᠯᠤᠯᠲᠠ ᠶᠢᠨ | ᠨᠡᠮᠡᠭᠳᠡᠯ ᠢ ᠯᠠᠪᠳᠠᠭᠤᠨ ᠪᠠᠶᠢᠯᠭᠠᠬᠤ ᠳᠤ ᠦᠵᠡᠭᠦᠯᠵᠦ ᠪᠠᠶᠢᠭ᠎ᠠ ᠵᠠᠩᠭᠢᠯᠠᠭ᠎ᠠ ᠶᠢᠨ ᠦᠢᠯᠡᠳᠦᠯ ᠢ ᠭᠦᠢᠴᠡᠳ | ᠪᠠᠳᠠᠷᠠᠭᠤᠯᠤᠨ᠂ ᠳ᠋ᠦᠩᠰᠢᠭᠤᠷ ᠲᠥᠭᠦᠷᠢᠭ ᠠᠴᠠ ᠳᠡᠭᠡᠭᠰᠢᠬᠢ ᠲᠥᠷᠥᠯ ᠵᠦᠢᠯ ᠨᠡᠶᠢᠲᠡ 1307 ᠶᠢ ᠰᠢᠨ᠎ᠡ ᠪᠠᠷ | ᠪᠠᠷᠢᠯᠭ᠎ᠠ ᠡᠬᠢᠯᠡᠭᠦᠯᠵᠦ᠂ 15% ᠪᠠᠷ ᠨᠡᠮᠡᠭᠳᠡᠪᠡ᠃ ᠪᠦᠬᠦ ᠤᠷᠤᠨ ᠳᠠᠬᠢ 500 ᠲᠦᠮᠡᠨ ᠲᠥᠭᠦᠷᠢᠭ ᠠᠴᠠ | ᠳᠡᠭᠡᠭᠰᠢᠬᠢ ᠲᠥᠷᠥᠯ ᠵᠦᠢᠯᠡᠰ ᠲᠤ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ ᠶᠢ 1.19 ᠲᠦᠮᠡᠨ | ᠳ᠋ᠦᠩᠰᠢᠭᠤᠷ ᠲᠥᠭᠦᠷᠢᠭ ᠪᠡᠶᠡᠯᠡᠭᠦᠯᠵᠦ᠂ 15.7% ᠪᠠᠷ ᠨᠡᠮᠡᠭᠳᠡᠪᠡ︔ ᠤᠯᠤᠰ ᠠᠴᠠ ᠬᠠᠷᠭᠤᠭᠤᠯᠠᠨ | ᠵᠦᠪᠰᠢᠶᠡᠷᠡᠭᠰᠡᠨ ᠪᠠ ᠭᠠᠷᠭᠠᠵᠤ ᠥᠭᠭᠦᠭᠰᠡᠨ ᠪᠠᠷᠢᠮᠲᠠ ᠲᠠᠢ ᠴᠢᠬᠤᠯᠠ ᠶᠡᠭᠡ ᠡᠨᠧᠷᠭᠢ᠂ ᠰᠢᠨ᠎ᠡ ᠮᠠᠶ᠋ᠢᠭ ᠤᠨ | ᠨᠡᠭᠦᠷᠡᠰᠦᠨ ᠤ ᠬᠢᠮᠢ ᠶᠢᠨ ᠠᠵᠤ ᠦᠢᠯᠡᠳᠪᠦᠷᠢ ᠶᠢᠨ ᠲᠥᠷᠥᠯ ᠵᠦᠢᠯ ᠳᠤ 70 ᠭᠠᠷᠤᠢ ᠵᠦᠢᠯ ᠢ ᠴᠢᠷᠮᠠᠶᠢᠨ ᠣᠯᠵᠣ᠂ | ᠶᠡᠷᠦᠩᠬᠡᠢ ᠪᠡᠯᠡ ᠣᠷᠣᠭᠤᠯᠤᠯᠲᠠ ᠨᠢ 8000 ᠳ᠋ᠦᠩᠰᠢᠭᠤᠷ ᠲᠥᠭᠦᠷᠢᠭ ᠣᠶᠢᠷᠠᠲᠤᠵᠤ᠂ ᠴᠢᠬᠤᠯᠠ ᠶᠡᠭᠡ | ᠠᠬᠢᠴᠠ ᠲᠠᠢ ᠪᠤᠯᠵᠤ᠂ ᠠᠵᠤ ᠦᠢᠯᠡᠰ ᠤᠨ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠶᠢ ᠬᠦᠴᠦᠲᠠᠢ | ᠠᠬᠢᠭᠤᠯᠪᠠ᠃ ᠬᠡᠷᠡᠭᠯᠡᠭᠡᠨ ᠤ ᠰᠠᠭᠤᠷᠢ ᠦᠢᠯᠡᠳᠦᠯ ᠢ ᠪᠠᠳᠠᠷᠠᠭᠤᠯᠬᠤ ᠪᠠᠨ ᠨᠡᠩ ᠴᠢᠬᠤᠯᠠᠴᠢᠯᠠᠨ᠂ ᠭᠦᠢᠯᠭᠡᠭᠡᠨ ᠤ | ᠪᠠᠶᠢᠭᠤᠯᠤᠯ ᠤᠨ ᠦᠭᠡᠷᠡᠴᠢᠯᠡᠯᠳᠡ ᠶᠢ ᠭᠦᠨᠵᠡᠭᠡᠶᠢᠷᠡᠭᠦᠯᠵᠦ᠂ ᠵᠠᠬ᠎ᠠ ᠳᠡᠯᠭᠡᠭᠦᠷ ᠤᠨ ᠰᠢᠰᠲ᠋ᠧᠮᠵᠢ ᠶᠢᠨ | ᠪᠠᠶᠢᠭᠤᠯᠤᠯᠳᠠ ᠶᠢ ᠴᠢᠩᠭᠠᠳᠬᠠᠨ᠂ ᠣᠳᠣ ᠦᠶ᠎ᠡ ᠶᠢᠨ ᠭᠦᠢᠯᠭᠡᠭᠡᠨ ᠤ ᠠᠷᠭ᠎ᠠ ᠮᠠᠶ᠋ᠢᠭ ᠢ ᠬᠥᠭᠵᠢᠭᠦᠯᠵᠦ᠂ ᠪᠥᠬᠦ | ᠨᠡᠶᠢᠭᠡᠮ ᠤᠨ ᠬᠢᠨ ᠤ ᠬᠡᠷᠡᠭᠯᠡᠭᠡᠨ ᠤ ᠪᠣᠳᠠᠰ ᠤᠨ ᠵᠢᠵᠢᠭᠯᠡᠨ ᠬᠤᠳᠠᠯᠳᠤᠭᠰᠠᠨ ᠶᠡᠷᠦᠩᠬᠡᠢ ᠲᠤᠭ᠎ᠠ 5619.9 | ᠳ᠋ᠦᠩᠰᠢᠭᠤᠷ ᠲᠥᠭᠦᠷᠢᠭ ᠪᠠᠶᠢᠵᠤ᠂ 10.6% ᠪᠠᠷ ᠨᠡᠮᠡᠭᠳᠡᠪᠡ︔ ᠰᠠᠭᠤᠭᠠᠯᠢ ᠠᠷᠠᠳ ᠤᠨ ᠬᠡᠷᠡᠭᠯᠡᠭᠡ ᠶᠢᠨ ᠦᠨ᠎ᠡ | ᠬᠠᠨᠭ᠍ᠰᠢ 1.6% ᠪᠠᠷ ᠳᠡᠭᠡᠭᠰᠢᠯᠡᠵᠦ᠂ ᠪᠠᠷᠠᠭᠠᠨ ᠤ ᠦᠨ᠎ᠡ ᠶᠢᠨ ᠶᠡᠷᠦᠩᠬᠡᠢ ᠬᠢᠷᠢ ᠳᠦᠪᠰᠢᠨ ᠤ ᠳᠤᠬᠳᠠᠭᠤᠨ ᠢ | ᠪᠠᠳᠤᠯᠠᠪᠠ᠃ ᠠᠵᠤ ᠦᠢᠯᠡᠳᠪᠦᠷᠢ ᠶᠢᠨ ᠨᠡᠮᠡᠭᠳᠡᠯ ᠢ ᠠᠬᠢᠭᠤᠯᠬᠤ᠂ ᠨᠡᠭᠦᠷᠡᠰᠦᠨ ᠤ ᠠᠵᠢᠯᠯᠠᠭᠠᠨ ᠢ | ᠲᠣᠭᠲᠠᠪᠤᠷᠢᠵᠢᠭᠤᠯᠬᠤ᠂ ᠬᠠᠩᠭᠠᠯᠭ᠎ᠠ ᠪᠠ ᠬᠡᠷᠡᠭᠴᠡᠭᠡ ᠶᠢ ᠵᠤᠯᠭᠠᠭᠤᠯᠬᠤ ᠶᠢ ᠴᠢᠩᠭᠠᠳᠬᠠᠬᠤ ᠵᠡᠷᠭᠡ ᠲᠥᠷᠥ ᠶᠢᠨ | ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠴᠢᠩᠭᠠᠳᠬᠠᠵᠤ᠂ ᠠᠵᠤ ᠦᠢᠯᠡᠳᠪᠦᠷᠢ ᠶᠢᠨ ᠦᠢᠯᠡᠳᠪᠦᠷᠢᠯᠡᠯ ᠪᠣᠯᠣᠨ ᠠᠵᠤ | ᠠᠬᠤᠶᠢᠯᠠᠯ ᠤᠨ ᠡᠵᠡᠩᠨᠡᠯᠲᠡ ᠶᠢ ᠪᠥᠬᠦ ᠬᠦᠴᠦᠨ ᠢᠶᠠᠷ ᠲᠣᠭᠲᠠᠪᠤᠷᠢᠵᠢᠭᠤᠯᠤᠨ᠂ ᠬᠡᠪᠴᠢᠶᠡᠵᠢᠯ ᠠᠴᠠ ᠳᠡᠭᠡᠭᠰᠢᠬᠢ | ᠠᠵᠤ ᠦᠢᠯᠡᠳᠪᠦᠷᠢ ᠶᠢᠨ ᠨᠡᠮᠡᠭᠳᠡᠯ ᠥᠷᠲᠡᠭ 10% ᠪᠠᠷ ᠨᠡᠮᠡᠭᠳᠡᠪᠡ᠃ ᠡᠯ᠎ᠡ ᠲᠥᠷᠥᠯ ᠤᠨ ᠰᠦᠢᠳᠭᠡᠯ ᠬᠤᠷᠢᠶᠠᠬᠤ | ᠲᠥᠷᠥᠯ ᠵᠦᠢᠯ ᠳᠤ 38 ᠶᠢ ᠬᠦᠴᠦᠨ ᠦᠭᠡᠢ ᠪᠣᠯᠭᠠᠭᠰᠠᠨ ᠪᠠ ᠪᠠᠭᠤᠷᠠᠭᠤᠯᠵᠤ᠂ 30 ᠳ᠋ᠦᠩᠰᠢᠭᠤᠷ | ᠲᠥᠭᠦᠷᠢᠭ ᠤᠨ ᠠᠵᠤ ᠠᠬᠤᠶᠢᠯᠠᠯ ᠤᠨ ᠲᠠᠷᠤᠭᠠᠰᠤ ᠶᠢ ᠭᠥᠩᠭᠡᠷᠡᠭᠦᠯᠪᠡ᠃ ᠴᠠᠬᠢᠯᠭᠠᠨ ᠬᠦᠴᠦᠨ ᠤ ᠲᠠᠯ᠎ᠠ ᠪᠠᠷ ᠬᠢ | ᠶᠡᠷᠦᠩᠬᠡᠶᠢᠯᠡᠨ ᠲᠡᠳᠭᠦᠭᠦ ᠲᠥᠷᠥ ᠶᠢᠨ ᠪᠣᠳᠣᠯᠭ᠎ᠠ ᠶᠢ ᠬᠡᠷᠡᠭᠵᠢᠭᠦᠯᠬᠦ ᠡᠷᠴᠢᠮ ᠢᠶᠠᠨ ᠴᠢᠩᠭᠠᠷᠠᠭᠤᠯᠤᠨ᠂ ᠰᠢᠨ᠎ᠡ ᠪᠠᠷ | ᠨᠡᠮᠡᠭᠳᠡᠬᠦ ᠠᠵᠤ ᠦᠢᠯᠡᠳᠪᠦᠷᠢ ᠶᠢᠨ ᠨᠡᠮᠡᠭᠳᠡᠯ ᠥᠷᠲᠡᠭ 750 ᠳ᠋ᠦᠩᠰᠢᠭᠤᠷ ᠲᠥᠭᠦᠷᠢᠭ᠂ ᠭᠠᠶᠢᠯᠢ ᠳᠠᠲᠠᠪᠤᠷᠢ 95 | ᠳ᠋ᠦᠩᠰᠢᠭᠤᠷ ᠲᠥᠭᠦᠷᠢᠭ᠂ ᠠᠵᠢᠯ ᠣᠯᠭᠤᠯᠲᠠ 10 ᠭᠠᠷᠤᠢ ᠲᠦᠮᠡᠨ ᠬᠥᠮᠥᠨ ᠳᠤ ᠬᠦᠷᠬᠦ ᠶᠢ ᠳᠠᠶᠢᠴᠢᠯᠠᠨ | ᠳᠠᠭᠠᠭᠤᠯᠪᠠ᠃ ᠨᠡᠶᠢᠲᠡ ᠶᠢᠨ ᠥᠮᠴᠢᠯᠡᠯ ᠤᠨ ᠪᠤᠰᠤ ᠠᠵᠤ ᠠᠬᠤᠢ ᠶᠢᠨ ᠭᠥᠭᠵᠢᠯᠲᠡ ᠶᠢ ᠠᠬᠢᠭᠤᠯᠬᠤ ᠲᠥᠷᠥ ᠶᠢᠨ | ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠬᠢᠨᠠᠮᠠᠭᠠᠢ ᠨᠠᠶᠢᠳᠠᠪᠤᠷᠢᠵᠢᠭᠤᠯᠵᠤ᠂ ᠬᠡᠪᠴᠢᠶᠡᠵᠢᠯ ᠠᠴᠠ ᠳᠡᠭᠡᠭᠰᠢᠬᠢ ᠲᠤᠮᠳᠠ | ᠵᠢᠵᠢᠭ ᠠᠵᠤ ᠠᠬᠤᠶᠢᠯᠠᠯ ᠤᠳ ᠤᠨ ᠠᠵᠤ ᠦᠢᠯᠡᠳᠪᠦᠷᠢ ᠶᠢᠨ ᠨᠡᠮᠡᠭᠳᠡᠯ ᠥᠷᠲᠡᠭ 12.5% ᠪᠠᠷ ᠨᠡᠮᠡᠭᠳᠡᠭᠡᠳ ᠠᠵᠤ | ᠦᠢᠯᠡᠳᠪᠦᠷᠢ ᠶᠢᠨ ᠨᠡᠮᠡᠭᠳᠡᠯ ᠳᠤ ᠦᠵᠡᠭᠦᠯᠦᠭᠰᠡᠨ ᠬᠤᠪᠢ ᠨᠡᠮᠡᠷᠢ ᠶᠢᠨ ᠨᠣᠷᠮ᠎ᠠ ᠨᠢ 77.6% ᠳᠤ ᠬᠦᠷᠪᠡ᠃ | ︵ᠬᠤᠶᠠᠷ︶ ᠪᠦᠲᠦᠴᠡ ᠶᠢᠨ ᠳᠤᠬᠢᠷᠠᠭᠤᠯᠤᠯᠲᠠ ᠰᠢᠨ᠎ᠠ ᠠᠯᠬᠤᠴᠠ ᠶᠢ ᠠᠯᠬᠤᠪᠠ᠃ ︽ᠲᠠᠪᠤᠨ ᠲᠣᠮᠣ | ᠰᠠᠭᠤᠷᠢᠨ ᠭᠠᠵᠠᠷ︾ ᠢ ᠪᠦᠲᠦᠭᠡᠨ ᠪᠠᠶᠢᠭᠤᠯᠬᠤ ᠪᠠᠷ ᠭᠤᠣᠯᠳᠠᠯᠭ᠎ᠠ ᠪᠣᠯᠭᠠᠨ ᠠᠵᠤ ᠦᠢᠯᠡᠰ ᠤᠨ ᠪᠦᠲᠦᠴᠡ ᠶᠢ | ᠲᠣᠬᠢᠷᠠᠭᠤᠯᠪᠠ᠃ ᠲᠠᠷᠢᠶᠠᠯᠠᠩ ᠮᠠᠯ ᠠᠵᠤ ᠠᠬᠤᠢ ᠲᠣᠭᠲᠠᠭᠤᠨ ᠢᠶᠠᠷ ᠬᠥᠭᠵᠢᠵᠦ᠂ ᠠᠮᠤ ᠪᠤᠳᠠᠭ᠎ᠠ ᠶᠢᠨ | ᠦᠢᠯᠡᠳᠪᠦᠷᠢᠯᠡᠯ ᠬᠦᠢᠲᠡᠨ ᠪᠠ ᠭᠠᠩ ᠬᠠᠭᠤᠷᠠᠢ ᠶᠢᠨ ᠨᠦᠯᠦᠭᠡᠯᠡᠯ ᠢ ᠲᠡᠪᠴᠢᠨ ᠳᠠᠬᠢᠨᠲᠠ ᠰᠠᠶᠢᠨ ᠬᠤᠷᠢᠶᠠᠯᠲᠠ | ᠣᠯᠵᠤ ᠠᠮᠤ ᠪᠤᠳᠠᠭ᠎ᠠ ᠶᠢᠨ ᠬᠤᠷᠢᠶᠠᠯᠲᠠ ᠶᠢᠨ ᠬᠡᠮᠵᠢᠶ᠎ᠡ ᠬᠤᠶᠠᠷ ᠵᠢᠯ ᠲᠠᠷᠠᠭᠠᠯᠠᠨ 550 ᠳ᠋ᠦᠩᠰᠢᠭᠤᠷ ᠵᠢᠩ ᠠᠴᠠ | ᠳᠡᠭᠡᠭᠰᠢᠬᠢ ᠳᠤ ᠲᠣᠭᠲᠠᠪᠤᠷᠢᠵᠢᠪᠠ︔ ᠮᠠᠯᠵᠢᠯ ᠤᠨ ᠣᠨ ᠤ ᠮᠠᠯ ᠠᠷᠠᠴᠢᠯᠠᠨ ᠲᠡᠵᠢᠭᠡᠵᠦ ᠪᠠᠶᠢᠭ᠎ᠠ ᠲᠤᠭ᠎ᠠ ᠲᠣᠯᠣᠭᠠᠢ | 1.29 ᠳ᠋ᠦᠩᠰᠢᠭᠤᠷ ᠢ ᠳᠠᠪᠠᠵᠤ᠂ 1100 ᠲᠦᠮᠡᠨ ᠲᠤᠭ᠎ᠠ ᠲᠣᠯᠣᠭᠠᠢ ᠨᠡᠮᠡᠭᠳᠡᠪᠡ᠃ ᠠᠵᠤ ᠦᠢᠯᠡᠳᠪᠦᠷᠢ ᠶᠢᠨ | ᠬᠡᠯᠪᠡᠷᠢ ᠪᠠᠨ ᠬᠤᠪᠢᠷᠠᠭᠤᠯᠤᠨ ᠳᠡᠰ ᠲᠡᠪᠰᠢᠬᠦ ᠶᠢ ᠦᠷᠬᠦᠯᠵᠢᠯᠡᠨ ᠠᠬᠢᠭᠤᠯᠵᠤ᠂ ᠣᠳᠣ ᠦᠶ᠎ᠡ ᠶᠢᠨ ᠨᠡᠭᠦᠷᠡᠰᠦᠨ ᠤ | ᠬᠢᠮᠢ ᠶᠢᠨ ᠠᠵᠤ ᠦᠢᠯᠡᠳᠪᠦᠷᠢ ᠵᠡᠷᠭᠡ ᠰᠢᠨ᠎ᠡ ᠪᠠᠷ ᠪᠣᠢ ᠪᠣᠯᠣᠭᠰᠠᠨ ᠠᠵᠤ ᠦᠢᠯᠡᠰ ᠲᠦᠷᠭᠡᠨ ᠢᠶᠠᠷ ᠦᠰᠦᠨ | ᠪᠤᠶᠢᠵᠢᠵᠤ᠂ ᠲᠣᠨᠤᠭ ᠲᠥᠬᠦᠭᠡᠷᠦᠮᠵᠢ ᠦᠢᠯᠡᠳᠬᠦ᠂ ᠳᠡᠭᠡᠳᠦ ᠰᠢᠨ᠎ᠡ ᠮᠡᠷᠭᠡᠵᠢᠯ᠂ ᠥᠩᠭᠡᠲᠦ ᠲᠡᠮᠦᠷᠯᠢᠭ ᠪᠤᠯᠤᠨ | ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠬᠦᠨ ᠢ ᠪᠣᠯᠪᠠᠰᠤᠷᠠᠭᠤᠯᠬᠤ ᠦᠢᠯᠡᠰ ᠳᠦᠷᠭᠡᠨ ᠬᠦᠭᠵᠢᠵᠦ᠂ | ᠠᠵᠤ ᠦᠢᠯᠡᠳᠪᠦᠷᠢ ᠶᠢᠨ ᠨᠡᠮᠡᠭᠳᠡᠯ ᠳᠤ ᠦᠵᠡᠭᠦᠯᠦᠭᠰᠡᠨ ᠬᠤᠪᠢ ᠨᠡᠮᠡᠷᠢ ᠶᠢᠨ ᠨᠣᠷᠮ᠎ᠠ ᠨᠢ 3. 6 ᠵᠠᠭᠤᠨ ᠤ | ᠴᠡᠭ ᠢᠶᠠᠷ ᠳᠡᠭᠡᠭᠰᠢᠯᠡᠨ᠂ ᠬᠤᠪᠣᠷ ᠰᠢᠷᠤᠢ᠂ ᠰᠠᠯᠬᠢᠨ ᠬᠦᠴᠦᠨ ᠤ ᠴᠠᠬᠢᠯᠭᠠᠨ᠂ ᠡᠭᠦᠯᠡᠨ ᠪᠣᠳᠣᠯᠲᠠ᠂ ᠳᠠᠩ | ᠲᠠᠯᠠᠰᠲᠤ ᠴᠠᠬᠢᠭᠤᠷ ᠤᠨ ᠠᠵᠤ ᠦᠢᠯᠡᠰ ᠤᠨ ᠬᠡᠪᠴᠢᠶᠡᠵᠢᠯ ᠨᠢ ᠪᠥᠬᠦ ᠤᠯᠤᠰ ᠤᠨ ᠠᠩᠬᠠᠨ ᠤ ᠪᠠᠶᠢᠷᠢ ᠶᠢ ᠪᠠᠲᠤᠯᠠᠪᠠ | ᠃ ᠤᠯᠠᠮᠵᠢᠯᠠᠯᠲᠤ ᠠᠵᠤ ᠦᠢᠯᠡᠰ ᠤᠨ ᠥᠭᠡᠷᠡᠴᠢᠯᠡᠨ ᠳᠡᠰ ᠳᠡᠪᠰᠢᠭᠦᠯᠬᠦ ᠲᠦᠷᠭᠡᠳᠴᠦ᠂ ᠮᠡᠷᠭᠡᠵᠢᠯ ᠤᠨ | ᠥᠭᠡᠷᠡᠴᠢᠯᠡᠯᠲᠡ ᠶᠢᠨ ᠣᠷᠤᠭᠤᠯᠤᠯᠲᠠ 1085 ᠳ᠋ᠦᠩᠰᠢᠭᠤᠷ ᠲᠦᠭᠦᠷᠢᠭ ᠪᠠᠶᠢᠵᠤ᠂ ᠤᠯᠤᠰ ᠠᠴᠠ ᠪᠠᠭᠤᠯᠭᠠᠭᠰᠠᠨ | ︽12 · 5︾ ᠶᠢᠨ ᠲᠦᠯᠦᠪᠵᠢᠭᠦᠯᠭᠡ ᠳᠠᠬᠢ ᠬᠤᠴᠣᠷᠤᠩᠭᠤᠢ ᠦᠢᠯᠡᠳᠪᠦᠷᠢᠯᠡᠬᠦ ᠴᠢᠳᠠᠪᠤᠷᠢ ᠶᠢ ᠰᠢᠯᠢᠭᠳᠡᠬᠦᠯᠬᠦ | ᠡᠭᠦᠷᠭᠡ ᠪᠠᠨ ᠨᠢᠭᠡ ᠵᠢᠯ ᠤᠷᠢᠳᠴᠢᠯᠠᠨ ᠪᠡᠶᠡᠯᠡᠭᠦᠯᠪᠡ᠃ ᠣᠳᠤ ᠦᠶ᠎ᠡ ᠶᠢᠨ ᠦᠢᠯᠡᠴᠢᠯᠡᠭᠡ ᠶᠢᠨ ᠦᠢᠯᠡᠰ ᠢ ᠶᠡᠬᠡᠪᠡᠷ | ᠭᠥᠭᠵᠢᠭᠦᠯᠵᠦ᠂ ᠨᠠᠰᠦᠵᠢᠯ ᠤᠨ ᠠᠰᠠᠷᠠᠮᠵᠢ ᠡᠷᠡᠭᠦᠯᠵᠢᠯ᠂ ᠡᠯᠧᠺᠳ᠋ᠷᠣᠨ ᠬᠤᠳᠠᠯᠳᠤᠭᠠᠨ ᠤ ᠶᠠᠪᠤᠳᠠᠯ ᠤᠨ | ᠬᠦᠭᠵᠢᠯᠳᠡ ᠶᠢ ᠠᠬᠢᠭᠤᠯᠬᠤ ᠵᠡᠷᠭᠡ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠨᠡᠶᠢᠳᠡᠯᠡᠵᠦ᠂ ᠰᠣᠶᠣᠯ᠂ | ᠮᠡᠳᠡᠭᠡ ᠵᠠᠩᠭᠢ ᠵᠡᠷᠭᠡ ᠠᠵᠤ ᠦᠢᠯᠡᠰ ᠯᠠᠪᠳᠠᠭᠤᠨ ᠢᠶᠠᠷ ᠭᠥᠭᠵᠢᠵᠦ᠂ ᠵᠢᠭᠤᠯᠴᠢᠯᠠᠯ ᠤᠨ ᠦᠢᠯᠡᠰ ᠤᠨ ᠶᠡᠷᠦᠩᠬᠡᠢ | ᠣᠷᠣᠯᠭ᠎ᠠ 28.7% ᠪᠠᠷ ᠨᠡᠮᠡᠭᠳᠡᠵᠦ᠂ ᠮᠥᠩᠭᠦᠨ ᠭᠦᠢᠯᠭᠡᠭᠡ ᠶᠢᠨ ᠪᠠᠶᠢᠭᠤᠯᠤᠮᠵᠢ ᠶᠢᠨ ᠠᠷᠠᠳ ᠤᠨ ᠵᠣᠭᠤᠰ ᠤᠨ | ᠵᠢᠭᠡᠯᠡᠯᠭᠡ ᠶᠢᠨ ᠦᠯᠡᠳᠡᠪᠦᠷᠢ ᠲᠤᠭ᠎ᠠ 15.5% ᠪᠠᠷ ᠨᠡᠮᠡᠭᠳᠡᠪᠡ᠃ ᠰᠢᠨ᠎ᠡ ᠮᠠᠶ᠋ᠢᠭ ᠤᠨ ᠬᠤᠲᠠ ᠪᠠᠯᠭᠠᠰᠤᠴᠢᠯᠠᠬᠤ | ᠠᠯᠬᠤᠴᠠ ᠪᠠᠨ ᠲᠦᠷᠭᠡᠳᠭᠡᠵᠦ᠂ ᠮᠠᠯᠵᠢᠬᠤ ᠲᠠᠷᠢᠶᠠᠯᠠᠬᠤ ᠣᠷᠣᠨ ᠠᠴᠠ ᠰᠢᠯᠵᠢᠭᠦᠯᠦᠭᠰᠡᠨ ᠬᠥᠮᠥᠨ ᠠᠮᠠ ᠶᠢ | ᠬᠤᠲᠠ ᠶᠢᠨ ᠠᠷᠠᠳ ᠪᠣᠯᠭᠠᠬᠤ ᠠᠵᠢᠯ ᠢ ᠡᠮᠬᠢ ᠵᠢᠷᠤᠮ ᠲᠠᠢ ᠪᠠᠷ ᠠᠬᠢᠭᠤᠯᠤᠨ᠂ ᠬᠤᠲᠠ ᠪᠠᠯᠭᠠᠰᠤᠴᠢᠯᠠᠬᠰᠠᠨ | ᠨᠣᠷᠮ᠎ᠠ 59.5% ᠳᠤ ᠬᠦᠷᠦᠭᠰᠡᠨ ᠪᠦᠭᠡᠳ 0.8 ᠶᠢᠨ ᠵᠠᠭᠤᠨ ᠤ ᠴᠡᠭ ᠢᠶᠠᠷ ᠲᠡᠭᠡᠭᠰᠢᠯᠡᠪᠡ᠃ ᠣᠷᠣᠨ ᠤ ᠲᠥᠪ | ᠪᠣᠯᠣᠨ ᠣᠷᠣᠨ ᠪᠦᠰᠡ ᠶᠢᠨ ᠭᠤᠣᠯ ᠪᠣᠯᠬᠤ ᠬᠤᠲᠠ ᠶᠢᠨ ᠪᠦᠲᠦᠭᠡᠨ ᠪᠠᠶᠢᠭᠤᠯᠤᠯᠲᠠ ᠶᠢᠨ ᠠᠯᠬᠤᠴᠠ ᠢᠯᠡᠷᠬᠡᠢ | ᠲᠦᠷᠭᠡᠳᠴᠦ᠂ ᠮᠠᠯᠵᠢᠬᠤ ᠲᠠᠷᠢᠶᠠᠯᠠᠬᠤ ᠣᠷᠣᠨ ᠤ ᠲᠥᠷᠰᠥ ᠪᠠᠶᠢᠳᠠᠯ ᠳᠤ ᠢᠯᠡᠳᠳᠡ ᠬᠤᠪᠢᠷᠠᠯᠳᠠ ᠭᠠᠷᠴᠤ᠂ | ᠰᠢᠶᠠᠨ ᠤ ᠬᠡᠪᠴᠢᠶᠡᠨ ᠤ ᠠᠵᠤ ᠠᠬᠤᠢ ᠶᠢᠨ ᠬᠥᠭᠵᠢᠯᠲᠡ ᠶᠢᠨ ᠠᠮᠢᠵᠢᠷᠠᠯ ᠤᠨ ᠬᠦᠴᠦᠨ ᠲᠠᠰᠤᠷᠠᠯᠳᠠ ᠦᠭᠡᠢ | ᠴᠢᠩᠭᠠᠷᠠᠪᠠ᠃ | ︵ᠭᠤᠷᠪᠠ︶ ᠥᠭᠡᠷᠡᠴᠢᠯᠡᠯᠲᠡ ᠨᠡᠭᠡᠭᠡᠯᠲᠡ ᠶᠢ ᠭᠦᠨᠵᠡᠭᠡᠢ ᠠᠬᠢᠭᠤᠯᠪᠠ᠃ ᠤᠨ ᠤ ᠭᠤᠤᠯᠳᠠᠯᠭ᠎ᠠ ᠲᠠᠢ | ᠦᠭᠡᠷᠡᠴᠢᠯᠡᠯᠳᠡ ᠶᠢᠨ ᠡᠭᠦᠷᠭᠡ ᠪᠠᠨ ᠪᠦᠬᠦᠨ ᠢ ᠪᠡᠶᠡᠯᠡᠬᠦᠯᠪᠡ᠃ ᠰᠢ ᠶᠢᠨ ᠫᠢᠩ ᠶᠡᠷᠦᠩᠬᠡᠢ ᠱᠦᠵᠢ ᠶᠢᠨ ᠮᠠᠨ ᠤ | ᠣᠷᠣᠨ ᠢ ᠵᠣᠷᠢᠬᠵᠢᠭᠤᠯᠤᠨ ᠤᠷᠢᠳᠠᠪᠡᠷ ᠶᠠᠪᠤᠭᠳᠠᠭᠤᠯᠤᠨ ᠤᠷᠢᠳᠠᠪᠠᠷ ᠲᠤᠷᠰᠢᠬᠤ ᠭᠤᠷᠪᠠᠨ ᠵᠦᠢᠯ ᠤᠨ | ᠭᠤᠣᠯᠳᠠᠯᠭ᠎ᠠ ᠲᠠᠢ ᠥᠭᠡᠷᠡᠴᠢᠯᠡᠯᠲᠡ ᠶᠢᠨ ᠡᠭᠦᠷᠭᠡ ᠶᠢ ᠳᠤᠪᠤᠶᠢᠯᠭᠠᠨ ᠰᠠᠶᠢᠳᠤᠷ ᠠᠳᠬᠤᠵᠤ᠂ ᠠᠮᠢ ᠠᠬᠤᠢ ᠶᠢᠨ | ᠪᠣᠯᠪᠠᠰᠤᠨ ᠤ ᠳᠦᠷᠢᠮ ᠤᠨ ᠪᠠᠶᠢᠭᠤᠯᠤᠯᠲᠠ᠂ ᠬᠦᠲᠦᠴᠢ ᠠᠵᠤ ᠠᠬᠤᠶᠢᠯᠠᠯ ᠪᠠ ᠮᠠᠯᠴᠢᠨ ᠲᠠᠷᠢᠶᠠᠴᠢᠨ ᠤ ᠨᠢᠭᠲᠠ | ᠬᠡᠯᠪᠡᠷᠢ ᠶᠢᠨ ᠠᠰᠢᠭ ᠲᠤᠰᠠ ᠶᠢ ᠬᠤᠯᠪᠣᠯᠳᠤᠭᠤᠯᠬᠤ ᠳᠣᠭᠲᠠᠴᠠ ᠪᠠᠶᠢᠭᠤᠯᠬᠤ᠂ ᠣᠷᠣᠰ ᠮᠣᠩᠭᠤᠯ | ᠤᠯᠤᠰ ᠯᠤᠭ᠎ᠠ ᠶᠢᠨ ᠬᠠᠮᠵᠢᠯᠴᠠᠭ᠎ᠠ ᠶᠢ ᠴᠢᠩᠭᠠᠳᠬᠠᠬᠤ ᠠᠵᠢᠯ ᠤᠳ ᠯᠠᠪᠳᠠᠭᠤᠨ ᠪᠠᠳᠤᠲᠠᠢ ᠠᠬᠢᠪᠠ᠃ ᠵᠠᠰᠠᠭ ᠢ | ᠴᠣᠮᠬᠠᠳᠬᠠᠵᠤ ᠡᠷᠬᠡ ᠶᠢ ᠲᠠᠯᠪᠢᠬᠤ ᠡᠷᠴᠢᠮ ᠢᠶᠠᠨ ᠴᠢᠩᠭᠠᠷᠠᠭᠤᠯᠤᠨ᠂ ᠥᠪᠡᠷᠲᠡᠭᠡᠨ ᠵᠠᠰᠠᠬᠤ ᠣᠷᠣᠨ ᠤ ᠲᠤᠰ | ᠱᠠᠲᠤᠨ ᠤ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠭᠰᠡᠨ ᠲᠥᠷᠥᠯ ᠵᠦᠢᠯ ᠤᠨ 114 ᠶᠢ ᠨᠢ ᠬᠦᠴᠦᠨ ᠦᠭᠡᠢ | ᠪᠣᠯᠭᠠᠭᠰᠠᠨ ᠪᠠ ᠲᠣᠷᠣᠭᠰᠢ ᠪᠠᠭᠤᠯᠭᠠᠵᠤ 1/3 ᠪᠠᠷ ᠴᠤᠮᠠᠳᠬᠠᠪᠠ᠃ ᠠᠵᠤ ᠦᠢᠯᠡᠳᠪᠦᠷᠢ ᠬᠤᠳᠠᠯᠳᠤᠭ᠎ᠠ ᠶᠢᠨ | ᠳᠠᠩᠰᠠᠯᠠᠭᠤᠯᠬᠤ ᠳᠦᠷᠢᠮ ᠤᠨ ᠥᠭᠡᠷᠡᠴᠢᠯᠡᠯᠲᠡ ᠶᠢᠨ ᠦᠷ᠎ᠡ ᠪᠦᠲᠦᠮᠵᠢ ᠮᠡᠳᠡᠭᠳᠡᠮ᠎ᠡ ᠪᠠᠶᠢᠵᠤ᠂ ᠰᠢᠨ᠎ᠡ ᠪᠠᠷ | ᠳᠠᠩᠰᠠᠯᠠᠭᠤᠯᠤᠭᠰᠠᠨ ᠠᠵᠤ ᠠᠬᠤᠶᠢᠯᠠᠯ ᠤᠨ ᠲᠥᠷᠥᠯ ᠤᠨ ᠵᠠᠬ᠎ᠠ ᠳᠡᠯᠭᠡᠭᠦᠷ ᠤᠨ ᠭᠤᠣᠯ ᠴᠣᠭᠴᠠ ᠪᠣᠯᠣᠨ | ᠳᠠᠩᠰᠠᠯᠠᠭᠤᠯᠤᠭᠰᠠᠨ ᠬᠥᠷᠥᠩᠭᠡ ᠨᠦᠭᠦᠳ ᠲᠤᠰ ᠲᠤᠰ 91% ᠪᠠ 2.2 ᠲᠠᠬᠢᠨ ᠢᠶᠠᠷ ᠨᠡᠮᠡᠭᠳᠡᠵᠦ᠂ ᠠᠵᠢᠯ ᠳᠤ | ᠣᠷᠣᠯᠴᠠᠭᠰᠠᠳ 43% ᠪᠠᠷ ᠨᠡᠮᠡᠭᠳᠡᠪᠡ᠃ ᠡᠷᠬᠡ ᠶᠢ ᠥᠷᠭᠡᠳᠭᠡᠨ ᠰᠢᠶᠠᠨ ᠢ ᠬᠦᠴᠦᠷᠬᠡᠭᠵᠢᠭᠦᠯᠬᠦ ᠲᠤᠷᠰᠢᠯᠲᠠ ᠶᠢᠨ | 12 ᠬᠤᠰᠢᠭᠤ ᠰᠢᠶᠠᠨ ᠳᠤ 61 ᠵᠦᠢᠯ ᠤᠨ ᠬᠠᠮᠢᠶᠠᠷᠤᠯᠲᠠ ᠶᠢᠨ ᠡᠷᠬᠡ ᠮᠡᠳᠡᠯ ᠢ ᠪᠠᠭᠤᠯᠭᠠᠨ ᠥᠭᠪᠡ᠃ ᠰᠠᠭᠤᠷᠢ | ᠪᠡᠯᠡᠳᠭᠡᠮᠵᠢ ᠪᠣᠯᠣᠨ ᠨᠡᠭᠦᠷᠡᠰᠦᠨ ᠤ ᠬᠢᠮᠢ ᠶᠢᠨ ᠠᠵᠤ ᠦᠢᠯᠡᠳᠪᠦᠷᠢ ᠵᠡᠷᠭᠡ ᠬᠦᠷᠢᠶ᠎ᠡ ᠴᠠᠷᠠᠭ᠎ᠠ ᠳᠠᠬᠢ ᠠᠷᠠᠳ ᠤᠨ | ᠲᠤᠮᠳᠠᠬᠢ ᠬᠥᠷᠥᠩᠭᠡ ᠮᠥᠩᠭᠦ ᠳᠤ ᠬᠠᠨᠳᠤᠭᠤᠯᠤᠭᠰᠠᠨ ᠴᠢᠬᠤᠯᠠ ᠶᠡᠭᠡ ᠵᠢᠱᠢᠶ᠎ᠡ ᠦᠵᠡᠭᠦᠯᠬᠦ 50 ᠲᠥᠷᠥᠯ ᠵᠦᠢᠯ ᠢ | ᠲᠦᠯᠬᠢᠨ ᠭᠠᠷᠭᠠᠪᠠ᠃ ᠴᠠᠬᠢᠯᠭᠠᠨ ᠬᠦᠴᠦᠨ ᠤ ᠵᠠᠬ᠎ᠠ ᠳᠡᠯᠭᠡᠭᠦᠷᠴᠢᠯᠡᠬᠦ ᠥᠭᠡᠷᠡᠴᠢᠯᠡᠯᠲᠡ ᠪᠥᠬᠦ ᠤᠯᠤᠰ ᠤᠨ | ᠲᠡᠷᠢᠭᠦᠨ ᠪᠠᠶᠢᠷᠢᠨ ᠳᠤ ᠣᠷᠣᠵᠣ᠂ ᠥᠪᠥᠷ ᠮᠣᠩᠭᠤᠯ ᠤᠨ ᠪᠠᠷᠠᠭᠤᠨ ᠪᠡᠶ᠎ᠡ ᠶᠢᠨ ᠭᠠᠵᠠᠷ ᠣᠷᠣᠨ ᠤ ᠴᠠᠬᠢᠯᠭᠠᠨ | ᠬᠦᠴᠦᠨ ᠤ ᠣᠯᠠᠨ ᠲᠡᠰᠢ ᠠᠷᠠᠯᠵᠢᠶᠠᠯᠠᠭᠰᠠᠨ ᠴᠠᠬᠢᠯᠭᠠᠨ ᠬᠡᠮᠵᠢᠶ᠎ᠡ 38% ᠪᠠᠷ ᠨᠡᠮᠡᠭᠳᠡᠪᠡ᠂ ᠥᠪᠥᠷ ᠮᠣᠩᠭᠤᠯ ᠤᠨ | ᠵᠡᠭᠦᠨ ᠪᠡᠶ᠎ᠡ ᠶᠢᠨ ᠭᠠᠵᠠᠷ ᠣᠷᠣᠨ ᠤ ᠲᠣᠮᠣ ᠬᠡᠷᠡᠭᠯᠡᠬᠦ ᠡᠷᠦᠬᠡ ᠳᠤ ᠰᠢᠭᠤᠳ ᠴᠠᠬᠢᠯᠭᠠᠨ ᠬᠠᠩᠭᠠᠬᠤ ᠠᠵᠢᠯ ᠢ | ᠡᠬᠢᠯᠡᠭᠦᠯᠪᠡ᠃ ᠤᠯᠤᠰ ᠤᠨ ᠥᠮᠴᠢᠯᠡᠯᠲᠦ ᠠᠵᠤ ᠠᠬᠤᠶᠢᠯᠠᠯ ᠤᠨ ᠥᠭᠡᠷᠡᠴᠢᠯᠡᠯᠲᠡ ᠶᠢ ᠢᠳᠡᠪᠬᠢᠲᠡᠢ ᠪᠠᠷ ᠠᠬᠢᠭᠤᠯᠵᠤ | ᠂ ᠪᠣᠭᠤᠲᠤ ᠶᠢᠨ ᠪᠣᠯᠣᠳ ᠲᠡᠮᠦᠷ ᠤᠨ ᠦᠢᠯᠡᠳᠪᠦᠷᠢ ᠶᠢᠨ ᠲᠣᠮᠣᠬᠠᠨ ᠬᠠᠮᠲᠤ ᠶᠢᠨ ᠠᠵᠤ ᠠᠬᠤᠶᠢᠯᠠᠯ ᠡᠷᠬᠢᠯᠡᠬᠦ | ᠥᠭᠡᠷᠡᠴᠢᠯᠡᠯᠲᠡ᠂ ᠥᠪᠥᠷ ᠮᠣᠩᠭᠤᠯ ᠤᠨ ᠡᠨᠧᠷᠭᠢ ᠪᠠᠷ ᠴᠠᠬᠢᠯᠭᠠᠨ ᠡᠭᠦᠰᠭᠡᠭᠦ ᠣᠷᠣᠭᠤᠯᠣᠯᠲᠠ ᠶᠢᠨ ᠪᠦᠯᠦᠭᠯᠡᠯ ᠤᠨ | ᠰᠲ᠋ᠣᠺ ᠤᠨ ᠡᠷᠬᠡ ᠶᠢᠨ ᠪᠦᠳᠦᠴᠡ ᠶᠢ ᠲᠤᠬᠢᠷᠠᠭᠤᠯᠬᠤ ᠪᠠ ᠡᠨᠧᠷᠭᠢ ᠶᠢᠨ ᠪᠦᠲᠦᠭᠡᠨ ᠪᠠᠶᠢᠭᠤᠯᠤᠯᠲᠠ ᠶᠢᠨ ᠪᠦᠯᠦᠭᠯᠡᠯ | ᠂ ᠠᠭᠤᠷᠬᠠᠢ ᠶᠢᠨ ᠦᠢᠯᠡᠰ ᠤᠨ ᠪᠦᠯᠦᠭᠯᠡᠯ᠂ ᠵᠠᠮ ᠬᠠᠷᠢᠯᠴᠠᠭ᠎ᠠ ᠶᠢᠨ ᠪᠡᠯᠡ ᠣᠷᠤᠭᠤᠯᠤᠯᠲᠠ ᠶᠢᠨ ᠪᠦᠯᠦᠭᠯᠡᠯ ᠤᠨ | ᠫᠠᠶᠢᠰᠠ ᠡᠯᠭᠦᠨ ᠠᠵᠢᠯᠯᠠᠬᠤ ᠵᠡᠷᠭᠡ ᠭᠤᠣᠯᠳᠠᠯᠭ᠎ᠠ ᠲᠠᠢ ᠠᠵᠢᠯ ᠤᠳ ᠢ ᠪᠡᠶᠡᠯᠡᠭᠦᠯᠪᠡ᠃ ᠡᠳ᠋ ᠤᠨ ᠵᠠᠰᠠᠭ ᠭᠠᠶᠢᠯᠢ | ᠮᠥᠩᠭᠦᠨ ᠭᠦᠢᠯᠭᠡᠭᠡ ᠶᠢᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠵᠠᠰᠠᠭ ᠤᠨ ᠣᠷᠳᠣᠨ ᠤ ᠵᠢᠷᠤᠮᠵᠢᠵᠤ | ᠲᠡᠭᠦᠯᠳᠡᠷᠵᠢᠭᠰᠡᠨ ᠲᠥᠰᠥᠪ ᠤᠨ ᠰᠢᠰᠲ᠋ᠧᠮᠵᠢ ᠶᠢ ᠠᠩᠬ᠎ᠠ ᠠᠯᠬᠤᠮ ᠪᠠᠶᠢᠭᠤᠯᠤᠭᠠᠳ 74 ᠰᠠᠯᠠᠭ᠎ᠠ ᠮᠥᠴᠢᠷ ᠤᠳ | ᠣᠨ ᠤ ᠲᠥᠰᠥᠪ ᠢᠶᠠᠨ ᠢᠯᠡ ᠪᠣᠯᠭᠠᠪᠠ᠃ ︽ᠡᠵᠡᠩᠨᠡᠯᠲᠡ ᠶᠢᠨ ᠭᠠᠶᠢᠯᠢ ᠶᠢ ᠥᠷᠲᠡᠭ ᠨᠡᠮᠡᠭᠳᠡᠯ ᠤᠨ ᠭᠠᠶᠢᠯᠢ | ᠪᠣᠯᠭᠠᠨ ᠥᠭᠡᠷᠡᠴᠢᠯᠡᠬᠦ︾ ᠲᠤᠷᠰᠢᠯᠲᠠ ᠶᠢᠨ ᠬᠦᠷᠢᠶ᠎ᠡ ᠬᠡᠪᠴᠢᠶ᠎ᠡ ᠪᠠᠨ ᠥᠷᠭᠡᠳᠭᠡᠨ᠂ ᠠᠵᠤ ᠠᠬᠤᠶᠢᠯᠠᠯ ᠤᠳ ᠤᠨ | ᠭᠠᠶᠢᠯᠢ ᠶᠢᠨ ᠬᠠᠰᠤᠭᠳᠠᠭᠰᠠᠨ ᠬᠡᠪᠴᠢᠶ᠎ᠡ ᠨᠢ 95% ᠶᠢ ᠳᠠᠪᠠᠪᠠ᠃ ᠣᠯᠠᠨ ᠳᠡᠰ ᠳᠠᠪᠬᠤᠷᠭ᠎ᠠ ᠶᠢᠨ ᠬᠥᠷᠥᠩᠭᠡ | ᠮᠥᠩᠭᠦ ᠶᠢᠨ ᠵᠠᠬ᠎ᠠ ᠳᠡᠯᠭᠡᠭᠦᠷ ᠢ ᠲᠦᠷᠭᠡᠳᠭᠡᠨ ᠭᠥᠭᠵᠢᠭᠦᠯᠵᠦ᠂ ᠥᠪᠡᠷᠲᠡᠭᠡᠨ ᠵᠠᠰᠠᠬᠤ ᠣᠷᠣᠨ ᠤ ᠰᠲ᠋ᠣᠺ ᠤᠨ | ᠡᠷᠬᠡ ᠶᠢᠨ ᠠᠷᠠᠯᠵᠢᠶ᠎ᠠ ᠶᠢᠨ ᠲᠥᠪ ᠢ ᠡᠬᠢᠯᠡᠭᠦᠯᠦᠨ ᠠᠵᠢᠯᠯᠠᠭᠤᠯᠤᠭᠠᠳ ᠠᠵᠤ ᠠᠬᠤᠶᠢᠯᠠᠯ ᠤᠳ ᠤᠨ ᠬᠥᠷᠥᠩᠭᠡ | ᠮᠥᠩᠭᠦ ᠶᠢᠨ ᠵᠠᠬ᠎ᠠ ᠳᠡᠯᠭᠡᠭᠦᠷ ᠢᠶᠠᠷ ᠳᠠᠮᠵᠢᠭᠤᠯᠵᠤ ᠰᠢᠭᠤᠳ ᠲᠤᠬᠢᠷᠠᠭᠤᠯᠤᠭᠰᠠᠨ ᠪᠡᠯᠡ 648 ᠳ᠋ᠦᠩᠰᠢᠭᠤᠷ | ᠲᠥᠭᠦᠷᠢᠭ ᠪᠣᠯᠪᠠ᠃ ᠬᠦᠳᠡᠭᠡ ᠲᠤᠰᠬᠤᠨ ᠤ ᠢᠲᠡᠭᠡᠮᠵᠢ ᠶᠢᠨ ᠬᠤᠷᠰᠢᠶ᠎ᠠ ᠶᠢᠨ ᠬᠤᠪᠢᠴᠠᠭᠠᠲᠤ ᠲᠥᠷᠢᠮ ᠤᠨ | ᠥᠭᠡᠷᠡᠴᠢᠯᠡᠯᠲᠡ ᠶᠢ ᠠᠬᠢᠭᠤᠯᠵᠤ ᠬᠥᠳᠡᠭᠡ ᠲᠤᠰᠬᠤᠨ ᠤ ᠨᠡᠶᠢᠳᠡᠮ ᠬᠠᠷᠠᠭᠠᠯᠵᠠᠬᠤ ᠮᠥᠩᠭᠦᠨ ᠭᠦᠢᠯᠭᠡᠭᠡ ᠶᠢ ᠶᠡᠬᠡᠪᠡᠷ | ᠭᠥᠭᠵᠢᠭᠦᠯᠦᠭᠰᠡᠨ ᠢᠶᠠᠷ ︽ᠲᠠᠷᠢᠶᠠᠯᠠᠩ ᠢ ᠲᠤᠰᠠᠯᠠᠬᠤ ᠮᠥᠩᠭᠦᠨ ᠭᠦᠢᠯᠭᠡᠭᠡᠨ ᠤ ᠦᠢᠯᠡᠴᠢᠯᠡᠭᠡ ᠶᠢᠨ ᠴᠢᠬ︾ ᠤᠳ | 78% ᠭᠠᠴᠠᠭ᠎ᠠ ᠲᠤᠰᠬᠤᠨ ᠢ ᠬᠠᠮᠤᠷᠪᠠ᠃ ᠮᠠᠯᠵᠢᠬᠤ ᠲᠠᠷᠢᠶᠠᠯᠠᠬᠤ ᠣᠷᠣᠨ ᠤ ᠶᠡᠷᠦᠩᠬᠡᠶᠢᠯᠡᠭᠰᠡᠨ | ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠬᠦᠳᠡᠭᠡ ᠲᠣᠰᠬᠤᠨ ᠤ ᠭᠠᠵᠠᠷ ᠰᠢᠷᠣᠢ ᠶᠢᠨ ᠳᠠᠭᠠᠭᠠᠴᠢᠯᠠᠨ ᠡᠵᠡᠩᠨᠡᠬᠦ | ᠡᠷᠬᠡ ᠶᠢ ᠲᠣᠳᠣᠯᠠᠨ ᠳᠠᠩᠰᠠᠯᠠᠵᠤ ᠦᠨᠡᠮᠯᠡᠯ ᠣᠯᠭᠤᠬᠤ ᠲᠤᠷᠰᠢᠯᠲᠠ ᠶᠢ ᠠᠶᠢᠮᠠᠭ ᠪᠦᠷᠢ ᠶᠢᠨ 1 ᠬᠤᠰᠢᠭᠤ ᠰᠢᠶᠠᠨ | ︵ᠰᠢᠶᠠᠩ ᠪᠠᠯᠭᠠᠰᠤ︶ ᠳᠤ ᠬᠦᠷᠲᠡᠯ᠎ᠡ ᠥᠷᠭᠡᠳᠭᠡᠵᠦ᠂ 10 ᠮᠠᠯᠵᠢᠬᠤ ᠬᠤᠰᠢᠭᠤᠨ ᠳᠤ ᠨᠤᠲᠤᠭ ᠪᠡᠯᠴᠢᠭᠡᠷ ᠤᠨ | ᠡᠷᠬᠡ ᠶᠢ ᠲᠣᠳᠣᠯᠠᠬᠤ ᠳᠠᠭᠠᠭᠠᠴᠢᠯᠠᠯᠲᠠ ᠶᠢᠨ ᠲᠤᠷᠰᠢᠯᠲᠠ ᠶᠢ ᠦᠷᠨᠢᠭᠦᠯᠦᠭᠡᠳ ᠬᠠᠮᠳᠤ ᠶᠢᠨ ᠪᠦᠲᠦᠭᠡᠨ | ᠪᠠᠶᠢᠭᠤᠯᠤᠯᠲᠠ ᠳᠤ ᠬᠡᠷᠡᠭᠯᠡᠬᠦ ᠭᠠᠵᠠᠷ ᠰᠢᠷᠣᠢ ᠶᠢᠨ ᠬᠡᠷᠡᠭᠯᠡᠬᠦ ᠡᠷᠬᠡ᠂ ᠭᠡᠷ ᠪᠠᠷᠢᠬᠤ ᠭᠠᠵᠠᠷ ᠬᠡᠷᠡᠭᠯᠡᠬᠦ ᠡᠷᠬᠡ ᠶᠢ | ᠲᠣᠳᠣᠯᠠᠨ ᠳᠠᠩᠰᠠᠯᠠᠵᠤ ᠦᠨᠡᠮᠯᠡᠯ ᠣᠯᠭᠤᠭᠰᠠᠨ ᠨᠣᠷᠮ᠎ᠠ ᠲᠤᠰ ᠲᠤᠰ 61% ᠪᠠ 67% ᠳᠤ ᠬᠦᠷᠴᠦ᠂ | ᠬᠠᠮᠳᠤ ᠶᠢᠨ ᠣᠢ ᠰᠢᠭᠤᠢ ᠶᠢᠨ ᠡᠷᠬᠡ ᠶᠢ ᠲᠣᠳᠣᠯᠠᠭᠰᠠᠨ ᠨᠣᠷᠮ᠎ᠠ 99.8% ᠪᠣᠯᠪᠠ᠃ | ᠭᠠᠳᠠᠭᠠᠳᠤ ᠲᠠᠢ ᠴᠢᠯᠦᠭᠡᠲᠡᠢ ᠶᠠᠪᠤᠯᠴᠠᠬᠤ ᠬᠢᠷᠢ ᠲᠦᠪᠰᠢᠨ ᠢᠶᠠᠨ ᠪᠦᠬᠦ ᠲᠠᠯ᠎ᠠ ᠪᠠᠷ ᠲᠡᠭᠡᠭᠰᠢᠯᠡᠭᠦᠯᠪᠡ᠃ | ᠣᠷᠣᠰ ᠮᠣᠩᠭᠤᠯ ᠯᠤᠭ᠎ᠠ ᠶᠢᠨ ᠪᠤᠳᠠᠳᠠᠢ ᠶᠢ ᠡᠷᠬᠢᠮᠯᠡᠬᠦ ᠬᠠᠮᠵᠢᠯᠴᠠᠭ᠎ᠠ ᠪᠠᠨ ᠭᠦᠨᠵᠡᠬᠡᠶᠢᠷᠠᠬᠦᠯᠵᠦ᠂ ᠮᠠᠨᠵᠤᠤᠷ ᠤᠨ | ᠭᠤᠣᠯᠳᠠᠯᠭ᠎ᠠ ᠲᠠᠢ ᠨᠡᠭᠡᠭᠡᠨ ᠬᠦᠭᠵᠢᠭᠦᠯᠵᠦ ᠨᠡᠭᠡᠭᠡᠯᠲᠡ ᠬᠢᠬᠦ ᠲᠤᠷᠰᠢᠯᠲᠠ ᠶᠢᠨ ᠣᠷᠣᠨ ᠤ ᠪᠦᠲᠦᠭᠡᠨ ᠪᠠᠶᠢᠭᠤᠯᠤᠯᠲᠠ | ᠡᠮᠬᠢ ᠵᠢᠷᠤᠮ ᠲᠠᠢ ᠪᠠᠷ ᠠᠬᠢᠭᠤᠯᠤᠭᠳᠠᠵᠤ᠂ ᠡᠷᠢᠶᠡᠨ ᠤ ᠭᠤᠣᠯᠳᠠᠯᠭ᠎ᠠ ᠲᠠᠢ ᠨᠡᠭᠡᠭᠡᠨ ᠭᠥᠭᠵᠢᠭᠦᠯᠵᠦ ᠨᠡᠭᠡᠭᠡᠯᠲᠡ ᠬᠢᠬᠦ | ᠲᠤᠷᠰᠢᠯᠲᠠ ᠶᠢᠨ ᠣᠷᠣᠨ ᠲᠥᠷᠥ ᠶᠢᠨ ᠶᠠᠪᠤᠳᠠᠯ ᠤᠨ ᠬᠤᠷᠢᠶ᠎ᠠ ᠪᠠᠷ ᠵᠥᠪᠰᠢᠶᠡᠷᠡᠭᠳᠡᠪᠡ᠂ ᠤᠯᠤᠰ ᠤᠨ ︽ᠲᠣᠷᠭᠠᠨ | ᠵᠠᠮ ᠤᠨ ᠠᠵᠤ ᠠᠬᠤᠢ ᠶᠢᠨ ᠪᠦᠰᠡ︾ ᠶᠢ ᠪᠦᠲᠦᠭᠡᠨ ᠪᠠᠶᠢᠭᠤᠯᠬᠤ ᠬᠦᠷᠢᠶ᠎ᠡ ᠬᠡᠪᠴᠢᠶᠡᠨ ᠳᠤ ᠮᠠᠨ ᠤ ᠣᠷᠣᠨ | ᠪᠠᠭᠲᠠᠭᠳᠠᠨ ᠣᠷᠣᠵᠣ᠂ ᠤᠮᠠᠷᠠᠰᠢ ᠨᠡᠭᠡᠭᠡᠯᠲᠡ ᠬᠢᠬᠦ ᠬᠦᠬᠦᠷᠭᠡᠨ ᠪᠠᠬᠢᠯᠡᠯᠲᠡ ᠶᠢᠨ ᠪᠦᠲᠦᠭᠡᠨ ᠪᠠᠶᠢᠭᠤᠯᠤᠯᠲᠠ | ᠴᠢᠬᠤᠯᠠ ᠠᠯᠬᠤᠮ ᠢ ᠠᠯᠬᠤᠪᠠ᠃ ᠪᠥᠬᠦ ᠵᠢᠯ ᠤᠨ ᠭᠠᠳᠠᠭᠠᠳᠤ ᠠᠷᠠᠯᠵᠢᠶ᠎ᠠ ᠶᠢᠨ ᠭᠠᠳᠠᠭᠠᠳᠤ ᠠᠴᠠ ᠣᠷᠤᠭᠤᠯᠵᠤ | ᠭᠠᠳᠠᠭᠠᠳᠤ ᠳᠤ ᠭᠠᠷᠭᠠᠭᠰᠠᠨ ᠶᠡᠷᠦᠩᠬᠡᠢ ᠲᠤᠭ᠎ᠠ 145.5 ᠳ᠋ᠦᠩᠰᠢᠭᠤᠷ ᠳ᠋ᠣᠯᠯᠠᠷ ᠪᠠᠶᠢᠵᠤ᠂ 21.4% ᠪᠠᠷ | ᠨᠡᠮᠡᠭᠳᠡᠪᠡ᠃ ᠣᠷᠣᠨ ᠪᠦᠰᠡ ᠶᠢᠨ ᠬᠤᠷᠰᠢᠯᠴᠠᠭ᠎ᠠ ᠪᠠᠨ ᠴᠢᠩᠭᠠᠳᠬᠠᠨ᠂ ᠪᠡᠭᠡᠵᠢᠩ ᠥᠪᠥᠷ ᠮᠣᠩᠭᠤᠯ ᠤᠨ | ᠬᠤᠷᠰᠢᠯᠴᠠᠭᠠᠨ ᠤ ᠲᠣᠭᠲᠠᠴᠠ ᠪᠠᠨ ᠲᠡᠭᠦᠯᠳᠡᠷᠵᠢᠭᠦᠯᠵᠦ᠂ ᠥᠪᠥᠷ ᠮᠣᠩᠭᠤᠯ ᠱᠠᠨ ᠰᠢ ᠾᠧᠪᠸᠢ ᠶᠢᠨ ᠤᠷᠳᠤ | ᠴᠠᠭᠠᠨ ᠬᠡᠷᠡᠮ ᠠᠯᠲᠠᠨ ᠬᠤᠰᠢᠭᠤᠯᠵᠢᠨ ᠣᠷᠣᠨ ᠤ ᠬᠠᠮᠵᠢᠯᠴᠠᠭ᠎ᠠ ᠶᠢᠨ ᠣᠷᠣᠨ ᠤ ᠪᠦᠲᠦᠭᠡᠨ ᠪᠠᠶᠢᠭᠤᠯᠤᠯᠲᠠ ᠶᠢ | ᠡᠬᠢᠯᠡᠭᠦᠯᠥᠨ᠂ ᠦᠪᠦᠷ ᠮᠤᠩᠭᠤᠯ ︵ᠰᠢᠶᠠᠩᠭᠠᠡᠭ︶ ᠤᠨ ᠠᠵᠤ ᠠᠬᠤᠢ ᠶᠢᠨ ᠠᠷᠠᠯᠵᠢᠶ᠎ᠠ ᠰᠤᠶᠤᠯ ᠢ ᠳᠡᠯᠭᠡᠷᠡᠭᠦᠯᠬᠦ | ᠭᠠᠷᠠᠬ᠂ ᠨᠠᠢᠮᠠᠳᠤᠭᠠᠷ ᠬᠤᠭᠤᠴᠠᠭᠠᠨ ᠤ ᠲᠤᠮᠳᠠᠳᠤ ᠤᠯᠤᠰ ᠤᠨ ᠦᠨᠳᠦᠰᠦᠲᠡᠨ ᠤ ᠲᠠᠸᠠᠷ ᠠᠷᠠᠯᠵᠢᠶᠠᠯᠠᠬᠤ | ᠴᠤᠭᠯᠠᠭᠠᠨ ᠪᠤᠯᠣᠨ ︽ᠲᠠᠶᠢᠸᠠᠨ ᠤ ᠨᠡᠷᠡᠲᠦ ᠦᠢᠯᠡᠳᠭᠦᠨ ᠤ ᠥᠪᠥᠷ ᠮᠣᠩᠭᠤᠯ ᠳᠠᠬᠢ ᠦᠵᠡᠰᠭᠦᠯᠡᠩ︾ ᠤᠳ ᠢ | ᠠᠮᠵᠢᠯᠲᠠ ᠲᠠᠢ ᠪᠠᠷ ᠡᠷᠬᠢᠯᠡᠵᠦ᠂ ᠤᠯᠤᠰ ᠤᠨ ᠲᠣᠳᠤᠭᠠᠳᠤ ︵ᠣᠷᠣᠨ ᠤ ᠭᠠᠳᠠᠨ᠎ᠠ︶ ᠠᠴᠠ ᠣᠷᠣᠭᠤᠯᠤᠨ | ᠠᠪᠴᠢᠷᠠᠭᠰᠠᠨ ᠪᠣᠳᠠᠳᠠᠢ ᠪᠡᠯᠡ ᠮᠥᠩᠭᠦ 4625 ᠳ᠋ᠦᠩᠰᠢᠭᠤᠷ ᠲᠥᠭᠦᠷᠢᠭ ᠪᠠᠶᠢᠵᠤ᠂ 5.2% ᠢᠶᠠᠷ ᠨᠡᠮᠡᠭᠳᠡᠪᠡ᠃ | ︵ᠳᠥᠷᠪᠡ︶ ᠰᠠᠭᠤᠷᠢ ᠪᠡᠯᠡᠳᠭᠡᠮᠵᠢ ᠪᠣᠯᠣᠨ ᠠᠮᠢ ᠠᠬᠤᠢ ᠶᠢᠨ ᠣᠷᠴᠢᠨ ᠲᠣᠭᠤᠷᠢᠨ ᠦᠷᠬᠦᠯᠵᠢᠯᠡᠨ | ᠰᠠᠶᠢᠵᠢᠷᠠᠪᠠ᠃ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠳᠤ 661 ᠳ᠋ᠦᠩᠰᠢᠭᠤᠷ ᠲᠦᠭᠦᠷᠢᠭ ᠤᠨ ᠪᠡᠯᠡ | ᠣᠷᠤᠭᠤᠯᠤᠯᠲᠠ ᠶᠢ ᠪᠡᠶᠡᠯᠡᠭᠦᠯᠵᠦ᠂ ᠳᠠᠬᠢᠨᠲᠠ ᠰᠢᠨ᠎ᠡ ᠲᠦᠪᠰᠢᠨ ᠢ ᠡᠭᠦᠳᠦᠭᠰᠡᠨ ᠪᠠᠶᠢᠨ᠎ᠠ᠂ ᠰᠢᠨ᠎ᠡ ᠪᠠᠷ ᠨᠡᠮᠡᠭᠳᠡᠭᠰᠡᠨ | ᠵᠠᠰᠠᠮᠠᠯ ᠵᠠᠮ ᠤᠨ ᠤᠷᠲᠤ 3000 ᠺᠢᠯᠤᠮᠧᠲᠷ ᠪᠠᠶᠢᠵᠤ᠂ ᠡᠭᠦᠨ ᠳᠤ ᠳᠡᠭᠡᠳᠦ ᠳᠡᠰ ᠤᠨ ᠵᠠᠰᠠᠮᠠᠯ ᠵᠠᠮ 1000 | ᠺᠢᠯᠤᠮᠧᠲᠷ ᠪᠠᠶᠢᠵᠤ᠂ ᠰᠢᠨ᠎ᠡ ᠪᠠᠷ ᠨᠡᠮᠡᠭᠳᠡᠵᠦ ᠨᠡᠪᠲᠡᠷᠡᠭᠰᠡᠨ ᠪᠠᠷᠤᠭᠰᠢᠨ ᠱᠦᠢᠨᠢ ᠵᠠᠮ ᠲᠠᠢ ᠭᠠᠴᠠᠭ᠎ᠠ ᠲᠤᠰᠬᠤᠨ | 720 ᠪᠠᠶᠢᠵᠤ᠂ ᠭᠠᠴᠠᠭ᠎ᠠ ᠲᠤᠰᠬᠤᠨ ᠵᠡᠬᠡᠯᠢ ᠭᠤᠳᠤᠮᠵᠢ ᠶᠢ 9619 ᠺᠢᠯᠤᠮᠧᠲᠷ ᠬᠠᠲᠠᠷᠠᠭᠤᠯᠤᠨ ᠳᠡᠪᠢᠰᠪᠡ᠃ | ᠲᠡᠮᠦᠷ ᠵᠠᠮ ᠤᠨ ᠪᠦᠲᠦᠭᠡᠨ ᠪᠠᠶᠢᠭᠤᠯᠤᠯᠲᠠ ᠳᠤ 300 ᠳ᠋ᠦᠩᠰᠢᠭᠤᠷ ᠲᠥᠭᠦᠷᠢᠭ ᠤᠨ ᠪᠡᠯᠡ ᠣᠷᠤᠭᠤᠯᠤᠯᠲᠠ ᠶᠢ | ᠪᠡᠶᠡᠯᠡᠭᠦᠯᠵᠦ᠂ ᠬᠦᠬᠡᠬᠤᠳᠠ ᠪᠤᠭᠤᠳᠤ ᠶᠢᠨ ᠳᠡᠭᠡᠳᠦ ᠬᠤᠷᠳᠤ ᠶᠢᠨ ᠳᠡᠮᠦᠷ ᠵᠠᠮ ᠤᠨ ᠬᠦᠳᠡᠯᠬᠡᠬᠦᠷᠳᠦ ᠳᠡᠷᠬᠡ ᠶᠢᠨ | ᠴᠤᠪᠤᠭ᠎ᠠ ᠶᠢ ᠵᠢᠩᠬᠢᠨᠢ ᠪᠠᠷ ᠡᠬᠢᠯᠡᠨ ᠬᠦᠶᠦᠯᠭᠡᠵᠦ᠂ ᠮᠠᠨ ᠤ ᠣᠷᠣᠨ ᠳᠤ ᠲᠡᠬᠡᠳᠤ ᠬᠤᠷᠳᠤ ᠶᠢᠨ ᠲᠡᠮᠦᠷ ᠵᠠᠮ ᠪᠠᠶᠢᠬᠤ | ᠦᠭᠡᠢ ᠪᠠᠶᠢᠬᠰᠠᠨ ᠲᠡᠦᠬᠡ ᠶᠢ ᠡᠴᠦᠰᠯᠡᠭᠦᠯᠪᠡ︔ ᠡᠵᠡᠨ᠎ᠡ ᠠᠴᠠ ᠬᠠᠮᠢ ᠳᠤ ᠬᠦᠷᠬᠦ᠂ ᠲᠦᠩᠯᠢᠶᠦᠦ ᠠᠴᠠ ᠬᠤᠣᠯᠢᠨ | ᠭᠤᠣᠯ ᠳᠤ ᠬᠦᠷᠬᠦ ᠲᠡᠮᠦᠷ ᠵᠠᠮ ᠤᠨ ᠴᠠᠬᠢᠯᠭᠠᠨᠵᠢᠯ ᠪᠣᠯᠭᠠᠨ ᠥᠭᠡᠷᠡᠴᠢᠯᠡᠬᠦ ᠵᠡᠷᠭᠡ ᠴᠢᠬᠤᠯᠠ ᠶᠡᠭᠡ ᠲᠥᠷᠥᠯ ᠵᠦᠢᠯ ᠢ | ᠪᠠᠷᠢᠯᠭ᠎ᠠ ᠡᠬᠢᠯᠡᠭᠦᠯᠦᠨ ᠪᠦᠲᠦᠭᠡᠨ ᠪᠠᠶᠢᠭᠤᠯᠵᠤ᠂ ᠰᠢᠯᠢᠩᠬᠤᠲᠠ ᠠᠴᠠ ᠤᠯᠠᠭᠠᠠᠬᠤᠲᠠ ᠳᠤ ᠬᠥᠷᠬᠦ᠂ ᠮᠣᠨᠢ | ᠠᠭᠤᠯᠠ ᠠᠴᠠ ᠰᠢᠨᠡᠪᠠᠯᠭᠠᠰᠤ ᠳᠤ ᠬᠥᠷᠬᠦ ᠵᠡᠷᠭᠡ 13 ᠲᠡᠮᠦᠷ ᠵᠠᠮ ᠤᠨ ᠵᠦᠢᠯᠡᠰ ᠢ ᠪᠠᠶᠢᠭᠤᠯᠤᠨ ᠲᠠᠭᠤᠰᠬᠠᠵᠤ᠂ | ᠰᠢᠨ᠎ᠡ ᠪᠠᠷ ᠨᠡᠮᠡᠭᠳᠡᠭᠰᠡᠨ ᠵᠥᠭᠡᠭᠡᠪᠦᠷᠢ ᠡᠵᠡᠩᠨᠡᠯᠲᠡ ᠶᠢᠨ ᠵᠠᠮ ᠤᠨ ᠤᠷᠲᠤ ᠨᠢ 1187 ᠺᠢᠯᠤᠮᠧᠲᠷ ᠪᠣᠯᠵᠤ᠂ ᠲᠡᠮᠦᠷ | ᠵᠠᠮ ᠤᠨ ᠵᠥᠭᠡᠭᠡᠪᠦᠷᠢ ᠡᠵᠡᠩᠨᠡᠯᠲᠡ ᠶᠢᠨ ᠶᠡᠷᠦᠩᠬᠡᠢ ᠤᠷᠲᠤ 1.2 ᠲᠦᠮᠡᠨ ᠺᠢᠯᠤᠮᠧᠲᠷ ᠲᠤ ᠬᠦᠷᠴᠦ᠂ ᠪᠥᠬᠦ | ᠤᠯᠤᠰ ᠲᠠᠬᠢ ᠲᠦᠷᠦᠭᠦᠯᠡᠬᠦ ᠪᠠᠶᠢᠷᠢ ᠪᠠᠨ ᠦᠷᠬᠦᠯᠵᠢᠯᠡᠨ ᠪᠠᠲᠤᠯᠠᠪᠠ᠃ ᠪᠣᠭᠤᠲᠣ᠂ ᠤᠯᠠᠭᠠᠠᠬᠠᠳᠠ ᠪᠣᠯᠣᠨ | ᠤᠯᠠᠭᠠᠠᠬᠤᠲᠠ ᠨᠢᠰᠭᠡᠯ ᠤᠨ ᠪᠠᠭᠤᠳᠠᠯ ᠢ ᠦᠭᠡᠷᠡᠴᠢᠯᠡᠨ ᠥᠷᠭᠡᠳᠭᠡᠵᠦ ᠪᠠᠶᠢᠭᠤᠯᠬᠤ ᠢᠨᠵᠧᠨᠧᠷᠢᠩ ᠢ ᠲᠠᠭᠤᠰᠬᠠᠵᠤ᠂ | ᠡᠷᠢᠶᠡᠨ ᠬᠤᠳᠠ ᠶᠢᠨ ᠨᠢᠰᠭᠡᠯ ᠤᠨ ᠪᠠᠭᠤᠳᠠᠯ ᠢ ᠦᠭᠡᠷᠡᠴᠢᠯᠡᠨ ᠥᠷᠭᠡᠳᠭᠡᠵᠦ ᠪᠠᠶᠢᠭᠤᠯᠬᠤ ᠵᠡᠷᠭᠡ ᠲᠥᠷᠥᠯ | ᠵᠦᠢᠯ ᠤᠳ ᠤᠯᠤᠰ ᠤᠨ ᠴᠣᠬᠤᠯᠠᠪᠤᠷᠢ ᠶᠢ ᠣᠯᠵᠣ᠂ ᠪᠥᠬᠦ ᠣᠷᠣᠨ ᠳᠠᠬᠢ ᠠᠷᠠᠳ ᠤᠨ ᠬᠡᠷᠡᠭᠯᠡᠭᠡᠨ ᠤ ᠨᠢᠰᠭᠡᠯ ᠤᠨ | ᠪᠠᠭᠤᠳᠠᠯ ᠤᠨ ᠶᠡᠷᠦᠩᠬᠡᠢ ᠲᠤᠭ᠎ᠠ 18 ᠪᠣᠯᠪᠠ᠃ ᠴᠠᠬᠢᠯᠭᠠᠨ ᠲᠤᠤᠷ ᠤᠨ ᠪᠦᠲᠦᠭᠡᠨ ᠪᠠᠶᠢᠭᠤᠯᠤᠯᠲᠠ ᠳᠤ 165 | ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠤᠯᠲᠠ ᠶᠢ ᠪᠡᠶᠡᠯᠡᠭᠦᠯᠵᠦ᠂ ᠥᠪᠥᠷ ᠮᠣᠩᠭᠤᠯ ᠤᠨ ᠪᠠᠷᠠᠭᠤᠨ ᠪᠡᠶ᠎ᠡ ᠶᠢᠨ | ᠴᠠᠬᠢᠯᠭᠠᠨ ᠲᠣᠣᠷ ᠲᠠᠬᠢ ᠴᠠᠬᠢᠯᠭᠠᠨ ᠬᠤᠪᠢᠰᠬᠠᠭᠤᠷ ᠤᠨ ᠪᠠᠭᠲᠠᠭᠠᠮᠵᠢ 1 ᠳ᠋ᠦᠩᠰᠢᠭᠤᠷ ᠺᠢᠯᠤᠸᠤᠯᠲ ᠠᠮᠫᠧᠷ ᠢ | ᠳᠠᠪᠠᠵᠤ᠂ ᠴᠠᠬᠢᠯᠭᠠᠨ ᠲᠣᠣᠷ ᠤᠨ ᠬᠡᠪᠴᠢᠶᠠᠵᠢᠯ ᠲᠡᠦᠬᠡᠲᠦ ᠴᠢᠨᠠᠷᠲᠠᠢ ᠰᠢᠪᠲᠤᠯᠤᠯᠲᠠ ᠶᠢ ᠪᠡᠶᠡᠯᠡᠭᠦᠯᠵᠦ᠂ | ᠰᠢᠯᠢᠩᠬᠤᠲᠠ ᠠᠴᠠ ᠵᠢᠨᠠᠨ ᠳᠤ ᠬᠦᠷᠬᠦ ᠣᠨᠴᠠ ᠥᠨᠳᠥᠷ ᠬᠦᠴᠦᠳᠡᠯ ᠤᠨ ᠴᠠᠬᠢᠯᠭᠠᠨ ᠬᠦᠴᠦᠨ ᠢ ᠭᠠᠳᠠᠭᠰᠢ ᠰᠠᠭᠠᠳ | ᠦᠭᠡᠢ ᠳᠠᠮᠵᠢᠭᠤᠯᠬᠤ ᠠᠵᠢᠯ ᠢᠶᠠᠨ ᠪᠥᠬᠦ ᠲᠠᠯ᠎ᠠ ᠪᠠᠷ ᠡᠬᠢᠯᠡᠭᠦᠯᠵᠦ᠂ ᠲᠠᠷᠢᠶᠠᠯᠠᠩ ᠳᠤ ᠬᠡᠷᠡᠭᠯᠡᠬᠦ ᠴᠠᠬᠢᠯᠭᠠᠨ ᠲᠣᠣᠷ ᠢ | ᠦᠭᠡᠷᠡᠴᠢᠯᠡᠵᠦ ᠳᠡᠰ ᠲᠡᠪᠰᠢᠭᠦᠯᠬᠦ ᠲᠥᠷᠥᠯ ᠵᠦᠢᠯ ᠢᠶᠠᠨ ᠪᠦᠬᠦᠨ ᠢ ᠪᠡᠶᠡᠯᠡᠭᠦᠯᠪᠡ᠃ ᠤᠰᠤᠨ ᠠᠰᠢᠭᠯᠠᠯᠲᠠ ᠶᠢᠨ | ᠪᠦᠲᠦᠭᠡᠨ ᠪᠠᠶᠢᠭᠤᠯᠤᠯᠲᠠ ᠳᠤ 150 ᠳ᠋ᠦᠩᠰᠢᠭᠤᠷ ᠲᠥᠭᠦᠷᠢᠭ ᠤᠨ ᠪᠡᠯᠡ ᠣᠷᠤᠭᠤᠯᠤᠯᠲᠠ ᠶᠢ ᠪᠡᠶᠡᠯᠡᠭᠦᠯᠵᠦ᠂ | ᠣᠶᠢᠷ᠎ᠠ ᠶᠢᠨ ᠬᠤᠭᠤᠴᠠᠭᠠᠨ ᠳᠠᠬᠢ ᠬᠠᠲᠤᠨ ᠭᠤᠣᠯ ᠤᠨ ᠦᠶᠡᠷ ᠠᠴᠠ ᠰᠡᠷᠭᠡᠶᠢᠯᠡᠬᠦ ᠢᠨᠵᠧᠨᠧᠷᠢᠩ ᠤᠨ ᠪᠠᠷᠢᠯᠭ᠎ᠠ ᠶᠢ | ᠲᠠᠭᠤᠰᠬᠠᠵᠤ᠂ ᠬᠠᠶᠢᠷᠤᠪ ᠤᠨ ᠲᠣᠬᠤᠢ ᠤᠰᠤᠨ ᠠᠰᠢᠭᠯᠠᠯᠲᠠ ᠶᠢᠨ ᠬᠦᠢᠰᠦ ᠶᠢᠨ ᠭᠤᠣᠯ ᠴᠣᠭᠴᠠ ᠶᠢᠨ | ᠢᠨᠵᠧᠨᠧᠷᠢᠩ᠂ ᠬᠦᠯᠦᠨ ᠨᠠᠭᠤᠷ ᠤᠨ ᠠᠮᠢ ᠠᠬᠤᠢ ᠶᠢ ᠵᠠᠰᠠᠬᠤ ᠢᠨᠵᠧᠨᠧᠷᠢᠩ ᠤᠨ ᠠᠵᠢᠯ ᠢᠶᠠᠨ ᠦᠨᠳᠦᠰᠦᠨ ᠳᠡᠭᠡᠨ | ᠲᠠᠭᠤᠰᠬᠠᠵᠤ᠂ ᠵᠠᠳᠤᠨ ᠤᠰᠤᠨ ᠠᠰᠢᠭᠯᠠᠯᠲᠠ ᠶᠢᠨ ᠬᠦᠢᠰᠦ ᠵᠡᠷᠭᠡ ᠪᠠᠶᠢᠭᠤᠯᠵᠤ ᠪᠠᠶᠢᠭ᠎ᠠ ᠪᠠᠷᠢᠯᠭ᠎ᠠ ᠶᠢᠨ ᠠᠬᠢᠴᠠ | ᠤᠷᠤᠭᠰᠢᠲᠠᠢ ᠪᠠᠶᠢᠵᠤ᠂ ᠨᠢᠷᠵᠢ ᠤᠰᠤᠨ ᠠᠰᠢᠭᠯᠠᠯᠲᠠ ᠶᠢᠨ ᠬᠦᠢᠰᠦ ᠳᠠᠬᠢ ᠲᠣᠣᠷᠠᠲᠤ ᠤᠷᠤᠰᠬᠠᠯ ᠤᠨ | ᠤᠰᠤᠯᠠᠯᠲᠠ ᠶᠢᠨ ᠣᠷᠣᠨ ᠢ ᠠᠵᠢᠯ ᠡᠬᠢᠯᠡᠭᠦᠯᠦᠨ ᠪᠠᠶᠢᠭᠤᠯᠪᠠ᠃ | ᠠᠮᠢ ᠠᠬᠤᠢ ᠶᠢᠨ ᠣᠷᠴᠢᠨ ᠲᠣᠭᠤᠷᠢᠨ ᠤ ᠬᠠᠮᠠᠭᠠᠯᠠᠯᠲᠠ ᠪᠣᠯᠣᠨ ᠪᠠᠶᠢᠭᠤᠯᠤᠯᠲᠠ ᠶᠢ ᠴᠢᠩᠭᠠᠳᠬᠠᠪᠠ᠃ | ᠨᠤᠲᠤᠭ ᠪᠡᠯᠴᠢᠭᠡᠷ ᠤᠨ ᠠᠮᠢ ᠠᠬᠤᠢ ᠶᠢᠨ ᠨᠦᠬᠦᠪᠦᠷᠢ ᠥᠭᠴᠦ ᠱᠠᠩᠨᠠᠬᠤ ᠳᠦᠷᠦ ᠶᠢᠨ ᠪᠤᠳᠤᠯᠭ᠎ᠠ ᠶᠢ ᠪᠥᠬᠦ | ᠲᠠᠯ᠎ᠠ ᠪᠠᠷ ᠨᠠᠶᠢᠳᠠᠪᠤᠷᠢᠵᠢᠭᠤᠯᠵᠤ᠂ ᠱᠠᠲᠤ ᠦᠶᠡᠯᠡᠯ ᠤᠨ ᠴᠢᠨᠠᠷᠲᠠᠢ ᠮᠠᠯᠵᠢᠬᠤ ᠶᠢ ᠵᠣᠭᠰᠤᠭᠠᠬᠤ ᠪᠠ ᠪᠡᠯᠴᠢᠭᠡᠷ ᠮᠠᠯ ᠢ | ᠲᠡᠩᠴᠡᠭᠦᠷᠢᠲᠡᠢ ᠪᠠᠶᠢᠯᠭᠠᠬᠤ ᠳᠥᠷᠢᠮ ᠢ ᠴᠢᠩᠭ᠎ᠠ ᠬᠡᠷᠡᠭᠵᠢᠭᠦᠯᠦᠨ᠂ 26 ᠬᠤᠰᠢᠭᠤ ᠰᠢᠶᠠᠨ ᠳᠤ ᠦᠨᠳᠦᠰᠦᠨ | ᠨᠤᠲᠤᠭ ᠪᠡᠯᠴᠢᠭᠡᠷ ᠤᠨ ᠬᠤᠪᠢᠶᠠᠷᠢᠯᠠᠨ ᠲᠣᠭᠲᠠᠭᠠᠬᠤ ᠠᠵᠢᠯ ᠢ ᠥᠷᠨᠢᠭᠦᠯᠵᠦ᠂ ᠨᠤᠲᠤᠭ ᠪᠡᠯᠴᠢᠭᠡᠷ ᠤᠨ ᠪᠦᠲᠦᠭᠡᠨ | ᠪᠠᠶᠢᠭᠤᠯᠤᠯᠲᠠ ᠶᠢᠨ ᠶᠡᠷᠦᠩᠬᠡᠢ ᠬᠡᠪᠴᠢᠶᠡᠵᠢᠯ 5106 ᠲᠦᠮᠡᠨ ᠮᠦ ᠪᠣᠯᠪᠠ᠃ ᠣᠢ ᠰᠢᠭᠤᠢ ᠶᠢᠨ ᠠᠮᠢ ᠠᠬᠤᠢ ᠶᠢᠨ | ᠪᠦᠲᠦᠭᠡᠨ ᠪᠠᠶᠢᠭᠤᠯᠤᠯᠲᠠ ᠶᠢᠨ ᠲᠠᠯᠠᠪᠠᠢ ᠳᠤ 1008 ᠲᠦᠮᠡᠨ ᠮᠦ ᠶᠢ ᠪᠡᠶᠡᠯᠡᠭᠦᠯᠵᠦ᠂ ᠭᠤᠣᠯᠳᠠᠯᠭ᠎ᠠ ᠪᠣᠯᠬᠤ | ᠣᠷᠣᠨ ᠪᠦᠰᠡ ᠶᠢᠨ 209 ᠲᠦᠮᠡᠨ ᠮᠦ ᠶᠢ ᠣᠶᠢᠵᠢᠭᠤᠯᠵᠦ᠂ ᠬᠥᠷᠥᠰᠥ ᠰᠢᠷᠣᠢ ᠶᠢᠨ ᠢᠳᠡᠭᠳᠡᠯ ᠤᠨ ᠲᠠᠯᠠᠪᠠᠢ ᠳᠤ | 650 ᠲᠦᠮᠡᠨ ᠮᠦ ᠶᠢ ᠵᠠᠰᠠᠪᠠ᠃ ᠲᠡᠭᠷᠢ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠲᠠᠬᠢ ᠪᠣᠬᠢᠷᠳᠣᠯ ᠤᠨ | ᠬᠡᠷᠡᠭ ᠠᠴᠠ ᠭᠦᠨᠵᠡᠭᠡᠢ ᠰᠤᠷᠭᠠᠮᠵᠢ ᠠᠪᠴᠤ᠂ ᠣᠷᠴᠢᠨ ᠲᠣᠭᠤᠷᠢᠨ ᠤ ᠬᠠᠮᠠᠭᠠᠯᠠᠯᠲᠠ ᠶᠢ ᠴᠡᠭᠴᠡᠯᠡᠨ ᠵᠠᠰᠠᠬᠤ ︽ | ᠵᠠᠭᠤᠨ ᠬᠤᠨᠤᠭ ᠤᠨ ᠠᠵᠢᠯᠯᠠᠭ᠎ᠠ︾ ᠶᠢ ᠯᠠᠪᠳᠠᠭᠤᠨ ᠢᠶᠠᠷ ᠥᠷᠨᠢᠭᠦᠯᠦᠨ᠂ 184 ᠵᠦᠢᠯ ᠤᠨ ᠣᠷᠴᠢᠨ | ᠲᠣᠭᠤᠷᠢᠨ ᠤ ᠳᠠᠯᠳᠠ ᠭᠡᠮ ᠪᠣᠯᠣᠨ ᠴᠢᠬᠤᠯᠠ ᠶᠡᠭᠡ ᠠᠰᠠᠭᠤᠳᠠᠯ ᠢ ᠬᠤᠭᠤᠴᠠᠭ᠎ᠠ ᠬᠢᠵᠠᠭᠠᠷᠯᠠᠵᠤ ᠪᠠᠶᠢᠭᠠᠳ | ᠴᠡᠭᠴᠡᠯᠡᠨ ᠵᠠᠰᠠᠵᠤ᠂ 469 ᠠᠵᠤ ᠠᠬᠤᠶᠢᠯᠠᠯ ᠤᠨ ᠡᠭᠦᠳᠡ ᠶᠢ ᠨᠢ ᠬᠠᠭᠠᠯᠭᠠᠵᠤ ᠦᠢᠯᠡᠳᠪᠦᠷᠢᠯᠡᠯ ᠢ ᠨᠢ | ᠵᠣᠭᠰᠤᠭᠠᠪᠠ᠃ ᠠᠭᠠᠷ ᠮᠠᠨᠳᠠᠯ ᠤᠨ ᠪᠣᠬᠢᠷᠳᠤᠯ ᠢ ᠰᠡᠷᠭᠡᠶᠢᠯᠡᠨ ᠵᠠᠰᠠᠬᠤ ᠪᠠ APEC ᠬᠤᠷᠠᠯ ᠤᠨ | ᠬᠤᠭᠤᠴᠠᠭᠠᠨ ᠳᠠᠬᠢ ᠠᠭᠠᠷ ᠠᠮᠢᠰᠬᠤᠯ ᠤᠨ ᠶᠠᠰᠤ ᠴᠢᠨᠠᠷ ᠢ ᠪᠠᠲᠤᠯᠠᠬᠤ ᠠᠵᠢᠯ ᠢᠶᠠᠨ ᠦᠨᠡᠨᠬᠦ ᠴᠢᠩᠭᠠᠳᠬᠠᠨ᠂ | ᠭᠤᠣᠯᠳᠠᠯᠭ᠎ᠠ ᠲᠠᠢ ᠠᠵᠢᠯ ᠲᠦᠷᠥᠯ ᠤᠨ ᠬᠢᠨ ᠤ ᠬᠦᠬᠦᠷ ᠦᠭᠡᠶᠢᠳᠡᠭᠦᠯᠭᠦ ᠪᠠ ᠱᠠᠤ ᠦᠭᠡᠶᠢᠳᠡᠭᠦᠯᠬᠦ ᠵᠢᠴᠢ ᠲᠣᠭᠤᠰᠣ | ᠠᠷᠢᠯᠭᠠᠬᠤ ᠶᠢ ᠦᠭᠡᠷᠡᠴᠢᠯᠡᠬᠦ ᠪᠠᠨ ᠴᠢᠩᠭᠠᠷᠠᠭᠤᠯᠵᠤ᠂ ᠭᠤᠣᠯᠳᠠᠯᠭ᠎ᠠ ᠲᠠᠢ ᠰᠠᠪᠠ ᠭᠠᠵᠠᠷ ᠤᠨ ᠤᠰᠤᠨ ᠤ ᠪᠣᠬᠢᠷᠳᠣᠯ᠂ | ᠬᠦᠨᠳᠦ ᠲᠡᠮᠦᠷᠯᠢᠭ ᠤᠨ ᠪᠣᠬᠢᠷᠳᠣᠯ ᠢ ᠰᠡᠷᠭᠡᠶᠢᠯᠡᠨ ᠵᠠᠰᠠᠬᠤ ᠪᠠ ᠭᠤᠣᠯᠳᠠᠯᠭ᠎ᠠ ᠲᠠᠢ ᠣᠷᠣᠨ ᠪᠦᠰᠡ ᠶᠢᠨ ᠣᠷᠴᠢᠨ | ᠲᠣᠭᠤᠷᠢᠨ ᠢ ᠶᠡᠷᠦᠩᠬᠡᠶᠢᠯᠡᠨ ᠵᠠᠰᠠᠬᠤ ᠪᠠᠨ ᠠᠬᠢᠭᠤᠯᠤᠨ᠂ ᠨᠢᠭᠡᠴᠢ ᠦᠢᠯᠡᠳᠪᠦᠷᠢᠯᠡᠯ ᠤᠨ ᠶᠡᠷᠦᠩᠬᠡᠢ ᠥᠷᠲᠡᠭ ᠤᠨ | ᠡᠨᠧᠷᠭᠢ ᠶᠢᠨ ᠬᠤᠷᠣᠭᠳᠠᠯ ᠪᠣᠯᠣᠨ ᠨᠡᠭᠦᠷᠡᠰᠦᠳᠦ᠋ᠷᠦᠭᠴᠢ ᠶᠢᠨ ᠳᠠᠪᠬᠤᠷ ᠢᠰᠦᠯ ᠤᠨ ᠭᠠᠳᠠᠭᠰᠢᠯᠠᠭᠤᠯᠬᠤ | ᠬᠡᠮᠵᠢᠶ᠎ᠡ ᠪᠠᠨ ᠲᠤᠰ ᠲᠤᠰ 3.9% ᠪᠣᠯᠣᠨ 5% ᠪᠠᠷ ᠪᠠᠭᠤᠷᠠᠭᠤᠯᠵᠤ᠂ ︽12 · 5︾ ᠶᠢᠨ | ᠲᠦᠯᠦᠪᠵᠢᠬᠦᠯᠬᠡ ᠳᠠᠬᠢ ᠡᠨᠧᠷᠭᠢ ᠠᠷᠪᠢᠯᠠᠬᠤ ᠪᠠ ᠨᠡᠭᠦᠷᠡᠰᠦᠳᠦ᠋ᠷᠦᠭᠴᠢ ᠭᠠᠳᠠᠭᠰᠢᠯᠠᠭᠤᠯᠬᠤ ᠬᠠᠷᠠᠯᠳᠠ ᠪᠠᠨ ᠨᠢᠭᠡ | ᠵᠢᠯ ᠤᠷᠢᠳᠴᠢᠯᠠᠨ ᠪᠡᠶᠡᠯᠡᠭᠦᠯᠪᠡ᠃ | ︵ᠲᠠᠪᠤ︶ ᠠᠷᠠᠳ ᠤᠨ ᠠᠮᠢᠳᠣᠷᠠᠯ ᠢ ᠪᠠᠳᠣᠯᠠᠨ ᠰᠠᠶᠢᠵᠢᠷᠠᠭᠤᠯᠬᠤ ᠠᠵᠢᠯ ᠰᠢᠨ᠎ᠡ ᠠᠬᠢᠴᠠ ᠲᠠᠢ ᠪᠣᠯᠪᠠ᠃ | ᠠᠷᠠᠳ ᠢ ᠤᠷᠢᠳᠠᠪᠡᠷ ᠪᠠᠶᠠᠵᠢᠭᠤᠯᠬᠤ ᠪᠠᠷ ᠵᠢᠯᠣᠭᠤᠳᠤᠮᠵᠢ ᠪᠣᠯᠭᠠᠬᠤ ᠶᠢ ᠪᠠᠷᠢᠮᠳᠠᠯᠠᠨ᠂ ︽ᠠᠯᠪᠠᠨ ᠤ ᠭᠤᠷᠪᠠᠨ | ᠵᠠᠷᠤᠳᠠᠯ︾ ᠵᠡᠷᠭᠡ ᠡᠩ ᠤᠨ ᠴᠢᠨᠠᠷᠲᠠᠢ ᠵᠠᠷᠤᠯᠭ᠎ᠠ ᠶᠢ ᠦᠷᠭᠦᠯᠵᠢᠯᠡᠨ ᠪᠠᠭᠠᠰᠬᠠᠵᠤ᠂ ᠭᠤᠣᠯᠳᠠᠯᠭ᠎ᠠ ᠲᠠᠢ ᠠᠷᠠᠳ ᠤᠨ | ᠠᠮᠢᠳᠤᠷᠠᠯ ᠤᠨ ᠵᠠᠷᠤᠯᠭ᠎ᠠ ᠶᠢ ᠤᠷᠢᠳᠠᠪᠡᠷ ᠪᠠᠳᠤᠯᠠᠨ᠂ ᠡᠯ᠎ᠡ ᠱᠠᠳᠤᠨ ᠤ ᠡᠳ᠋ ᠤᠨ ᠵᠠᠰᠠᠭ ᠤᠨ ᠠᠷᠠᠳ ᠤᠨ | ᠠᠮᠢᠳᠤᠷᠠᠯ ᠳᠠᠬᠢ ᠵᠠᠷᠤᠯᠭ᠎ᠠ 2440 ᠳ᠋ᠦᠩᠰᠢᠭᠤᠷ ᠲᠦᠭᠦᠷᠢᠭ ᠪᠠᠶᠢᠵᠤ᠂ ᠡᠩ ᠤᠨ ᠣᠯᠠᠨ ᠨᠡᠶᠢᠳᠠ ᠶᠢᠨ | ᠲᠦᠰᠦᠪ ᠤᠨ ᠵᠠᠷᠤᠯᠭ᠎ᠠ ᠶᠢᠨ 63% ᠶᠢ ᠡᠵᠡᠯᠡᠪᠡ᠃ ᠬᠤᠳᠡ ᠪᠠᠯᠭᠠᠰᠤ ᠶᠢᠨ ᠪᠠᠶᠢᠩᠭᠤ ᠰᠠᠭᠤᠭ᠎ᠠ ᠰᠠᠭᠤᠭᠠᠯᠢ | ᠠᠷᠠᠳ ᠤᠨ ᠬᠦᠮᠦᠨ ᠪᠦᠷᠢ ᠶᠢᠨ ᠡᠵᠡᠮᠳᠡᠵᠤ ᠪᠣᠯᠬᠤ ᠲᠤᠮᠳᠠᠴᠢ ᠣᠷᠤᠯᠭ᠎ᠠ 28350 ᠲᠦᠭᠦᠷᠢᠭ ᠪᠠᠶᠢᠵᠤ᠂ | 9% ᠪᠠᠷ ᠨᠡᠮᠡᠭᠳᠡᠪᠡ︔ ᠮᠠᠯᠵᠢᠬᠤ ᠲᠠᠷᠢᠶᠠᠯᠠᠬᠤ ᠣᠷᠣᠨ ᠤ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠦᠮᠦᠨ | ᠪᠦᠷᠢ ᠶᠢᠨ ᠡᠵᠡᠮᠳᠡᠵᠤ ᠪᠣᠯᠬᠤ ᠲᠤᠮᠳᠠᠴᠢ ᠣᠷᠤᠯᠭ᠎ᠠ 9976 ᠲᠦᠭᠦᠷᠢᠭ ᠪᠠᠶᠢᠵᠤ᠂ 11% ᠪᠠᠷ ᠨᠡᠮᠡᠭᠳᠡᠵᠤ᠂ | ᠠᠵᠤ ᠠᠬᠤᠢ ᠶᠢᠨ ᠨᠡᠮᠡᠭᠳᠡᠯ ᠤᠨ ᠬᠤᠷᠳᠤᠴᠠ ᠠᠴᠠ ᠳᠦᠷᠭᠡᠳᠪᠡ᠃ ᠠᠳᠠᠯ ᠦᠢᠯᠡᠰ ᠴᠣᠭᠴᠠᠯᠠᠬᠤ ᠪᠠᠷ ᠠᠵᠢᠯ | ᠣᠯᠭᠤᠬᠤ ᠢᠨᠵᠧᠨᠧᠷᠢᠩ ᠢ ᠬᠦᠴᠦᠯᠡᠨ ᠠᠬᠢᠭᠤᠯᠵᠤ᠂ ᠬᠤᠳᠡ ᠪᠠᠯᠭᠠᠰᠤ ᠶᠢᠨ ᠠᠵᠢᠯ ᠣᠯᠭᠤᠯᠳᠠ ᠳᠤ ᠰᠢᠨ᠎ᠡ ᠪᠠᠷ | 27.2 ᠲᠦᠮᠡᠨ ᠬᠦᠮᠦᠨ ᠨᠡᠮᠡᠭᠳᠡᠭᠦᠯᠵᠦ᠂ ᠮᠠᠯᠴᠢᠨ ᠲᠠᠷᠢᠶᠠᠴᠢᠨ ᠬᠦᠳᠡᠯᠮᠦᠷᠢ ᠬᠦᠴᠦᠨ ᠢ 250 ᠲᠦᠮᠡᠨ | ᠬᠦᠮᠦᠨ ᠢ ᠰᠢᠯᠵᠢᠭᠦᠯᠦᠨ ᠠᠵᠢᠯ ᠣᠯᠭᠤᠵᠤ᠂ 14.5 ᠲᠦᠮᠡᠨ ᠲᠤᠰ ᠵᠢᠯ ᠪᠠ ᠦᠡᠭᠭᠡᠷᠡᠭᠰᠡᠨ ᠵᠢᠯ ᠤᠳ ᠤᠨ | ᠲᠡᠭᠡᠳᠤ ᠰᠤᠷᠭᠠᠭᠤᠯᠢ ᠲᠡᠭᠦᠰᠦᠭᠰᠡᠳ ᠲᠤ ᠠᠵᠢᠯ ᠣᠯᠭᠤᠬᠤ ᠶᠢ ᠨᠠᠶᠢᠳᠠᠪᠤᠷᠢᠵᠢᠭᠤᠯᠤᠨ᠂ ᠬᠤᠳᠡ ᠪᠠᠯᠭᠠᠰᠤ ᠶᠢᠨ | ᠠᠵᠢᠯ ᠠᠯᠳᠠᠯᠳᠠ ᠶᠢᠨ ᠲᠠᠩᠰᠠᠯᠠᠭᠤᠯᠬᠤ ᠨᠣᠷᠮ᠎ᠠ ᠶᠢ 3.6% ᠶᠢᠨ ᠨᠡᠯᠢᠶᠡᠳ ᠲᠣᠣᠷ᠎ᠠ ᠬᠢᠷᠢ ᠬᠡᠮᠵᠢᠶᠡᠨ ᠳᠤ | ᠬᠢᠵᠠᠭᠠᠷᠯᠠᠪᠠ᠃ ᠶᠠᠳᠠᠭᠤ ᠶᠢ ᠲᠡᠳᠭᠦᠨ ᠪᠣᠭᠤᠮᠳᠠ ᠰᠢᠪᠳᠤᠯᠠᠬᠤ ᠢᠨᠵᠧᠨᠧᠷᠢᠩ ᠢ ᠶᠡᠬᠡᠪᠡᠷ ᠲᠦᠯᠬᠢᠨ ᠠᠬᠢᠭᠤᠯᠵᠤ᠂ | ᠶᠠᠳᠠᠭᠤ ᠶᠢ ᠲᠡᠳᠭᠦᠭᠦ ᠠᠵᠢᠯ ᠤᠨ ᠲᠣᠭᠳᠠᠴᠠ ᠶᠢ ᠰᠢᠨ᠎ᠡ ᠪᠠᠷ ᠡᠭᠦᠳᠴᠤ᠂ ᠣᠳᠣᠷᠢᠳᠬᠤ ᠺᠠᠳ᠋ᠷ ᠤᠨ ᠶᠠᠳᠠᠭᠤ | ᠬᠦᠴᠢᠷᠳᠡᠯᠲᠡᠢ ᠭᠠᠵᠠᠷ ᠯᠤᠭ᠎ᠠ ᠬᠠᠷᠢᠯᠴᠠᠵᠤ ︽ᠭᠤᠷᠪᠠ ᠶᠢ ᠲᠣᠰᠬᠤᠨ ᠬᠢᠭᠡᠳ ᠡᠷᠦᠬᠡ ᠳᠤ ᠬᠦᠷᠦᠭᠦᠯᠭᠦ︾ ᠣᠨᠢᠨ | ᠳᠡᠭᠡᠷ᠎ᠡ ᠨᠢ ᠶᠠᠳᠠᠭᠤ ᠶᠢ ᠲᠡᠳᠭᠦᠭᠦ ᠵᠡᠷᠭᠡ ᠠᠷᠭ᠎ᠠ ᠬᠡᠮᠵᠢᠶ᠎ᠠ ᠶᠢ ᠬᠡᠷᠡᠭᠵᠢᠭᠦᠯᠵᠦ᠂ ᠪᠡᠯᠡ ᠮᠦᠩᠭᠦ ᠶᠢᠨ ᠣᠷᠣᠭᠤᠯᠣᠯᠳᠠ | 100 ᠭᠠᠷᠤᠢ ᠳ᠋ᠦᠩᠰᠢᠭᠤᠷ ᠲᠦᠭᠦᠷᠢᠭ ᠪᠠᠶᠢᠵᠦ᠂ 40 ᠲᠦᠮᠡᠨ ᠶᠠᠳᠠᠭᠤ ᠬᠦᠴᠢᠷᠳᠡᠯᠲᠡᠢ ᠬᠦᠮᠦᠨ ᠠᠮᠠ ᠶᠢ | ᠲᠣᠭᠳᠠᠭᠤᠨ ᠢᠶᠠᠷ ᠶᠠᠳᠠᠭᠤ ᠠᠴᠠ ᠨᠢ ᠠᠩᠭᠢᠵᠢᠷᠠᠭᠤᠯᠪᠠ᠃ ᠠᠷᠠᠳ ᠣᠯᠠᠨ ᠤ ᠬᠢᠮᠳᠠ ᠤᠷᠤᠨ ᠰᠠᠭᠤᠴᠠ ᠶᠢᠨ | ᠢᠨᠵᠧᠨᠧᠷᠢᠩ ᠢ ᠭᠦᠨᠵᠡᠭᠡᠢ ᠬᠡᠷᠡᠭᠵᠢᠭᠦᠯᠦᠨ᠂ ᠡᠯ᠎ᠡ ᠲᠦᠷᠦᠯ ᠤᠨ ᠪᠠᠳᠤᠯᠠᠭ᠎ᠠ ᠶᠢᠨ ᠴᠢᠨᠠᠷᠲᠠᠢ ᠣᠷᠣᠨ ᠰᠠᠭᠤᠴᠠ ᠶᠢ | 24 ᠲᠦᠮᠡᠨ ᠢᠵᠢ ᠪᠠᠷᠢᠯᠭ᠎ᠠ ᠡᠬᠢᠯᠡᠭᠦᠯᠦᠨ᠂ 22.9 ᠲᠦᠮᠡᠨ ᠢᠵᠢ ᠪᠠᠷᠢᠯᠭ᠎ᠠ ᠶᠢ ᠦᠨᠳᠦᠰᠦᠨ ᠳᠡᠭᠡᠨ ᠪᠦᠳᠦᠭᠡᠨ | ᠪᠠᠶᠢᠭᠤᠯᠵᠤ᠂ ᠪᠦᠬᠦ ᠵᠢᠯ ᠤᠨ ᠬᠠᠷᠠᠯᠳᠠ ᠪᠠᠨ ᠲᠠᠪᠠᠭᠤᠯᠣᠨ ᠪᠡᠶᠡᠯᠡᠭᠦᠯᠪᠡ︔ 17 ᠲᠦᠮᠡᠨ ᠡᠷᠦᠬᠡ ᠮᠠᠯᠵᠢᠬᠤ | ᠲᠠᠷᠢᠶᠠᠯᠠᠬᠤ ᠣᠷᠣᠨ ᠤ ᠨᠣᠷᠠᠬᠤ ᠠᠶᠤᠯ ᠲᠠᠢ ᠭᠡᠷ ᠪᠠᠶᠢᠰᠢᠩ ᠢ ᠪᠠᠷᠢᠯᠭ᠎ᠠ ᠡᠬᠢᠯᠡᠭᠦᠯᠦᠨ ᠰᠢᠨᠡᠳᠭᠡᠨ ᠵᠠᠰᠠᠵᠤ᠂ | ᠣᠯᠣᠰ ᠤᠨ ᠪᠠᠭᠤᠯᠭᠠᠭᠰᠠᠨ ᠡᠭᠦᠷᠭᠡ ᠶᠢᠨ ᠬᠡᠮᠵᠢᠶ᠎ᠠ ᠠᠴᠠ 1 ᠲᠠᠬᠢᠨ ᠲᠠᠪᠠᠪᠠ᠃ ᠪᠣᠭᠤᠳᠤ ᠶᠢᠨ ᠬᠦᠷᠡᠯ ᠰᠢᠯᠢ᠂ | ᠤᠯᠠᠭᠠᠠᠬᠠᠳᠠ ᠶᠢᠨ ᠲᠡᠮᠣᠷ ᠵᠠᠮ ᠠᠴᠠ ᠡᠮᠦᠨᠡᠭᠦᠷ᠂ ᠬᠢᠩᠭᠠᠨ ᠠᠶᠢᠮᠠᠭ ᠤᠨ ᠷᠠᠰᠢᠶᠠᠨ ᠵᠡᠷᠭᠡ ᠭᠤᠣᠯᠳᠠᠯᠭ᠎ᠠ ᠲᠠᠢ | ᠲᠦᠭᠦᠮ ᠪᠦᠳᠦᠭᠦᠯᠢᠭ ᠣᠷᠣᠨ ᠰᠠᠭᠤᠴᠠ ᠶᠢ ᠰᠢᠨᠡᠳᠭᠡᠨ ᠵᠠᠰᠠᠬᠤ ᠠᠬᠢᠴᠠ ᠤᠷᠤᠭᠰᠢᠲᠠᠢ ᠶᠠᠪᠣᠭᠳᠠᠪᠠ᠃ ᠮᠠᠯᠵᠢᠬᠤ | ᠲᠠᠷᠢᠶᠠᠯᠠᠬᠤ ᠣᠷᠣᠨ ᠤ ᠦᠢᠯᠡᠳᠪᠦᠷᠢᠯᠡᠯ ᠠᠮᠢᠳᠣᠷᠠᠯ ᠤᠨ ᠨᠦᠬᠦᠴᠡᠯ ᠢ ᠦᠨᠳᠦᠰᠦᠨ ᠠᠴᠠ ᠨᠢ | ᠰᠠᠶᠢᠵᠢᠷᠠᠭᠤᠯᠬᠤ ᠠᠴᠠ ᠪᠣᠳᠣᠯᠬᠢᠯᠠᠵᠤ᠂ ᠮᠠᠯᠵᠢᠬᠤ ᠲᠠᠷᠢᠶᠠᠯᠠᠬᠤ ᠣᠷᠣᠨ ᠤ ︽ᠠᠷᠪᠠ ᠪᠠᠷ ᠪᠦᠬᠦᠨ ᠢ ᠬᠠᠮᠣᠷᠬᠤ︾ | ᠢᠨᠵᠧᠨᠧᠷᠢᠩ ᠢ ᠡᠬᠢᠯᠡᠭᠦᠯᠦᠨ ᠬᠡᠷᠡᠭᠵᠢᠭᠦᠯᠵᠤ᠂ 216 ᠳ᠋ᠦᠩᠰᠢᠭᠤᠷ ᠲᠦᠭᠦᠷᠢᠭ ᠤᠨ ᠪᠠᠯᠡ ᠣᠷᠣᠭᠤᠯᠣᠯᠳᠠ ᠶᠢ | ᠪᠡᠶᠡᠯᠡᠭᠦᠯᠵᠤ᠂ 3495 ᠭᠠᠴᠠᠭ᠎ᠠ ᠲᠣᠰᠬᠤᠨ ᠪᠦᠳᠦᠭᠡᠨ ᠪᠠᠶᠢᠭᠤᠯᠤᠯᠳᠠ ᠶᠢᠨ ᠡᠭᠦᠷᠭᠡ ᠪᠠᠨ ᠪᠡᠶᠡᠯᠡᠭᠦᠯᠪᠡ︔ | ᠣᠷᠣᠯᠭ᠎ᠠ ᠪᠠᠭ᠎ᠠ ᠲᠠᠢ ᠮᠠᠯᠵᠢᠬᠤ ᠲᠠᠷᠢᠶᠠᠯᠠᠬᠤ ᠡᠷᠦᠬᠡ ᠶᠢᠨ ᠡᠷᠦᠬᠡ ᠪᠦᠷᠢ ᠳᠤ 1 ᠲᠣᠨ ᠲᠤᠯᠠᠭᠠᠯᠠᠯᠭ᠎ᠠ ᠶᠢᠨ | ᠨᠡᠭᠦᠷᠡᠰᠦ ᠣᠯᠭᠤᠵᠤ᠂ 336.7 ᠲᠦᠮᠡᠨ ᠮᠠᠯᠴᠢᠨ ᠲᠠᠷᠢᠶᠠᠴᠢᠨ ᠡᠷᠦᠬᠡ ᠶᠢ ᠬᠠᠷᠠᠭᠠᠯᠵᠠᠪᠠ︔ ᠠᠮᠢᠳᠣᠷᠠᠯ ᠤᠨ | ᠨᠠᠭᠠᠳᠤ ᠵᠠᠬ᠎ᠠ ᠶᠢᠨ ᠪᠠᠳᠤᠯᠠᠭ᠎ᠠ ᠬᠦᠷᠳᠡᠵᠦ ᠪᠠᠶᠢᠭ᠎ᠠ ᠭᠡᠷ ᠪᠦᠯᠢ ᠪᠦᠷᠢ ᠶᠢᠨ ᠣᠶᠣᠳᠡᠳ ᠲᠤ ᠵᠢᠯ ᠪᠦᠷᠢ 1 ᠲᠦᠮᠡᠨ | ᠲᠦᠭᠦᠷᠢᠭ ᠤᠨ ᠰᠤᠷᠣᠯᠭ᠎ᠠ ᠶᠢᠨ ᠲᠡᠳᠭᠦᠮᠵᠢ ᠣᠯᠭᠤᠬᠤ ᠶᠢᠨ ᠬᠠᠮᠳᠤ ᠨᠢᠭᠡ ᠯᠡ ᠤᠳᠠᠭᠠᠨ ᠤ ᠴᠢᠨᠠᠷ ᠲᠠᠢ ᠪᠠᠷ | ᠨᠦᠬᠦᠪᠦᠷᠢᠯᠡᠪᠡ᠃ 1.8 ᠲᠦᠮᠡᠨ ᠰᠢᠨ᠎ᠡ ᠣᠶᠣᠳᠡᠳ ᠤᠨ ᠬᠤᠶᠢᠰᠢᠳᠠ ᠶᠢᠨ ᠵᠤᠪᠠᠨᠢᠯ ᠢ ᠠᠷᠢᠯᠭᠠᠪᠠ︔ ᠨᠢᠭᠡ ᠴᠦ | ᠠᠵᠢᠯ ᠣᠯᠣᠭᠠᠳᠤᠢ ᠭᠡᠷ ᠪᠦᠯᠢ ᠳᠤ ᠶᠠᠳᠠᠬᠤ ᠳᠤ 1 ᠬᠥᠮᠥᠨ ᠳᠤᠨᠢ ᠠᠵᠢᠯ ᠣᠯᠭᠤᠵᠤ᠂ ᠲᠡᠭ ᠪᠣᠯᠭᠠᠬᠤ ᠪᠠᠶᠢᠳᠠᠯ ᠢ | ᠪᠡᠶᠡᠯᠡᠭᠦᠯᠪᠡ᠃ ᠨᠡᠶᠢᠭᠡᠮ ᠤᠨ ᠪᠠᠲᠤᠯᠠᠭ᠎ᠠ ᠶᠢᠨ ᠬᠢᠷᠢ ᠳᠦᠪᠰᠢᠨ ᠯᠠᠪᠳᠠᠭᠤᠨ ᠢᠶᠠᠷ ᠳᠡᠭᠡᠭᠰᠢᠯᠡᠵᠦ᠂ ᠬᠤᠲᠠ | ᠬᠥᠳᠡᠭᠡ ᠶᠢᠨ ᠨᠠᠰᠤᠵᠢᠯ ᠤᠨ ᠳᠠᠭᠠᠳᠬᠠᠯ ᠤᠨ ᠳᠦᠷᠢᠮ ᠤᠨ ᠵᠣᠯᠭᠠᠭᠤᠯᠬᠤ ᠳᠤ ᠬᠡᠷᠡᠭᠵᠢᠭᠦᠯᠬᠦ ᠰᠠᠨᠠᠯ ᠢ ᠲᠣᠭᠲᠠᠭᠠᠵᠤ | ᠂ ᠠᠵᠢᠯ ᠠᠴᠠ ᠪᠣᠯᠣᠭᠰᠠᠨ ᠰᠢᠷᠬᠠᠳᠤᠯ ᠤᠨ ᠳᠠᠭᠠᠳᠬᠠᠯ ᠤᠨ ᠳᠦᠷᠢᠮ ᠤᠨ ᠬᠡᠷᠡᠭᠵᠢᠭᠦᠯᠬᠦ ᠠᠷᠭ᠎ᠠ ᠨᠡᠶᠢᠲᠡᠯᠡᠭᠳᠡᠵᠦ᠂ | ᠠᠵᠣ ᠠᠬᠤᠢᠢᠯᠠᠯ ᠤᠨ ᠠᠵᠢᠯ ᠠᠴᠠ ᠪᠠᠨ ᠠᠮᠠᠷᠠᠭᠰᠠᠳ ᠤᠨ ᠨᠠᠰᠤᠵᠢᠯ ᠤᠨ ᠮᠥᠩᠭᠦ ᠶᠢ ᠰᠠᠷ᠎ᠠ ᠳᠤ ᠬᠥᠮᠥᠨ ᠪᠦᠷᠢ | ᠳᠤᠮᠳᠠᠴᠢ ᠪᠠᠷ 191 ᠲᠥᠭᠦᠷᠢᠭ ᠨᠡᠮᠡᠭᠳᠡᠭᠦᠯᠦᠨ᠂ ᠬᠤᠲᠠ ᠪᠠᠯᠭᠠᠰᠤ ᠶᠢᠨ ᠠᠮᠢᠳᠤᠷᠠᠯ ᠤᠨ ᠨᠠᠭᠠᠲᠤ ᠵᠠᠬ᠎ᠠ ᠶᠢᠨ | ᠪᠠᠲᠤᠯᠠᠭ᠎ᠠ ᠶᠢᠨ ᠪᠠᠷᠢᠮᠵᠢᠶ᠎ᠠ ᠰᠠᠷ᠎ᠠ ᠳᠤ ᠬᠥᠮᠥᠨ ᠪᠦᠷᠢ ᠳᠤᠮᠳᠠᠴᠢ ᠪᠠᠷ 28 ᠲᠥᠭᠦᠷᠢᠭ ᠳᠡᠭᠡᠭᠰᠢᠯᠡᠭᠦᠯᠵᠦ᠂ | ᠮᠠᠯᠵᠢᠬᠤ ᠲᠠᠷᠢᠶᠠᠯᠠᠬᠤ ᠣᠷᠣᠨ ᠤ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠶᠢᠨ ᠪᠠᠷᠢᠮᠵᠢᠶ᠎ᠠ ᠶᠢ ᠰᠠᠷ᠎ᠠ ᠳᠤ | ᠬᠥᠮᠥᠨ ᠪᠦᠷᠢ ᠳᠤᠮᠳᠠᠴᠢ ᠪᠠᠷ ᠵᠢᠯ ᠪᠦᠷᠢ 267 ᠲᠥᠭᠦᠷᠢᠭ ᠳᠡᠭᠡᠭᠰᠢᠯᠡᠭᠦᠯᠦᠨ᠂ ᠬᠦᠳᠡᠭᠡ ᠲᠤᠰᠬᠤᠨ ᠤ ᠰᠢᠨ᠎ᠡ | ᠮᠠᠶ᠋ᠢᠭ ᠤᠨ ᠬᠤᠷᠰᠢᠭᠰᠠᠨ ᠡᠮᠴᠢᠯᠡᠭᠡ ᠪᠣᠯᠣᠨ ᠬᠤᠲᠠ ᠪᠠᠯᠭᠠᠰᠤ ᠶᠢᠨ ᠰᠠᠭᠤᠭᠠᠯᠢ ᠠᠷᠠᠳ ᠤᠨ ᠡᠮᠴᠢᠯᠡᠭᠡ ᠶᠢᠨ | ᠳᠠᠭᠠᠳᠬᠠᠯ ᠳᠤ ᠵᠠᠰᠠᠭ ᠤᠨ ᠣᠷᠳᠣᠨ ᠠᠴᠠ ᠨᠥᠬᠦᠪᠦᠷᠢᠯᠡᠬᠦ ᠬᠥᠮᠥᠨ ᠪᠦᠷᠢ ᠶᠢᠨ ᠳᠤᠮᠳᠠᠴᠢ ᠪᠠᠷᠢᠮᠵᠢᠶ᠎ᠠ ᠶᠢ 280 | ᠲᠥᠭᠦᠷᠢᠭ ᠠᠴᠠ 320 ᠲᠥᠭᠦᠷᠢᠭ ᠪᠣᠯᠭᠠᠨ ᠳᠡᠭᠡᠭᠰᠢᠯᠡᠭᠦᠯᠪᠡ᠃ | ︵ᠵᠢᠷᠭᠤᠭ᠎ᠠ︶ ᠨᠡᠶᠢᠭᠡᠮ ᠤᠨ ᠡᠯ᠎ᠡ ᠵᠦᠢᠯ ᠤᠨ ᠦᠢᠯᠡᠰ ᠪᠦᠬᠦ ᠲᠠᠯ᠎ᠠ ᠪᠠᠷ ᠬᠥᠭᠵᠢᠪᠡ᠃ ᠰᠢᠨ᠎ᠡ ᠶᠢ | ᠡᠭᠦᠳᠬᠦ ᠪᠠᠷ ᠬᠥᠳᠡᠯᠭᠡᠭᠦᠷ ᠪᠣᠯᠭᠠᠬᠤ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠵᠦ᠂ ᠰᠢᠨᠵᠢᠯᠡᠬᠦ | ᠤᠬᠠᠭᠠᠨ ᠮᠡᠷᠭᠡᠵᠢᠯ ᠤᠨ ᠴᠢᠬᠤᠯᠠ ᠶᠡᠭᠡ ᠲᠤᠰᠬᠠᠢ ᠲᠦᠷᠦᠯ ᠪᠤᠯᠤᠨ ᠰᠢᠨ᠎ᠡ ᠮᠠᠶ᠋ᠢᠭ ᠤᠨ ᠰᠤᠳᠤᠯᠤᠨ ᠨᠡᠭᠡᠭᠡᠨ | ᠬᠥᠭᠵᠢᠭᠦᠯᠬᠦ ᠵᠡᠷᠭᠡ ᠲᠠᠪᠴᠠᠩ ᠤᠨ ᠪᠦᠲᠦᠭᠡᠨ ᠪᠠᠶᠢᠭᠤᠯᠤᠯᠲᠠ ᠶᠢ ᠲᠦᠷᠬᠡᠳᠬᠡᠨ ᠠᠬᠢᠭᠤᠯᠵᠦ᠂ ᠰᠢᠨᠵᠢᠯᠡᠬᠦ | ᠤᠬᠠᠭᠠᠨ ᠮᠡᠷᠭᠡᠵᠢᠯ ᠤᠨ ᠲᠤᠯᠭᠠᠭᠤᠷᠢᠯᠠᠨ ᠳᠠᠭᠠᠭᠤᠯᠬᠤ ᠦᠢᠯᠡᠳᠦᠯ ᠤᠯᠠᠮ ᠨᠢᠭᠡ ᠠᠯᠬᠤᠮ ᠴᠢᠩᠭᠠᠳᠬᠠᠭᠳᠠᠪᠠ᠃ | ᠡᠯ᠎ᠡ ᠱᠠᠲᠤᠨ ᠤ ᠡᠯ᠎ᠡ ᠲᠦᠷᠦᠯ ᠤᠨ ᠰᠤᠷᠭᠠᠨ ᠬᠥᠮᠥᠵᠢᠯ ᠤᠨ ᠬᠥᠭᠵᠢᠯᠲᠡ ᠶᠢ ᠨᠢᠭᠡᠳᠦᠯᠲᠡᠢ ᠲᠥᠯᠥᠪᠯᠡᠨ᠂ ᠰᠤᠷᠬᠤ | ᠨᠠᠰᠣᠨ ᠠᠴᠠ ᠡᠮᠦᠨᠡᠬᠢ ᠰᠤᠷᠭᠠᠨ ᠬᠥᠮᠥᠵᠢᠯ ᠤᠨ ᠡᠬᠢ ᠪᠠᠶᠠᠯᠢᠭ ᠤᠯᠠᠮ ᠨᠢᠭᠡ ᠠᠯᠬᠤᠮ ᠦᠷᠭᠡᠳᠭᠡᠭᠳᠡᠵᠦ᠂ ᠠᠯᠪᠠᠨ | ᠵᠢᠷᠤᠮ ᠤᠨ ᠰᠤᠷᠭᠠᠨ ᠬᠥᠮᠥᠵᠢᠯ ᠤᠨ ᠲᠡᠩᠴᠡᠭᠦᠷᠢᠲᠡᠢ ᠬᠥᠭᠵᠢᠯᠲᠡ ᠰᠢᠨ᠎ᠡ ᠰᠢᠪᠲᠤᠯᠤᠯᠲᠠ ᠶᠢ ᠪᠡᠶᠡᠯᠡᠭᠦᠯᠦᠨ᠂ | ᠦᠨᠳᠦᠰᠦᠲᠡᠨ ᠤ ᠰᠤᠷᠭᠠᠨ ᠬᠥᠮᠥᠵᠢᠯ ᠢ ᠡᠩ ᠲᠡᠷᠢᠭᠦᠨ ᠳᠤ ᠭᠤᠣᠯᠳᠠᠯᠭ᠎ᠠ ᠲᠠᠢ ᠬᠥᠭᠵᠢᠭᠦᠯᠵᠦ᠂ ᠣᠳᠤ ᠦᠶ᠎ᠡ ᠶᠢᠨ | ᠠᠵᠢᠯ ᠮᠡᠷᠭᠡᠵᠢᠯ ᠤᠨ ᠰᠤᠷᠭᠠᠨ ᠬᠥᠮᠥᠵᠢᠯ ᠤᠨ ᠰᠢᠰᠲ᠋ᠧᠮᠵᠢ ᠶᠢ ᠪᠠᠶᠢᠭᠤᠯᠬᠤ ᠪᠠ ᠳᠡᠭᠡᠳᠦ ᠵᠡᠷᠭᠡ ᠶᠢᠨ ᠰᠤᠷᠭᠠᠨ | ᠬᠥᠮᠥᠵᠢᠯ ᠤᠨ ᠬᠡᠯᠪᠡᠷᠢ ᠶᠢ ᠬᠤᠪᠢᠷᠠᠭᠤᠯᠬᠤ ᠬᠥᠭᠵᠢᠯᠲᠡ ᠰᠢᠨ᠎ᠡ ᠠᠯᠬᠤᠴᠠ ᠳᠤ ᠣᠷᠣᠪᠠ᠃ ᠬᠤᠲᠠ ᠬᠥᠳᠡᠭᠡ ᠶᠢᠨ | ᠡᠮᠴᠢᠯᠡᠭᠡ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠰᠢᠰᠲ᠋ᠧᠮᠵᠢ ᠶᠢ ᠪᠦᠷᠢᠨᠰᠢᠭᠦᠯᠦᠨ᠂ ᠬᠥᠮᠥᠨ ᠪᠦᠷᠢ ᠶᠢᠨ | ᠳᠤᠮᠳᠠᠴᠢ ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠦᠨᠳᠦᠰᠦᠨ ᠵᠠᠷᠤᠳᠠᠯ ᠳᠡᠭᠡᠭᠰᠢᠯᠡᠭᠡᠳ | 35 ᠲᠥᠭᠦᠷᠢᠭ ᠪᠣᠯᠵᠤ᠂ ᠥᠪᠡᠷᠲᠡᠭᠡᠨ ᠵᠠᠰᠠᠬᠤ ᠣᠷᠣᠨ ᠤ ᠡᠮᠡᠭᠲᠡᠶᠢᠴᠦᠳ ᠤᠨ ᠰᠠᠯᠠᠭ᠎ᠠ ᠶᠢᠨ ᠡᠮᠨᠡᠯᠭᠡ ᠶᠢᠨ | ᠬᠤᠷᠢᠶ᠎ᠠ ᠵᠡᠷᠭᠡ 6 ᠲᠤᠰ ᠱᠠᠲᠤᠨ ᠤ ᠴᠢᠬᠤᠯᠠ ᠶᠡᠭᠡ ᠡᠷᠡᠭᠦᠯ ᠬᠠᠮᠠᠭᠠᠯᠠᠯ ᠤᠨ ᠲᠦᠷᠦᠯ ᠵᠦᠢᠯ ᠢ ᠪᠠᠷᠢᠯᠭ᠎ᠠ | ᠡᠬᠢᠯᠡᠭᠦᠯᠦᠨ ᠪᠦᠲᠦᠭᠡᠨ ᠪᠠᠶᠢᠭᠤᠯᠵᠤ᠂ ᠮᠣᠩᠭᠤᠯ ᠬᠢᠲᠠᠳ ᠡᠮ ᠡᠮᠨᠡᠯᠭᠡ ᠶᠢᠨ ᠦᠢᠯᠡᠰ ᠡᠷᠡᠭᠦᠯ ᠢᠶᠠᠷ ᠬᠥᠭᠵᠢᠪᠡ᠃ | ︽ᠨᠢᠭᠡ ᠳᠠᠯ᠎ᠠ ᠨᠢ ᠦᠷ᠎ᠡ ᠶᠢᠨ ᠭᠠᠭᠴᠠ ᠪᠤᠯ ᠬᠤᠶᠠᠷ ᠬᠡᠣᠬᠡᠳ ᠠᠪᠴᠤ ᠪᠣᠯᠬᠤ︾ ᠲᠦᠷᠦ ᠶᠢᠨ ᠪᠣᠳᠣᠯᠭ᠎ᠠ ᠶᠢ | ᠬᠡᠷᠡᠭᠵᠢᠭᠦᠯᠦᠨ᠂ ᠬᠦᠮᠦᠨ ᠠᠮᠠ ᠶᠢᠨ ᠲᠦᠷᠦᠯᠲᠡ ᠶᠢᠨ ᠨᠣᠷᠮ᠎ᠠ ᠶᠢ 9.3‰ ᠳᠤ ᠬᠢᠵᠠᠭᠠᠷᠯᠠᠪᠠ᠃ ᠰᠤᠶᠤᠯ ᠤᠨ | ᠴᠡᠴᠡᠭᠯᠡᠨ ᠬᠥᠭᠵᠢᠭᠦ ᠶᠢ ᠠᠬᠢᠭᠤᠯᠵᠤ᠂ ᠨᠡᠶᠢᠭᠡᠮ ᠵᠢᠷᠤᠮ ᠤᠨ ᠭᠤᠤᠯᠯᠠᠬᠤ ᠦᠷᠳᠡᠭ ᠤᠨ ᠦᠵᠡᠯᠳᠡ ᠶᠢᠨ | ᠬᠦᠮᠦᠵᠢᠭᠦᠯᠦᠨ ᠪᠤᠶᠢᠵᠢᠭᠤᠯᠬᠤ ᠪᠠ ᠦᠢᠯᠡᠳᠦᠯᠭᠡᠵᠢᠭᠦᠯᠵᠦ᠂ ᠣᠯᠠᠨ ᠲᠦᠮᠡᠨᠴᠢ ᠴᠢᠨᠠᠷᠲᠠᠢ ᠣᠶᠣᠨ ᠤ ᠪᠣᠯᠪᠠᠰᠤᠨ ᠢ | ᠡᠭᠦᠳᠬᠦ ᠠᠵᠢᠯᠯᠠᠭ᠎ᠠ ᠶᠢ ᠭᠦᠨᠵᠡᠭᠡᠶᠢᠷᠡᠭᠦᠯᠵᠤ᠂ ᠣᠯᠠᠨ ᠨᠡᠶᠢᠲᠡ ᠶᠢᠨ ᠰᠤᠶᠤᠯ ᠤᠨ ᠦᠢᠯᠡᠴᠢᠯᠡᠭᠡᠨ ᠤ ᠰᠢᠰᠲ᠋ᠧᠮᠵᠢ ᠶᠢ | ᠲᠡᠭᠦᠯᠳᠡᠷᠵᠢᠭᠦᠯᠦᠨ᠂ ᠰᠣᠶᠣᠯ ᠢᠶᠠᠷ ᠠᠷᠠᠳ ᠲᠤ ᠠᠰᠢᠭ ᠬᠦᠷᠲᠡᠭᠡᠬᠦ ᠢᠨᠵᠧᠨᠧᠷᠢᠩ ᠢ ᠶᠡᠬᠡᠪᠡᠷ ᠬᠡᠷᠡᠭᠵᠢᠭᠦᠯᠦᠨ᠂ ︽ | ᠲᠠᠯ᠎ᠠ ᠨᠤᠲᠤᠭ ᠢᠶᠠᠨ ᠤᠶᠠᠩᠭᠠᠯᠠᠨ ᠳᠠᠭᠤᠯᠠᠵᠤ᠂ ᠠᠷᠠᠳ ᠲᠦᠮᠡᠨ ᠢᠶᠠᠨ ᠮᠠᠭᠲᠠᠨ ᠲᠡᠮᠳᠡᠭᠯᠡᠬᠦ︾ ᠭᠤᠣᠯ ᠰᠡᠳᠦᠪᠲᠦ | ᠰᠣᠶᠣᠯ ᠤᠨ ᠦᠢᠯᠡᠳᠦᠯᠭᠡᠲᠦ ᠠᠵᠢᠯᠯᠠᠭ᠎ᠠ ᠶᠢ ᠦᠷᠨᠢᠭᠦᠯᠪᠡ᠃ ᠰᠣᠶᠣᠯ ᠤᠨ ᠠᠵᠤ ᠦᠢᠯᠡᠰ ᠤᠨ ᠤᠷᠳᠤᠪᠳᠤᠷ ᠪᠠ | ᠤᠷᠲᠤ ᠬᠤᠭᠤᠴᠠᠭᠠᠨ ᠤ ᠬᠥᠭᠵᠢᠯᠲᠡ ᠶᠢᠨ ᠲᠥᠯᠥᠪᠵᠢᠭᠦᠯᠭᠡ ᠶᠢ ᠨᠡᠶᠢᠲᠡᠯᠡᠵᠦ᠂ ᠭᠤᠣᠯᠳᠠᠯᠭ᠎ᠠ ᠲᠠᠢ ᠰᠣᠶᠣᠯ ᠤᠨ | ᠠᠵᠤ ᠦᠢᠯᠡᠰ ᠤᠨ ᠲᠦᠷᠦᠯ ᠵᠦᠢᠯ ᠪᠠ ᠳᠤᠮᠳᠠ ᠵᠢᠵᠢᠭ ᠪᠢᠴᠢᠯ ᠰᠣᠶᠣᠯ ᠤᠨ ᠠᠵᠤ ᠠᠬᠤᠶᠢᠯᠠᠯ ᠤᠨ | ᠬᠥᠭᠵᠢᠯᠲᠡ ᠶᠢ ᠳᠡᠳᠬᠦᠪᠡ᠃ ᠲᠥᠪ ᠤᠨ ᠦᠨᠳᠦᠰᠦᠲᠡᠨ ᠤ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠬᠢᠨᠠᠮᠠᠭᠠᠢ | ᠲᠤᠤᠱᠯᠠᠭᠤᠯᠤᠨ ᠨᠠᠶᠢᠳᠠᠪᠤᠷᠢᠵᠢᠭᠤᠯᠵᠦ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠦᠢᠯᠡᠰ ᠢ ᠭᠦᠨᠵᠡᠭᠡᠢ | ᠠᠬᠢᠭᠤᠯᠵᠤ᠂ ᠡᠷᠬᠡ ᠳᠡᠭᠰᠢ ᠪᠦᠯᠬᠦᠮᠳᠡᠨ ᠬᠠᠪᠰᠤᠷᠤᠯᠴᠠᠬᠰᠠᠨ ᠡᠶ᠎ᠡ ᠵᠤᠬᠢᠴᠠᠯ ᠲᠠᠢ ᠨᠡᠶᠢᠭᠡᠮ ᠵᠢᠷᠤᠮ ᠤᠨ | ᠦᠨᠳᠦᠰᠦᠲᠡᠨ ᠤ ᠬᠠᠷᠢᠴᠠᠭ᠎ᠠ ᠤᠯᠠᠮ ᠨᠢᠭᠡ ᠠᠯᠬᠤᠮ ᠪᠠᠬᠢᠵᠢᠪᠡ᠃ ᠬᠦᠯ ᠪᠥᠮᠪᠦᠭᠡ ᠶᠢᠨ ᠬᠦᠳᠡᠯᠬᠡᠬᠡᠨ ᠤ | ᠥᠭᠡᠷᠡᠴᠢᠯᠡᠯᠲᠡ ᠬᠢᠭᠡᠳ ᠬᠥᠭᠵᠢᠭᠦᠯᠦᠯᠲᠡ ᠶᠢᠨ ᠠᠵᠢᠯ ᠢ ᠪᠦᠬᠦ ᠲᠠᠯ᠎ᠠ ᠪᠠᠷ ᠡᠬᠢᠯᠡᠭᠦᠯᠵᠦ᠂ ᠣᠯᠠᠨ ᠲᠦᠮᠡᠨᠴᠢ | ᠴᠢᠨᠠᠷ ᠲᠠᠢ ᠪᠡᠶ᠎ᠡ ᠶᠢᠨ ᠲᠠᠮᠢᠷ ᠪᠣᠯᠣᠨ ᠤᠷᠤᠯᠳᠤᠭᠠᠨ ᠤ ᠪᠡᠶ᠎ᠡ ᠶᠢᠨ ᠲᠠᠮᠢᠷ ᠢ ᠵᠤᠬᠢᠴᠠᠩᠭᠤᠢ ᠬᠦᠭᠵᠢᠭᠦᠯᠵᠤ᠂ | ᠪᠡᠶ᠎ᠡ ᠶᠢᠨ ᠲᠠᠮᠢᠷ ᠤᠨ ᠠᠵᠤ ᠦᠢᠯᠡᠰ ᠤᠨ ᠬᠦᠭᠵᠢᠯᠳᠡ ᠶᠢᠨ ᠠᠯᠬᠤᠴᠠ ᠳᠦᠷᠭᠡᠳᠪᠡ᠃ ᠰᠣᠨᠢᠨ ᠮᠡᠳᠡᠭᠡ ᠷᠠᠳᠢᠣ᠋ | ᠺᠢᠨᠣ᠋ ᠲᠧᠯᠸᠢᠰ᠂ ᠭᠦᠨ ᠤᠬᠠᠭᠠᠨ᠂ ᠨᠡᠶᠢᠭᠡᠮ ᠤᠨ ᠰᠢᠨᠵᠢᠯᠡᠬᠦ ᠤᠬᠠᠭᠠᠨ ᠵᠡᠷᠭᠡ ᠡᠯ᠎ᠡ ᠵᠦᠢᠯ ᠤᠨ ᠠᠵᠢᠯ ᠦᠢᠯᠡᠰ | ᠴᠡᠴᠡᠭᠯᠡᠨ ᠬᠥᠭᠵᠢᠵᠦ᠂ ᠴᠠᠬ ᠠᠭᠤᠷ᠂ ᠠᠷᠠᠳ ᠤᠨ ᠠᠭᠠᠷ ᠤᠨ ᠰᠡᠷᠬᠡᠶᠢᠯᠡᠯᠳᠡ᠂ ᠵᠦᠪᠳᠡᠭᠴᠢ ᠪᠤᠯᠤᠨ | ᠡᠮᠡᠭᠲᠡᠶᠢᠴᠦᠳ ᠬᠡᠦᠬᠡᠳ᠂ ᠦᠳᠡᠭᠦᠰ᠂ ᠵᠡᠮᠳᠡᠭᠴᠦᠳ ᠤᠨ ᠦᠢᠯᠡᠰ ᠯᠠᠪᠳᠠᠭᠤᠨ ᠪᠠᠲᠤᠲᠠᠢ ᠠᠬᠢᠪᠠ᠃ | ︵ᠲᠤᠯᠤᠭ᠎ᠠ︶ ᠨᠡᠶᠢᠭᠡᠮ ᠤᠨ ᠡᠶ᠎ᠡ ᠵᠣᠬᠢᠴᠠᠯ ᠲᠠᠢ ᠲᠣᠭᠲᠠᠭᠤᠨ ᠪᠠᠶᠢᠬᠤ ᠶᠢ ᠪᠠᠳᠣᠯᠠᠪᠠ᠃ ︽ᠠᠮᠤᠭᠤᠯᠠᠩ | ᠲᠠᠶᠢᠪᠤᠩ ᠥᠪᠥᠷ ᠮᠣᠩᠭᠤᠯ︾ ᠢ ᠪᠦᠲᠦᠭᠡᠨ ᠪᠠᠶᠢᠭᠤᠯᠬᠤ ᠢᠨᠵᠧᠨᠧᠷᠢᠩ ᠢ ᠭᠦᠨᠵᠡᠭᠡᠢ ᠬᠡᠷᠡᠭᠵᠢᠭᠦᠯᠦᠨ᠂ | ᠨᠡᠶᠢᠭᠡᠮ ᠤᠨ ᠠᠮᠤᠷ ᠢ ᠬᠠᠮᠠᠭᠠᠯᠠᠬᠤ ᠶᠡᠷᠦᠩᠬᠡᠶᠢᠯᠡᠭᠰᠡᠨ ᠵᠠᠰᠠᠯᠲᠠ ᠴᠢᠩᠭᠠᠳᠬᠠᠭᠳᠠᠵᠤ᠂ ᠪᠣᠰᠤᠭ᠎ᠠ ᠴᠤᠭᠴᠠᠵᠢᠭᠰᠠᠨ | ᠨᠡᠶᠢᠭᠡᠮ ᠤᠨ ᠠᠮᠤᠷ ᠢ ᠬᠠᠮᠠᠭᠠᠯᠠᠵᠤ ᠰᠡᠷᠡᠮᠵᠢᠯᠡᠨ ᠡᠵᠡᠮᠳᠡᠬᠦ ᠰᠢᠰᠲ᠋ᠧᠮᠵᠢ ᠶᠢ ᠰᠢᠨ᠎ᠡ ᠪᠠᠷ ᠡᠭᠦᠳᠦᠨ | ᠲᠡᠭᠦᠯᠳᠡᠷᠵᠢᠭᠦᠯᠵᠦ᠂ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠦᠭᠴᠦ᠂ ᠠᠮᠤᠷ ᠢ | ᠬᠠᠮᠠᠭᠠᠯᠠᠬᠤ ᠶᠢᠨ ᠬᠦᠯᠢᠶᠡᠨ ᠠᠪᠴᠤ ᠰᠢᠢᠳᠪᠦᠷᠢᠯᠡᠭᠰᠡᠨ ᠬᠡᠷᠡᠭ 28.2% ᠢᠶᠠᠷ ᠪᠠᠭᠤᠷᠠᠨ᠂ ᠡᠷᠡᠬᠦᠦ ᠶᠢᠨ ᠬᠡᠷᠡᠭ | 29.2% ᠢᠶᠠᠷ ᠪᠠᠭᠤᠷᠠᠵᠤ᠂ ᠠᠷᠠᠳ ᠣᠯᠠᠨ ᠤ ᠠᠮᠤᠷ ᠲᠦᠪᠰᠢᠨ ᠤ ᠰᠡᠳᠬᠢᠯᠬᠡ ᠤᠯᠠᠮ ᠨᠢᠭᠡ ᠠᠯᠬᠤᠮ | ᠳᠠᠶᠢᠪᠤᠰᠢᠷᠠᠪᠠ᠃ ︽ᠵᠠᠬᠢᠳᠠᠯ ᠰᠤᠷᠪᠤᠯᠵᠢᠯᠠᠯ ᠢ ᠶᠡᠬᠡᠪᠡᠷ ᠬᠦᠯᠢᠶᠡᠨ ᠠᠪᠬᠤ︾ ᠠᠵᠢᠯᠯᠠᠭ᠎ᠠ ᠶᠢ ᠯᠠᠪᠳᠠᠭᠤᠨ ᠪᠠᠲᠤᠲᠠᠢ | ᠥᠷᠨᠢᠭᠦᠯᠦᠨ᠂ ᠨᠡᠶᠢᠭᠡᠮ ᠤᠨ ᠵᠥᠷᠢᠴᠡᠯ ᠢ ᠪᠦᠬᠦ ᠲᠠᠯ᠎ᠠ ᠪᠠᠷ ᠪᠠᠶᠢᠴᠠᠭᠠᠨ ᠨᠠᠮᠳᠠᠭᠤᠯᠵᠤ᠂ ᠵᠠᠬᠢᠲᠠᠯ ᠰᠤᠷᠪᠤᠯᠵᠢᠯᠠᠯ ᠤᠨ | ᠠᠵᠢᠯ ᠤᠨ ᠥᠭᠡᠷᠡᠴᠢᠯᠡᠯᠲᠡ ᠶᠢ ᠭᠦᠨᠵᠡᠭᠡᠢ ᠠᠬᠢᠭᠤᠯᠵᠤ᠂ ᠵᠠᠬᠢᠲᠠᠯ ᠰᠤᠷᠪᠤᠯᠵᠢᠯᠠᠯ ᠤᠨ ᠪᠠᠶᠢᠳᠠᠯ ᠯᠠᠪᠳᠠᠭᠤᠨ | ᠰᠠᠶᠢᠵᠢᠷᠠᠯ ᠲᠠᠢ ᠪᠣᠯᠪᠠ᠃ ᠭᠠᠵᠠᠷ ᠰᠢᠷᠤᠢ ᠲᠠᠲᠠᠪᠤᠷᠢᠯᠠᠨ ᠭᠡᠷ ᠪᠠᠶᠢᠰᠢᠩ ᠨᠤᠷᠠᠭᠠᠵᠦ ᠨᠡᠭᠦᠯᠭᠡᠬᠦ ᠪᠠ ᠮᠠᠯ ᠲᠠᠷᠢᠶᠠᠯᠠᠩ | ᠮᠠᠯᠴᠢᠨ ᠲᠠᠷᠢᠶᠠᠴᠢᠳ ᠲᠤ ᠬᠤᠯᠪᠤᠭᠳᠠᠬᠤ ᠵᠡᠷᠭᠡ 8 ᠭᠤᠣᠯᠳᠠᠯᠭ᠎ᠠ ᠲᠠᠢ ᠬᠦᠷᠢᠶ᠎ᠡ ᠴᠠᠷᠠᠭ᠎ᠠ ᠶᠢ ᠲᠦᠪᠯᠡᠷᠡᠬᠦᠯᠦᠨ | ᠲᠤᠰᠬᠠᠶᠢᠯᠠᠨ ᠴᠡᠭᠴᠡᠯᠡᠨ ᠵᠠᠰᠠᠵᠤ᠂ ᠣᠯᠠᠨ ᠲᠦᠮᠡᠨ ᠤ ᠠᠰᠢᠭ ᠲᠤᠰᠠ ᠳᠤ ᠬᠠᠯᠳᠠᠭᠰᠠᠨ ᠦᠢᠯᠡ ᠠᠵᠢᠯᠯᠠᠭ᠎ᠠ ᠶᠢ | ᠲᠥᠪ ᠴᠢᠩᠭ᠎ᠠ ᠵᠠᠯᠬᠠᠭᠠᠨ ᠰᠢᠢᠳᠪᠦᠷᠢᠯᠡᠪᠡ᠃ ᠠᠶᠤᠯ ᠦᠭᠡᠢ ᠦᠢᠯᠡᠳᠪᠦᠷᠢᠯᠡᠯ ᠤᠨ ︽ᠬᠠᠤᠯᠢ ᠪᠤᠰᠤ | ᠠᠵᠢᠯᠯᠠᠭ᠎ᠠ ᠳᠤ ᠴᠣᠬᠢᠯᠲᠠ ᠦᠭᠴᠦ ᠬᠠᠤᠯᠢ ᠠᠴᠠ ᠵᠥᠷᠢᠴᠡᠭᠰᠡᠨ ᠢ ᠵᠠᠰᠠᠬᠤ︾ ᠪᠠ ᠡᠯ᠎ᠡ ᠲᠦᠷᠦᠯ ᠤᠨ | ᠳᠤᠰᠬᠠᠢᠢᠯᠠᠨ ᠴᠡᠭᠴᠡᠯᠡᠨ ᠵᠠᠰᠠᠬᠤ ᠶᠢ ᠭᠦᠨᠵᠡᠭᠡᠢ ᠥᠷᠨᠢᠭᠦᠯᠦᠨ᠂ ᠠᠶᠤᠯ ᠦᠭᠡᠢ ᠦᠢᠯᠡᠳᠪᠦᠷᠢᠯᠡᠯ ᠤᠨ ᠬᠢᠨᠠᠯᠲᠠ | ᠬᠠᠮᠢᠶᠠᠷᠤᠯᠲᠠ ᠪᠣᠯᠣᠨ ᠠᠶᠤᠯ ᠲᠦᠭᠰᠢᠭᠦᠷᠢ ᠶᠢ ᠰᠡᠷᠡᠮᠵᠢᠯᠡᠨ ᠡᠵᠡᠮᠳᠡᠬᠦ ᠶᠢ ᠴᠢᠩᠭᠠᠷᠠᠭᠤᠯᠵᠤ᠂ ᠠᠳᠡᠯ ᠭᠠᠷᠬᠤ | ᠲᠤᠭ᠎ᠠ ᠪᠣᠯᠣᠨ ᠠᠳᠡᠭᠰᠡᠨ ᠬᠥᠮᠥᠨ ᠤ ᠲᠤᠭ᠎ᠠ ᠶᠢᠨ ︽ᠬᠤᠣᠰ ᠢᠶᠠᠷ ᠪᠠᠭᠤᠷᠠᠭᠤᠯᠬᠤ︾ ᠶᠢ ᠪᠡᠶᠡᠯᠡᠬᠦᠯᠪᠡ᠃ ᠢᠳᠡᠭᠡᠨ | ᠪᠠ ᠡᠮ ᠤᠨ ᠵᠦᠢᠯ ᠤᠨ ᠠᠮᠤᠷ ᠲᠦᠪᠰᠢᠨ ᠢ ᠴᠡᠭᠴᠡᠯᠡᠨ ᠵᠠᠰᠠᠬᠤ ᠶᠢ ᠯᠠᠪᠳᠠᠭᠤᠨ ᠪᠠᠲᠤᠲᠠᠢ ᠥᠷᠨᠢᠭᠦᠯᠦᠨ᠂ ᠠᠶᠤᠯ | ᠲᠦᠭᠰᠢᠭᠦᠷᠢ ᠶᠢᠨ ᠳᠠᠯᠳᠠ ᠭᠡᠮ ᠢ ᠴᠠᠭ ᠲᠤᠬᠠᠢ ᠳᠤᠨᠢ ᠰᠡᠷᠡᠵᠦ ᠮᠡᠳᠡᠬᠦ ᠪᠠ ᠰᠢᠢᠳᠪᠦᠷᠢᠯᠡᠵᠦ᠂ ᠰᠢᠰᠲ᠋ᠧᠮ ᠤᠨ | ᠴᠢᠨᠠᠷᠲᠠᠢ᠂ ᠣᠷᠣᠨ ᠪᠦᠰᠡ ᠶᠢᠨ ᠴᠢᠨᠠᠷᠲᠠᠢ ᠠᠮᠤᠷ ᠲᠦᠪᠰᠢᠨ ᠤ ᠠᠳᠡᠯ ᠭᠠᠷᠤᠬᠰᠠᠨ ᠦᠭᠡᠢ᠃ ᠡᠯ᠎ᠡ ᠲᠦᠷᠦᠯ ᠤᠨ | ᠳᠠᠶᠢᠰᠤᠩᠨᠠᠭᠴᠢ ᠬᠦᠴᠦᠨ ᠤ ᠨᠠᠪᠴᠢᠨ ᠣᠷᠣᠵᠤ ᠡᠪᠳᠡᠯᠭᠡ ᠬᠢᠬᠦ ᠪᠠ ᠤᠷᠪᠠᠯᠭ᠎ᠠ ᠶᠢᠨ ᠠᠵᠢᠯᠯᠠᠭ᠎ᠠ ᠶᠢ ᠴᠢᠩᠭ᠎ᠠ | ᠰᠡᠷᠡᠮᠵᠢᠯᠡᠨ ᠴᠢᠩᠭ᠎ᠠ ᠴᠣᠬᠢᠯᠲᠠ ᠦᠭᠴᠦ᠂ ᠡᠬᠡ ᠤᠯᠤᠰ ᠤᠨ ᠤᠮᠠᠷᠠᠲᠤ ᠬᠢᠯᠢ ᠬᠢᠵᠠᠭᠠᠷ ᠤᠨ ᠠᠮᠤᠷ ᠲᠦᠪᠰᠢᠨ | ᠲᠣᠭᠲᠠᠭᠤᠨ ᠬᠠᠯᠬᠠᠪᠴᠢ ᠶᠢ ᠪᠠᠲᠤ ᠪᠠᠬᠢ ᠪᠣᠯᠭᠠᠪᠠ᠃ ᠤᠯᠤᠰ ᠤᠨ ᠪᠠᠲᠤᠯᠠᠨ ᠬᠠᠮᠠᠭᠠᠯᠠᠯᠲᠠ ᠪᠣᠯᠣᠨ ᠴᠡᠷᠢᠭ | ᠠᠩᠭᠢ ᠶᠢᠨ ᠣᠳᠣᠬᠢᠴᠢᠯᠠᠬᠤ ᠪᠦᠲᠦᠭᠡᠨ ᠪᠠᠶᠢᠭᠤᠯᠤᠯᠲᠠ ᠶᠢ ᠢᠳᠡᠪᠬᠢᠲᠡᠢ ᠳᠡᠮᠵᠢᠵᠦ᠂ ᠤᠯᠤᠰ ᠤᠨ ᠪᠠᠲᠤᠯᠠᠨ | ᠬᠠᠮᠠᠭᠠᠯᠠᠯᠲᠠ ᠶᠢᠨ ᠬᠥᠮᠥᠵᠢᠯ ᠪᠣᠯᠣᠨ ᠬᠤᠶᠠᠷ ᠢ ᠬᠦᠷᠢᠶᠡᠯᠡᠨ ᠬᠠᠮᠲᠤ ᠪᠠᠷ ᠪᠦᠲᠦᠭᠡᠨ ᠪᠠᠶᠢᠭᠤᠯᠬᠤ ᠶᠢ ᠭᠦᠨᠵᠡᠭᠡᠢ | ᠦᠷᠨᠢᠭᠦᠯᠵᠦ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠳᠠᠶᠢᠴᠢᠯᠠᠯ ᠪᠣᠯᠣᠨ ᠪᠡᠯᠡᠳᠭᠡᠯ ᠬᠦᠴᠦᠨ ᠤ | ᠪᠠᠶᠢᠭᠤᠯᠤᠯᠲᠠ ᠰᠢᠨ᠎ᠡ ᠠᠬᠢᠴᠠ ᠲᠠᠢ ᠪᠣᠯᠪᠠ᠃ | ︵ᠨᠠᠢᠮᠠ︶ ᠵᠠᠰᠠᠭ ᠤᠨ ᠣᠷᠳᠣᠨ ᠤ ᠲᠣᠰ ᠪᠡᠶ᠎ᠡ ᠶᠢᠨ ᠪᠠᠶᠢᠭᠤᠯᠤᠯᠲᠠ ᠴᠢᠩᠭᠠᠳᠬᠠᠭᠳᠠᠪᠠ᠃ ᠰᠢ ᠶᠢᠨ ᠫᠢᠩ | ᠶᠡᠷᠦᠩᠬᠡᠢ ᠱᠦᠵᠢ ᠶᠢᠨ ᠠᠯᠢ ᠣᠯᠠᠨ ᠴᠢᠬᠤᠯᠠ ᠶᠠᠷᠢᠶ᠎ᠠ ᠪᠣᠯᠣᠨ ᠥᠪᠥᠷ ᠮᠣᠩᠭᠤᠯ ᠢᠶᠠᠷ ᠰᠢᠨᠵᠢᠯᠡᠨ ᠪᠠᠶᠢᠴᠠᠭᠠᠬᠤ ᠳᠤ | ᠶᠠᠷᠢᠭᠰᠠᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠢ ᠰᠣᠷᠣᠯᠴᠠᠨ ᠲᠤᠤᠱᠯᠠᠭᠤᠯᠵᠤ᠂ ᠰᠢᠨᠵᠢᠯᠡᠬᠦ | ᠤᠬᠠᠭᠠᠨᠴᠢ ᠤᠨᠤᠯ ᠢᠶᠠᠷ ᠲᠠᠷᠢᠬᠢ ᠲᠣᠯᠣᠭᠠᠢ ᠪᠠᠨ ᠵᠡᠪᠰᠡᠭᠯᠡᠨ᠂ ᠦᠢᠯᠡᠳᠦᠯᠭᠡ ᠶᠢ ᠵᠢᠯᠣᠭᠤᠳᠤᠨ᠂ ᠠᠵᠢᠯ ᠢᠶᠠᠨ | ᠠᠬᠢᠭᠤᠯᠵᠤ᠂ ᠤᠬᠠᠮᠰᠠᠷ ᠠᠴᠠ ᠪᠠᠨ ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ ᠪᠣᠯᠣᠨ | ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠯᠤᠭ᠎ᠠ ᠳᠡᠭᠡᠳᠦ ᠬᠡᠮᠵᠢᠶ᠎ᠡ ᠪᠠᠷ ᠨᠢᠭᠡᠳᠦᠯᠲᠡᠢ ᠪᠠᠶᠢᠬᠤ ᠶᠢ | ᠭᠤᠶᠢᠪᠠᠰᠢ ᠦᠭᠡᠢ ᠪᠠᠷᠢᠮᠲᠠᠯᠠᠵᠤ᠂ ᠲᠦᠪ ᠤᠨ ᠨᠠᠢᠮᠠᠨ ᠲᠤᠭᠳᠠᠭᠠᠯ᠂ ᠲᠦᠷᠦ ᠶᠢᠨ ᠶᠠᠪᠤᠳᠠᠯ ᠤᠨ ᠬᠤᠷᠢᠶ᠎ᠠ ᠶᠢᠨ ︽ | ᠭᠤᠷᠪᠠᠨ ᠵᠦᠢᠯ ᠤᠨ ᠰᠠᠬᠢᠯᠭ᠎ᠠ︾ ᠪᠤᠯᠤᠨ ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ 28 ᠢᠵᠢ | ᠪᠦᠷᠢᠳᠦᠭᠰᠡᠨ ᠲᠤᠭᠳᠠᠭᠠᠯ ᠢ ᠴᠢᠩᠭ᠎ᠠ ᠬᠡᠷᠡᠭᠵᠢᠬᠦᠯᠵᠦ᠂ ᠰᠤᠷᠳᠠᠯ ᠢ ᠴᠡᠭᠴᠡᠯᠡᠨ ᠰᠠᠶᠢᠵᠢᠷᠠᠭᠤᠯᠬᠤ ᠪᠠ ᠠᠰᠠᠭᠤᠳᠠᠯ ᠢ | ᠴᠡᠭᠴᠡᠯᠡᠨ ᠵᠠᠰᠠᠬᠤ ᠶᠢ ᠳᠠᠰᠤᠷᠠᠯᠳᠠ ᠦᠭᠡᠢ ᠭᠦᠨᠵᠡᠭᠡᠶᠢᠷᠡᠭᠦᠯᠪᠡ᠃ ᠬᠤᠷᠠᠯ᠂ ᠪᠢᠴᠢᠭ ᠮᠠᠲ᠋ᠧᠷᠢᠶᠠᠯ ᠤᠨ ᠲᠤᠭ᠎ᠠ | ᠬᠡᠮᠵᠢᠶ᠎ᠡ ᠶᠢ ᠴᠢᠩᠭ᠎ᠠ ᠬᠢᠵᠠᠭᠠᠷᠯᠠᠵᠤ᠂ ᠵᠠᠰᠠᠭ ᠤᠨ ᠣᠷᠳᠣᠨ ᠤ ᠴᠢᠨᠠᠷᠲᠠᠢ ᠠᠰᠠᠷ ᠲᠢᠩᠬᠢᠮ ᠪᠠᠭᠤᠳᠠᠯ ᠭᠠᠵᠠᠷ | ᠰᠢᠨ᠎ᠡ ᠪᠠᠷ ᠪᠠᠶᠢᠭᠤᠯᠬᠤ ᠲᠦᠷᠦᠯ ᠵᠦᠢᠯ ᠵᠦᠪᠰᠢᠶᠡᠷᠡᠬᠦ ᠶᠢ ᠡᠷᠡᠰ ᠵᠣᠭᠰᠣᠭᠠᠵᠤ᠂ ᠪᠠᠶᠢᠭᠤᠯᠤᠮᠵᠢ ᠶᠢᠨ ᠣᠷᠣᠨ | ᠲᠤᠭ᠎ᠠ ᠪᠣᠯᠣᠨ ᠡᠳ᠋ ᠤᠨ ᠵᠠᠰᠠᠭ ᠠᠴᠠ ᠴᠠᠯᠢᠩ ᠬᠦᠯᠦᠰᠦ ᠦᠭᠴᠦ ᠪᠦᠬᠦᠢ ᠬᠦᠮᠦᠨ ᠤ ᠲᠤᠭ᠎ᠠ ᠬᠡᠮᠵᠢᠶ᠎ᠡ ᠶᠢᠨ ︽ | ᠬᠤᠣᠰ ᠢᠶᠠᠷ ᠪᠠᠭᠤᠷᠠᠭᠤᠯᠵᠤ︾᠂ ᠥᠪᠡᠷᠲᠡᠭᠡᠨ ᠵᠠᠰᠠᠬᠤ ᠣᠷᠣᠨ ᠤ ᠲᠤᠰ ᠱᠠᠲᠤᠨ ᠤ ︽ᠠᠯᠪᠠᠨ ᠤ ᠭᠤᠷᠪᠠᠨ | ᠵᠠᠷᠤᠳᠠᠯ︾ 22.8% ᠪᠠᠷ ᠪᠠᠭᠤᠷᠠᠪᠠ᠃ ᠥᠪᠡᠷᠲᠡᠭᠡᠨ ᠵᠠᠰᠠᠬᠤ ᠣᠷᠣᠨ ᠤ ᠠᠷᠠᠳ ᠤᠨ ᠲᠥᠯᠥᠭᠡᠯᠡᠭᠴᠢᠳ ᠤᠨ | ᠶᠡᠭᠡ ᠬᠤᠷᠠᠯ ᠵᠢᠴᠢ ᠲᠡᠭᠦᠨ ᠤ ᠪᠠᠶᠢᠩᠭᠤ ᠶᠢᠨ ᠬᠤᠷᠢᠶ᠎ᠠ ᠶᠢᠨ ᠲᠣᠭᠲᠠᠭᠠᠯ ᠢ ᠬᠢᠨᠠᠮᠠᠭᠠᠢ ᠬᠡᠷᠡᠭᠵᠢᠭᠦᠯᠦᠨ᠂ ᠤᠯᠤᠰ | ᠲᠦᠷᠦ ᠶᠢᠨ ᠵᠥᠪᠯᠡᠯᠭᠡᠨ ᠤ ᠠᠷᠠᠳᠴᠢᠯᠠᠯ ᠢᠶᠠᠷ ᠬᠢᠨᠠᠯᠲᠠ ᠲᠠᠯᠪᠢᠬᠤ ᠶᠢ ᠤᠬᠠᠮᠰᠠᠷ ᠠᠴᠠ ᠪᠠᠨ ᠬᠦᠯᠢᠶᠡᠵᠦ᠂ ᠡᠯ᠎ᠡ | ᠠᠷᠠᠳᠴᠢᠯᠠᠭᠰᠠᠨ ᠨᠠᠮ ᠪᠦᠯᠦᠭ᠂ ᠠᠵᠤ ᠦᠢᠯᠡᠳᠪᠦᠷᠢ ᠬᠤᠳᠠᠯᠳᠤᠭᠠᠨ ᠤ ᠬᠤᠯᠪᠣᠭ᠎ᠠ ᠪᠣᠯᠣᠨ ᠨᠠᠮ ᠪᠦᠯᠦᠭ ᠤᠨ | ᠪᠤᠰᠤ ᠬᠦᠮᠦᠰ ᠤᠨ ᠰᠠᠨᠠᠯ ᠢ ᠥᠷᠭᠡᠨ ᠢᠶᠠᠷ ᠰᠣᠨᠣᠰᠴᠤ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠲᠥᠯᠥᠭᠡᠯᠡᠭᠴᠢ ᠶᠢᠨ ᠵᠥᠪᠯᠡᠯᠭᠡ᠂ ᠰᠠᠨᠠᠭᠤᠯᠭ᠎ᠠ ᠪᠣᠯᠣᠨ ᠤᠯᠤᠰ ᠲᠦᠷᠦ ᠶᠢᠨ ᠵᠥᠪᠯᠡᠯᠭᠡᠨ ᠤ ᠭᠡᠰᠢᠭᠦᠳ ᠤᠨ | ᠳᠤᠷᠠᠳᠤᠯᠭ᠎ᠠ ᠶᠢ ᠴᠠᠭ ᠲᠤᠬᠠᠢ ᠳᠤᠨᠢ ᠭᠦᠢᠴᠡᠳᠭᠡᠪᠡ᠃ ᠵᠠᠰᠠᠭ ᠤᠨ ᠣᠷᠳᠣᠨ ᠤ ᠬᠠᠤᠯᠢ ᠳᠦᠷᠢᠮ ᠤᠨ ᠠᠵᠢᠯ ᠢ | ᠴᠢᠩᠭᠠᠳᠬᠠᠨ᠂ ᠣᠷᠣᠨ ᠨᠤᠲᠤᠭ ᠤᠨ ᠴᠢᠨᠠᠷᠲᠠᠢ ᠬᠠᠤᠯᠢ ᠲᠣᠭᠲᠠᠭᠠᠯ ᠤᠨ ᠵᠥᠪᠯᠡᠯᠭᠡ 8 ᠵᠦᠢᠯ ᠢ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠳᠤ ᠳᠡᠪᠰᠢᠭᠦᠯᠦᠨ ᠬᠢᠨᠠᠨ ᠪᠠᠲᠤᠯᠠᠭᠤᠯᠵᠤ᠂ ᠵᠠᠰᠠᠭ ᠵᠠᠬᠢᠷᠭᠠᠨ ᠤ 12 | ᠵᠦᠢᠯ ᠤᠨ ᠳᠦᠷᠢᠮ ᠲᠣᠭᠲᠠᠭᠠᠯ ᠢ ᠲᠣᠭᠲᠠᠭᠠᠨ᠂ ᠵᠠᠰᠠᠪᠤᠷᠢ ᠣᠷᠣᠭᠤᠯᠤᠭᠰᠠᠨ ᠪᠠ ᠬᠦᠴᠦᠨ ᠦᠭᠡᠢ ᠪᠣᠯᠭᠠᠪᠠ᠃ | ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠤᠯ ᠳᠤ ᠥᠭᠡᠷᠡᠴᠢᠯᠡᠯᠲᠡ ᠬᠢᠵᠦ᠂ ᠬᠠᠤᠯᠢ ᠬᠡᠷᠡᠭᠵᠢᠭᠦᠯᠬᠦ | ᠬᠠᠷᠢᠭᠤᠴᠠᠯᠭ᠎ᠠ ᠶᠢᠨ ᠳᠦᠷᠢᠮ ᠪᠣᠯᠣᠨ ᠠᠯᠳᠠᠭ᠎ᠠ ᠪᠤᠷᠤᠭᠤ ᠶᠢ ᠨᠢ ᠨᠡᠬᠡᠮᠵᠢᠯᠡᠬᠦ ᠳᠦᠷᠢᠮ ᠢ ᠴᠢᠩᠭ᠎ᠠ | ᠨᠠᠶᠢᠳᠠᠪᠤᠷᠢᠵᠢᠭᠤᠯᠪᠠ᠃ ᠬᠢᠨᠠᠨ ᠪᠣᠳᠣᠬᠤ᠂ ᠬᠢᠨᠠᠨ ᠪᠠᠶᠢᠴᠠᠭᠠᠬᠤ ᠪᠠ ᠵᠠᠰᠠᠭ ᠤᠨ ᠶᠠᠪᠤᠳᠠᠯ ᠢ ᠢᠯᠡ ᠪᠣᠯᠭᠠᠬᠤ | ᠡᠷᠴᠢᠮ ᠢ ᠴᠢᠩᠭᠠᠷᠠᠭᠤᠯᠤᠨ᠂ ᠵᠠᠰᠠᠭ ᠤᠨ ᠣᠷᠳᠣᠨ ᠤ ᠰᠢᠰᠲ᠋ᠧᠮ ᠤᠨ ᠠᠷᠢᠭᠤᠨ ᠴᠢᠭᠡᠴᠢ ᠪᠠᠷ ᠵᠠᠰᠠᠭ ᠪᠠᠷᠢᠬᠤ | ᠪᠠᠶᠢᠭᠤᠯᠤᠯᠲᠠ ᠪᠣᠯᠣᠨ ᠢᠯᠵᠢᠷᠠᠯ ᠢ ᠡᠰᠡᠷᠬᠦᠴᠡᠬᠦ ᠠᠵᠢᠯ ᠤᠯᠠᠮ ᠨᠢᠭᠡ ᠠᠯᠬᠤᠮ ᠴᠢᠩᠭᠠᠳᠪᠠ᠃ | ᠲᠥᠯᠥᠭᠡᠯᠡᠭᠴᠢᠳ ᠡ᠂ ᠥᠩᠭᠡᠷᠡᠭᠰᠡᠨ ᠨᠢᠭᠡ ᠵᠢᠯ ᠤᠨ ᠠᠮᠵᠢᠯᠲᠠ ᠶᠢ ᠣᠯᠣᠭᠰᠠᠨ ᠨᠢ ᠬᠢᠯᠪᠠᠷ ᠪᠤᠰᠤ ᠶᠤᠮ᠃ | ᠡᠨᠡ ᠨᠢ ᠨᠠᠮ ᠤᠨ ᠲᠦᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ ᠪᠣᠯᠣᠨ ᠥᠪᠡᠷᠲᠡᠭᠡᠨ ᠵᠠᠰᠠᠬᠤ ᠣᠷᠣᠨ ᠤ | ᠨᠠᠮ ᠤᠨ ᠬᠤᠷᠢᠶ᠎ᠠ ᠶᠢᠨ ᠵᠦᠪ ᠣᠨᠣᠪᠴᠢᠲᠠᠢ ᠤᠳᠤᠷᠢᠳᠤᠭᠰᠠᠨ ᠤ ᠦᠷ᠎ᠡ ᠳ᠋ᠦᠩ᠂ ᠪᠦᠬᠦ ᠣᠷᠣᠨ ᠤ | ᠦᠨᠳᠦᠰᠦᠲᠡᠨ ᠨᠦᠭᠦᠳ ᠤᠨ ᠺᠠᠳ᠋ᠷ ᠣᠯᠠᠨ ᠲᠦᠮᠡᠨ ᠤ ᠬᠠᠷᠢᠯᠴᠠᠨ ᠬᠠᠪᠰᠤᠷᠤᠯᠴᠠᠵᠦ᠂ ᠪᠦᠯᠬᠦᠮᠳᠡᠨ ᠲᠡᠮᠡᠴᠡᠭᠰᠡᠨ ᠤ | ᠦᠷ᠎ᠡ ᠳ᠋ᠦᠩ ᠪᠥᠭᠡᠳ ᠮᠦᠨᠴᠦ ᠨᠡᠶᠢᠭᠡᠮ ᠤᠨ ᠡᠯ᠎ᠡ ᠡᠲᠡᠭᠡᠳ ᠤᠨ ᠬᠢᠨ ᠤ ᠬᠠᠯᠠᠮᠵᠢᠯᠠᠨ᠂ ᠳᠡᠮᠵᠢᠵᠦ᠂ | ᠬᠠᠪᠰᠤᠷᠤᠭᠰᠠᠨ ᠤ ᠦᠷ᠎ᠡ ᠳ᠋ᠦᠩ ᠪᠣᠯᠬᠤ ᠶᠤᠮ᠃ ᠠᠳᠡ᠂ ᠪᠢ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠠᠷᠠᠳ ᠤᠨ ᠵᠠᠰᠠᠭ ᠤᠨ ᠣᠷᠳᠣᠨ ᠤ ᠡᠮᠦᠨ᠎ᠡ ᠠᠴᠠ ᠰᠢᠷᠭᠠᠭᠤ ᠪᠠᠷ ᠠᠵᠢᠯᠯᠠᠵᠤ ᠪᠠᠶᠢᠭ᠎ᠠ ᠪᠦᠬᠦ ᠣᠷᠣᠨ ᠤ | ᠦᠨᠳᠦᠰᠦᠲᠡᠨ ᠨᠦᠭᠦᠳ ᠤᠨ ᠺᠠᠳ᠋ᠷ ᠣᠯᠠᠨ ᠲᠦᠮᠡᠨ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ | ᠲᠥᠯᠥᠭᠡᠯᠡᠭᠴᠢ᠂ ᠤᠯᠤᠰ ᠲᠦᠷᠦ ᠶᠢᠨ ᠵᠥᠪᠯᠡᠯᠭᠡᠨ ᠤ ᠭᠡᠰᠢᠭᠦᠳ᠂ ᠡᠯ᠎ᠡ ᠠᠷᠠᠳᠴᠢᠯᠠᠭᠰᠠᠨ ᠨᠠᠮ ᠪᠦᠯᠦᠭ ᠪᠣᠯᠣᠨ | ᠠᠷᠠᠳ ᠤᠨ ᠪᠦᠯᠬᠦᠮ᠂ ᠥᠪᠥᠷ ᠮᠣᠩᠭᠤᠯ ᠤᠨ ᠤᠳᠤᠬᠢᠴᠢᠯᠠᠬᠤ ᠪᠦᠲᠦᠭᠡᠨ ᠪᠠᠶᠢᠭᠤᠯᠤᠯᠲᠠ ᠶᠢ ᠬᠠᠯᠠᠮᠵᠢᠯᠠᠨ | ᠳᠡᠮᠵᠢᠭᠰᠡᠨ ᠪᠣᠢ ᠪᠦᠬᠦᠢ ᠨᠦᠬᠦᠳ᠂ ᠨᠠᠶᠢᠵᠠ ᠨᠠᠷ ᠲᠤ ᠴᠢᠩ ᠰᠡᠳᠭᠢᠯ ᠤᠨ ᠲᠠᠯᠠᠷᠬᠠᠯ ᠢᠶᠠᠨ ᠳᠡᠪᠰᠢᠭᠦᠯᠦᠶ᠎ᠡ︕ | ᠠᠮᠵᠢᠯᠲᠠ ᠪᠠᠨ ᠣᠯᠵᠤ ᠬᠠᠷᠠᠬᠤ ᠶᠢᠨ ᠳᠠᠭᠠᠤ ᠪᠢᠳᠠ ᠪᠠᠰᠠ ᠮᠠᠨ ᠤ ᠤᠷᠤᠨ ᠤ ᠠᠵᠤ ᠠᠬᠤᠢ ᠨᠡᠶᠢᠭᠡᠮ ᠤᠨ | ᠬᠥᠭᠵᠢᠯᠲᠡ ᠳᠤ ᠪᠠᠰᠠ ᠡᠳᠦᠢ ᠳᠡᠳᠦᠢ ᠵᠦᠷᠢᠴᠡᠯ ᠪᠠ ᠠᠰᠠᠭᠤᠳᠠᠯ ᠣᠷᠣᠰᠢᠵᠤ᠂ ᠵᠠᠰᠠᠬ ᠤᠨ ᠤᠷᠳᠤᠨ ᠤ | ᠠᠵᠢᠯ ᠳᠤ ᠪᠠᠰᠠ ᠬᠦᠷᠦᠯᠴᠡᠬᠦ ᠦᠭᠡᠢ ᠳᠠᠯ᠎ᠠ ᠪᠠ ᠵᠦᠷᠢᠶ᠎ᠡ ᠤᠷᠤᠰᠢᠵᠦ ᠪᠠᠶᠢᠨ᠎ᠠ ᠭᠡᠳᠡᠭ ᠢ ᠰᠡᠷᠭᠡᠭ ᠢᠶᠠᠷ ᠣᠯᠵᠤ | ᠲᠠᠨᠢᠪᠠ᠃ ᠭᠤᠣᠯᠳᠠᠭᠤ᠄ ᠠᠵᠤ ᠠᠬᠤᠢ ᠶᠢᠨ ᠬᠤᠷᠸ᠎ᠠ ᠣᠷᠴᠢᠨ ᠲᠣᠭᠤᠷᠢᠨ ᠤ ᠬᠠᠨᠳᠤᠰᠢ ᠪᠠᠴᠢᠭᠤ᠂ ᠬᠡᠷᠡᠭᠴᠡᠭᠡ | ᠱᠠᠭᠠᠷᠳᠠᠯᠭ᠎ᠠ ᠶᠢᠨ ᠬᠢᠵᠠᠭᠠᠷᠯᠠᠯ ᠴᠢᠩᠭᠠᠷᠠᠵᠤ᠂ ᠪᠡᠯᠡ ᠣᠷᠤᠭᠤᠯᠤᠯᠲᠠ ᠶᠢᠨ ᠨᠡᠮᠡᠭᠳᠡᠯ ᠤᠨ ᠬᠦᠴᠢᠷᠳᠡᠯ ᠨᠡᠮᠡᠭᠳᠡᠵᠦ᠂ | ᠬᠡᠰᠡᠭ ᠠᠵᠤ ᠠᠬᠤᠶᠢᠯᠠᠯ ᠤᠨ ᠦᠢᠯᠡᠳᠪᠦᠷᠢᠯᠡᠯ ᠡᠵᠡᠩᠨᠡᠯᠲᠡ ᠪᠠᠰᠠ ᠨᠡᠯᠢᠶᠡᠳ ᠬᠦᠴᠢᠷᠳᠡᠯ ᠲᠠᠢ ᠪᠠᠶᠢᠵᠤ᠂ ᠠᠵᠤ | ᠠᠬᠤᠢ ᠶᠢᠨ ᠪᠠᠭᠤᠷᠠᠯᠲᠠ ᠶᠢᠨ ᠳᠠᠷᠤᠯᠲᠠ ᠮᠦᠨ ᠬᠦ ᠨᠡᠯᠢᠶᠡᠳ ᠶᠡᠭᠡ ᠪᠠᠶᠢᠭᠰᠠᠭᠠᠷ︔ ᠠᠵᠤ ᠦᠢᠯᠡᠰ ᠤᠨ | ᠬᠥᠭᠵᠢᠯᠲᠡ ᠲᠡᠭᠦᠯᠳᠡᠷ ᠪᠤᠰᠤ᠂ ᠲᠠᠷᠢᠶᠠᠯᠠᠩ ᠮᠠᠯ ᠠᠵᠤ ᠠᠬᠤᠢ ᠶᠢᠨ ᠰᠠᠭᠤᠷᠢ ᠮᠦᠨ ᠬᠦ ᠪᠠᠭᠤᠷᠠᠢ ᠪᠠᠶᠢᠵᠤ᠂ ᠡᠬᠢ | ᠪᠠᠶᠠᠯᠢᠭ ᠢ ᠠᠰᠢᠭᠯᠠᠬᠤ ᠠᠷᠭ᠎ᠠ ᠮᠠᠶ᠋ᠢᠭ ᠨᠡᠯᠢᠶᠡᠳ ᠪᠦᠳᠦᠭᠦᠯᠢᠭ ᠪᠠᠶᠢᠵᠤ᠂ ᠰᠢᠨ᠎ᠡ ᠶᠢ ᠡᠭᠦᠳᠬᠦ ᠴᠢᠳᠠᠪᠤᠷᠢ ᠴᠢᠩᠭ᠎ᠠ | ᠪᠤᠰᠤ᠂ ᠦᠢᠯᠡᠴᠢᠯᠡᠭᠡᠨ ᠤ ᠦᠢᠯᠡᠰ ᠤᠨ ᠬᠥᠭᠵᠢᠯᠲᠡ ᠬᠠᠷᠢᠴᠠᠩᠭᠤᠢ ᠬᠤᠵᠢᠭᠤᠳᠠᠭᠤ ᠪᠠᠶᠢᠨ᠎ᠠ︔ ᠰᠠᠭᠤᠷᠢ | ᠪᠡᠯᠡᠳᠭᠡᠮᠵᠢ ᠪᠠᠷ ᠲᠤᠯᠭᠠᠭᠤᠷᠢᠯᠠᠬᠤ ᠴᠢᠳᠠᠪᠤᠷᠢ ᠬᠦᠷᠦᠯᠴᠡᠬᠦ ᠦᠭᠡᠢ᠂ ᠬᠤᠲᠠ ᠪᠠᠯᠭᠠᠰᠤᠴᠢᠯᠠᠬᠤ ᠬᠢᠷᠢ ᠲᠥᠪᠰᠢᠨ | ᠪᠠᠰᠠ ᠳᠣᠣᠷ᠎ᠠ ᠪᠠᠶᠢᠵᠤ᠂ ᠬᠤᠲᠠ ᠬᠥᠳᠡᠭᠡ ᠣᠷᠣᠨ ᠪᠦᠰᠡ ᠶᠢᠨ ᠬᠥᠭᠵᠢᠯᠲᠡ ᠲᠡᠩᠴᠡᠭᠦᠷᠢ ᠦᠭᠡᠢ ᠪᠠᠶᠢᠭᠰᠠᠭᠠᠷ︔ | ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠣᠷᠣᠯᠭ᠎ᠠ᠂ ᠦᠨᠳᠦᠰᠦᠨ ᠣᠯᠠᠨ ᠨᠡᠶᠢᠲᠡ ᠶᠢᠨ ᠦᠢᠯᠡᠴᠢᠯᠡᠭᠡ ᠨᠢ | ᠪᠦᠬᠦ ᠤᠯᠤᠰ ᠤᠨ ᠳᠤᠮᠳᠠᠴᠢ ᠬᠢᠷᠢ ᠲᠥᠪᠰᠢᠨ ᠲᠠᠢ ᠪᠠᠰᠠ ᠵᠣᠬᠢᠬᠤ ᠵᠥᠷᠢᠶ᠎ᠡ ᠲᠠᠢ ᠪᠠᠶᠢᠬᠰᠠᠭᠠᠷ᠂ ᠬᠡᠰᠡᠭ ᠣᠯᠠᠨ | ᠲᠦᠮᠡᠨ ᠤ ᠠᠮᠢᠳᠤᠷᠠᠯ ᠮᠦᠨ ᠬᠦ ᠨᠡᠯᠢᠶᠡᠳ ᠬᠦᠴᠢᠷᠳᠡᠯᠲᠡᠢ ᠪᠠᠶᠢᠨ᠎ᠠ︔ ᠠᠶᠤᠯ ᠦᠭᠡᠢ ᠦᠢᠯᠡᠳᠪᠦᠷᠢᠯᠡᠯ᠂ | ᠨᠡᠶᠢᠭᠡᠮ ᠤᠨ ᠠᠮᠤᠷ ᠲᠦᠪᠰᠢᠨ ᠢ ᠬᠠᠮᠠᠭᠠᠯᠠᠬᠤ᠂ ᠢᠳᠡᠭᠡᠨ ᠪᠠ ᠡᠮ ᠤᠨ ᠵᠦᠢᠯ ᠤᠨ ᠠᠮᠤᠷ ᠲᠦᠪᠰᠢᠨ ᠵᠡᠷᠭᠡ | ᠲᠠᠯ᠎ᠠ ᠪᠠᠷ ᠪᠠᠰᠠ ᠡᠳᠦᠢ ᠲᠠᠳᠤᠢ ᠠᠰᠠᠭᠤᠳᠠᠯ ᠣᠷᠣᠰᠢᠵᠤ᠂ ᠨᠡᠶᠢᠭᠡᠮ ᠤᠨ ᠲᠣᠭᠲᠠᠭᠤᠨ ᠪᠠᠶᠢᠳᠠᠯ ᠢ ᠨᠥᠯᠥᠭᠡᠯᠡᠬᠦ | ᠵᠥᠷᠢᠴᠡᠯ ᠵᠢᠭᠤᠷᠠᠯᠳᠤᠭᠠᠨ ᠬᠢᠯᠪᠠᠷᠬᠠᠨ ᠮᠥᠷᠲᠡᠭᠡᠨ ᠣᠯᠠᠨ ᠭᠠᠷᠴᠤ᠂ ᠨᠡᠶᠢᠭᠡᠮ ᠤᠨ ᠠᠮᠤᠷ ᠲᠦᠪᠰᠢᠨ ᠤ | ᠬᠠᠮᠠᠭᠠᠯᠠᠯᠲᠠ ᠳᠤ ᠮᠠᠰᠢ ᠠᠷᠪᠢᠨ ᠰᠢᠨ᠎ᠡ ᠪᠠᠶᠢᠳᠠᠯ ᠰᠢᠨ᠎ᠡ ᠠᠰᠠᠭᠤᠳᠠᠯ ᠲᠤᠯᠭᠠᠷᠠᠵᠦ ᠪᠠᠶᠢᠨ᠎ᠠ︔ ᠠᠮᠢ ᠠᠬᠤᠢ ᠶᠢᠨ | ᠮᠠᠭᠤᠵᠢᠷᠠᠯ ᠤᠨ ᠬᠠᠨᠳᠤᠰᠢ ᠬᠡᠳᠦ᠋ᠢᠪᠡᠷ ᠤᠳᠠᠭᠠᠰᠢᠷᠠᠭᠰᠠᠨ ᠪᠣᠯᠪᠠᠴᠤ ᠠᠮᠢ ᠠᠬᠤᠢ ᠶᠢᠨ ᠣᠷᠴᠢᠨ ᠲᠣᠭᠤᠷᠢᠨ ᠮᠦᠨ | ᠬᠦ ᠲᠦᠢᠯ ᠤᠨ ᠬᠡᠪᠡᠷᠡᠭ ᠪᠠᠶᠢᠵᠤ᠂ ᠵᠠᠷᠢᠮ ᠭᠠᠵᠠᠷ ᠤᠷᠤᠨ ᠳᠤ ᠣᠷᠴᠢᠨ ᠲᠣᠭᠤᠷᠢᠨ ᠤ ᠪᠣᠬᠢᠷᠲᠤᠯ ᠤᠨ ᠬᠡᠷᠡᠭ | ᠪᠠᠶᠢᠨ ᠪᠠᠶᠢᠨ ᠭᠠᠷᠴᠤ᠂ ᠬᠡᠰᠡᠭ ᠠᠵᠤ ᠦᠢᠯᠡᠰ ᠤᠨ ᠡᠨᠧᠷᠭᠢ ᠶᠢᠨ ᠬᠤᠷᠣᠭᠳᠠᠯ᠂ ᠤᠰᠤᠨ ᠤ ᠬᠤᠷᠣᠭᠳᠠᠯ ᠪᠣᠯᠣᠨ | ᠪᠣᠬᠢᠷᠲᠤᠯ ᠤᠨ ᠭᠠᠳᠠᠭᠰᠢᠯᠠᠭᠤᠯᠬᠤ ᠬᠡᠮᠵᠢᠶ᠎ᠡ ᠨᠡᠯᠢᠶᠡᠳ ᠬᠡᠴᠡᠭᠦᠦ᠂ ᠣᠷᠴᠢᠨ ᠲᠣᠭᠤᠷᠢᠨ ᠤ ᠬᠠᠮᠠᠭᠠᠯᠠᠯᠲᠠ ᠶᠢᠨ | ᠳᠠᠷᠤᠯᠲᠠ ᠮᠦᠨ ᠬᠦ ᠶᠡᠭᠡ ᠪᠠᠶᠢᠵᠤ᠂ ᠠᠮᠢ ᠠᠬᠤᠢ ᠶᠢᠨ ᠪᠣᠯᠪᠠᠰᠤᠨ ᠤ ᠪᠦᠲᠦᠭᠡᠨ ᠪᠠᠶᠢᠭᠤᠯᠤᠯᠲᠠ ᠶᠢᠨ ᠡᠭᠦᠷᠭᠡ | ᠬᠦᠨᠳᠦ ᠵᠠᠮ ᠤᠷᠳᠤ ᠪᠠᠶᠢᠨ᠎ᠠ︔ ᠵᠠᠰᠠᠭ ᠤᠨ ᠣᠷᠳᠣᠨ ᠤ ᠡᠭᠦᠷᠭᠡ ᠴᠢᠳᠠᠪᠤᠷᠢ ᠶᠢᠨ ᠬᠤᠪᠢᠷᠠᠭᠤᠯᠬᠤ ᠪᠣᠯᠣᠨ | ᠵᠠᠰᠠᠭ ᠢ ᠴᠣᠮᠬᠠᠳᠬᠠᠨ ᠡᠷᠬᠡ ᠶᠢ ᠳᠣᠷᠣᠭᠰᠢ ᠪᠠᠭᠤᠯᠭᠠᠬᠤ ᠲᠠᠯ᠎ᠠ ᠪᠠᠷ ᠪᠠᠰᠠ ᠪᠣᠳᠠᠲᠠᠶᠢᠵᠢᠭᠠᠳᠤᠢ᠂ ︽ᠳᠥᠷᠪᠡᠨ | ᠰᠤᠷᠲᠠᠯ︾ ᠤᠨ ᠠᠰᠠᠭᠤᠳᠠᠯ ᠮᠦᠨ ᠬᠦ ᠠᠳᠠᠯᠢ ᠪᠤᠰᠤ ᠬᠡᠮᠵᠢᠶ᠎ᠡ ᠪᠠᠷ ᠣᠷᠣᠰᠢᠵᠤ᠂ ᠰᠤᠷᠲᠠᠯ ᠤᠨ | ᠪᠠᠶᠢᠭᠤᠯᠤᠯᠲᠠ ᠶᠢᠨ ᠦᠷ᠎ᠡ ᠪᠦᠳᠦᠮᠵᠢ ᠶᠢ ᠤᠯᠠᠮ ᠨᠢᠭᠡ ᠠᠯᠬᠤᠮ ᠪᠠᠬᠢᠵᠢᠬᠦᠯᠬᠦ ᠴᠢᠬᠤᠯᠠ ᠲᠠᠢ ᠪᠠᠶᠢᠵᠤ᠂ | ᠢᠯᠵᠢᠷᠠᠯ ᠢ ᠡᠰᠡᠷᠬᠦᠴᠡᠨ ᠠᠷᠢᠭᠤᠨ ᠴᠢᠬᠡᠴᠢ ᠶᠢ ᠡᠷᠬᠢᠮᠯᠡᠬᠦ ᠡᠷᠴᠢᠮ ᠢ ᠤᠯᠠᠮ ᠨᠢᠭᠡ ᠠᠯᠬᠤᠮ ᠴᠢᠩᠭᠠᠷᠠᠭᠤᠯᠬᠤ | ᠴᠢᠬᠤᠯᠠ ᠲᠠᠢ ᠪᠠᠶᠢᠨ᠎ᠠ᠃ ᠡᠳᠡᠭᠡᠷ ᠠᠰᠠᠭᠤᠳᠠᠯ ᠤᠳ ᠲᠤ᠂ ᠪᠢᠳᠠ ᠠᠷᠭ᠎ᠠ ᠬᠡᠮᠵᠢᠶ᠎ᠡ ᠠᠪᠴᠤ ᠪᠠᠶᠢᠭᠠᠳ ᠬᠢᠨᠠᠮᠠᠭᠠᠢ | ᠰᠢᠢᠳᠪᠦᠷᠢᠯᠡᠬᠦ ᠬᠡᠷᠡᠭᠲᠡᠢ᠃ | ᠬᠤᠶᠠᠷ᠂ 2015 ᠣᠨ ᠤ ᠠᠵᠢᠯ ᠤᠨ ᠭᠤᠣᠯ ᠡᠭᠦᠷᠭᠡ | ᠡᠨᠡ ᠵᠢᠯ ᠪᠣᠯ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠠᠭᠦᠯᠬᠦ ᠵᠠᠩᠭᠢᠯᠠᠭ᠎ᠠ ᠶᠢᠨ ᠵᠢᠯ᠂ ᠬᠠᠤᠯᠢ | ᠶᠤᠰᠤᠭᠠᠷ ᠣᠷᠤᠨ ᠢᠶᠠᠨ ᠵᠠᠰᠠᠬᠤ ᠶᠢ ᠪᠦᠬᠦ ᠲᠠᠯ᠎ᠠ ᠪᠠᠷ ᠠᠬᠢᠭᠤᠯᠬᠤ ᠶᠢᠨ ᠡᠬᠢᠯᠡᠯᠲᠡ ᠶᠢᠨ ᠵᠢᠯ ᠪᠣᠯᠣᠨ᠎ᠠ᠂ ᠮᠦᠨᠴᠦ | ︽12 · 5︾ ᠶᠢᠨ ᠲᠦᠯᠦᠪᠵᠢᠭᠦᠯᠭᠡ ᠶᠢ ᠪᠦᠬᠦ ᠲᠠᠯ᠎ᠠ ᠪᠠᠷ ᠪᠡᠶᠡᠯᠡᠭᠦᠯᠵᠦ ᠳᠠᠭᠤᠰᠬᠠᠬᠤ ᠨᠢᠭᠡ ᠵᠢᠯ ᠪᠣᠯᠣᠨ᠎ᠠ᠃ | ᠮᠠᠨ ᠤ ᠡᠮᠤᠨ᠎ᠠ ᠲᠤᠯᠭᠠᠷᠠᠵᠤ ᠪᠠᠶᠢᠭ᠎ᠠ ᠪᠠᠶᠢᠳᠠᠯ ᠮᠦᠨ ᠬᠦ ᠬᠠᠲᠠᠭᠤ ᠴᠢᠩᠭ᠎ᠠ ᠪᠦᠭᠡᠳ ᠪᠣᠳᠣᠯᠢᠶᠠᠨᠲᠠᠢ ᠪᠠᠶᠢᠵᠤ᠂ | ᠮᠠᠰᠢ ᠠᠷᠪᠢᠨ ᠠᠵᠠ ᠲᠣᠬᠢᠶᠠᠯ ᠪᠠ ᠠᠰᠢᠭᠳᠠᠢ ᠨᠦᠬᠦᠴᠡᠯ ᠪᠠᠶᠢᠬᠤ ᠮᠦᠷᠲᠡᠭᠡᠨ ᠪᠠᠰᠠ ᠮᠠᠰᠢ ᠠᠷᠪᠢᠨ ᠠᠶᠤᠯ | ᠲᠦᠭᠰᠢᠭᠦᠷᠢ ᠪᠠ ᠦᠷᠢᠰᠦᠯᠳᠦᠭᠡᠨ ᠲᠠᠢ ᠪᠠᠶᠢᠭ᠎ᠠ ᠪᠣᠯᠬᠤᠷ᠂ ᠠᠵᠤ ᠠᠬᠤᠢ ᠶᠢᠨ ᠬᠦᠭᠵᠢᠯᠲᠡ ᠶᠢᠨ ᠰᠢᠨ᠎ᠡ ᠬᠡᠪ | ᠪᠠᠶᠢᠳᠠᠯ ᠳᠤ ᠰᠠᠨᠠᠭᠠᠴᠢᠯᠠᠭ᠎ᠠ ᠠᠴᠠ ᠪᠠᠨ ᠵᠣᠬᠢᠴᠠᠵᠤ᠂ ᠢᠲᠡᠭᠡᠯ ᠵᠣᠷᠢᠭ ᠢᠶᠠᠨ ᠪᠠᠲᠤᠳᠬᠠᠨ᠂ ᠯᠠᠪᠳᠠᠭᠤᠨ ᠪᠠᠲᠤᠲᠠᠢ | ᠠᠵᠢᠯᠯᠠᠵᠤ᠂ ᠰᠢᠨ᠎ᠡ ᠭᠠᠷᠤᠭ᠎ᠠ ᠲᠡᠬᠡᠷ᠎ᠠ ᠪᠠᠨ ᠮᠠᠨ ᠤ ᠣᠷᠣᠨ ᠤ ᠤᠳᠤᠬᠢᠴᠢᠯᠠᠯᠳᠠ ᠶᠢᠨ ᠪᠦᠳᠦᠬᠡᠨ | ᠪᠠᠶᠢᠭᠤᠯᠤᠯᠳᠠ ᠶᠢᠨ ᠰᠢᠨ᠎ᠡ ᠪᠠᠶᠢᠳᠠᠯ ᠢ ᠤᠯᠠᠮ ᠨᠢᠭᠡ ᠠᠯᠬᠤᠮ ᠨᠡᠭᠡᠭᠡᠨ ᠡᠬᠦᠳᠬᠦ ᠬᠡᠷᠡᠭᠳᠡᠢ᠃ ᠡᠨᠡ ᠵᠢᠯ ᠤᠨ | ᠵᠠᠰᠠᠭ ᠤᠨ ᠣᠷᠳᠤᠨ ᠤ ᠠᠵᠢᠯ ᠤᠨ ᠶᠡᠷᠦᠩᠬᠡᠢ ᠱᠠᠭᠠᠷᠳᠠᠯᠭ᠎ᠠ ᠪᠣᠯ᠄ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠪᠠ | ᠠᠷᠪᠠᠨ ᠨᠠᠢᠮᠠᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ᠂ ᠲᠦᠷᠪᠡᠳᠦᠭᠡᠷ ᠪᠦᠭᠦᠳᠡ ᠬᠤᠷᠠᠯ | ᠵᠢᠴᠢ ᠲᠥᠪ ᠤᠨ ᠠᠵᠤ ᠠᠬᠤᠢ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ | ᠨᠠᠶᠢᠳᠠᠪᠤᠷᠢᠵᠢᠭᠤᠯᠵᠤ᠂ ᠳ᠋ᠧᠩ ᠰᠢᠶᠤᠣ ᠫᠢᠩ ᠤᠨ ᠣᠨᠣᠯ᠂ ︽ᠭᠤᠷᠪᠠ ᠶᠢ ᠲᠦᠯᠦᠭᠡᠯᠡᠬᠦ︾ ᠴᠢᠬᠤᠯᠠ ᠦᠵᠡᠯ | ᠰᠠᠨᠠᠭ᠎ᠠ᠂ ᠰᠢᠨᠵᠢᠯᠡᠬᠦ ᠤᠬᠠᠭᠠᠨᠴᠢ ᠬᠦᠭᠵᠢᠯᠲᠡ ᠶᠢᠨ ᠦᠵᠡᠯᠲᠡ ᠪᠠᠷ ᠵᠢᠯᠦᠭᠤᠳᠤᠯᠭ᠎ᠠ ᠪᠣᠯᠭᠠᠵᠤ᠂ ᠰᠢ ᠶᠢᠨ ᠫᠢᠩ | ᠶᠡᠷᠦᠩᠬᠡᠢ ᠱᠦᠵᠢ ᠶᠢᠨ ᠠᠯᠢ ᠣᠯᠠᠨ ᠴᠢᠬᠤᠯᠠ ᠶᠠᠷᠢᠶ᠎ᠠ ᠪᠣᠯᠣᠨ ᠦᠪᠦᠷ ᠮᠣᠩᠭᠤᠯ ᠢ ᠰᠢᠨᠵᠢᠯᠡᠨ ᠪᠠᠶᠢᠴᠠᠭᠠᠬᠤ ᠳᠤ | ᠶᠠᠷᠢᠭᠰᠠᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠢ ᠲᠤᠤᠱᠯᠭᠤᠯᠵᠤ᠂ ᠦᠪᠡᠷᠲᠡᠭᠡᠨ ᠵᠠᠰᠠᠬᠤ ᠣᠷᠤᠨ ᠤ | ᠨᠠᠮ ᠤᠨ ᠬᠤᠷᠢᠶ᠎ᠠ ᠶᠢᠨ ᠶᠢᠰᠦᠳᠦᠭᠡᠷ ᠬᠤᠭᠤᠴᠠᠭᠠᠨ ᠤ ᠠᠷᠪᠠᠨ ᠨᠢᠭᠡᠳᠦᠭᠡᠷ᠂ ᠠᠷᠪᠠᠨ ᠬᠤᠶᠠᠳᠤᠭᠠᠷ ᠤᠳᠠᠭᠠᠨ ᠤ | ᠪᠦᠬᠦ ᠭᠡᠰᠢᠭᠦᠳ ︵ᠥᠷᠭᠡᠳᠭᠡᠭᠰᠡᠨ︶ ᠤᠨ ᠬᠤᠷᠠᠯ ᠪᠠ ᠶᠢᠰᠤᠳᠤᠭᠡᠷ ᠬᠤᠭᠤᠴᠠᠭᠠᠨ ᠤ ᠠᠷᠪᠠᠨ ᠭᠤᠷᠪᠠᠳᠤᠭᠠᠷ | ᠤᠳᠠᠭᠠᠨ ᠤ ᠪᠦᠬᠦ ᠭᠡᠰᠢᠭᠦᠳ ᠤᠨ ᠬᠤᠷᠠᠯ ᠵᠢᠴᠢ ᠪᠦᠬᠦ ᠣᠷᠤᠨ ᠤ ᠠᠵᠤ ᠠᠬᠤᠢ ᠶᠢᠨ ᠠᠵᠢᠯ ᠤᠨ ᠬᠤᠷᠠᠯ ᠤᠨ | ᠪᠠᠶᠢᠷᠢᠯᠠᠭᠤᠯᠤᠯᠲᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠯᠠᠪᠳᠠᠭᠤᠨ ᠢᠶᠠᠷ ᠤᠷᠤᠭᠰᠢᠯᠠᠨ ᠳᠠᠪᠰᠢᠭᠤᠯᠬᠤ | ᠠᠵᠢᠯ ᠤᠨ ᠶᠡᠷᠦᠩᠬᠡᠢ ᠦᠨᠳᠦᠰᠦᠨ ᠰᠠᠨᠠᠭ᠎ᠠ ᠶᠢ ᠪᠠᠷᠢᠮᠲᠠᠯᠠᠵᠤ᠂ ᠠᠵᠤ ᠠᠬᠤᠢ ᠶᠢᠨ ᠨᠡᠮᠡᠭᠳᠡᠯ ᠤᠨ ᠶᠠᠰᠤ ᠴᠢᠨᠠᠷ | ᠪᠣᠯᠣᠨ ᠦᠷ᠎ᠡ ᠠᠰᠢᠭ ᠢ ᠳᠡᠭᠡᠭᠰᠢᠯᠡᠭᠦᠯᠬᠦ ᠪᠠᠷ ᠭᠤᠤᠯ ᠪᠣᠯᠭᠠᠬᠤ ᠶᠢ ᠪᠠᠷᠢᠮᠲᠠᠯᠠᠨ᠂ ᠠᠵᠤ ᠠᠬᠤᠢ ᠶᠢᠨ | ᠬᠦᠭᠵᠢᠯᠲᠡ ᠶᠢᠨ ᠰᠢᠨ᠎ᠡ ᠬᠡᠪ ᠪᠠᠶᠢᠳᠠᠯ ᠳᠤ ᠰᠠᠨᠠᠭᠠᠴᠢᠯᠠᠭ᠎ᠠ ᠠᠴᠠ ᠪᠠᠨ ᠵᠣᠬᠢᠴᠠᠵᠤ᠂ ᠠᠵᠤ ᠠᠬᠤᠢ ᠶᠢᠨ ᠵᠣᠬᠢᠰᠲᠠᠢ | ᠣᠷᠣᠨ ᠵᠠᠢ ᠶᠢᠨ ᠠᠵᠢᠯᠯᠠᠭᠠᠨ ᠢ ᠪᠠᠳᠤᠯᠠᠵᠤ᠂ ᠦᠷᠭᠦᠯᠵᠢᠯᠡᠨ ᠬᠦᠭᠵᠢᠬᠦ᠂ ᠬᠡᠯᠪᠡᠷᠢ ᠪᠠᠨ ᠬᠤᠪᠢᠷᠠᠭᠤᠯᠤᠨ ᠬᠦᠭᠵᠢᠬᠦ᠂ | ᠵᠣᠬᠢᠴᠠᠩᠭᠤᠢ ᠬᠦᠭᠵᠢᠬᠦ ᠪᠠ ᠡᠶ᠎ᠡ ᠵᠣᠬᠢᠴᠠᠯ ᠲᠠᠢ ᠬᠦᠭᠵᠢᠬᠦ ᠣᠨᠣᠯᠵᠢᠬᠤᠨ ᠢ ᠪᠠᠲᠤ ᠪᠠᠬᠢ ᠪᠣᠢ ᠪᠣᠯᠭᠠᠵᠤ᠂ ᠠᠷᠭ᠎ᠠ | ᠮᠠᠶ᠋ᠢᠭ ᠢᠶᠠᠨ ᠬᠤᠪᠢᠷᠠᠭᠤᠯᠵᠤ ᠪᠦᠲᠦᠴᠡ ᠪᠠᠨ ᠲᠣᠬᠢᠷᠠᠭᠤᠯᠬᠤ ᠶᠢ ᠨᠡᠩ ᠴᠢᠬᠤᠯᠠ ᠪᠠᠶᠢᠷᠢᠨ ᠳᠤ ᠲᠠᠯᠪᠢᠵᠦ᠂ | ᠥᠭᠡᠷᠡᠴᠢᠯᠡᠯᠲᠡ ᠶᠢᠨ ᠪᠣᠭᠤᠮᠲᠠ ᠰᠢᠪᠲᠤᠯᠬᠤ ᠶᠢ ᠬᠦᠴᠦᠲᠡᠢ ᠠᠳᠬᠤᠨ᠂ ᠰᠢᠨ᠎ᠡ ᠶᠢ ᠡᠭᠦᠳᠬᠦ ᠪᠠᠷ ᠬᠦᠳᠡᠯᠭᠡᠭᠦᠷ | ᠪᠣᠯᠭᠠᠬᠤ ᠶᠢ ᠳᠣᠪᠤᠶᠢᠯᠭᠠᠵᠤ᠂ ᠠᠶᠤᠯ ᠲᠦᠭᠰᠢᠭᠦᠷᠢ ᠶᠢ ᠰᠡᠷᠭᠡᠶᠢᠯᠡᠨ ᠡᠵᠡᠮᠳᠡᠬᠦ ᠶᠢ ᠴᠢᠩᠭᠠᠳᠬᠠᠨ᠂ ᠠᠷᠠᠳ ᠤᠨ | ᠠᠮᠢᠳᠤᠷᠠᠯ ᠤᠨ ᠪᠠᠳᠤᠯᠠᠭ᠎ᠠ ᠶᠢ ᠴᠢᠩᠭᠠᠳᠬᠠᠵᠤ᠂ ᠰᠢᠨ᠎ᠡ ᠮᠠᠶ᠋ᠢᠭ ᠤᠨ ᠠᠵᠤ ᠦᠢᠯᠡᠳᠪᠦᠷᠢᠵᠢᠯᠲᠡ᠂ ᠮᠡᠳᠡᠭᠡ | ᠵᠠᠩᠭᠢᠵᠢᠯᠲᠡ᠂ ᠬᠤᠲᠠ ᠪᠠᠯᠭᠠᠰᠤᠵᠢᠯᠲᠠ ᠪᠣᠯᠣᠨ ᠲᠠᠷᠢᠶᠠᠯᠠᠩ ᠮᠠᠯ ᠠᠵᠤ ᠠᠬᠤᠢ ᠶᠢᠨ ᠣᠳᠣᠬᠢᠴᠢᠯᠠᠯᠲᠠ ᠶᠢ ᠵᠡᠷᠭᠡ | ᠳᠤᠨᠢ ᠠᠬᠢᠭᠤᠯᠵᠤ᠂ ︽ᠲᠠᠪᠤᠨ ᠲᠤᠮᠤ ᠰᠠᠭᠤᠷᠢᠨ ᠭᠠᠵᠠᠷ︾᠂ ︽ᠬᠤᠶᠠᠷ ᠬᠠᠯᠬᠠᠪᠴᠢ︾᠂ ︽ᠨᠢᠭᠡ ᠬᠦᠭᠦᠷᠭᠡᠨ | ᠪᠠᠬᠢᠯᠡᠯᠲᠡ︾ ᠶᠢ ᠲᠦᠷᠭᠡᠳᠭᠡᠨ ᠪᠠᠶᠢᠭᠤᠯᠵᠤ᠂ ᠨᠡᠶᠢᠭᠡᠮ ᠤᠨ ᠡᠯ᠎ᠡ ᠵᠦᠢᠯ ᠤᠨ ᠠᠵᠢᠯ ᠦᠢᠯᠡᠰ ᠢ ᠪᠦᠬᠦ ᠲᠠᠯ᠎ᠠ ᠪᠠᠷ | ᠬᠦᠭᠵᠢᠭᠦᠯᠦᠨ᠂ ᠵᠠᠰᠠᠭ ᠤᠨ ᠣᠷᠳᠤᠨ ᠤ ᠡᠭᠦᠷᠭᠡ ᠴᠢᠳᠠᠪᠤᠷᠢ ᠪᠠᠨ ᠬᠤᠪᠢᠷᠠᠭᠤᠯᠬᠤ ᠶᠢ ᠲᠦᠷᠭᠡᠳᠭᠡᠵᠤ᠂ ᠠᠵᠤ | ᠠᠬᠤᠢ ᠶᠢ ᠦᠷᠭᠦᠯᠵᠢᠯᠡᠨ ᠡᠷᠡᠭᠦᠯ ᠢᠶᠠᠷ ᠬᠥᠭᠵᠢᠭᠦᠯᠬᠦ ᠪᠠ ᠨᠡᠶᠢᠭᠡᠮ ᠤᠨ ᠡᠶ᠎ᠡ ᠵᠣᠬᠢᠴᠠᠯ ᠲᠠᠢ ᠲᠣᠭᠲᠠᠭᠤᠨ | ᠪᠠᠶᠢᠬᠤ ᠶᠢ ᠠᠬᠢᠭᠤᠯᠬᠤ ᠪᠣᠯᠣᠨ᠎ᠠ᠃ ᠭᠤᠣᠯ ᠵᠢᠱᠢᠭᠰᠡᠨ ᠬᠠᠷᠠᠯᠲᠠ ᠪᠣᠯ᠄ ᠭᠠᠵᠠᠷ ᠣᠷᠤᠨ ᠤ ᠦᠢᠯᠡᠳᠪᠦᠷᠢᠯᠡᠯ ᠤᠨ | ᠶᠡᠷᠦᠩᠬᠡᠢ ᠦᠷᠲᠡᠭ ᠢ 8% ᠣᠷᠴᠢᠮ ᠢᠶᠠᠷ ᠨᠡᠮᠡᠭᠳᠡᠭᠦᠯᠵᠦ᠂ ᠬᠡᠪᠴᠢᠶᠡᠵᠢᠯ ᠠᠴᠠ ᠳᠡᠭᠡᠭᠰᠢᠬᠢ ᠠᠵᠤ | ᠦᠢᠯᠡᠳᠪᠦᠷᠢ ᠶᠢᠨ ᠨᠡᠮᠡᠭᠳᠡᠯ ᠦᠷᠲᠡᠭ ᠢ 10% ᠪᠠᠷ ᠨᠡᠮᠡᠭᠳᠡᠭᠦᠯᠵᠦ᠂ ᠪᠦᠬᠦ ᠨᠡᠶᠢᠭᠡᠮ ᠤᠨ ᠲᠣᠭᠲᠠᠮᠠᠯ | ᠬᠦᠷᠦᠩᠭᠡ ᠶᠢᠨ ᠪᠡᠯᠡ ᠣᠷᠤᠭᠤᠯᠤᠯᠲᠠ ᠶᠢ 13% ᠪᠠᠷ ᠨᠡᠮᠡᠭᠳᠡᠭᠦᠯᠵᠦ᠂ ᠨᠡᠶᠢᠭᠡᠮ ᠤᠨ ᠬᠡᠷᠡᠭᠯᠡᠭᠡᠨ ᠤ ᠬᠡᠷᠡᠭᠰᠡᠯ ᠤᠨ | ᠵᠢᠵᠢᠭᠯᠡᠨ ᠬᠤᠳᠠᠯᠳᠤᠬᠤ ᠶᠡᠷᠦᠩᠬᠡᠢ ᠲᠤᠭ᠎ᠠ ᠶᠢ 11% ᠪᠠᠷ ᠨᠡᠮᠡᠭᠳᠡᠭᠦᠯᠵᠦ᠂ ᠡᠩ ᠤᠨ ᠣᠯᠠᠨ ᠨᠡᠶᠢᠲᠡ ᠶᠢᠨ | ᠡᠳ᠋ ᠤᠨ ᠵᠠᠰᠠᠭ ᠤᠨ ᠲᠦᠰᠦᠪ ᠤᠨ ᠣᠷᠤᠯᠭ᠎ᠠ ᠶᠢ 6% ᠪᠠᠷ ᠨᠡᠮᠡᠭᠳᠡᠭᠦᠯᠵᠦ᠂ ᠬᠤᠲᠠ ᠪᠠᠯᠭᠠᠰᠤ ᠪᠣᠯᠣᠨ | ᠲᠠᠷᠢᠶᠠᠯᠠᠬᠤ ᠮᠠᠯᠵᠢᠬᠤ ᠣᠷᠣᠨ ᠳᠠᠬᠢ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠦᠮᠦᠨ ᠪᠦᠷᠢ ᠶᠢᠨ ᠡᠵᠡᠮᠳᠡᠵᠦ | ᠪᠣᠯᠬᠤ ᠳᠤᠮᠳᠠᠴᠢ ᠣᠷᠤᠯᠭ᠎ᠠ ᠶᠢ ᠳᠤᠰ ᠪᠦᠷᠢ 9% ᠪᠠ 10% ᠠᠴᠠ ᠳᠡᠭᠡᠭᠰᠢ ᠨᠡᠮᠡᠭᠳᠡᠭᠦᠯᠵᠦ᠂ ᠬᠤᠲᠠ | ᠪᠠᠯᠭᠠᠰᠤ ᠶᠢᠨ ᠠᠵᠢᠯ ᠣᠯᠭᠤᠯᠲᠠ ᠶᠢ 25 ᠲᠦᠮᠡᠨ ᠬᠦᠮᠦᠨ ᠰᠢᠨ᠎ᠡ ᠪᠠᠷ ᠨᠡᠮᠡᠭᠳᠡᠭᠦᠯᠵᠦ᠂ ᠰᠠᠭᠤᠭᠠᠯᠢ ᠠᠷᠠᠳ ᠤᠨ | ᠬᠡᠷᠡᠭᠯᠡᠭᠡᠨ ᠤ ᠦᠨ᠎ᠡ ᠬᠠᠩᠰᠢ ᠶᠢᠨ ᠦᠰᠥᠯᠲᠡ ᠶᠢᠨ ᠬᠡᠮᠵᠢᠶ᠎ᠡ ᠶᠢ 3% ᠣᠷᠴᠢᠮ ᠳᠤ ᠬᠢᠵᠠᠭᠠᠷᠯᠠᠵᠤ᠂ ᠨᠢᠭᠡᠴᠢ | ᠦᠢᠯᠡᠳᠪᠦᠷᠢᠯᠡᠯ ᠤᠨ ᠶᠡᠷᠦᠩᠬᠡᠢ ᠦᠷᠲᠡᠭ ᠲᠠᠬᠢ ᠡᠨᠧᠷᠬᠢ ᠶᠢᠨ ᠬᠤᠷᠣᠭᠳᠠᠭᠤᠯᠭ᠎ᠠ ᠪᠣᠯᠣᠨ ᠨᠡᠭᠦᠷᠡᠰᠦᠳᠦ᠋ᠷᠦᠭᠴᠢ ᠶᠢᠨ | ᠳᠠᠪᠬᠤᠷ ᠢᠰᠦᠯ ᠤᠨ ᠭᠠᠳᠠᠭᠰᠢᠯᠠᠭᠤᠯᠬᠤ ᠬᠡᠮᠵᠢᠶ᠎ᠡ ᠶᠢ ᠴᠦᠮ 2.2% ᠢᠶᠠᠷ ᠪᠠᠭᠤᠷᠭᠤᠯᠤᠨᠠ᠃ | ᠡᠳᠡᠭᠡᠷ ᠵᠢᠱᠢᠭᠰᠡᠨ ᠬᠠᠷᠠᠯᠲᠠ ᠶᠢ ᠲᠣᠭᠲᠠᠭᠠᠬᠤ ᠳᠤ᠂ ᠠᠵᠤ ᠠᠬᠤᠢ ᠶᠢᠨ ᠬᠦᠭᠵᠢᠯᠲᠡ ᠶᠢᠨ ᠰᠢᠨ᠎ᠡ ᠬᠡᠪ | ᠪᠠᠶᠢᠳᠠᠯ ᠳᠠᠬᠢ ᠰᠢᠨ᠎ᠡ ᠣᠨᠴᠠᠯᠢᠭ ᠰᠢᠨ᠎ᠡ ᠱᠠᠭᠠᠷᠳᠠᠯᠭ᠎ᠠ ᠵᠢᠴᠢ ᠡᠯ᠎ᠡ ᠵᠦᠢᠯ ᠤᠨ ᠬᠦᠴᠦᠨ ᠵᠦᠢᠯ ᠢ ᠭᠦᠢᠴᠡᠳ | ᠪᠣᠳᠣᠯᠬᠢᠯᠠᠬᠤ ᠶᠢᠨ ᠬᠠᠮᠲᠤ᠂ ︽13 · 5︾ ᠶᠢᠨ ᠲᠦᠯᠦᠪᠵᠢᠭᠦᠯᠭᠡ ᠶᠢ ᠨᠠᠶᠢᠷᠠᠭᠤᠯᠤᠨ ᠵᠣᠬᠢᠶᠠᠬᠤ ᠪᠠ ᠴᠢᠨᠡᠭᠡᠯᠢᠭ | ᠨᠡᠶᠢᠭᠡᠮ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠬᠠᠷᠠᠯᠲᠠ ᠯᠤᠭ᠎ᠠ ᠵᠣᠯᠭᠠᠭᠤᠯᠵᠤ᠂ ᠠᠵᠤ ᠠᠬᠤᠢ ᠶᠢᠨ | ᠬᠦᠭᠵᠢᠯᠲᠡ ᠶᠢᠨ ᠵᠢᠮ᠎ᠡ ᠬᠠᠤᠯᠢ ᠳᠤ ᠨᠡᠶᠢᠴᠡᠭᠦᠯᠵᠦ᠂ ᠣᠳᠣᠬᠢ ᠱᠠᠲᠤ ᠦᠶ᠎ᠡ ᠶᠢᠨ ᠮᠠᠨ ᠤ ᠣᠷᠣᠨ ᠤ ᠠᠵᠤ | ᠠᠬᠤᠢ ᠶᠢᠨ ᠨᠡᠮᠡᠭᠳᠡᠯ ᠤᠨ ᠳᠠᠯᠳᠠ ᠬᠦᠴᠦᠨ ᠢ ᠲᠤᠰᠬᠠᠵᠤ᠂ ᠬᠤᠷᠳᠤᠴᠠ ᠪᠠᠨ ᠨᠡᠮᠡᠭᠳᠡᠭᠦᠯᠬᠦ ᠪᠠ ᠠᠵᠤ ᠦᠢᠯᠡᠰ ᠤᠨ | ᠳᠡᠰ ᠳᠡᠪᠰᠢᠬᠦ ᠬᠤᠣᠰ ᠱᠠᠭᠠᠷᠳᠠᠯᠭ᠎ᠠ ᠶᠢ ᠬᠠᠮᠳᠤ ᠳᠤᠨᠢ ᠬᠠᠷᠠᠭᠠᠯᠵᠠᠵᠤ᠂ ᠥᠨᠡᠨ ᠠᠴᠠ ᠵᠥᠪ ᠢ ᠡᠷᠢᠬᠦ᠂ ᠢᠳᠡᠪᠬᠢᠲᠡᠢ | ᠲᠣᠭᠲᠠᠭᠤᠨ ᠢᠶᠠᠷ᠂ ᠮᠦᠨ ᠴᠦ ᠬᠠᠲᠠᠭᠤᠵᠢᠯᠲᠠᠢ ᠴᠢᠷᠮᠠᠶᠢᠯᠭ᠎ᠠ ᠪᠠᠷ ᠰᠠᠶ᠋ᠢ ᠪᠡᠶᠡᠯᠡᠭᠦᠯᠵᠦ ᠴᠢᠳᠠᠬᠤ ᠪᠤᠯᠤᠨ᠎ᠠ᠃ | ᠶᠡᠷᠦᠩᠬᠡᠢ ᠱᠠᠭᠠᠷᠳᠠᠯᠭ᠎ᠠ ᠶᠢ ᠰᠠᠶᠢᠲᠤᠷ ᠡᠵᠡᠮᠳᠡᠨ᠂ ᠵᠢᠱᠢᠭᠰᠡᠨ ᠬᠠᠷᠠᠯᠳᠠ ᠶᠢ ᠪᠡᠶᠡᠯᠡᠬᠦᠯᠬᠦ ᠶᠢᠨ ᠵᠠᠩᠬᠢᠯᠠᠭ᠎ᠠ ᠨᠢ ᠪᠣᠯ | ᠯᠠᠪᠳᠠᠭᠤᠨ ᠢᠶᠠᠷ ᠤᠷᠤᠭᠰᠢ ᠳᠠᠪᠰᠢᠭᠤᠯᠬᠤ ᠠᠵᠢᠯ ᠤᠨ ᠶᠡᠷᠦᠩᠬᠡᠢ ᠦᠨᠳᠦᠰᠦᠨ ᠰᠠᠨᠠᠭ᠎ᠠ ᠶᠢ ᠪᠠᠷᠢᠮᠲᠠᠯᠠᠵᠤ᠂ ︽ | ᠯᠠᠪᠳᠠᠭᠤᠨ ᠪᠠᠶᠢᠯᠭᠠᠬᠤ︾ ᠶᠢᠨ ᠭᠤᠣᠯᠳᠠᠯᠭ᠎ᠠ ᠪᠠᠨ ᠠᠵᠤ ᠠᠬᠤᠢ ᠶᠢᠨ ᠠᠵᠢᠯᠯᠠᠭᠠᠨ ᠢ ᠲᠤᠭᠲᠠᠭᠤᠨ ᠪᠠᠶᠢᠯᠭᠠᠬᠤ ᠳᠤ | ᠲᠠᠯᠪᠢᠵᠤ᠂ ᠨᠡᠮᠡᠭᠳᠡᠯ᠂ ᠠᠵᠢᠯ ᠣᠯᠭᠤᠯᠲᠠ᠂ ᠪᠠᠷᠠᠭᠠᠨ ᠤ ᠦᠨ᠎ᠡ ᠬᠠᠩᠰᠢ ᠳᠤ ᠶᠡᠭᠡ ᠬᠡᠯᠪᠡᠯᠵᠡᠯ ᠭᠠᠷᠬᠤ ᠦᠭᠡᠢ ᠶᠢ | ᠪᠠᠲᠤᠯᠠᠵᠤ᠂ ᠮᠥᠩᠭᠦᠨ ᠭᠦᠢᠯᠭᠡᠭᠡᠨ᠂ ᠭᠡᠷ ᠪᠠᠶᠢᠰᠢᠩ ᠭᠠᠵᠠᠷ ᠤᠨ ᠬᠦᠷᠦᠩᠭᠡ᠂ ᠣᠷᠣᠨ ᠨᠣᠲᠤᠭ ᠤᠨ ᠵᠠᠰᠠᠭ ᠤᠨ | ᠣᠷᠳᠣᠨ ᠤ ᠴᠢᠨᠠᠷᠲᠠᠢ ᠥᠷᠢ ᠥᠭᠴᠡᠭᠡ ᠵᠡᠷᠭᠡ ᠠᠶᠤᠯ ᠲᠦᠭᠰᠢᠭᠦᠷᠢ ᠶᠢ ᠬᠠᠮᠢᠶᠠᠷᠤᠨ ᠡᠵᠡᠮᠰᠢᠵᠤ ᠲᠡᠶᠢᠯᠬᠦ ᠶᠢ | ᠦᠨᠡᠨᠬᠦ ᠪᠠᠳᠤᠯᠠᠬᠤ ᠬᠡᠷᠡᠭᠲᠡᠢ︔ ︽ᠳᠠᠪᠰᠢᠬᠤ︾ ᠶᠢᠨ ᠭᠤᠣᠯᠳᠠᠯᠭ᠎ᠠ ᠪᠠᠨ ᠠᠵᠤ ᠠᠬᠤᠢ ᠶᠢᠨ ᠪᠦᠳᠦᠴᠡ ᠶᠢᠨ | ᠲᠣᠬᠢᠷᠠᠭᠤᠯᠤᠯᠲᠠ ᠪᠠ ᠦᠭᠡᠷᠡᠴᠢᠯᠡᠯᠲᠡ ᠶᠢ ᠭᠦᠨᠵᠡᠭᠡᠶᠢᠷᠡᠭᠦᠯᠬᠦ ᠳᠤ ᠲᠠᠯᠪᠢᠵᠤ᠂ ᠠᠵᠤ ᠠᠬᠤᠢ ᠶᠢᠨ ᠬᠦᠭᠵᠢᠯᠲᠡ ᠶᠢᠨ | ᠠᠷᠭ᠎ᠠ ᠮᠠᠶ᠋ᠢᠭ ᠢᠶᠠᠨ ᠬᠤᠪᠢᠷᠠᠭᠤᠯᠬᠤ ᠪᠠ ᠠᠵᠤ ᠠᠬᠤᠢ ᠶᠢᠨ ᠪᠦᠲᠦᠴᠡ ᠶᠢᠨ ᠲᠣᠬᠢᠷᠠᠭᠤᠯᠤᠯᠲᠠ ᠳᠤ ᠰᠢᠨ᠎ᠡ ᠦᠷ᠎ᠡ | ᠪᠥᠲᠦᠮᠵᠢ ᠣᠯᠬᠤ ᠶᠢ ᠦᠨᠡᠨᠬᠦ ᠪᠠᠳᠤᠯᠠᠬᠤ ᠶᠢ ᠭᠦᠢᠴᠡᠳ ᠪᠣᠳᠣᠯᠬᠢᠯᠠᠭᠰᠠᠨ ᠶᠤᠮ᠃ | ᠣᠳᠣᠬᠠᠨ ᠳᠤ᠂ ᠮᠠᠨ ᠤ ᠣᠯᠣᠰ ᠤᠨ ᠠᠵᠤ ᠠᠬᠤᠢ ᠶᠢᠨ ᠬᠦᠭᠵᠢᠯᠲᠡ ᠰᠢᠨ᠎ᠡ ᠬᠡᠪ ᠪᠠᠶᠢᠳᠠᠯ ᠳᠤ ᠣᠷᠤᠭᠰᠠᠨ | ᠪᠠᠶᠢᠨ᠎ᠠ᠃ ᠡᠨᠡ ᠪᠣᠯ ᠰᠢ ᠶᠢᠨ ᠫᠢᠩ ᠨᠦᠬᠦᠷ ᠢᠶᠠᠷ ᠶᠡᠷᠦᠩᠬᠡᠢ ᠱᠦᠵᠢ ᠪᠣᠯᠭᠠᠭᠰᠠᠨ ᠨᠠᠮ ᠤᠨ ᠲᠥᠪ ᠬᠤᠷᠢᠶ᠎ᠠ ᠶᠢᠨ | ᠬᠦᠭᠵᠢᠯᠳᠡ ᠶᠢᠨ ᠲᠤᠷᠰᠢᠯᠭ᠎ᠠ ᠪᠠᠨ ᠪᠦᠬᠦ ᠲᠠᠯ᠎ᠠ ᠪᠠᠷ ᠳ᠋ᠦᠩᠨᠡᠵᠦ᠂ ᠣᠳᠣᠬᠠᠨ ᠤ ᠪᠠᠶᠢᠳᠠᠯ ᠪᠠ ᠬᠤᠵᠢᠮ ᠤᠨ | ᠬᠠᠨᠳᠤᠰᠢ ᠶᠢ ᠣᠨᠣᠪᠴᠢᠲᠠᠢ ᠰᠣᠳᠣᠯᠤᠨ ᠮᠠᠭᠠᠳᠯᠠᠵᠤ ᠭᠠᠷᠭᠠᠭᠰᠠᠨ ᠴᠢᠬᠤᠯᠠ ᠶᠡᠭᠡ ᠪᠠᠶᠢᠯᠳᠤᠬᠤ ᠪᠣᠳᠣᠯᠭ᠎ᠠ ᠶᠢᠨ | ᠮᠠᠭᠠᠳᠯᠠᠯ ᠪᠣᠯᠬᠤ ᠪᠦᠭᠡᠳ ᠮᠦᠨᠴᠦ ᠣᠳᠣᠬᠠᠨ ᠪᠠ ᠬᠤᠶᠢᠰᠢᠳᠠ ᠶᠢᠨ ᠨᠢᠭᠡ ᠬᠤᠭᠤᠴᠠᠭᠠᠨ ᠳᠠᠬᠢ ᠮᠠᠨ ᠤ | ᠣᠷᠤᠨ ᠤ ᠠᠵᠤ ᠠᠬᠤᠢ ᠶᠢᠨ ᠬᠦᠭᠵᠢᠯᠲᠡ ᠶᠢᠨ ᠲᠣᠮᠣ ᠵᠦᠢᠴᠢᠯᠡᠯ ᠪᠣᠯᠣᠨ᠎ᠠ᠃ ᠪᠢᠳᠡ ᠦᠵᠡᠯ ᠰᠠᠨᠠᠭ᠎ᠠ ᠦᠢᠯᠡ | ᠠᠵᠢᠯᠯᠠᠭ᠎ᠠ ᠪᠠᠨ ᠲᠥᠪ ᠬᠤᠷᠢᠶ᠎ᠠ ᠪᠣᠯᠣᠨ ᠥᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠰᠢᠨ᠎ᠡ ᠬᠡᠪ | ᠪᠠᠶᠢᠳᠠᠯ ᠤᠨ ᠲᠤᠬᠠᠢ ᠵᠠᠳᠠᠯᠤᠨ ᠰᠣᠳᠣᠯᠵᠣ ᠮᠠᠭᠠᠳᠯᠠᠬᠤ ᠪᠠ ᠪᠠᠶᠢᠷᠢᠯᠠᠭᠤᠯᠬᠤ ᠱᠠᠭᠠᠷᠳᠠᠯᠭ᠎ᠠ ᠲᠠᠢ ᠨᠢᠭᠡᠳᠬᠡᠵᠦ᠂ | ᠠᠵᠤ ᠠᠬᠤᠢ ᠨᠡᠶᠢᠭᠡᠮ ᠤᠨ ᠬᠦᠭᠵᠢᠯᠲᠡ ᠶᠢ ᠠᠬᠢᠭᠤᠯᠬᠤ ᠰᠠᠨᠠᠭᠠᠴᠢᠯᠠᠭᠠᠳᠤ ᠡᠷᠬᠡ ᠪᠠᠨ ᠪᠠᠲᠤ ᠴᠢᠩᠭ᠎ᠠ ᠬᠦᠳᠦᠯᠦᠨ | ᠤᠳᠤᠷᠢᠳᠬᠤ ᠪᠠ ᠡᠵᠡᠮᠰᠢᠬᠦ ᠬᠡᠷᠡᠭᠳᠠᠢ᠃ ᠨᠢᠭᠡ ᠳᠤ ᠰᠢᠨ᠎ᠡ ᠬᠡᠪ ᠪᠠᠶᠢᠳᠠᠯ ᠢ ᠵᠥᠪ ᠣᠨᠣᠪᠴᠢᠳᠠᠢ ᠲᠠᠨᠢᠬᠤ ᠬᠡᠷᠡᠭᠲᠡᠢ | ᠃ ᠰᠢᠨ᠎ᠡ ᠬᠡᠪ ᠪᠠᠶᠢᠳᠠᠯ ᠤᠨ ᠦᠵᠡᠯ ᠰᠠᠨᠠᠭᠠᠨ ᠤ ᠠᠭᠤᠯᠤᠭᠳᠠᠬᠤᠨ ᠪᠠ ᠦᠢᠯᠡᠳᠦᠯᠭᠡ ᠶᠢᠨ ᠱᠠᠭᠠᠷᠳᠠᠯᠭ᠎ᠠ ᠶᠢ | ᠬᠢᠨᠠᠮᠠᠭᠠᠢ ᠰᠤᠷᠤᠯᠴᠠᠨ᠂ ᠭᠦᠨᠵᠡᠭᠡᠢ ᠣᠶᠢᠯᠠᠭᠠᠵᠤ᠂ ᠰᠢᠨ᠎ᠡ ᠬᠡᠪ ᠪᠠᠶᠢᠳᠠᠯ ᠳᠣᠣᠷᠠᠬᠢ ᠬᠤᠷᠳᠤᠴᠠ ᠶᠢᠨ ᠬᠤᠪᠢᠷᠠᠯᠲᠠ | ᠂ ᠪᠦᠳᠦᠴᠡ ᠶᠢᠨ ᠰᠢᠯᠢᠳᠡᠭᠵᠢᠯ ᠪᠠ ᠬᠦᠳᠡᠯᠭᠡᠬᠦ ᠬᠦᠴᠦᠨ ᠤ ᠬᠤᠪᠢᠷᠠᠯ ᠤᠨ ᠤᠨᠴᠠᠯᠢᠭ ᠢ ᠭᠦᠢᠴᠡᠳ ᠲᠠᠨᠢᠵᠦ᠂ | ᠦᠵᠡᠯᠳᠡ ᠶᠢᠨ ᠲᠠᠯ᠎ᠠ ᠪᠠᠷ ᠲᠣᠬᠢᠷᠠᠯᠴᠠᠵᠤ᠂ ᠲᠠᠨᠢᠯᠲᠠ ᠶᠢᠨ ᠲᠠᠯ᠎ᠠ ᠪᠠᠷ ᠪᠤᠳᠠᠳᠠᠶᠢᠵᠢᠬᠤ ᠶᠢ ᠪᠡᠶᠡᠯᠡᠭᠦᠯᠦᠨ᠂ ᠠᠵᠤ | ᠠᠬᠤᠢ ᠶᠢᠨ ᠬᠦᠭᠵᠢᠯᠲᠡ ᠶᠢᠨ ᠶᠠᠰᠦ ᠴᠢᠨᠠᠷ ᠪᠠ ᠦᠷ᠎ᠡ ᠠᠰᠢᠭ ᠢ ᠳᠡᠭᠡᠭᠰᠢᠯᠡᠭᠦᠯᠬᠦ ᠪᠠᠷ ᠭᠤᠣᠯ ᠪᠣᠯᠭᠠᠬᠤ ᠶᠢ | ᠪᠠᠷᠢᠮᠲᠠᠯᠠᠵᠤ᠂ ᠠᠵᠤ ᠠᠬᠤᠢ ᠶᠢᠨ ᠠᠵᠢᠯᠯᠠᠭᠠᠨ ᠨᠢ ᠵᠣᠬᠢᠰᠲᠠᠢ ᠣᠷᠣᠨ ᠵᠠᠢ ᠳᠤ ᠪᠠᠶᠢᠬᠤ ᠶᠢ ᠪᠠᠳᠤᠯᠠᠵᠤ᠂ | ᠦᠷᠭᠦᠯᠵᠢᠯᠡᠨ ᠬᠥᠭᠵᠢᠭᠦᠯᠬᠦ᠂ ᠬᠡᠯᠪᠡᠷᠢ ᠪᠠᠨ ᠬᠤᠪᠢᠷᠠᠭᠤᠯᠤᠨ ᠬᠥᠭᠵᠢᠭᠦᠯᠬᠦ᠂ ᠵᠣᠬᠢᠴᠠᠩᠭᠤᠢ ᠬᠥᠭᠵᠢᠭᠦᠯᠬᠦ᠂ ᠡᠶ᠎ᠡ | ᠵᠣᠬᠢᠴᠠᠯ ᠲᠠᠢ ᠬᠥᠭᠵᠢᠭᠦᠯᠬᠦ ᠤᠬᠠᠮᠰᠠᠷᠲᠤ ᠴᠢᠨᠠᠷ ᠪᠠ ᠲᠤᠯᠭᠠᠮ᠎ᠠ ᠴᠢᠨᠠᠷ ᠢ ᠦᠨᠡᠨᠬᠦ ᠴᠢᠩᠭᠠᠳᠬᠠᠬᠤ ᠬᠡᠷᠡᠭᠲᠡᠢ᠃ | ᠬᠤᠶᠠᠷ ᠲᠤ ᠰᠢᠨ᠎ᠡ ᠬᠡᠪ ᠪᠠᠶᠢᠳᠠᠯ ᠳᠤ ᠰᠠᠨᠠᠭᠠᠴᠢᠯᠠᠭ᠎ᠠ ᠲᠠᠢ ᠪᠠᠷ ᠲᠣᠬᠢᠷᠠᠯᠴᠠᠬᠤ ᠬᠡᠷᠡᠭᠲᠡᠢ᠃ ᠲᠤᠯᠭᠠᠷᠠᠵᠤ ᠪᠠᠶᠢᠭ᠎ᠠ | ︽ᠭᠤᠷᠪᠠᠨ ᠬᠤᠭᠤᠴᠠᠭ᠎ᠠ ᠶᠢᠨ ᠳᠠᠪᠬᠤᠷᠳᠠᠯ︾ ᠤᠨ ᠵᠦᠷᠢᠴᠡᠯ ᠳᠤ ᠴᠢᠭᠯᠡᠭᠦᠯᠦᠨ᠂ ᠰᠢᠨ᠎ᠡ ᠬᠡᠪ ᠪᠠᠶᠢᠳᠠᠯ ᠳᠣᠣᠷᠠᠬᠢ | ᠠᠵᠤ ᠠᠬᠤᠢ ᠶᠢᠨ ᠬᠦᠭᠵᠢᠯᠲᠡ ᠶᠢᠨ ᠱᠠᠲᠤ ᠦᠶᠡᠯᠡᠯ ᠤᠨ ᠴᠢᠨᠠᠷᠲᠠᠢ ᠣᠨᠴᠠᠯᠢᠭ ᠪᠠ ᠬᠠᠨᠳᠤᠰᠢ ᠶᠢᠨ ᠴᠢᠨᠠᠷᠲᠠᠢ | ᠬᠤᠪᠢᠷᠠᠯᠲᠠ ᠶᠢ ᠣᠨᠣᠪᠴᠢᠲᠠᠢ ᠡᠵᠡᠮᠳᠡᠨ᠂ ᠠᠷᠭ᠎ᠠ ᠶᠢᠨ ᠲᠠᠯ᠎ᠠ ᠪᠠᠷ ᠲᠣᠬᠢᠷᠠᠮᠵᠢᠲᠠᠢ᠂ ᠠᠷᠭ᠎ᠠ ᠬᠡᠮᠵᠢᠶ᠎ᠠ ᠶᠢᠨ | ᠲᠠᠯ᠎ᠠ ᠪᠠᠷ ᠬᠦᠴᠦᠲᠡᠢ ᠪᠣᠯᠭᠠᠵᠤ᠂ ᠦᠭᠡᠷᠡᠴᠢᠯᠡᠯᠲᠡ ᠶᠢᠨ ᠰᠡᠳᠬᠢᠮᠵᠢ᠂ ᠰᠢᠨ᠎ᠡ ᠶᠢ ᠡᠭᠦᠳᠬᠦ ᠠᠷᠭ᠎ᠠ ᠪᠠᠷᠢᠯ ᠢᠶᠠᠷ | ᠠᠵᠤ ᠠᠬᠤᠢ ᠶᠢᠨ ᠬᠦᠭᠵᠢᠯᠲᠡ ᠶᠢᠨ ᠠᠷᠭ᠎ᠠ ᠮᠠᠶ᠋ᠢᠭ ᠢᠶᠠᠨ ᠬᠤᠪᠢᠷᠠᠭᠤᠯᠬᠤ ᠶᠢ ᠲᠦᠷᠭᠡᠳᠭᠡᠵᠦ᠂ ᠠᠵᠤ ᠠᠬᠤᠢ ᠶᠢᠨ | ᠪᠦᠲᠦᠴᠡ ᠶᠢ ᠲᠤᠬᠢᠷᠠᠭᠤᠯᠤᠨ ᠰᠢᠯᠢᠳᠡᠭᠵᠢᠭᠦᠯᠵᠦ᠂ ᠠᠵᠤ ᠠᠬᠤᠢ ᠶᠢᠨ ᠰᠢᠨ᠎ᠡ ᠨᠡᠮᠡᠭᠳᠡᠯ ᠴᠡᠭ ᠢ ᠰᠡᠷᠡᠵᠦ ᠮᠡᠳᠡᠬᠦ ᠪᠠ | ᠪᠤᠶᠢᠵᠢᠭᠤᠯᠵᠤ᠂ ᠠᠵᠤ ᠠᠬᠤᠢ ᠨᠡᠶᠢᠭᠡᠮ ᠤᠨ ᠦᠷᠭᠦᠯᠵᠢᠯᠡᠨ ᠡᠷᠡᠭᠦᠯ ᠢᠶᠠᠷ ᠬᠦᠭᠵᠢᠬᠦ ᠪᠠ ᠨᠡᠶᠢᠭᠡᠮ ᠤᠨ ᠡᠶ᠎ᠡ | ᠵᠣᠬᠢᠴᠠᠯ ᠲᠠᠢ ᠲᠣᠭᠲᠠᠭᠤᠨ ᠪᠠᠶᠢᠬᠤ ᠶᠢ ᠠᠬᠢᠭᠤᠯᠬᠤ ᠬᠡᠷᠡᠭᠳᠡᠢ᠃ ᠭᠤᠷᠪᠠ ᠳᠤ ᠰᠢᠨ᠎ᠡ ᠬᠡᠪ ᠪᠠᠶᠢᠳᠠᠯ ᠢ ᠢᠳᠡᠪᠬᠢᠲᠡᠢ | ᠬᠦᠳᠦᠯᠦᠨ ᠤᠳᠤᠷᠢᠳᠬᠤ ᠬᠡᠷᠡᠭᠲᠡᠢ᠃ ᠰᠢ ᠶᠢᠨ ᠫᠢᠩ ᠶᠡᠷᠥᠩᠬᠡᠢ ᠱᠥᠵᠢ ᠶᠢᠨ ︽ᠨᠠᠢᠮᠠᠨ ᠵᠦᠢᠯ ᠢ ᠨᠡᠩ ᠢᠯᠡᠭᠦᠦ | ᠴᠢᠬᠤᠯᠠᠴᠢᠯᠠᠬᠤ︾ ᠱᠠᠭᠠᠷᠳᠠᠯᠭ᠎ᠠ ᠶᠣᠰᠤᠭᠠᠷ᠂ ᠬᠦᠭᠵᠢᠯᠲᠡ ᠶᠢᠨ ᠶᠡᠭᠡ ᠲᠠᠯ᠎ᠠ ᠶᠢ ᠣᠨᠣᠪᠴᠢᠲᠠᠢ ᠡᠵᠡᠮᠳᠡᠨ᠂ | ᠬᠦᠭᠵᠢᠯᠲᠡ ᠶᠢᠨ ᠵᠢᠮ᠎ᠡ ᠬᠠᠤᠯᠢ ᠶᠢ ᠰᠠᠨᠠᠭᠠᠴᠢᠯᠠᠭ᠎ᠠ ᠠᠴᠠ ᠪᠠᠨ ᠲᠠᠭᠠᠵᠤ᠂ ᠠᠷᠭ᠎ᠠ ᠰᠦᠪᠡᠭᠴᠢᠯᠡᠬᠦ ᠲᠠᠯ᠎ᠠ ᠪᠠᠷ | ᠤᠷᠢᠳᠴᠢᠯᠠᠭᠰᠠᠨ᠂ ᠠᠵᠢᠯᠯᠠᠭ᠎ᠠ ᠶᠢᠨ ᠲᠠᠯ᠎ᠠ ᠪᠠᠷ ᠠᠮᠵᠢᠯᠲᠠ ᠲᠠᠢ ᠪᠣᠯᠬᠤ ᠶᠢ ᠪᠡᠶᠡᠯᠡᠭᠦᠯᠵᠦ᠂ ᠱᠠᠯᠠᠮᠠᠭᠠᠶᠢᠯᠠᠨ | ᠵᠢᠳᠭᠦᠬᠦ ᠵᠣᠷᠢᠭ ᠰᠠᠨᠠᠭ᠎ᠠ ᠪᠠᠷ ᠰᠢᠨ᠎ᠡ ᠬᠡᠪ ᠪᠠᠶᠢᠳᠠᠯ ᠳᠠᠬᠢ ᠰᠢᠨ᠎ᠡ ᠠᠵᠠ ᠲᠣᠬᠢᠶᠠᠯ ᠢ ᠵᠠᠪᠳᠤᠨ ᠠᠳᠬᠤᠵᠤ᠂ ᠰᠢᠨ᠎ᠡ | ᠬᠡᠪ ᠪᠠᠶᠢᠳᠠᠯ ᠳᠠᠬᠢ ᠰᠢᠨ᠎ᠡ ᠦᠷᠢᠰᠦᠯᠳᠦᠭᠡᠨ ᠢ ᠠᠷᠭᠠᠴᠠᠵᠤ᠂ ᠴᠠᠭ ᠦᠶ᠎ᠡ ᠲᠠᠢ ᠵᠡᠷᠭᠡᠪᠡᠷ ᠤᠷᠤᠭᠰᠢᠯᠠᠨ ᠮᠠᠨ ᠤ | ᠣᠷᠣᠨ ᠤ ᠠᠵᠤ ᠠᠬᠤᠢ ᠨᠡᠶᠢᠭᠡᠮ ᠤᠨ ᠬᠦᠭᠵᠢᠯᠲᠡ ᠶᠢᠨ ᠰᠢᠨ᠎ᠡ ᠪᠠᠶᠢᠳᠠᠯ ᠢ ᠨᠡᠭᠡᠭᠡᠨ ᠡᠭᠦᠳᠬᠦ ᠬᠡᠷᠡᠭᠲᠡᠢ᠃ | ᠡᠨᠡ ᠵᠢᠯ ᠳᠤ ᠭᠤᠣᠯᠳᠠᠯᠭ᠎ᠠ ᠲᠠᠢ ᠠᠷᠪᠠᠨ ᠲᠠᠯ᠎ᠠ ᠶᠢᠨ ᠠᠵᠢᠯ ᠢ ᠰᠠᠶᠢᠲᠤᠷ ᠬᠢᠬᠦ ᠬᠡᠷᠡᠭᠲᠡᠢ᠃ | ︵ᠨᠢᠭᠡ︶ ᠳᠣᠳᠤᠭᠠᠳᠤ ᠬᠡᠷᠡᠭᠴᠡᠭᠡ ᠪᠠᠨ ᠥᠷᠭᠡᠳᠭᠡᠬᠦ ᠡᠨᠡᠬᠦ ᠪᠠᠶᠢᠯᠳᠤᠬᠤ ᠪᠣᠳᠣᠯᠭ᠎ᠠ ᠶᠢᠨ ᠥᠨᠳᠥᠰᠥᠨ | ᠴᠡᠭ ᠢ ᠪᠠᠲᠤ ᠡᠵᠡᠮᠳᠡᠵᠦ᠂ ᠠᠵᠤ ᠠᠬᠤᠢ ᠶᠢᠨ ᠲᠣᠭᠲᠠᠭᠤᠨ ᠨᠡᠮᠡᠭᠳᠡᠯ ᠢ ᠴᠢᠷᠮᠠᠶᠢᠨ ᠪᠠᠲᠤᠯᠠᠨ᠎ᠠ | ᠪᠡᠯᠡ ᠣᠷᠤᠭᠤᠯᠤᠯᠲᠠ ᠶᠢᠨ ᠲᠣᠭᠲᠠᠭᠤᠨ ᠨᠡᠮᠡᠭᠳᠡᠯ ᠢ ᠠᠬᠢᠭᠤᠯᠤᠨ᠎ᠠ᠃ ᠤᠯᠤᠰ ᠠᠴᠠ ᠰᠠᠭᠤᠷᠢ | ᠪᠡᠯᠡᠳᠭᠡᠮᠵᠢ ᠶᠢᠨ ᠪᠦᠲᠦᠭᠡᠨ ᠪᠠᠶᠢᠭᠤᠯᠤᠯᠲᠠ᠂ ᠡᠨᠧᠷᠬᠢ ᠶᠢᠨ ᠡᠬᠢ ᠪᠠᠶᠠᠯᠢᠭ ᠤᠨ ᠳᠦᠷᠦᠯ ᠤᠨ ᠳᠦᠷᠦᠯ ᠵᠦᠢᠯ ᠢ | ᠲᠠᠮᠵᠢᠬᠦ ᠪᠠᠨ ᠳᠤᠮᠳᠠ ᠪᠠᠷᠠᠭᠤᠨ ᠪᠡᠶ᠎ᠠ ᠶᠢᠨ ᠭᠠᠵᠠᠷ ᠣᠷᠣᠨ᠂ ᠥᠨᠳᠦᠰᠦᠲᠡᠨ ᠤ ᠭᠠᠵᠠᠷ ᠣᠷᠣᠨ ᠲᠡᠰᠢ ᠡᠩ | ᠲᠡᠷᠢᠭᠦᠨ ᠳᠤ ᠪᠠᠶᠢᠷᠢᠯᠠᠭᠤᠯᠬᠤ ᠴᠢᠬᠤᠯᠠ ᠶᠡᠭᠡ ᠠᠵᠠ ᠲᠣᠬᠢᠶᠠᠯ ᠢ ᠠᠳᠬᠤᠨ᠂ ᠤᠯᠤᠰ ᠤᠨ ᠳᠡᠮᠵᠢᠯᠭᠡ ᠶᠢ | ᠢᠳᠡᠪᠬᠢᠲᠡᠢ ᠴᠢᠷᠮᠠᠶᠢᠨ ᠣᠯᠣᠨ᠎ᠠ᠃ ᠪᠡᠯᠡ ᠣᠷᠤᠭᠤᠯᠤᠯᠲᠠ ᠪᠡᠯᠡ ᠲᠣᠬᠢᠷᠠᠭᠤᠯᠭ᠎ᠠ ᠶᠢᠨ ᠪᠠᠶᠢᠭᠤᠯᠤᠯ ᠤᠨ | ᠥᠭᠡᠷᠡᠴᠢᠯᠡᠯᠲᠡ ᠶᠢ ᠭᠥᠨᠵᠡᠭᠡᠶᠢᠷᠡᠭᠦᠯᠵᠦ᠂ ᠵᠠᠰᠠᠭ ᠤᠨ ᠣᠷᠳᠣᠨ ᠠᠴᠠ ᠪᠡᠯᠡ ᠣᠷᠤᠭᠤᠯᠬᠤ᠂ ᠨᠡᠶᠢᠭᠡᠮ ᠠᠴᠠ ᠪᠡᠯᠡ | ᠣᠷᠤᠭᠤᠯᠬᠤ ᠪᠠ ᠬᠤᠳᠠᠯᠳᠤᠭᠠᠴᠢᠨ ᠤᠷᠢᠵᠤ ᠪᠡᠯᠡ ᠣᠷᠤᠭᠤᠯᠬᠤ ᠪᠦᠬᠡᠭᠡᠨᠡᠷᠡᠯ ᠤᠨ ᠥᠢᠯᠡᠳᠦᠯ ᠢ ᠪᠤᠢ ᠪᠣᠯᠭᠠᠨ᠎ᠠ᠃ | ᠵᠠᠰᠠᠭ ᠤᠨ ᠣᠷᠳᠣᠨ ᠤ ᠪᠡᠯᠡ ᠣᠷᠤᠭᠤᠯᠤᠯᠲᠠ ᠶᠢᠨ ᠬᠦᠳᠦᠯᠦᠨ ᠵᠢᠯᠣᠭᠤᠳᠬᠤ ᠥᠢᠯᠡᠳᠦᠯ ᠢ ᠭᠦᠢᠴᠡᠳ | ᠪᠠᠳᠠᠷᠠᠭᠤᠯᠵᠤ᠂ ᠭᠤᠣᠯᠳᠠᠯᠭ᠎ᠠ ᠲᠠᠢ ᠠᠵᠤ ᠦᠢᠯᠡᠰ ᠤᠨ ᠬᠦᠭᠵᠢᠯᠲᠡ ᠶᠢᠨ ᠪᠡᠯᠡ ᠮᠦᠩᠭᠦ ᠪᠠᠶᠢᠭᠤᠯᠬᠤ᠂ ᠰᠢᠨ᠎ᠡ ᠪᠠᠷ | ᠪᠣᠢ ᠪᠣᠯᠤᠭᠰᠠᠨ ᠠᠵᠤ ᠦᠢᠯᠡᠰ ᠤᠨ ᠬᠦᠭᠵᠢᠯᠲᠡ ᠶᠢᠨ ᠰᠠᠭᠤᠷᠢ ᠮᠥᠩᠭᠦ ᠵᠢᠴᠢ ᠣᠨᠴᠠ ᠵᠦᠪᠰᠢᠶᠡᠷᠡᠭᠰᠡᠨ | ᠡᠵᠡᠩᠨᠡᠯᠲᠡ᠂ ᠪᠡᠯᠡ ᠣᠷᠤᠭᠤᠯᠤᠯᠲᠠ ᠶᠢᠨ ᠨᠥᠬᠦᠪᠥᠷᠢ᠂ ᠵᠠᠰᠠᠭ ᠤᠨ ᠣᠷᠳᠣᠨ ᠥᠢᠯᠡᠴᠢᠯᠡᠭᠡ ᠬᠤᠳᠠᠯᠳᠤᠨ ᠠᠪᠬᠤ | ᠵᠡᠷᠭᠡ ᠠᠷᠭ᠎ᠠ ᠮᠠᠶ᠋ᠢᠭ ᠢᠶᠠᠷ ᠳᠠᠮᠵᠢᠭᠤᠯᠤᠨ᠂ ᠨᠡᠶᠢᠭᠡᠮ ᠤᠨ ᠬᠦᠷᠦᠩᠭᠡ ᠶᠢᠨ ᠪᠡᠯᠡ ᠣᠷᠤᠭᠤᠯᠤᠯᠲᠠ ᠳᠤ | ᠣᠷᠣᠯᠴᠠᠬᠤ ᠶᠢ ᠪᠦᠳᠦᠮᠵᠢᠲᠡᠢ ᠳᠠᠶᠢᠴᠢᠯᠠᠨ᠎ᠠ᠃ ᠣᠯᠠᠨ ᠳᠡᠰ ᠳᠠᠪᠬᠤᠷᠭ᠎ᠠ ᠶᠢᠨ ᠬᠦᠷᠦᠩᠭᠡ ᠶᠢᠨ ᠵᠠᠬ᠎ᠠ ᠳᠡᠯᠭᠡᠭᠦᠷ ᠢ | ᠲᠦᠷᠭᠡᠳᠬᠡᠨ ᠪᠤᠶᠢᠵᠢᠭᠤᠯᠵᠤ᠂ ᠰᠢᠭᠤᠳ ᠪᠡᠯᠡ ᠲᠣᠬᠢᠷᠠᠭᠤᠯᠭ᠎ᠠ ᠶᠢᠨ ᠡᠷᠴᠢᠮ ᠢᠶᠠᠨ ᠴᠢᠩᠭᠠᠷᠠᠭᠤᠯᠵᠤ᠂ ᠠᠷᠠᠳ ᠤᠨ | ᠲᠤᠮᠳᠠᠬᠢ ᠬᠦᠷᠦᠩᠭᠡ ᠮᠦᠡᠭᠬᠦ ᠨᠦᠭᠦᠳ ᠠᠵᠤ ᠦᠢᠯᠡᠰ ᠲᠤ ᠪᠡᠯᠡ ᠣᠷᠤᠭᠤᠯᠤᠯᠲᠠ ᠪᠠ ᠰᠲ᠋ᠣᠺ ᠤᠨ ᠡᠷᠬᠡ ᠳᠤ ᠪᠡᠯᠡ | ᠣᠷᠤᠭᠤᠯᠤᠯᠲᠠ ᠶᠢᠨ ᠰᠠᠭᠤᠷᠢ ᠮᠥᠩᠭᠦ ᠡᠬᠦᠰᠬᠡᠨ ᠪᠠᠶᠢᠭᠤᠯᠬᠤ ᠶᠢ ᠵᠣᠷᠢᠬᠵᠢᠭᠤᠯᠵᠤ᠂ ᠵᠢᠭᠡᠯᠡᠯᠭᠡ ᠶᠢᠨ ᠲᠡᠮᠳᠡᠭᠲᠦ | ᠲᠠᠷᠬᠠᠭᠠᠬᠤ ᠪᠠᠷ ᠳᠠᠮᠵᠢᠵᠤ ᠪᠡᠯᠡ ᠮᠦᠩᠭᠦ ᠴᠤᠭᠯᠠᠭᠤᠯᠵᠤ᠂ ᠨᠥᠭᠦᠴᠡᠯ ᠲᠠᠢ ᠳᠤᠮᠳᠠ ᠵᠢᠵᠢᠭ ᠠᠵᠤ | ᠠᠬᠤᠶᠢᠯᠠᠯ ᠤᠳ ᠤᠨ ᠰᠲ᠋ᠣᠺ ᠤᠨ ᠡᠷᠬᠡ ᠪᠠᠷ ᠢᠶᠠᠨ ᠪᠡᠯᠡ ᠲᠣᠬᠢᠷᠠᠭᠤᠯᠭ᠎ᠠ ᠬᠢᠬᠦ ᠶᠢ ᠳᠡᠮᠵᠢᠨ᠎ᠠ᠃ ᠵᠠᠰᠠᠭ ᠤᠨ | ᠣᠷᠳᠣᠨ ᠪᠣᠯᠣᠨ ᠨᠡᠶᠢᠭᠡᠮ ᠤᠨ ᠬᠦᠷᠦᠩᠭᠡ ᠬᠤᠷᠰᠢᠯᠴᠠᠬᠤ ᠵᠠᠭᠪᠤᠷ ᠢ ᠶᠡᠬᠡᠪᠡᠷ ᠳᠡᠯᠭᠡᠷᠡᠭᠦᠯᠵᠦ᠂ ᠦᠯᠡᠳᠡᠭᠡᠯ ᠡᠳ᠋ | ᠬᠦᠷᠦᠩᠭᠡ ᠪᠠᠷ ᠰᠲ᠋ᠣᠺ ᠤᠨ ᠡᠷᠬᠡ ᠪᠣᠯᠭᠠᠵᠤ᠂ ᠪᠦᠳᠦᠭᠡᠨ ᠪᠠᠶᠢᠭᠤᠯᠤᠯᠲᠠ ᠶᠢᠨ ᠡᠭᠦᠷᠭᠡ ᠪᠠᠷ ᠪᠡᠯᠡ ᠮᠥᠩᠭᠦ ᠤᠷᠢᠵᠤ | ᠂ ᠲᠣᠮᠤ ᠠᠵᠤ ᠠᠬᠤᠶᠢᠯᠠᠯ ᠯᠤᠭ᠎ᠠ ᠭᠦᠨᠵᠡᠭᠡᠢ ᠬᠤᠷᠰᠢᠯᠴᠠᠬᠤ ᠶᠢ ᠴᠢᠩᠭᠠᠳᠬᠠᠨ᠂ ᠰᠠᠭᠤᠷᠢ ᠪᠡᠯᠡᠳᠭᠡᠮᠵᠢ ᠶᠢᠨ | ᠪᠦᠳᠦᠭᠡᠨ ᠪᠠᠶᠢᠭᠤᠯᠤᠯᠲᠠ ᠶᠢᠨ ᠪᠡᠯᠡ ᠲᠣᠬᠢᠷᠠᠭᠤᠯᠭ᠎ᠠ ᠶᠢᠨ ᠵᠠᠭᠪᠣᠷ ᠢ ᠰᠢᠨ᠎ᠡ ᠶᠢ ᠡᠭᠦᠳᠦᠨ᠎ᠡ᠃ ᠵᠠᠰᠠᠭ ᠤᠨ | ᠣᠷᠳᠣᠨ ᠤ ᠴᠢᠨᠠᠷᠲᠠᠢ ᠳᠠᠭᠠᠭᠠᠯᠲᠠ ᠶᠢᠨ ᠪᠡᠯᠡ ᠮᠦᠩᠭᠦ ᠶᠢᠨ ᠣᠷᠤᠭᠤᠯᠤᠯᠲᠠ ᠶᠢᠨ ᠡᠷᠴᠢᠮ ᠢᠶᠠᠨ ᠴᠢᠩᠭᠠᠷᠠᠭᠤᠯᠵᠤ᠂ | ᠢᠲᠡᠭᠡᠮᠵᠢ ᠶᠢᠨ ᠳᠠᠭᠠᠭᠠᠯᠲᠠ ᠬᠢᠬᠦ᠂ ᠳᠠᠮ ᠬᠦᠦ ᠲᠠᠢ ᠵᠢᠭᠡᠯᠡᠯᠭᠡ ᠵᠡᠷᠭᠡ ᠲᠥᠷᠥ ᠶᠢᠨ ᠪᠣᠳᠣᠯᠭ᠎ᠠ ᠶᠢᠨ ᠪᠠᠭᠠᠵᠢ | ᠬᠡᠷᠡᠭᠰᠡᠯ ᠤᠨ ᠦᠢᠯᠡᠳᠦᠯ ᠢ ᠪᠠᠳᠠᠷᠠᠭᠤᠯᠤᠨ᠎ᠠ᠃ ᠪᠣᠬᠢᠷᠳᠤᠯ ᠭᠠᠳᠠᠭᠰᠢᠯᠠᠭᠤᠯᠬᠤ ᠡᠷᠬᠡ᠂ ᠰᠦᠢᠳᠭᠡᠯ ᠬᠤᠷᠢᠶᠠᠬᠤ | ᠡᠷᠬᠡ᠂ ᠭᠠᠵᠠᠷ ᠰᠢᠷᠦᠢ ᠳᠠᠭᠠᠭᠠᠴᠢᠯᠠᠨ ᠡᠵᠡᠩᠨᠡᠬᠦ ᠡᠷᠬᠡ ᠵᠡᠷᠭᠡ ᠳᠠᠨᠵᠢᠯᠠᠭ᠎ᠠ ᠲᠠᠢ ᠵᠢᠭᠡᠯᠡᠯᠭᠡ ᠶᠢ ᠢᠳᠡᠪᠬᠢᠲᠡᠢ | ᠦᠷᠨᠢᠭᠦᠯᠵᠦ᠂ ᠭᠠᠵᠠᠷ ᠰᠢᠷᠦᠢ᠂ ᠠᠭᠤᠷᠬᠠᠢ ᠶᠢᠨ ᠡᠷᠬᠡ ᠪᠠᠷ ᠪᠠᠷᠢᠴᠠᠭᠠᠯᠠᠵᠤ ᠪᠡᠯᠡ ᠲᠤᠬᠢᠷᠠᠭᠤᠯᠬᠤ ᠶᠢ ᠠᠬᠢᠭᠤᠯᠤᠨ᠎ᠠ᠃ | | ᠭᠤᠣᠯᠳᠠᠯᠭ᠎ᠠ ᠲᠠᠢ ᠳᠦᠷᠦᠯ ᠵᠦᠢᠯ ᠤᠨ ᠪᠦᠳᠦᠭᠡᠨ ᠪᠠᠶᠢᠭᠤᠯᠤᠯᠲᠠ ᠶᠢ ᠴᠢᠩᠭᠠᠳᠬᠠᠨ᠎ᠠ᠃ ᠪᠦᠳᠦᠴᠡ ᠪᠠᠨ | ᠲᠣᠬᠢᠷᠠᠭᠤᠯᠬᠤ᠂ ᠳᠤᠳᠠᠮᠠᠭ ᠵᠦᠢᠯ ᠢᠶᠠᠨ ᠨᠦᠬᠦᠪᠦᠷᠢᠯᠡᠬᠦ ᠶᠢᠨ ᠲᠣᠭᠤᠷᠢᠨ ᠳᠤ᠂ ᠨᠢᠭᠡᠨ ᠪᠦᠯᠦᠭ ᠪᠦᠬᠦ ᠲᠠᠯ᠎ᠠ ᠶᠢᠨ | ᠴᠢᠨᠠᠷᠲᠠᠢ᠂ ᠪᠠᠶᠢᠯᠳᠤᠬᠤ ᠪᠣᠳᠣᠯᠭ᠎ᠠ ᠶᠢᠨ ᠴᠢᠨᠠᠷᠲᠠᠢ ᠴᠢᠬᠤᠯᠠ ᠶᠡᠭᠡ ᠲᠦᠷᠦᠯ ᠵᠦᠢᠯ ᠤᠳ ᠢ ᠲᠦᠷᠭᠡᠳᠭᠡᠨ | ᠬᠡᠷᠡᠭᠵᠢᠭᠦᠯᠵᠦ᠂ ᠪᠦᠲᠦᠮᠵᠢᠲᠡᠢ ᠪᠡᠯᠡ ᠣᠷᠤᠭᠤᠯᠤᠯᠲᠠ ᠶᠢ ᠴᠢᠷᠮᠠᠶᠢᠨ ᠨᠡᠮᠡᠭᠳᠡᠭᠦᠯᠵᠦ᠂ ᠪᠦᠬᠦ ᠵᠢᠯ ᠳᠤ 500 | ᠲᠦᠮᠡᠨ ᠲᠦᠭᠦᠷᠢᠭ ᠠᠴᠠ ᠳᠡᠭᠡᠭᠰᠢᠬᠢ ᠳᠦᠷᠦᠯ ᠵᠦᠢᠯ ᠢ ᠰᠢᠨ᠎ᠡ ᠪᠠᠷ ᠪᠠᠷᠢᠯᠭ᠎ᠠ ᠡᠬᠢᠯᠡᠭᠦᠯᠬᠦ ᠬᠡᠪᠴᠢᠶᠡᠵᠢᠯ ᠢ 1.5 | ᠲᠦᠮᠡᠨ ᠳ᠋ᠦᠩᠰᠢᠭᠤᠷ ᠲᠦᠭᠦᠷᠢᠭ ᠲᠤ ᠬᠦᠷᠦᠭᠦᠯᠵᠦ᠂ ᠲᠣᠭᠲᠠᠮᠠᠯ ᠬᠦᠷᠦᠩᠭᠡ ᠶᠢᠨ ᠪᠡᠯᠡ ᠣᠷᠤᠭᠤᠯᠤᠯᠲᠠ ᠶᠢ 1. | 34 ᠲᠦᠮᠡᠨ ᠳ᠋ᠦᠩᠰᠢᠭᠤᠷ ᠲᠦᠭᠦᠷᠢᠭ ᠪᠡᠶᠡᠯᠡᠭᠦᠯᠦᠨ᠎ᠠ᠃ ᠪᠣᠭᠤᠳᠤ ᠶᠢᠨ ᠪᠣᠯᠣᠳ ᠲᠡᠮᠦᠷ ᠤᠨ ᠦᠢᠯᠡᠳᠪᠦᠷᠢ ᠶᠢᠨ | 350 ᠲᠦᠮᠡᠨ ᠲᠤᠨ ᠬᠤᠪᠤᠷ ᠰᠢᠷᠤᠢ ᠶᠢᠨ ᠬᠦᠢᠲᠡᠨ ᠬᠡᠪᠰᠢᠭᠦᠯᠭᠡ᠂ ᠣᠷᠳᠣᠰ ᠤᠨ ᠨᠡᠭᠦᠷᠡᠰᠦ ᠶᠢ ᠴᠡᠪᠡᠷᠰᠢᠭᠦᠯᠦᠨ | ᠳᠡᠭᠡᠳᠦ ᠪᠦᠲᠦᠮᠵᠢᠲᠡᠢ ᠪᠠᠷ ᠠᠰᠢᠭᠯᠠᠬᠤ ᠵᠡᠷᠭᠡ ᠳ᠋ᠦᠩᠰᠢᠭᠤᠷ ᠲᠦᠭᠦᠷᠢᠭ ᠠᠴᠠ ᠳᠡᠭᠡᠭᠰᠢᠬᠢ ᠰᠢᠨ᠎ᠡ ᠪᠠᠷ ᠪᠠᠶᠢᠭᠤᠯᠬᠤ | ᠦᠷᠭᠦᠯᠵᠢᠯᠡᠨ ᠪᠠᠶᠢᠭᠤᠯᠬᠤ 1000 ᠲᠦᠷᠦᠯ ᠵᠦᠢᠯ ᠤᠳ ᠢ ᠢᠳᠡᠪᠬᠢᠲᠡᠢ ᠪᠠᠷ ᠠᠬᠢᠭᠤᠯᠵᠤ᠂ 400 ᠶᠢ | ᠰᠢᠨ᠎ᠡ ᠪᠠᠷ ᠠᠰᠢᠭᠯᠠᠯᠲᠠ ᠳᠤ ᠣᠷᠤᠭᠤᠯᠬᠤ ᠪᠠᠷ ᠴᠢᠷᠮᠠᠶᠢᠨ᠎ᠠ᠃ ᠰᠢᠯᠢ ᠶᠢᠨ ᠭᠤᠣᠯ ᠠᠴᠠ ᠵᠢᠨᠠᠨ ᠳᠤ ᠬᠦᠷᠬᠦ ᠤᠨᠴᠠ | ᠦᠨᠳᠦᠷ ᠬᠦᠴᠦᠳᠡᠯᠳᠦ ᠴᠠᠬᠢᠯᠭᠠᠨ ᠢ ᠭᠠᠳᠠᠭᠰᠢ ᠲᠠᠮᠵᠢᠭᠤᠯᠬᠤ ᠳᠤ ᠰᠠᠭᠠᠳ ᠦᠭᠡᠢ ᠨᠡᠪᠲᠡᠷᠡᠬᠦ ᠵᠠᠮ ᠤᠨ ᠪᠦᠲᠦᠭᠡᠨ | ᠪᠠᠶᠢᠭᠤᠯᠤᠯᠲᠠ ᠶᠢ ᠲᠦᠷᠭᠡᠳᠭᠡᠵᠦ᠂ ᠰᠢᠯᠢ ᠶᠢᠨ ᠭᠤᠣᠯ ᠠᠶᠢᠮᠠᠭ ᠠᠴᠠ ᠵᠢᠶᠠᠩᠰᠤ ᠳᠤ ᠬᠦᠷᠬᠦ᠂ ᠦᠪᠦᠷ | ᠮᠣᠩᠭᠤᠯ ᠤᠨ ᠪᠠᠷᠠᠭᠤᠨ ᠪᠡᠶ᠎ᠠ ᠠᠴᠠ ᠲᠢᠶᠠᠨᠵᠢᠨ ᠤ ᠡᠮᠤᠨ᠎ᠠ ᠳᠤ ᠬᠦᠷᠬᠦ᠂ ᠱᠠᠩᠬᠤ ᠰᠦᠮ᠎ᠠ ᠠᠴᠠ ᠱᠠᠨᠳᠦ᠋ᠩ ᠳᠤ | ᠬᠦᠷᠬᠦ ᠵᠡᠷᠭᠡ ᠤᠨᠴᠠ ᠦᠨᠳᠦᠷ ᠬᠦᠴᠦᠳᠡᠯᠳᠦ ᠴᠠᠬᠢᠯᠭᠠᠨ ᠢ ᠭᠠᠳᠠᠭᠰᠢ ᠲᠠᠮᠵᠢᠭᠤᠯᠬᠤ ᠶᠢᠨ ᠨᠡᠪᠲᠡᠷᠡᠬᠦ ᠵᠠᠮ ᠢ | ᠡᠷᠲᠡᠬᠡᠨ ᠪᠠᠷᠢᠯᠭ᠎ᠠ ᠡᠬᠢᠯᠡᠭᠦᠯᠬᠦ ᠶᠢ ᠠᠬᠢᠭᠤᠯᠵᠤ᠂ ᠦᠪᠦᠷ ᠮᠣᠩᠭᠤᠯ ᠤᠨ ᠪᠠᠷᠠᠭᠤᠨ ᠪᠡᠶ᠎ᠡ ᠠᠴᠠ ᠬᠤᠪᠸᠢ ᠶᠢᠨ | ᠦᠬᠠᠨ ᠳᠤ ᠬᠦᠷᠬᠦ᠂ ᠲᠦᠩᠯᠢᠶᠤᠣ ᠶᠢᠨ ᠬᠤᠶᠢᠳᠤ ᠪᠡᠶ᠎ᠡ ᠠᠴᠠ ᠾᠤᠨᠠᠨ ᠳᠤ ᠬᠦᠷᠬᠦ ᠣᠨᠴᠠ ᠦᠨᠳᠦᠷ | ᠬᠦᠴᠦᠳᠡᠯ ᠤᠨ ᠴᠠᠬᠢᠯᠭᠠᠨ ᠢ ᠭᠠᠳᠠᠭᠰᠢ ᠲᠠᠮᠵᠢᠭᠤᠯᠬᠤ ᠳᠤ ᠰᠠᠭᠠᠳ ᠦᠭᠡᠢ ᠨᠡᠪᠲᠡᠷᠡᠬᠦ ᠵᠠᠮ ᠢ ᠤᠯᠤᠰ ᠤᠨ ︽13 | · 5︾ ᠶᠢᠨ ᠲᠦᠯᠦᠪᠵᠢᠭᠦᠯᠭᠡ ᠳᠤ ᠵᠢᠭᠰᠠᠭᠠᠨ ᠣᠷᠤᠭᠤᠯᠬᠤ ᠪᠠᠷ ᠴᠢᠷᠮᠠᠶᠢᠨ᠎ᠠ᠃ ᠴᠠᠬᠢᠯᠭᠠᠨ ᠲᠣᠤᠷ ᠯᠤᠭ᠎ᠠ | ᠲᠦᠬᠦᠷᠵᠢᠭᠰᠡᠨ ᠴᠠᠬᠢᠯᠭᠠᠨ ᠡᠭᠦᠰᠭᠡᠯ ᠤᠨ ᠭᠠᠵᠠᠷ ᠪᠤᠯᠤᠨ ᠨᠡᠭᠦᠷᠡᠰᠦᠨ ᠤ ᠲᠦᠷᠦᠯ ᠵᠦᠢᠯ ᠤᠨ ᠪᠦᠲᠦᠭᠡᠨ | ᠪᠠᠶᠢᠭᠤᠯᠤᠯᠲᠠ ᠶᠢ ᠲᠦᠷᠭᠡᠳᠭᠡᠵᠦ᠂ ᠵᠡᠷᠭᠡᠪᠡᠷ ᠠᠵᠢᠯ ᠡᠬᠢᠯᠡᠭᠦᠯᠵᠦ᠂ ᠵᠡᠷᠭᠡᠪᠡᠷ ᠪᠦᠲᠦᠭᠡᠨ ᠪᠠᠶᠢᠭᠤᠯᠵᠤ᠂ ᠵᠡᠷᠭᠡᠪᠡᠷ | ᠦᠷ᠎ᠡ ᠪᠦᠲᠦᠮᠵᠢ ᠣᠯᠬᠤ ᠶᠢ ᠴᠢᠷᠮᠠᠶᠢᠨ ᠪᠡᠶᠡᠯᠡᠭᠦᠯᠦᠨ᠎ᠡ᠃ ᠳᠡᠭᠡᠳᠦ ᠬᠤᠷᠳᠤ ᠶᠢᠨ ᠵᠠᠰᠠᠮᠠᠯ ᠵᠠᠮ᠂ ᠪᠣᠭᠤᠮᠲᠠ ᠶᠢᠨ | ᠵᠠᠰᠠᠮᠠᠯ ᠵᠠᠮ᠂ ᠭᠤᠣᠯ ᠵᠠᠰᠠᠮᠠᠯ ᠵᠠᠮ ᠪᠣᠯᠣᠨ ᠮᠠᠯᠵᠢᠬᠤ ᠳᠠᠷᠢᠶᠠᠯᠠᠬᠤ ᠣᠷᠣᠨ ᠤ ᠵᠠᠰᠠᠮᠠᠯ ᠵᠠᠮ ᠤᠨ ᠪᠦᠲᠦᠭᠡᠨ | ᠪᠠᠶᠢᠭᠤᠯᠤᠯᠲᠠ ᠶᠢ ᠲᠦᠷᠭᠡᠳᠭᠡᠨ ᠠᠬᠢᠭᠤᠯᠵᠤ᠂ 700 ᠳ᠋ᠦᠩᠰᠢᠭᠤᠷ ᠲᠦᠭᠦᠷᠢᠭ ᠤᠨ ᠪᠡᠯᠡ ᠣᠷᠤᠭᠤᠯᠤᠯᠲᠠ ᠶᠢ | ᠪᠡᠶᠡᠯᠡᠭᠦᠯᠬᠦ ᠪᠠᠷ ᠴᠢᠷᠮᠠᠶᠢᠵᠤ᠂ ᠳᠡᠭᠡᠲᠤ ᠬᠤᠷᠳᠤ ᠶᠢᠨ ᠵᠠᠰᠠᠮᠠᠯ ᠵᠠᠮ ᠤᠨ ᠲᠡᠷᠭᠡ ᠨᠡᠪᠲᠡᠷᠡᠭᠦᠯᠬᠦ ᠤᠷᠳᠤ ᠶᠢ 5000 | ᠺᠢᠯᠣᠮᠧᠳ᠋ᠷ ᠠᠴᠠ ᠳᠠᠪᠠᠭᠤᠯᠵᠤ᠂ ᠪᠠᠷᠤᠭᠰᠢᠨ ᠱᠦᠢᠨᠢ ᠵᠠᠮ ᠨᠡᠪᠳᠡᠷᠡᠬᠦ ᠭᠠᠴᠠᠭ᠎ᠠ ᠲᠤᠰᠬᠤᠨ ᠢ ᠰᠢᠨ᠎ᠡ ᠪᠠᠷ 1000 | ᠨᠡᠮᠡᠭᠳᠡᠭᠦᠯᠵᠦ᠂ ᠭᠠᠴᠠᠭ᠎ᠠ ᠲᠤᠰᠬᠤᠨ ᠵᠡᠭᠡᠯᠢ ᠭᠤᠳᠤᠮᠵᠢ ᠶᠢᠨ ᠵᠠᠮ ᠢ ᠬᠠᠲᠠᠭᠤᠷᠠᠭᠤᠯᠬᠤ ᠡᠭᠦᠷᠭᠡ ᠶᠢ ᠨᠢᠭᠡ ᠵᠢᠯ | ᠤᠷᠢᠳᠴᠢᠯᠠᠨ ᠪᠡᠶᠡᠯᠡᠭᠦᠯᠦᠨ᠎ᠡ᠃ ᠬᠦᠬᠡᠬᠤᠲᠠ ᠠᠴᠠ ᠴᠢᠭᠤᠯᠤᠯᠲᠤ ᠬᠠᠭᠠᠯᠭ᠎ᠠ ᠳᠤ ᠬᠦᠷᠬᠦ ᠠᠶᠠᠨᠴᠢᠳ ᠤᠨ | ᠲᠡᠭᠡᠭᠡᠪᠦᠷᠢ ᠶᠢᠨ ᠲᠤᠰᠬᠠᠢ ᠱᠣᠭᠤᠮ ᠤᠨ ᠲᠡᠮᠦᠷ ᠵᠠᠮ᠂ ᠬᠦᠬᠡᠬᠤᠲᠠ ᠠᠴᠠ ᠵᠡᠭᠦᠨᠭᠠᠷ ᠣᠷᠳᠣᠰ ᠬᠦᠷᠬᠦ ᠲᠦᠷᠭᠡᠨ | ᠬᠤᠷᠳᠤ ᠶᠢᠨ ᠲᠡᠮᠦᠷ ᠵᠠᠮ ᠵᠡᠷᠭᠡ ᠪᠠᠶᠢᠭᠤᠯᠵᠤ ᠪᠠᠶᠢᠭ᠎ᠠ ᠲᠦᠷᠦᠯ ᠵᠦᠢᠯ ᠤᠳ ᠢ ᠲᠦᠷᠭᠡᠳᠭᠡᠨ ᠠᠬᠢᠭᠤᠯᠵᠤ᠂ | ᠲᠦᠩᠯᠢᠶᠤᠣ᠂ ᠤᠯᠠᠭᠠᠠᠬᠠᠳᠠ ᠠᠴᠠ ᠪᠡᠭᠡᠵᠢᠩ ᠮᠦᠭᠳᠡᠨ ᠳᠤ ᠬᠦᠷᠬᠦ ᠠᠶᠠᠨᠴᠢᠳ ᠤᠨ ᠲᠡᠭᠡᠭᠡᠪᠦᠷᠢ ᠶᠢᠨ ᠲᠤᠰᠬᠠᠢ | ᠲᠡᠮᠦᠷ ᠵᠠᠮ ᠤᠨ ᠬᠤᠯᠪᠣᠬᠤ ᠱᠣᠭᠤᠮ ᠢ ᠪᠠᠷᠢᠯᠭ᠎ᠠ ᠡᠬᠢᠯᠡᠭᠦᠯᠦᠨ ᠪᠠᠶᠢᠭᠤᠯᠵᠤ᠂ 350 ᠳ᠋ᠦᠩᠰᠢᠭᠤᠷ ᠲᠦᠭᠦᠷᠢᠭ ᠤᠨ | ᠪᠡᠯᠡ ᠣᠷᠤᠭᠤᠯᠤᠯᠲᠠ ᠶᠢ ᠴᠢᠷᠮᠠᠶᠢᠨ ᠪᠡᠶᠡᠯᠡᠭᠦᠯᠵᠦ᠂ 1600 ᠺᠢᠯᠤᠮᠧᠲᠷ ᠤᠷᠳᠤ ᠲᠡᠮᠦᠷ ᠵᠠᠮ ᠢ ᠰᠢᠨ᠎ᠡ ᠪᠠᠷ | ᠪᠠᠷᠢᠯᠭ᠎ᠠ ᠡᠬᠢᠯᠡᠭᠦᠯᠦᠨ᠎ᠡ᠃ ᠦᠪᠡᠷᠲᠡᠭᠡᠨ ᠵᠠᠰᠠᠬᠤ ᠣᠷᠣᠨ ᠤ ᠵᠡᠭᠦᠨ ᠪᠠᠷᠠᠭᠤᠨ ᠪᠡᠶ᠎ᠠ ᠶᠢᠨ ᠭᠠᠵᠠᠷ ᠣᠷᠣᠨ ᠢ | ᠲᠤᠭᠤᠯᠤᠭᠰᠠᠨ ᠲᠡᠬᠡᠳᠤ ᠬᠤᠷᠳᠤ ᠶᠢᠨ ᠲᠡᠮᠦᠷ ᠵᠠᠮ ᠤᠨ ᠠᠶᠠᠨᠴᠢᠳ ᠤᠨ ᠲᠡᠭᠡᠭᠡᠪᠦᠷᠢ ᠶᠢᠨ ᠨᠡᠪᠲᠡᠷᠡᠬᠦ ᠵᠠᠮ ᠤᠨ | ᠪᠦᠲᠦᠭᠡᠨ ᠪᠠᠶᠢᠭᠤᠯᠤᠯᠲᠠ ᠶᠢ ᠢᠳᠡᠪᠬᠢᠲᠡᠢ ᠰᠦᠪᠡᠭᠴᠢᠯᠡᠵᠦ᠂ ᠮᠠᠨᠵᠤᠤᠷ ᠠᠴᠠ ᠬᠠᠶᠢᠯᠠᠷ᠂ ᠮᠠᠨᠵᠦᠤᠷ ᠠᠴᠠ | ᠤᠯᠠᠭᠠᠨᠬᠤᠳᠠ᠂ ᠮᠠᠨᠵᠤᠤᠷ ᠠᠴᠠ ᠳᠦᠡᠭᠯᠢᠶᠤᠤ᠂ ᠰᠢᠯᠢᠩᠬᠤᠳᠠ ᠠᠴᠠ ᠴᠢᠭᠤᠯᠤᠯᠳᠤ ᠬᠠᠭᠠᠯᠭ᠎ᠠ᠂ ᠬᠦᠬᠡᠬᠤᠳᠠ ᠠᠴᠠ | ᠢᠷᠭᠠᠢ ᠳᠤ ᠬᠦᠷᠬᠦ ᠵᠡᠷᠭᠡ ᠳᠡᠭᠡᠳᠦ ᠬᠤᠷᠳᠤ ᠶᠢᠨ ᠲᠡᠮᠦᠷ ᠵᠠᠮ ᠤᠨ ᠲᠦᠷᠦᠯ ᠵᠦᠢᠯ ᠤᠳ ᠢ ᠤᠯᠤᠰ ᠤᠨ ︽13 · | 5︾ ᠶᠢᠨ ᠲᠡᠮᠦᠷ ᠵᠠᠮ ᠤᠨ ᠲᠣᠣᠷ ᠲᠦᠯᠦᠪᠵᠢᠭᠦᠯᠭᠡ ᠳᠤ ᠣᠷᠣᠭᠤᠯᠬᠤ ᠶᠢᠨ ᠬᠠᠮᠳᠤ᠂ ᠡᠮᠦᠨᠡᠬᠢ ᠬᠤᠭᠤᠴᠠᠭᠠᠨ ᠤ | ᠠᠵᠢᠯ ᠢ ᠪᠦᠬᠦᠨ ᠢ ᠡᠬᠢᠯᠡᠭᠦᠯᠦᠨ᠎ᠡ᠃ ᠬᠦᠬᠡᠬᠤᠲᠠ ᠶᠢᠨ ᠨᠢᠰᠭᠡᠯ ᠤᠨ ᠪᠠᠭᠤᠳᠠᠯ ᠤᠨ ᠨᠡᠭᠦᠯᠭᠡᠵᠦ ᠪᠠᠶᠢᠭᠤᠯᠬᠤ | ᠡᠮᠦᠨᠡᠬᠢ ᠬᠤᠭᠤᠴᠠᠭᠠᠨ ᠤ ᠠᠵᠢᠯ ᠢ ᠲᠦᠷᠭᠡᠳᠭᠡᠨ ᠠᠬᠢᠭᠤᠯᠵᠤ᠂ 3 ᠲᠡᠭᠡᠭᠡᠪᠦᠷᠢ ᠶᠢᠨ ᠨᠢᠰᠭᠡᠯ ᠤᠨ ᠪᠠᠭᠤᠳᠠᠯ | ᠪᠣᠯᠣᠨ 8 ᠨᠡᠶᠢᠳᠡᠮ ᠬᠡᠷᠡᠭᠯᠡᠭᠡᠨ ᠤ ᠨᠢᠰᠭᠡᠯ ᠤᠨ ᠪᠠᠭᠤᠳᠠᠯ ᠢ ᠪᠠᠶᠢᠭᠤᠯᠵᠤ ᠳᠠᠭᠤᠰᠬᠠᠨ᠂ ᠪᠦᠬᠦ ᠣᠷᠣᠨ ᠤ | ᠠᠷᠠᠳ ᠤᠨ ᠬᠡᠷᠡᠭᠯᠡᠭᠡᠨ ᠤ ᠨᠢᠰᠭᠡᠯ ᠤᠨ ᠪᠠᠭᠤᠳᠠᠯ ᠤᠨ ᠶᠡᠷᠦᠩᠬᠡᠢ ᠲᠤᠭ᠎ᠠ ᠶᠢ 29 ᠳᠤ ᠬᠦᠷᠦᠭᠦᠯᠦᠨ᠎ᠡ᠃ ᠲᠣᠮᠣ | ᠬᠡᠯᠪᠡᠷᠢ ᠶᠢᠨ ᠤᠰᠤᠨ ᠠᠰᠢᠭᠯᠠᠯᠲᠠ ᠶᠢᠨ ᠪᠠᠷᠢᠯᠭ᠎ᠠ ᠪᠠᠷ ᠭᠤᠣᠯᠯᠠᠵᠤ᠂ ︽ᠰᠠᠯᠪᠤᠷᠢ ᠵᠢᠵᠢᠭ︾ ᠢᠶᠠᠷ ᠨᠢ ᠬᠠᠷᠢᠯᠴᠠᠨ | ᠲᠦᠬᠦᠷᠵᠢᠭᠦᠯᠦᠭᠰᠡᠨ ᠤᠰᠤᠨ ᠤ ᠲᠤᠯᠭᠠᠭᠤᠷᠢᠯᠠᠬᠤ ᠰᠢᠰᠲ᠋ᠧᠮᠵᠢ ᠶᠢ ᠲᠦᠷᠭᠡᠳᠭᠡᠨ ᠪᠠᠶᠢᠭᠤᠯᠵᠤ᠂ ᠤᠯᠤᠰ ᠤᠨ | ᠲᠦᠯᠦᠪᠵᠢᠭᠦᠯᠭᠡ ᠳᠤ ᠣᠷᠤᠭᠤᠯᠤᠭᠰᠠᠨ 12 ᠵᠦᠢᠯ ᠤᠨ ᠴᠢᠬᠤᠯᠠ ᠶᠡᠭᠡ ᠤᠰᠤᠨ ᠠᠰᠢᠭᠯᠠᠯᠲᠠ ᠶᠢᠨ ᠪᠠᠷᠢᠯᠭ᠎ᠠ ᠶᠢ | ᠭᠤᠣᠯᠳᠠᠯᠭ᠎ᠠ ᠲᠠᠢ ᠠᠬᠢᠭᠤᠯᠤᠨ᠎ᠠ᠃ ᠬᠤᠲᠠ ᠪᠠᠯᠭᠠᠰᠤ ᠶᠢᠨ ᠭᠠᠵᠠᠷ ᠳᠣᠣᠷᠠᠬᠢ ᠬᠤᠭᠤᠯᠠᠢ ᠭᠤᠤᠷᠰᠦ ᠶᠢᠨ ᠲᠣᠣᠷ ᠢ | ᠦᠭᠡᠷᠡᠴᠢᠯᠡᠨ ᠰᠠᠶᠢᠵᠢᠷᠠᠭᠤᠯᠬᠤ ᠪᠠᠷ ᠭᠤᠣᠯᠳᠠᠯᠭ᠎ᠠ ᠪᠣᠯᠭᠠᠵᠤ᠂ ᠨᠢᠭᠡ ᠪᠦᠯᠦᠭ ᠬᠤᠳᠠ ᠶᠢᠨ ᠰᠠᠭᠤᠷᠢ | ᠪᠡᠯᠡᠳᠭᠡᠮᠵᠢ ᠶᠢᠨ ᠲᠦᠷᠦᠯ ᠵᠦᠢᠯ ᠤᠳ ᠢ ᠲᠦᠷᠭᠡᠳᠭᠡᠨ ᠪᠠᠶᠢᠭᠤᠯᠵᠤ᠂ 700 ᠳ᠋ᠦᠩᠰᠢᠭᠤᠷ ᠲᠦᠭᠦᠷᠢᠭ ᠤᠨ ᠪᠡᠯᠡ | ᠣᠷᠤᠭᠤᠯᠤᠯᠲᠠ ᠶᠢ ᠴᠢᠷᠮᠠᠶᠢᠨ ᠪᠡᠶᠠᠯᠡᠭᠦᠯᠦᠨᠡ᠃ | ᠬᠡᠷᠡᠭᠯᠡᠭᠡ ᠶᠢᠨ ᠬᠡᠷᠡᠭᠴᠡᠭᠡ ᠱᠠᠭᠠᠷᠳᠠᠯᠭ᠎ᠠ ᠪᠠᠨ ᠪᠦᠲᠦᠮᠵᠢᠲᠡᠢ ᠦᠷᠭᠡᠳᠭᠡᠨ᠎ᠡ᠃ ᠰᠠᠭᠤᠭᠠᠯᠢ ᠠᠷᠠᠳ ᠤᠨ | ᠬᠡᠷᠡᠭᠯᠡᠭᠡ ᠶᠢ ᠵᠣᠷᠢᠬᠵᠢᠭᠤᠯᠬᠤ ᠡᠳ᠋ ᠤᠨ ᠵᠠᠰᠠᠭ ᠭᠠᠶᠢᠯᠢ᠂ ᠢᠲᠡᠭᠡᠮᠵᠢᠲᠦ ᠵᠢᠭᠡᠯᠡᠯᠭᠡ ᠪᠠ ᠢᠲᠡᠭᠡᠮᠵᠢᠲᠦ ᠬᠡᠷᠡᠭᠯᠡᠭᠡᠨ ᠤ | ᠲᠥᠷᠥ ᠶᠢᠨ ᠪᠣᠳᠣᠯᠭ᠎ᠠ ᠶᠢ ᠬᠡᠷᠡᠭᠵᠢᠭᠦᠯᠵᠦ᠂ ᠬᠤᠳᠠᠯᠳᠤᠭᠠᠨ ᠤ ᠶᠠᠪᠤᠳᠠᠯ ᠤᠨ ᠬᠡᠷᠡᠭᠯᠡᠭᠡ ᠶᠢ ᠬᠦᠭᠵᠢᠭᠡᠨ᠂ ᠣᠷᠣᠨ | ᠰᠠᠭᠤᠴᠠ ᠶᠢᠨ ᠬᠡᠷᠡᠭᠯᠡᠭᠡ ᠶᠢ ᠨᠡᠮᠡᠭᠳᠡᠬᠦᠯᠵᠦ᠂ ᠰᠤᠷᠭᠠᠨ ᠬᠦᠮᠦᠵᠢᠯ ᠰᠣᠶᠣᠯ ᠪᠡᠶ᠎ᠡ ᠶᠢᠨ ᠲᠠᠮᠢᠷ ᠤᠨ ᠬᠡᠷᠡᠭᠯᠡᠭᠡᠨ ᠢ | ᠳᠡᠭᠡᠭᠰᠢᠯᠡᠭᠦᠯᠦᠨ᠂ ᠵᠢᠭᠤᠯᠴᠢᠯᠠᠯ ᠵᠤᠭᠠᠴᠠᠯ ᠤᠨ ᠬᠡᠷᠡᠭᠯᠡᠭᠡ ᠶᠢ ᠳᠡᠰ ᠳᠡᠪᠰᠢᠭᠦᠯᠵᠦ᠂ ᠮᠡᠳᠡᠭᠡ ᠵᠠᠩᠭᠢ ᠶᠢᠨ | ᠦᠢᠯᠡᠴᠢᠯᠡᠭᠡ ᠶᠢᠨ ᠬᠡᠷᠡᠭᠯᠡᠭᠡ ᠶᠢ ᠦᠷᠭᠡᠳᠭᠡᠨ᠂ ᠨᠠᠰᠤᠵᠢᠯ ᠡᠷᠡᠭᠦᠯᠵᠡᠯ ᠭᠡᠷ ᠤᠨ ᠠᠳᠠᠯ ᠠᠬᠤᠢ ᠶᠢᠨ | ᠦᠢᠯᠡᠴᠢᠯᠡᠭᠡ ᠶᠢᠨ ᠬᠡᠷᠡᠭᠯᠡᠭᠡᠨ ᠳᠤ ᠰᠡᠲᠦᠯᠲᠡ ᠦᠭᠴᠦ᠂ ᠣᠯᠠᠨ ᠲᠠᠯ᠎ᠠ ᠪᠠᠷ ᠲᠤᠯᠭᠠᠭᠤᠷᠢᠯᠠᠭᠰᠠᠨ ᠬᠡᠷᠡᠭᠯᠡᠭᠡ ᠶᠢᠨ | ᠨᠡᠮᠡᠭᠳᠡᠯ ᠤᠨ ᠲᠦᠯᠦᠪ ᠪᠠᠶᠢᠳᠠᠯ ᠢ ᠴᠤᠬᠴᠠᠯᠠᠨ ᠪᠠᠶᠢᠭᠤᠯᠤᠨ᠎ᠠ᠃ ᠦᠢᠯᠡᠳᠬᠦᠨ ᠤ ᠶᠠᠰᠦ ᠴᠢᠨᠠᠷ ᠤᠨ ᠠᠮᠤᠷ | ᠲᠥᠪᠰᠢᠨ ᠤ ᠬᠢᠨᠠᠯᠲᠠ ᠬᠠᠮᠢᠶᠠᠷᠤᠯᠲᠠ ᠶᠢ ᠴᠢᠩᠭᠠᠳᠬᠠᠨ᠂ ᠵᠠᠬ᠎ᠠ ᠳᠡᠯᠭᠡᠭᠦᠷ ᠤᠨ ᠡᠮᠬᠢ ᠲᠢᠭᠯᠢᠮ ᠢ ᠴᠡᠭᠴᠡᠯᠡᠨ | ᠵᠢᠷᠤᠮᠵᠢᠭᠤᠯᠵᠤ᠂ ᠪᠠᠷᠠᠭᠠᠨ ᠤ ᠦᠨ᠎ᠡ ᠬᠠᠩᠰᠢ ᠶᠢᠨ ᠶᠡᠷᠦᠩᠬᠡᠢ ᠬᠢᠷᠢ ᠬᠡᠮᠵᠢᠶ᠎ᠡ ᠦᠨᠳᠦᠰᠦᠨ ᠳᠡᠭᠡᠨ ᠲᠤᠭᠲᠠᠭᠤᠨ | ᠪᠠᠶᠢᠬᠤ ᠶᠢ ᠪᠠᠲᠤᠯᠠᠵᠤ᠂ ᠲᠦᠭᠦᠮ ᠠᠮᠤᠷ ᠲᠦᠪᠰᠢᠨ ᠢᠲᠡᠭᠡᠮᠵᠢᠲᠡᠢ ᠬᠡᠷᠡᠭᠯᠡᠭᠡ ᠶᠢᠨ ᠣᠷᠴᠢᠨ ᠲᠣᠭᠤᠷᠢᠨ ᠢ | ᠡᠭᠦᠳᠦᠨ ᠪᠠᠶᠢᠭᠤᠯᠤᠨ᠎ᠠ᠃ ᠭᠦᠢᠯᠭᠡᠭᠡᠨ ᠤ ᠰᠢᠰᠲ᠋ᠧᠮᠵᠢ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠨ᠂ | ᠭᠥᠢᠯᠭᠡᠭᠡᠨ ᠤ ᠠᠷᠭ᠎ᠠ ᠮᠠᠶ᠋ᠢᠭ ᠪᠠ ᠭᠥᠢᠯᠭᠡᠭᠡᠨ ᠤ ᠡᠵᠡᠩᠨᠡᠯᠲᠡ ᠶᠢᠨ ᠪᠠᠶᠢᠳᠠᠯ ᠢ ᠰᠢᠨ᠎ᠡ ᠪᠠᠷ ᠡᠭᠦᠳᠴᠦ᠂ ᠡᠯᠧᠺᠳ᠋ᠷᠤᠨ | ᠬᠤᠳᠠᠯᠳᠤᠭᠠᠨ ᠤ ᠶᠠᠪᠤᠳᠠᠯ ᠵᠡᠷᠬᠡ ᠬᠤᠳᠠᠯᠳᠤᠭᠠᠨ ᠤ ᠵᠠᠭᠪᠤᠷ ᠢ ᠶᠡᠬᠡᠪᠡᠷ ᠬᠦᠭᠵᠢᠭᠦᠯᠵᠦ᠂ ᠦᠪᠡᠷᠮᠢᠴᠡ ᠮᠦᠷᠳᠡᠬᠡᠨ | ᠣᠯᠠᠨ ᠶᠠᠩᠵᠤ ᠶᠢᠨ ᠬᠡᠷᠡᠭᠯᠡᠭᠡᠨ ᠤ ᠬᠡᠷᠡᠭᠴᠡᠭᠡ ᠱᠠᠭᠠᠷᠳᠠᠯᠭ᠎ᠠ ᠳᠤ ᠲᠣᠬᠢᠷᠠᠯᠴᠠᠭᠤᠯᠤᠨ᠎ᠠ᠃ ᠵᠢᠭᠤᠯᠴᠢᠯᠠᠯ᠂ ᠰᠣᠶᠣᠯ | ᠵᠡᠷᠭᠡ ᠲᠠᠢ ᠬᠤᠯᠪᠣᠭᠳᠠᠬᠤ ᠠᠵᠤ ᠦᠢᠯᠡᠰ ᠤᠨ ᠠᠭᠤᠰᠤᠯᠴᠠᠨ ᠬᠦᠭᠵᠢᠬᠦ ᠶᠢ ᠠᠬᠢᠭᠤᠯᠵᠤ᠂ ᠮᠠᠯᠵᠢᠬᠤ ᠲᠠᠷᠢᠶᠠᠯᠠᠬᠤ | ᠣᠷᠣᠨ ᠤ ᠬᠡᠷᠡᠭᠯᠡᠭᠡᠨ ᠤ ᠵᠠᠬ᠎ᠠ ᠳᠡᠯᠭᠡᠭᠦᠷ ᠢ ᠶᠡᠬᠡᠪᠡᠷ ᠨᠡᠭᠡᠭᠡᠨ ᠡᠭᠦᠳᠴᠦ᠂ ᠬᠡᠷᠡᠭᠯᠡᠭᠡᠨ ᠤ ᠰᠢᠨ᠎ᠡ ᠨᠡᠮᠡᠭᠳᠡᠯ ᠤᠨ | ᠴᠡᠭ ᠢ ᠪᠤᠶᠢᠵᠢᠭᠤᠯᠤᠨ᠎ᠠ᠃ | ᠠᠵᠤ ᠠᠬᠤᠢ ᠶᠢᠨ ᠠᠵᠢᠯᠯᠠᠭᠠᠨ ᠢ ᠬᠦᠴᠦᠯᠡᠨ ᠲᠣᠭᠲᠠᠪᠤᠷᠢᠵᠢᠭᠤᠯᠤᠨ᠎ᠠ᠃ ᠠᠵᠤ ᠦᠢᠯᠡᠳᠪᠦᠷᠢ ᠶᠢᠨ | ᠠᠵᠢᠯᠯᠠᠭᠠᠨ ᠪᠠ ᠠᠵᠤ ᠠᠬᠤᠶᠢᠯᠠᠯ ᠤᠨ ᠦᠢᠯᠡᠳᠪᠦᠷᠢᠯᠡᠯ ᠡᠵᠡᠩᠨᠡᠯᠳᠡ ᠶᠢ ᠲᠣᠭᠲᠠᠪᠤᠷᠢᠵᠢᠭᠤᠯᠬᠤ ᠪᠠᠷ ᠭᠤᠣᠯᠳᠠᠯᠭ᠎ᠠ | ᠪᠣᠯᠭᠠᠵᠤ᠂ ᠠᠵᠤ ᠠᠬᠤᠢ ᠶᠢᠨ ᠠᠵᠢᠯᠯᠠᠭᠠᠨ ᠤ ᠲᠣᠬᠢᠷᠠᠭᠤᠯᠤᠯᠲᠠ ᠪᠠᠨ ᠴᠢᠩᠭᠠᠳᠬᠠᠨ᠂ ᠠᠵᠤ ᠠᠬᠤᠶᠢᠯᠠᠯ ᠢ | ᠬᠠᠪᠰᠤᠷᠴᠤ ᠳᠠᠷᠤᠭᠠᠰᠤ ᠶᠢ ᠨᠢ ᠬᠦᠩᠭᠡᠷᠡᠭᠦᠯᠦᠨ᠂ ᠦᠷ᠎ᠡ ᠠᠰᠢᠭ ᠢ ᠨᠢ ᠨᠡᠮᠡᠭᠳᠡᠭᠦᠯᠦᠨ᠂ ᠠᠵᠤ ᠠᠬᠤᠢ ᠶᠢᠨ | ᠨᠡᠮᠡᠭᠳᠡᠯ ᠤᠨ ᠰᠠᠭᠤᠷᠢ ᠶᠢ ᠲᠣᠭᠲᠠᠪᠤᠷᠢᠵᠢᠭᠤᠯᠤᠨ᠎ᠠ᠃ ᠨᠡᠭᠦᠷᠡᠰᠦᠨ ᠤ ᠭᠠᠷᠤᠯᠲᠠ ᠶᠢ ᠬᠢᠵᠠᠭᠠᠷᠯᠠᠵᠤ ᠦᠨ᠎ᠡ | ᠬᠠᠩᠰᠢ ᠶᠢ ᠲᠣᠭᠲᠠᠭᠤᠨ ᠪᠠᠶᠢᠯᠭᠠᠬᠤ ᠡᠷᠴᠢᠮ ᠢᠶᠠᠨ ᠤᠯᠠᠮ ᠨᠢᠭᠡ ᠠᠯᠬᠤᠮ ᠴᠢᠩᠭᠠᠷᠠᠭᠤᠯᠵᠤ᠂ ᠴᠠᠬᠢᠯᠭᠠᠨ ᠭᠠᠷᠭᠠᠬᠤ | ᠨᠡᠭᠦᠷᠡᠰᠦ ᠶᠢᠨ ᠤᠷᠳᠤ ᠬᠤᠭᠤᠴᠠᠭ᠎ᠠ ᠲᠠᠢ ᠲᠣᠭᠲᠠᠭᠤᠨ ᠢᠶᠠᠷ ᠬᠠᠩᠭᠠᠬᠤ ᠬᠤᠷᠰᠢᠯᠴᠠᠭᠠᠨ ᠤ ᠬᠡᠯᠡᠯᠴᠡᠭᠡᠷ ᠢ | ᠨᠠᠶᠢᠳᠠᠪᠤᠷᠢᠵᠢᠭᠤᠯᠤᠨ᠂ ᠨᠡᠭᠦᠷᠡᠰᠦᠨ ᠤ ᠭᠠᠷᠤᠯᠲᠠ ᠪᠠ ᠪᠣᠷᠤᠯᠠᠭᠤᠯᠬᠤ ᠣᠷᠣᠨ ᠪᠦᠰᠡ ᠶᠢᠨ ᠬᠤᠯᠪᠤᠭᠠᠯᠠᠨ | ᠬᠦᠳᠡᠯᠦᠯᠴᠡᠬᠦ ᠲᠤᠭᠲᠠᠴᠠ ᠶᠢ ᠰᠦᠪᠡᠭᠴᠢᠯᠡᠨ ᠪᠠᠶᠢᠭᠤᠯᠵᠤ᠂ ᠨᠡᠭᠦᠷᠡᠰᠦᠨ ᠤ ᠠᠵᠢᠯ ᠲᠦᠷᠦᠯ ᠤᠨ ᠬᠢᠨ ᠤ ᠦᠷ᠎ᠡ | ᠠᠰᠢᠭ ᠢ ᠳᠡᠭᠡᠭᠰᠢᠯᠡᠭᠦᠯᠦᠨ᠎ᠡ᠃ ᠴᠠᠬᠢᠯᠭᠠᠨ ᠬᠦᠴᠦᠨ ᠢ ᠶᠡᠷᠦᠩᠬᠡᠶᠢᠯᠡᠨ ᠲᠡᠳᠭᠦᠬᠦ ᠲᠥᠷᠥ ᠶᠢᠨ ᠪᠣᠳᠣᠯᠭ᠎ᠠ ᠶᠢᠨ | ᠬᠡᠷᠡᠭᠵᠢᠭᠦᠯᠬᠦ ᠡᠷᠴᠢᠮ ᠢᠶᠠᠨ ᠤᠯᠠᠮ ᠨᠢᠭᠡ ᠠᠯᠬᠤᠮ ᠴᠢᠩᠭᠠᠷᠠᠭᠤᠯᠵᠤ᠂ ᠠᠵᠤ ᠠᠬᠤᠶᠢᠯᠠᠯ ᠤᠨ ᠴᠠᠬᠢᠯᠭᠠᠨ ᠬᠡᠷᠡᠭᠯᠡᠬᠦ | ᠥᠪᠡᠷ ᠤᠨ ᠥᠷᠲᠡᠭ ᠢ ᠪᠦᠲᠥᠮᠵᠢᠲᠡᠢ ᠪᠠᠭᠤᠷᠠᠭᠤᠯᠤᠨ᠎ᠠ᠃ ᠠᠵᠤ ᠠᠬᠤᠶᠢᠯᠠᠯ ᠳᠤ ᠬᠤᠯᠪᠣᠭᠳᠠᠬᠤ ᠰᠦᠢᠳᠭᠡᠯ | ᠬᠤᠷᠢᠶᠠᠬᠤ ᠭᠠᠷᠴᠠᠭ ᠤᠨ ᠨᠠᠷᠢᠨ ᠬᠠᠭᠤᠳᠠᠰᠤ ᠶᠢ ᠨᠡᠶᠢᠲᠡᠯᠡᠵᠦ᠂ ᠨᠠᠷᠢᠨ ᠬᠠᠭᠤᠳᠠᠰᠤ ᠠᠴᠠ ᠭᠠᠳᠠᠭᠤᠷ ᠰᠦᠢᠳᠭᠡᠯ | ᠬᠤᠷᠢᠶᠠᠬᠤ ᠵᠦᠢᠯ ᠦᠭᠡᠢ ᠪᠤᠯᠭᠠᠬᠤ ᠶᠢ ᠦᠨᠡᠨᠬᠦ ᠪᠡᠶᠡᠯᠡᠬᠦᠯᠦᠨ᠎ᠠ᠃ | ︵ᠬᠤᠶᠠᠷ︶ ᠠᠵᠤ ᠠᠬᠤᠢ ᠶᠢᠨ ᠪᠥᠲᠥᠴᠡ ᠶᠢ ᠬᠦᠴᠦᠯᠡᠨ ᠲᠤᠬᠢᠷᠠᠭᠤᠯᠤᠨ ᠰᠢᠯᠢᠳᠡᠭᠵᠢᠭᠦᠯᠵᠦ᠂ ᠠᠵᠤ | ᠠᠬᠤᠢ ᠶᠢᠨ ᠬᠦᠭᠵᠢᠯᠲᠡ ᠶᠢᠨ ᠰᠢᠨ᠎ᠡ ᠠᠷᠭ᠎ᠠ ᠮᠠᠶ᠋ᠢᠭ ᠢ ᠲᠦᠷᠭᠡᠳᠭᠡᠨ ᠬᠤᠪᠢᠷᠠᠭᠤᠯᠤᠨ᠎ᠠ | ᠠᠵᠤ ᠦᠢᠯᠡᠰ ᠤᠨ ᠪᠦᠲᠦᠴᠡ ᠶᠢᠨ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠶᠢ ᠶᠡᠬᠡᠪᠡᠷ ᠠᠬᠢᠭᠤᠯᠤᠨ᠎ᠠ᠃ | ︽ᠲᠠᠪᠤᠨ ᠲᠤᠮᠤ ᠰᠠᠭᠤᠷᠢᠨ ᠭᠠᠵᠠᠷ︾ ᠤᠨ ᠪᠦᠲᠦᠭᠡᠨ ᠪᠠᠶᠢᠭᠤᠯᠤᠯᠲᠠ ᠪᠠᠷ ᠭᠤᠤᠯᠳᠠᠯᠭ᠎ᠠ ᠪᠤᠯᠭᠠᠨ᠂ ᠡᠬᠢ | ᠪᠠᠶᠠᠯᠢᠭ ᠤᠨ ᠶᠡᠷᠦᠩᠭᠡᠶᠢᠯᠡᠨ ᠠᠰᠢᠭᠯᠠᠬᠤ ᠨᠣᠷᠮ᠎ᠠ ᠪᠠ ᠠᠵᠤ ᠦᠢᠯᠡᠰ ᠤᠨ ᠨᠠᠷᠢᠯᠢᠬ ᠭᠦᠨ ᠪᠣᠯᠪᠠᠰᠤᠷᠠᠭᠤᠯᠬᠤ | ᠬᠡᠮᠵᠢᠶ᠎ᠡ ᠶᠢ ᠳᠡᠭᠡᠭᠰᠢᠯᠡᠭᠦᠯᠬᠦ ᠪᠠᠷ ᠭᠤᠣᠯ ᠰᠢᠪᠳᠤᠯᠤᠯᠲᠠ ᠶᠢᠨ ᠴᠢᠭᠯᠡᠯ ᠪᠣᠯᠭᠠᠵᠤ᠂ ᠤᠯᠠᠨ ᠡᠰᠢᠵᠢᠯ ᠲᠠᠢ ᠬᠦᠭᠵᠢᠬᠦ | ᠣᠳᠣ ᠦᠶ᠎ᠡ ᠶᠢᠨ ᠠᠵᠤ ᠦᠢᠯᠡᠰ ᠤᠨ ᠰᠢᠰᠲ᠋ᠧᠮᠵᠢ ᠶᠢ ᠪᠠᠶᠢᠭᠤᠯᠤᠨ᠎ᠠ᠃ ᠤᠯᠠᠮᠵᠢᠯᠠᠯᠲᠤ ᠠᠵᠤ ᠦᠢᠯᠡᠰ ᠤᠨ ᠰᠢᠨ᠎ᠡ | ᠬᠡᠯᠪᠡᠷᠢᠵᠢᠯ ᠢ ᠲᠦᠷᠭᠡᠳᠭᠡᠨ᠂ ᠨᠡᠭᠦᠷᠡᠰᠦ ᠦᠢᠯᠡᠳᠪᠦᠷᠢᠯᠡᠬᠦ ᠠᠵᠤ ᠠᠬᠤᠶᠢᠯᠠᠯ ᠬᠢᠭᠡᠳ ᠲᠤᠤᠷ᠎ᠠ ᠬᠡᠯᠬᠢᠶᠡᠨ ᠤ | ᠤᠨᠳᠤᠤᠰᠢᠭᠤᠯᠬᠤ ᠠᠵᠤ ᠠᠬᠤᠶᠢᠯᠠᠯ ᠲᠠᠢ ᠭᠦᠨᠵᠡᠭᠡᠢ ᠬᠠᠮᠵᠢᠯᠴᠠᠬᠤ᠂ ᠪᠠᠶᠢᠯᠳᠤᠬᠤ ᠪᠣᠳᠣᠯᠭ᠎ᠠ ᠪᠠᠷ ᠳᠠᠬᠢᠨ ᠵᠣᠬᠢᠶᠠᠨ | ᠪᠠᠶᠢᠭᠤᠯᠬᠤ ᠶᠢ ᠠᠬᠢᠭᠤᠯᠤᠨ᠂ ᠨᠡᠭᠦᠷᠡᠰᠦ ᠴᠠᠬᠢᠯᠭᠠᠨ᠂ ᠨᠡᠭᠦᠷᠡᠰᠦ ᠬᠢᠮᠢ ᠶᠢᠨ ᠠᠵᠤ ᠦᠢᠯᠡᠳᠪᠦᠷᠢ ᠬᠤᠯᠪᠣᠭᠠᠯᠠᠨ | ᠬᠦᠭᠵᠢᠬᠦ ᠶᠢ ᠬᠡᠷᠡᠭᠵᠢᠭᠦᠯᠦᠨ᠂ ᠨᠠᠭᠦᠷᠡᠰᠦ ᠶᠢ ᠲᠣᠬᠠᠢ ᠶᠢᠨ ᠭᠠᠵᠠᠷ ᠲᠤᠨᠢ ᠪᠣᠯᠪᠠᠰᠤᠷᠠᠭᠤᠯᠤᠨ ᠤᠨᠳᠤᠤᠰᠢᠭᠤᠯᠬᠤ | ᠬᠢᠷᠢ ᠬᠡᠮᠵᠢᠶ᠎ᠡ ᠪᠠᠨ ᠳᠡᠭᠡᠭᠰᠢᠯᠡᠭᠦᠯᠦᠨ᠎ᠡ᠃ ᠨᠡᠭᠦᠷᠡᠰᠦ ᠴᠠᠬᠢᠯᠭᠠᠨ ᠲᠡᠮᠦᠷᠯᠢᠭ᠂ ᠨᠡᠭᠦᠷᠡᠰᠦ ᠴᠠᠬᠢᠯᠭᠠᠨ ᠬᠢᠮᠢ᠂ | ᠨᠡᠭᠦᠷᠡᠰᠦ ᠴᠠᠬᠢᠯᠭᠠᠨ ᠴᠠᠬᠢᠭᠤᠷ ᠵᠡᠷᠭᠡ ᠣᠨᠴᠠᠯᠢᠭᠳᠤ ᠠᠵᠤ ᠦᠢᠯᠡᠰ ᠤᠨ ᠬᠡᠯᠬᠢᠶ᠎ᠡ ᠶᠢᠨ ᠬᠡᠪᠴᠢᠶ᠎ᠡ ᠶᠢ ᠦᠷᠭᠡᠳᠭᠡᠨ᠂ | ᠥᠪᠡᠷ ᠤᠨ ᠥᠷᠲᠡᠭ ᠤᠨ ᠬᠢᠨᠢ ᠥᠷᠢᠰᠥᠯᠳᠥᠭᠡᠨ ᠤ ᠰᠢᠨ᠎ᠡ ᠳᠠᠪᠠᠭᠤᠯᠢᠭ ᠢ ᠪᠣᠢ ᠪᠣᠯᠭᠠᠨ᠎ᠠ᠃ ᠪᠣᠯᠣᠳ ᠲᠡᠮᠦᠷ᠂ | ᠥᠩᠭᠡᠲᠦ ᠲᠡᠮᠦᠷᠯᠢᠭ᠂ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠭᠦᠨ ᠡᠳ᠋ᠰᠢᠭᠦᠯᠬᠦ ᠵᠡᠷᠭᠡ ᠠᠵᠤ | ᠦᠢᠯᠡᠰ ᠤᠨ ᠬᠡᠯᠬᠢᠶ᠎ᠡ ᠪᠠᠨ ᠤᠷᠳᠤᠳᠬᠠᠨ ᠳᠡᠰ ᠳᠡᠪᠰᠢᠬᠦ ᠶᠢ ᠠᠬᠢᠭᠤᠯᠵᠤ᠂ ᠬᠤᠪᠤᠷ ᠰᠢᠷᠦ᠋ᠢᠳᠤ ᠪᠣᠯᠣᠳ᠂ | ᠬᠦᠩᠭᠡᠨ ᠴᠠᠭᠠᠨ ᠤ ᠰᠡᠭᠦᠯᠴᠢ ᠶᠢᠨ ᠡᠳ᠋ᠰᠢᠭᠦᠯᠦᠯ᠂ ᠪᠣᠬᠢᠷᠳᠤᠯ ᠦᠭᠡᠢ ᠲᠠᠷᠢᠶᠠᠯᠠᠩ ᠮᠠᠯ ᠤᠨ ᠠᠰᠢᠭ ᠰᠢᠮ᠎ᠡ ᠶᠢᠨ | ᠪᠥᠳᠦᠭᠡᠭᠳᠡᠬᠦᠨ ᠵᠡᠷᠭᠡ ᠳᠤᠮᠳᠠ ᠳᠡᠭᠡᠲᠤ ᠳᠡᠰ ᠤᠨ ᠦᠢᠯᠡᠳᠬᠦᠨ ᠢ ᠲᠦᠷᠭᠡᠳᠭᠡᠨ ᠬᠥᠭᠵᠢᠭᠦᠯᠦᠨ᠎ᠡ᠃ ᠰᠢᠨ᠎ᠡ ᠪᠠᠷ | ᠪᠣᠢ ᠪᠣᠯᠣᠭᠰᠠᠨ ᠠᠵᠤ ᠦᠢᠯᠡᠰ ᠤᠨ ᠬᠡᠪᠴᠢᠶᠡᠵᠢᠯ ᠢ ᠠᠬᠢᠭᠤᠯᠤᠨ᠂ ᠣᠳᠣ ᠦᠶ᠎ᠡ ᠶᠢᠨ ᠨᠡᠭᠦᠷᠡᠰᠦ ᠬᠢᠮᠢ ᠶᠢᠨ ᠠᠵᠤ | ᠦᠢᠯᠡᠳᠪᠦᠷᠢ ᠶᠢ ᠪᠣᠵᠠᠭᠠᠶᠢᠷᠠᠭᠤᠯᠵᠤ᠂ ᠨᠡᠭᠦᠷᠡᠰᠦ ᠪᠠᠷ ᠠᠯᠺᠧᠨ ᠦᠢᠯᠡᠳᠪᠦᠷᠢᠯᠡᠬᠦ 220 ᠲᠦᠮᠡᠨ ᠲᠤᠨ᠂ | ᠨᠡᠭᠦᠷᠡᠰᠦ ᠶᠢ ᠬᠡᠢ ᠪᠣᠯᠭᠠᠬᠤ 280 ᠳ᠋ᠦᠩᠰᠢᠭᠤᠷ ᠪᠣᠰᠤᠭ᠎ᠠ ᠲᠦᠷᠪᠡᠯᠵᠢᠨ ᠮᠧᠳ᠋ᠷ᠂ ᠨᠡᠭᠦᠷᠡᠰᠦ ᠪᠠᠷ ᠲᠣᠰᠣ | ᠦᠢᠯᠡᠳᠪᠦᠷᠢᠯᠡᠬᠦ 416 ᠲᠦᠮᠡᠨ ᠲᠤᠨ ᠤ ᠪᠠᠷᠢᠯᠭ᠎ᠠ ᠶᠢ ᠰᠢᠨ᠎ᠡ ᠪᠠᠷ ᠡᠬᠢᠯᠡᠭᠦᠯᠬᠦ ᠪᠠᠷ ᠴᠢᠷᠮᠠᠶᠢᠨ᠎ᠠ᠃ ᠡᠭᠦᠯᠡᠨ | ᠪᠣᠳᠣᠯᠲᠠ ᠪᠠᠷ ᠭᠤᠣᠯᠳᠠᠯᠭ᠎ᠠ ᠪᠣᠯᠭᠠᠭᠰᠠᠨ ᠮᠡᠳᠡᠭᠡ ᠵᠠᠩᠭᠢᠵᠢᠭᠤᠯᠬᠤ ᠰᠠᠭᠤᠷᠢ ᠪᠡᠯᠡᠳᠬᠡᠮᠵᠢ ᠪᠤᠯᠤᠨ | ᠥᠢᠯᠡᠴᠢᠯᠡᠭᠡ ᠶᠢᠨ ᠴᠢᠳᠠᠪᠤᠷᠢ ᠶᠢᠨ ᠪᠠᠶᠢᠭᠤᠯᠤᠯᠲᠠ ᠶᠢ ᠴᠢᠩᠭᠠᠳᠬᠠᠨ᠂ ︽ᠬᠤᠶᠠᠷᠵᠢᠭᠤᠯᠬᠤ︾ ᠶᠢᠨ | ᠠᠭᠤᠰᠤᠯᠴᠠᠬᠤ ᠰᠠᠭᠤᠷᠢ ᠶᠢ ᠪᠠᠳᠤᠳᠬᠠᠨ᠎ᠠ᠃ ᠲᠡᠷᠢᠭᠦᠨ ᠤ ᠲᠣᠨᠤᠭ ᠲᠥᠬᠦᠭᠡᠷᠦᠮᠵᠢ ᠦᠢᠯᠡᠳᠬᠦ᠂ ᠬᠤᠪᠤᠷ | ᠰᠢᠷᠤᠢ ᠶᠢᠨ ᠰᠢᠨ᠎ᠡ ᠮᠠᠲ᠋ᠤᠷᠢᠶᠠᠯ᠂ ᠴᠡᠪᠡᠷ ᠡᠨᠧᠷᠭᠢ ᠵᠡᠷᠭᠡ ᠠᠵᠤ ᠦᠢᠯᠡᠰ ᠢ ᠲᠦᠷᠭᠡᠳᠭᠡᠨ ᠬᠦᠭᠵᠢᠭᠦᠯᠵᠦ᠂ | ᠭᠤᠣᠯᠳᠠᠯᠭ᠎ᠠ ᠲᠠᠢ ᠠᠵᠤ ᠦᠢᠯᠡᠰ ᠤᠨ ᠬᠦᠷᠢᠶᠡᠯᠡᠩ ᠲᠣᠭᠤᠷᠢᠭ ᠲᠤ ᠲᠦᠰᠢᠭᠯᠡᠨ ᠳᠤᠮᠳᠠ ᠵᠢᠵᠢᠭ ᠠᠵᠤ | ᠠᠬᠤᠶᠢᠯᠠᠯ ᠢ ᠪᠤᠶᠢᠵᠢᠭᠤᠯᠤᠨ ᠬᠦᠭᠵᠢᠭᠦᠯᠵᠦ᠂ ᠲᠦᠬᠦᠷᠵᠢᠭᠰᠡᠨ᠂ ᠤᠷᠳᠤᠳᠬᠠᠬᠵᠢᠭᠰᠠᠨ ᠪᠠ ᠬᠡᠷᠡᠭᠯᠡᠭᠡᠨ ᠤ | ᠦᠢᠯᠡᠴᠢᠯᠡᠭᠡ ᠶᠢ ᠠᠬᠢᠭᠤᠯᠤᠨ᠂ ᠠᠵᠤ ᠦᠢᠯᠡᠰ ᠤᠨ ᠪᠦᠭᠡᠮᠨᠡᠷᠡᠨ ᠬᠥᠭᠵᠢᠬᠦ ᠰᠢᠨ᠎ᠡ ᠪᠠᠶᠢᠳᠠᠯ ᠢ ᠪᠣᠢ ᠪᠣᠯᠭᠠᠨ᠎ᠠ᠃ | ᠲᠤᠯᠭᠠᠭᠤᠷᠢ ᠠᠵᠤ ᠦᠢᠯᠡᠰ ᠤᠨ ᠣᠯᠠᠨ ᠡᠰᠢᠵᠢᠯ ᠢ ᠠᠬᠢᠭᠤᠯᠵᠤ᠂ ᠰᠢᠨ᠎ᠡ ᠦᠢᠯᠡᠳᠬᠦᠨ᠂ ᠰᠢᠨ᠎ᠡ ᠡᠵᠡᠩᠨᠡᠯᠲᠡ ᠶᠢᠨ | ᠪᠠᠶᠢᠳᠠᠯ ᠢ ᠶᠡᠬᠡᠪᠡᠷ ᠬᠦᠭᠵᠢᠬᠦᠯᠵᠦ᠂ ᠡᠨᠧᠷᠭᠢ ᠠᠷᠪᠢᠯᠠᠵᠤ ᠣᠷᠴᠢᠨ ᠲᠣᠭᠤᠷᠢᠨ ᠢ ᠬᠠᠮᠠᠭᠠᠯᠠᠬᠤ ᠵᠡᠷᠭᠡ ᠰᠢᠨ᠎ᠡ ᠪᠠᠷ | ᠬᠦᠭᠵᠢᠭᠰᠡᠨ ᠠᠵᠤ ᠦᠢᠯᠡᠰ ᠤᠨ ᠪᠣᠵᠠᠭᠠᠶᠢᠷᠠᠨ ᠬᠦᠴᠦᠷᠭᠡᠭᠵᠢᠭᠦ ᠶᠢ ᠢᠳᠡᠪᠬᠢᠳᠠᠢ ᠳᠡᠳᠬᠦᠨ᠂ ᠰᠢᠨ᠎ᠡ ᠨᠡᠮᠡᠭᠳᠡᠯ ᠤᠨ | ᠴᠡᠭ ᠢ ᠪᠤᠶᠢᠵᠢᠭᠤᠯᠤᠨ᠎ᠠ᠃ | ᠣᠳᠣ ᠦᠶ᠎ᠡ ᠶᠢᠨ ᠦᠢᠯᠡᠴᠢᠯᠡᠭᠡ ᠶᠢᠨ ᠦᠢᠯᠡᠰ ᠢ ᠬᠦᠭᠵᠢᠭᠦᠯᠦᠨ ᠪᠣᠵᠠᠭᠠᠶᠢᠷᠠᠭᠤᠯᠤᠨ᠎ᠠ᠃ ᠶᠡᠷᠦᠩᠬᠡᠢ | ᠬᠡᠯᠳᠡᠰ ᠤᠨ ᠰᠠᠭᠤᠷᠢᠨ ᠭᠠᠵᠠᠷ᠂ ᠪᠠᠷᠠᠭᠠᠨ ᠤ ᠭᠦᠢᠯᠭᠡᠭᠡᠨ ᠤ ᠬᠦᠷᠢᠶᠡᠯᠡᠩ ᠲᠣᠭᠤᠷᠢᠭ᠂ ᠵᠢᠭᠤᠯᠴᠢᠯᠠᠯ ᠤᠨ | ᠦᠵᠡᠮᠵᠢ ᠶᠢᠨ ᠣᠷᠣᠨ᠂ ᠰᠢᠨᠵᠢᠯᠡᠬᠦ ᠤᠬᠠᠭᠠᠨ ᠮᠡᠷᠭᠡᠵᠢᠯ ᠢᠶᠠᠷ ᠠᠳᠠᠯ ᠦᠢᠯᠡᠰ ᠴᠤᠭᠴᠠᠯᠠᠬᠤ ᠬᠦᠷᠢᠶᠡᠯᠡᠩ | ᠲᠣᠭᠤᠷᠢᠭ ᠵᠡᠷᠭᠡ ᠴᠢᠬᠤᠯᠠ ᠶᠡᠭᠡ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠦ᠂ ᠨᠢᠭᠡ | ᠪᠦᠯᠦᠭ ᠬᠡᠪᠴᠢᠶ᠎ᠡ ᠪᠠᠷ ᠨᠡᠯᠢᠶᠡᠳ ᠶᠡᠭᠡ᠂ ᠨᠦᠯᠦᠭᠡᠯᠡᠨ ᠳᠠᠶᠢᠴᠢᠯᠠᠬᠤ ᠦᠢᠯᠡᠳᠦᠯ ᠢᠶᠠᠷ ᠨᠡᠯᠢᠶᠡᠳ ᠴᠢᠩᠭ᠎ᠠ ᠪᠣᠯᠬᠤ | ᠦᠢᠯᠡᠴᠢᠯᠡᠭᠡ ᠶᠢᠨ ᠦᠢᠯᠡᠰ ᠴᠤᠭᠯᠠᠷᠠᠭᠰᠠᠨ ᠲᠤᠭᠤᠷᠢᠭ ᠢ ᠪᠣᠢ ᠪᠣᠯᠭᠠᠨ᠎ᠠ᠃ ᠦᠢᠯᠡᠴᠢᠯᠡᠭᠡ ᠶᠢᠨ ᠦᠢᠯᠡᠰ ᠤᠨ | ᠦᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ᠨᠡᠶᠢᠬᠡᠮ ᠤᠨ ᠬᠢᠨ ᠤ ᠬᠦᠷᠦᠩᠬᠡ ᠮᠦᠡᠭᠬᠦ ᠶᠢ ᠬᠦᠳᠦᠯᠦᠨ ᠵᠢᠯᠤᠭᠤᠳᠴᠤ | ᠪᠠᠶᠢᠭᠠᠳ ᠭᠤᠤᠯᠳᠠᠯᠭ᠎ᠠ ᠲᠠᠢ ᠬᠦᠷᠢᠶᠡᠨ ᠳᠤ ᠤᠷᠤᠭᠤᠯᠵᠦ᠂ ᠵᠠᠰᠠᠭ ᠤᠨ ᠣᠷᠳᠣᠨ ᠤ ᠬᠢᠨ ᠨᠡᠶᠢᠭᠡᠮ ᠠᠴᠠ ᠤᠯᠠᠨ | ᠨᠡᠶᠢᠲᠡ ᠶᠢᠨ ᠦᠢᠯᠡᠴᠢᠯᠡᠭᠡ ᠬᠤᠳᠠᠯᠳᠤᠨ ᠠᠪᠬᠤ ᠬᠦᠷᠢᠶ᠎ᠠ ᠬᠡᠪᠴᠢᠶ᠎ᠡ ᠪᠠᠨ ᠦᠷᠭᠡᠳᠭᠡᠨ᠎ᠠ᠂ ᠬᠦᠬᠡᠬᠤᠲᠠ ᠳᠠᠬᠢ | ᠤᠯᠤᠰ ᠤᠨ ᠦᠢᠯᠡᠴᠢᠯᠡᠭᠡ ᠶᠢᠨ ᠦᠢᠯᠡᠰ ᠤᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢᠨ ᠲᠤᠷᠰᠢᠯᠲᠠ ᠶᠢᠨ ᠴᠢᠬ ᠢ | ᠦᠷᠭᠦᠯᠵᠢᠯᠡᠨ ᠰᠠᠶᠢᠳᠤᠷ ᠠᠳᠬᠤᠵᠤ᠂ ᠥᠪᠡᠷᠳᠡᠭᠡᠨ ᠵᠠᠰᠠᠬᠤ ᠣᠷᠣᠨ ᠤ ᠥᠢᠯᠡᠴᠢᠯᠡᠭᠡ ᠶᠢᠨ ᠦᠢᠯᠡᠰ ᠲᠤ | ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠲᠤᠷᠰᠢᠯᠲᠠ ᠶᠢᠨ ᠴᠢᠬ ᠢ ᠡᠬᠢᠯᠡᠭᠦᠯᠦᠨ᠎ᠡ᠃ ᠷᠠᠰᠢᠶᠠᠨ ᠳᠠᠬᠢ | ᠤᠯᠤᠰ ᠤᠨ ᠵᠢᠭᠤᠯᠴᠢᠯᠠᠯ ᠢᠶᠠᠷ ᠶᠠᠳᠠᠭᠤ ᠶᠢ ᠳᠡᠳᠬᠦᠬᠦ ᠲᠤᠷᠰᠢᠯᠲᠠ ᠶᠢᠨ ᠣᠷᠣᠨ ᠪᠠ ᠠᠮᠢ ᠠᠬᠤᠢ ᠶᠢᠨ | ᠵᠢᠭᠤᠯᠴᠢᠯᠠᠯ ᠤᠨ ᠵᠢᠱᠢᠶ᠎ᠡ ᠥᠵᠡᠭᠦᠯᠬᠦ ᠲᠣᠭᠤᠷᠢᠭ ᠤᠨ ᠪᠦᠳᠦᠭᠡᠨ ᠪᠠᠶᠢᠭᠤᠯᠤᠯᠲᠠ ᠶᠢ ᠶᠡᠬᠡᠪᠡᠷ ᠠᠬᠢᠭᠤᠯᠵᠤ᠂ | ᠵᠢᠭᠤᠯᠴᠢᠯᠠᠯ ᠤᠨ ᠦᠢᠯᠡᠰ ᠤᠨ ᠬᠦᠭᠵᠢᠯᠳᠡ ᠶᠢ ᠠᠬᠢᠭᠤᠯᠬᠤ ᠳᠦᠷᠦ ᠶᠢᠨ ᠪᠤᠳᠤᠯᠭ᠎ᠠ ᠶᠢᠨ ᠠᠷᠭ᠎ᠠ ᠬᠡᠮᠵᠢᠶ᠎ᠡ ᠶᠢ | ᠬᠢᠨᠠᠮᠠᠭᠠᠢ ᠨᠠᠶᠢᠳᠠᠪᠤᠷᠢᠵᠢᠭᠤᠯᠵᠤ᠂ ᠵᠢᠭᠤᠯᠴᠢᠯᠠᠯ ᠤᠨ ᠦᠢᠯᠡᠰ ᠤᠨ ᠬᠦᠭᠵᠢᠯᠳᠡ ᠶᠢᠨ ᠬᠢᠷᠢ ᠳᠦᠪᠰᠢᠨ ᠢ ᠪᠦᠬᠦ | ᠳᠠᠯ᠎ᠠ ᠪᠠᠷ ᠳᠡᠭᠡᠭᠰᠢᠯᠡᠬᠦᠯᠦᠨ᠎ᠡ᠃ ᠦᠢᠯᠡᠴᠢᠯᠡᠭᠡ ᠶᠢᠨ ᠦᠢᠯᠡᠰ ᠤᠨ ᠭᠠᠳᠠᠬᠰᠢ ᠪᠠᠨ ᠨᠡᠭᠡᠭᠡᠯᠳᠡ ᠲᠠᠢ ᠪᠠᠶᠢᠬᠤ | ᠪᠠᠶᠢᠳᠠᠯ ᠢ ᠦᠷᠭᠡᠳᠭᠡᠨ᠂ ᠬᠦᠷᠰᠢ ᠵᠡᠷᠬᠡᠯᠡᠳᠡᠭᠡ ᠮᠣᠵᠢ ᠣᠷᠣᠨ ᠬᠤᠳᠠ ᠵᠢᠴᠢ ᠣᠷᠣᠰ ᠮᠣᠩᠭᠤᠯ ᠵᠡᠷᠭᠡ | ᠤᠯᠤᠰ ᠲᠠᠢ ᠠᠷᠠᠯᠵᠢᠶ᠎ᠠ ᠬᠤᠳᠠᠯᠳᠤᠭ᠎ᠠ᠂ ᠪᠠᠷᠠᠭᠠᠨ ᠤ ᠭᠦᠢᠯᠭᠡᠭᠡ᠂ ᠵᠢᠭᠤᠯᠴᠢᠯᠠᠯ᠂ ᠰᠣᠶᠣᠯ᠂ ᠰᠢᠨᠵᠢᠯᠡᠬᠦ ᠤᠬᠠᠭᠠᠨ | ᠮᠡᠷᠭᠡᠵᠢᠯ ᠵᠡᠷᠭᠡ ᠬᠦᠷᠢᠶᠡᠨ ᠳᠠᠬᠢ ᠬᠠᠮᠵᠢᠯᠴᠠᠭ᠎ᠠ ᠪᠠᠨ ᠴᠢᠩᠭᠠᠳᠬᠠᠨ᠎ᠠ᠃ | ᠰᠢᠨ᠎ᠡ ᠶᠢ ᠡᠭᠦᠳᠬᠦ ᠴᠢᠳᠠᠪᠤᠷᠢ ᠶᠢᠨ ᠪᠦᠳᠦᠭᠡᠨ ᠪᠠᠶᠢᠭᠤᠯᠤᠯᠲᠠ ᠪᠠᠨ ᠦᠨᠡᠨᠬᠦ ᠴᠢᠩᠭᠠᠳᠬᠠᠨ᠎ᠠ᠃ ᠰᠢᠨ᠎ᠡ ᠶᠢ | ᠡᠭᠦᠳᠬᠦ ᠮᠠᠶ᠋ᠢᠭ ᠤᠨ ᠥᠪᠦᠷ ᠮᠣᠩᠭᠤᠯ ᠤᠨ ᠪᠦᠳᠦᠭᠡᠨ ᠪᠠᠶᠢᠭᠤᠯᠤᠯᠲᠠ ᠶᠢ ᠳᠦᠷᠬᠡᠳᠬᠡᠨ᠂ ᠠᠵᠤ ᠠᠬᠤᠢ ᠶᠢᠨ | ᠨᠡᠮᠡᠭᠳᠡᠯ ᠢ ᠪᠡᠯᠡ ᠣᠷᠤᠭᠤᠯᠤᠯᠲᠠ ᠪᠠ ᠬᠦᠴᠦᠨ ᠵᠦᠢᠯ ᠢᠶᠠᠷ ᠬᠦᠳᠡᠯᠭᠡᠭᠦᠷ ᠪᠣᠯᠭᠠᠵᠤ ᠪᠠᠶᠢᠭᠰᠠᠨ ᠠᠴᠠ ᠪᠠᠨ | ᠰᠢᠨ᠎ᠠ ᠶᠢ ᠡᠬᠦᠳᠬᠦ ᠪᠠᠷ ᠬᠦᠳᠡᠯᠬᠡᠬᠦᠷ ᠪᠤᠯᠭᠠᠬᠤ ᠲᠡᠰᠢ ᠬᠤᠪᠢᠷᠠᠭᠤᠯᠬᠤ ᠶᠢ ᠠᠬᠢᠭᠤᠯᠤᠨ᠎ᠠ᠃ ᠲᠥᠷᠥ ᠶᠢᠨ | ᠪᠣᠳᠣᠯᠭ᠎ᠠ ᠪᠠᠷ ᠲᠠᠮᠵᠢᠨ ᠲᠡᠳᠬᠦᠬᠦ ᠪᠠ ᠬᠦᠳᠦᠯᠦᠨ ᠵᠢᠯᠤᠭᠤᠳᠬᠤ ᠪᠠᠨ ᠴᠢᠩᠭᠠᠳᠬᠠᠵᠤ᠂ ᠠᠵᠤ | ᠠᠬᠤᠶᠢᠯᠠᠯ ᠤᠳ ᠤᠨ ᠰᠢᠨᠵᠢᠯᠡᠬᠦ ᠤᠬᠠᠭᠠᠨ ᠮᠡᠷᠭᠡᠵᠢᠯ ᠢᠶᠠᠷ ᠰᠢᠨ᠎ᠡ ᠶᠢ ᠡᠭᠦᠳᠬᠦ ᠶᠢᠨ ᠭᠤᠣᠯ ᠴᠣᠭᠴᠠ ᠶᠢᠨ | ᠦᠢᠯᠡᠳᠦᠯ ᠢ ᠪᠠᠳᠠᠷᠠᠭᠤᠯᠤᠨ᠂ ᠨᠢᠭᠡ ᠪᠦᠯᠦᠭ ᠭᠤᠣᠯᠯᠠᠬᠤ ᠮᠡᠷᠭᠡᠵᠢᠯ ᠢ ᠡᠵᠡᠮᠰᠢᠭᠰᠡᠨ᠂ ᠠᠵᠢᠯ ᠲᠦᠷᠦᠯ ᠤᠨ | ᠬᠦᠭᠵᠢᠯᠲᠡ ᠶᠢ ᠬᠦᠲᠦᠯᠬᠦ ᠰᠢᠨ᠎ᠡ ᠶᠢ ᠡᠭᠦᠳᠬᠦ ᠮᠠᠶ᠋ᠢᠭ ᠤᠨ ᠲᠣᠮᠣ ᠠᠵᠤ ᠠᠬᠤᠶᠢᠯᠠᠯ ᠤᠳ ᠢ ᠪᠠᠶᠢᠭᠤᠯᠵᠤ᠂ ᠨᠢᠭᠡ | ᠪᠦᠯᠦᠭ ᠪᠡᠶ᠎ᠡ ᠪᠠᠨ ᠳᠠᠭᠠᠭᠠᠭᠰᠠᠨ ᠮᠡᠳᠡᠯᠭᠡ ᠶᠢᠨ ᠦᠮᠴᠢᠯᠡᠬᠦ ᠡᠷᠬᠡ ᠲᠠᠢ ᠳᠤᠮᠳᠠ ᠵᠢᠵᠢᠭ ᠬᠡᠯᠪᠡᠷᠢ ᠶᠢᠨ ᠰᠢᠨᠵᠢᠯᠡᠬᠦ | ᠤᠬᠠᠭᠠᠨ ᠮᠡᠷᠭᠡᠵᠢᠯ ᠤᠨ ᠠᠵᠤ ᠠᠬᠤᠶᠢᠯᠠᠯ ᠢ ᠪᠤᠶᠢᠵᠢᠭᠤᠯᠤᠨ᠎ᠠ᠃ ᠮᠡᠷᠭᠡᠵᠢᠯ ᠤᠨ ᠰᠢᠨ᠎ᠡ ᠡᠭᠦᠳᠦᠯᠲᠡ ᠶᠢ ᠶᠡᠬᠡᠪᠡᠷ | ᠠᠬᠢᠭᠤᠯᠵᠤ᠂ ᠴᠢᠬᠤᠯᠠ ᠶᠡᠭᠡ ᠰᠢᠨᠵᠢᠯᠡᠬᠦ ᠤᠬᠠᠭᠠᠨ ᠮᠡᠷᠭᠡᠵᠢᠯ ᠤᠨ ᠲᠣᠰᠬᠠᠢ ᠵᠦᠢᠯᠡᠰ ᠢ ᠵᠤᠬᠢᠶᠠᠨ ᠪᠠᠶᠢᠭᠤᠯᠤᠨ | ᠬᠡᠷᠡᠭᠵᠢᠭᠦᠯᠵᠦ᠂ ᠴᠡᠪᠡᠷ ᠡᠨᠧᠷᠭᠢ᠂ ᠣᠳᠣ ᠦᠶ᠎ᠡ ᠶᠢᠨ ᠨᠡᠭᠦᠷᠡᠰᠦᠨ ᠤ ᠬᠢᠮᠢ ᠶᠢᠨ ᠠᠵᠤ ᠦᠢᠯᠡᠳᠪᠦᠷᠢ᠂ ᠡᠨᠧᠷᠬᠢ | ᠠᠷᠪᠢᠯᠠᠵᠤ ᠤᠷᠴᠢᠨ ᠲᠣᠭᠤᠷᠢᠨ ᠢ ᠬᠠᠮᠠᠭᠠᠯᠠᠬᠤ᠂ ᠠᠮᠢᠳᠤ ᠪᠣᠳᠤᠰ ᠤᠨ ᠢᠨᠵᠧᠨᠧᠷᠢᠩ ᠵᠡᠷᠭᠡ ᠭᠤᠣᠯᠳᠠᠯᠭ᠎ᠠ ᠲᠠᠢ | ᠠᠵᠤ ᠦᠢᠯᠡᠰ ᠤᠨ ᠬᠦᠷᠢᠶᠡᠨ ᠳᠠᠬᠢ ᠵᠠᠩᠬᠢᠯᠠᠭ᠎ᠠ ᠶᠢᠨ ᠨᠡᠶᠢᠳᠡᠮ ᠤᠨ ᠴᠢᠨᠠᠷᠲᠠᠢ ᠮᠡᠷᠭᠡᠵᠢᠯ ᠤᠨ ᠪᠣᠭᠤᠮᠲᠠ | ᠰᠢᠪᠲᠤᠯᠬᠤ ᠶᠢ ᠠᠬᠢᠭᠤᠯᠵᠤ᠂ ᠭᠤᠣᠯ ᠦᠷᠢᠰᠦᠯᠳᠦᠬᠦ ᠬᠦᠴᠦᠨ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠦᠨ᠎ᠡ᠃ | ᠰᠠᠭᠤᠷᠢ ᠰᠤᠳᠤᠯᠭᠠᠨ ᠢ ᠴᠢᠬᠤᠯᠠᠴᠢᠯᠠᠵᠤ᠂ ᠰᠢᠨᠵᠢᠯᠡᠬᠦ ᠤᠬᠠᠭᠠᠨ ᠮᠡᠷᠭᠡᠵᠢᠯ ᠤᠨ ᠰᠠᠭᠤᠷᠢ ᠪᠡᠯᠡᠳᠭᠡᠮᠵᠢ᠂ ᠰᠢᠨ᠎ᠡ ᠶᠢ | ᠡᠭᠦᠳᠬᠦ ᠲᠠᠪᠴᠠᠩ ᠪᠠ ᠠᠴᠢᠶᠠᠯᠠᠪᠤᠷᠢ ᠶᠢᠨ ᠪᠠᠶᠢᠭᠤᠯᠤᠯᠲᠠ ᠪᠠᠨ ᠴᠢᠩᠭᠠᠳᠬᠠᠵᠤ᠂ ᠥᠪᠡᠷᠲᠡᠭᠡᠨ ᠵᠠᠰᠠᠬᠤ ᠣᠷᠣᠨ ᠤ | ᠪᠡᠶ᠎ᠡ ᠪᠠᠨ ᠳᠠᠭᠠᠭᠠᠵᠣ ᠰᠢᠨ᠎ᠡ ᠶᠢ ᠡᠭᠦᠳᠬᠦ ᠵᠢᠱᠢᠶ᠎ᠡ ᠦᠵᠡᠭᠦᠯᠬᠦ ᠲᠤᠭᠤᠷᠢᠭ ᠤᠨ ᠪᠦᠳᠦᠭᠡᠨ ᠪᠠᠶᠢᠭᠤᠯᠤᠯᠲᠠ ᠶᠢᠨ | ᠢᠨᠵᠧᠨᠧᠷᠢᠩ ᠢ ᠡᠬᠢᠯᠡᠭᠦᠯᠦᠨ᠎ᠡ᠃ ᠰᠢᠨᠵᠢᠯᠡᠬᠦ ᠤᠬᠠᠭᠠᠨ ᠮᠡᠷᠭᠡᠵᠢᠯ ᠤᠨ ᠬᠠᠮᠢᠶᠠᠷᠤᠯᠲᠠ ᠶᠢᠨ ᠪᠠᠶᠢᠭᠤᠯᠤᠯ ᠢᠶᠠᠨ | ᠦᠭᠡᠷᠡᠴᠢᠯᠡᠵᠤ᠂ ᠰᠢᠨᠵᠢᠯᠡᠬᠦ ᠤᠬᠠᠭᠠᠨ ᠮᠡᠷᠭᠡᠵᠢᠯ ᠬᠢᠭᠡᠳ ᠠᠵᠤ ᠠᠬᠤᠢ ᠶᠢᠨ ᠤᠶᠠᠯᠳᠤᠯ ᠢ ᠠᠬᠢᠭᠤᠯᠵᠤ᠂ | ᠰᠢᠨᠵᠢᠯᠡᠬᠦ ᠤᠬᠠᠭᠠᠨ ᠮᠡᠷᠭᠡᠵᠢᠯ ᠤᠨ ᠦᠷ᠎ᠡ ᠪᠦᠳᠦᠭᠡᠯ ᠢᠶᠠᠨ ᠬᠤᠪᠢᠷᠠᠭᠤᠯᠬᠤ ᠶᠢ ᠠᠬᠢᠭᠤᠯᠤᠨ᠎ᠠ᠃ ᠮᠡᠳᠡᠯᠭᠡ ᠶᠢᠨ | ᠦᠮᠴᠢᠯᠡᠬᠦ ᠡᠷᠬᠡ ᠶᠢᠨ ᠬᠠᠮᠠᠭᠠᠯᠠᠯᠲᠠ ᠪᠠᠨ ᠴᠢᠩᠭᠠᠳᠬᠠᠨ᠂ ᠡᠷᠬᠡ ᠳᠤ ᠬᠠᠯᠳᠠᠵᠤ ᠬᠡᠪᠯᠡᠯ ᠬᠤᠯᠠᠭᠠᠶᠢᠯᠠᠬᠤ | ᠠᠵᠢᠯᠯᠠᠭ᠎ᠠ ᠳᠤ ᠡᠷᠡᠰ ᠴᠣᠬᠢᠯᠲᠠ ᠥᠭᠬᠦᠨ᠎ᠠ᠃ ᠴᠢᠳᠠᠪᠤᠷᠢᠲᠠᠨ ᠢᠶᠠᠷ ᠣᠷᠣᠨ ᠢᠶᠠᠨ ᠬᠦᠴᠦᠷᠬᠡᠭᠵᠢᠭᠦᠯᠬᠦ ᠪᠠᠶᠢᠯᠳᠤᠬᠤ | ᠪᠣᠳᠣᠯᠭ᠎ᠠ ᠶᠢ ᠭᠦᠨᠵᠡᠭᠡᠢ ᠬᠡᠷᠡᠭᠵᠢᠭᠦᠯᠵᠦ᠂ ︽ᠲᠠᠯ᠎ᠠ ᠨᠣᠳᠤᠭ ᠤᠨ ᠴᠢᠳᠠᠪᠤᠷᠢᠳᠠᠨ︾ ᠤ ᠢᠨᠵᠧᠨᠧᠷᠢᠩ ᠤᠨ | ᠪᠦᠳᠦᠭᠡᠨ ᠪᠠᠶᠢᠭᠤᠯᠤᠯᠲᠠ ᠶᠢ ᠠᠬᠢᠭᠤᠯᠵᠤ᠂ ᠨᠢᠭᠡ ᠪᠦᠯᠦᠭ ᠰᠢᠨ᠎ᠡ ᠶᠢ ᠡᠭᠦᠳᠴᠦ ᠠᠳᠠᠯ ᠦᠢᠯᠡᠰ ᠴᠤᠬᠴᠠᠯᠠᠬᠤ | ᠬᠡᠯᠪᠡᠷᠢ ᠪᠦᠬᠦᠢ ᠳᠡᠭᠡᠲᠤ ᠲᠡᠰ ᠳᠠᠪᠬᠤᠷᠭ᠎ᠠ ᠶᠢᠨ ᠴᠢᠳᠠᠪᠤᠷᠢᠲᠠᠨ ᠢ ᠬᠦᠮᠦᠵᠢᠭᠦᠯᠦᠨ ᠪᠤᠶᠢᠵᠢᠭᠤᠯᠬᠤ ᠪᠠ ᠣᠷᠢᠨ | ᠣᠷᠤᠭᠤᠯᠤᠨ᠎ᠠ᠃ | ︵ᠭᠤᠷᠪᠠ︶ ᠣᠳᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢ ᠪᠦᠳᠦᠭᠡᠨ ᠪᠠᠶᠢᠭᠤᠯᠬᠤ ᠪᠠᠷ | ᠭᠤᠤᠯᠳᠠᠭᠤᠯᠵᠤ᠂ ᠲᠠᠷᠢᠶᠠᠯᠠᠩ ᠮᠠᠯ ᠠᠵᠤ ᠠᠬᠤᠢ ᠶᠢᠨ ᠬᠥᠭᠵᠢᠯᠲᠡ ᠶᠢᠨ ᠠᠷᠭ᠎ᠠ ᠮᠠᠶ᠋ᠢᠭ ᠢ ᠦᠨᠡᠨᠬᠦ | ᠬᠤᠪᠢᠷᠠᠭᠤᠯᠤᠨ᠎ᠠ | ᠲᠠᠷᠢᠶᠠᠯᠠᠩ ᠮᠠᠯ ᠠᠵᠤ ᠠᠬᠤᠢ ᠶᠢᠨ ᠶᠡᠷᠦᠩᠬᠡᠶᠢᠯᠡᠭᠰᠡᠨ ᠦᠢᠯᠡᠳᠪᠦᠷᠢᠯᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ᠃ | ᠵᠠᠭᠤᠨ ᠳ᠋ᠥᠩᠰᠢᠭᠤᠷ ᠵᠢᠩ ᠠᠮᠤ ᠪᠤᠳᠠᠭᠠᠨ ᠤ ᠤᠨᠠᠯᠲᠠ ᠶᠢ ᠨᠡᠮᠡᠭᠳᠡᠭᠦᠯᠬᠦ ᠲᠦᠯᠦᠪᠵᠢᠭᠦᠯᠭᠡ ᠶᠢ ᠦᠷᠭᠦᠯᠵᠢᠯᠡᠨ | ᠬᠡᠷᠡᠭᠵᠢᠭᠦᠯᠵᠦ᠂ ᠪᠦᠬᠦ ᠵᠢᠯ ᠳᠤ ᠤᠰᠤ ᠠᠷᠪᠢᠯᠠᠬᠤ ᠤᠰᠤᠯᠠᠯᠲᠠ ᠶᠢᠨ ᠲᠠᠯᠠᠪᠠᠢ ᠶᠢ 450 ᠲᠦᠮᠡᠨ ᠮᠦ᠂ ᠦᠨᠳᠦᠷ | ᠪᠠᠷᠢᠮᠵᠢᠶᠠᠲᠤ ᠦᠨᠳᠦᠰᠦᠨ ᠲᠠᠷᠢᠶᠠᠨ ᠭᠠᠵᠠᠷ ᠢ 400 ᠲᠦᠮᠡᠨ ᠮᠦ ᠰᠢᠨ᠎ᠡ ᠪᠠᠷ ᠨᠡᠮᠡᠭᠳᠡᠭᠦᠯᠦᠨ᠂ ᠠᠮᠤ ᠪᠤᠳᠠᠭ᠎ᠠ | ᠲᠠᠷᠢᠬᠤ ᠶᠡᠷᠦᠩᠬᠡᠢ ᠲᠠᠯᠠᠪᠠᠢ ᠶᠢ 8000 ᠲᠦᠮᠡᠨ ᠮᠦ ᠠᠴᠠ ᠳᠣᠣᠷ᠎ᠠ ᠪᠠᠶᠢᠯᠭᠠᠬᠤ ᠦᠭᠡᠢ ᠶᠢ ᠦᠨᠡᠨᠬᠦ ᠪᠠᠲᠤᠯᠠᠵᠤ᠂ | ᠶᠡᠷᠦᠩᠬᠡᠢ ᠤᠨᠠᠯᠲᠠ ᠶᠢ 550 ᠳ᠋ᠦᠩᠰᠢᠭᠤᠷ ᠵᠢᠩ ᠠᠴᠠ ᠳᠡᠭᠡᠭᠰᠢ ᠳᠤ ᠲᠣᠭᠲᠠᠭᠤᠨ ᠪᠠᠶᠢᠯᠭᠠᠨ᠎ᠠ᠃ ᠲᠠᠷᠢᠶᠠᠨ | ᠭᠠᠵᠠᠷ ᠢ ᠬᠠᠮᠠᠭᠠᠯᠠᠬᠤ ᠬᠠᠮᠤᠭ ᠤᠨ ᠴᠢᠩᠭ᠎ᠠ ᠳᠦᠷᠢᠮ ᠢ ᠨᠠᠶᠢᠳᠠᠪᠤᠷᠢᠵᠢᠭᠤᠯᠵᠤ᠂ ᠲᠠᠷᠢᠶᠠᠨ ᠭᠠᠵᠠᠷ ᠤᠨ ᠲᠤᠭ᠎ᠠ | ᠬᠡᠮᠵᠢᠶᠠᠨ ᠤ ᠤᠯᠠᠭᠠᠨ ᠱᠤᠭᠤᠮ ᠪᠠ ᠶᠠᠰᠤ ᠴᠢᠨᠠᠷ ᠤᠨ ᠤᠯᠠ ᠱᠤᠭᠤᠮ ᠢ ᠡᠷᠡᠰ ᠠᠳᠬᠤᠵᠤ᠂ ᠡᠭᠦᠷᠢᠳᠡ ᠶᠢᠨ | ᠦᠨᠳᠦᠰᠦᠨ ᠲᠠᠷᠢᠶᠠᠨ ᠭᠠᠵᠠᠷ ᠢ ᠬᠤᠪᠢᠶᠠᠷᠢᠯᠠᠨ ᠲᠣᠭᠲᠠᠭᠠᠬᠤ ᠶᠢ ᠲᠦᠷᠭᠡᠳᠭᠡᠨ᠂ ᠠᠮᠤ ᠪᠤᠳᠠᠭᠠᠨ ᠤ | ᠦᠢᠯᠡᠳᠪᠦᠷᠢᠯᠡᠯ ᠤᠨ ᠰᠠᠭᠤᠷᠢ ᠶᠢ ᠪᠠᠲᠤᠵᠢᠭᠤᠯᠤᠨ᠎ᠠ᠃ ᠲᠠᠷᠢᠮᠠᠯ ᠤᠨ ᠦᠢᠯᠡᠰ ᠤᠨ ᠪᠦᠲᠦᠴᠡ ᠶᠢ ︽ | ᠦᠢᠯᠡᠳᠪᠦᠷᠢᠯᠡᠯ ᠢᠶᠠᠷ ᠤᠳᠤᠷᠢᠳᠤᠮᠵᠢ ᠪᠣᠯᠭᠠᠬᠤ︾ ᠠᠴᠠ ︽ᠬᠡᠷᠡᠭᠯᠡᠭᠡ ᠪᠠᠷ ᠤᠳᠤᠷᠢᠳᠤᠮᠵᠢ ᠪᠣᠯᠭᠠᠬᠤ︾ ᠵᠥᠭ | ᠬᠤᠪᠢᠷᠠᠭᠤᠯᠤᠨ᠂ ᠵᠠᠬ᠎ᠠ ᠳᠡᠯᠭᠡᠭᠦᠷ ᠤᠨ ᠬᠡᠷᠡᠭᠴᠡᠭᠡ ᠱᠠᠭᠠᠷᠳᠠᠯᠭ᠎ᠠ ᠪᠠᠷ ᠦᠷᠨᠢᠭᠦᠨ ᠪᠠᠶᠢᠭ᠎ᠠ ᠪᠣᠬᠢᠷᠳᠤᠯ ᠦᠭᠡᠢ | ᠤᠷᠭᠠᠨᠢᠭ ᠪᠦᠳᠦᠬᠡᠭᠳᠡᠬᠦᠨ ᠢ ᠲᠦᠷᠭᠡᠳᠭᠡᠨ ᠬᠥᠭᠵᠢᠭᠦᠯᠵᠦ᠂ ᠴᠢᠨᠠᠷᠯᠢᠭ ᠦᠨᠳᠦᠷ ᠤᠨᠠᠯᠲᠠ ᠲᠠᠢ ᠦᠨᠳᠦᠷ ᠦᠷ᠎ᠡ | ᠠᠰᠢᠭ ᠲᠠᠢ ᠲᠠᠷᠢᠮᠠᠯ ᠤᠨ ᠵᠦᠢᠯ ᠪᠣᠯᠣᠨ ᠲᠡᠵᠢᠭᠡᠯ ᠪᠤᠷᠳᠤᠭ᠎ᠠ ᠶᠢᠨ ᠲᠠᠷᠢᠮᠠᠯ ᠤᠨ ᠲᠠᠯᠠᠪᠠᠢ ᠶᠢ ᠥᠷᠭᠡᠳᠭᠡᠨ᠂ | ᠪᠡᠯᠡᠳᠭᠡᠮᠵᠢᠲᠦ ᠲᠠᠷᠢᠶᠠᠯᠠᠩ ᠢᠯᠠᠩᠭᠤᠶ᠎ᠠ ᠲᠤᠮᠤ ᠳᠤᠮᠳᠠ ᠬᠤᠲᠠ ᠶᠢᠨ ᠢᠳᠡᠰᠢᠨ ᠨᠣᠭᠤᠭ᠎ᠠ ᠶᠢᠨ ᠰᠠᠭᠤᠷᠢᠨ | ᠭᠠᠵᠠᠷ ᠤᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠦ᠂ ᠤᠯᠤᠰ ᠤᠨ ᠴᠢᠨᠠᠷᠯᠢᠬ ᠳᠦᠮᠦᠰᠦ ᠶᠢᠨ ᠦᠷ᠎ᠡ ᠶᠢᠨ | ᠴᠢᠳᠠᠮᠵᠢᠳᠦ ᠤᠷᠤᠨ ᠪᠤᠯᠤᠨ ᠳᠠᠷᠢᠮᠠᠯ ᠤᠨ ᠵᠦᠢᠯᠡᠰ ᠤᠨ ᠡᠳ᠋ᠰᠢᠬᠦᠯᠬᠦ ᠰᠠᠭᠤᠷᠢᠨ ᠭᠠᠵᠠᠷ ᠢ ᠪᠠᠶᠢᠭᠤᠯᠬᠤ ᠪᠠᠷ | ᠢᠳᠡᠪᠬᠢᠯᠡᠨ ᠴᠢᠷᠮᠠᠶᠢᠨ᠎ᠠ᠃ ︽ᠠᠮᠤ ᠪᠤᠳᠠᠭᠠᠨ ᠤ ᠠᠮᠦᠷ ᠲᠥᠪᠰᠢᠨ ᠤ ᠢᠨᠵᠧᠨᠧᠷᠢᠩ︾ ᠢ ᠯᠠᠪᠳᠠᠭᠤᠨ ᠪᠠᠲᠤᠲᠠᠢ | ᠲᠦᠯᠬᠢᠨ ᠠᠬᠢᠭᠤᠯᠵᠤ᠂ ᠠᠮᠤ ᠪᠤᠳᠠᠭ᠎ᠠ ᠶᠢᠨ ᠰᠠᠩ ᠬᠦᠮᠦᠷᠭᠡ ᠪᠣᠯᠣᠨ ᠭᠦᠢᠯᠭᠡᠭᠡᠨ ᠤ ᠰᠠᠭᠤᠷᠢ ᠪᠠᠲᠤᠯᠠᠭ᠎ᠠ ᠶᠢᠨ | ᠴᠢᠳᠠᠪᠤᠷᠢ ᠶᠢ ᠳᠡᠭᠡᠭᠰᠢᠯᠡᠭᠦᠯᠦᠨ᠎ᠡ᠃ ᠣᠳᠣ ᠦᠶ᠎ᠡ ᠶᠢᠨ ᠮᠠᠯ ᠠᠵᠤ ᠠᠬᠤᠢ ᠶᠢ ᠶᠡᠬᠡᠪᠡᠷ ᠬᠥᠭᠵᠢᠭᠦᠯᠵᠦ᠂ ︽ᠬᠤᠣᠰ | ᠵᠠᠭᠤ ᠶᠢᠨ ᠮᠢᠩᠭᠠᠨ ᠲᠦᠮᠡ︾ ᠶᠢᠨ ᠦᠨᠳᠦᠷ ᠭᠠᠷᠤᠯᠲᠠ ᠡᠭᠦᠳᠬᠦ ᠢᠨᠵᠧᠨᠧᠷᠢᠩ ᠢ ᠦᠷᠭᠦᠯᠵᠢᠯᠡᠨ ᠬᠡᠷᠡᠭᠵᠢᠭᠦᠯᠵᠦ᠂ | ᠮᠠᠯ ᠤᠨ ᠡᠭᠦᠯᠳᠡᠷ ᠰᠠᠶᠢᠵᠢᠷᠠᠭᠤᠯᠬᠤ ᠶᠢ ᠭᠤᠣᠯᠳᠠᠯᠭ᠎ᠠ ᠲᠠᠢ ᠰᠠᠶᠢᠲᠤᠷ ᠠᠳᠬᠤᠨ᠂ ᠮᠠᠯ ᠤᠨ ᠪᠤᠳᠠᠭᠠᠯᠢ ᠪᠡᠶ᠎ᠡ ᠶᠢᠨ | ᠭᠠᠷᠤᠯᠳᠠ ᠶᠢ ᠳᠡᠭᠡᠭᠰᠢᠯᠡᠭᠦᠯᠵᠦ᠂ ᠦᠷ᠎ᠡ ᠠᠰᠢᠭ ᠢ ᠨᠢ ᠨᠡᠮᠡᠭᠳᠡᠭᠦᠯᠦᠨ᠎ᠡ᠃ ᠲᠠᠷᠢᠶᠠᠯᠠᠬᠤ ᠣᠷᠣᠨ ᠤ ᠮᠠᠯ ᠠᠵᠤ | ᠠᠬᠤᠢ ᠶᠢ ᠲᠦᠷᠭᠡᠳᠭᠡᠨ ᠬᠥᠭᠵᠢᠭᠦᠯᠵᠦ᠂ ᠪᠠᠷᠢᠮᠵᠢᠶᠠᠵᠢᠭᠤᠯᠤᠨ᠂ ᠬᠡᠪᠴᠢᠶᠡᠵᠢᠭᠦᠯᠦᠨ ᠲᠡᠵᠢᠭᠡᠨ ᠦᠷᠡᠵᠢᠭᠦᠯᠬᠦ ᠶᠢ | ᠢᠳᠡᠪᠬᠢᠳᠠᠢ ᠳᠡᠯᠭᠡᠷᠡᠭᠦᠯᠦᠨ᠎ᠡ᠃ ᠪᠡᠯᠴᠢᠬᠡᠷ ᠤᠨ ᠮᠠᠯ ᠠᠵᠤ ᠠᠬᠤᠢ ᠶᠢ ᠲᠣᠭᠲᠠᠭᠤᠨ ᠢᠶᠠᠷ ᠬᠥᠭᠵᠢᠭᠦᠯᠵᠦ᠂ ᠠᠮᠢ | ᠠᠬᠤᠢ ᠶᠢᠨ ᠡᠪᠡᠰᠤ ᠪᠡᠯᠴᠢᠭᠡᠷ ᠤᠨ ᠬᠥᠭᠵᠢᠯᠲᠡ ᠶᠢ ᠲᠦᠯᠬᠢᠨ ᠠᠬᠢᠭᠤᠯᠵᠤ᠂ ᠮᠠᠯ ᠠᠵᠤ ᠠᠬᠤᠢ ᠶᠢᠨ ᠰᠠᠭᠤᠷᠢ | ᠪᠡᠯᠡᠳᠭᠡᠮᠵᠢ ᠶᠢᠨ ᠪᠦᠲᠦᠭᠡᠨ ᠪᠠᠶᠢᠭᠤᠯᠤᠯᠲᠠ ᠶᠢ ᠰᠠᠶᠢᠲᠤᠷ ᠠᠳᠬᠤᠨ᠂ ᠭᠠᠮᠰᠢᠭ ᠢ ᠡᠰᠡᠷᠭᠦᠴᠡᠬᠦ ᠴᠢᠳᠠᠪᠤᠷᠢ ᠶᠢ | ᠨᠡᠮᠡᠭᠳᠡᠭᠦᠯᠦᠨ᠎ᠡ᠃ | ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠯᠡᠯᠲᠡ ᠶᠢᠨ ᠬᠢᠷᠢ ᠲᠦᠪᠰᠢᠨ ᠢ ᠳᠡᠭᠡᠭᠰᠢᠯᠡᠭᠦᠯᠦᠨ᠎ᠡ᠃ | ᠪᠣᠬᠢᠷᠳᠤᠯ ᠦᠭᠡᠢ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠭᠦᠨ ᠢ ᠦᠢᠯᠡᠳᠪᠦᠷᠢᠯᠡᠨ ᠡᠳ᠋ᠰᠢᠭᠦᠯᠵᠦ | ᠭᠠᠷᠭᠠᠬᠤ ᠰᠠᠭᠤᠷᠢᠨ ᠭᠠᠵᠠᠷ ᠢ ᠪᠠᠶᠢᠭᠤᠯᠬᠤ ᠬᠠᠷᠠᠯᠲᠠ ᠶᠢᠨ ᠲᠣᠭᠤᠷᠢᠨ ᠳᠤ᠂ ᠠᠵᠤ ᠦᠢᠯᠡᠰ ᠤᠨ ᠰᠠᠭᠤᠷᠢᠨ | ᠭᠠᠵᠠᠷ ᠤᠨ ᠪᠦᠲᠦᠭᠡᠨ ᠪᠠᠶᠢᠭᠤᠯᠤᠯᠲᠠ ᠶᠢ ᠤᠯᠠᠮ ᠨᠢᠭᠡ ᠠᠯᠬᠤᠮ ᠴᠢᠩᠭᠠᠳᠬᠠᠵᠤ᠂ ᠳᠠᠪᠠᠭᠤᠯᠢᠭ ᠠᠵᠤ | ᠦᠢᠯᠡᠰ ᠤᠨ ᠪᠦᠰᠡ ᠶᠢ ᠴᠤᠭᠴᠠᠯᠠᠵᠦ᠂ ᠠᠵᠤ ᠦᠢᠯᠡᠰ ᠤᠨ ᠲᠦᠪᠯᠡᠷᠡᠬᠦ ᠬᠡᠮᠵᠢᠶ᠎ᠠ ᠶᠢ ᠳᠡᠭᠡᠭᠰᠢᠯᠡᠭᠦᠯᠦᠨ᠎ᠡ᠃ | ᠬᠦᠲᠦᠴᠢ ᠠᠵᠤ ᠠᠬᠤᠶᠢᠯᠠᠯ ᠢ ᠶᠡᠬᠡᠪᠡᠷ ᠪᠤᠶᠢᠵᠢᠭᠤᠯᠤᠨ ᠪᠣᠵᠠᠭᠠᠶᠢᠷᠠᠭᠤᠯᠵᠤ᠂ ᠠᠵᠤ ᠦᠢᠯᠡᠰ ᠤᠨ ᠬᠡᠯᠬᠢᠶ᠎ᠠ᠂ | ᠥᠷᠳᠡᠭ ᠤᠨ ᠬᠡᠯᠬᠢᠶ᠎ᠡ ᠵᠡᠷᠭᠡ ᠣᠳᠣ ᠦᠶ᠎ᠡ ᠶᠢᠨ ᠠᠵᠤ ᠦᠢᠯᠡᠰ ᠤᠨ ᠵᠣᠬᠢᠶᠠᠨ ᠪᠠᠶᠢᠭᠤᠯᠤᠯᠲᠠ ᠶᠢᠨ ᠠᠷᠭ᠎ᠠ | ᠮᠠᠶ᠋ᠢᠭ ᠢ ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠬᠦᠲᠦᠯᠦᠨ ᠣᠷᠤᠭᠤᠯᠵᠤ᠂ ᠠᠵᠤ ᠦᠢᠯᠡᠰ ᠤᠨ | ᠪᠦᠭᠡᠮᠨᠡᠷᠡᠨ ᠬᠥᠭᠵᠢᠬᠦ ᠶᠢ ᠲᠦᠯᠬᠢᠨ ᠠᠬᠢᠭᠤᠯᠤᠨ᠎ᠠ᠃ ᠵᠠᠬ᠎ᠠ ᠳᠡᠯᠭᠡᠭᠦᠷ ᠢᠶᠠᠷ ᠭᠤᠣᠯᠯᠠᠭᠤᠯᠤᠨ ᠤᠳᠤᠷᠢᠳᠴᠤ᠂ | ᠵᠠᠰᠠᠭ ᠤᠨ ᠣᠷᠳᠣᠨ ᠬᠦᠲᠦᠯᠦᠨ ᠵᠢᠯᠣᠭᠤᠳᠬᠤ ᠶᠢ ᠪᠠᠷᠢᠮᠲᠠᠯᠠᠵᠤ᠂ ᠬᠦᠲᠦᠴᠢ ᠠᠵᠤ ᠠᠬᠤᠶᠢᠯᠠᠯ ᠬᠢᠭᠡᠳ ᠮᠠᠯᠴᠢᠨ | ᠲᠠᠷᠢᠶᠠᠴᠢᠳ ᠤᠨ ᠠᠰᠢᠭ ᠲᠤᠰᠠ ᠶᠢᠨ ᠬᠤᠯᠪᠣᠯᠳᠤᠭᠰᠠᠨ ᠲᠣᠭᠲᠠᠴᠠ ᠶᠢ ᠲᠡᠭᠦᠯᠳᠡᠷᠵᠢᠭᠦᠯᠵᠦ᠂ ᠪᠦᠳᠦᠮᠵᠢᠳᠡᠢ | ᠠᠰᠢᠭ ᠲᠤᠰᠠ ᠶᠢᠨ ᠬᠤᠯᠪᠤᠯᠳᠤᠭᠰᠠᠨ ᠵᠠᠭᠪᠣᠷ ᠢ ᠭᠠᠵᠠᠷ ᠣᠷᠣᠨ ᠳᠤᠨᠢ ᠲᠣᠬᠢᠷᠠᠭᠤᠯᠤᠨ ᠳᠡᠯᠭᠡᠷᠡᠭᠦᠯᠵᠦ᠂ | ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠭᠦᠨ ᠤ ᠣᠳᠣ ᠦᠶ᠎ᠡ ᠶᠢᠨ ᠡᠵᠡᠩᠨᠡᠵᠦ ᠪᠣᠷᠤᠯᠠᠭᠤᠯᠬᠤ | ᠰᠢᠰᠲ᠋ᠧᠮᠵᠢ ᠶᠢ ᠪᠠᠶᠢᠭᠤᠯᠤᠨ᠂ ᠮᠠᠯᠴᠢᠨ ᠲᠠᠷᠢᠶᠠᠴᠢᠳ ᠢ ᠠᠵᠤ ᠦᠢᠯᠡᠰᠵᠢᠭᠰᠡᠨ ᠡᠵᠡᠩᠨᠡᠯᠲᠡ ᠠᠴᠠ ᠨᠡᠩ ᠶᠡᠭᠡ | ᠠᠰᠢᠭ ᠲᠤᠰᠠ ᠶᠢ ᠬᠦᠷᠲᠡᠭᠡᠨ᠎ᠡ᠃ ᠲᠠᠷᠢᠶᠠᠯᠠᠩ ᠮᠠᠯ ᠠᠵᠤ ᠠᠬᠤᠢ ᠶᠢᠨ ᠨᠡᠷᠡᠲᠦ ᠲᠡᠮᠲᠡᠭᠲᠦ ᠶᠢᠨ ᠪᠦᠲᠦᠭᠡᠨ | ᠪᠠᠶᠢᠭᠤᠯᠤᠯᠲᠠ ᠶᠢ ᠴᠢᠩᠭᠠᠳᠬᠠᠵᠤ᠂ ᠤᠭ ᠭᠠᠷᠤᠯᠲᠠ ᠶᠢᠨ ᠣᠷᠣᠨ ᠢ ᠬᠠᠮᠠᠭᠠᠯᠠᠬᠤ ᠪᠠ ᠪᠣᠬᠢᠷᠳᠤᠯ ᠦᠭᠡᠢ᠂ | ᠣᠷᠭᠠᠨᠢᠭ᠂ ᠣᠯᠠᠨ ᠨᠡᠶᠢᠲᠡ ᠳᠤ ᠬᠤᠣᠷᠳᠠᠭᠳᠠᠯ ᠦᠭᠡᠢ ᠪᠦᠲᠦᠭᠡᠭᠳᠡᠭᠦᠨ ᠤ ᠭᠡᠷᠡᠴᠢᠯᠡᠨ ᠦᠨᠡᠮᠰᠢᠬᠦᠯᠬᠦ ᠠᠵᠢᠯ ᠢ | ᠰᠠᠶᠢᠲᠤᠷ ᠬᠢᠵᠦ᠂ ᠨᠡᠩ ᠣᠯᠠᠨ ᠠᠯᠳᠠᠷᠰᠢᠬᠰᠠᠨ ᠨᠡᠷᠡᠲᠦ ᠲᠡᠮᠳᠡᠭᠳᠦ ᠪᠤᠯᠤᠨ ᠭᠠᠵᠠᠷ ᠵᠦᠢ ᠶᠢᠨ ᠲᠡᠮᠳᠡᠭ ᠲᠠᠢ | ᠲᠠᠸᠠᠷ ᠤᠨ ᠲᠡᠮᠲᠡᠭ ᠢ ᠪᠤᠶᠢᠵᠢᠭᠤᠯᠤᠨ᠎ᠠ᠃ ᠲᠠᠷᠢᠶᠠᠯᠠᠩ ᠮᠠᠯ ᠤᠨ ᠠᠰᠢᠭ ᠰᠢᠮ᠎ᠡ ᠶᠢᠨ ᠪᠦᠲᠦᠭᠡᠭᠳᠡᠭᠦᠨ ᠤ | ᠭᠠᠷᠤᠯᠲᠠ ᠶᠢᠨ ᠣᠷᠣᠨ ᠤ ᠣᠷᠴᠢᠨ ᠲᠣᠭᠤᠷᠢᠨ ᠢ ᠴᠡᠪᠡᠷᠰᠢᠭᠦᠯᠵᠦ᠂ ᠲᠠᠷᠢᠶᠠᠯᠠᠩ ᠮᠠᠯ ᠤᠨ ᠠᠰᠢᠭ ᠰᠢᠮ᠎ᠡ ᠶᠢᠨ | ᠪᠦᠲᠦᠭᠡᠭᠳᠡᠭᠦᠨ ᠤ ᠶᠠᠰᠤ ᠴᠢᠨᠠᠷ ᠤᠨ ᠠᠮᠥᠷ ᠲᠥᠪᠰᠢᠨ ᠢ ᠪᠠᠷᠢᠮᠵᠢᠶᠠᠯᠠᠬᠤ ᠰᠢᠰᠲ᠋ᠧᠮᠵᠢ ᠪᠠ ᠮᠦᠷᠳᠡᠨ ᠨᠡᠭᠡᠮᠵᠢᠯᠡᠬᠦ | ᠰᠢᠰᠲ᠋ᠧᠮᠵᠢ ᠶᠢᠨ ᠪᠦᠲᠦᠭᠡᠨ ᠪᠠᠶᠢᠭᠤᠯᠤᠯᠲᠠ ᠶᠢ ᠲᠥᠷᠭᠡᠳᠭᠡᠵᠦ᠂ ᠲᠠᠷᠢᠶᠠᠨ ᠭᠠᠵᠠᠷ ᠠᠴᠠ ᠬᠤᠭᠤᠯᠠᠨ ᠰᠢᠷᠡᠭᠡᠨ | ᠳᠡᠭᠡᠷ᠎ᠡ ᠬᠦᠷᠲᠡᠯᠡᠬᠢ ᠪᠦᠬᠦ ᠶᠠᠪᠤᠴᠠ ᠶᠢ ᠬᠠᠮᠤᠷᠠᠭᠰᠠᠨ ᠬᠢᠨᠠᠯᠲᠠ ᠬᠠᠮᠢᠶᠠᠷᠤᠯᠲᠠ ᠶᠢᠨ ᠳᠦᠷᠢᠮ ᠢ ᠪᠣᠢ ᠪᠣᠯᠭᠠᠨ᠎ᠠ᠃ | ᠤᠯᠤᠰ ᠠᠴᠠ ᠨᠤᠤᠰᠤ ᠨᠤᠯᠤᠤᠷ ᠤᠨ ᠶᠠᠰᠤ ᠴᠢᠨᠠᠷ ᠢ ᠰᠢᠯᠭᠠᠨ ᠪᠠᠶᠢᠴᠠᠭᠠᠬᠤ ᠪᠠᠶᠢᠭᠤᠯᠤᠯ ᠳᠤ ᠦᠬᠡᠷᠡᠴᠢᠯᠠᠯᠳᠠ ᠬᠢᠬᠦ | ᠲᠤᠷᠰᠢᠯᠳᠠ ᠶᠢᠨ ᠴᠢᠬ ᠢ ᠰᠠᠶᠢᠳᠤᠷ ᠠᠳᠬᠤᠨ᠎ᠠ᠃ ᠮᠠᠯ ᠠᠷᠠᠯᠵᠢᠶᠠᠯᠠᠬᠤ ᠳᠤ ᠠᠯᠪᠠᠳᠠᠯᠭ᠎ᠠ ᠪᠠᠷ ᠬᠢᠵᠢᠭ ᠬᠡᠮ | ᠪᠠᠶᠢᠴᠠᠭᠠᠬᠤ ᠳᠦᠷᠢᠮ ᠢ ᠴᠢᠩᠭ᠎ᠠ ᠬᠡᠷᠡᠭᠵᠢᠬᠦᠯᠵᠦ᠂ ᠠᠮᠢᠲᠠᠨ ᠤ ᠬᠦᠨᠳᠦ ᠬᠡᠴᠡᠭᠦᠦ ᠬᠢᠵᠢᠭ ᠭᠡᠮ ᠪᠣᠯᠣᠨ ᠪᠷᠦ᠋ᠼᠧᠯ | ᠡᠪᠡᠳᠴᠢᠨ ᠵᠡᠷᠭᠡ ᠬᠦᠮᠦᠨ ᠮᠠᠯ ᠳᠤ ᠪᠦᠷ ᠬᠠᠯᠳᠠᠪᠤᠷᠢᠯᠠᠳᠠᠭ ᠡᠪᠡᠳᠴᠢᠨ ᠬᠡᠮ ᠤᠨ ᠰᠡᠷᠭᠡᠶᠢᠯᠡᠨ ᠵᠠᠰᠠᠬᠤ ᠶᠢ | ᠴᠢᠩᠭᠠᠳᠬᠠᠨ᠎ᠠ᠃ | ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠦᠷᠢᠯᠡᠯ ᠡᠵᠡᠩᠨᠡᠯᠲᠡ ᠶᠢᠨ ᠠᠷᠭ᠎ᠠ ᠮᠠᠶ᠋ᠢᠬ ᠲᠤ ᠰᠢᠨ᠎ᠡ ᠶᠢ | ᠡᠭᠦᠳᠦᠨ᠎ᠡ᠃ ᠭᠡᠷ ᠪᠦᠯᠢ ᠶᠢᠨ ᠡᠵᠡᠩᠨᠡᠯᠲᠡ ᠶᠢ ᠲᠣᠭᠲᠠᠭᠤᠨ ᠪᠠᠶᠢᠯᠭᠠᠬᠤ ᠰᠠᠭᠤᠷᠢᠨ ᠳᠡᠭᠡᠷ᠎ᠡ᠂ ᠣᠯᠠᠨ ᠵᠦᠢᠯ ᠤᠨ | ᠬᠡᠯᠪᠡᠷᠢ ᠮᠠᠶ᠋ᠢᠭ ᠤᠨ ᠳᠤᠬᠢᠷᠠᠬᠤ ᠬᠡᠪᠴᠢᠶᠡᠵᠢᠯ ᠤᠨ ᠡᠵᠡᠩᠨᠡᠯᠲᠡ ᠶᠢ ᠢᠳᠡᠪᠬᠢᠲᠡᠢ ᠯᠠᠪᠳᠠᠭᠤᠨ ᠢᠶᠠᠷ ᠲᠦᠯᠬᠢᠨ | ᠠᠬᠢᠭᠤᠯᠵᠤ᠂ ᠲᠡᠵᠢᠭᠡᠨ ᠦᠷᠡᠵᠢᠭᠦᠯᠬᠦ ᠲᠤᠮᠤ ᠡᠷᠦᠬᠡ᠂ ᠭᠡᠷ ᠪᠦᠯᠢ ᠶᠢᠨ ᠲᠠᠷᠢᠶᠠᠯᠠᠩ ᠮᠠᠯᠵᠢᠯ ᠤᠨ ᠲᠠᠯᠠᠪᠠᠢ᠂ | ᠲᠤᠰᠬᠠᠢ ᠠᠵᠢᠯ ᠤᠨ ᠬᠤᠷᠰᠢᠶ᠎ᠠ ᠵᠡᠷᠭᠡ ᠰᠢᠨ᠎ᠡ ᠬᠡᠯᠪᠡᠷᠢ ᠶᠢᠨ ᠲᠠᠷᠢᠶᠠᠯᠠᠩ ᠮᠠᠯ ᠠᠵᠤ ᠠᠬᠤᠢ ᠶᠢᠨ ᠡᠵᠡᠩᠨᠡᠯᠲᠡ ᠶᠢᠨ | ᠭᠤᠣᠯ ᠴᠤᠭᠴᠠ ᠶᠢ ᠶᠡᠬᠡᠪᠡᠷ ᠬᠥᠭᠵᠢᠭᠦᠯᠦᠨ᠂ ᠬᠠᠮᠲᠤ ᠪᠠᠷ ᠡᠵᠡᠩᠨᠡᠬᠦ᠂ ᠬᠤᠷᠰᠢᠵᠤ ᠡᠵᠡᠩᠨᠡᠬᠦ ᠪᠠ ᠠᠵᠤ ᠠᠬᠤᠶᠢᠯᠠᠯ | ᠡᠵᠡᠩᠨᠡᠬᠦ ᠶᠢ ᠵᠣᠷᠢᠬᠵᠢᠭᠤᠯᠤᠨ ᠬᠥᠭᠵᠢᠭᠦᠯᠵᠦ᠂ ᠣᠳᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢᠨ | ᠡᠵᠩᠨᠡᠯᠲᠡ ᠶᠢᠨ ᠰᠢᠰᠲ᠋ᠧᠮᠵᠢ ᠶᠢ ᠲᠦᠷᠭᠡᠳᠭᠡᠨ ᠪᠠᠶᠢᠭᠤᠯᠤᠨ᠎ᠠ᠃ ᠭᠠᠵᠠᠷ ᠰᠢᠷᠤᠢ ᠶᠢᠨ ᠡᠷᠬᠡ ᠶᠢ ᠲᠣᠳᠤᠯᠠᠨ | ᠳᠠᠩᠰᠠᠯᠠᠵᠤ ᠦᠨᠡᠮᠯᠡᠯ ᠣᠯᠭᠤᠬᠤ ᠳᠤᠷᠰᠢᠯᠳᠠ ᠶᠢᠨ ᠴᠢᠬ ᠪᠤᠯᠤᠨ ᠨᠤᠲᠤᠭ ᠪᠡᠯᠴᠢᠭᠡᠷ ᠤᠨ ᠡᠷᠬᠡ ᠶᠢ ᠲᠣᠳᠤᠯᠠᠨ | ᠳᠠᠭᠠᠭᠠᠴᠢᠯᠠᠭᠤᠯᠬᠤ ᠠᠵᠢᠯ ᠢ ᠯᠠᠪᠳᠠᠭᠤᠨ ᠪᠠᠲᠤᠲᠠᠢ ᠥᠷᠨᠢᠭᠦᠯᠦᠨ᠎ᠡ᠃ ᠭᠠᠵᠠᠷ ᠰᠢᠷᠤᠢ ᠬᠠᠳᠤᠯᠠᠩ ᠪᠡᠯᠴᠢᠭᠡᠷ ᠤᠨ | ᠡᠵᠡᠩᠨᠡᠯᠳᠡ ᠶᠢᠨ ᠡᠷᠬᠡ ᠶᠢ ᠡᠷᠬᠢᠯᠳᠦᠭᠦᠯᠬᠦ ᠲᠥᠷᠥ ᠶᠢᠨ ᠪᠣᠳᠣᠯᠭ᠎ᠠ ᠶᠢ ᠲᠡᠭᠦᠯᠳᠡᠷᠵᠢᠭᠦᠯᠵᠦ᠂ ᠢᠯᠠ ᠪᠦᠭᠡᠳ | ᠵᠢᠷᠤᠮᠵᠢᠯ ᠲᠠᠢ ᠡᠷᠭᠢᠯᠳᠦᠭᠦᠯᠬᠦ ᠵᠠᠬ᠎ᠠ ᠳᠡᠯᠭᠡᠭᠦᠷ ᠢ ᠪᠦᠷᠢᠨᠰᠢᠭᠦᠯᠦᠨ᠂ ᠡᠷᠬᠢᠯᠳᠦᠬᠦᠯᠬᠦ ᠶᠠᠪᠤᠴᠠ ᠳᠤ ᠭᠠᠷᠤᠬᠰᠠᠨ | ᠠᠰᠠᠭᠤᠳᠠᠯ ᠢ ᠴᠢᠬᠤᠯᠠᠴᠢᠯᠠᠬᠤ ᠪᠠ ᠰᠠᠶᠢᠳᠤᠷ ᠰᠢᠢᠳᠪᠦᠷᠢᠯᠡᠵᠦ᠂ ᠥᠷᠭᠡᠨ ᠣᠯᠠᠨ ᠮᠠᠯᠴᠢᠨ ᠲᠠᠷᠢᠶᠠᠴᠢᠳ ᠪᠤᠯᠤᠨ | ᠵᠠᠬ᠎ᠠ ᠳᠡᠯᠭᠡᠭᠦᠷ ᠤᠨ ᠭᠤᠣᠯ ᠴᠤᠭᠴᠠ ᠶᠢᠨ ᠪᠡᠯᠡ ᠣᠷᠣᠭᠤᠯᠬᠤ ᠢᠳᠡᠪᠬᠢᠵᠢᠯ ᠢ ᠳᠠᠶᠢᠴᠢᠯᠠᠨ᠎ᠠ᠃ ᠲᠠᠷᠢᠶᠠᠯᠠᠬᠤ | ᠮᠠᠯᠵᠢᠬᠤ ᠣᠷᠣᠨ ᠤ ᠬᠠᠮᠲᠤ ᠶᠢᠨ ᠦᠮᠴᠢᠯᠡᠬᠦ ᠡᠷᠬᠡ ᠶᠢᠨ ᠳᠦᠷᠢᠮ ᠤᠨ ᠦᠭᠡᠷᠡᠴᠢᠯᠡᠯᠲᠡ ᠶᠢ ᠯᠠᠪᠳᠠᠭᠤᠨ ᠢᠶᠠᠷ | ᠲᠦᠯᠬᠢᠨ ᠠᠬᠢᠭᠤᠯᠵᠤ᠂ ᠲᠠᠷᠢᠶᠠᠯᠠᠬᠤ ᠮᠠᠯᠵᠢᠬᠤ ᠣᠷᠣᠨ ᠤ ᠭᠡᠷ ᠪᠠᠷᠢᠬᠤ ᠭᠠᠵᠠᠷ ᠤᠨ ᠳᠦᠷᠢᠮ ᠤᠨ | ᠦᠭᠡᠷᠡᠴᠢᠯᠡᠯᠲᠡ ᠶᠢᠨ ᠵᠢᠯᠤᠭᠤᠳᠬᠤ ᠰᠠᠨᠠᠯ ᠢ ᠲᠣᠭᠲᠠᠭᠠᠨ᠎ᠠ᠃ | ᠤᠰᠤ ᠪᠠᠷ ᠭᠤᠣᠯ ᠪᠣᠯᠭᠠᠭᠰᠠᠨ ᠳᠠᠷᠢᠶᠠᠯᠠᠩ ᠮᠠᠯ ᠠᠵᠤ ᠠᠬᠤᠢ ᠶᠢᠨ ᠰᠠᠭᠤᠷᠢ ᠪᠦᠲᠦᠭᠡᠨ ᠪᠠᠶᠢᠭᠤᠯᠤᠯᠲᠠ ᠶᠢ | ᠴᠢᠩᠭᠠᠳᠬᠠᠨ᠎ᠠ᠃ ︽ᠴᠤᠤᠯ ᠭᠤᠣᠯ ᠤᠨ ᠤᠰᠤ ᠶᠢ ᠲᠠᠲᠠᠵᠤ ᠯᠢᠶᠣᠤ ᠾᠧ ᠭᠤᠣᠯ ᠳᠤ ᠨᠡᠮᠡᠷᠢᠯᠡᠬᠦ︾᠂ ᠪᠢᠯ | ᠭᠤᠣᠯ ᠤᠨ ᠤᠰᠤᠨ ᠠᠰᠢᠭᠯᠠᠯᠲᠠ ᠶᠢᠨ ᠭᠦᠢᠰᠦ ᠵᠡᠷᠭᠡ ᠲᠦᠷᠦᠯ ᠵᠦᠢᠯ ᠤᠨ ᠡᠮᠦᠨᠡᠬᠢ ᠬᠤᠭᠤᠴᠠᠭᠠᠨ ᠤ ᠠᠵᠢᠯ ᠢ | ᠲᠦᠷᠭᠡᠳᠭᠡᠨ ᠠᠬᠢᠭᠤᠯᠵᠤ᠂ ᠴᠤᠤᠯ ᠭᠤᠣᠯ ᠤᠨ ᠤᠰᠤᠨ ᠴᠦᠬᠦᠷᠦᠮ ᠤᠨ ᠳᠣᠣᠷᠠᠲᠣ ᠤᠷᠤᠰᠬᠠᠯ ᠤᠨ | ᠤᠰᠤᠯᠠᠯᠲᠠ ᠶᠢᠨ ᠣᠷᠣᠨ᠂ ᠨᠤᠨ ᠮᠦᠷᠡᠨ ᠤ ᠭᠤᠣᠯ ᠪᠤᠯᠬᠤ ᠤᠷᠤᠰᠬᠠᠯ ᠤᠨ ᠦᠶᠡᠷ ᠰᠡᠷᠭᠡᠶᠢᠯᠡᠬᠦ ᠪᠠ ᠬᠠᠲᠤᠨ | ᠭᠤᠣᠯ ᠤᠨ ᠬᠤᠶᠠᠳᠠᠬᠢ ᠬᠤᠭᠤᠴᠠᠭᠠᠨ ᠤ ᠦᠶᠡᠷ ᠰᠡᠷᠭᠡᠶᠢᠯᠡᠬᠦ ᠪᠠᠷᠢᠯᠭ᠎ᠠ ᠶᠢ ᠡᠬᠢᠯᠡᠭᠦᠯᠦᠨ ᠪᠠᠶᠢᠭᠤᠯᠵᠤ᠂ ᠦᠷᠬᠡᠨ | ᠶᠡᠭᠡ ᠭᠤᠣᠯ ᠮᠦᠷᠡᠨ ᠤ ᠭᠤᠣᠯ ᠪᠤᠯᠬᠤ ᠰᠠᠯᠪᠤᠷᠢ ᠤᠷᠤᠰᠬᠠᠯ᠂ ᠳᠤᠮᠳᠠ ᠨᠠᠷᠢᠨ ᠭᠤᠣᠯ ᠤᠨ ᠤᠷᠤᠰᠬᠠᠯ ᠢ | ᠵᠠᠰᠠᠬᠤ ᠶᠢ ᠴᠢᠩᠭᠠᠳᠬᠠᠨ᠂ ᠠᠭᠤᠯᠠᠨ ᠦᠶᠡᠷ ᠤᠨ ᠭᠠᠮᠰᠢᠭ ᠬᠦᠨᠦᠭᠡᠯ ᠢ ᠰᠡᠷᠭᠡᠶᠢᠯᠡᠨ ᠵᠠᠰᠠᠬᠤ ᠪᠠ ᠭᠡᠮ | ᠰᠤᠭᠤᠭ ᠲᠠᠢ ᠤᠰᠤᠨ ᠴᠦᠬᠦᠷᠦᠮ ᠤᠨ ᠲᠥᠭᠰᠢᠭᠦᠷᠢ ᠶᠢ ᠠᠷᠢᠯᠭᠠᠨ ᠪᠠᠬᠢᠵᠢᠭᠦᠯᠬᠦ ᠡᠷᠴᠢᠮ ᠢ ᠴᠢᠩᠭᠠᠷᠠᠭᠤᠯᠤᠨ᠎ᠠ᠃ | ᠤᠰᠤᠯᠠᠯᠲᠠ ᠶᠢᠨ ᠣᠷᠣᠨ᠂ ᠮᠠᠯᠵᠢᠬᠤ ᠣᠷᠣᠨ ᠵᠢᠴᠢ ᠠᠮᠢ ᠠᠬᠤᠢ ᠶᠢᠨ ᠬᠡᠪᠡᠷᠡᠭ ᠣᠷᠣᠨ ᠤ ᠦᠨᠳᠦᠷ ᠥᠷ᠎ᠡ | ᠠᠰᠢᠭ ᠲᠠᠢ ᠤᠰᠤ ᠠᠷᠪᠢᠯᠠᠬᠤ ᠤᠰᠤᠯᠠᠯᠲᠠ ᠶᠢᠨ ᠢᠨᠵᠧᠨᠧᠷᠢᠩ ᠢ ᠬᠡᠷᠡᠭᠵᠢᠭᠦᠯᠵᠦ᠂ ᠮᠠᠯᠵᠢᠬᠤ ᠲᠠᠷᠢᠶᠠᠯᠠᠬᠤ | ᠣᠷᠣᠨ ᠤ ᠣᠭᠤᠤᠬᠤ ᠤᠰᠤᠨ ᠤ ᠠᠮᠤᠷ ᠲᠦᠪᠰᠢᠨ ᠢᠨᠵᠧᠨᠧᠷᠢᠩ ᠢ ᠦᠨᠳᠦᠰᠦᠨ ᠳᠡᠭᠡᠨ ᠪᠡᠶᠡᠯᠡᠭᠦᠯᠦᠨ᠎ᠡ᠃ ᠤᠰᠤ | ᠬᠡᠷᠡᠭᠯᠡᠬᠦ ᠪᠦᠲᠦᠴᠡ ᠶᠢ ᠢᠳᠡᠪᠬᠢᠲᠡᠢ ᠲᠣᠬᠢᠷᠠᠭᠤᠯᠵᠤ᠂ ᠤᠰᠤᠨ ᠤ ᠬᠡᠷᠡᠭᠯᠡᠬᠦ ᠡᠷᠬᠡ ᠶᠢ ᠠᠶᠢᠮᠠᠭ ᠬᠤᠲᠠ ᠠᠯᠤᠰᠯᠠᠨ | ᠰᠢᠯᠵᠢᠭᠦᠯᠦᠨ ᠥᠭᠬᠦ ᠶᠢ ᠲᠦᠯᠬᠢᠨ ᠠᠬᠢᠭᠤᠯᠤᠨ᠎ᠠ᠃ ᠮᠠᠯᠵᠢᠬᠤ ᠲᠠᠷᠢᠶᠠᠯᠠᠬᠤ ᠣᠷᠣᠨ ᠤ ᠵᠠᠰᠠᠮᠠᠯ ᠵᠠᠮ᠂ ᠴᠠᠬᠢᠯᠭᠠᠨ | ᠲᠣᠣᠷ ᠵᠡᠷᠭᠡ ᠰᠠᠭᠤᠷᠢ ᠪᠡᠯᠡᠳᠭᠡᠮᠵᠢ ᠶᠢᠨ ᠪᠦᠲᠦᠭᠡᠨ ᠪᠠᠶᠢᠭᠤᠯᠤᠯᠲᠠ ᠶᠢ ᠨᠢᠭᠡᠲᠦᠯᠲᠡᠢ ᠲᠦᠯᠦᠪᠯᠡᠨ ᠲᠦᠯᠬᠢᠨ | ᠠᠬᠢᠭᠤᠯᠵᠤ᠂ ᠮᠠᠯᠵᠢᠬᠤ ᠲᠠᠷᠢᠶᠠᠯᠠᠬᠤ ᠣᠷᠣᠨ ᠤ ᠬᠦᠮᠦᠰ ᠤᠨ ᠣᠷᠣᠰᠢᠨ ᠰᠠᠭᠤᠬᠤ ᠣᠷᠴᠢᠨ ᠲᠣᠭᠤᠷᠢᠨ ᠤ | ᠶᠡᠷᠦᠩᠬᠡᠶᠢᠯᠡᠨ ᠴᠡᠭᠴᠡᠯᠡᠵᠦ ᠵᠠᠰᠠᠬᠤ ᠠᠵᠢᠯ ᠢ ᠪᠦᠬᠦ ᠲᠠᠯ᠎ᠠ ᠪᠠᠷ ᠦᠷᠨᠢᠭᠦᠯᠵᠦ᠂ ᠰᠢᠨ᠎ᠡ ᠮᠠᠯᠵᠢᠬᠤ ᠲᠠᠷᠢᠶᠠᠯᠠᠬᠤ | ᠣᠷᠣᠨ ᠤ ᠪᠦᠲᠦᠭᠡᠨ ᠪᠠᠶᠢᠭᠤᠯᠤᠯᠲᠠ ᠶᠢᠨ ᠬᠢᠷᠢ ᠲᠦᠪᠰᠢᠨ ᠢ ᠲᠡᠬᠡᠭᠰᠢᠯᠡᠬᠦᠯᠦᠨ᠎ᠠ᠃ | ︵ᠳᠥᠷᠪᠠ︶ ᠦᠭᠡᠷᠡᠴᠢᠯᠡᠯᠲᠡ ᠨᠡᠭᠡᠭᠡᠯᠲᠡ ᠶᠢ ᠪᠦᠬᠦ ᠲᠠᠯ᠎ᠠ ᠪᠠᠷ ᠬᠦᠨᠵᠡᠬᠡᠶᠢᠷᠡᠬᠦᠯᠵᠦ᠂ ᠠᠵᠤ ᠠᠬᠤᠢ | ᠨᠡᠶᠢᠭᠡᠮ ᠤᠨ ᠬᠥᠭᠵᠢᠯᠲᠡ ᠶᠢᠨ ᠬᠦᠳᠡᠯᠭᠡᠬᠦ ᠬᠦᠴᠦᠨ ᠪᠣᠯᠣᠨ ᠠᠮᠢᠵᠢᠷᠠᠯ ᠤᠨ ᠬᠦᠴᠦᠨ ᠢ ᠬᠥᠭᠵᠢᠭᠡᠨ᠎ᠡ | ᠭᠤᠣᠯᠳᠠᠯᠭ᠎ᠠ ᠲᠠᠢ ᠬᠦᠷᠢᠶ᠎ᠠ ᠴᠠᠷᠠᠭ᠎ᠠ ᠳᠠᠬᠢ ᠦᠭᠡᠷᠡᠴᠢᠯᠡᠯᠲᠡ ᠶᠢ ᠯᠠᠪᠳᠠᠭᠤᠨ ᠪᠠᠲᠤᠲᠠᠢ ᠲᠦᠯᠬᠢᠨ | ᠠᠬᠢᠭᠤᠯᠤᠨ᠎ᠠ᠃ ᠲᠥᠪ ᠬᠤᠷᠢᠶ᠎ᠠ ᠪᠠ ᠦᠪᠡᠷᠲᠡᠭᠡᠨ ᠵᠠᠰᠠᠬᠤ ᠣᠷᠣᠨ ᠤ ᠦᠭᠡᠷᠡᠴᠢᠯᠡᠯᠲᠡ ᠶᠢᠨ ᠲᠦᠰᠦᠯ ᠤᠨ | ᠨᠠᠶᠢᠳᠠᠪᠤᠷᠢᠵᠢᠯ ᠢ ᠴᠢᠩᠭᠠᠳᠬᠠᠵᠤ᠂ ᠰᠢ ᠶᠢᠨ ᠫᠢᠩ ᠶᠡᠷᠦᠩᠬᠡᠢ ᠱᠦᠵᠢ ᠶᠢᠨ ᠮᠠᠨ ᠤ ᠣᠷᠣᠨ ᠢ ᠤᠷᠢᠳᠠᠪᠠᠷ | ᠶᠠᠪᠤᠭᠤᠯᠤᠨ ᠤᠷᠢᠳᠠᠪᠠᠷ ᠲᠣᠷᠰᠢᠬᠤ ᠪᠠᠷ ᠵᠤᠷᠢᠬᠵᠢᠭᠤᠯᠤᠭᠰᠠᠨ ᠭᠤᠷᠪᠠᠨ ᠵᠦᠢᠯ ᠤᠨ ᠭᠤᠣᠯᠳᠠᠯᠭ᠎ᠠ ᠲᠠᠢ | ᠦᠭᠡᠷᠡᠴᠢᠯᠡᠯᠲᠡ ᠶᠢ ᠳᠤᠪᠤᠶᠢᠮ᠎ᠠ ᠰᠠᠶᠢᠲᠤᠷ ᠠᠳᠬᠤᠨ᠎ᠠ᠃ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠳᠦᠷᠢᠮ ᠤᠨ | ᠦᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠵᠦᠢᠯᠡᠰ ᠢ ᠬᠦᠴᠦᠨ ᠦᠭᠡᠢ | ᠪᠣᠯᠭᠠᠬᠤ ᠪᠠ ᠳᠣᠷᠤᠭᠰᠢ ᠪᠠᠭᠤᠯᠭᠠᠨ᠂ ᠤᠷᠢᠳᠤᠬᠢ ᠬᠢᠨᠠᠨ ᠵᠥᠪᠰᠢᠶᠡᠷᠡᠬᠦ ᠶᠢ ᠶᠡᠭᠡ ᠬᠡᠪᠴᠢᠶ᠎ᠠ ᠪᠠᠷ ᠪᠠᠭᠠᠰᠬᠠᠵᠤ᠂ ︽ | ᠭᠤᠷᠪᠠᠨ ᠦᠨᠡᠮᠯᠡᠯ ᠢ ᠨᠢᠭᠡᠳᠬᠡᠨ ᠨᠢᠭᠡ ᠪᠣᠯᠭᠠᠬᠤ︾᠂ ᠰᠦᠯᠵᠢᠶᠡᠨ ᠳᠡᠭᠡᠷ᠎ᠡ ᠬᠠᠮᠲᠤᠷᠠᠨ ᠬᠢᠨᠠᠨ ᠵᠥᠪᠰᠢᠶᠡᠷᠡᠬᠦ ᠵᠡᠷᠭᠡ | ᠵᠠᠭᠪᠤᠷ ᠢ ᠳᠡᠯᠭᠡᠷᠡᠭᠦᠯᠦᠨ᠂ ᠠᠵᠢᠯ ᠬᠡᠷᠡᠭ ᠤᠨ ᠳᠤᠮᠳᠠᠬᠢ ᠪᠠ ᠠᠵᠢᠯ ᠬᠡᠷᠡᠭ ᠤᠨ ᠳᠠᠷᠠᠭᠠᠬᠢ ᠬᠢᠨᠠᠯᠲᠠ | ᠬᠠᠮᠢᠶᠠᠷᠤᠯᠲᠠ ᠶᠢ ᠴᠢᠩᠭᠠᠳᠬᠠᠨ᠎ᠠ᠃ ᠤᠴᠢᠷ ᠶᠠᠪᠤᠳᠠᠯ ᠵᠦᠪᠳᠡᠯᠴᠡᠬᠦ ᠳᠦᠷᠢᠮ ᠤᠨ ᠦᠭᠡᠷᠡᠴᠢᠯᠡᠯᠲᠡ ᠶᠢ ᠭᠦᠨᠵᠡᠭᠡᠢ | ᠲᠦᠯᠬᠢᠨ ᠠᠬᠢᠭᠤᠯᠵᠤ᠂ ᠠᠵᠤ ᠠᠬᠤᠶᠢᠯᠠᠯ ᠤᠨ ᠪᠡᠯᠡ ᠣᠷᠤᠭᠤᠯᠤᠭᠰᠠᠨ ᠲᠦᠷᠦᠯ ᠵᠦᠢᠯ ᠳᠠᠬᠢ ᠨᠠᠵᠠᠭᠠᠢ ᠲᠠᠯ᠎ᠠ ᠶᠢᠨ | ᠨᠠᠷᠢᠨ ᠬᠠᠭᠤᠳᠠᠰᠤ ᠶᠢ ᠲᠣᠭᠲᠠᠭᠠᠨ᠂ ᠵᠠᠰᠠᠭ ᠵᠠᠬᠢᠷᠭᠠᠨ ᠤ ᠡᠷᠬᠡ ᠶᠢᠨ ᠨᠠᠷᠢᠨ ᠬᠠᠭᠤᠳᠠᠰᠤ ᠪᠣᠯᠣᠨ | ᠬᠠᠷᠢᠭᠤᠴᠠᠯᠭ᠎ᠠ ᠶᠢᠨ ᠨᠠᠷᠢᠨ ᠬᠠᠭᠤᠳᠠᠰᠤ ᠶᠢ ᠬᠡᠷᠡᠭᠵᠢᠭᠦᠯᠦᠨ᠎ᠡ᠃ ᠴᠠᠬᠢᠯᠭᠠᠨ ᠬᠦᠴᠦᠨ ᠤ ᠵᠠᠬ᠎ᠠ ᠳᠡᠯᠭᠡᠭᠦᠷᠴᠢᠯᠡᠬᠦ | ᠦᠭᠡᠷᠡᠴᠢᠯᠡᠯᠲᠡ ᠶᠢ ᠦᠷᠭᠦᠯᠵᠢᠯᠡᠨ ᠲᠦᠯᠬᠢᠨ ᠠᠬᠢᠭᠤᠯᠵᠤ᠂ ᠦᠪᠦᠷ ᠮᠣᠩᠭᠤᠯ ᠤᠨ ᠪᠠᠷᠠᠭᠤᠨ ᠪᠡᠶ᠎ᠠ ᠶᠢᠨ ᠴᠠᠬᠢᠯᠭᠠᠨ | ᠲᠣᠣᠷ ᠤᠨ ᠣᠯᠠᠨ ᠲᠡᠰᠢ ᠠᠷᠠᠯᠵᠢᠶᠠᠯᠠᠬᠤ ᠪᠠ ᠦᠪᠦᠷ ᠮᠣᠩᠭᠤᠯ ᠤᠨ ᠵᠡᠭᠦᠨ ᠪᠡᠶ᠎ᠠ ᠶᠢᠨ ᠲᠣᠮᠣ ᠬᠡᠷᠡᠭᠯᠡᠬᠦ ᠡᠷᠦᠬᠡ ᠳᠤ | ᠰᠢᠭᠤᠳ ᠴᠠᠬᠢᠯᠭᠠᠨ ᠬᠠᠩᠭᠠᠬᠤ ᠬᠡᠪᠴᠢᠶᠡᠵᠢᠯ ᠢ ᠥᠷᠭᠡᠳᠭᠡᠨ᠂ ᠦᠪᠦᠷ ᠮᠣᠩᠭᠤᠯ ᠤᠨ ᠪᠠᠷᠠᠭᠤᠨ ᠪᠡᠶ᠎ᠠ ᠶᠢᠨ | ᠴᠠᠬᠢᠯᠭᠠᠨ ᠲᠣᠣᠷ ᠤᠨ ᠬᠥᠷᠭᠡᠵᠦ ᠲᠦᠬᠡᠬᠡᠬᠦ ᠴᠠᠬᠢᠯᠭᠠᠨ ᠤ ᠦᠨ᠎ᠡ ᠳᠤ ᠦᠭᠡᠷᠡᠴᠢᠯᠡᠯᠲᠡ ᠬᠢᠬᠦ ᠲᠣᠷᠰᠢᠯᠲᠠ ᠶᠢᠨ | ᠴᠢᠬ ᠢ ᠰᠠᠶᠢᠲᠤᠷ ᠬᠢᠵᠤ᠂ ᠬᠤᠤᠯᠢᠨ ᠭᠤᠣᠯ᠂ ᠦᠵᠦᠭᠦᠷ ᠬᠤᠳᠳᠤᠭ ᠤᠨ ᠪᠢᠴᠢᠯ ᠴᠠᠬᠢᠯᠭᠠᠨ ᠲᠣᠣᠷ ᠤᠨ ᠵᠢᠱᠢᠶ᠎ᠡ | ᠦᠵᠡᠭᠦᠯᠬᠦ ᠢᠨᠵᠧᠨᠧᠷᠢᠩ ᠢ ᠬᠡᠷᠡᠭᠵᠢᠭᠦᠯᠦᠨ᠎ᠠ᠃ ᠦᠨ᠎ᠡ ᠬᠠᠩᠰᠢ ᠶᠢᠨ ᠪᠣᠢ ᠪᠣᠯᠬᠤ ᠲᠣᠭᠲᠠᠴᠠ ᠳᠤ | ᠦᠭᠡᠷᠡᠴᠢᠯᠡᠯᠲᠡ ᠬᠢᠬᠦ ᠪᠠᠨ ᠳᠦᠷᠬᠡᠳᠬᠡᠵᠦ᠂ ᠦᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠣᠨ ᠤ | ᠲᠣᠭᠲᠠᠭᠠᠭᠰᠠᠨ ᠦᠨ᠎ᠡ ᠶᠢᠨ ᠭᠠᠷᠴᠠᠭ ᠲᠤ ᠵᠠᠰᠠᠪᠤᠷᠢ ᠣᠷᠣᠭᠤᠯᠵᠤ᠂ ᠣᠷᠣᠨ ᠨᠤᠲᠤᠭ ᠤᠨ ᠲᠡᠮᠦᠷ ᠵᠠᠮ ᠤᠨ | ᠪᠠᠷᠠᠭ᠎ᠠ ᠵᠦᠬᠡᠬᠡᠪᠦᠷᠢᠯᠡᠬᠦ ᠦᠨ᠎ᠡ ᠬᠠᠩᠰᠢ ᠶᠢᠨ ᠬᠠᠮᠢᠶᠠᠷᠤᠯᠲᠠ ᠶᠢ ᠲᠡᠭᠦᠯᠳᠡᠷᠵᠢᠭᠦᠯᠵᠦ᠂ ᠡᠮ ᠡᠮᠨᠡᠯᠭᠡ ᠶᠢᠨ ᠦᠨ᠎ᠡ | ᠬᠠᠩᠰᠢ ᠶᠢᠨ ᠦᠭᠡᠷᠡᠴᠢᠯᠡᠯᠲᠡ ᠶᠢ ᠲᠦᠯᠬᠢᠨ ᠠᠬᠢᠭᠤᠯᠵᠤ᠂ ᠪᠣᠷᠴᠠᠭ ᠤᠨ ᠬᠠᠷᠠᠯᠲᠠᠲᠤ ᠦᠨ᠎ᠡ ᠬᠠᠨᠭ᠍ᠰᠢ ᠳᠤ | ᠦᠭᠡᠷᠡᠴᠢᠯᠡᠯᠲᠡ ᠬᠢᠬᠦ ᠲᠣᠷᠰᠢᠯᠲᠠ ᠶᠢᠨ ᠴᠢᠬ ᠤᠨ ᠠᠵᠢᠯ ᠢ ᠰᠠᠶᠢᠳᠤᠷ ᠬᠢᠨ᠎ᠡ᠃ ᠡᠳ᠋ ᠤᠨ ᠵᠠᠰᠠᠭ ᠭᠠᠶᠢᠯᠢ ᠶᠢᠨ | ᠪᠠᠶᠢᠭᠤᠯᠤᠯ ᠤᠨ ᠦᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠲᠥᠰᠥᠪ ᠤᠨ ᠬᠠᠮᠢᠶᠠᠷᠤᠯᠲᠠ ᠶᠢᠨ ᠳᠦᠷᠢᠮ ᠢ | ᠰᠠᠶᠢᠵᠢᠷᠠᠭᠤᠯᠵᠤ᠂ ᠤᠨ ᠠᠯᠤᠰᠯᠠᠭᠰᠠᠨ ᠲᠦᠰᠦᠪ ᠤᠨ ᠲᠡᠩᠴᠡᠭᠦᠷᠢᠲᠡᠢ ᠪᠠᠶᠢᠬᠤ ᠲᠣᠭᠲᠠᠴᠠ ᠶᠢ ᠪᠠᠶᠢᠭᠤᠯᠤᠨ᠂ | ᠡᠳ᠋ ᠤᠨ ᠵᠠᠰᠠᠭ ᠭᠠᠶᠢᠯᠢ ᠶᠢᠨ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠶᠢ ᠢᠯᠭᠠᠷᠠᠭᠤᠯᠤᠨ ᠵᠢᠷᠤᠮᠵᠢᠭᠤᠯᠵᠤ᠂ | ᠵᠠᠰᠠᠭ ᠤᠨ ᠣᠷᠳᠣᠨ ᠤ ᠵᠢᠭᠡᠯᠡᠬᠦ ᠠᠵᠢᠯᠯᠠᠭ᠎ᠠ ᠶᠢ ᠵᠢᠷᠤᠮᠵᠢᠭᠤᠯᠤᠨ᠎ᠠ᠃ ᠮᠦᠩᠭᠦᠨ ᠭᠦᠢᠯᠭᠡᠭᠡᠨ ᠤ ᠬᠦᠷᠢᠶᠡᠨ ᠳᠠᠬᠢ | ᠦᠭᠡᠷᠡᠴᠢᠯᠡᠯᠲᠡ ᠶᠢ ᠭᠦᠨᠵᠡᠭᠡᠶᠢᠷᠡᠭᠦᠯᠵᠤ᠂ ᠪᠤᠳᠠᠳᠦ ᠴᠤᠬᠴᠠ ᠶᠢᠨ ᠠᠵᠤ ᠠᠬᠤᠢ ᠶᠢᠨ ᠬᠦᠭᠵᠢᠯᠳᠡ ᠳᠤ ᠨᠡᠩ | ᠰᠠᠶᠢᠨ ᠢᠶᠠᠷ ᠦᠢᠯᠡᠴᠢᠯᠡᠨ᠎ᠡ᠃ ᠤᠯᠤᠰ ᠤᠨ ᠦᠮᠴᠢᠯᠡᠯᠲᠦ ᠠᠵᠤ ᠠᠬᠤᠶᠢᠯᠠᠯ ᠤᠨ ᠦᠭᠡᠷᠡᠴᠢᠯᠡᠯᠲᠠ ᠶᠢ | ᠦᠷᠬᠦᠯᠵᠢᠯᠡᠨ ᠠᠬᠢᠭᠤᠯᠵᠤ᠂ ᠤᠯᠤᠰ ᠤᠨ ᠦᠮᠴᠢᠯᠡᠯᠲᠦ ᠡᠳ᠋ ᠬᠦᠷᠦᠩᠭᠡ ᠶᠢᠨ ᠬᠢᠨᠠᠯᠲᠠ ᠬᠠᠮᠢᠶᠠᠷᠤᠯᠲᠠ ᠶᠢᠨ | ᠪᠠᠶᠢᠭᠤᠯᠤᠯ ᠢ ᠲᠡᠭᠦᠯᠳᠡᠷᠵᠢᠭᠦᠯᠵᠤ᠂ ᠤᠯᠤᠰ ᠤᠨ ᠦᠮᠴᠢᠯᠡᠯᠳᠦ ᠠᠵᠤ ᠠᠬᠤᠢᠢᠯᠠᠯ ᠤᠨ ᠬᠠᠷᠢᠭᠤᠴᠠᠯᠭᠠᠳᠠᠳ ᠤᠨ | ᠴᠡᠯᠢᠭ ᠬᠦᠯᠦᠰᠦ ᠶᠢᠨ ᠳᠦᠷᠢᠮ ᠳᠤ ᠦᠭᠡᠷᠡᠴᠢᠯᠡᠯᠳᠡ ᠬᠢᠬᠦ ᠳᠦᠰᠦᠯ ᠢ ᠨᠡᠶᠢᠳᠡᠯᠡᠨ᠎ᠡ᠃ | ᠨᠡᠭᠡᠭᠡᠯᠲᠡ ᠶᠢ ᠪᠦᠬᠦ ᠲᠠᠯ᠎ᠠ ᠪᠠᠷ ᠦᠷᠭᠡᠳᠭᠡᠨ᠎ᠡ᠃ ᠤᠯᠤᠰ ᠠᠴᠠ ︽ᠨᠢᠭᠡ ᠪᠦᠰᠡ ᠨᠢᠭᠡ ᠵᠠᠮ︾᠂ ᠪᠡᠭᠡᠵᠢᠩ | ᠲᠢᠶᠠᠨᠵᠢᠨ ᠾᠧᠪᠧᠢ ᠶᠢ ᠵᠣᠬᠢᠴᠠᠭᠤᠯᠤᠨ ᠬᠥᠭᠵᠢᠭᠦᠯᠬᠦ᠂ ᠬᠥᠬᠡ ᠮᠦᠷᠡᠨ ᠤ ᠠᠵᠤ ᠠᠬᠤᠢ ᠶᠢᠨ ᠪᠦᠰᠡ ᠡᠨᠡ | ᠭᠤᠷᠪᠠᠨ ᠶᠡᠭᠡ ᠪᠠᠶᠢᠯᠳᠤᠬᠤ ᠪᠣᠳᠣᠯᠭ᠎ᠠ ᠶᠢ ᠬᠡᠷᠡᠭᠵᠢᠬᠦᠯᠦᠬᠡᠳ ᠪᠤᠢ ᠪᠤᠯᠤᠭᠰᠠᠨ ᠳᠣᠬᠢᠶᠠᠯ ᠢ ᠴᠢᠩᠭ᠎ᠠ ᠠᠳᠬᠤᠵᠤ᠂ | ᠤᠯᠤᠰ ᠤᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠳᠤ ᠲᠣᠭᠲᠠᠭᠠᠭᠳᠠᠭᠰᠠᠨ ᠮᠠᠨ ᠤ ᠣᠷᠣᠨ ᠤ ᠪᠠᠶᠢᠷᠢ | ᠲᠤᠭᠲᠠᠭᠠᠯᠲᠠ ᠪᠠᠨ ᠣᠨᠣᠪᠴᠢᠲᠠᠢ ᠡᠷᠢᠵᠦ᠂ ᠤᠯᠤᠰ ᠤᠨ ᠲᠦᠯᠦᠪᠵᠢᠭᠦᠯᠭᠡ ᠯᠦᠭᠡ ᠵᠤᠯᠭᠠᠭᠤᠯᠤᠨ | ᠳᠦᠬᠦᠷᠵᠢᠭᠦᠯᠬᠦ ᠶᠢ ᠰᠠᠶᠢᠲᠤᠷ ᠬᠢᠵᠦ᠂ ᠤᠯᠤᠰ ᠤᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠳᠤ ᠠᠭᠤᠰᠤᠯᠴᠠᠬᠤ | ᠪᠠ ᠦᠢᠯᠡᠴᠢᠯᠡᠬᠦ ᠳᠤᠮᠳᠠ ᠬᠥᠭᠵᠢᠯᠲᠡ ᠶᠢᠨ ᠣᠷᠣᠨ ᠵᠠᠢ ᠪᠠᠨ ᠦᠷᠭᠡᠳᠭᠡᠨ᠎ᠡ᠃ ᠣᠷᠣᠰ ᠮᠣᠩᠭᠤᠯ ᠯᠤᠭ᠎ᠠ | ᠬᠠᠮᠲᠤᠷᠠᠨ ᠠᠵᠢᠯᠯᠠᠬᠤ ᠲᠣᠭᠲᠠᠴᠠ ᠳᠤ ᠰᠢᠨ᠎ᠡ ᠶᠢ ᠡᠭᠦᠳᠦᠨ᠎ᠡ᠃ ᠲᠣᠷᠭᠠᠨ ᠵᠠᠮ ᠤᠨ ᠠᠵᠤ ᠠᠬᠤᠢ ᠶᠢᠨ | ᠪᠦᠰᠡ ᠶᠢᠨ ᠪᠦᠲᠦᠭᠡᠨ ᠪᠠᠶᠢᠭᠤᠯᠤᠯᠲᠠ ᠶᠢ ᠲᠦᠯᠬᠢᠨ ᠠᠬᠢᠭᠤᠯᠬᠤ ᠳᠤ ᠬᠡᠷᠡᠭᠵᠢᠭᠦᠯᠬᠦ ᠲᠦᠰᠦᠯ ᠢ ᠨᠠᠶᠢᠷᠠᠭᠤᠯᠤᠨ | ᠵᠤᠬᠢᠶᠠᠵᠦ᠂ ᠮᠠᠨ ᠤ ᠣᠷᠣᠨ ᠤ ᠤᠮᠠᠷᠠᠰᠢ ᠨᠡᠭᠡᠭᠡᠯᠲᠡ ᠬᠢᠬᠦ ᠴᠢᠬᠤᠯᠠ ᠶᠡᠭᠡ ᠵᠦᠢᠯᠡᠰ ᠪᠣᠯᠣᠨ ᠲᠦᠷᠦᠯ ᠵᠦᠢᠯ ᠢ | ᠤᠯᠤᠰ ᠤᠨ ᠳᠡᠭᠡᠳᠦ ᠳᠠᠪᠬᠤᠷᠭ᠎ᠠ ᠶᠢᠨ ᠵᠢᠷᠤᠭᠯᠠᠨ ᠲᠦᠯᠦᠪᠯᠡᠬᠦ ᠳᠤ ᠣᠷᠤᠭᠤᠯᠬᠤ ᠪᠠᠷ ᠴᠢᠷᠮᠠᠶᠢᠨ᠎ᠠ᠃ ᠮᠠᠨᠵᠣᠣᠷ᠂ | ᠡᠷᠢᠶᠡᠨ ᠬᠤᠲᠠ ᠳᠠᠬᠢ ᠤᠯᠤᠰ ᠤᠨ ᠭᠤᠣᠯᠳᠠᠯᠭ᠎ᠠ ᠲᠠᠢ ᠨᠡᠭᠡᠭᠡᠨ ᠬᠥᠭᠵᠢᠭᠦᠯᠵᠦ ᠨᠡᠭᠡᠭᠡᠯᠲᠡ ᠬᠢᠬᠦ ᠲᠣᠷᠰᠢᠯᠲᠠ ᠶᠢᠨ | ᠲᠤᠭᠤᠷᠢᠭ ᠪᠣᠯᠣᠨ ᠬᠦᠯᠦᠨ ᠪᠤᠶᠢᠷ ᠲᠠᠬᠢ ᠳᠤᠮᠳᠠᠳᠤ ᠣᠷᠣᠰ ᠮᠣᠩᠭᠤᠯ ᠤᠨ ᠬᠤᠷᠰᠢᠯᠴᠠᠬᠤ ᠬᠤᠰᠢᠭᠤᠴᠢ ᠣᠷᠣᠨ ᠢ | ᠳᠦᠷᠬᠡᠬᠡᠨ ᠪᠦᠲᠦᠭᠡᠨ ᠪᠠᠶᠢᠭᠤᠯᠵᠤ᠂ ᠳᠤᠮᠳᠠᠳᠤ ᠮᠣᠩᠭᠤᠯ ᠤᠨ ᠦᠵᠡᠰᠭᠦᠯᠡᠩ ᠢ ᠰᠠᠶᠢᠲᠤᠷ ᠡᠷᠬᠢᠯᠡᠨ᠎ᠡ᠃ | ᠪᠣᠭᠤᠮᠲᠠ ᠶᠢᠨ ᠪᠦᠲᠦᠭᠡᠨ ᠪᠠᠶᠢᠭᠤᠯᠤᠯᠲᠠ ᠶᠢᠨ ᠡᠷᠴᠢᠮ ᠢ ᠴᠢᠩᠭᠠᠷᠠᠭᠤᠯᠵᠤ᠂ ᠣᠷᠣᠰ ᠮᠣᠩᠭᠤᠯ ᠯᠤᠭ᠎ᠠ ᠶᠢᠨ | ᠰᠠᠭᠤᠷᠢ ᠪᠡᠯᠡᠳᠭᠡᠮᠵᠢ ᠶᠢᠨ ᠬᠤᠯᠪᠣᠭᠠᠯᠠᠨ ᠨᠡᠪᠲᠡᠷᠡᠯᠴᠡᠬᠦ ᠶᠢ ᠢᠳᠡᠪᠬᠢᠳᠠᠢ ᠠᠬᠢᠭᠤᠯᠵᠤ᠂ ᠬᠤᠳᠠᠯᠳᠤᠭ᠎ᠠ | ᠠᠷᠠᠯᠵᠢᠶ᠎ᠠ ᠶᠢᠨ ᠶᠠᠪᠤᠯᠴᠠᠭ᠎ᠠ ᠪᠣᠯᠣᠨ ᠠᠵᠢᠯᠳᠠᠨ ᠤ ᠰᠤᠯᠢᠯᠴᠠᠭ᠎ᠠ ᠪᠠᠨ ᠦᠷᠭᠡᠳᠭᠡᠨ᠂ ᠬᠢᠯᠢ ᠳᠠᠭᠠᠤ ᠨᠡᠭᠡᠭᠡᠨ | ᠬᠥᠭᠵᠢᠭᠦᠯᠵᠦ ᠨᠡᠭᠡᠭᠡᠯᠲᠡ ᠬᠢᠬᠦ ᠬᠢᠷᠢ ᠲᠦᠪᠰᠢᠨ ᠢᠶᠠᠨ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃ ᠣᠷᠣᠨ ᠪᠦᠰᠡ ᠶᠢᠨ | ᠬᠠᠮᠵᠢᠯᠴᠠᠭ᠎ᠠ ᠶᠢ ᠳᠦᠷᠬᠡᠳᠬᠡᠨ ᠠᠬᠢᠭᠤᠯᠤᠨ᠎ᠠ᠃ ᠪᠡᠭᠡᠵᠢᠩ ᠲᠢᠶᠠᠨᠵᠢᠨ ᠾᠧᠪᠧᠢ ᠶᠢᠨ ᠠᠵᠤ ᠦᠢᠯᠡᠰ ᠢᠶᠠᠨ | ᠰᠢᠯᠵᠢᠭᠦᠯᠬᠦ ᠲᠣᠬᠢᠶᠠᠯ ᠢ ᠠᠳᠬᠤᠵᠤ᠂ ᠤᠯᠠᠭᠠᠨᠴᠠᠪ᠂ ᠤᠯᠠᠭᠠᠠᠬᠠᠳᠠ ᠵᠡᠷᠭᠡ ᠭᠠᠵᠠᠷ ᠰᠢᠯᠵᠢᠭᠦᠯᠦᠭᠰᠡᠨ ᠠᠵᠤ | ᠦᠢᠯᠡᠰ ᠤᠨ ᠲᠠᠭᠠᠭᠠᠨ ᠵᠠᠯᠭᠠᠯᠳᠤᠭᠤᠯᠬᠤ ᠰᠠᠭᠤᠷᠢᠨ ᠭᠠᠵᠠᠷ ᠢ ᠲᠦᠷᠭᠡᠳᠭᠡᠨ ᠴᠤᠭᠴᠠᠯᠠᠬᠤ ᠪᠠ ︽ᠤᠭᠤᠷᠴᠠᠭ | ᠬᠠᠷᠢᠶ᠎ᠠ ᠭᠠᠵᠠᠷ ᠤᠨ ᠠᠵᠤ ᠠᠬᠤᠢ︾ ᠶᠢ ᠬᠥᠭᠵᠢᠭᠦᠯᠦᠨ᠎ᠡ᠃ ᠪᠡᠭᠡᠵᠢᠩ ᠦᠪᠦᠷ ᠮᠣᠩᠭᠤᠯ ᠤᠨ ᠬᠠᠮᠲᠤᠷᠠᠨ | ᠠᠵᠢᠯᠯᠠᠬᠤ ᠲᠣᠭᠲᠠᠴᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠦᠪᠦᠷ ᠮᠣᠩᠭᠤᠯ ᠱᠠᠨ ᠰᠢ ᠾᠧᠪᠧᠢ ᠶᠢᠨ | ᠤᠷᠲᠤ ᠴᠠᠭᠠᠨ ᠬᠡᠷᠡᠮ ᠠᠯᠲᠠᠨ ᠬᠤᠰᠢᠭᠤᠯᠵᠢᠨ ᠬᠤᠷᠰᠢᠯᠴᠠᠬᠤ ᠣᠷᠣᠨ ᠤ ᠪᠦᠲᠦᠭᠡᠨ ᠪᠠᠶᠢᠭᠤᠯᠤᠯᠲᠠ ᠶᠢ | ᠴᠢᠩᠭᠠᠳᠬᠠᠨ᠎ᠠ᠃ ᠵᠧᠵᠢᠶᠠᠩ ᠤᠨ ᠬᠤᠳᠠᠯᠳᠤᠭᠠᠴᠢᠳ ᠤᠨ ᠠᠵᠤ ᠦᠢᠯᠡᠰ ᠤᠨ ᠬᠦᠷᠢᠶᠡᠯᠡᠩ᠂ ᠤᠷᠳᠤᠰ | ᠬᠤᠳᠠ ᠳᠠᠬᠢ ᠵᠢᠶᠠᠩᠰᠤ ᠶᠢᠨ ᠠᠵᠤ ᠦᠢᠯᠡᠳᠪᠦᠷᠢ ᠶᠢᠨ ᠬᠦᠷᠢᠶᠡᠯᠠᠩ ᠵᠡᠷᠭᠡ ᠵᠠᠭᠪᠣᠷ ᠢ ᠢᠳᠡᠪᠬᠢᠲᠡᠢ ᠳᠡᠯᠭᠡᠷᠡᠭᠦᠯᠵᠦ᠂ | ᠠᠵᠤ ᠦᠢᠯᠡᠰ ᠤᠨ ᠲᠠᠭᠠᠭᠠᠨ ᠵᠠᠯᠭᠠᠯᠳᠤᠭᠤᠯᠬᠤ ᠦᠨᠳᠦᠷ ᠲᠥᠪᠰᠢᠨ ᠤ ᠲᠡᠪᠴᠡᠩ ᠢ ᠴᠤᠬᠴᠠᠯᠠᠨ᠎ᠠ᠃ ᠮᠠᠨ ᠤ | ᠣᠷᠣᠨ ᠬᠢᠭᠡᠳ ᠭᠠᠳᠠᠷ ᠮᠤᠵᠢ ᠣᠷᠣᠨ ᠬᠤᠲᠠ ᠯᠤᠭ᠎ᠠ ᠲᠣᠭᠲᠠᠭᠰᠠᠨ ᠬᠠᠮᠲᠤᠷᠠᠨ ᠠᠵᠢᠯᠯᠠᠬᠤ ᠬᠡᠯᠡᠯᠴᠡᠭᠡᠷ ᠢ | ᠮᠦᠷᠲᠡᠨ ᠨᠠᠶᠢᠳᠠᠪᠤᠷᠢᠵᠢᠭᠤᠯᠵᠤ᠂ ᠬᠠᠮᠲᠤᠷᠠᠨ ᠠᠵᠢᠯᠯᠠᠬᠤ ᠲᠦᠷᠦᠯ ᠵᠦᠢᠯ ᠤᠨ ᠲᠦᠷᠭᠡᠬᠡᠨ ᠨᠠᠶᠢᠳᠠᠪᠤᠷᠢᠵᠢᠬᠤ ᠶᠢ | ᠠᠬᠢᠭᠤᠯᠤᠨ᠎ᠠ᠃ ᠪᠦᠬᠦ ᠵᠢᠯ ᠳᠤ ᠤᠯᠤᠰ ᠤᠨ ᠳᠣᠲᠤᠭᠠᠲᠤ ︵ᠣᠷᠣᠨ ᠤ ᠭᠠᠳᠠᠨ᠎ᠠ︶ ᠶᠢᠨ 5000 ᠳ᠋ᠦᠩᠰᠢᠭᠤᠷ | ᠲᠦᠭᠦᠷᠢᠭ ᠣᠷᠴᠢᠮ ᠤᠨ ᠪᠡᠯᠡ ᠮᠦᠩᠭᠦ ᠶᠢ ᠣᠷᠣᠭᠤᠯᠵᠤ ᠪᠣᠲᠠᠲᠠᠶᠢᠵᠢᠭᠤᠯᠬᠤ ᠪᠠᠷ ᠴᠢᠷᠮᠠᠶᠢᠨ᠎ᠠ᠃ | ︵ᠲᠠᠪᠤ︶ ᠰᠢᠨ᠎ᠡ ᠮᠠᠶ᠋ᠢᠭ ᠤᠨ ᠬᠤᠲᠠ ᠪᠠᠯᠭᠠᠰᠤᠴᠢᠯᠠᠯᠲᠠ ᠶᠢ ᠯᠠᠪᠳᠠᠭᠤᠨ ᠪᠠᠲᠤᠲᠠᠢ ᠪᠠᠷ ᠲᠦᠯᠬᠢᠨ | ᠠᠬᠢᠭᠤᠯᠵᠤ᠂ ᠬᠤᠲᠠ ᠬᠦᠳᠡᠭᠡ ᠶᠢᠨ ᠣᠷᠣᠨ ᠪᠦᠰᠡ ᠶᠢᠨ ᠬᠥᠭᠵᠢᠯᠲᠡ ᠶᠢ ᠨᠢᠭᠡᠲᠦᠯᠲᠡᠢ ᠲᠦᠯᠦᠪᠯᠡᠨ᠎ᠡ | ᠰᠢᠨ᠎ᠡ ᠮᠠᠶ᠋ᠢᠭ ᠤᠨ ᠬᠤᠲᠠ ᠪᠠᠯᠭᠠᠰᠤᠴᠢᠯᠠᠯᠲᠠ ᠶᠢᠨ ᠠᠯᠬᠤᠴᠠ ᠶᠢ ᠳᠦᠷᠬᠡᠳᠬᠡᠨ᠎ᠡ᠃ ᠬᠦᠮᠦᠰ ᠤᠨ ᠬᠤᠲᠠ | ᠪᠠᠯᠭᠠᠰᠤᠴᠢᠯᠠᠯᠲᠠ ᠪᠠᠷ ᠭᠤᠣᠯ ᠪᠣᠯᠭᠠᠵᠤ᠂ ᠲᠠᠷᠢᠶᠠᠯᠠᠩ ᠮᠠᠯ ᠠᠵᠤ ᠠᠬᠤᠢ ᠠᠴᠠ ᠰᠢᠯᠵᠢᠭᠰᠡᠨ 400 ᠲᠦᠮᠡᠨ | ᠬᠦᠮᠦᠨ ᠠᠮᠠ ᠶᠢ ᠬᠤᠲᠠ ᠶᠢᠨ ᠠᠷᠠᠳ ᠪᠣᠯᠭᠠᠬᠤ ᠠᠰᠠᠭᠤᠳᠠᠯ ᠢ ᠭᠤᠣᠯᠳᠠᠯᠭ᠎ᠠ ᠲᠠᠢ ᠰᠢᠢᠳᠪᠦᠷᠢᠯᠡᠨ᠎ᠡ᠃ ᠬᠤᠳᠠ ᠳᠤ | ᠤᠷᠤᠬᠰᠠᠨ ᠮᠠᠯᠴᠢᠨ ᠳᠠᠷᠢᠶᠠᠴᠢᠨ ᠬᠦᠴᠦ ᠶᠠᠪᠤᠬᠰᠠᠳ ᠵᠢᠴᠢ ᠳᠡᠳᠡᠨᠦᠰ ᠢ ᠳᠠᠭᠠᠯᠳᠤᠨ ᠨᠡᠬᠦᠬᠦᠭᠰᠡᠨ ᠭᠡᠷ ᠪᠦᠯᠢ ᠶᠢᠨ | ᠬᠢᠨᠢ ᠬᠤᠳᠠ ᠪᠠᠯᠭᠠᠰᠤ ᠶᠢᠨ ᠦᠨᠳᠦᠰᠦᠨ ᠤᠯᠠᠨ ᠨᠡᠶᠢᠳᠡ ᠶᠢᠨ ᠦᠢᠯᠡᠴᠢᠯᠡᠭᠡ ᠶᠢ ᠠᠳᠠᠯᠢ ᠳᠡᠭᠰᠢ ᠪᠠᠷ ᠬᠦᠷᠳᠡᠬᠦ ᠶᠢ | ᠪᠠᠳᠤᠯᠠᠨ᠂ ᠮᠠᠯᠴᠢᠨ ᠳᠠᠷᠢᠶᠠᠴᠢᠨ ᠬᠦᠴᠦ ᠶᠠᠪᠤᠬᠰᠠᠳ ᠢ ᠬᠠᠮᠤᠷᠬᠤ ᠬᠤᠳᠠ ᠪᠠᠯᠭᠠᠰᠤᠨ ᠤ ᠨᠡᠶᠢᠭᠡᠮ ᠤᠨ | ᠪᠠᠳᠤᠯᠠᠭ᠎ᠠ ᠶᠢᠨ ᠬᠡᠮᠵᠢᠶ᠎ᠡ ᠪᠠᠨ ᠦᠷᠭᠡᠳᠭᠡᠵᠦ᠂ ᠳᠠᠭᠠᠯᠳᠤᠨ ᠨᠡᠬᠦᠭᠰᠡᠨ ᠦᠷ᠎ᠡ ᠬᠡᠦᠬᠡᠳ ᠨᠢ ᠳᠤᠬᠠᠢ ᠶᠢᠨ | ᠭᠠᠵᠠᠷ ᠤᠨ ᠠᠯᠪᠠᠨ ᠵᠢᠷᠤᠮ ᠤᠨ ᠰᠤᠷᠭᠠᠨ ᠬᠦᠮᠦᠵᠢᠯ ᠢ ᠬᠦᠷᠳᠡᠬᠦ ᠪᠠ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ | ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠢᠯᠭᠠᠯᠳᠠ ᠳᠤ ᠤᠷᠤᠯᠴᠠᠬᠤ ᠬᠠᠮᠢᠶ᠎ᠠ ᠪᠦᠬᠦᠢ ᠳᠦᠷᠦ ᠶᠢᠨ | ᠪᠤᠳᠤᠯᠭ᠎ᠠ ᠶᠢ ᠳᠡᠭᠦᠯᠳᠡᠷᠵᠢᠬᠦᠯᠦᠨ᠂ ᠮᠠᠯᠴᠢᠨ ᠳᠠᠷᠢᠶᠠᠴᠢᠨ ᠬᠦᠴᠦ ᠶᠠᠪᠤᠬᠰᠠᠳ ᠲᠤ ᠬᠤᠳᠠ ᠪᠠᠯᠭᠠᠰᠤ ᠶᠢᠨ | ᠪᠠᠳᠤᠯᠠᠭ᠎ᠠ ᠶᠢᠨ ᠴᠢᠨᠠᠷᠳᠠᠢ ᠤᠷᠤᠨ ᠰᠠᠭᠤᠴᠠ ᠬᠦᠷᠳᠡᠭᠡᠬᠦ ᠪᠤᠳᠠᠳᠠᠢ ᠠᠷᠭ᠎ᠠ ᠶᠢ ᠰᠦᠪᠡᠭᠴᠢᠯᠡᠨ᠎ᠡ᠃ ᠡᠷᠦᠬᠡ | ᠠᠮᠠ ᠶᠢᠨ ᠳᠦᠷᠢᠮ ᠤᠨ ᠦᠭᠡᠷᠡᠴᠢᠯᠡᠯᠳᠡ ᠶᠢ ᠳᠦᠷᠬᠡᠳᠭᠡᠨ᠂ ᠰᠠᠭᠤᠭᠠᠯᠢ ᠠᠷᠠᠳ ᠤᠨ ᠰᠠᠭᠤᠷᠢᠰᠢᠬᠤ ᠦᠨᠡᠮᠯᠡᠯ ᠤᠨ | ᠳᠦᠷᠢᠮ ᠢ ᠪᠠᠶᠢᠭᠤᠯᠵᠤ᠂ ᠳᠠᠷᠢᠶᠠᠯᠠᠩ ᠮᠠᠯ ᠠᠵᠤ ᠠᠬᠤᠢ ᠠᠴᠠ ᠰᠢᠯᠵᠢᠭᠰᠡᠨ ᠬᠦᠮᠦᠨ ᠠᠮᠠ ᠨᠢ ᠬᠤᠳᠠ | ᠪᠠᠯᠭᠠᠰᠤᠨ ᠳᠤ ᠡᠷᠦᠬᠡ ᠠᠮᠠ ᠤᠷᠤᠭᠤᠯᠬᠤ ᠶᠢ ᠳᠦᠷᠦᠯ ᠬᠤᠪᠢᠶᠠᠨ ᠠᠬᠢᠭᠤᠯᠤᠨ᠎ᠠ᠃ ᠤᠷᠢᠳᠠᠪᠠᠷ ᠲᠦᠯᠦᠪᠵᠢᠭᠦᠯᠭᠡ | ᠲᠣᠭᠲᠠᠭᠠᠬᠤ ᠶᠢ ᠪᠠᠷᠢᠮᠲᠠᠯᠠᠵᠤ᠂ ᠦᠪᠡᠷᠲᠡᠭᠡᠨ ᠵᠠᠰᠠᠬᠤ ᠣᠷᠣᠨ ᠤ ᠬᠤᠲᠠ ᠪᠠᠯᠭᠠᠰᠤ ᠶᠢᠨ ᠰᠢᠰᠲ᠋ᠧᠮᠵᠢ ᠶᠢᠨ | ᠲᠦᠯᠦᠪᠵᠢᠭᠦᠯᠭᠡ ᠶᠢ ᠨᠠᠶᠢᠷᠠᠭᠤᠯᠤᠨ ᠬᠡᠷᠡᠭᠵᠢᠭᠦᠯᠵᠦ᠂ ᠰᠢᠨ᠎ᠡ ᠮᠠᠶ᠋ᠢᠭ ᠤᠨ ᠬᠤᠲᠠ ᠪᠠᠯᠭᠠᠰᠤᠵᠢᠯᠲᠠ ᠶᠢᠨ | ᠲᠤᠷᠰᠢᠯᠲᠠ ᠶᠢᠨ ᠴᠢᠬ ᠤᠨ ᠠᠵᠢᠯ ᠢ ᠰᠠᠶᠢᠲᠤᠷ ᠠᠳᠬᠤᠵᠤ᠂ ᠬᠤᠲᠠ ᠪᠠᠯᠭᠠᠰᠤ ᠶᠢᠨ ᠪᠠᠶᠢᠷᠢᠰᠢᠭᠤᠯᠤᠯ ᠢ ᠤᠯᠠᠮ | ᠨᠢᠭᠡ ᠠᠯᠬᠤᠮ ᠰᠢᠯᠢᠳᠡᠭᠵᠢᠭᠦᠯᠵᠦ᠂ ᠳᠤᠮᠤ ᠳᠤᠮᠳᠠ ᠪᠠᠭ᠎ᠠ ᠬᠤᠲᠠ ᠬᠢᠬᠡᠳ ᠪᠠᠭ᠎ᠠ ᠬᠤᠲᠠ ᠪᠠᠯᠭᠠᠰᠤ᠂ ᠠᠵᠤ | ᠦᠢᠯᠡᠰ ᠬᠢᠬᠡᠳ ᠬᠤᠲᠠ ᠪᠠᠯᠭᠠᠰᠤ᠂ ᠬᠤᠲᠠ ᠪᠠᠯᠭᠠᠰᠤᠴᠢᠯᠠᠯᠲᠠ ᠬᠢᠬᠡᠳ ᠰᠢᠨ᠎ᠡ ᠮᠠᠯᠵᠢᠬᠤ ᠲᠠᠷᠢᠶᠠᠯᠠᠬᠤ ᠣᠷᠣᠨ ᠤ | ᠪᠦᠲᠦᠭᠡᠨ ᠪᠠᠶᠢᠭᠤᠯᠤᠯᠲᠠ ᠶᠢᠨ ᠵᠣᠬᠢᠴᠠᠩᠭᠤᠢ ᠬᠥᠭᠵᠢᠬᠦ ᠶᠢ ᠢᠳᠡᠪᠬᠢᠲᠡᠢ ᠪᠠᠷ ᠲᠦᠯᠬᠢᠨ ᠠᠬᠢᠭᠤᠯᠤᠨ᠎ᠠ᠃ | ᠬᠤᠲᠠ ᠶᠢᠨ ᠰᠠᠭᠤᠷᠢ ᠪᠡᠯᠡᠳᠭᠡᠮᠵᠢ ᠶᠢᠨ ᠨᠦᠬᠦᠴᠡᠯ ᠢ ᠬᠦᠴᠦᠯᠡᠨ ᠬᠠᠯᠠᠨ ᠰᠠᠶᠢᠵᠢᠷᠠᠭᠤᠯᠵᠤ᠂ ᠬᠤᠲᠠ ᠶᠢᠨ ᠭᠠᠵᠠᠷ | ᠳᠣᠣᠷᠠᠬᠢ ᠬᠤᠭᠤᠯᠠᠢ ᠭᠤᠤᠷᠰᠤ ᠶᠢᠨ ᠲᠣᠣᠷ ᠤᠨ ᠨᠡᠶᠢᠳᠡᠮ ᠪᠠᠶᠢᠴᠠᠭᠠᠯᠲᠠ ᠶᠢ ᠪᠦᠬᠦ ᠲᠠᠯ᠎ᠠ ᠪᠠᠷ ᠦᠷᠨᠢᠭᠦᠯᠵᠦ᠂ | ᠬᠤᠲᠠ ᠶᠢᠨ ᠶᠡᠷᠦᠩᠬᠡᠶᠢᠯᠡᠭᠰᠡᠨ ᠬᠤᠭᠤᠯᠠᠢ ᠭᠤᠤᠷᠰᠤ ᠶᠢᠨ ᠲᠤᠤᠷ ᠤᠨ ᠬᠤᠩᠭᠢᠯ ᠤᠨ ᠪᠦᠲᠦᠭᠡᠨ ᠪᠠᠶᠢᠭᠤᠯᠤᠯᠲᠠ ᠶᠢ | ᠠᠬᠢᠭᠤᠯᠤᠨ᠎ᠠ᠃ ᠪᠡᠯᠡ ᠣᠷᠤᠭᠤᠯᠤᠯᠲᠠ ᠪᠡᠯᠡ ᠲᠣᠬᠢᠷᠠᠭᠤᠯᠭ᠎ᠠ ᠶᠢᠨ ᠲᠣᠭᠲᠠᠴᠠ ᠳᠤ ᠢᠳᠡᠪᠬᠢᠲᠡᠢ ᠪᠠᠷ ᠰᠢᠨ᠎ᠡ ᠶᠢ | ᠡᠭᠦᠳᠴᠦ᠂ ᠣᠨᠴᠠ ᠵᠥᠪᠰᠢᠶᠡᠷᠡᠯ ᠲᠠᠢ ᠡᠵᠡᠩᠨᠡᠯᠲᠡ᠂ ᠪᠡᠯᠡ ᠣᠷᠣᠭᠤᠯᠤᠯᠲᠠ ᠶᠢᠨ ᠨᠦᠬᠦᠪᠦᠷᠢ᠂ ᠦᠨ᠎ᠡ | ᠬᠠᠩᠰᠢ ᠶᠢᠨ ᠲᠣᠭᠲᠠᠴᠠ ᠶᠢ ᠲᠡᠭᠦᠯᠳᠡᠷᠵᠢᠭᠦᠯᠬᠦ ᠵᠡᠷᠭᠡ ᠠᠷᠭ᠎ᠠ ᠵᠠᠮ ᠮᠥᠷ ᠢᠶᠠᠷ ᠳᠠᠮᠵᠢᠵᠦ᠂ ᠨᠡᠶᠢᠭᠡᠮ ᠤᠨ ᠬᠦᠷᠦᠩᠭᠡ | ᠮᠦᠡᠭᠬᠦ ᠶᠢ ᠬᠤᠲᠠ ᠶᠢᠨ ᠰᠠᠭᠤᠷᠢ ᠪᠡᠯᠡᠳᠭᠡᠮᠵᠢ ᠶᠢᠨ ᠲᠦᠷᠦᠯ ᠵᠦᠢᠯ ᠳᠤ ᠪᠡᠯᠡ ᠣᠷᠤᠭᠤᠯᠬᠤ ᠪᠠᠷ ᠬᠦᠲᠦᠯᠦᠨ | ᠵᠢᠯᠤᠭᠤᠳᠴᠤ᠂ ᠬᠤᠲᠠ ᠪᠠᠯᠭᠠᠰᠤ ᠨᠤᠭᠤᠳ ᠤᠨ ᠠᠵᠤ ᠦᠢᠯᠡᠰ ᠪᠣᠯᠣᠨ ᠬᠦᠮᠦᠨ ᠠᠮᠠ ᠶᠢᠨ ᠳᠠᠭᠠᠭᠠᠴᠠ ᠶᠢᠨ | ᠴᠢᠳᠠᠪᠤᠷᠢ ᠶᠢ ᠲᠠᠰᠤᠷᠠᠯᠲᠠ ᠦᠭᠡᠢ ᠳᠡᠭᠡᠭᠰᠢᠯᠡᠭᠦᠯᠦᠨ᠎ᠠ᠃ ᠭᠡᠷ ᠪᠠᠶᠢᠰᠢᠩ ᠭᠠᠵᠠᠷ ᠬᠦᠷᠦᠩᠭᠡ ᠶᠢᠨ ᠦᠢᠯᠡᠰ ᠢ | ᠬᠦᠳᠦᠯᠦᠨ ᠳᠠᠭᠠᠭᠤᠯᠬᠤ ᠪᠠ ᠬᠢᠨᠠᠨ ᠬᠠᠮᠢᠶᠠᠷᠬᠤ ᠪᠠᠨ ᠴᠢᠩᠭᠠᠳᠬᠠᠵᠤ᠂ ᠭᠡᠷ ᠪᠠᠶᠢᠰᠢᠩ ᠭᠠᠵᠠᠷ ᠬᠦᠷᠦᠩᠭᠡ ᠶᠢᠨ | ᠦᠢᠯᠡᠰ ᠤᠨ ᠦᠷᠬᠦᠯᠵᠢᠯᠡᠨ ᠡᠷᠡᠬᠦᠯ ᠢᠶᠠᠷ ᠬᠦᠭᠵᠢᠬᠦ ᠶᠢ ᠠᠬᠢᠭᠤᠯᠤᠨ᠎ᠠ᠃ ᠰᠠᠭᠤᠷᠢ ᠲᠤᠭ᠎ᠠ ᠪᠠᠷᠢᠮᠲᠠ ᠶᠢ ᠬᠠᠮᠲᠤᠪᠠᠷ | ᠡᠳ᠋ᠯᠡᠬᠦ ᠬᠤᠲᠠ ᠶᠢᠨ ᠲᠤᠭ᠎ᠠ ᠪᠠᠷᠢᠮᠲᠠ ᠶᠢᠨ ᠲᠥᠪ ᠢ ᠪᠠᠶᠢᠭᠤᠯᠵᠤ᠂ ᠤᠶᠤᠨᠳᠤ ᠬᠤᠲᠠ᠂ ᠤᠶᠤᠨᠳᠤ ᠨᠡᠶᠢᠭᠡᠮ | ᠲᠣᠭᠤᠷᠢᠭ᠂ ᠤᠶᠤᠨᠳᠤ ᠬᠦᠷᠢᠶᠡᠯᠡᠩ ᠲᠣᠭᠤᠷᠢᠭ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠤᠨ᠎ᠠ᠃ | ᠰᠢᠶᠠᠨ ᠤ ᠬᠡᠪᠴᠢᠶᠡᠨ ᠤ ᠠᠵᠤ ᠠᠬᠤᠢ ᠪᠤᠯᠤᠨ ᠨᠡᠶᠢᠲᠡ ᠶᠢᠨ ᠪᠣᠰᠤ ᠦᠮᠴᠢᠯᠡᠯᠲᠦ ᠠᠵᠤ ᠠᠬᠤᠢ ᠶᠢ ᠶᠡᠬᠡᠪᠡᠷ | ᠬᠥᠭᠵᠢᠭᠦᠯᠦᠨ᠎ᠡ᠃ ︽ᠠᠵᠦ ᠦᠢᠯᠡᠰ ᠪᠤᠯᠤᠨ ᠬᠤᠲᠠ ᠶᠢ ᠠᠭᠤᠰᠤᠯᠴᠠᠭᠤᠯᠬᠤ︾ ᠢᠶᠠᠷ ᠭᠤᠤᠯᠳᠠᠭᠤᠯᠵᠦ ᠬᠤᠰᠢᠭᠤ | ᠰᠢᠶᠠᠨ ᠤ ᠬᠤᠲᠠ ᠪᠣᠯᠣᠨ ᠲᠥᠪ ᠪᠠᠯᠭᠠᠰᠤ ᠶᠢᠨ ᠪᠠᠭᠲᠠᠭᠠᠮᠵᠢ ᠶᠢ ᠥᠷᠭᠡᠵᠢᠭᠦᠯᠵᠦ ᠴᠢᠨᠠᠷ ᠢ ᠳᠡᠭᠡᠭᠰᠢᠯᠡᠭᠦᠯᠬᠦ ᠶᠢ | ᠲᠦᠯᠬᠢᠨ ᠠᠬᠢᠭᠤᠯᠵᠤ᠂ ᠰᠠᠭᠤᠷᠢ ᠪᠡᠯᠡᠳᠭᠡᠮᠵᠢ ᠪᠠ ᠣᠯᠠᠨ ᠨᠡᠶᠢᠲᠡ ᠶᠢᠨ ᠦᠢᠯᠡᠴᠢᠯᠡᠭᠡ ᠶᠢᠨ ᠬᠤᠲᠠ ᠬᠦᠳᠡᠭᠡ ᠶᠢ | ᠬᠤᠯᠪᠤᠵᠤ᠂ ᠬᠠᠮᠲᠤᠪᠡᠷ ᠪᠠᠶᠢᠭᠤᠯᠵᠤ ᠬᠠᠮᠲᠣᠪᠠᠷ ᠡᠳ᠋ᠯᠡᠬᠦ ᠶᠢ ᠲᠦᠷᠭᠡᠳᠭᠡᠨ᠎ᠠ᠃ ᠰᠢᠶᠠᠨ ᠤ ᠬᠡᠪᠴᠢᠶᠡᠨ ᠤ ᠠᠵᠤ | ᠠᠬᠤᠢ ᠶᠢ ᠣᠨᠴᠠᠯᠢᠬᠵᠢᠭᠤᠯᠤᠨ ᠬᠥᠭᠵᠢᠭᠦᠯᠬᠦ ᠶᠢ ᠠᠬᠢᠭᠤᠯᠵᠤ᠂ ᠬᠠᠷᠢᠴᠠᠭᠤᠯᠤᠭᠰᠠᠨ ᠳᠠᠪᠠᠭᠤᠯᠢᠭ ᠢᠶᠠᠨ | ᠪᠠᠳᠠᠷᠠᠭᠤᠯᠵᠤ᠂ ᠬᠡᠪᠴᠢᠶ᠎ᠡ ᠶᠢ ᠦᠷᠭᠡᠳᠭᠡᠬᠦ᠂ ᠨᠡᠷᠡᠲᠦ ᠲᠡᠮᠲᠡᠭᠲᠦ ᠶᠢ ᠠᠯᠳᠠᠷᠰᠢᠭᠤᠯᠬᠤ ᠪᠠ ᠪᠠᠶᠢᠷᠢ ᠰᠤᠯᠪᠢᠴᠠᠨ | ᠬᠥᠭᠵᠢᠭᠦᠯᠬᠦ ᠶᠢ ᠨᠢᠭᠡᠲᠦᠯᠲᠡᠢ ᠲᠦᠯᠦᠪᠯᠡᠨ᠂ ᠳᠠᠪᠠᠭᠤᠯᠢᠭ ᠣᠨᠴᠠᠯᠢᠭ ᠪᠦᠬᠦᠢ ᠠᠵᠤ ᠦᠢᠯᠡᠰ ᠢ ᠲᠦᠷᠭᠡᠳᠭᠡᠨ | ᠬᠥᠭᠵᠢᠭᠦᠯᠤᠨ᠎ᠠ᠃ ︽ᠡᠷᠬᠡ ᠶᠢ ᠥᠷᠭᠡᠳᠭᠡᠨ ᠰᠢᠶᠠᠨ ᠢ ᠬᠦᠴᠦᠷᠭᠡᠭᠵᠢᠭᠦᠯᠬᠦ︾ ᠲᠣᠷᠰᠢᠯᠲᠠ ᠶᠢᠨ ᠴᠢᠬ ᠤᠨ | ᠠᠵᠢᠯ ᠢ ᠦᠷᠬᠦᠯᠵᠢᠯᠡᠨ ᠰᠠᠶᠢᠳᠤᠷ ᠠᠳᠬᠤᠵᠤ᠂ ᠳᠤᠷᠰᠢᠯᠳᠠ ᠶᠢᠨ ᠴᠢᠬ ᠤᠨ ᠳᠤᠷᠰᠢᠯᠭ᠎ᠠ ᠪᠠᠨ ᠳ᠋ᠦᠡᠭᠨᠡᠵᠤ᠂ | ᠳᠣᠷᠤᠭᠰᠢ ᠪᠠᠭᠤᠯᠭᠠᠭᠰᠠᠨ ᠠᠵᠤ ᠠᠬᠤᠢ ᠨᠡᠶᠢᠭᠡᠮ ᠤᠨ ᠬᠠᠮᠢᠶᠠᠷᠤᠯᠲᠠ ᠶᠢᠨ ᠡᠷᠬᠡ ᠮᠡᠳᠡᠯ ᠢ ᠨᠠᠶᠢᠳᠠᠪᠤᠷᠢᠵᠢᠭᠤᠯᠤᠨ | ᠪᠤᠳᠠᠳᠠᠶᠢᠵᠢᠭᠤᠯᠬᠤ ᠶᠢ ᠦᠨᠡᠨᠬᠦ ᠪᠠᠲᠤᠯᠠᠨ᠂ ᠰᠢᠶᠠᠨ ᠤ ᠬᠡᠪᠴᠢᠶᠡᠨ ᠤ ᠵᠠᠰᠠᠬᠤ ᠪᠠ ᠪᠡᠶ᠎ᠡ ᠪᠠᠨ ᠳᠠᠭᠠᠭᠠᠵᠤ ᠬᠥᠭᠵᠢᠬᠦ | ᠴᠢᠳᠠᠪᠤᠷᠢ ᠶᠢ ᠳᠡᠭᠡᠭᠰᠢᠯᠡᠭᠦᠯᠦᠨ᠎ᠡ᠃ ᠨᠡᠶᠢᠲᠡ ᠶᠢᠨ ᠪᠤᠰᠤ ᠦᠮᠴᠢᠯᠡᠯᠲᠦ ᠠᠵᠤ ᠠᠬᠤᠢ ᠶᠢ ᠲᠡᠳᠬᠦᠬᠦ ᠡᠷᠴᠢᠮ ᠢ | ᠴᠢᠩᠭᠠᠷᠠᠭᠤᠯᠤᠨ᠂ ᠨᠡᠶᠢᠲᠡ ᠶᠢᠨ ᠪᠣᠰᠤ ᠦᠮᠴᠢᠯᠡᠯᠲᠦ ᠠᠵᠤ ᠠᠬᠤᠶᠢᠯᠠᠯ ᠤᠨ ᠣᠨᠴᠤᠭᠤᠢ ᠵᠦᠪᠰᠢᠶᠡᠷᠡᠯ ᠢᠶᠠᠷ | ᠡᠵᠡᠩᠨᠡᠬᠦ ᠬᠦᠷᠢᠶᠡᠨ ᠳᠤ ᠣᠷᠣᠬᠤ ᠪᠤᠳᠠᠳᠠᠢ ᠠᠷᠭ᠎ᠠ ᠶᠢ ᠲᠣᠭᠲᠠᠭᠠᠨ᠂ ᠨᠡᠶᠢᠲᠡ ᠶᠢᠨ ᠪᠤᠰᠤ ᠦᠮᠴᠢᠯᠡᠯᠳᠦ ᠡᠳ᠋ | ᠬᠦᠷᠦᠩᠭᠡ ᠶᠢᠨ ᠬᠤᠪᠢᠴᠠᠭ᠎ᠠ ᠡᠵᠡᠮᠰᠢᠭᠰᠡᠨ ᠬᠤᠯᠢᠮᠠᠭ ᠦᠮᠴᠢᠯᠡᠯᠲᠦ ᠠᠵᠤ ᠠᠬᠤᠶᠢᠯᠠᠯ ᠢ ᠵᠣᠷᠢᠬᠵᠢᠭᠤᠯᠤᠨ | ᠬᠥᠭᠵᠢᠭᠦᠯᠦᠨ᠎ᠡ᠃ ᠳᠤᠮᠳᠠ ᠵᠢᠵᠢᠭ ᠪᠢᠴᠢᠯ ᠠᠵᠤ ᠠᠬᠤᠶᠢᠯᠠᠯ ᠤᠨ ᠣᠯᠠᠨ ᠨᠡᠶᠢᠲᠡ ᠶᠢᠨ ᠦᠢᠯᠡᠴᠢᠯᠡᠭᠡ ᠶᠢᠨ | ᠲᠡᠪᠴᠡᠩ ᠢ ᠲᠡᠭᠦᠯᠳᠡᠷᠵᠢᠭᠦᠯᠵᠦ᠂ ᠳᠤᠮᠳᠠ ᠵᠢᠵᠢᠭ ᠪᠢᠴᠢᠯ ᠠᠵᠤ ᠠᠬᠤᠶᠢᠯᠠᠯ ᠤᠨ ᠨᠡᠶᠢᠳᠡᠮ ᠬᠠᠷᠠᠭᠠᠯᠵᠠᠬᠤ | ᠳᠦᠷᠢᠮ ᠤᠨ ᠦᠢᠯᠡᠴᠢᠯᠡᠭᠡ ᠶᠢᠨ ᠰᠢᠰᠲ᠋ᠧᠮᠵᠢ ᠶᠢ ᠪᠠᠶᠢᠭᠤᠯᠤᠨ᠎ᠠ᠃ ᠬᠥᠭᠵᠢᠯᠲᠡ ᠶᠢᠨ ᠣᠷᠴᠢᠨ ᠲᠣᠭᠤᠷᠢᠨ ᠢ ᠤᠯᠠᠮ | ᠨᠢᠭᠡ ᠠᠯᠬᠤᠮ ᠰᠢᠯᠢᠳᠡᠭᠵᠢᠭᠦᠯᠦᠨ᠂ ᠨᠡᠶᠢᠲᠡ ᠶᠢᠨ ᠪᠤᠰᠤ ᠦᠮᠴᠢᠯᠡᠯᠲᠦ ᠠᠵᠤ ᠠᠬᠤᠶᠢᠯᠠᠯ ᠤᠨ ᠬᠠᠤᠯᠢ ᠶᠤᠰᠤᠨ ᠤ | ᠡᠷᠬᠡ ᠠᠰᠢᠭ ᠢ ᠬᠠᠤᠯᠢ ᠶᠤᠰᠤᠭᠠᠷ ᠬᠠᠮᠠᠭᠠᠯᠠᠨ᠂ ᠨᠡᠶᠢᠲᠡ ᠶᠢᠨ ᠪᠤᠰᠤ ᠦᠮᠴᠢᠯᠡᠯᠲᠦ ᠠᠵᠤ ᠠᠬᠤᠢ ᠶᠢᠨ | ᠬᠥᠭᠵᠢᠯᠲᠡ ᠳᠤ ᠰᠢᠨ᠎ᠡ ᠰᠢᠪᠲᠤᠯᠠᠯᠲᠠ ᠲᠠᠢ ᠪᠣᠯᠬᠤ ᠶᠢ ᠠᠬᠢᠭᠤᠯᠤᠨ᠎ᠠ᠃ | ᠣᠷᠣᠨ ᠪᠦᠰᠡ ᠶᠢᠨ ᠵᠣᠬᠢᠴᠠᠩᠭᠤᠢ ᠬᠥᠭᠵᠢᠯᠲᠡ ᠶᠢ ᠨᠢᠭᠡᠲᠦᠯᠲᠡᠢ ᠲᠦᠯᠦᠪᠯᠡᠨ᠎ᠡ᠃ ᠭᠤᠣᠯ ᠴᠣᠭᠴᠠᠳᠤ | ᠴᠢᠳᠠᠪᠬᠢ ᠣᠷᠣᠨ ᠤ ᠲᠦᠯᠦᠪᠵᠢᠭᠦᠯᠭᠡ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠠᠵᠤ ᠠᠬᠤᠢ ᠶᠢᠨ | ᠳᠠᠪᠠᠭᠤᠯᠢᠭ ᠲᠠᠯ᠎ᠠ ᠪᠠᠷ ᠢᠶᠠᠨ ᠬᠠᠷᠢᠯᠴᠠᠨ ᠨᠦᠬᠦᠪᠦᠷᠢᠯᠡᠬᠦ᠂ ᠴᠢᠳᠠᠪᠬᠢ ᠶᠢᠨ ᠪᠠᠶᠢᠷᠢ ᠲᠤᠭᠲᠠᠭᠠᠯᠲᠠ ᠨᠢ ᠲᠤᠳᠤᠷᠬᠠᠢ᠂ | ᠡᠬᠢ ᠪᠠᠶᠠᠯᠢᠭ ᠢ ᠦᠨᠳᠦᠷ ᠪᠦᠲᠦᠮᠵᠢᠲᠡᠢ ᠠᠰᠢᠭᠯᠠᠬᠤ᠂ ᠬᠦᠮᠦᠨ ᠬᠢᠭᠡᠳ ᠪᠠᠶᠢᠭᠠᠯᠢ ᠡᠶ᠎ᠡ ᠵᠣᠬᠢᠴᠠᠯ ᠲᠠᠢ | ᠤᠷᠤᠰᠢᠭᠰᠠᠨ ᠣᠷᠣᠨ ᠪᠦᠰᠡ ᠶᠢᠨ ᠬᠥᠭᠵᠢᠯᠲᠡ ᠶᠢᠨ ᠰᠢᠨ᠎ᠡ ᠪᠠᠶᠢᠳᠠᠯ ᠢ ᠪᠣᠢ ᠪᠣᠯᠭᠠᠨ᠎ᠠ᠃ ᠬᠦᠬᠡᠬᠤᠲᠠ ᠪᠣᠭᠤᠳᠤ | ᠣᠷᠳᠤᠰ ᠤᠨ ᠨᠢᠭᠡ ᠴᠣᠭᠴᠠᠵᠢᠬᠤ ᠶᠢ ᠬᠦᠴᠦᠳᠠᠢ ᠠᠬᠢᠭᠤᠯᠵᠤ᠂ ᠵᠠᠮ ᠬᠠᠷᠢᠯᠴᠠᠭ᠎ᠠ᠂ ᠴᠢᠮᠡᠭᠡ ᠬᠤᠯᠪᠣᠭ᠎ᠠ᠂ | ᠮᠥᠩᠭᠦᠨ ᠭᠦᠢᠯᠭᠡᠭᠡ ᠵᠡᠷᠭᠡ ᠬᠦᠷᠢᠶᠡᠨ ᠳᠠᠬᠢ ᠤᠷᠢᠳᠴᠢᠯᠠᠨ ᠬᠤᠲᠠᠴᠢᠯᠠᠬᠤ ᠶᠢ ᠪᠡᠶᠡᠯᠡᠭᠦᠯᠦᠨ᠎ᠠ᠃ ᠦᠬᠠᠢ ᠵᠢᠴᠢ | ᠡᠷᠬᠢᠨ ᠲᠣᠭᠤᠷᠢᠨ ᠤ ᠭᠠᠵᠠᠷ ᠣᠷᠣᠨ ᠢ ᠨᠢᠭᠡ ᠴᠣᠭᠴᠠᠵᠢᠭᠤᠯᠤᠨ ᠬᠥᠭᠵᠢᠭᠦᠯᠬᠦ ᠶᠢ ᠢᠳᠡᠪᠬᠢᠳᠠᠢ ᠠᠬᠢᠭᠤᠯᠵᠤ᠂ | ᠣᠷᠣᠨ ᠪᠦᠰᠡ ᠶᠢᠨ ᠳᠣᠲᠤᠷᠠᠬᠢ ᠡᠬᠢ ᠪᠠᠶᠠᠯᠢᠭ ᠤᠨ ᠬᠦᠴᠦᠨ ᠵᠦᠢᠯ ᠢ ᠡᠮᠬᠢᠯᠡᠨ ᠨᠡᠶᠢᠯᠡᠭᠦᠯᠬᠦ ᠪᠠ ᠠᠵᠤ | ᠦᠢᠯᠡᠰ ᠤᠨ ᠪᠦᠲᠦᠴᠡ ᠶᠢ ᠲᠣᠬᠢᠷᠠᠭᠤᠯᠬᠤ ᠡᠷᠴᠢᠮ ᠢ ᠴᠢᠩᠭᠠᠷᠠᠭᠤᠯᠤᠨ᠎ᠠ᠃ ᠬᠠᠲᠤᠨ ᠭᠤᠣᠯ ᠳᠠᠭᠠᠤ᠂ ᠵᠠᠮ | ᠬᠠᠷᠢᠯᠴᠠᠭᠠᠨ ᠤ ᠭᠤᠣᠯ ᠱᠤᠭᠤᠮ ᠳᠠᠭᠠᠤ ᠶᠢᠨ ᠠᠵᠤ ᠠᠬᠤᠢ ᠶᠢᠨ ᠪᠦᠰᠡ ᠶᠢᠨ ᠪᠦᠲᠦᠭᠡᠨ ᠪᠠᠶᠢᠭᠤᠯᠤᠯᠲᠠ ᠶᠢ | ᠯᠠᠪᠳᠠᠭᠤᠨ ᠪᠠᠲᠤᠲᠠᠢ ᠲᠦᠯᠬᠢᠨ ᠠᠬᠢᠭᠤᠯᠵᠤ᠂ ᠰᠠᠴᠤᠷᠠᠭᠠᠨ ᠨᠦᠯᠦᠭᠡᠯᠡᠵᠦ ᠳᠠᠶᠢᠴᠢᠯᠠᠬᠤ ᠦᠢᠯᠡᠳᠦᠯ ᠢ ᠭᠦᠢᠴᠡᠳ | ᠪᠠᠳᠠᠷᠠᠭᠤᠯᠤᠨ᠎ᠠ᠃ ᠵᠡᠭᠦᠨ ᠬᠤᠶᠢᠲᠤ ᠣᠷᠣᠨ ᠤ ᠬᠦᠭᠵᠢᠯᠲᠡ ᠶᠢ ᠳᠡᠮᠵᠢᠬᠦ ᠲᠥᠷᠥ ᠶᠢᠨ ᠶᠠᠪᠤᠳᠠᠯ ᠤᠨ ᠬᠤᠷᠢᠶ᠎ᠠ ᠶᠢᠨ | ᠴᠢᠬᠤᠯᠠ ᠶᠡᠭᠡ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠨᠦᠭᠦᠳ ᠢ ᠬᠢᠨᠠᠮᠠᠭᠠᠢ ᠨᠠᠶᠢᠳᠠᠪᠤᠷᠢᠵᠢᠭᠤᠯᠤᠨ᠂ ᠵᠡᠭᠦᠨ | ᠪᠡᠶ᠎ᠠ ᠶᠢᠨ ᠠᠶᠢᠮᠠᠭ ᠬᠤᠲᠠ ᠶᠢᠨ ᠳᠦᠷᠬᠡᠨ ᠬᠦᠭᠵᠢᠬᠦ ᠶᠢ ᠠᠬᠢᠭᠤᠯᠤᠨ᠎ᠠ᠃ ᠡᠬᠢ ᠪᠠᠶᠠᠯᠢᠭ ᠤᠨ ᠬᠡᠯᠪᠡᠷᠢ ᠲᠠᠢ ᠭᠠᠵᠠᠷ | ᠣᠷᠤᠨ ᠪᠣᠯᠣᠨ ᠰᠢᠭᠤᠢᠢᠳᠤ ᠣᠷᠣᠨ ᠤ ᠬᠡᠯᠪᠡᠷᠢ ᠪᠠᠨ ᠬᠤᠪᠢᠷᠠᠭᠤᠯᠤᠨ ᠬᠥᠭᠵᠢᠬᠦ ᠶᠢ ᠠᠬᠢᠭᠤᠯᠵᠤ᠂ ᠮᠠᠯᠵᠢᠬᠤ | ᠬᠤᠰᠢᠭᠤ ᠰᠢᠶᠠᠨ᠂ ᠬᠢᠯᠢ ᠬᠢᠵᠠᠭᠠᠷ ᠢᠶᠠᠷ ᠪᠠᠶᠢᠬᠤ ᠬᠤᠰᠢᠭᠤ ᠬᠤᠲᠠ᠂ ᠭᠤᠷᠪᠠᠨ ᠴᠦᠬᠡᠨ ᠲᠣᠭᠠᠲᠤ | ᠦᠨᠳᠦᠰᠦᠲᠡᠨ ᠤ ᠦᠪᠡᠷᠲᠡᠭᠡᠨ ᠵᠠᠰᠠᠬᠤ ᠬᠤᠰᠢᠭᠤ᠂ ᠦᠨᠳᠦᠰᠦᠲᠡᠨ ᠤ ᠰᠢᠶᠠᠩ ᠪᠣᠯᠣᠨ ᠴᠦᠬᠡᠨ ᠲᠣᠭᠠᠲᠤ | ᠦᠨᠳᠦᠰᠦᠲᠡᠨ ᠤ ᠬᠦᠮᠦᠨ ᠠᠮᠠ ᠬᠠᠷᠢᠴᠠᠩᠭᠤᠢ ᠲᠦᠪᠯᠡᠷᠡᠭᠰᠡᠨ ᠭᠠᠵᠠᠷ ᠣᠷᠣᠨ ᠢ ᠲᠡᠳᠬᠦᠬᠦ ᠡᠷᠴᠢᠮ ᠢᠶᠠᠨ | ᠴᠢᠩᠭᠠᠷᠠᠭᠤᠯᠤᠨ᠎ᠠ᠃ | ︵ᠵᠢᠷᠭᠤᠭ᠎ᠠ︶ ᠠᠷᠠᠳ ᠤᠨ ᠠᠮᠢᠳᠤᠷᠠᠯ ᠢ ᠦᠨᠡᠨᠬᠦ ᠪᠠᠲᠤᠯᠠᠬᠤ ᠪᠠ ᠰᠠᠶᠢᠵᠢᠷᠠᠭᠤᠯᠵᠤ᠂ ᠠᠷᠠᠳ ᠤᠨ | ᠠᠮᠢᠳᠤᠷᠠᠯ ᠤᠨ ᠬᠢᠷᠢ ᠲᠥᠪᠰᠢᠨ ᠢ ᠯᠠᠪᠳᠠᠭᠤᠨ ᠢᠶᠠᠷ ᠳᠡᠭᠡᠭᠰᠢᠯᠡᠭᠦᠯᠦᠨ᠎ᠡ | ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠣᠷᠣᠯᠭ᠎ᠠ ᠶᠢ ᠣᠯᠠᠨ ᠠᠷᠭ᠎ᠠ ᠵᠠᠮ ᠢᠶᠠᠷ ᠨᠡᠮᠡᠭᠳᠡᠭᠦᠯᠦᠨ᠎ᠡ᠃ | ᠣᠷᠣᠯᠭ᠎ᠠ ᠶᠢᠨ ᠬᠤᠪᠢᠶᠠᠷᠢᠯᠠᠯᠲᠠ ᠶᠢᠨ ᠳᠦᠷᠢᠮ ᠤᠨ ᠦᠭᠡᠷᠡᠴᠢᠯᠡᠯᠲᠡ ᠶᠢ ᠭᠦᠨᠵᠡᠭᠡᠶᠢᠷᠡᠭᠦᠯᠦᠨ᠎ᠠ᠃ ᠪᠠᠶᠢᠭᠤᠯᠭ᠎ᠠ | ᠠᠵᠢᠯ ᠦᠢᠯᠡᠰ ᠤᠨ ᠨᠢᠭᠡᠴᠡ ᠶᠢᠨ ᠴᠠᠯᠢᠩ ᠤᠨ ᠳᠦᠷᠢᠮ ᠢ ᠲᠡᠭᠦᠯᠳᠡᠷᠵᠢᠭᠦᠯᠦᠨ᠂ ᠦᠨᠳᠦᠰᠦᠨ ᠴᠠᠯᠢᠩ ᠤᠨ | ᠪᠠᠷᠢᠮᠵᠢᠶ᠎ᠠ ᠶᠢ ᠲᠣᠬᠢᠷᠠᠭᠤᠯᠵᠤ᠂ ᠬᠤᠰᠢᠭᠤ ᠰᠢᠶᠠᠨ ᠤ ᠱᠠᠲᠤᠨ ᠠᠴᠠ ᠳᠣᠷᠤᠭᠰᠢᠬᠢ ᠪᠠᠶᠢᠭᠤᠯᠭ᠎ᠠ ᠶᠢᠨ ᠠᠯᠪᠠᠲᠠᠨ ᠤ | ᠲᠤᠰᠢᠶᠠᠯ ᠬᠢᠭᠡᠳ ᠲᠤᠰᠢᠶᠠᠯ ᠤᠨ ᠳᠡᠰ ᠢ ᠵᠡᠷᠭᠡ ᠪᠠᠷ ᠶᠠᠪᠤᠭᠤᠯᠬᠤ ᠳᠦᠷᠢᠮ ᠢ ᠬᠡᠷᠡᠭᠵᠢᠭᠦᠯᠵᠦ᠂ ᠠᠵᠢᠯᠲᠠᠨ | ᠠᠵᠢᠯᠴᠢᠳ ᠤᠨ ᠴᠠᠯᠢᠩ ᠠᠪᠴᠤ ᠠᠮᠠᠷᠠᠬᠤ ᠳᠦᠷᠢᠮ ᠢ ᠨᠠᠶᠢᠳᠠᠪᠤᠷᠢᠵᠢᠭᠤᠯᠤᠨ᠎ᠠ᠃ ᠠᠵᠤ ᠠᠬᠤᠶᠢᠯᠠᠯ ᠤᠨ | ᠴᠠᠯᠢᠩ ᠢᠶᠠᠨ ᠬᠠᠮᠲᠤ ᠪᠠᠷ ᠵᠦᠪᠳᠡᠯᠴᠡᠬᠦ ᠶᠢ ᠠᠬᠢᠭᠤᠯᠵᠤ᠂ ᠴᠠᠯᠢᠩ ᠤᠨ ᠬᠠᠮᠤᠭ ᠳᠣᠣᠷ᠎ᠠ ᠪᠠᠷᠢᠮᠵᠢᠶ᠎ᠠ ᠶᠢᠨ | ᠲᠣᠬᠢᠷᠠᠭᠤᠯᠬᠤ ᠲᠣᠭᠲᠠᠴᠠ ᠶᠢ ᠲᠡᠭᠦᠯᠳᠡᠷᠵᠢᠭᠦᠯᠦᠨ᠎ᠡ᠃ ᠮᠠᠯᠴᠢᠨ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ | ᠠᠷᠭ᠎ᠠ ᠵᠠᠮ ᠢ ᠤᠯᠠᠮ ᠨᠢᠭᠡ ᠠᠯᠬᠤᠮ ᠦᠷᠭᠡᠳᠭᠡᠵᠦ᠂ ᠮᠠᠯᠵᠢᠬᠤ ᠲᠠᠷᠢᠶᠠᠯᠠᠬᠤ ᠣᠷᠣᠨ ᠤ ᠬᠦᠳᠡᠯᠮᠦᠷᠢ ᠬᠦᠴᠦ ᠶᠢ | ᠰᠢᠯᠵᠢᠭᠦᠯᠦᠨ ᠠᠵᠢᠯ ᠤᠯᠭᠤᠬᠤ ᠶᠢ ᠬᠦᠲᠦᠯᠦᠨ ᠵᠢᠯᠤᠭᠤᠳᠴᠤ᠂ ᠮᠠᠯᠴᠢᠨ ᠲᠠᠷᠢᠶᠠᠴᠢᠳ ᠲᠤ ᠬᠠᠷᠠᠭᠠᠯᠵᠠᠯ | ᠦᠵᠡᠭᠦᠯᠬᠦ ᠡᠯ᠎ᠡ ᠵᠦᠢᠯ ᠤᠨ ᠨᠦᠬᠦᠪᠦᠷᠢ ᠶᠢᠨ ᠲᠥᠷᠥ ᠶᠢᠨ ᠪᠣᠳᠣᠯᠭ᠎ᠠ ᠶᠢ ᠲᠡᠷᠡ ᠶᠤᠰᠤᠭᠠᠷ ᠨᠢ | ᠨᠠᠶᠢᠳᠠᠪᠤᠷᠢᠵᠢᠭᠤᠯᠤᠨ᠎ᠠ᠃ ᠡᠬᠢ ᠪᠠᠶᠠᠯᠢᠭ ᠢ ᠨᠡᠭᠡᠭᠡᠨ ᠬᠥᠭᠵᠢᠭᠦᠯᠬᠦ᠂ ᠭᠠᠵᠠᠷ ᠰᠢᠷᠤᠢ ᠲᠠᠲᠠᠪᠤᠷᠢᠯᠠᠵᠦ ᠬᠡᠷ | ᠪᠠᠶᠢᠰᠢᠩ ᠢ ᠨᠤᠷᠠᠭᠠᠵᠤ ᠨᠡᠭᠦᠯᠭᠡᠬᠦ ᠳᠤ ᠨᠦᠬᠦᠪᠦᠷᠢᠯᠡᠬᠦ ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂ ᠭᠠᠵᠠᠷ | ᠰᠢᠷᠤᠢ᠂ ᠭᠡᠷ ᠪᠠᠷᠢᠬᠤ ᠭᠠᠵᠠᠷ ᠪᠣᠯᠣᠨ ᠬᠠᠮᠲᠤ ᠶᠢᠨ ᠡᠳ᠋ ᠬᠦᠷᠦᠩᠭᠡ ᠶᠢᠨ ᠳᠠᠯ᠎ᠠ ᠪᠠᠷ ᠬᠢ ᠮᠠᠯᠴᠢᠨ | ᠲᠠᠷᠢᠶᠠᠴᠢᠳ ᠤᠨ ᠡᠷᠬᠡ ᠠᠰᠢᠭ ᠢ ᠬᠠᠤᠯᠢ ᠶᠤᠰᠤᠭᠠᠷ ᠪᠠᠲᠤᠯᠠᠨ᠎ᠠ᠃ | ᠨᠡᠶᠢᠭᠡᠮ ᠤᠨ ᠪᠠᠲᠤᠯᠠᠭ᠎ᠠ ᠶᠢᠨ ᠠᠮᠦᠷ ᠲᠥᠪᠰᠢᠨ ᠤ ᠲᠣᠣᠷ ᠢ ᠨᠢᠭᠲᠠ ᠪᠦᠬᠡᠳ ᠪᠠᠬᠢ ᠪᠠᠶᠢᠭᠤᠯᠤᠨ᠎ᠠ᠃ ᠠᠵᠤ | ᠠᠬᠤᠶᠢᠯᠠᠯ ᠤᠨ ᠠᠵᠢᠯ ᠠᠴᠠ ᠪᠠᠨ ᠪᠠᠭᠤᠵᠤ ᠠᠮᠠᠷᠠᠬᠰᠠᠨ ᠠᠵᠢᠯᠲᠠᠨ ᠠᠵᠢᠯᠴᠢᠳ ᠤᠨ ᠦᠨᠳᠦᠰᠦᠨ ᠨᠠᠰᠤᠵᠢᠯ ᠤᠨ | ᠮᠦᠡᠭᠬᠦ ᠪᠤᠯᠤᠨ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠰᠠᠭᠤᠷᠢ ᠨᠠᠰᠤᠵᠢᠯ ᠤᠨ ᠮᠦᠩᠭᠦ᠂ ᠠᠰᠠᠷᠠᠨ | ᠬᠠᠷᠠᠭᠠᠯᠵᠠᠬᠤ ᠡᠲᠡᠭᠡᠳ ᠤᠨ ᠠᠰᠠᠷᠠᠮᠵᠢ ᠪᠣᠯᠣᠨ ᠠᠮᠢᠳᠤᠷᠠᠯ ᠤᠨ ᠨᠦᠬᠦᠪᠦᠷᠢ᠂ ᠬᠤᠲᠠ ᠬᠦᠳᠡᠭᠡ ᠳᠠᠬᠢ | ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠬᠦᠷᠳᠡᠬᠦ ᠡᠲᠡᠭᠡᠳ ᠤᠨ ᠨᠦᠬᠦᠪᠦᠷᠢ ᠶᠢᠨ ᠬᠢᠷᠢ ᠬᠡᠮᠵᠢᠶ᠎ᠠ ᠶᠢ | ᠦᠷᠭᠦᠯᠵᠢᠯᠡᠨ ᠳᠡᠭᠡᠭᠰᠢᠯᠡᠭᠦᠯᠦᠨ᠎ᠡ᠃ ᠨᠡᠶᠢᠭᠡᠮ ᠤᠨ ᠳᠠᠭᠠᠳᠬᠠᠯ ᠤᠨ ᠨᠢᠭᠡᠲᠦᠯᠲᠡᠢ ᠲᠦᠯᠦᠪᠯᠡᠬᠦ ᠳᠡᠰ ᠳᠠᠪᠬᠤᠷᠭ᠎ᠠ | ᠪᠣᠯᠣᠨ ᠪᠠᠲᠤᠯᠠᠭ᠎ᠠ ᠶᠢᠨ ᠬᠢᠷᠢ ᠬᠡᠮᠵᠢᠶ᠎ᠠ ᠶᠢ ᠳᠡᠭᠡᠭᠰᠢᠯᠡᠭᠦᠯᠵᠦ᠂ ᠠᠵᠢᠯᠲᠠᠨ ᠠᠵᠢᠯᠴᠢᠳ ᠤᠨ ᠦᠨᠳᠦᠰᠦᠨ | ᠨᠠᠰᠤᠵᠢᠯ ᠤᠨ ᠳᠠᠭᠠᠳᠬᠠᠯ ᠤᠨ ᠲᠣᠬᠠᠢ ᠦᠪᠡᠷᠲᠡᠭᠡᠨ ᠵᠠᠰᠬᠠᠤ ᠣᠷᠣᠨ ᠤ ᠨᠢᠭᠡᠲᠦᠯᠲᠡᠢ ᠲᠦᠯᠦᠪᠯᠡᠬᠦ | ᠬᠠᠮᠢᠶᠠᠷᠤᠯᠲᠠ ᠶᠢᠨ ᠠᠷᠭ᠎ᠠ ᠶᠢ ᠳᠡᠭᠦᠯᠳᠡᠷᠵᠢᠭᠦᠯᠵᠦ᠂ ᠡᠮᠴᠢᠯᠡᠭᠡ᠂ ᠲᠦᠷᠦᠵᠦ ᠪᠤᠶᠢᠵᠢᠭᠤᠯᠬᠤ ᠵᠡᠷᠭᠡ ᠳᠠᠭᠠᠳᠬᠠᠯ ᠢ | ᠠᠶᠢᠮᠠᠭ ᠬᠤᠲᠠ ᠶᠢᠨ ᠱᠠᠲᠤᠨ ᠤ ᠬᠢᠨ ᠨᠢᠭᠡᠲᠦᠯᠲᠡᠢ ᠲᠦᠯᠦᠪᠯᠡᠬᠦ ᠶᠢ ᠵᠢᠷᠤᠮᠵᠢᠭᠤᠯᠤᠨ᠎ᠠ᠃ ᠪᠠᠶᠢᠭᠤᠯᠭ᠎ᠠ ᠠᠵᠢᠯ | ᠦᠢᠯᠡᠰ ᠤᠨ ᠨᠢᠭᠡᠴᠡ ᠶᠢᠨ ᠨᠠᠰᠤᠵᠢᠯ ᠤᠨ ᠳᠠᠭᠠᠳᠬᠠᠯ ᠤᠨ ᠳᠦᠷᠢᠮ ᠤᠨ ᠦᠭᠡᠷᠡᠴᠢᠯᠡᠯᠲᠡ ᠶᠢᠨ ᠲᠤᠬᠠᠢ ᠤᠯᠤᠰ ᠤᠨ | ᠳᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠵᠤ᠂ ᠭᠠᠵᠠᠷ ᠰᠢᠷᠤᠢ ᠪᠠᠨ ᠲᠠᠲᠠᠪᠤᠷᠢᠯᠠᠭᠳᠠᠭᠰᠠᠨ ᠮᠠᠯᠴᠢᠨ | ᠲᠠᠷᠢᠶᠠᠴᠢᠳ ᠲᠤ ᠵᠤᠷᠢᠭᠤᠯᠤᠭᠰᠠᠨ ᠨᠡᠶᠢᠭᠡᠮ ᠤᠨ ᠪᠠᠲᠤᠯᠠᠭ᠎ᠠ ᠶᠢᠨ ᠠᠷᠭ᠎ᠠ ᠬᠡᠮᠵᠢᠶ᠎ᠡ ᠶᠢ ᠲᠡᠭᠦᠯᠳᠡᠷᠵᠢᠭᠦᠯᠦᠨ᠂ | ᠬᠤᠲᠠ ᠪᠠᠯᠭᠠᠰᠤ ᠶᠢᠨ ᠪᠠᠶᠢᠩᠭᠤ ᠰᠠᠭᠤᠭ᠎ᠠ ᠬᠦᠮᠦᠨ ᠠᠮᠠ ᠶᠢ ᠬᠤᠲᠠ ᠪᠠᠯᠭᠠᠰᠤ ᠶᠢᠨ ᠦᠨᠳᠦᠰᠦᠨ ᠡᠮᠴᠢᠯᠡᠭᠡ ᠶᠢᠨ | ᠪᠠᠲᠤᠯᠠᠭ᠎ᠠ ᠶᠢᠨ ᠬᠡᠪᠴᠢᠶᠡᠨ ᠳᠤ ᠠᠯᠬᠤᠮ ᠠᠯᠬᠤᠮ ᠢᠶᠠᠷ ᠣᠷᠣᠭᠤᠯᠤᠨ᠎ᠠ᠃ ᠬᠦᠳᠡᠭᠡ ᠲᠤᠰᠬᠤᠨ ᠤ ᠰᠢᠨ᠎ᠡ | ᠮᠠᠶ᠋ᠢᠭ ᠤᠨ ᠬᠤᠷᠰᠢᠭᠰᠠᠨ ᠡᠮᠴᠢᠯᠡᠭᠡ ᠳᠠᠬᠢ ᠬᠦᠨᠳᠤ ᠡᠪᠡᠳᠴᠢᠨ ᠢ ᠡᠮᠴᠢᠯᠡᠬᠦ ᠪᠠᠲᠤᠯᠠᠭ᠎ᠠ ᠶᠢᠨ ᠬᠡᠪᠴᠢᠶ᠎ᠡ ᠶᠢ | ᠦᠷᠭᠡᠳᠭᠡᠵᠦ᠂ ᠬᠤᠲᠠ ᠬᠦᠳᠡᠭᠡ ᠶᠢᠨ ᠰᠠᠭᠤᠭᠠᠯᠢ ᠠᠷᠠᠳ ᠤᠨ ᠬᠦᠨᠳᠤ ᠡᠪᠡᠳᠴᠢᠨ ᠤ ᠡᠮᠴᠢᠯᠡᠬᠦ ᠳᠠᠭᠠᠳᠬᠠᠯ ᠤᠨ | ᠲᠥᠷᠥ ᠶᠢᠨ ᠪᠣᠳᠣᠯᠭ᠎ᠠ ᠶᠢ ᠪᠦᠲᠦᠮᠵᠢᠲᠡᠢ ᠵᠤᠯᠭᠠᠯᠲᠤᠭᠤᠯᠬᠤ ᠶᠢ ᠲᠦᠯᠬᠢᠨ ᠠᠬᠢᠭᠤᠯᠵᠤ᠂ ᠡᠪᠡᠳᠴᠢᠨ ᠡᠮᠭᠡᠭ ᠤᠨ | ᠪᠠᠴᠢᠮ ᠪᠠᠶᠢᠳᠠᠯ ᠢ ᠠᠷᠭᠠᠴᠠᠵᠤ ᠠᠪᠤᠷᠠᠨ ᠲᠤᠰᠠᠯᠠᠬᠤ ᠲᠣᠭᠲᠠᠴᠠ ᠶᠢ ᠲᠡᠭᠦᠯᠳᠡᠷᠵᠢᠭᠦᠯᠦᠨ᠎ᠡ᠃ ᠬᠤᠲᠠ | ᠪᠠᠯᠭᠠᠰᠤ ᠶᠢᠨ ᠰᠠᠭᠤᠭᠠᠯᠢ ᠠᠷᠠᠳ ᠤᠨ ᠡᠮᠴᠢᠯᠡᠭᠡ ᠶᠢᠨ ᠳᠠᠭᠠᠳᠬᠠᠯ ᠪᠠ ᠬᠦᠳᠡᠭᠡ ᠲᠤᠰᠬᠤᠨ ᠤ ᠰᠢᠨ᠎ᠡ ᠮᠠᠶ᠋ᠢᠭ ᠤᠨ | ᠬᠤᠷᠰᠢᠭᠰᠠᠨ ᠡᠮᠴᠢᠯᠡᠭᠡ ᠶᠢᠨ ᠲᠠᠯ᠎ᠠ ᠪᠠᠷ ᠬᠢ ᠵᠠᠰᠠᠭ ᠤᠨ ᠣᠷᠳᠤᠨ ᠤ ᠨᠦᠬᠦᠪᠦᠷᠢ ᠶᠢᠨ ᠪᠠᠷᠢᠮᠵᠢᠶ᠎ᠠ ᠶᠢ | ᠳᠡᠭᠡᠭᠰᠢᠯᠡᠭᠦᠯᠵᠦ᠂ ᠬᠦᠮᠦᠨ ᠪᠦᠷᠢ ᠵᠢᠯ ᠳᠤ 320 ᠲᠦᠭᠦᠷᠢᠭ ᠪᠠᠶᠢᠭᠰᠠᠨ ᠠᠴᠠ 380 ᠲᠦᠭᠦᠷᠢᠭ ᠪᠣᠯᠭᠠᠨ | ᠲᠡᠬᠡᠭᠰᠢᠯᠡᠬᠦᠯᠦᠨ᠎ᠠ᠃ ᠡᠮᠴᠢᠯᠡᠭᠡ ᠶᠢᠨ ᠳᠠᠭᠠᠳᠬᠠᠯ ᠤᠨ ᠰᠦᠢᠳᠭᠡᠯ ᠲᠤᠰᠢᠶᠠᠬᠤ ᠠᠷᠭ᠎ᠠ ᠮᠠᠶ᠋ᠢᠭ ᠤᠨ | ᠦᠭᠡᠷᠡᠴᠢᠯᠡᠯᠲᠡ ᠶᠢ ᠦᠷᠭᠦᠯᠵᠢᠯᠡᠨ ᠲᠦᠯᠬᠢᠨ ᠠᠬᠢᠭᠤᠯᠵᠤ᠂ ᠦᠨᠳᠦᠰᠦᠨ ᠡᠮᠴᠢᠯᠡᠭᠡ ᠶᠢᠨ ᠳᠠᠭᠠᠳᠬᠠᠯ ᠢᠶᠠᠷ | ᠣᠷᠣᠨ ᠤ ᠬᠢᠵᠠᠭᠠᠷ ᠲᠤᠳᠤᠷᠠᠬᠢ ᠪᠤᠰᠤᠳ ᠭᠠᠵᠠᠷ ᠢᠶᠠᠷ ᠡᠮᠨᠡᠭᠦᠯᠬᠦ ᠳᠤ ᠰᠢᠭᠤᠳ ᠳ᠋ᠦᠩᠨᠡᠨ ᠪᠣᠳᠣᠬᠤ ᠶᠢ | ᠪᠡᠶᠡᠯᠡᠭᠦᠯᠦᠨ᠎ᠡ᠃ ᠲᠦᠷ ᠴᠠᠭ ᠤᠨ ᠠᠪᠤᠷᠠᠨ ᠲᠤᠰᠠᠯᠠᠬᠤ ᠪᠠ ᠣᠨᠴᠤᠭᠤᠢ ᠬᠦᠨᠳᠦ ᠡᠪᠡᠳᠴᠢᠨ ᠢ ᠡᠮᠴᠢᠯᠡᠵᠦ | ᠠᠪᠤᠷᠠᠨ ᠲᠤᠰᠠᠯᠠᠬᠤ ᠳᠦᠷᠢᠮ ᠢ ᠪᠦᠬᠦ ᠲᠠᠯ᠎ᠠ ᠪᠠᠷ ᠪᠠᠶᠢᠭᠤᠯᠵᠤ᠂ ᠬᠦᠴᠢᠷᠳᠡᠯᠲᠡᠢ ᠣᠯᠠᠨ ᠲᠦᠮᠡᠨ ᠢ | ᠨᠡᠶᠢᠭᠡᠮ ᠤᠨ ᠬᠢᠨ ᠠᠴᠠ ᠠᠪᠤᠷᠠᠨ ᠲᠤᠰᠠᠯᠠᠬᠤ ᠠᠵᠢᠯ ᠢ ᠯᠠᠪᠳᠠᠭᠤᠨ ᠪᠠᠲᠤᠲᠠᠢ ᠰᠠᠶᠢᠲᠤᠷ ᠬᠢᠨ᠎ᠡ᠃ | ᠠᠷᠠᠳ ᠤᠨ ᠠᠮᠢᠳᠤᠷᠠᠯ ᠤᠨ ᠭᠤᠣᠯᠳᠠᠯᠭ᠎ᠠ ᠲᠠᠢ ᠢᠨᠵᠧᠨᠧᠷᠢᠩ ᠤᠨ ᠪᠠᠶᠢᠭᠤᠯᠤᠯᠲᠠ ᠶᠢ ᠬᠦᠴᠦᠳᠠᠢ ᠲᠦᠯᠬᠢᠨ | ᠠᠬᠢᠭᠤᠯᠤᠨ᠎ᠠ᠃ ᠮᠠᠯᠵᠢᠬᠤ ᠲᠠᠷᠢᠶᠠᠯᠠᠬᠤ ᠣᠷᠣᠨ ᠤ ︽ᠠᠷᠪᠠ ᠪᠠᠷ ᠪᠦᠬᠦᠨ ᠢ ᠬᠠᠮᠤᠷᠠᠬᠤ︾ ᠢᠨᠵᠧᠨᠧᠷᠢᠩ ᠢ | ᠭᠦᠨᠵᠡᠭᠡᠢ ᠬᠡᠷᠡᠭᠵᠢᠭᠦᠯᠵᠦ᠂ ᠲᠦᠯᠦᠪᠵᠢᠭᠦᠯᠭᠡ ᠶᠢᠨ ᠲᠦᠰᠦᠯ ᠢ ᠬᠢᠨᠠᠮᠠᠭᠠᠢ ᠨᠠᠶᠢᠳᠠᠪᠤᠷᠢᠵᠢᠭᠤᠯᠤᠨ᠂ ᠡᠬᠢ ᠪᠠᠶᠠᠯᠢᠭ ᠢ | ᠰᠢᠨᠵᠢᠯᠡᠬᠦ ᠤᠬᠠᠭᠠᠨᠴᠢ ᠪᠠᠷ ᠲᠣᠬᠢᠷᠠᠭᠤᠯᠵᠤ᠂ ᠲᠦᠷᠦᠯ ᠵᠦᠢᠯ ᠢ ᠵᠣᠬᠢᠰᠲᠠᠢ ᠪᠠᠶᠢᠷᠢᠯᠠᠭᠤᠯᠤᠨ᠂ ᠪᠠᠷᠢᠯᠭ᠎ᠠ ᠶᠢᠨ | ᠠᠵᠢᠯ ᠢ ᠨᠢᠮᠪᠠᠢ ᠵᠣᠬᠢᠶᠠᠨ ᠪᠠᠶᠢᠭᠤᠯᠵᠤ᠂ ᠬᠤᠶᠢᠨᠠᠬᠢ ᠬᠠᠮᠢᠶᠠᠷᠤᠯᠲᠠ ᠬᠠᠮᠠᠭᠠᠯᠠᠯᠲᠠ ᠶᠢ ᠴᠢᠩᠭᠠᠳᠬᠠᠨ᠂ ᠦᠪᠡᠷᠲᠡᠭᠡᠨ | ᠵᠠᠰᠠᠬᠤ ᠣᠷᠣᠨ ᠤ ᠬᠠᠮᠤᠭ ᠶᠡᠭᠡ ᠶᠡᠷᠦᠩᠬᠡᠶᠢᠯᠡᠭᠰᠡᠨ ᠴᠢᠨᠠᠷᠲᠠᠢ ᠠᠷᠠᠳ ᠤᠨ ᠠᠮᠢᠳᠤᠷᠠᠯ ᠤᠨ ᠢᠨᠵᠧᠨᠧᠷᠢᠩ ᠢ ᠦᠨᠡᠨᠬᠦ | ᠪᠤᠳᠠᠳᠠᠢ ᠪᠠᠷ ᠴᠢᠩᠭ᠎ᠠ ᠠᠳᠬᠤᠵᠤ᠂ ᠥᠷᠭᠡᠨ ᠣᠯᠠᠨ ᠮᠠᠯᠴᠢᠨ ᠲᠡᠷᠢᠶᠠᠴᠢᠳ ᠲᠤ ᠤᠷᠲᠤ ᠬᠤᠭᠤᠴᠠᠭ᠎ᠠ ᠪᠠᠷ ᠠᠰᠢᠭ | ᠲᠤᠰᠠ ᠬᠦᠷᠲᠡᠭᠡᠨ᠎ᠡ᠃ ᠠᠳᠠᠯ ᠦᠢᠯᠡᠰ ᠴᠣᠭᠴᠠᠯᠠᠵᠤ ᠠᠵᠢᠯ ᠣᠯᠭᠤᠬᠤ ᠢᠨᠵᠧᠨᠧᠷᠢᠩ ᠢ ᠯᠠᠪᠳᠠᠭᠤᠨ ᠢᠶᠠᠷ | ᠲᠦᠯᠬᠢᠨ ᠠᠬᠢᠭᠤᠯᠵᠤ᠂ ᠳᠡᠭᠡᠳᠦ ᠰᠤᠷᠭᠠᠭᠤᠯᠢ ᠲᠡᠭᠦᠰᠦᠭᠰᠡᠳ ᠲᠤ ᠠᠵᠢᠯ ᠣᠯᠭᠤᠬᠤ ᠪᠠᠷ ᠭᠤᠣᠯᠳᠠᠯᠭ᠎ᠠ ᠪᠣᠯᠭᠠᠨ᠂ | ᠮᠠᠯᠴᠢᠨ ᠲᠠᠷᠢᠶᠠᠴᠢᠳ ᠢ ᠰᠢᠯᠵᠢᠭᠦᠯᠦᠨ ᠠᠵᠢᠯ ᠣᠯᠭᠤᠬᠤ᠂ ᠨᠤᠲᠤᠭ ᠲᠠᠭᠠᠨ ᠪᠣᠴᠠᠵᠤ ᠠᠳᠠᠯ ᠦᠢᠯᠡᠰ ᠴᠣᠭᠴᠠᠯᠠᠬᠤ | ᠪᠠ ᠬᠤᠲᠠ ᠪᠠᠯᠭᠠᠰᠤ ᠶᠢᠨ ᠠᠵᠢᠯ ᠠᠯᠳᠠᠭᠰᠠᠳ᠂ ᠠᠵᠢᠯ ᠣᠯᠬᠤ ᠳᠤ ᠬᠦᠴᠢᠷᠲᠡᠢ ᠬᠦᠮᠦᠰ ᠲᠤ ᠠᠵᠢᠯ ᠣᠯᠭᠤᠬᠤ | ᠠᠵᠢᠯ ᠢ ᠨᠢᠭᠡᠲᠦᠯᠲᠡᠢ ᠲᠦᠯᠦᠪᠯᠡᠵᠦ ᠰᠠᠶᠢᠲᠤᠷ ᠬᠢᠨ᠎ᠡ᠃ ᠠᠳᠠᠯ ᠦᠢᠯᠡᠰ ᠴᠣᠭᠴᠠᠯᠠᠬᠤ ᠣᠷᠴᠢᠨ ᠠᠬᠤᠢ ᠶᠢ | ᠰᠢᠯᠢᠳᠡᠭᠵᠢᠭᠦᠯᠵᠦ᠂ ᠦᠷᠬᠡᠨ ᠤᠯᠠᠨ ᠢᠶᠠᠷ ᠢᠶᠠᠨ ᠠᠳᠠᠯ ᠦᠢᠯᠡᠰ ᠴᠣᠭᠴᠠᠯᠠᠬᠤ᠂ ᠬᠤᠲᠠᠯᠠ ᠤᠯᠠᠨ ᠢᠶᠠᠷ ᠢᠶᠠᠨ | ᠰᠢᠨ᠎ᠡ ᠶᠢ ᠡᠭᠦᠳᠬᠦ ᠶᠢ ᠠᠬᠢᠭᠤᠯᠵᠤ᠂ ᠠᠳᠠᠯ ᠦᠢᠯᠡᠰ ᠴᠣᠭᠴᠠᠯᠠᠬᠤ ᠪᠠᠷ ᠠᠵᠢᠯ ᠣᠯᠭᠤᠬᠤ ᠶᠢ ᠳᠠᠶᠢᠴᠢᠯᠠᠨ᠎ᠠ᠃ | ᠬᠦᠳᠡᠯᠮᠦᠷᠢ ᠨᠢᠭᠲᠠᠷᠠᠭᠰᠠᠨ ᠬᠡᠯᠪᠡᠷᠢ ᠪᠦᠬᠦᠢ ᠠᠵᠤ ᠦᠢᠯᠡᠰ᠂ ᠦᠢᠯᠡᠴᠢᠯᠡᠭᠡ ᠶᠢᠨ ᠦᠢᠯᠡᠰ ᠪᠣᠯᠣᠨ ᠳᠤᠮᠳᠠ ᠵᠢᠵᠢᠭ | ᠪᠢᠴᠢᠯ ᠠᠵᠤ ᠠᠬᠤᠶᠢᠯᠠᠯ ᠤᠨ ᠬᠥᠭᠵᠢᠯᠲᠡ ᠶᠢ ᠬᠦᠴᠦᠳᠠᠢ ᠲᠡᠳᠭᠦᠵᠦ᠂ ᠵᠠᠰᠠᠭ ᠤᠨ ᠣᠷᠳᠣᠨ ᠤ ᠣᠯᠠᠨ | ᠨᠡᠶᠢᠲᠡ ᠶᠢᠨ ᠠᠵᠢᠯ ᠣᠯᠭᠤᠬᠤ ᠦᠢᠯᠡᠴᠢᠯᠡᠭᠡ ᠶᠢᠨ ᠴᠢᠳᠠᠪᠤᠷᠢ ᠶᠢᠨ ᠪᠦᠲᠦᠭᠡᠨ ᠪᠠᠶᠢᠭᠤᠯᠤᠯᠲᠠ ᠶᠢ ᠲᠠᠰᠤᠷᠠᠯᠲᠠ | ᠦᠭᠡᠢ ᠴᠢᠩᠭᠠᠳᠬᠠᠨ᠂ ︽ᠨᠢᠭᠡ ᠨᠢ ᠴᠦ ᠠᠵᠢᠯ ᠣᠯᠣᠭᠰᠠᠨ ᠦᠭᠡᠢ︾ ᠭᠡᠷ ᠪᠦᠯᠢ ᠶᠢᠨ ᠬᠢᠨ ᠤ ᠬᠦᠳᠡᠯᠦᠩᠭᠦᠢ | ᠪᠠᠶᠢᠳᠠᠯ ᠢ ᠦᠬᠡᠶᠢᠰᠬᠡᠬᠦ ᠪᠠᠨ ᠪᠠᠳᠤᠯᠠᠬᠤ᠂ ᠬᠤᠲᠠ ᠪᠠᠯᠭᠠᠰᠤ ᠶᠢᠨ 25 ᠲᠦᠮᠡᠡ ᠬᠦᠮᠦᠨ ᠳᠤ ᠰᠢᠨ᠎ᠡ ᠪᠠᠷ ᠠᠵᠢᠯ | ᠣᠯᠭᠤᠬᠤ ᠶᠢ ᠨᠡᠮᠡᠭᠳᠡᠭᠦᠯᠬᠦ᠂ ᠬᠤᠲᠠ ᠪᠠᠯᠭᠠᠰᠤ ᠶᠢᠨ ᠳᠠᠩᠰᠠᠯᠠᠭᠤᠯᠤᠭᠰᠠᠨ ᠠᠵᠢᠯ ᠠᠯᠳᠠᠬᠰᠠᠨ ᠨᠣᠷᠮ᠎ᠡ ᠶᠢ | 4% ᠶᠢᠨ ᠲᠣᠳᠤᠷ᠎ᠠ ᠬᠢᠵᠠᠭᠠᠷᠯᠠᠬᠤ ᠬᠠᠷᠠᠯᠲᠠ ᠪᠠᠨ ᠦᠨᠡᠨᠬᠦ ᠪᠠᠳᠤᠯᠠᠨ ᠪᠡᠶᠡᠯᠡᠬᠦᠯᠦᠨ᠎ᠠ᠃ ᠶᠠᠳᠠᠭᠤ ᠶᠢ ᠲᠡᠳᠭᠦᠨ | ᠪᠤᠭᠤᠮᠲᠠ ᠰᠢᠪᠲᠤᠯᠠᠬᠤ ᠢᠨᠵᠧᠨᠧᠷᠢᠩ ᠢ ᠬᠦᠨᠵᠡᠭᠡᠢ ᠲᠦᠯᠬᠢᠨ ᠠᠬᠢᠭᠤᠯᠵᠤ᠂ ᠤᠳᠤᠷᠢᠳᠬᠤ ᠺᠠᠳ᠋ᠷᠴᠤᠳ ᠶᠠᠳᠠᠭᠤ | ᠬᠦᠴᠢᠷᠳᠡᠯᠲᠡᠢ ᠴᠢᠬ ᠯᠤᠭ᠎ᠠ ᠬᠠᠷᠢᠯᠴᠠᠬᠤ ᠳᠦᠷᠢᠮ ᠢ ᠬᠢᠨᠠᠮᠠᠭᠠᠢ ᠨᠠᠶᠢᠳᠠᠪᠤᠷᠢᠵᠢᠭᠤᠯᠤᠨ ︽ᠭᠤᠷᠪᠠ ᠶᠢ ᠲᠤᠰᠬᠤᠨ | ᠬᠢᠭᠡᠳ ᠡᠷᠦᠬᠡ ᠳᠤ ᠬᠦᠷᠭᠡᠬᠦ︾ ᠬᠠᠪᠰᠤᠷᠤᠨ ᠲᠡᠳᠭᠦᠬᠦ ᠠᠵᠢᠯ ᠢ ᠯᠠᠪᠳᠠᠭᠤᠨ ᠪᠠᠲᠤᠲᠠᠢ ᠰᠠᠶᠢᠳᠤᠷ ᠠᠳᠬᠤᠵᠤ᠂ | ᠮᠦᠩᠭᠦᠨ ᠭᠦᠢᠯᠭᠡᠭᠡ ᠰᠤᠷᠭᠠᠨ ᠬᠦᠮᠦᠵᠢᠯ ᠪᠠ ᠨᠡᠶᠢᠭᠡᠮ ᠤᠨ ᠶᠠᠳᠠᠭᠤ ᠶᠢ ᠲᠡᠳᠭᠦᠬᠦ ᠠᠵᠢᠯ ᠢᠶᠠᠨ ᠦᠨᠡᠨᠬᠦ ᠰᠠᠶᠢᠲᠤᠷ | ᠠᠳᠬᠤᠵᠤ᠂ ᠶᠡᠭᠡ ᠬᠢᠩᠭᠠᠨ ᠳᠠᠪᠠᠭ᠎ᠠ ᠶᠢᠨ ᠡᠮᠦᠨ᠎ᠡ ᠬᠤᠷᠮᠣᠢ ᠶᠢᠨ ᠬᠡᠰᠡᠭᠷᠡᠨ ᠵᠠᠯᠭᠠᠯᠳᠤᠭᠰᠠᠨ ᠣᠨᠴᠠ | ᠬᠦᠴᠢᠷᠳᠡᠯᠲᠡᠢ ᠣᠷᠣᠨ ᠪᠠ ᠶᠠᠨ ᠱᠠᠨ ᠠᠭᠤᠯᠠ — ᠲᠠᠢ ᠬᠠᠩ ᠱᠠᠨ ᠠᠭᠤᠯᠠ ᠬᠦᠷᠲᠡᠯᠡᠬᠢ ᠬᠡᠰᠡᠭ ᠣᠷᠣᠨ ᠤ | ᠶᠠᠳᠠᠭᠤ ᠶᠢ ᠲᠡᠳᠭᠦᠨ ᠪᠣᠭᠤᠮᠲᠠ ᠰᠢᠪᠲᠤᠯᠬᠤ ᠲᠦᠯᠦᠪᠵᠢᠭᠦᠯᠭᠡ ᠶᠢ ᠲᠦᠷᠭᠡᠳᠭᠡᠨ ᠬᠡᠷᠡᠭᠵᠢᠭᠦᠯᠵᠤ᠂ ᠶᠠᠳᠠᠭᠤ | ᠬᠦᠴᠢᠷᠳᠡᠯᠳᠡᠢ ᠬᠦᠮᠦᠨ ᠠᠮᠠ ᠶᠢ 40 ᠲᠦᠮᠡ ᠪᠠᠭᠠᠰᠬᠠᠬᠤ ᠪᠠᠨ ᠦᠨᠡᠨᠬᠦ ᠪᠠᠲᠤᠯᠠᠨ᠎ᠠ᠃ ᠠᠮᠢᠳᠤᠷᠠᠯ ᠤᠨ ᠨᠠᠭᠠᠲᠤ | ᠵᠠᠬ᠎ᠠ ᠶᠢᠨ ᠪᠠᠲᠤᠯᠠᠭᠠᠲᠤ ᠭᠡᠷ ᠪᠦᠯᠢ ᠶᠢᠨ ᠤᠶᠤᠳᠠᠨ ᠤ ᠰᠤᠷᠭᠠᠭᠤᠯᠢ ᠳᠤ ᠣᠷᠣᠬᠤ ᠶᠢ ᠲᠤᠰᠠᠯᠠᠬᠤ ᠪᠠ ᠮᠠᠯᠵᠢᠬᠤ | ᠲᠠᠷᠢᠶᠠᠯᠠᠬᠤ ᠣᠷᠣᠨ ᠤ ᠣᠷᠣᠯᠭ᠎ᠠ ᠪᠠᠭ᠎ᠠ ᠲᠠᠢ ᠭᠡᠷ ᠪᠦᠯᠢ ᠳᠤ ᠳᠤᠯᠠᠭᠠᠯᠠᠯᠭ᠎ᠠ ᠶᠢᠨ ᠨᠡᠭᠦᠷᠡᠰᠦ ᠶᠢ ᠲᠦᠯᠦᠪᠦᠷᠢ | ᠦᠭᠡᠢ ᠬᠦᠷᠬᠡᠨ ᠦᠭᠬᠦ ᠲᠥᠷᠥ ᠶᠢᠨ ᠪᠣᠳᠣᠯᠭ᠎ᠠ ᠶᠢ ᠦᠷᠭᠦᠯᠵᠢᠯᠡᠨ ᠬᠡᠷᠡᠭᠵᠢᠭᠦᠯᠦᠨ᠎ᠡ᠃ ᠠᠷᠠᠳ ᠲᠦᠮᠡᠨ ᠤ ᠬᠢᠮᠳᠠ | ᠤᠷᠤᠨ ᠰᠠᠭᠤᠴᠠ ᠶᠢᠨ ᠢᠨᠵᠧᠨᠧᠷᠢᠩ ᠢ ᠶᠡᠬᠡᠪᠡᠷ ᠲᠦᠯᠬᠢᠨ ᠠᠬᠢᠭᠤᠯᠵᠤ᠂ ᠪᠠᠲᠤᠯᠠᠭ᠎ᠠ ᠶᠢᠨ ᠴᠢᠨᠠᠷᠲᠠᠢ ᠬᠢᠮᠳᠠ | ᠤᠷᠤᠨ ᠰᠠᠭᠤᠴᠠ ᠶᠢᠨ ᠢᠨᠵᠧᠨᠧᠷᠢᠩ ᠤᠨ ᠪᠦᠳᠦᠭᠡᠨ ᠪᠠᠶᠢᠭᠤᠯᠤᠯᠳᠠ ᠪᠣᠯᠣᠨ ᠮᠠᠯᠵᠢᠬᠤ ᠲᠠᠷᠢᠶᠠᠯᠠᠬᠤ ᠣᠷᠣᠨ ᠤ | ᠨᠤᠷᠠᠬᠤ ᠠᠶᠤᠯᠲᠠᠢ ᠭᠡᠷ ᠪᠠᠶᠢᠰᠢᠩ ᠢ ᠰᠢᠨᠡᠳᠭᠡᠨ ᠵᠠᠰᠠᠬᠤ ᠠᠯᠬᠤᠴᠠ ᠶᠢ ᠲᠦᠷᠭᠡᠳᠭᠡᠨ᠂ ᠪᠤᠭᠤᠳᠤ ᠶᠢᠨ ᠬᠦᠷᠡᠯ | ᠰᠢᠯᠢ᠂ ᠤᠯᠠᠭᠠᠠᠬᠠᠳᠠ ᠶᠢᠨ ᠲᠡᠮᠦᠷ ᠵᠠᠮ ᠤᠨ ᠡᠮᠦᠨ᠎ᠡ᠂ ᠬᠢᠩᠭᠠᠨ ᠠᠶᠢᠮᠠᠭ ᠤᠨ ᠷᠠᠰᠢᠶᠠᠨ ᠵᠡᠷᠭᠡ ᠭᠤᠣᠯᠳᠠᠯᠭ᠎ᠠ ᠲᠠᠢ | ᠳᠦᠭᠦᠮ ᠪᠦᠳᠦᠭᠦᠯᠢᠭ ᠣᠷᠣᠨ ᠰᠠᠭᠤᠴᠠᠲᠤ ᠲᠣᠭᠤᠷᠢᠭ ᠢ ᠰᠢᠨᠡᠳᠭᠡᠨ ᠵᠠᠰᠠᠬᠤ ᠪᠠᠷᠢᠯᠭ᠎ᠠ ᠶᠢ ᠬᠦᠴᠦ ᠵᠠᠷᠤᠴᠠᠭᠤᠯᠤᠨ | ᠰᠠᠶᠢᠲᠤᠷ ᠬᠢᠵᠦ᠂ ᠪᠠᠲᠤᠯᠠᠭ᠎ᠠ ᠶᠢᠨ ᠭᠡᠷ ᠪᠠᠶᠢᠰᠢᠩ ᠤᠨ ᠬᠤᠪᠢᠶᠠᠷᠢᠯᠠᠯᠲᠠ ᠬᠠᠮᠢᠶᠠᠷᠤᠯᠲᠠ ᠶᠢ ᠴᠢᠩᠭᠠᠳᠬᠠᠵᠦ᠂ | ᠳᠦᠭᠦᠮ ᠪᠦᠳᠦᠭᠦᠯᠢᠭ ᠣᠷᠣᠨ ᠰᠠᠭᠤᠴᠠ ᠶᠢ ᠰᠢᠨᠡᠳᠭᠡᠨ ᠵᠠᠰᠠᠬᠤ ᠪᠠᠨ ᠵᠣᠭᠤᠰᠵᠢᠭᠤᠯᠤᠨ ᠲᠦᠪᠬᠢᠨᠡᠬᠦᠯᠬᠦ ᠶᠢ | ᠲᠦᠯᠬᠢᠨ ᠠᠬᠢᠭᠤᠯᠵᠤ᠂ 24.2 ᠲᠦᠮᠡᠨ ᠢᠵᠢ ᠪᠠᠲᠤᠯᠠᠭ᠎ᠠ ᠶᠢᠨ ᠴᠢᠨᠠᠷᠲᠠᠢ ᠬᠢᠮᠳᠠ ᠤᠷᠤᠨ ᠰᠠᠭᠤᠴᠠ ᠶᠢ | ᠰᠢᠨ᠎ᠡ ᠪᠠᠷ ᠪᠠᠷᠢᠯᠭ᠎ᠠ ᠡᠬᠢᠯᠡᠭᠦᠯᠬᠦ ᠶᠢ ᠦᠨᠡᠨᠬᠦ ᠪᠠᠲᠤᠯᠠᠵᠤ᠂ 16 ᠲᠦᠮᠡᠨ ᠢᠵᠢ ᠭᠡᠷ ᠪᠠᠶᠢᠰᠢᠩ ᠢ | ᠦᠨᠳᠦᠰᠦᠨ ᠳᠡᠭᠡᠨ ᠪᠠᠶᠢᠭᠤᠯᠤᠨ ᠳᠠᠭᠤᠰᠬᠠᠵᠤ᠂ ᠮᠠᠯᠵᠢᠬᠤ ᠲᠠᠷᠢᠶᠠᠯᠠᠬᠤ ᠣᠷᠣᠨ ᠳᠠᠬᠢ 17 ᠲᠦᠮᠡᠨ ᠡᠷᠦᠬᠡ ᠶᠢᠨ | ᠨᠤᠷᠠᠬᠤ ᠠᠶᠤᠯᠲᠠᠢ ᠭᠡᠷ ᠪᠠᠶᠢᠰᠢᠩ ᠤᠨ ᠰᠢᠨᠡᠳᠭᠡᠨ ᠵᠠᠰᠠᠬᠤ ᠠᠵᠢᠯ ᠢ ᠪᠡᠶᠡᠯᠡᠭᠦᠯᠦᠨ᠎ᠡ᠃ | ︵ᠳᠤᠯᠤᠭ᠎ᠠ︶ ᠰᠤᠶᠣᠯ ᠤᠨ ᠴᠡᠴᠡᠭᠯᠡᠯᠲᠡ ᠬᠥᠭᠵᠢᠯᠲᠡ ᠶᠢ ᠠᠬᠢᠭᠤᠯᠵᠤ᠂ ᠥᠷᠭᠡᠨ ᠣᠯᠠᠨ ᠲᠦᠮᠡᠨ ᠤ | ᠣᠶᠣᠨ ᠰᠠᠨᠠᠭᠠᠨ ᠤ ᠰᠤᠶᠤᠯ ᠤᠨ ᠬᠡᠷᠡᠭᠴᠡᠭᠡ ᠱᠠᠭᠠᠷᠳᠠᠯᠭ᠎ᠠ ᠶᠢ ᠲᠠᠰᠤᠷᠠᠯᠲᠠ ᠦᠭᠡᠢ ᠬᠠᠩᠭᠠᠨ᠎ᠠ | ᠬᠠᠮᠲᠤ ᠶᠢᠨ ᠣᠶᠣᠨ ᠰᠠᠨᠠᠭᠠᠨ ᠤ ᠬᠦᠰᠡᠯᠡᠩ ᠤᠨ ᠣᠷᠣᠨ ᠢ ᠬᠦᠴᠦᠯᠡᠨ ᠪᠦᠲᠦᠭᠡᠨ ᠪᠠᠶᠢᠭᠤᠯᠤᠨ᠎ᠠ᠃ | ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠣᠨᠣᠯ ᠪᠣᠯᠣᠨ ᠳᠤᠮᠳᠠᠳᠤ ᠶᠢᠨ ᠵᠡᠭᠦᠳᠦ ᠪᠠᠷ | ᠨᠡᠶᠢᠳᠡ ᠤᠯᠠᠨ ᠤ ᠲᠠᠨᠢᠯᠲᠠ ᠶᠢ ᠨᠢᠭᠲᠠᠷᠠᠭᠤᠯᠬᠤ ᠶᠢ ᠪᠠᠷᠢᠮᠲᠠᠯᠠᠵᠤ᠂ ᠨᠡᠶᠢᠭᠡᠮ ᠵᠢᠷᠤᠮ ᠤᠨ ᠭᠤᠣᠯᠯᠠᠬᠤ ᠥᠷᠳᠡᠭ ᠤᠨ | ᠦᠵᠡᠯᠲᠡ ᠶᠢ ᠪᠤᠢ ᠪᠤᠯᠭᠠᠬᠤ ᠪᠠ ᠦᠢᠯᠡᠳᠦᠯᠭᠡᠵᠢᠭᠦᠯᠬᠦ ᠳᠤ ᠬᠡᠷᠡᠭᠵᠢᠭᠦᠯᠬᠦ ᠰᠠᠨᠠᠯ ᠢ ᠬᠢᠨᠠᠮᠠᠭᠠᠢ ᠨᠠᠶᠢᠳᠠᠪᠤᠷᠢᠵᠢᠭᠤᠯᠵᠤ᠂ | ︽ᠳᠤᠮᠳᠠᠳᠤ ᠶᠢᠨ ᠵᠡᠭᠦᠳᠦ · ᠬᠠᠷᠢᠭᠤᠴᠠᠯᠭ᠎ᠠ ᠪᠠᠨ ᠭᠦᠢᠴᠡᠳᠭᠡᠵᠦ ᠬᠦᠰᠡᠯ ᠵᠡᠭᠦᠳᠦ ᠪᠠᠨ ᠲᠡᠷᠭᠡᠯᠰᠢᠭᠦᠯᠬᠦ︾ ᠰᠢᠷᠢᠰ | ᠰᠡᠳᠦᠪᠲᠦ ᠦᠢᠯᠡᠳᠦᠯᠭᠡ ᠶᠢᠨ ᠠᠵᠢᠯᠯᠠᠭ᠎ᠠ ᠶᠢ ᠭᠦᠨᠵᠡᠭᠡᠶ ᠦᠷᠨᠢᠬᠦᠯᠵᠦ᠂ ᠬᠠᠮᠲᠤᠪᠠᠷ ᠪᠦᠯᠬᠦᠮᠳᠡᠨ ᠲᠡᠮᠡᠴᠡᠬᠦ ᠦᠵᠡᠯ | ᠰᠠᠨᠠᠭᠠᠨ ᠤ ᠰᠠᠭᠤᠷᠢ ᠶᠢ ᠪᠠᠬᠢᠵᠢᠭᠦᠯᠦᠨ᠎ᠡ᠃ ᠦᠢᠯᠡᠳᠦᠯᠭᠡ ᠶᠢᠨ ᠱᠠᠭᠠᠷᠳᠠᠯᠭ᠎ᠠ ᠶᠢ ᠳᠣᠪᠤᠶᠢᠯᠭᠠᠵᠤ᠂ ᠠᠵᠢᠯᠯᠠᠭᠠᠨ ᠤ | ᠠᠴᠢᠶᠠᠯᠠᠪᠤᠷᠢ ᠶᠢ ᠪᠠᠶᠠᠯᠢᠬᠵᠢᠭᠤᠯᠤᠨ᠂ ᠨᠡᠶᠢᠭᠡᠮ ᠵᠢᠷᠤᠮ ᠤᠨ ᠭᠤᠤᠯᠯᠠᠬᠤ ᠦᠷᠳᠡᠭ ᠤᠨ ᠦᠵᠡᠯᠳᠡ ᠶᠢ ᠪᠤᠢ | ᠪᠤᠯᠭᠠᠬᠤ ᠪᠠ ᠦᠢᠯᠡᠳᠦᠯᠭᠡᠵᠢᠬᠦᠯᠬᠦ ᠪᠠᠨ ᠤᠶᠤᠨ ᠤ ᠪᠣᠯᠪᠠᠰᠤᠨ ᠢ ᠴᠤᠭᠴᠠᠯᠠᠬᠤ᠂ ᠤᠯᠠᠨ ᠲᠦᠮᠡᠨ ᠤ ᠰᠤᠶᠤᠯ ᠤᠨ | ᠠᠵᠢᠯᠯᠠᠭ᠎ᠠ ᠲᠠᠢ ᠤᠶᠠᠯᠳᠤᠭᠤᠯᠵᠤ᠂ ᠭᠤᠣᠯ ᠬᠥᠭ ᠠᠶᠠᠰ ᠢ ᠴᠤᠤᠷᠢᠶᠠᠳᠠᠭᠤᠯᠤᠨ᠂ ᠢᠳᠡᠪᠬᠢ ᠬᠦᠴᠦᠨ ᠢ | ᠨᠢᠭᠲᠠᠷᠠᠭᠤᠯᠵᠤ᠂ ᠠᠷᠠᠳ ᠢᠷᠭᠡᠳ ᠤᠨ ᠶᠤᠰᠤ ᠮᠤᠷᠠᠯ ᠤᠨ ᠬᠡᠪ ᠪᠤᠯᠪᠠᠰᠤᠷᠠᠯ ᠪᠣᠯᠣᠨ ᠨᠡᠶᠢᠭᠡᠮ ᠤᠨ ᠪᠣᠯᠪᠠᠰᠤᠨ ᠤ | ᠬᠡᠮᠵᠢᠶ᠎ᠠ ᠶᠢ ᠪᠦᠬᠦ ᠲᠠᠯ᠎ᠠ ᠪᠠᠷ ᠳᠡᠭᠡᠭᠰᠢᠯᠡᠭᠦᠯᠦᠨ᠂ ᠳᠤᠮᠳᠠᠳᠤ ᠶᠢᠨ ᠵᠡᠭᠦᠳᠦ ᠶᠢ ᠪᠡᠶᠡᠯᠡᠭᠦᠯᠬᠦ ᠤᠶᠤᠨ ᠰᠠᠨᠠᠭᠠᠨ ᠤ | ᠬᠦᠳᠡᠯᠭᠡᠬᠦ ᠬᠦᠴᠦᠨ ᠢ ᠬᠥᠭᠵᠢᠭᠡᠨ᠎ᠡ᠃ | ᠰᠤᠶᠤᠯ ᠤᠨ ᠦᠢᠯᠡᠰ ᠢ ᠶᠡᠬᠡᠪᠡᠷ ᠬᠥᠭᠵᠢᠭᠦᠯᠦᠨ᠎ᠡ᠃ ᠣᠯᠠᠨ ᠨᠡᠶᠢᠲᠡ ᠶᠢᠨ ᠰᠤᠶᠣᠯ ᠤᠨ ᠦᠢᠯᠡᠴᠢᠯᠡᠭᠡ ᠶᠢᠨ | ᠰᠢᠰᠲ᠋ᠧᠮᠵᠢ ᠶᠢ ᠪᠠᠷᠢᠮᠵᠢᠶᠠᠵᠢᠭᠤᠯᠬᠤ᠂ ᠲᠡᠩᠴᠡᠭᠦᠷᠢᠵᠢᠭᠦᠯᠬᠦ ᠪᠦᠲᠦᠭᠡᠨ ᠪᠠᠶᠢᠭᠤᠯᠤᠯᠲᠠ ᠶᠢ ᠲᠦᠷᠬᠡᠳᠬᠡᠨ᠂ ᠣᠳᠣ | ᠦᠶ᠎ᠡ ᠶᠢᠨ ᠰᠣᠶᠣᠯ ᠤᠨ ᠦᠢᠯᠡᠴᠢᠯᠡᠭᠡ ᠶᠢᠨ ᠰᠢᠰᠲ᠋ᠧᠮᠵᠢ ᠶᠢ ᠴᠤᠬᠴᠠᠯᠠᠬᠤ ᠶᠢᠨ ᠬᠡᠷᠡᠭᠵᠢᠭᠦᠯᠬᠦ ᠰᠠᠨᠠᠯ ᠪᠣᠯᠣᠨ ᠣᠯᠠᠨ | ᠨᠡᠶᠢᠲᠡ ᠶᠢᠨ ᠰᠤᠶᠤᠯ ᠤᠨ ᠦᠨᠳᠦᠰᠦᠨ ᠦᠢᠯᠡᠴᠢᠯᠡᠭᠡ ᠶᠢ ᠵᠢᠯᠤᠭᠤᠳᠬᠤ ᠪᠠᠷᠢᠮᠵᠢᠶ᠎ᠠ ᠶᠢ ᠨᠡᠶᠢᠳᠡᠯᠡᠨ᠎ᠡ᠃ | ᠰᠤᠶᠤᠯ ᠤᠨ ᠮᠡᠳᠡᠭᠡ ᠵᠠᠩᠭᠢ ᠶᠢᠨ ᠡᠬᠢ ᠪᠠᠶᠠᠯᠢᠭ ᠢ ᠬᠠᠮᠲᠤᠪᠠᠷ ᠡᠳ᠋ᠯᠡᠬᠦ᠂ ᠲᠣᠭᠠᠴᠢᠯᠠᠭᠰᠠᠨ ᠨᠣᠮ ᠤᠨ ᠰᠠᠩ ᠵᠡᠷᠭᠡ | ᠰᠤᠶᠤᠯ ᠤᠨ ᠢᠨᠵᠧᠨᠧᠷᠢᠩ ᠢ ᠭᠦᠨᠵᠡᠭᠡᠢ ᠬᠡᠷᠡᠭᠵᠢᠭᠦᠯᠵᠦ᠂ ︽ᠲᠤᠭᠠᠴᠢᠯᠠᠭᠰᠠᠨ ᠰᠤᠶᠤᠯ ᠢ ᠮᠤᠩᠭᠤᠯ ᠭᠡᠷ ᠲᠤ | ᠣᠷᠤᠭᠤᠯᠬᠤ︾ ᠢᠨᠵᠧᠨᠧᠷᠢᠩ ᠤᠨ ᠬᠠᠮᠤᠷᠬᠤ ᠬᠡᠪᠴᠢᠶ᠎ᠡ ᠶᠢ ᠦᠷᠭᠡᠳᠭᠡᠵᠦ᠂ ᠬᠢᠯᠢ ᠬᠢᠵᠠᠭᠠᠷ ᠤᠨ ᠬᠤᠰᠢᠭᠤ | ᠰᠢᠶᠠᠨ ᠨᠤᠭᠤᠳ ᠰᠣᠨᠢᠨ ᠮᠡᠳᠡᠭᠡ ᠬᠡᠪᠯᠡᠯ ᠷᠠᠳᠢᠣ᠋ ᠨᠡᠪᠲᠡᠷᠡᠭᠦᠯᠭᠡ ᠺᠢᠨᠣ᠋ ᠲᠧᠯᠸᠢᠰ ᠢᠶᠠᠷ ᠬᠢᠯᠢ ᠬᠢᠵᠠᠭᠠᠷ ᠢᠶᠠᠨ | ᠪᠠᠬᠢᠵᠢᠬᠦᠯᠬᠦ ᠢᠨᠵᠧᠨᠧᠷᠢᠩ ᠢ ᠬᠡᠷᠡᠭᠵᠢᠭᠦᠯᠦᠨ᠂ ᠦᠪᠡᠷᠲᠡᠭᠡᠨ ᠵᠠᠰᠠᠬᠤ ᠣᠷᠣᠨ ᠤ ᠲᠦᠷᠦᠭᠦᠦ ᠪᠦᠯᠦᠭ ᠣᠯᠠᠨ | ᠨᠡᠶᠢᠲᠡ ᠶᠢᠨ ᠰᠤᠶᠤᠯ ᠤᠨ ᠵᠢᠱᠢᠶ᠎ᠡ ᠦᠵᠡᠭᠦᠯᠬᠦ ᠣᠷᠣᠨ ᠵᠢᠱᠢᠶ᠎ᠡ ᠦᠵᠡᠭᠦᠯᠬᠦ ᠲᠦᠷᠦᠯ ᠵᠦᠢᠯ ᠤᠳ ᠤᠨ ᠡᠭᠦᠳᠦᠨ | ᠪᠠᠶᠢᠭᠤᠯᠬᠤ ᠶᠢ ᠠᠬᠢᠭᠤᠯᠤᠨ᠎ᠠ᠃ ᠰᠣᠳᠣᠨ ᠪᠦᠲᠦᠭᠡᠯ ᠵᠤᠬᠢᠶᠠᠨ ᠪᠦᠲᠦᠭᠡᠵᠤ ᠲᠣᠭᠯᠠᠬᠤ ᠶᠢ ᠲᠡᠳᠭᠦᠵᠦ ᠬᠦᠲᠦᠯᠦᠨ | ᠵᠢᠯᠤᠭᠤᠳᠬᠤ ᠪᠠᠨ ᠴᠢᠩᠭᠠᠳᠬᠠᠵᠤ᠂ ︽ᠳᠤᠮᠳᠠᠳᠤ ᠶᠢᠨ ᠵᠡᠭᠦᠳᠦ︾ ᠶᠢᠨ ᠭᠤᠣᠯ ᠰᠡᠳᠦᠪᠲᠦ ᠤᠳᠬ᠎ᠠ ᠤᠷᠠᠯᠢᠭ ᠤᠨ | ᠵᠤᠬᠢᠶᠠᠨ ᠪᠦᠲᠦᠭᠡᠬᠦ ᠠᠵᠢᠯᠯᠠᠭ᠎ᠠ ᠪᠠᠷ ᠠᠳᠬᠤᠴᠠ ᠪᠣᠯᠭᠠᠨ᠂ ᠦᠪᠦᠷ ᠮᠤᠩᠭᠤᠯ ᠤᠨ ᠰᠤᠶᠤᠯ ᠤᠷᠠᠯᠢᠭ ᠤᠨ ᠤᠷᠲᠤ | ᠬᠤᠩᠭᠢᠯ ᠤᠨ ᠪᠦᠲᠦᠭᠡᠨ ᠪᠠᠶᠢᠭᠤᠯᠤᠯᠲᠠ ᠶᠢ ᠠᠬᠢᠭᠤᠯᠵᠤ᠂ ᠭᠤᠣᠯᠳᠠᠯᠭ᠎ᠠ ᠲᠠᠢ ᠲᠠᠶᠢᠰᠠᠨ ᠤ ᠵᠦᠴᠦᠭᠡ ᠶᠢᠨ | ᠰᠤᠳᠤᠨ ᠪᠦᠳᠦᠭᠡᠯ ᠢ ᠵᠤᠬᠢᠶᠠᠵᠤ ᠪᠦᠲᠦᠭᠡᠬᠦ᠂ ᠲᠠᠯ᠎ᠠ ᠨᠤᠲᠤᠭ ᠤᠨ ᠤᠷᠠᠨ ᠵᠣᠬᠢᠶᠠᠯ ᠤᠨ ᠰᠣᠳᠤᠨ ᠪᠦᠲᠦᠭᠡᠯ | ᠵᠤᠬᠢᠶᠠᠬᠤ ᠪᠠ ᠮᠤᠩᠭᠤᠯ ᠬᠡᠯᠡᠨ ᠤ ᠰᠢᠯᠢᠳᠡᠭ ᠵᠣᠬᠢᠶᠠᠯ ᠪᠦᠲᠦᠭᠡᠯ ᠤᠨ ᠣᠷᠴᠢᠭᠤᠯᠬᠤ ᠢᠨᠵᠧᠨᠧᠷᠢᠩ ᠢ | ᠦᠷᠭᠦᠯᠵᠢᠯᠡᠨ ᠰᠠᠶᠢᠳᠤᠷ ᠠᠳᠬᠤᠨ᠎ᠠ᠃ ᠭᠤᠣᠯᠳᠠᠯᠭ᠎ᠠ ᠲᠠᠢ ᠲᠡᠦᠬᠡ ᠶᠢᠨ ᠳᠤᠷᠠᠰᠬᠠᠯᠲᠤ ᠵᠦᠢᠯᠡᠰ ᠪᠣᠳᠠᠰ ᠤᠨ ᠪᠤᠰᠤ | ᠰᠤᠶᠤᠯ ᠤᠨ ᠥᠪ ᠢ ᠬᠠᠮᠠᠭᠠᠯᠠᠬᠤ ᠡᠷᠴᠢᠮ ᠢᠶᠠᠨ ᠴᠢᠩᠭᠠᠷᠠᠭᠤᠯᠵᠤ᠂ ᠦᠨᠳᠦᠰᠦᠲᠡᠨ ᠤ ᠰᠢᠯᠢᠳᠡᠭ ᠰᠤᠶᠤᠯ ᠢ | ᠤᠯᠠᠮᠵᠢᠯᠠᠨ ᠬᠠᠮᠠᠭᠠᠯᠠᠬᠤ ᠪᠠ ᠰᠢᠨ᠎ᠡ ᠡᠬᠦᠳᠦᠯᠳᠡ ᠲᠠᠢ ᠪᠠᠷ ᠬᠦᠭᠵᠢᠬᠦ ᠶᠢ ᠠᠬᠢᠭᠤᠯᠤᠨ᠎ᠠ᠃ ᠨᠡᠶᠢᠭᠡᠮ ᠤᠨ ᠰᠢᠨᠵᠢᠯᠡᠬᠦ | ᠤᠬᠠᠭᠠᠨ᠂ ᠷᠠᠳᠢᠣ᠋ ᠨᠡᠪᠲᠡᠷᠡᠭᠦᠯᠭᠡ ᠺᠢᠨᠣ᠋ ᠲᠧᠯᠸᠢᠰ ᠵᠡᠷᠭᠡ ᠠᠵᠤ ᠦᠢᠯᠡᠰ ᠢ ᠴᠡᠴᠡᠭᠯᠡᠨ ᠬᠥᠭᠵᠢᠭᠦᠯᠵᠦ᠂ ᠰᠢᠨ᠎ᠡ | ᠮᠠᠶ᠋ᠢᠭ ᠤᠨ ᠵᠠᠭᠤᠴᠢᠯᠠᠭᠤᠷ ᠬᠢᠭᠡᠳ ᠤᠯᠠᠮᠵᠢᠯᠠᠯᠲᠤ ᠵᠠᠭᠤᠴᠢᠯᠠᠭᠤᠷ ᠢ ᠬᠠᠮᠲᠤᠷᠠᠯᠴᠠᠨ ᠬᠦᠳᠦᠯᠦᠯᠴᠡᠵᠦ ᠠᠭᠤᠰᠤᠯᠴᠠᠨ | ᠬᠦᠭᠵᠢᠬᠦ ᠶᠢ ᠠᠬᠢᠭᠤᠯᠤᠨ᠎ᠠ᠃ | ᠣᠨᠴᠠᠯᠢᠭ ᠪᠦᠬᠦᠢ ᠰᠤᠶᠤᠯ ᠤᠨ ᠠᠵᠤ ᠦᠢᠯᠡᠰ ᠤᠨ ᠬᠥᠭᠵᠢᠯᠲᠡ ᠶᠢ ᠢᠳᠡᠪᠬᠢᠲᠡᠢ ᠪᠠᠷ ᠠᠬᠢᠭᠤᠯᠤᠨ᠎ᠠ᠃ | ᠰᠤᠶᠤᠯ ᠤᠨ ᠠᠵᠤ ᠦᠢᠯᠡᠰ ᠤᠨ ᠤᠷᠳᠤᠪᠳᠤᠷ ᠪᠠ ᠤᠷᠲᠤ ᠬᠤᠭᠤᠴᠠᠭᠠᠨ ᠤ ᠬᠥᠭᠵᠢᠯᠲᠡ ᠶᠢᠨ | ᠲᠦᠯᠦᠪᠵᠢᠭᠦᠯᠭᠡ ᠶᠢ ᠬᠡᠷᠡᠭᠵᠢᠭᠦᠯᠵᠦ᠂ ᠣᠨᠴᠠᠯᠢᠬᠵᠢᠭᠰᠠᠨ᠂ ᠵᠦᠷᠢᠶᠡᠵᠢᠭᠰᠡᠨ ᠬᠥᠭᠵᠢᠯᠲᠡ ᠶᠢ ᠠᠬᠢᠭᠤᠯᠤᠨ᠎ᠠ᠃ | ᠭᠤᠣᠯᠳᠠᠯᠭ᠎ᠠ ᠲᠠᠢ ᠰᠤᠶᠤᠯ ᠤᠨ ᠠᠵᠤ ᠦᠢᠯᠡᠰ ᠤᠨ ᠲᠦᠷᠦᠯ ᠵᠦᠢᠯ ᠤᠨ ᠬᠦᠮᠦᠷᠭᠡ ᠶᠢ ᠪᠦᠷᠢᠨᠰᠢᠭᠦᠯᠵᠦ᠂ | ᠰᠤᠶᠤᠯ ᠤᠨ ᠠᠵᠤ ᠦᠢᠯᠡᠰ ᠤᠨ ᠭᠤᠣᠯ ᠴᠤᠭᠴᠠ ᠶᠢ ᠪᠤᠶᠢᠵᠢᠭᠤᠯᠵᠤ᠂ ᠲᠤᠮᠤ ᠠᠵᠤ ᠠᠬᠤᠶᠢᠯᠠᠯ ᠶᠡᠭᠡ ᠲᠦᠷᠦᠯ | ᠵᠦᠢᠯ ᠤᠨ ᠳᠠᠶᠢᠴᠢᠯᠠᠬᠤ ᠦᠢᠯᠡᠳᠦᠯ ᠢ ᠭᠦᠢᠴᠡᠳ ᠪᠠᠳᠠᠷᠠᠭᠤᠯᠤᠨ᠂ ᠣᠨᠴᠠᠯᠢᠭ ᠪᠦᠬᠦᠢ ᠳᠤᠮᠳᠠ ᠵᠢᠵᠢᠭ ᠪᠢᠴᠢᠯ | ᠰᠤᠶᠤᠯ ᠤᠨ ᠠᠵᠤ ᠠᠬᠤᠶᠢᠯᠠᠯ ᠢ ᠲᠡᠳᠭᠦᠨ ᠬᠥᠭᠵᠢᠭᠦᠯᠵᠦ᠂ ᠭᠤᠣᠯᠯᠠᠬᠤ ᠦᠷᠢᠰᠦᠯᠳᠦᠬᠦ ᠬᠦᠴᠦᠨ ᠲᠠᠢ ᠨᠢᠭᠡ | ᠪᠦᠯᠦᠭ ᠣᠨᠴᠠᠯᠢᠭ ᠪᠦᠬᠦᠢ ᠰᠤᠶᠤᠯ ᠤᠨ ᠠᠵᠤ ᠠᠬᠤᠶᠢᠯᠠᠯ ᠪᠤᠯᠤᠨ ᠨᠡᠷᠡᠲᠦ ᠲᠡᠮᠲᠡᠭᠲᠦ ᠶᠢ ᠪᠣᠢ ᠪᠣᠯᠭᠠᠨ ᠣᠨᠴᠠᠯᠢᠭ | ᠪᠦᠬᠦᠢ ᠨᠢᠭᠡ ᠪᠦᠯᠦᠭ ᠰᠤᠶᠤᠯ ᠤᠨ ᠵᠢᠭᠤᠯᠴᠢᠯᠠᠯ ᠤᠨ ᠲᠦᠷᠦᠯ ᠵᠦᠢᠯ ᠢ ᠬᠦᠲᠦᠯᠦᠨ ᠵᠢᠯᠤᠭᠤᠳᠴᠤ ᠨᠡᠭᠡᠭᠡᠨ | ᠬᠥᠭᠵᠢᠭᠦᠯᠦᠨ᠎ᠠ᠃ ᠦᠪᠡᠷᠲᠡᠭᠡᠨ ᠵᠠᠰᠠᠬᠤ ᠣᠷᠣᠨ ᠤ ᠰᠤᠶᠤᠯ ᠤᠨ ᠠᠵᠤ ᠦᠢᠯᠡᠰ ᠤᠨ ᠬᠥᠭᠵᠢᠯᠲᠡ ᠶᠢᠨ ᠪᠡᠯᠡ | ᠣᠷᠤᠭᠤᠯᠤᠯᠲᠠ ᠪᠡᠯᠡ ᠲᠣᠬᠢᠷᠠᠭᠤᠯᠭ᠎ᠠ ᠶᠢᠨ ᠲᠡᠪᠴᠡᠩ ᠢ ᠪᠠᠶᠢᠭᠤᠯᠵᠤ᠂ ᠰᠤᠶᠤᠯ ᠤᠨ ᠠᠵᠤ ᠦᠢᠯᠡᠰ ᠤᠨ | ᠬᠥᠭᠵᠢᠯᠲᠡ ᠶᠢᠨ ᠲᠤᠰᠬᠠᠢ ᠲᠦᠷᠦᠯ ᠤᠨ ᠪᠡᠯᠡ ᠮᠦᠩᠭᠦ ᠶᠢᠨ ᠬᠡᠪᠴᠢᠶ᠎ᠡ ᠶᠢ ᠦᠷᠭᠡᠳᠬᠡᠨ᠎ᠡ᠃ | ᠭᠠᠳᠠᠭᠠᠲᠤ ᠯᠤᠭ᠎ᠠ ᠶᠢᠨ ᠰᠤᠶᠤᠯ ᠤᠨ ᠰᠤᠯᠢᠯᠴᠠᠭ᠎ᠠ ᠶᠢᠨ ᠬᠢᠷᠢ ᠲᠦᠪᠰᠢᠨ ᠢᠶᠠᠨ ᠳᠡᠭᠡᠭᠰᠢᠯᠡᠭᠦᠯᠦᠨ᠎ᠡ᠃ | ᠤᠯᠤᠰ ᠠᠴᠠ ᠡᠷᠬᠢᠯᠡᠭᠰᠡᠨ ᠭᠠᠳᠠᠭᠠᠲᠤ ᠯᠤᠭ᠎ᠠ ᠶᠢᠨ ᠰᠤᠶᠤᠯ ᠤᠨ ᠰᠤᠯᠢᠯᠴᠠᠭᠠᠨ ᠤ ᠠᠵᠢᠯᠯᠠᠭ᠎ᠠ ᠳᠤ ᠢᠳᠡᠪᠬᠢᠲᠡᠢ | ᠣᠷᠣᠯᠴᠠᠵᠤ᠂ ᠮᠠᠨ ᠤ ᠣᠷᠣᠨ ᠤ ᠦᠨᠳᠦᠰᠦᠲᠡᠨ ᠤ ᠰᠢᠯᠢᠳᠡᠭ ᠰᠤᠶᠤᠯ ᠤᠨ ᠨᠡᠩ ᠰᠠᠶᠢᠨ ᠢᠶᠠᠷ ᠭᠠᠷᠴᠤ ᠶᠠᠪᠤᠬᠤ ᠶᠢ | ᠠᠬᠢᠭᠤᠯᠤᠨ᠎ᠠ᠃ ᠦᠪᠡᠷᠲᠡᠭᠡᠨ ᠵᠠᠰᠠᠬᠤ ᠣᠷᠣᠨ ᠤ ᠭᠠᠳᠠᠭᠠᠲᠤ ᠤᠬᠠᠭᠤᠯᠭ᠎ᠠ ᠶᠢᠨ ᠠᠵᠢᠯ ᠢ ᠴᠢᠩᠭᠠᠳᠬᠠᠬᠤ ᠲᠣᠬᠠᠢ | ᠰᠠᠨᠠᠯ ᠤᠨ ᠱᠠᠭᠠᠷᠳᠠᠯᠭ᠎ᠠ ᠶᠤᠰᠤᠭᠠᠷ᠂ ᠭᠤᠣᠯᠳᠠᠯᠭ᠎ᠠ ᠲᠠᠢ ᠡᠭᠦᠷᠭᠡ ᠶᠢ ᠨᠠᠶᠢᠳᠠᠪᠤᠷᠢᠵᠢᠭᠤᠯᠵᠤ᠂ ᠤᠷᠲᠤ | ᠬᠤᠭᠤᠴᠠᠭᠠᠨ ᠤ ᠪᠦᠲᠦᠮᠵᠢᠲᠦ ᠲᠣᠭᠲᠠᠴᠠ ᠶᠢ ᠪᠠᠶᠢᠭᠤᠯᠵᠤ᠂ ᠰᠣᠯᠢᠯᠴᠠᠨ ᠬᠠᠮᠲᠤᠷᠠᠯᠴᠠᠬᠤ ᠬᠦᠷᠢᠶ᠎ᠡ ᠴᠠᠷᠠᠭ᠎ᠠ ᠶᠢ | ᠦᠷᠭᠡᠳᠭᠡᠨ᠂ ᠦᠭᠡ ᠬᠡᠯᠡᠨ ᠤ ᠰᠢᠰᠲ᠋ᠧᠮᠵᠢ ᠪᠣᠯᠣᠨ ᠢᠯᠡᠳᠭᠡᠬᠦ ᠠᠷᠭ᠎ᠠ ᠮᠠᠶ᠋ᠢᠭ ᠲᠤ ᠰᠢᠨ᠎ᠡ ᠶᠢ ᠡᠭᠦᠳᠴᠦ᠂ | ᠳᠤᠮᠳᠠᠳᠤ ᠶᠢᠨ ᠪᠣᠯᠣᠨ ᠦᠪᠦᠷ ᠮᠣᠩᠭᠤᠯ ᠤᠨ ᠦᠯᠢᠭᠡᠷ ᠲᠡᠤᠬᠡ ᠶᠢ ᠰᠠᠶᠢᠲᠤᠷ ᠲᠤᠭᠠᠴᠢᠨ ᠤᠬᠠᠭᠤᠯᠤᠨ᠎ᠠ᠃ | ᠰᠤᠶᠤᠯ ᠤᠨ ᠦᠢᠯᠡᠳᠭᠦᠨ ᠪᠣᠯᠣᠨ ᠦᠢᠯᠡᠴᠢᠯᠡᠭᠡᠨ ᠤ ᠭᠠᠳᠠᠭᠠᠲᠤ ᠭᠠᠷᠭᠠᠯᠲᠠ ᠶᠢ ᠦᠷᠭᠡᠳᠭᠡᠨ᠂ ᠲᠠᠯ᠎ᠠ ᠨᠤᠲᠤᠭ ᠤᠨ | ᠰᠤᠶᠤᠯ ᠤᠨ ᠭᠠᠳᠠᠭᠠᠲᠤ ᠳᠠᠬᠢ ᠨᠦᠯᠦᠭᠡᠯᠡᠬᠦ ᠬᠦᠴᠦᠨ ᠢ ᠳᠡᠭᠡᠭᠰᠢᠯᠡᠭᠦᠯᠦᠨ᠎ᠡ᠃ | ︵ᠨᠠᠢᠮᠠ︶ ᠨᠡᠶᠢᠭᠡᠮ ᠤᠨ ᠦᠢᠯᠡᠰ ᠢ ᠶᠡᠬᠡᠪᠡᠷ ᠬᠥᠭᠵᠢᠭᠦᠯᠵᠦ᠂ ᠨᠡᠶᠢᠭᠡᠮ ᠤᠨ ᠵᠠᠰᠠᠯᠲᠠ ᠶᠢ ᠴᠢᠩᠭᠠᠳᠬᠠᠵᠤ | ᠰᠢᠨ᠎ᠡ ᠶᠢ ᠡᠭᠦᠳᠦᠨ᠎ᠡ | ᠨᠡᠶᠢᠭᠡᠮ ᠤᠨ ᠡᠯ᠎ᠡ ᠵᠦᠢᠯ ᠤᠨ ᠦᠢᠯᠡᠰ ᠢ ᠳᠦᠷᠬᠡᠳᠬᠡᠨ ᠬᠦᠭᠵᠢᠬᠦᠯᠦᠨ᠎ᠡ᠃ ᠰᠤᠷᠭᠠᠨ ᠬᠦᠮᠦᠵᠢᠯ ᠤᠨ | ᠣᠷᠣᠭᠤᠯᠤᠯᠲᠠ ᠶᠢ ᠦᠷᠭᠦᠯᠵᠢᠯᠡᠨ ᠨᠡᠮᠡᠭᠳᠡᠭᠦᠯᠦᠨ᠎ᠠ᠃ ᠠᠯᠪᠠᠨ ᠵᠢᠷᠤᠮ ᠤᠨ ᠰᠤᠷᠭᠠᠨ ᠬᠦᠮᠦᠵᠢᠯ ᠢ ᠲᠡᠩᠴᠡᠭᠦᠷᠢᠲᠡᠢ | ᠬᠥᠭᠵᠢᠭᠦᠯᠬᠦ ᠲᠣᠬᠠᠢ ᠦᠪᠡᠷᠲᠡᠭᠡᠨ ᠵᠠᠰᠠᠬᠤ ᠣᠷᠣᠨ ᠤ ᠬᠡᠷᠡᠭᠵᠢᠭᠦᠯᠬᠦ ᠰᠠᠨᠠᠯ ᠢ ᠨᠠᠶᠢᠳᠠᠪᠤᠷᠢᠵᠢᠭᠤᠯᠤᠨ᠂ ᠠᠯᠪᠠᠨ | ᠵᠢᠷᠤᠮ ᠤᠨ ᠰᠤᠷᠭᠠᠨ ᠬᠦᠮᠦᠵᠢᠯ ᠤᠨ ᠲᠡᠩᠴᠡᠭᠦᠷᠢᠲᠡᠢ ᠬᠥᠭᠵᠢᠭᠦᠯᠬᠦ ᠬᠤᠰᠢᠭᠤ ᠰᠢᠶᠠᠨ ᠳᠠᠬᠢ ᠬᠠᠮᠤᠷᠬᠤ | ᠬᠡᠪᠴᠢᠶ᠎ᠠ ᠶᠢ ᠥᠷᠭᠡᠳᠭᠡᠨ᠎ᠡ᠃ ᠰᠤᠷᠬᠤ ᠨᠠᠰᠤᠨ ᠠᠴᠠ ᠡᠮᠦᠨᠡᠬᠢ ᠰᠤᠷᠭᠠᠨ ᠬᠦᠮᠦᠵᠢᠯ᠂ ᠦᠨᠳᠦᠰᠦᠲᠡᠨ ᠤ ᠰᠤᠷᠭᠠᠨ | ᠬᠦᠮᠦᠵᠢᠯ᠂ ᠣᠨᠴᠤᠭᠤᠢ ᠰᠤᠷᠭᠠᠨ ᠬᠦᠮᠦᠵᠢᠯ᠂ ᠠᠷᠠᠳ ᠠᠴᠠ ᠡᠷᠬᠢᠯᠡᠭᠰᠡᠨ ᠰᠤᠷᠭᠠᠨ ᠬᠦᠮᠦᠵᠢᠯ ᠪᠣᠯᠣᠨ | ᠥᠷᠭᠦᠯᠵᠢᠯᠡᠭᠰᠡᠨ ᠰᠤᠷᠭᠠᠨ ᠬᠦᠮᠦᠵᠢᠯ ᠤᠨ ᠬᠥᠭᠵᠢᠯᠲᠡ ᠶᠢ ᠨᠢᠭᠡᠲᠦᠯᠲᠡᠢ ᠲᠦᠯᠦᠪᠯᠡᠨ ᠠᠬᠢᠭᠤᠯᠵᠤ᠂ ᠡᠩ ᠤᠨ | ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠣᠯᠠᠨ ᠶᠠᠩᠵᠤᠴᠢᠯᠠᠬᠤ᠂ ᠣᠨᠴᠠᠯᠢᠬᠵᠢᠭᠤᠯᠬᠤ ᠪᠠ ᠳᠡᠭᠡᠳᠦ | ᠵᠡᠷᠭᠡ ᠶᠢᠨ ᠰᠤᠷᠭᠠᠨ ᠬᠦᠮᠦᠵᠢᠯ ᠤᠨ ᠠᠭᠤᠯᠣᠭᠳᠠᠬᠤᠨᠲᠤ ᠮᠠᠶ᠋ᠢᠭ ᠤᠨ ᠬᠦᠭᠵᠢᠯᠳᠡ ᠶᠢ ᠠᠬᠢᠭᠤᠯᠵᠤ᠂ ᠣᠳᠣ | ᠦᠶ᠎ᠡ ᠶᠢᠨ ᠠᠵᠢᠯ ᠮᠡᠷᠭᠡᠵᠢᠯ ᠤᠨ ᠰᠤᠷᠭᠠᠨ ᠬᠦᠮᠦᠵᠢᠯ ᠤᠨ ᠰᠢᠰᠲ᠋ᠧᠮᠵᠢ ᠶᠢ ᠢᠳᠡᠪᠬᠢᠲᠡᠢ ᠪᠠᠷ ᠴᠤᠬᠴᠠᠯᠠᠬᠤ᠂ | ᠰᠢᠯᠭᠠᠯᠲᠠ ᠪᠠᠷ ᠰᠤᠷᠤᠭᠴᠢ ᠡᠯᠰᠡᠬᠦ ᠳᠦᠷᠢᠮ ᠤᠨ ᠦᠭᠡᠷᠡᠴᠢᠯᠡᠯᠲᠡ ᠶᠢᠨ ᠲᠣᠬᠠᠢ ᠦᠪᠡᠷᠲᠡᠭᠡᠨ ᠵᠠᠰᠠᠬᠤ ᠣᠷᠣᠨ ᠤ | ᠬᠡᠷᠡᠭᠵᠢᠭᠦᠯᠬᠦ ᠠᠷᠭ᠎ᠠ ᠶᠢ ᠨᠡᠶᠢᠲᠡᠯᠡᠨ᠎ᠡ᠃ ᠡᠮ ᠡᠮᠨᠡᠯᠭᠡ ᠡᠷᠡᠭᠦᠯ ᠬᠠᠮᠠᠭᠠᠯᠠᠯ ᠤᠨ ᠠᠵᠢᠯ ᠦᠢᠯᠡᠰ ᠤᠨ ᠬᠥᠭᠵᠢᠯᠲᠡ ᠶᠢ | ᠶᠡᠬᠡᠪᠡᠷ ᠬᠦᠭᠵᠢᠬᠦᠯᠵᠦ᠂ ᠦᠪᠡᠷᠲᠡᠭᠡᠨ ᠵᠠᠰᠠᠬᠤ ᠣᠷᠣᠨ ᠤ ᠲᠤᠰ ᠱᠠᠲᠤᠨ ᠤ ᠭᠤᠣᠯᠳᠠᠯᠭ᠎ᠠ ᠲᠠᠢ ᠡᠷᠡᠭᠦᠯ | ᠬᠠᠮᠠᠭᠠᠯᠠᠯ ᠤᠨ ᠲᠦᠷᠦᠯ ᠵᠦᠢᠯ ᠪᠣᠯᠣᠨ ᠠᠶᠢᠮᠠᠭ ᠬᠤᠲᠠ᠂ ᠬᠤᠰᠢᠭᠤ ᠰᠢᠶᠠᠨ ᠵᠢᠴᠢ ᠦᠨᠳᠦᠰᠦᠨ ᠱᠠᠲᠤᠨ ᠤ | ᠡᠮᠴᠢᠯᠡᠭᠡ ᠶᠢᠨ ᠦᠢᠯᠡᠴᠢᠯᠡᠬᠦ ᠰᠢᠰᠲ᠋ᠧᠮᠵᠢ ᠶᠢᠨ ᠪᠦᠲᠦᠭᠡᠨ ᠪᠠᠶᠢᠭᠤᠯᠤᠯᠲᠠ ᠶᠢ ᠲᠦᠷᠭᠡᠳᠭᠡᠨ᠂ ᠬᠤᠰᠢᠭᠤ ᠰᠢᠶᠠᠨ ᠤ | ᠱᠠᠲᠤᠨ ᠤ ᠠᠯᠪᠠᠨ ᠠᠴᠠ ᠪᠠᠶᠢᠭᠤᠯᠤᠭᠰᠠᠨ ᠡᠮᠨᠡᠯᠭᠡ ᠶᠢᠨ ᠬᠤᠷᠢᠶ᠎ᠠ ᠶᠢᠨ ᠦᠭᠡᠷᠡᠴᠢᠯᠡᠯᠲᠡ ᠶᠢ ᠪᠦᠬᠦ ᠲᠠᠯ᠎ᠠ ᠪᠠᠷ | ᠶᠠᠪᠤᠭᠳᠠᠭᠤᠯᠵᠤ᠂ ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠦᠨᠳᠦᠰᠦᠨ ᠦᠢᠯᠡᠴᠢᠯᠡᠭᠡ ᠶᠢᠨ ᠬᠦᠮᠦᠨ | ᠪᠦᠷᠢ ᠶᠢᠨ ᠳᠤᠮᠳᠠᠴᠢ ᠵᠠᠷᠤᠳᠠᠯ ᠤᠨ ᠪᠠᠷᠢᠮᠵᠢᠶ᠎ᠠ ᠶᠢ 40 ᠲᠦᠭᠦᠷᠢᠭ ᠪᠣᠯᠲᠠᠯ᠎ᠠ ᠳᠡᠭᠡᠭᠰᠢᠯᠡᠭᠦᠯᠦᠨ᠎ᠡ᠃ ᠡᠮ ᠤᠨ | ᠵᠦᠢᠯ ᠤᠨ ᠦᠨᠳᠦᠰᠦᠨ ᠳᠦᠷᠢᠮ ᠪᠣᠯᠣᠨ ᠦᠨᠳᠦᠰᠦᠨ ᠱᠠᠲᠤᠨ ᠤ ᠠᠵᠢᠯᠯᠠᠭᠠᠨ ᠤ ᠲᠣᠭᠲᠠᠴᠠ ᠶᠢ ᠦᠷᠭᠦᠯᠵᠢᠯᠡᠨ | ᠪᠠᠬᠢᠵᠢᠭᠦᠯᠵᠦ᠂ ᠡᠮ ᠤᠨ ᠵᠦᠢᠯ ᠤᠨ ᠦᠨᠳᠦᠰᠦᠨ ᠳᠦᠷᠢᠮ ᠤᠨ ᠬᠡᠷᠡᠭᠵᠢᠭᠦᠯᠬᠦ ᠬᠡᠪᠴᠢᠶ᠎ᠡ ᠶᠢ ᠦᠷᠭᠡᠳᠭᠡᠨ᠎ᠡ᠃ | ᠮᠣᠩᠭᠤᠯ ᠬᠢᠲᠠᠳ ᠡᠮ ᠡᠮᠨᠡᠯᠭᠡ ᠶᠢᠨ ᠦᠢᠯᠡᠴᠢᠯᠡᠬᠦ ᠴᠢᠳᠠᠪᠤᠷᠢ ᠶᠢ ᠳᠡᠭᠡᠭᠰᠢᠯᠡᠭᠦᠯᠬᠦ ᠢᠨᠵᠧᠨᠧᠷᠢᠩ ᠢ ᠡᠬᠢᠯᠡᠭᠦᠯᠵᠦ᠂ | ᠮᠣᠩᠭᠤᠯ ᠡᠮ ᠡᠮᠨᠡᠯᠭᠡ ᠶᠢᠨ ᠪᠠᠷᠢᠮᠵᠢᠶᠠᠵᠢᠭᠰᠠᠨ ᠪᠦᠲᠦᠭᠡᠨ ᠪᠠᠶᠢᠭᠤᠯᠤᠯᠲᠠ ᠶᠢ ᠲᠦᠷᠭᠡᠳᠭᠡᠨ᠎ᠡ᠃ ᠬᠦᠨᠳᠦ | ᠡᠪᠡᠳᠴᠢᠨ ᠡᠮᠬᠡᠭ ᠢ ᠰᠡᠷᠭᠡᠶᠢᠯᠡᠨ ᠡᠵᠡᠮᠳᠡᠬᠦ ᠶᠢ ᠴᠢᠩᠭᠠᠳᠬᠠᠵᠤ᠂ ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ | ᠭᠡᠨᠡᠳᠲᠡ ᠶᠢᠨ ᠬᠡᠷᠡᠭ ᠤᠨ ᠪᠠᠴᠢᠮ ᠪᠠᠶᠢᠳᠠᠯ ᠢ ᠠᠷᠭᠠᠴᠠᠬᠤ ᠲᠣᠭᠲᠠᠴᠠ ᠶᠢ ᠪᠦᠷᠢᠨᠰᠢᠭᠦᠯᠦᠨ᠎ᠡ᠃ ᠦᠨᠳᠦᠰᠦᠨ | ᠱᠠᠳᠤᠨ ᠤ ᠡᠮᠴᠢᠯᠡᠭᠡ ᠡᠷᠡᠭᠦᠯ ᠬᠠᠮᠠᠭᠠᠯᠠᠯ ᠤᠨ ᠴᠢᠳᠠᠪᠤᠷᠢᠳᠠᠨ ᠢ ᠬᠦᠮᠦᠵᠢᠬᠦᠯᠬᠦ ᠡᠷᠴᠢᠮ ᠢᠶᠠᠨ ᠴᠢᠩᠭᠠᠷᠠᠭᠤᠯᠵᠤ᠂ | ᠤᠯᠠᠨ ᠨᠡᠶᠢᠳᠡ ᠶᠢᠨ ᠦᠨᠳᠦᠰᠦᠨ ᠡᠷᠡᠭᠦᠯ ᠬᠠᠮᠠᠭᠠᠯᠠᠯ ᠤᠨ ᠦᠢᠯᠡᠴᠢᠯᠡᠭᠡ ᠶᠢᠨ ᠪᠠᠶᠢᠭᠤᠯᠤᠮᠵᠢ ᠶᠢᠨ | ᠳᠡᠩᠴᠡᠭᠦᠷᠢᠵᠢᠯ ᠢ ᠳᠦᠯᠬᠢᠨ ᠠᠬᠢᠭᠤᠯᠬᠤ ᠳᠤ ᠴᠢᠳᠠᠪᠤᠷᠢᠳᠠᠨ ᠤ ᠪᠠᠳᠤᠯᠠᠭ᠎ᠠ ᠬᠠᠨᠭ᠍ᠭᠠᠨ ᠦᠭᠬᠦᠨ᠎ᠡ᠃ | ᠣᠷᠣᠯᠳᠤᠭᠠᠨ ᠤ ᠪᠡᠶ᠎ᠡ ᠶᠢᠨ ᠲᠠᠮᠢᠷ ᠬᠢᠭᠡᠳ ᠣᠯᠠᠨ ᠲᠦᠮᠡᠨ ᠤ ᠪᠡᠶ᠎ᠡ ᠶᠢᠨ ᠲᠠᠮᠢᠷ ᠤᠨ ᠵᠣᠬᠢᠴᠠᠩᠭᠤᠢ ᠪᠠᠷ | ᠬᠥᠭᠵᠢᠬᠦ ᠶᠢ ᠠᠬᠢᠭᠤᠯᠵᠤ᠂ ᠪᠡᠶ᠎ᠡ ᠶᠢᠨ ᠲᠡᠮᠢᠷ ᠤᠨ ᠠᠵᠤ ᠦᠢᠯᠡᠰ ᠤᠨ ᠬᠦᠭᠵᠢᠯᠳᠡ ᠶᠢᠨ ᠬᠢᠷᠢ ᠳᠦᠪᠰᠢᠨ ᠢ | ᠳᠡᠭᠡᠭᠰᠢᠯᠡᠬᠦᠯᠵᠦ᠂ ᠠᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠴᠦᠬᠡᠨ ᠲᠣᠭᠠᠲᠤ ᠦᠨᠳᠦᠰᠦᠲᠡᠨ ᠤ | ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠢ ᠰᠠᠶᠢᠲᠤᠷ ᠡᠷᠬᠢᠯᠡᠨ᠎ᠡ᠃ ᠬᠥᠯ ᠪᠦᠮᠪᠦᠭᠡ ᠶᠢᠨ ᠦᠢᠯᠡᠰ ᠤᠨ | ᠬᠥᠭᠵᠢᠯᠲᠡ ᠶᠢᠨ ᠲᠦᠯᠦᠪᠵᠢᠭᠦᠯᠭᠡ ᠶᠢ ᠨᠠᠶᠢᠷᠠᠭᠤᠯᠤᠨ ᠭᠦᠢᠴᠡᠳᠬᠡᠵᠦ᠂ ᠤᠯᠤᠰ ᠤᠨ ︵ᠤᠮᠠᠷᠠᠲᠤ ᠣᠷᠣᠨ︶ ᠬᠥᠯ | ᠪᠦᠮᠪᠦᠭᠡ ᠶᠢᠨ ᠰᠤᠷᠢᠯᠳᠠ ᠶᠢᠨ ᠰᠠᠭᠤᠷᠢᠨ ᠭᠠᠵᠠᠷ ᠪᠣᠯᠣᠨ ᠤᠯᠤᠰ ᠤᠨ ︵ᠤᠮᠠᠷᠠᠲᠤ ᠣᠷᠣᠨ︶ ᠵᠠᠯᠠᠭᠤᠴᠤᠳ | ᠪᠠᠭᠠᠴᠤᠳ ᠤᠨ ᠬᠥᠯ ᠪᠦᠮᠪᠦᠭᠡ ᠶᠢᠨ ᠵᠤᠰᠠᠯᠠᠩ ᠤᠨ ᠠᠵᠢᠯᠯᠠᠭᠠᠨ ᠤ ᠰᠠᠭᠤᠷᠢᠨ ᠭᠠᠵᠠᠷ ᠢ ᠪᠦᠲᠦᠭᠡᠨ ᠪᠠᠶᠢᠭᠤᠯᠤᠨ᠎ᠠ᠃ | ᠲᠦᠯᠦᠪᠯᠡᠭᠡᠲᠦ ᠦᠷᠡᠵᠢᠯ ᠤᠨ ᠲᠠᠯ᠎ᠠ ᠪᠠᠷ ᠬᠢ ᠤᠯᠤᠰ ᠤᠨ ᠦᠨᠳᠦᠰᠦᠨ ᠪᠣᠳᠣᠯᠭ᠎ᠠ ᠶᠢ ᠪᠠᠷᠢᠮᠲᠠᠯᠠᠵᠤ᠂ ᠳᠦᠷᠦᠭᠰᠡᠨ | ᠬᠦᠮᠦᠨ ᠠᠮᠠ ᠶᠢᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠦᠨ᠂ ᠬᠦᠮᠦᠨ ᠠᠮᠠ ᠶᠢᠨ ᠤᠷᠲᠤ ᠬᠤᠭᠤᠴᠠᠭᠠᠨ ᠤ | ᠲᠡᠩᠴᠡᠭᠦᠷᠢᠲᠡᠢ ᠬᠥᠭᠵᠢᠯᠲᠡ ᠶᠢ ᠠᠬᠢᠭᠤᠯᠤᠨ᠎ᠠ᠃ ᠡᠮᠡᠭᠲᠡᠶᠢᠴᠦᠳ ᠬᠡᠦᠬᠡᠳ᠂ ᠦᠳᠡᠬᠦᠰ ᠤᠨ ᠦᠢᠯᠡᠰ ᠤᠨ | ᠡᠷᠡᠭᠦᠯ ᠢᠶᠠᠷ ᠬᠥᠭᠵᠢᠬᠦ ᠶᠢ ᠲᠦᠯᠬᠢᠨ ᠠᠬᠢᠭᠤᠯᠤᠨ᠎ᠠ᠃ | ᠦᠨᠳᠦᠰᠦᠲᠡᠨ ᠱᠠᠰᠢᠨ ᠰᠤᠷᠲᠠᠬᠤᠨ ᠤ ᠠᠵᠢᠯ ᠢ ᠦᠨᠡᠨᠬᠦ ᠰᠠᠶᠢᠲᠤᠷ ᠠᠳᠬᠤᠨ᠎ᠠ᠃ ᠦᠨᠳᠦᠰᠦᠳᠡᠨ ᠤ | ᠠᠰᠠᠭᠤᠳᠠᠯ ᠢ ᠰᠢᠢᠳᠪᠦᠷᠢᠯᠡᠬᠦ ᠳᠤᠮᠳᠠᠳᠤ ᠤᠯᠤᠰ ᠤᠨ ᠤᠨᠴᠠᠯᠢᠬ ᠪᠦᠬᠦᠢ ᠵᠦᠪ ᠤᠨᠤᠪᠴᠢᠳᠠᠢ ᠵᠠᠮ ᠢᠶᠠᠷ ᠡᠷᠡᠰ | ᠰᠢᠭᠤᠷᠬᠠᠢ ᠵᠠᠮᠨᠠᠵᠤ᠂ ᠦᠨᠳᠦᠰᠦᠲᠡᠨ ᠤ ᠠᠵᠢᠯ ᠤᠨ ᠲᠤᠬᠠᠢ ᠨᠠᠮ ᠤᠨ ᠳᠦᠷᠦ ᠶᠢᠨ ᠪᠤᠳᠤᠯᠭ᠎ᠠ ᠶᠢ ᠪᠦᠬᠦ ᠳᠠᠯ᠎ᠠ ᠪᠠᠷ | ᠲᠤᠤᠱᠯᠠᠭᠤᠯᠤᠨ ᠨᠠᠶᠢᠳᠠᠪᠤᠷᠢᠵᠢᠭᠤᠯᠵᠤ᠂ ᠦᠨᠳᠦᠰᠦᠲᠡᠨ ᠤ ᠣᠷᠣᠨ ᠤ ᠦᠪᠡᠷᠲᠡᠭᠡᠨ ᠵᠠᠰᠠᠬᠤ ᠪᠠᠶᠢᠭᠤᠯᠤᠯ ᠢ | ᠪᠠᠷᠢᠮᠲᠠᠯᠠᠨ ᠲᠡᠭᠦᠯᠳᠡᠷᠵᠢᠭᠦᠯᠵᠦ᠂ ᠦᠨᠳᠦᠰᠦᠳᠡᠨ ᠨᠦᠭᠦᠳ ᠤᠨ ᠬᠤᠭᠤᠷᠤᠨᠳᠤ ᠬᠢ ᠶᠠᠪᠤᠯᠴᠠᠭ᠎ᠠ ᠰᠤᠯᠢᠯᠴᠠᠭ᠎ᠠ | ᠤᠶᠠᠯᠳᠤᠯ ᠢ ᠪᠠᠷᠢᠮᠳᠠᠯᠠᠨ᠂ ᠪᠠᠷᠭᠠᠯᠠᠨ ᠰᠠᠬᠢᠵᠤ ᠬᠠᠷᠢᠯᠴᠠᠨ ᠬᠠᠪᠰᠤᠷᠤᠯᠴᠠᠵᠤ᠂ ᠪᠦᠯᠬᠦᠮᠳᠡᠨ ᠲᠡᠮᠡᠴᠡᠵᠦ ᠪᠠᠶᠢᠭᠠᠳ | ︽ᠳᠥᠷᠪᠠᠨ ᠬᠠᠮᠲᠤ ᠶᠢᠨ ᠲᠠᠨᠢᠯᠲᠠ︾ ᠪᠠ ︽ᠭᠤᠷᠪᠠᠨ ᠰᠠᠯᠵᠤ ᠪᠣᠯᠣᠰᠢ ᠦᠭᠡᠢ︾ ᠦᠵᠡᠯ ᠰᠠᠨᠠᠭ᠎ᠠ ᠶᠢ | ᠬᠦᠮᠦᠰ ᠤᠨ ᠰᠡᠳᠬᠢᠯ ᠳᠤ ᠭᠦᠨ ᠬᠠᠳᠠᠩᠰᠢᠭᠤᠯᠤᠨ᠎ᠠ᠃ ᠬᠦᠭᠵᠢᠯᠳᠡ ᠪᠠᠷ ᠦᠨᠳᠦᠰᠦᠳᠡᠨ ᠤ ᠠᠰᠠᠭᠤᠳᠠᠯ ᠢ | ᠰᠢᠢᠳᠪᠦᠷᠢᠯᠡᠬᠦ ᠶᠢᠨ ᠦᠨᠳᠦᠰᠦᠨ ᠠᠷᠭ᠎ᠠ ᠵᠠᠮ ᠪᠤᠯᠭᠠᠵᠤ᠂ ᠴᠦᠭᠡᠨ ᠳᠤᠭᠠᠳᠤ ᠦᠨᠳᠦᠰᠦᠳᠡᠨ ᠪᠤᠯᠤᠨ | ᠦᠨᠳᠦᠰᠦᠲᠡᠨ ᠨᠦᠭᠦᠳ ᠤᠨ ᠳᠦᠪᠯᠡᠷᠡᠨ ᠰᠠᠭᠤᠷᠢᠰᠢᠵᠦ ᠪᠠᠶᠢᠭ᠎ᠠ ᠭᠠᠵᠠᠷ ᠤᠷᠤᠨ ᠤ ᠬᠦᠭᠵᠢᠯᠳᠡ ᠶᠢ ᠬᠦᠴᠦᠳᠠᠢ | ᠠᠬᠢᠭᠤᠯᠵᠤ᠂ ᠴᠢᠨᠡᠭᠡᠯᠢᠭ ᠨᠡᠶᠢᠭᠡᠮ ᠢ ᠪᠦᠬᠦ ᠳᠠᠯ᠎ᠠ ᠪᠠᠷ ᠴᠤᠬᠴᠠᠯᠠᠬᠤ ᠠᠯᠬᠤᠴᠠ ᠶᠢ ᠳᠦᠷᠬᠡᠳᠬᠡᠨ᠎ᠡ᠃ ᠬᠢᠯᠢ | ᠬᠢᠵᠠᠭᠠᠷ ᠢᠶᠠᠨ ᠬᠥᠭᠵᠢᠭᠦᠯᠦᠨ ᠠᠷᠠᠳ ᠢᠶᠠᠨ ᠪᠠᠶᠠᠵᠢᠭᠤᠯᠬᠤ ᠠᠵᠢᠯᠯᠠᠭ᠎ᠠ ᠶᠢ ᠯᠠᠪᠳᠠᠭᠤᠨ ᠠᠬᠢᠭᠤᠯᠵᠤ᠂ ᠬᠦᠮᠦᠨ | ᠠᠮᠠ ᠪᠠᠷ ᠨᠡᠯᠢᠶᠡᠳ ᠴᠦᠬᠡᠨ ᠪᠠᠶᠢᠭ᠎ᠠ ᠦᠨᠳᠦᠰᠦᠲᠡᠨ ᠤ ᠬᠥᠭᠵᠢᠯᠲᠡ ᠶᠢ ᠲᠡᠳᠬᠦᠨ᠎ᠡ᠃ ᠬᠤᠳᠠ ᠶᠢᠨ | ᠦᠨᠳᠦᠰᠦᠳᠡᠨ ᠤ ᠠᠵᠢᠯ ᠢ ᠤᠯᠠᠮ ᠨᠢᠭᠡ ᠠᠯᠬᠤᠮ ᠴᠢᠩᠭᠠᠳᠬᠠᠨ᠎ᠠ᠃ ᠮᠤᠩᠭᠤᠯ ᠬᠡᠯᠡ ᠦᠰᠦᠭ ᠪᠢᠴᠢᠭ ᠢ | ᠳᠦᠷᠢᠮᠵᠢᠬᠦᠯᠦᠨ ᠬᠡᠷᠡᠭᠯᠡᠬᠦ ᠳᠤ ᠬᠢᠨᠠᠨ ᠬᠠᠮᠢᠶᠠᠷᠬᠤ ᠡᠷᠴᠢᠮ ᠢᠶᠠᠨ ᠴᠢᠩᠭᠠᠷᠭᠤᠯᠵᠤ᠂ ᠮᠣᠩᠭᠤᠯ ᠬᠡᠯᠡ ᠪᠢᠴᠢᠭ ᠤᠨ | ᠬᠠᠤᠯᠢᠵᠢᠬᠤ᠂ ᠵᠢᠷᠤᠮᠵᠢᠬᠤ᠂ ᠪᠠᠷᠢᠮᠵᠢᠶᠠᠵᠢᠬᠤ ᠪᠠ ᠮᠡᠳᠡᠭᠡ ᠵᠠᠩᠭᠢᠵᠢᠭᠤᠯᠬᠤ ᠪᠦᠲᠦᠭᠡᠨ ᠪᠠᠶᠢᠭᠤᠯᠤᠯᠲᠠ ᠶᠢ | ᠳᠦᠯᠬᠢᠨ ᠠᠬᠢᠭᠤᠯᠤᠨ᠎ᠠ᠃ ᠱᠠᠰᠢᠨ ᠰᠤᠷᠲᠠᠬᠤᠨ ᠤ ᠠᠵᠢᠯ ᠤᠨ ᠲᠤᠬᠠᠢ ᠨᠠᠮ ᠤᠨ ᠦᠨᠳᠦᠰᠦᠨ ᠴᠢᠭᠯᠡᠯᠲᠡ ᠶᠢ ᠪᠦᠬᠦ | ᠲᠠᠯ᠎ᠠ ᠪᠠᠷ ᠲᠤᠤᠱᠯᠠᠭᠤᠯᠵᠤ᠂ ᠠᠵᠤ ᠠᠬᠤᠢ ᠨᠡᠶᠢᠭᠡᠮ ᠤᠨ ᠬᠥᠭᠵᠢᠯᠲᠡ ᠳᠠᠬᠢ ᠱᠠᠰᠢᠨ ᠰᠤᠷᠲᠠᠬᠤᠨ ᠤ | ᠡᠲᠡᠭᠡᠳ ᠤᠨ ᠬᠢᠨ ᠪᠣᠯᠣᠨ ᠱᠠᠰᠢᠨ ᠰᠢᠳᠦᠭᠴᠢ ᠣᠯᠠᠨ ᠲᠦᠮᠡᠨ ᠤ ᠢᠳᠡᠪᠬᠢ ᠦᠢᠯᠡᠳᠦᠯ ᠢ ᠪᠠᠳᠠᠷᠠᠭᠤᠯᠤᠨ᠎ᠠ᠃ | ᠨᠡᠶᠢᠭᠡᠮ ᠤᠨ ᠡᠶ᠎ᠡ ᠵᠣᠬᠢᠴᠠᠯ ᠲᠠᠢ ᠲᠣᠭᠲᠠᠭᠤᠨ ᠪᠠᠶᠢᠳᠠᠯ ᠢ ᠪᠦᠬᠦ ᠬᠦᠴᠦᠨ ᠢᠶᠠᠷ ᠢᠶᠠᠨ ᠬᠠᠮᠠᠭᠠᠯᠠᠨ᠎ᠠ᠃ ᠣᠯᠠᠨ | ᠲᠦᠮᠡᠨ ᠤ ᠲᠤᠰ ᠪᠡᠶ᠎ᠡ ᠶᠢᠨ ᠠᠰᠢᠭ ᠲᠤᠰᠠ ᠶᠢ ᠬᠠᠮᠠᠭᠠᠯᠠᠬᠤ ᠲᠠᠢ ᠬᠤᠯᠪᠣᠭᠳᠠᠬᠤ ᠳᠦᠷᠢᠮ ᠢ ᠲᠡᠭᠦᠯᠳᠡᠷᠵᠢᠭᠦᠯᠵᠦ᠂ | ᠴᠢᠬᠤᠯᠠ ᠶᠡᠭᠡ ᠰᠢᠢᠳᠪᠦᠷᠢᠲᠦ ᠪᠣᠳᠣᠯᠭ᠎ᠠ ᠲᠤᠭᠳᠠᠭᠠᠵᠦ ᠨᠡᠶᠢᠭᠡᠮ ᠤᠨ ᠲᠣᠭᠲᠠᠭᠤᠨ ᠤ ᠲᠠᠯ᠎ᠠ ᠪᠠᠷ ᠬᠢ ᠠᠶᠤᠯ | ᠲᠥᠭᠰᠢᠭᠦᠷᠢ ᠶᠢ ᠦᠨᠡᠯᠡᠨ ᠵᠢᠱᠢᠬᠦ ᠲᠣᠭᠲᠠᠴᠠ ᠶᠢ ᠴᠢᠩᠭ᠎ᠠ ᠬᠡᠷᠡᠭᠵᠢᠭᠦᠯᠦᠨ᠎ᠡ᠃ ᠬᠦᠳᠡᠯᠮᠦᠷᠢ ᠶᠢᠨ ᠬᠠᠷᠢᠴᠠᠭ᠎ᠠ ᠶᠢ | ᠵᠣᠬᠢᠴᠠᠭᠤᠯᠬᠤ ᠲᠣᠭᠲᠠᠴᠠ ᠪᠠᠨ ᠪᠦᠷᠢᠨᠰᠢᠬᠦᠯᠵᠦ᠂ ᠠᠵᠤ ᠠᠬᠤᠶᠢᠯᠠᠯ ᠤᠨ ᠠᠵᠢᠯᠲᠠᠨ ᠬᠡᠷᠡᠭᠯᠡᠬᠦ ᠡᠮᠬᠢ ᠵᠢᠷᠤᠮ ᠢ | ᠵᠢᠷᠤᠮᠵᠢᠭᠤᠯᠤᠨ᠂ ᠮᠠᠯᠴᠢᠨ ᠳᠠᠷᠢᠶᠠᠴᠢᠨ ᠬᠦᠴᠦ ᠶᠠᠪᠤᠬᠰᠠᠳ ᠲᠤ ᠴᠠᠯᠢᠩ ᠢ ᠨᠢ ᠦᠷᠢᠳᠦᠵᠦ ᠪᠠᠶᠢᠭ᠎ᠠ ᠠᠰᠠᠭᠤᠳᠠᠯ ᠢ | ᠬᠢᠨᠠᠮᠠᠭᠠᠢ ᠰᠢᠢᠳᠪᠦᠷᠢᠯᠡᠵᠦ᠂ ᠬᠦᠳᠡᠯᠮᠦᠷᠢᠴᠢᠳ ᠤᠨ ᠬᠠᠤᠯᠢ ᠶᠤᠰᠤᠨ ᠤ ᠡᠷᠬᠡ ᠠᠰᠢᠭ ᠢ ᠬᠠᠮᠠᠭᠠᠯᠠᠨ᠎ᠠ᠃ ᠨᠡᠶᠢᠭᠡᠮ | ᠲᠣᠭᠤᠷᠢᠭ ᠤᠨ ᠦᠢᠯᠡᠴᠢᠯᠡᠭᠡᠨ ᠤ ᠰᠢᠰᠲ᠋ᠧᠮᠵᠢ ᠶᠢ ᠪᠠᠶᠢᠭᠤᠯᠵᠤ᠂ ᠨᠡᠶᠢᠭᠡᠮ ᠲᠣᠭᠤᠷᠢᠭ ᠤᠨ ᠵᠠᠰᠠᠵᠦ ᠦᠢᠯᠡᠴᠢᠯᠡᠬᠦ | ᠬᠢᠷᠢ ᠬᠡᠮᠵᠢᠶ᠎ᠡ ᠶᠢ ᠳᠡᠭᠡᠭᠰᠢᠯᠡᠭᠦᠯᠵᠦ᠂ ᠭᠠᠴᠠᠭ᠎ᠠ ᠲᠤᠰᠬᠤᠨ ᠤ ᠠᠷᠠᠳ ᠤᠨ ᠵᠦᠪᠯᠡᠯ ᠤᠨ ᠬᠤᠭᠤᠴᠠᠭ᠎ᠠ ᠰᠤᠯᠢᠬᠤ | ᠠᠵᠢᠯ ᠢ ᠬᠠᠤᠯᠢ ᠶᠤᠰᠤᠭᠠᠷ ᠰᠠᠶᠢᠳᠤᠷ ᠬᠢᠨ᠎ᠡ᠃ ᠨᠡᠶᠢᠭᠡᠮ ᠤᠨ ᠢᠲᠡᠭᠡᠮᠵᠢ ᠶᠢᠨ ᠰᠢᠰᠲ᠋ᠧᠮᠵᠢ ᠶᠢᠨ ᠪᠦᠲᠦᠭᠡᠨ | ᠪᠠᠶᠢᠭᠤᠯᠤᠯᠲᠠ ᠶᠢ ᠳᠦᠷᠬᠡᠳᠬᠡᠨ᠂ ᠪᠦᠬᠦ ᠨᠡᠶᠢᠭᠡᠮ ᠢ ᠬᠠᠮᠤᠷᠠᠭᠰᠠᠨ ᠢᠲᠡᠭᠡᠮᠵᠢ ᠣᠯᠬᠤ ᠰᠢᠰᠲ᠋ᠧᠮᠵᠢ ᠶᠢ ᠠᠯᠬᠤᠮ | ᠠᠯᠬᠤᠮ ᠢᠶᠠᠷ ᠪᠠᠶᠢᠭᠤᠯᠤᠨ᠎ᠠ᠃ ᠵᠠᠬᠢᠳᠠᠯ ᠰᠤᠷᠪᠤᠯᠵᠢᠯᠠᠯ ᠢ ᠬᠠᠤᠯᠢ ᠪᠠᠷ ᠵᠠᠰᠠᠬᠤ ᠵᠠᠮ ᠳᠤ ᠣᠷᠤᠭᠤᠯᠵᠤ᠂ ᠡᠷᠬᠡ ᠪᠠᠨ | ᠬᠠᠤᠯᠢ ᠶᠤᠰᠤᠭᠠᠷ ᠬᠠᠮᠠᠭᠠᠯᠠᠬᠤ ᠪᠠ ᠵᠢᠭᠤᠷᠠᠭᠠᠨ ᠢ ᠠᠷᠢᠯᠭᠠᠬᠤ ᠲᠣᠭᠲᠠᠴᠠ ᠶᠢ ᠪᠦᠷᠢᠨᠰᠢᠭᠦᠯᠦᠨ᠂ ᠭᠠᠵᠠᠷ ᠰᠢᠷᠤᠢ | ᠲᠠᠲᠠᠪᠤᠷᠢᠯᠠᠨ ᠭᠡᠷ ᠪᠠᠶᠢᠰᠢᠩ ᠨᠤᠷᠠᠭᠠᠵᠤ ᠨᠡᠭᠦᠯᠭᠡᠬᠦ᠂ ᠬᠦᠳᠡᠯᠮᠦᠷᠢ ᠨᠡᠶᠢᠭᠡᠮ ᠤᠨ ᠪᠠᠲᠤᠯᠠᠭ᠎ᠠ᠂ ᠡᠬᠢ ᠪᠠᠶᠠᠯᠢᠭ ᠤᠨ | ᠨᠡᠭᠡᠭᠡᠯᠲᠡ᠂ ᠣᠷᠴᠢᠨ ᠲᠣᠭᠤᠷᠢᠨ ᠤ ᠬᠠᠮᠠᠭᠠᠯᠠᠯᠲᠠ ᠵᠡᠷᠭᠡ ᠭᠤᠣᠯᠳᠠᠯᠭ᠎ᠠ ᠲᠠᠢ ᠬᠦᠷᠢᠶ᠎ᠠ ᠴᠠᠷᠠᠭ᠎ᠠ ᠳᠠᠬᠢ ᠵᠠᠬᠢᠳᠠᠯ | ᠰᠤᠷᠪᠤᠯᠵᠢᠯᠠᠯ ᠤᠨ ᠠᠰᠠᠭᠤᠳᠠᠯ ᠢ ᠰᠠᠶᠢᠲᠤᠷ ᠰᠢᠢᠳᠪᠦᠷᠢᠯᠡᠨ᠎ᠡ᠃ ︽ᠠᠮᠤᠭᠤᠯᠠᠩ ᠲᠠᠶᠢᠪᠣᠩ ᠦᠪᠦᠷ ᠮᠣᠩᠭᠤᠯ︾ | ᠤᠨ ᠪᠦᠲᠦᠭᠡᠨ ᠪᠠᠶᠢᠭᠤᠯᠤᠯᠲᠠ ᠶᠢ ᠭᠦᠨᠵᠡᠭᠡᠶᠢᠷᠡᠭᠦᠯᠵᠦ᠂ ᠨᠡᠶᠢᠭᠡᠮ ᠤᠨ ᠠᠮᠦᠷ ᠲᠥᠪᠰᠢᠨ ᠢ ᠶᠡᠷᠦᠩᠬᠡᠶᠢᠯᠡᠨ | ᠵᠠᠰᠠᠬᠤ ᠪᠠᠨ ᠴᠢᠩᠭᠠᠳᠬᠠᠨ᠂ ᠪᠣᠰᠤᠭ᠎ᠠ ᠴᠣᠭᠴᠠᠵᠠᠲᠤ ᠨᠡᠶᠢᠭᠡᠮ ᠤᠨ ᠠᠮᠥᠷ ᠲᠥᠪᠰᠢᠨ ᠤ ᠰᠡᠷᠭᠡᠶᠢᠯᠡᠨ ᠡᠵᠡᠮᠳᠡᠬᠦ | ᠰᠢᠰᠲ᠋ᠧᠮᠵᠢ ᠶᠢ ᠲᠦᠷᠭᠡᠳᠭᠡᠨ ᠲᠡᠭᠦᠯᠳᠡᠷᠵᠢᠭᠦᠯᠵᠦ᠂ ᠡᠯ᠎ᠡ ᠲᠦᠷᠦᠯ ᠤᠨ ᠬᠠᠤᠯᠢ ᠠᠴᠠ ᠵᠦᠷᠢᠴᠡᠭᠰᠡᠨ ᠶᠠᠯᠠᠲᠤ | ᠠᠵᠢᠯᠯᠠᠭ᠎ᠠ ᠳᠤ ᠬᠠᠤᠯᠢ ᠶᠤᠰᠤᠭᠠᠷ ᠴᠢᠩᠭ᠎ᠠ ᠴᠣᠬᠢᠯᠲᠠ ᠥᠭᠴᠦ᠂ ᠨᠢᠭᠤᠴᠠ ᠹᠷᠣᠨᠲ ᠤᠨ ᠠᠵᠢᠯ ᠪᠠ | ᠳᠠᠶᠢᠰᠤᠩᠨᠠᠭᠴᠢ ᠡᠲᠡᠭᠡᠳ ᠯᠦᠭᠡ ᠲᠡᠮᠡᠴᠡᠬᠦ ᠠᠵᠢᠯ ᠢ ᠰᠠᠶᠢᠲᠤᠷ ᠬᠢᠵᠦ᠂ ᠨᠡᠶᠢᠭᠡᠮ ᠤᠨ ᠪᠦᠬᠦ ᠲᠠᠯ᠎ᠠ ᠶᠢᠨ | ᠲᠣᠭᠲᠠᠭᠤᠨ ᠢ ᠬᠠᠮᠠᠭᠠᠯᠠᠨ᠎ᠠ᠃ ᠰᠦᠯᠵᠢᠶ᠎ᠡ ᠶᠢᠨ ᠬᠢᠨᠠᠯᠳᠠ ᠬᠠᠮᠢᠶᠠᠷᠤᠯᠳᠠ ᠪᠠ ᠶᠠᠷᠢᠶ᠎ᠠ ᠬᠡᠯᠡᠯᠴᠡᠭᠡᠨ ᠤ ᠪᠠᠶᠢᠳᠠᠯ ᠢ | ᠬᠦᠲᠦᠯᠦᠨ ᠵᠢᠯᠤᠭᠤᠳᠬᠤ ᠪᠠᠨ ᠴᠢᠩᠭᠠᠳᠬᠠᠵᠤ᠂ ᠢᠨᠲ᠋ᠧᠷᠨᠧᠲ ᠰᠦᠯᠵᠢᠶ᠎ᠠ ᠶᠢᠨ ᠠᠵᠢᠯᠯᠠᠭᠠᠨ ᠤ ᠠᠮᠦᠷ ᠲᠥᠪᠰᠢᠨ ᠢ | ᠪᠠᠲᠤᠯᠠᠨ᠎ᠠ᠃ ᠠᠶᠤᠯ ᠦᠭᠡᠢ ᠦᠢᠯᠡᠳᠪᠦᠷᠢᠯᠡᠯ ᠤᠨ ᠬᠠᠷᠢᠭᠤᠴᠠᠯᠭ᠎ᠠ ᠶᠢᠨ ᠲᠦᠷᠢᠮ ᠢ ᠴᠢᠩᠭᠠᠷᠠᠭᠤᠯᠵᠦ᠂ | ᠠᠭᠤᠷᠬᠠᠢ ᠶᠢᠨ ᠦᠢᠯᠡᠳᠪᠦᠷᠢᠯᠡᠯ᠂ ᠵᠠᠮ ᠬᠠᠷᠢᠯᠴᠠᠭ᠎ᠠ ᠲᠡᠭᠡᠭᠡᠪᠦᠷᠢ᠂ ᠠᠶᠤᠯᠲᠠᠢ ᠬᠢᠮᠢ ᠶᠢᠨ ᠵᠦᠢᠯ ᠵᠡᠷᠭᠡ ᠬᠦᠷᠢᠶ᠎ᠡ | ᠴᠠᠷᠠᠭ᠎ᠠ ᠶᠢᠨ ᠠᠮᠦᠷ ᠲᠥᠪᠰᠢᠨ ᠤ ᠬᠢᠨᠠᠯᠲᠠ ᠬᠠᠮᠢᠶᠠᠷᠤᠯᠲᠠ ᠶᠢ ᠦᠨᠡᠨᠬᠦ ᠴᠢᠩᠭᠠᠳᠬᠠᠨ᠂ ᠲᠣᠮᠣ ᠬᠡᠪᠴᠢᠶᠡᠨ ᠤ | ᠠᠵᠢᠯᠯᠠᠭ᠎ᠠ ᠶᠢᠨ ᠠᠮᠦᠷ ᠢ ᠬᠠᠮᠠᠭᠠᠯᠠᠬᠤ ᠬᠠᠷᠢᠭᠤᠴᠠᠯᠭ᠎ᠠ ᠪᠣᠯᠣᠨ ᠠᠷᠭ᠎ᠠ ᠬᠡᠮᠵᠢᠶ᠎ᠠ ᠶᠢ ᠴᠢᠩᠭ᠎ᠠ ᠨᠠᠶᠢᠳᠠᠪᠤᠷᠢᠵᠢᠭᠤᠯᠵᠤ | ᠂ ᠭᠠᠯ ᠰᠡᠷᠭᠡᠶᠢᠯᠡᠬᠦ ᠠᠮᠥᠷ ᠲᠥᠪᠰᠢᠨ ᠤ ᠬᠠᠮᠢᠶᠠᠷᠤᠯᠲᠠ ᠶᠢ ᠴᠢᠩᠭᠠᠳᠬᠠᠨ᠂ ᠳᠠᠯᠳᠠ ᠠᠶᠤᠯ ᠢ ᠵᠢᠭᠰᠠᠭᠠᠨ | ᠪᠠᠶᠢᠴᠠᠭᠠᠬᠤ ᠪᠠ ᠲᠤᠰᠬᠠᠶᠢᠯᠠᠨ ᠴᠡᠭᠴᠡᠯᠡᠨ ᠵᠠᠰᠠᠬᠤ ᠡᠷᠴᠢᠮ ᠢ ᠴᠢᠩᠭᠠᠷᠠᠭᠤᠯᠵᠤ᠂ ᠡᠯ᠎ᠡ ᠲᠦᠷᠦᠯ ᠤᠨ ᠣᠨᠴᠤᠭᠤᠢ | ᠬᠦᠨᠳᠦ ᠶᠡᠭᠡ ᠠᠳᠡᠯ ᠭᠠᠷᠬᠤ ᠶᠢ ᠡᠷᠡᠰ ᠰᠡᠷᠭᠡᠶᠢᠯᠡᠨ᠎ᠡ᠃ ᠢᠳᠡᠭᠡᠨ ᠪᠠ ᠡᠮ ᠤᠨ ᠵᠦᠢᠯ ᠤᠨ ᠠᠮᠤᠷ ᠲᠦᠪᠰᠢᠨ ᠤ | ᠬᠢᠨᠠᠯᠳᠠ ᠬᠠᠮᠢᠶᠠᠷᠤᠯᠳᠠ ᠶᠢ ᠴᠢᠩᠭᠠᠷᠠᠭᠤᠯᠵᠤ᠂ ᠢᠳᠡᠭᠡᠨ ᠪᠠ ᠡᠮ ᠤᠨ ᠵᠦᠢᠯ ᠤᠨ ᠬᠠᠤᠯᠢ ᠠᠴᠠ ᠵᠦᠷᠢᠴᠡᠭᠰᠡᠨ | ᠶᠠᠯᠠᠳᠤ ᠠᠵᠢᠯᠯᠠᠭ᠎ᠠ ᠳᠤ ᠬᠠᠤᠯᠢ ᠶᠤᠰᠤᠭᠠᠷ ᠬᠦᠨᠳᠦ ᠮᠦᠷᠳᠡᠭᠡᠨ ᠳᠦᠷᠭᠡᠨ ᠴᠤᠬᠢᠯᠳᠠ ᠦᠭᠬᠦᠨ᠎ᠡ᠃ ᠪᠠᠴᠢᠮ | ᠪᠠᠶᠢᠳᠠᠯ ᠢ ᠠᠷᠭᠠᠴᠠᠬᠤ ᠬᠠᠮᠢᠶᠠᠷᠤᠯᠳᠠ ᠶᠢ ᠴᠢᠩᠭᠠᠳᠬᠠᠵᠤ᠂ ᠭᠠᠮᠰᠢᠬ ᠢ ᠰᠡᠷᠬᠡᠶᠢᠯᠡᠬᠦ ᠪᠠ ᠪᠠᠭᠠᠰᠬᠠᠬᠤ | ᠴᠢᠳᠠᠪᠤᠷᠢ ᠪᠠᠨ ᠳᠡᠭᠡᠭᠰᠢᠯᠡᠭᠦᠯᠦᠨ᠎ᠡ᠃ ᠤᠯᠤᠰ ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠭᠢ ᠶᠢᠨ | ᠤᠳᠤᠬᠢᠴᠢᠯᠠᠯᠳᠠ ᠶᠢᠨ ᠪᠦᠲᠦᠭᠡᠨ ᠪᠠᠶᠢᠭᠤᠯᠤᠯᠲᠠ ᠶᠢ ᠳᠡᠮᠵᠢᠵᠦ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ | ᠳᠠᠶᠢᠴᠢᠯᠠᠯᠲᠠ ᠪᠣᠯᠣᠨ ᠪᠡᠯᠡᠳᠭᠡᠯ ᠬᠦᠴᠦᠨ ᠤ ᠪᠠᠶᠢᠭᠤᠯᠤᠯᠲᠠ ᠶᠢ ᠴᠢᠩᠭᠠᠳᠬᠠᠵᠤ᠂ ᠬᠤᠶᠠᠷ ᠢ ᠬᠦᠷᠢᠶᠡᠯᠡᠵᠦ | ᠬᠠᠮᠲᠤ ᠪᠠᠷ ᠪᠠᠶᠢᠭᠤᠯᠬᠤ ᠪᠠ ᠴᠡᠷᠢᠭ ᠠᠷᠠᠳ ᠤᠨ ᠤᠶᠠᠯᠳᠤᠨ ᠬᠥᠭᠵᠢᠬᠦ ᠶᠢ ᠳᠦᠯᠬᠢᠨ ᠠᠬᠢᠭᠤᠯᠤᠨ᠎ᠠ᠃ | ︵ᠶᠢᠰᠦ︶ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢ ᠢᠳᠡᠪᠬᠢᠳᠠᠢ ᠠᠬᠢᠭᠤᠯᠵᠤ᠂ ᠠᠮᠢ ᠠᠬᠤᠢ ᠶᠢᠨ | ᠠᠮᠦᠷ ᠲᠥᠪᠰᠢᠨ ᠤ ᠬᠠᠯᠬᠠᠪᠴᠢ ᠶᠢ ᠤᠯᠠᠮ ᠨᠢᠭᠡ ᠠᠯᠬᠤᠮ ᠪᠠᠬᠢᠵᠢᠭᠦᠯᠦᠨ᠎ᠡ | ᠠᠮᠢ ᠠᠬᠤᠢ ᠶᠢᠨ ᠬᠠᠮᠠᠭᠠᠯᠠᠯᠲᠠ ᠪᠠ ᠪᠠᠶᠢᠭᠤᠯᠤᠯᠲᠠ ᠶᠢ ᠬᠦᠴᠦᠯᠡᠨ ᠴᠢᠩᠭᠠᠳᠬᠠᠨ᠎ᠠ᠃ ᠦᠨᠳᠦᠰᠦᠨ ᠨᠤᠲᠤᠭ | ᠪᠡᠯᠴᠢᠭᠡᠷ ᠤᠨ ᠬᠠᠮᠠᠭᠠᠯᠠᠯᠲᠠ ᠶᠢᠨ ᠳᠦᠷᠢᠮ ᠢ ᠴᠢᠩᠭ᠎ᠠ ᠬᠡᠷᠡᠭᠵᠢᠬᠦᠯᠵᠦ᠂ ᠪᠡᠯᠴᠢᠭᠡᠷ ᠮᠠᠯ ᠢ ᠲᠡᠩᠴᠡᠭᠦᠷᠢ ᠲᠠᠢ | ᠪᠠᠶᠢᠯᠭᠠᠬᠤ ᠪᠠ ᠱᠠᠲᠤ ᠦᠶᠡᠯᠡᠯ ᠤᠨ ᠴᠢᠨᠠᠷᠲᠠᠢ ᠪᠠᠷ ᠮᠠᠯᠵᠢᠬᠤ ᠶᠢ ᠵᠣᠭᠰᠣᠭᠠᠵᠤ᠂ ᠪᠡᠯᠴᠢᠭᠡᠷ ᠦᠨᠵᠢᠬᠦᠯᠬᠦ᠂ | ᠪᠡᠯᠴᠢᠭᠡᠷ ᠡᠭᠡᠯᠵᠢᠯᠡᠬᠦ ᠠᠷᠭ᠎ᠠ ᠬᠡᠮᠵᠢᠶ᠎ᠠ ᠶᠢ ᠬᠢᠨᠠᠮᠠᠭᠠᠢ ᠨᠠᠶᠢᠳᠠᠪᠤᠷᠢᠵᠢᠭᠤᠯᠵᠤ᠂ ᠨᠤᠲᠤᠭ ᠪᠡᠯᠴᠢᠭᠡᠷ ᠤᠨ ᠠᠮᠢ | ᠠᠬᠤᠢ ᠶᠢᠨ ᠨᠦᠬᠦᠪᠦᠷᠢ ᠥᠭᠴᠦ ᠱᠠᠩᠨᠠᠬᠤ ᠲᠣᠭᠲᠠᠴᠠ ᠶᠢ ᠦᠷᠭᠦᠯᠵᠢᠯᠡᠨ ᠬᠡᠷᠡᠭᠵᠢᠭᠦᠯᠵᠦ᠂ 4000 ᠲᠦᠮᠡᠨ | ᠮᠦ ᠠᠴᠠ ᠳᠡᠭᠡᠭᠰᠢᠬᠢ ᠳᠠᠯᠠᠪᠠᠢ ᠶᠢᠨ ᠨᠤᠲᠤᠭ ᠪᠡᠯᠴᠢᠭᠡᠷ ᠤᠨ ᠪᠠᠶᠢᠭᠤᠯᠤᠯᠲᠠ ᠶᠢ ᠪᠡᠶᠡᠯᠡᠭᠦᠯᠬᠦ ᠪᠠᠨ ᠦᠨᠡᠨᠬᠦ | ᠪᠠᠲᠤᠯᠠᠨ᠎ᠠ᠃ ᠪᠠᠶᠢᠭᠠᠯᠢ ᠶᠢᠨ ᠣᠢ ᠰᠢᠭᠤᠢ ᠶᠢᠨ ᠬᠠᠮᠠᠭᠠᠯᠠᠯᠲᠠ ᠪᠡᠭᠡᠵᠢᠩ ᠳᠢᠶᠠᠨᠵᠢᠨ ᠤ ᠡᠷᠬᠢᠨ ᠳᠤᠭᠤᠷᠢᠨ ᠤ | ᠡᠯᠡᠰᠦᠨ ᠤ ᠡᠬᠢ ᠶᠢ ᠵᠠᠰᠠᠬᠤ ᠵᠡᠷᠭᠡ ᠭᠤᠣᠯᠳᠠᠯᠭ᠎ᠠ ᠲᠠᠢ ᠠᠮᠢ ᠠᠬᠤᠢ ᠶᠢᠨ ᠢᠨᠵᠧᠨᠧᠷᠢᠩ ᠢ ᠰᠠᠶᠢᠲᠤᠷ ᠵᠣᠬᠢᠶᠠᠨ | ᠪᠠᠶᠢᠭᠤᠯᠤᠨ ᠬᠡᠷᠡᠭᠵᠢᠭᠦᠯᠵᠦ᠂ 1000 ᠲᠦᠮᠡᠨ ᠮᠦ ᠳᠠᠯᠠᠪᠠᠢ ᠶᠢᠨ ᠣᠢ ᠰᠢᠭᠤᠢ ᠶᠢᠨ ᠠᠮᠢ ᠠᠬᠤᠢ ᠶᠢᠨ | ᠪᠠᠶᠢᠭᠤᠯᠤᠯᠲᠠ᠂ 200 ᠲᠦᠮᠡᠨ ᠮᠦ ᠭᠤᠣᠯᠳᠠᠯᠭ᠎ᠠ ᠲᠠᠢ ᠣᠷᠣᠨ ᠤ ᠨᠣᠭᠤᠭᠠᠷᠠᠭᠤᠯᠤᠯᠲᠠ ᠶᠢ ᠪᠡᠶᠡᠯᠡᠭᠦᠯᠦᠨ᠎ᠡ᠃ | ᠤᠰᠤ ᠰᠢᠷᠤᠢ ᠶᠢᠨ ᠡᠬᠢ ᠪᠠᠶᠠᠯᠢᠭ ᠤᠨ ᠬᠠᠮᠠᠭᠠᠯᠠᠯᠲᠠ ᠶᠢ ᠴᠢᠩᠭᠠᠳᠬᠠᠵᠤ 650 ᠲᠦᠮᠡᠨ ᠮᠦ ᠳᠠᠯᠠᠪᠠᠢ ᠶᠢᠨ | ᠬᠦᠷᠦᠰᠦ ᠰᠢᠷᠤᠢ ᠶᠢᠨ ᠢᠳᠡᠭᠳᠡᠯ ᠢ ᠶᠡᠷᠦᠩᠬᠡᠶᠢᠯᠡᠨ ᠵᠠᠰᠠᠬᠤ ᠪᠠᠨ ᠪᠡᠶᠡᠯᠡᠬᠦᠯᠦᠨ᠎ᠠ᠃ ᠬᠦᠯᠦᠨ ᠨᠠᠭᠤᠷ ᠪᠣᠯᠣᠨ | ᠤᠯᠠᠭᠠᠨᠰᠤᠬᠠᠢ ᠨᠠᠭᠤᠷ ᠤᠨ ᠶᠡᠷᠦᠩᠬᠡᠶᠢᠯᠡᠨ ᠵᠠᠰᠠᠬᠤ ᠢᠨᠵᠧᠨᠧᠷᠢᠩ ᠢ ᠦᠷᠭᠦᠯᠵᠢᠯᠡᠨ ᠬᠡᠷᠡᠭᠵᠢᠭᠦᠯᠵᠦ᠂ ᠪᠠᠶᠢᠭᠠᠯᠢ ᠶᠢᠨ | ᠬᠠᠮᠠᠭᠠᠯᠠᠯᠲᠠ ᠶᠢᠨ ᠣᠷᠣᠨ᠂ ᠠᠮᠢ ᠠᠬᠤᠢ ᠶᠢᠨ ᠴᠢᠳᠠᠪᠬᠢ ᠣᠷᠣᠨ ᠪᠠ ᠤᠰᠤᠯᠢᠬ ᠨᠤᠭᠤ ᠭᠠᠵᠠᠷ᠂ ᠬᠡᠭᠡᠷ᠎ᠡ ᠶᠢᠨ | ᠠᠮᠢᠲᠠᠨ ᠤᠷᠭᠤᠮᠠᠯ ᠤᠨ ᠬᠠᠮᠠᠭᠠᠯᠠᠯᠲᠠ ᠶᠢ ᠴᠢᠩᠭᠠᠳᠬᠠᠨ᠂ ᠣᠢ ᠰᠢᠭᠤᠢ᠂ ᠡᠯᠡᠰᠦ᠂ ᠡᠪᠡᠰᠦᠨ ᠤ ᠠᠵᠤ ᠦᠢᠯᠡᠰ ᠢ | ᠶᠡᠬᠡᠪᠡᠷ ᠬᠥᠭᠵᠢᠭᠦᠯᠦᠨ᠎ᠡ᠃ | ᠣᠷᠴᠢᠨ ᠲᠣᠭᠤᠷᠢᠨ ᠢ ᠶᠡᠷᠦᠩᠬᠡᠶᠢᠯᠡᠨ ᠵᠠᠰᠠᠬᠤ ᠶᠢ ᠬᠦᠨᠵᠡᠭᠡᠢ ᠦᠷᠨᠢᠭᠦᠯᠦᠨ᠎ᠡ᠃ ᠠᠭᠠᠷ ᠮᠠᠨᠳᠠᠯ᠂ ᠤᠰᠤ᠂ | ᠬᠦᠷᠦᠰᠦ ᠰᠢᠷᠤᠢ ᠪᠣᠯᠣᠨ ᠬᠦᠨᠳᠦ ᠲᠡᠮᠦᠷᠯᠢᠭ ᠤᠨ ᠪᠣᠬᠢᠷᠳᠤᠯ ᠢ ᠶᠡᠷᠦᠩᠬᠡᠶᠢᠯᠡᠨ ᠰᠡᠷᠭᠡᠶᠢᠯᠡᠨ ᠵᠠᠰᠠᠬᠤ ᠶᠢ | ᠴᠢᠩᠭᠠᠷᠠᠭᠤᠯᠵᠦ᠂ ᠪᠤᠬᠢᠷᠳᠣᠯ ᠪᠣᠳᠠᠰ ᠭᠠᠳᠠᠭᠰᠢᠯᠠᠭᠤᠯᠬᠤ ᠶᠢ ᠪᠠᠭᠠᠰᠬᠠᠵᠤ ᠪᠣᠬᠢᠷᠳᠤᠯ ᠢ ᠵᠠᠰᠠᠬᠤ ᠭᠤᠣᠯᠳᠠᠯᠭ᠎ᠠ ᠲᠠᠢ | ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠤ᠂ ᠪᠣᠬᠢᠷᠳᠤᠯ ᠪᠤᠳᠠᠰ ᠭᠠᠳᠠᠭᠰᠢᠯᠠᠭᠤᠯᠬᠤ ᠡᠷᠬᠡ ᠶᠢ | ᠲᠦᠯᠦᠪᠦᠷᠢ ᠲᠠᠢ ᠬᠡᠷᠡᠭᠯᠡᠬᠦ ᠪᠠ ᠰᠤᠯᠢᠯᠴᠠᠬᠤ ᠲᠣᠷᠰᠢᠯᠲᠠ ᠶᠢᠨ ᠴᠢᠬ ᠢ ᠲᠦᠯᠬᠢᠨ ᠠᠬᠢᠭᠤᠯᠵᠤ᠂ ᠣᠷᠴᠢᠨ | ᠲᠣᠭᠤᠷᠢᠨ ᠤ ᠪᠣᠬᠢᠷᠳᠤᠯ ᠤᠨ ᠭᠤᠷᠪᠠᠳᠠᠬᠢ ᠡᠲᠡᠭᠡᠳ ᠠᠴᠠ ᠵᠠᠰᠠᠬᠤ ᠵᠠᠭᠪᠣᠷ ᠢ ᠰᠦᠪᠡᠭᠴᠢᠯᠡᠨ ᠶᠠᠪᠤᠭᠳᠠᠭᠤᠯᠬᠤ ᠪᠠ | ᠣᠷᠴᠢᠨ ᠲᠣᠭᠤᠷᠢᠨ ᠤ ᠬᠠᠮᠠᠭᠠᠯᠠᠯᠲᠠ ᠶᠢᠨ ᠰᠠᠭᠤᠷᠢ ᠮᠦᠩᠭᠦ ᠶᠢ ᠪᠠᠶᠢᠭᠤᠯᠵᠤ᠂ ᠣᠯᠠᠨ ᠲᠦᠮᠡᠨ ᠤ ᠡᠷᠡᠭᠦᠯ | ᠮᠡᠨᠳᠦ ᠳᠤ ᠬᠤᠣᠷ ᠲᠠᠢ ᠣᠷᠴᠢᠨ ᠲᠣᠭᠤᠷᠢᠨ ᠤ ᠪᠤᠬᠢᠷᠳᠤᠯ ᠤᠨ ᠳᠤᠪᠤᠶᠢᠮ᠎ᠠ ᠠᠰᠠᠭᠤᠳᠠᠯ ᠢ ᠰᠢᠢᠳᠪᠦᠷᠢᠯᠡᠨ᠎ᠡ᠃ | ᠣᠷᠴᠢᠨ ᠲᠣᠭᠤᠷᠢᠨ ᠢ ᠶᠡᠷᠦᠩᠬᠡᠶᠢᠯᠡᠨ ᠴᠡᠭᠴᠡᠯᠡᠨ ᠵᠠᠰᠠᠬᠤ ᠪᠠ ᠬᠠᠤᠯᠢ ᠬᠡᠷᠡᠭᠵᠢᠭᠦᠯᠬᠦ ᠡᠷᠴᠢᠮ ᠢ ᠴᠢᠩᠭᠠᠷᠠᠭᠤᠯᠵᠤ᠂ | ᠣᠷᠴᠢᠨ ᠲᠣᠭᠤᠷᠢᠨ ᠤ ᠬᠠᠤᠯᠢ ᠠᠴᠠ ᠵᠦᠷᠢᠴᠡᠭᠰᠡᠨ ᠠᠵᠢᠯᠯᠠᠭ᠎ᠠ ᠶᠢ ︽ᠦᠴᠦᠬᠡᠨ ᠴᠤ ᠠᠭᠤᠴᠢᠯᠠᠬᠤ ᠦᠭᠡᠢ︾ | ᠪᠤᠯᠭᠠᠨ᠎ᠠ᠃ ᠡᠨᠧᠷᠬᠢ ᠶᠢ ᠠᠷᠪᠢᠯᠠᠵᠤ ᠪᠤᠬᠢᠷᠳᠣᠯ ᠪᠤᠳᠠᠰ ᠭᠠᠳᠠᠭᠰᠢᠯᠠᠭᠤᠯᠬᠤ ᠶᠢ ᠪᠠᠭᠠᠰᠬᠠᠬᠤ ᠲᠥᠷᠥ ᠶᠢᠨ | ᠪᠣᠳᠣᠯᠭ᠎ᠠ ᠶᠢᠨ ᠠᠷᠭ᠎ᠠ ᠬᠡᠮᠵᠢᠶ᠎ᠠ ᠶᠢ ᠲᠡᠬᠦᠯᠳᠡᠷᠵᠢᠬᠦᠯᠵᠦ᠂ ᠠᠷᠪᠠᠨ ᠲᠣᠮᠣ ᠭᠤᠣᠯᠳᠠᠯᠭ᠎ᠠ ᠲᠠᠢ ᠡᠨᠧᠷᠬᠢ ᠠᠷᠪᠢᠯᠠᠬᠤ | ᠢᠨᠵᠧᠨᠧᠷᠢᠩ ᠤᠨ ᠪᠠᠶᠢᠭᠤᠯᠤᠯᠲᠠ ᠶᠢ ᠴᠢᠩᠭᠠᠳᠬᠠᠨ᠂ ᠭᠤᠣᠯᠳᠠᠯᠭ᠎ᠠ ᠲᠠᠢ ᠠᠵᠢᠯ ᠲᠦᠷᠦᠯ ᠤᠨ ᠬᠢᠨ ᠪᠤᠯᠤᠨ | ᠭᠤᠣᠯᠳᠠᠯᠭ᠎ᠠ ᠲᠠᠢ ᠠᠵᠤ ᠠᠬᠤᠶᠢᠯᠠᠯ ᠤᠨ ᠡᠨᠧᠷᠬᠢ ᠠᠷᠪᠢᠯᠠᠵᠤ ᠬᠤᠷᠤᠭᠳᠠᠯ ᠢ ᠪᠠᠭᠠᠰᠬᠠᠬᠤ ᠮᠡᠷᠭᠡᠵᠢᠯ ᠤᠨ | ᠦᠭᠡᠷᠡᠴᠢᠯᠡᠯᠲᠡ ᠶᠢ ᠲᠦᠷᠬᠡᠳᠬᠡᠵᠦ᠂ ᠨᠡᠭᠦᠷᠡᠰᠦᠳᠦ᠋ᠷᠦᠭᠴᠢ ᠶᠢ ᠭᠠᠳᠠᠭᠰᠢᠯᠠᠭᠤᠯᠬᠤ᠂ ᠨᠡᠭᠦᠷᠡᠰᠦᠳᠦ᠋ᠷᠦᠭᠴᠢ ᠶᠢ | ᠰᠣᠯᠢᠯᠴᠠᠬᠤ ᠳᠦᠷᠢᠮ ᠤᠨ ᠰᠢᠰᠲ᠋ᠧᠮᠵᠢ ᠶᠢ ᠰᠦᠪᠡᠭᠴᠢᠯᠡᠨ ᠪᠠᠶᠢᠭᠤᠯᠵᠤ᠂ ᠳᠣᠣᠷ᠎ᠠ ᠨᠡᠭᠦᠷᠡᠰᠦᠳᠦ᠋ᠷᠦᠭᠴᠢᠲᠦ | ᠲᠣᠷᠰᠢᠯᠲᠠ ᠶᠢᠨ ᠬᠤᠲᠠ ᠶᠢᠨ ᠪᠦᠲᠦᠭᠡᠨ ᠪᠠᠶᠢᠭᠤᠯᠤᠯᠲᠠ ᠶᠢ ᠲᠦᠯᠬᠢᠨ ᠠᠬᠢᠭᠤᠯᠵᠤ᠂ ᠬᠤᠴᠤᠷᠤᠩᠭᠤᠢ | ᠦᠢᠯᠡᠳᠪᠦᠷᠢᠯᠡᠬᠦ ᠴᠢᠳᠠᠪᠤᠷᠢ ᠶᠢ ᠦᠷᠬᠦᠯᠵᠢᠯᠡᠨ ᠰᠢᠯᠢᠭᠳᠡᠬᠦᠯᠦᠨᠠ᠃ ᠲᠡᠷᠢᠶᠠᠯᠠᠩ ᠮᠠᠯ ᠠᠵᠤ ᠠᠬᠤᠢ ᠶᠢᠨ ᠴᠡᠪᠡᠷ | ᠦᠢᠯᠡᠳᠪᠦᠷᠢᠯᠡᠯ᠂ ᠠᠵᠤ ᠦᠢᠯᠡᠳᠪᠦᠷᠢ ᠶᠢᠨ ᠡᠷᠬᠢᠯᠳᠡᠳᠤ ᠠᠰᠢᠭᠯᠠᠯᠲᠠ ᠶᠢᠨ ᠵᠢᠱᠢᠶ᠎ᠡ ᠦᠵᠡᠭᠦᠯᠬᠦ ᠲᠦᠷᠦᠯ ᠵᠦᠢᠯ᠂ | ᠵᠢᠱᠢᠶ᠎ᠡ ᠦᠵᠡᠬᠦᠯᠬᠦ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠶᠢ ᠰᠠᠶᠢᠲᠤᠷ ᠠᠳᠬᠤᠵᠤ᠂ ᠡᠬᠢ ᠪᠠᠶᠠᠯᠢᠭ ᠢ | ᠶᠡᠷᠦᠩᠬᠡᠶᠢᠯᠡᠨ ᠠᠰᠢᠭᠯᠠᠬᠤ ᠬᠢᠷᠢ ᠲᠦᠪᠰᠢᠨ ᠢ ᠳᠡᠭᠡᠭᠰᠢᠯᠡᠭᠦᠯᠦᠨ᠎ᠡ᠃ ᠤᠰᠤᠨ ᠤ ᠡᠬᠢ ᠪᠠᠶᠠᠯᠢᠭ ᠤᠨ | ᠬᠠᠮᠢᠶᠠᠷᠤᠯᠲᠠ ᠶᠢᠨ ᠬᠠᠮᠤᠭ ᠤᠨ ᠴᠢᠩᠭ᠎ᠠ ᠳᠦᠷᠢᠮ ᠢ ᠬᠡᠷᠡᠭᠵᠢᠭᠦᠯᠵᠦ᠂ ᠬᠦᠷᠦᠰᠤᠨ ᠲᠣᠣᠷᠠᠬᠢ ᠤᠰᠤ ᠶᠢ ᠠᠷᠪᠢᠯᠠᠵᠤ | ᠬᠠᠮᠠᠭᠠᠯᠠᠬᠤ ᠪᠠᠨ ᠴᠢᠩᠭᠠᠳᠬᠠᠨ᠎ᠠ᠃ ᠠᠭᠤᠷᠬᠠᠢ ᠶᠢᠨ ᠭᠠᠵᠠᠷ ᠤᠨ ᠣᠷᠴᠢᠨ ᠲᠤᠭᠤᠷᠢᠨ᠂ ᠭᠠᠵᠠᠷ ᠬᠦᠷᠦᠰᠤ ᠶᠢᠨ | ᠭᠠᠢ ᠭᠠᠮᠰᠢᠭ ᠵᠢᠴᠢ ᠨᠡᠭᠦᠷᠡᠰᠦᠨ ᠤ ᠠᠢ ᠰᠠᠪᠠ ᠶᠢᠨ ᠭᠠᠯ ᠨᠣᠴᠤᠭᠰᠠᠨ ᠣᠷᠣᠨ᠂ ᠴᠦᠮᠦᠷᠡᠭᠰᠡᠨ ᠣᠷᠣᠨ ᠤ | ᠣᠷᠴᠢᠨ ᠲᠣᠭᠤᠷᠢᠨ ᠢ ᠵᠠᠰᠠᠬᠤ ᠪᠠᠨ ᠴᠢᠩᠭᠠᠳᠬᠠᠨ᠎ᠠ᠃ | ᠠᠮᠢ ᠠᠬᠤᠢ ᠶᠢᠨ ᠪᠣᠯᠪᠠᠰᠤᠨ ᠤ ᠳᠦᠷᠢᠮ ᠤᠨ ᠪᠠᠶᠢᠭᠤᠯᠤᠯᠲᠠ ᠶᠢ ᠢᠳᠡᠪᠬᠢᠲᠡᠢ ᠪᠠᠷ ᠲᠦᠯᠬᠢᠨ ᠠᠬᠢᠭᠤᠯᠤᠨ᠎ᠠ᠃ | ᠡᠬᠢ ᠡᠭᠦᠰᠦᠯ ᠠᠴᠠ ᠨᠢ ᠴᠢᠩᠭ᠎ᠠ ᠰᠡᠷᠭᠡᠶᠢᠯᠡᠵᠦ᠂ ᠶᠠᠪᠤᠴᠠ ᠶᠢ ᠨᠢ ᠴᠢᠩᠭ᠎ᠠ ᠬᠠᠮᠢᠶᠠᠷᠤᠨ᠂ ᠦᠷ᠎ᠡ ᠳ᠋ᠦᠩ ᠢᠶᠠᠷ ᠨᠢ | ᠴᠢᠩᠭ᠎ᠠ ᠰᠢᠳᠭᠡᠵᠦ᠂ ᠦᠩᠭᠡᠨ ᠲᠠᠯ᠎ᠠ ᠪᠠ ᠦᠨᠳᠦᠰᠦᠨ ᠠᠴᠠ ᠨᠢ ᠵᠠᠰᠠᠬᠤ ᠶᠢ ᠤᠯᠠᠨ ᠲᠠᠯ᠎ᠠ ᠪᠠᠷ ᠵᠡᠷᠭᠡ ᠳᠤᠨᠢ | ᠪᠡᠶᠡᠯᠡᠭᠦᠯᠵᠦ᠂ ᠠᠮᠢ ᠠᠬᠤᠢ ᠶᠢᠨ ᠪᠣᠯᠪᠠᠰᠤᠨ ᠤ ᠳᠦᠷᠢᠮ ᠤᠨ ᠪᠠᠶᠢᠭᠤᠯᠤᠯᠲᠠ ᠶᠢ ᠲᠦᠷᠭᠡᠳᠭᠡᠨ᠂ ᠠᠮᠢ ᠠᠬᠤᠶᠢᠲᠤ | ᠡᠳ᠋ ᠬᠦᠷᠦᠩᠭᠡ ᠶᠢ ᠬᠠᠮᠤᠭ ᠤᠨ ᠶᠡᠭᠡ ᠬᠡᠮᠵᠢᠶ᠎ᠠ ᠪᠠᠷ ᠨᠡᠮᠡᠭᠳᠡᠭᠦᠯᠵᠦ᠂ ᠣᠷᠴᠢᠨ ᠲᠣᠭᠤᠷᠢᠨ ᠤ ᠥᠷᠢ ᠥᠭᠴᠡᠭᠡ ᠶᠢ | ᠪᠠᠭᠠᠰᠬᠠᠨ᠎ᠠ᠃ ᠭᠤᠣᠯ ᠴᠣᠭᠴᠠ ᠶᠢᠨ ᠴᠢᠳᠠᠪᠬᠢ ᠶᠢᠨ ᠣᠷᠣᠨ ᠤ ᠪᠦᠲᠦᠭᠡᠨ ᠪᠠᠶᠢᠭᠤᠯᠤᠯᠲᠠ ᠶᠢᠨ ᠲᠣᠷᠰᠢᠯᠲᠠ ᠶᠢᠨ | ᠴᠢᠬ ᠤᠨ ᠵᠢᠱᠢᠶ᠎ᠠ ᠦᠵᠡᠭᠦᠯᠬᠦ ᠶᠢ ᠦᠷᠭᠦᠯᠵᠢᠯᠡᠨ ᠦᠷᠨᠢᠭᠦᠯᠵᠦ᠂ ᠠᠮᠢ ᠠᠬᠤᠢ ᠶᠢᠨ ᠤᠯᠠᠭᠠᠨ ᠱᠤᠭᠤᠮ ᠪᠠ | ᠦᠨᠳᠦᠰᠦᠨ ᠨᠤᠲᠤᠭ ᠪᠡᠯᠴᠢᠭᠡᠷ ᠤᠨ ᠤᠯᠠᠭᠠᠨ ᠱᠤᠭᠤᠮ ᠢ ᠢᠯᠭᠠᠨ ᠲᠣᠭᠲᠠᠭᠠᠨ᠎ᠠ᠃ ᠪᠠᠶᠢᠭᠠᠯᠢ ᠶᠢᠨ ᠡᠬᠢ | ᠪᠠᠶᠠᠯᠢᠭ ᠤᠨ ᠡᠳ᠋ ᠬᠦᠷᠦᠩᠭᠡ ᠶᠢᠨ ᠰᠦᠢᠳᠤᠯ ᠤᠨ ᠬᠦᠰᠦᠨᠦᠭᠲᠦ ᠶᠢ ᠨᠠᠶᠢᠷᠠᠭᠤᠯᠤᠨ ᠵᠣᠬᠢᠶᠠᠬᠤ᠂ ᠪᠠᠶᠢᠭᠠᠯᠢ ᠶᠢᠨ | ᠡᠬᠢ ᠪᠠᠶᠠᠯᠢᠭ ᠤᠨ ᠡᠳ᠋ ᠬᠦᠷᠦᠩᠭᠡ ᠳᠤ ᠤᠳᠤᠷᠢᠳᠬᠤ ᠺᠠᠳ᠋ᠷᠴᠤᠳ ᠲᠤᠰᠢᠶᠠᠯ ᠠᠴᠠ ᠪᠠᠨ ᠰᠠᠯᠤᠭᠰᠠᠨ ᠴᠦ ᠬᠢᠨᠠᠨ | ᠪᠤᠳᠤᠯᠳᠠ ᠬᠢᠬᠦ᠂ ᠠᠮᠢ ᠠᠬᠤᠢ ᠶᠢᠨ ᠣᠷᠴᠢᠨ ᠲᠣᠭᠤᠷᠢᠨ ᠢ ᠬᠤᠬᠢᠷᠠᠭᠤᠯᠤᠭᠰᠠᠨ ᠬᠠᠷᠢᠭᠤᠴᠠᠯᠭ᠎ᠠ ᠶᠢ ᠨᠠᠰᠤᠨ | ᠲᠣᠷᠰᠢ ᠨᠡᠭᠡᠮᠵᠢᠯᠡᠬᠦ ᠳᠦᠷᠢᠮ ᠤᠨ ᠭᠤᠷᠪᠠᠨ ᠵᠦᠢᠯ ᠤᠨ ᠭᠤᠣᠯᠳᠠᠯᠭ᠎ᠠ ᠲᠠᠢ ᠡᠭᠦᠷᠭᠡ ᠶᠢ ᠢᠳᠡᠪᠬᠢᠲᠡᠢ ᠪᠠᠷ ᠲᠦᠯᠬᠢᠨ | ᠠᠬᠢᠭᠤᠯᠵᠤ᠂ ᠡᠬᠢ ᠪᠠᠶᠠᠯᠢᠭ ᠢ ᠲᠦᠯᠦᠪᠦᠷᠢ ᠲᠠᠢ ᠬᠡᠷᠡᠭᠯᠡᠭᠦᠯᠬᠦ ᠳᠦᠷᠢᠮ ᠪᠠ ᠠᠮᠢ ᠠᠬᠤᠢ ᠶᠢᠨ ᠨᠦᠬᠦᠪᠦᠷᠢ ᠥᠭᠬᠦ | ᠳᠦᠷᠢᠮ ᠢ ᠬᠢᠨᠠᠮᠠᠭᠠᠢ ᠨᠠᠶᠢᠳᠠᠪᠤᠷᠢᠵᠢᠭᠤᠯᠤᠨ᠂ ᠠᠮᠢ ᠠᠬᠤᠢ ᠶᠢᠨ ᠪᠣᠯᠪᠠᠰᠤᠨ ᠤ ᠱᠠᠭᠠᠷᠳᠠᠯᠭ᠎ᠠ ᠶᠢ ᠢᠯᠡᠷᠡᠭᠦᠯᠵᠦ | ᠦᠨᠡᠯᠡᠨ ᠵᠢᠱᠢᠬᠦ᠂ ᠬᠠᠷᠠᠯᠲᠠ ᠪᠤᠯᠤᠨ ᠲᠥᠷᠥ ᠶᠢᠨ ᠪᠣᠳᠣᠯᠭ᠎ᠠ ᠶᠢᠨ ᠰᠢᠰᠲ᠋ᠧᠮᠵᠢ ᠶᠢ ᠪᠦᠷᠢᠨᠰᠢᠭᠦᠯᠦᠨ᠎ᠡ᠃ | ︵ᠠᠷᠪᠠ︶ ᠵᠠᠰᠠᠭ ᠤᠨ ᠣᠷᠳᠤᠨ ᠤ ᠲᠤᠰ ᠪᠡᠶ᠎ᠡ ᠶᠢᠨ ᠪᠦᠲᠦᠭᠡᠨ ᠪᠠᠶᠢᠭᠤᠯᠤᠯᠲᠠ ᠶᠢ ᠪᠦᠬᠦ ᠲᠠᠯ᠎ᠠ ᠪᠠᠷ | ᠴᠢᠩᠭᠠᠳᠬᠠᠵᠦ᠂ ᠵᠠᠰᠠᠭ ᠤᠨ ᠣᠷᠳᠤᠨ ᠤ ᠬᠡᠷᠡᠭᠵᠢᠭᠦᠯᠬᠦ ᠬᠦᠴᠦᠨ ᠪᠠ ᠨᠡᠶᠢᠲᠡ ᠳᠤ ᠢᠲᠡᠭᠡᠭᠦᠯᠬᠦ ᠬᠦᠴᠦᠨ ᠢ | ᠳᠡᠭᠡᠭᠰᠢᠯᠡᠭᠦᠯᠦᠨ᠎ᠡ | ᠨᠠᠮ ᠤᠨ ᠠᠷᠪᠠᠨ ᠨᠠᠢᠮᠠᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠦᠭᠦᠳᠡ ᠬᠤᠷᠠᠯ᠂ | ᠳᠥᠷᠪᠡᠳᠦᠭᠡᠷ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠬᠦᠨᠵᠡᠭᠡᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ | ᠦᠨᠳᠦᠰᠦᠨ ᠬᠠᠤᠯᠢ ᠪᠠ ᠬᠠᠤᠯᠢ ᠴᠠᠭᠠᠵᠠ ᠠᠴᠠ ᠣᠯᠭᠤᠭᠰᠠᠨ ᠡᠭᠦᠷᠭᠡ ᠬᠠᠷᠢᠭᠤᠴᠠᠯᠭ᠎ᠠ ᠪᠠᠨ ᠦᠨᠡᠨᠴᠢ ᠪᠠᠷ | ᠬᠡᠷᠡᠭᠵᠢᠭᠦᠯᠵᠦ᠂ ᠤᠯᠤᠰ ᠢ ᠵᠠᠰᠠᠬᠤ ᠰᠢᠰᠲ᠋ᠧᠮᠵᠢ ᠪᠠ ᠵᠠᠰᠠᠬᠤ ᠴᠢᠳᠠᠪᠤᠷᠢ ᠶᠢᠨ ᠤᠳᠤᠬᠢᠴᠢᠯᠠᠯᠲᠠ ᠶᠢ ᠲᠦᠯᠬᠢᠨ | ᠠᠬᠢᠭᠤᠯᠬᠤ ᠱᠠᠭᠠᠷᠳᠠᠯᠭ᠎ᠠ ᠶᠤᠰᠤᠭᠠᠷ᠂ ᠬᠠᠤᠯᠢ ᠪᠠᠷ ᠵᠠᠰᠠᠬᠤ᠂ ᠰᠢᠨ᠎ᠡ ᠶᠢ ᠡᠭᠦᠳᠬᠦ᠂ ᠠᠷᠢᠭᠤᠨ ᠴᠢᠭᠡᠴᠢ ᠪᠤᠯᠤᠨ | ᠦᠢᠯᠡᠴᠢᠯᠡᠭᠡᠨ ᠤ ᠮᠠᠶ᠋ᠢᠭ ᠤᠨ ᠵᠠᠰᠠᠭ ᠤᠨ ᠣᠷᠳᠤᠨ ᠢ ᠲᠦᠷᠭᠡᠳᠭᠡᠨ ᠪᠠᠶᠢᠭᠤᠯᠤᠨ᠎ᠠ᠃ ᠬᠠᠤᠯᠢ ᠶᠤᠰᠤᠭᠠᠷ ᠵᠠᠰᠠᠭ | ᠶᠠᠪᠤᠭᠤᠯᠬᠤ ᠶᠢ ᠲᠦᠯᠬᠢᠨ ᠠᠬᠢᠭᠤᠯᠤᠨ᠎ᠠ᠃ ᠵᠠᠰᠠᠭ ᠤᠨ ᠣᠷᠳᠤᠨ ᠤ ᠠᠵᠢᠯ ᠢ ᠬᠠᠤᠯᠢ ᠪᠠᠷ ᠵᠠᠰᠠᠬᠤ ᠵᠠᠮ ᠳᠤ ᠪᠦᠬᠦ | ᠲᠠᠯ᠎ᠠ ᠪᠠᠷ ᠦᠨᠡᠨᠬᠦ ᠣᠷᠤᠭᠤᠯᠵᠤ᠂ ᠬᠠᠤᠯᠢ ᠪᠠᠷ ᠵᠠᠰᠠᠬᠤ ᠰᠡᠳᠬᠢᠬᠦᠢ ᠪᠤᠯᠤᠨ ᠠᠷᠭ᠎ᠠ ᠮᠠᠶ᠋ᠢᠭ ᠢ ᠬᠡᠷᠡᠭᠯᠡᠨ ᠡᠭᠦᠷᠭᠡ | ᠬᠠᠷᠢᠭᠤᠴᠠᠯᠭ᠎ᠠ ᠪᠠᠨ ᠭᠦᠢᠴᠡᠳᠭᠡᠨ᠎ᠡ᠃ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠵᠢᠴᠢ ᠲᠡᠭᠦᠨ ᠤ | ᠪᠠᠶᠢᠩᠭᠤ ᠶᠢᠨ ᠬᠤᠷᠢᠶ᠎ᠠ ᠶᠢᠨ ᠰᠢᠢᠳᠪᠦᠷᠢ᠂ ᠲᠣᠭᠲᠠᠭᠠᠯ ᠢ ᠬᠢᠨᠠᠮᠠᠭᠠᠢ ᠬᠡᠷᠡᠭᠵᠢᠭᠦᠯᠵᠦ᠂ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠵᠢᠴᠢ ᠲᠡᠭᠦᠨ ᠤ ᠪᠠᠶᠢᠩᠭᠤ ᠶᠢᠨ ᠬᠤᠷᠢᠶ᠎ᠠ ᠳᠤ ᠬᠠᠤᠯᠢ ᠶᠤᠰᠤᠭᠠᠷ ᠠᠵᠢᠯ ᠢᠶᠠᠨ | ᠮᠡᠳᠡᠭᠦᠯᠦᠨ᠂ ᠠᠷᠠᠳ ᠤᠨ ᠳᠦᠯᠦᠭᠡᠯᠡᠭᠴᠢᠳ ᠤᠨ ᠶᠡᠭᠡ ᠬᠤᠷᠠᠯ ᠵᠢᠴᠢ ᠳᠡᠭᠦᠨ ᠤ ᠪᠠᠶᠢᠡᠭᠭᠤ ᠶᠢᠨ ᠬᠤᠷᠢᠶ᠎ᠠ ᠶᠢᠨ | ᠬᠠᠤᠯᠢ ᠴᠠᠭᠠᠵᠠ ᠶᠢᠨ ᠬᠢᠨᠠᠯᠳᠠ ᠳᠠᠯᠪᠢᠬᠤ᠂ ᠠᠵᠢᠯ ᠤᠨ ᠬᠢᠨᠠᠯᠳᠠ ᠳᠠᠯᠪᠢᠬᠤ ᠪᠠ ᠤᠯᠤᠰ ᠲᠥᠷᠥ ᠶᠢᠨ | ᠵᠥᠪᠯᠡᠯᠭᠡᠨ ᠤ ᠠᠷᠠᠳᠴᠢᠯᠠᠯ ᠢᠶᠠᠷ ᠬᠢᠨᠠᠯᠲᠠ ᠲᠠᠯᠪᠢᠬᠤ ᠶᠢ ᠤᠬᠠᠮᠰᠠᠷ ᠠᠴᠠ ᠪᠠᠨ ᠬᠦᠯᠢᠶᠡᠵᠦ᠂ ᠠᠷᠠᠳ ᠤᠨ | ᠲᠦᠯᠦᠭᠡᠯᠡᠭᠴᠢᠳ ᠤᠨ ᠰᠠᠨᠠᠭᠤᠯᠭ᠎ᠠ ᠪᠠ ᠤᠯᠤᠰ ᠲᠥᠷᠥ ᠶᠢᠨ ᠵᠥᠪᠯᠡᠯᠭᠡᠨ ᠤ ᠳᠤᠷᠠᠳᠤᠯᠭ᠎ᠠ ᠶᠢ ᠬᠢᠨᠠᠮᠠᠭᠠᠢ | ᠭᠦᠢᠴᠡᠳᠭᠡᠵᠦ᠂ ᠦᠪᠡᠷᠲᠡᠭᠡᠨ ᠵᠠᠰᠠᠬᠤ ᠣᠷᠣᠨ ᠤ ᠵᠠᠰᠠᠭ ᠤᠨ ᠣᠷᠳᠤᠨ ᠪᠠ ᠤᠯᠤᠰ ᠲᠥᠷᠥ ᠶᠢᠨ ᠵᠦᠪᠯᠡᠯᠭᠡᠨ ᠤ | ᠣᠨ ᠤ ᠵᠦᠪᠳᠡᠯᠴᠡᠬᠦ ᠲᠦᠯᠦᠪᠯᠡᠭᠡ ᠶᠢ ᠢᠳᠡᠪᠬᠢᠲᠡᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠡᠯ᠎ᠡ ᠠᠷᠠᠳᠴᠢᠯᠠᠭᠰᠠᠨ | ᠨᠠᠮ ᠪᠦᠯᠦᠭ᠂ ᠠᠵᠤ ᠦᠢᠯᠡᠳᠪᠦᠷᠢ ᠬᠤᠳᠠᠯᠳᠤᠭᠠᠨ ᠤ ᠬᠤᠯᠪᠤᠭᠠᠳᠤ ᠬᠤᠷᠠᠯ᠂ ᠨᠠᠮ ᠪᠦᠯᠦᠭ ᠤᠨ ᠪᠣᠰᠤ | ᠠᠷᠠᠳᠴᠢᠯᠠᠭᠰᠠᠨ ᠬᠦᠮᠦᠰ ᠪᠤᠯᠤᠨ ᠠᠷᠠᠳ ᠤᠨ ᠪᠦᠯᠬᠦᠮ ᠤᠨ ᠰᠠᠨᠠᠯ ᠰᠠᠨᠠᠭᠤᠯᠭ᠎ᠠ ᠶᠢ ᠥᠷᠭᠡᠨ ᠢᠶᠠᠷ ᠰᠤᠨᠤᠰᠤᠨ᠎ᠠ᠃ | ᠵᠠᠰᠠᠭ ᠤᠨ ᠣᠷᠳᠤᠨ ᠤ ᠬᠠᠤᠯᠢ ᠲᠣᠭᠲᠠᠭᠠᠬᠤ ᠲᠣᠭᠲᠠᠴᠠ ᠶᠢ ᠲᠡᠭᠦᠯᠳᠡᠷᠵᠢᠭᠦᠯᠵᠦ᠂ ᠵᠠᠰᠠᠭ ᠵᠠᠬᠢᠷᠭᠠᠨ ᠤ ᠴᠢᠬᠤᠯᠠ | ᠶᠡᠭᠡ ᠰᠢᠢᠳᠪᠦᠷᠢᠲᠦ ᠪᠤᠳᠣᠯᠭ᠎ᠠ ᠳᠤ ᠬᠠᠤᠯᠢ ᠪᠠᠷ ᠲᠣᠭᠲᠠᠭᠠᠭᠰᠠᠨ ᠵᠢᠷᠤᠮᠵᠢᠯ ᠢ ᠴᠢᠩᠭ᠎ᠠ ᠵᠢᠷᠤᠮᠯᠡᠨ᠂ ᠵᠠᠰᠠᠭ | ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠤᠯ ᠤᠨ ᠦᠭᠡᠷᠡᠴᠢᠯᠡᠯᠲᠡ ᠶᠢ ᠦᠷᠭᠦᠯᠵᠢᠯᠡᠨ ᠭᠦᠨᠵᠡᠭᠡᠶᠢᠷᠡᠭᠦᠯᠵᠦ᠂ | ᠴᠢᠩᠭ᠎ᠠ ᠵᠢᠷᠤᠮᠵᠢᠯ ᠲᠠᠢ ᠲᠥᠪ ᠭᠤᠣᠯᠴᠢ ᠪᠣᠯᠪᠠᠰᠤᠨ ᠢᠶᠠᠷ ᠬᠠᠤᠯᠢ ᠬᠡᠷᠡᠭᠵᠢᠭᠦᠯᠦᠨ᠎ᠡ᠃ ᠵᠠᠰᠠᠭ ᠤᠨ ᠶᠠᠪᠤᠳᠠᠯ ᠢ | ᠢᠯᠠ ᠪᠣᠯᠭᠠᠬᠤ ᠶᠢ ᠶᠡᠬᠡᠪᠡᠷ ᠬᠡᠷᠡᠭᠵᠢᠭᠦᠯᠵᠦ᠂ ᠠᠷᠠᠳ ᠲᠦᠮᠡᠨ ᠤ ᠪᠠᠶᠢᠳᠠᠯ ᠣᠶᠢᠯᠠᠭᠠᠬᠤ ᠡᠷᠬᠡ᠂ ᠣᠷᠣᠯᠴᠠᠬᠤ | ᠡᠷᠬᠡ᠂ ᠢᠯᠡᠳᠭᠡᠬᠦ ᠡᠷᠬᠡ᠂ ᠬᠢᠨᠠᠯᠲᠠ ᠲᠠᠯᠪᠢᠬᠤ ᠡᠷᠬᠡ ᠶᠢ ᠪᠠᠲᠤᠯᠠᠨ᠎ᠠ᠃ ᠬᠠᠮᠢᠶᠠᠷᠤᠯᠲᠠ ᠪᠣᠯᠣᠨ ᠦᠢᠯᠡᠴᠢᠯᠡᠭᠡ ᠳᠤ | ᠰᠢᠨ᠎ᠡ ᠶᠢ ᠡᠭᠦᠳᠦᠨ᠎ᠡ᠃ ᠣᠯᠠᠨ ᠨᠡᠶᠢᠲᠡ ᠶᠢᠨ ᠦᠢᠯᠡᠴᠢᠯᠡᠭᠡ ᠬᠠᠩᠭᠠᠬᠤ ᠵᠠᠭᠪᠤᠷ ᠢ ᠲᠡᠭᠦᠯᠳᠡᠷᠵᠢᠭᠦᠯᠵᠦ᠂ | ᠵᠠᠰᠠᠭ ᠤᠨ ᠣᠷᠳᠤᠨ ᠤ ᠬᠢᠨ ᠣᠯᠠᠨ ᠨᠡᠶᠢᠲᠡ ᠶᠢᠨ ᠦᠢᠯᠡᠴᠢᠯᠡᠭᠡ ᠬᠤᠳᠠᠯᠳᠤᠨ ᠠᠪᠬᠤ ᠬᠡᠪᠴᠢᠶ᠎ᠠ ᠶᠢ ᠦᠷᠭᠡᠳᠭᠡᠨ᠎ᠡ | ᠃ ᠨᠠᠶᠢᠭᠡᠮ ᠤᠨ ᠵᠣᠬᠢᠶᠠᠨ ᠪᠠᠶᠢᠭᠤᠯᠤᠯᠲᠠ ᠶᠢᠨ ᠬᠠᠮᠢᠶᠠᠷᠤᠯᠲᠠ ᠳᠤ ᠰᠢᠨ᠎ᠡ ᠶᠢ ᠡᠭᠦᠳᠴᠦ᠂ ᠵᠠᠬ᠎ᠠ ᠳᠡᠯᠭᠡᠭᠦᠷ ᠪᠣᠯᠣᠨ | ᠨᠡᠶᠢᠭᠡᠮ ᠤᠨ ᠵᠣᠬᠢᠶᠠᠨ ᠪᠠᠶᠢᠭᠤᠯᠤᠯᠲᠠ ᠪᠠᠷ ᠨᠡᠩ ᠣᠯᠠᠨ ᠠᠵᠢᠯ ᠶᠠᠪᠤᠳᠠᠯ ᠢ ᠡᠭᠦᠷᠭᠡᠯᠡᠭᠦᠯᠦᠨ᠎ᠡ᠃ ᠨᠢᠭᠡᠳᠦᠯᠲᠡᠢ | ᠵᠢᠷᠤᠮᠵᠢᠭᠰᠠᠨ ᠣᠯᠠᠨ ᠨᠡᠶᠢᠲᠡ ᠶᠢᠨ ᠡᠬᠢ ᠪᠠᠶᠠᠯᠢᠭ ᠤᠨ ᠰᠤᠯᠢᠯᠴᠠᠭᠠᠨ ᠤ ᠲᠡᠪᠴᠡᠩ ᠢ ᠪᠠᠶᠢᠭᠤᠯᠵᠤ᠂ ᠵᠠᠰᠠᠭ ᠤᠨ | ᠶᠠᠪᠤᠳᠠᠯ ᠤᠨ ᠶᠡᠭᠡ ᠲᠠᠩᠬᠢᠮ ᠪᠠ ᠡᠯᠧᠺᠳ᠋ᠷᠣᠨ ᠵᠠᠰᠠᠭ ᠤᠨ ᠶᠠᠪᠤᠳᠠᠯ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠭᠡᠨ | ᠠᠬᠢᠭᠤᠯᠵᠤ᠂ ᠶᠡᠷᠦᠩᠬᠡᠶᠢᠯᠡᠭᠰᠡᠨ ᠦᠨᠳᠦᠷ ᠪᠦᠲᠦᠮᠵᠢᠲᠡᠢ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ | ᠰᠢᠰᠲ᠋ᠧᠮᠵᠢ ᠶᠢ ᠪᠠᠶᠢᠭᠤᠯᠤᠨ᠎ᠠ᠃ ᠰᠤᠷᠲᠠᠯ ᠤᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠨ᠎ᠠ᠃ ᠨᠠᠮ ᠢ | ᠴᠢᠩᠭ᠎ᠠ ᠪᠠᠷ ᠵᠠᠰᠠᠬᠤ ᠨᠠᠢᠮᠠᠨ ᠵᠦᠢᠯ ᠤᠨ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠦ᠂ ᠨᠠᠮ ᠤᠨ ᠤᠯᠤᠰ | ᠲᠦᠷᠥ ᠶᠢᠨ ᠰᠠᠬᠢᠯᠭ᠎ᠠ ᠪᠠᠲᠤ ᠶᠢ ᠴᠢᠩᠭ᠎ᠠ ᠬᠡᠷᠡᠭᠵᠢᠬᠦᠯᠵᠦ᠂ ᠡᠷᠡᠰ ᠰᠢᠭᠤᠷᠬᠠᠢ ᠪᠦᠬᠡᠳ ᠤᠬᠠᠮᠰᠠᠷ ᠠᠴᠠ ᠪᠠᠨ | ᠨᠠᠮ ᠤᠨ ᠲᠥᠪ ᠬᠤᠷᠢᠶ᠎ᠠ ᠯᠤᠭ᠎ᠠ ᠳᠡᠭᠡᠳᠦ ᠬᠡᠮᠵᠢᠶᠠᠨ ᠤ ᠨᠢᠭᠡᠲᠦᠯᠲᠡᠢ ᠪᠠᠶᠢᠬᠤ ᠶᠢ ᠪᠠᠳᠤᠯᠠᠵᠦ᠂ ᠨᠠᠮ ᠤᠨ ᠲᠥᠪ | ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶ᠎ᠠ ᠪᠠ ᠦᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ | ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠡᠷᠡᠰ ᠲᠤᠤᠱᠯᠠᠭᠤᠯᠤᠨ᠎ᠠ᠃ ᠵᠣᠷᠢᠯᠲᠠ ᠶᠢᠨ ᠦᠵᠡᠯ | ᠤᠬᠠᠮᠰᠠᠷ ᠢᠶᠠᠨ ᠲᠠᠰᠤᠷᠠᠯᠳᠠ ᠦᠬᠡᠢ ᠴᠢᠩᠭᠠᠷᠠᠭᠤᠯᠵᠤ᠂ ᠣᠯᠠᠨ ᠲᠦᠮᠡᠨ ᠤ ᠲᠤᠰ ᠪᠡᠶ᠎ᠡ ᠶᠢᠨ ᠠᠰᠢᠭ ᠲᠤᠰᠠ ᠳᠤ | ᠬᠤᠯᠪᠤᠭᠳᠠᠭᠰᠠᠨ ᠬᠦᠴᠢᠷᠲᠠᠢ᠂ ᠬᠠᠯᠠᠮᠰᠢᠯ ᠠᠰᠠᠭᠤᠳᠠᠯ ᠢ ᠦᠨᠡᠨᠬᠦ ᠰᠠᠶᠢᠲᠤᠷ ᠰᠢᠢᠳᠪᠦᠷᠢᠯᠡᠵᠦ᠂ ᠰᠤᠷᠲᠠᠯ ᠤᠨ | ᠪᠦᠲᠦᠭᠡᠨ ᠪᠠᠶᠢᠭᠤᠯᠤᠯᠲᠠ ᠶᠢᠨ ᠪᠤᠳᠠᠳᠤ ᠦᠷ᠎ᠠ ᠪᠦᠳᠦᠮᠵᠢ ᠪᠠᠷ ᠠᠷᠠᠳ ᠢᠷᠭᠡᠳ ᠤᠨ ᠢᠲᠡᠭᠡᠯ ᠢ ᠣᠯᠣᠨ᠎ᠠ᠃ | ᠤᠯᠠᠨ ᠲᠦᠮᠡᠨᠴᠢ ᠱᠤᠭᠤᠮ ᠤᠨ ᠬᠦᠮᠦᠵᠢᠯ ᠦᠢᠯᠡᠳᠦᠯᠭᠡ ᠶᠢᠨ ᠠᠵᠢᠯᠯᠠᠭᠠᠨ ᠤ ᠦᠷ᠎ᠡ ᠪᠦᠳᠦᠬᠡᠯ ᠢ ᠪᠠᠬᠢᠵᠢᠭᠦᠯᠦᠨ | ᠦᠷᠭᠡᠳᠭᠡᠵᠦ᠂ ᠴᠡᠭᠴᠡᠯᠡᠨ ᠵᠠᠰᠠᠵᠤ ᠨᠠᠶᠢᠳᠠᠪᠤᠷᠢᠵᠢᠭᠤᠯᠬᠤ ᠶᠢ ᠤᠯᠠᠮ ᠨᠢᠭᠡ ᠠᠯᠬᠤᠮ ᠴᠢᠩᠭᠠᠳᠬᠠᠵᠤ᠂ | ᠰᠤᠷᠲᠠᠯ ᠤᠨ ᠪᠠᠶᠢᠭᠤᠯᠤᠯᠲᠠ ᠶᠢᠨ ᠭᠡᠪ ᠪᠠᠶᠢᠳᠠᠯᠵᠢᠬᠤ ᠶᠢ ᠲᠦᠯᠬᠢᠨ ᠠᠬᠢᠭᠤᠯᠤᠨ᠎ᠠ᠃ ᠡᠷᠬᠡ ᠶᠢ ᠬᠠᠤᠯᠢ ᠶᠤᠰᠤᠭᠠᠷ | ᠵᠠᠰᠠᠬᠤ ᠶᠢ ᠪᠠᠷᠢᠮᠲᠠᠯᠠᠨ᠎ᠠ᠃ ᠡᠷᠬᠡ ᠶᠢᠨ ᠨᠠᠷᠢᠨ ᠬᠠᠭᠤᠳᠠᠰᠤ ᠶᠢᠨ ᠳᠦᠷᠢᠮ ᠢ ᠬᠡᠷᠡᠭᠵᠢᠭᠦᠯᠵᠦ᠂ ᠡᠷᠬᠡ ᠶᠢᠨ | ᠠᠵᠢᠯᠯᠠᠭᠠᠨ ᠤ ᠶᠠᠪᠤᠴᠠ ᠶᠢ ᠬᠠᠤᠯᠢ ᠶᠤᠰᠤᠭᠠᠷ ᠢᠯᠡ ᠪᠣᠯᠭᠠᠨ᠂ ᠡᠭᠦᠷᠭᠡ ᠴᠢᠳᠠᠪᠤᠷᠢᠳᠤ ᠰᠠᠯᠠᠭ᠎ᠠ ᠮᠦᠴᠢᠷ ᠤᠳ ᠤᠨ | ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠭᠰᠡᠨ ᠪᠠᠶᠢᠳᠠᠯ ᠳᠤ ᠬᠢᠨᠠᠯᠲᠠ ᠲᠠᠯᠪᠢᠬᠤ ᠶᠢ ᠴᠢᠩᠭᠠᠳᠬᠠᠵᠤ᠂ ᠵᠠᠰᠠᠭ | ᠵᠠᠬᠢᠷᠭᠠᠨ ᠤ ᠥᠯᠥ ᠬᠢᠬᠦ᠂ ᠳᠤᠷ᠎ᠠ ᠪᠠᠷ ᠦᠢᠯᠡᠳᠬᠦ ᠶᠢ ᠡᠷᠡᠰ ᠴᠡᠭᠴᠡᠯᠡᠨ ᠵᠠᠰᠠᠨ᠎ᠠ᠃ ᠴᠢᠬᠤᠯᠠ ᠬᠦᠷᠢᠶ᠎ᠡ ᠴᠠᠷᠠᠭ᠎ᠠ᠂ | ᠵᠠᠩᠭᠢᠯᠠᠭ᠎ᠠ ᠶᠢᠨ ᠠᠵᠢᠯ ᠤᠨ ᠪᠠᠶᠢᠷᠢ ᠳᠠᠬᠢ ᠵᠠᠰᠠᠭ ᠵᠠᠬᠢᠷᠭᠠᠨ ᠤ ᠬᠢᠨᠠᠨ ᠪᠠᠶᠢᠴᠠᠭᠠᠬᠤ ᠪᠠ ᠬᠢᠨᠠᠨ ᠪᠤᠳᠤᠵᠦ ᠬᠢᠨᠠᠯᠲᠠ | ᠲᠠᠯᠪᠢᠬᠤ ᠶᠢ ᠴᠢᠩᠭᠠᠳᠬᠠᠵᠤ᠂ ᠵᠠᠰᠠᠭ ᠵᠠᠬᠢᠷᠭᠠᠨ ᠤ ᠬᠠᠷᠢᠭᠤᠴᠠᠯᠭ᠎ᠠ ᠲᠤᠯᠭᠠᠬᠤ ᠡᠷᠴᠢᠮ ᠢ ᠴᠢᠩᠭᠠᠷᠠᠭᠤᠯᠤᠨ᠎ᠠ᠃ | ᠨᠠᠮ ᠤᠨ ᠰᠤᠷᠲᠠᠯ ᠪᠠ ᠠᠷᠢᠭᠤᠨ ᠴᠢᠭᠡᠴᠢ ᠪᠠᠷ ᠵᠠᠰᠠᠭ ᠪᠠᠷᠢᠬᠤ ᠪᠠᠶᠢᠭᠤᠯᠤᠯᠲᠠ ᠶᠢᠨ ᠭᠤᠣᠯ ᠴᠣᠭᠴᠠ ᠶᠢᠨ | ᠬᠠᠷᠢᠭᠤᠴᠠᠯᠭ᠎ᠠ ᠶᠢ ᠬᠢᠨᠠᠮᠠᠭᠠᠢ ᠨᠠᠶᠢᠳᠠᠪᠤᠷᠢᠵᠢᠭᠤᠯᠵᠤ᠂ ᠢᠯᠵᠠᠷᠠᠯ ᠢ ᠡᠰᠡᠷᠬᠦᠴᠡᠨ ᠠᠷᠢᠭᠤᠨ ᠴᠢᠬᠡᠴᠢ ᠶᠢ ᠡᠷᠬᠢᠮᠯᠡᠬᠦ | ᠲᠦᠷᠢᠮ ᠤᠨ ᠪᠠᠶᠢᠭᠤᠯᠤᠯᠳᠠ ᠶᠢ ᠴᠢᠩᠭᠠᠳᠬᠠᠵᠦ᠂ ᠵᠠᠰᠠᠭ ᠤᠨ ᠣᠷᠳᠤᠨ ᠤ ᠰᠢᠰᠲ᠋ᠧᠮ ᠤᠨ ᠠᠷᠢᠭᠤᠨ ᠴᠢᠭᠡᠴᠢ | ᠵᠠᠰᠠᠭ ᠪᠠᠷᠢᠬᠤ ᠶᠢᠨ ᠲᠥᠭᠰᠢᠭᠦᠷᠢ ᠶᠢ ᠰᠡᠷᠭᠡᠶᠢᠯᠡᠨ ᠡᠵᠡᠮᠳᠡᠬᠦ ᠰᠢᠰᠲ᠋ᠧᠮᠵᠢ ᠶᠢ ᠪᠦᠷᠢᠨᠰᠢᠭᠦᠯᠦᠨ᠂ ᠡᠷᠬᠡ ᠶᠢᠨ | ᠠᠵᠢᠯᠯᠠᠭᠠᠨ ᠢ ᠬᠢᠨᠠᠬᠤ ᠪᠠ ᠬᠦᠯᠢᠶᠡᠰᠤᠯᠡᠬᠦ ᠶᠢ ᠴᠢᠩᠭᠠᠳᠬᠠᠨ᠎ᠠ᠃ | ᠲᠦᠯᠦᠭᠡᠯᠡᠭᠴᠢᠳ ᠡ᠂ ᠡᠨᠡ ᠵᠢᠯ ᠪᠣᠯ ︽12 · 5︾ ᠶᠢᠨ ᠲᠦᠯᠦᠪᠵᠢᠭᠦᠯᠭᠡ ᠶᠢᠨ ᠠᠵᠢᠯ ᠲᠠᠭᠤᠰᠬᠤ ᠨᠢᠭᠡ | ᠵᠢᠯ ᠪᠣᠯᠣᠨ᠎ᠠ᠂ ᠪᠢᠳᠡ ᠠᠵᠢᠯ ᠢᠶᠠᠨ ᠪᠦᠬᠦ ᠲᠠᠯ᠎ᠠ ᠪᠠᠷ ᠳ᠋ᠦᠩᠨᠡᠬᠦ ᠶᠢᠨ ᠬᠠᠮᠲᠤ᠂ ︽13 · 5︾ ᠶᠢᠨ | ᠲᠦᠯᠦᠪᠵᠢᠭᠦᠯᠭᠡ ᠶᠢ ᠨᠠᠶᠢᠷᠠᠭᠤᠯᠤᠨ ᠵᠣᠬᠢᠶᠠᠬᠤ ᠠᠵᠢᠯ ᠢ ᠲᠦᠷᠭᠡᠳᠭᠡᠨ ᠠᠬᠢᠭᠤᠯᠵᠤ᠂ ᠡᠯ᠎ᠡ ᠲᠠᠯ᠎ᠠ ᠶᠢᠨ ᠬᠦᠴᠦᠨ ᠢ | ᠢᠳᠡᠪᠬᠢᠲᠡᠢ ᠳᠠᠶᠢᠴᠢᠯᠠᠨ᠂ ᠬᠦᠨᠵᠡᠭᠡᠢ ᠪᠠᠶᠢᠴᠠᠭᠠᠨ ᠰᠤᠳᠤᠯᠵᠤ᠂ ᠥᠷᠭᠡᠨ ᠢᠶᠠᠷ ᠰᠠᠨᠠᠯ ᠬᠤᠷᠢᠶᠠᠨ᠂ ᠦᠪᠡᠷᠳᠡᠬᠡᠨ | ᠵᠠᠰᠠᠬᠤ ᠤᠷᠤᠨ ᠤ ᠪᠦᠬᠦ ᠲᠠᠯ᠎ᠠ ᠪᠠ ᠠᠯᠤᠰ ᠬᠡᠳᠤ ᠶᠢᠨ ᠬᠥᠭᠵᠢᠯᠲᠡ ᠲᠠᠢ ᠬᠤᠯᠪᠤᠭᠳᠠᠭᠰᠠᠨ ᠴᠢᠬᠤᠯᠠ ᠶᠡᠭᠡ | ᠲᠥᠷᠥ ᠶᠢᠨ ᠪᠣᠳᠣᠯᠭ᠎ᠠ᠂ ᠠᠷᠭ᠎ᠠ ᠬᠡᠮᠵᠢᠶ᠎ᠠ ᠪᠠ ᠲᠦᠷᠦᠯ ᠵᠦᠢᠯ ᠢ ᠰᠠᠶᠢᠲᠤᠷ ᠰᠤᠳᠤᠯᠤᠨ ᠲᠦᠰᠦᠪᠯᠡᠵᠦ᠂ | ᠰᠢᠨᠵᠢᠯᠡᠬᠦ ᠤᠬᠠᠭᠠᠨᠴᠢ ᠪᠠᠷ ᠬᠥᠭᠵᠢᠭᠦᠯᠬᠦ᠂ ᠠᠷᠠᠳ ᠢᠶᠠᠨ ᠪᠠᠶᠠᠵᠢᠭᠤᠯᠵᠤ ᠣᠷᠣᠨ ᠢᠶᠠᠨ ᠬᠦᠴᠦᠷᠭᠡᠭᠵᠢᠭᠦᠯᠬᠦ ᠶᠢ | ᠪᠡᠶᠡᠯᠡᠭᠦᠯᠬᠦ ᠳᠤ ᠬᠦᠴᠦᠳᠡᠢ ᠲᠦᠰᠢᠭ ᠲᠤᠯᠭᠠᠭᠤᠷᠢ ᠬᠠᠩᠭᠠᠬᠤ ᠶᠢᠨ ᠬᠠᠮᠲᠤ᠂ ᠦᠪᠡᠷᠲᠡᠭᠡᠨ ᠵᠠᠰᠠᠬᠤ ᠣᠷᠣᠨ | ᠪᠠᠶᠢᠭᠤᠯᠤᠭᠳᠠᠭᠰᠠᠨ 70 ᠵᠢᠯ ᠤᠨ ᠣᠢ ᠶᠢᠨ ᠡᠯ᠎ᠡ ᠵᠦᠢᠯ ᠤᠨ ᠪᠡᠯᠡᠳᠭᠡᠯ ᠠᠵᠢᠯ ᠢ ᠯᠠᠪᠲᠠᠭᠤᠨ ᠪᠠᠲᠤᠲᠠᠢ ᠰᠠᠶᠢᠲᠤᠷ | ᠬᠢᠵᠦ᠂ ᠴᠢᠬᠤᠯᠠ ᠶᠡᠭᠡ ᠤᠭᠲᠣᠵᠦ ᠪᠡᠯᠭᠡᠯᠡᠬᠦ ᠲᠦᠷᠦᠯ ᠵᠦᠢᠯ ᠢᠶᠠᠷ ᠭᠤᠤᠯᠳᠠᠭᠤᠯᠵᠦ᠂ ᠵᠣᠬᠢᠴᠠᠭᠤᠯᠤᠨ | ᠬᠠᠮᠵᠢᠯᠴᠠᠬᠤ ᠪᠠᠨ ᠴᠢᠩᠭᠠᠳᠬᠠᠵᠤ᠂ ᠲᠦᠯᠬᠢᠨ ᠠᠬᠢᠭᠤᠯᠬᠤ ᠡᠷᠴᠢᠮ ᠢᠶᠠᠨ ᠴᠢᠩᠭᠠᠷᠠᠭᠤᠯᠤᠨ᠂ ᠪᠦᠲᠦᠭᠡᠨ | ᠪᠠᠶᠢᠭᠤᠯᠤᠯᠲᠠ ᠶᠢᠨ ᠡᠭᠦᠷᠭᠡ ᠪᠠᠨ ᠲᠣᠭᠲᠠᠭᠰᠠᠨ ᠬᠤᠭᠤᠴᠠᠭᠠᠨ ᠳᠤ ᠪᠡᠶᠡᠯᠡᠭᠦᠯᠬᠦ ᠶᠢ ᠦᠨᠡᠨᠬᠦ ᠪᠠᠲᠤᠯᠠᠬᠤ | ᠬᠡᠷᠡᠭᠲᠡᠢ᠃ | ᠲᠦᠯᠦᠭᠡᠯᠡᠭᠴᠢᠳ ᠡ᠂ ᠰᠢᠨ᠎ᠡ ᠨᠢᠭᠡ ᠵᠢᠯ ᠢ ᠪᠠᠷᠠᠯᠠᠬᠤᠶ᠎ᠠ᠂ ᠮᠠᠨ ᠤ ᠡᠮᠦᠨ᠎ᠡ ᠲᠤᠯᠭᠠᠷᠠᠵᠤ ᠪᠠᠶᠢᠭ᠎ᠠ ᠡᠭᠦᠷᠭᠡ | ᠬᠠᠲᠠᠭᠤ ᠪᠡᠷᠬᠡᠰᠢᠶᠡᠯᠲᠡᠢ ᠨᠦᠰᠡᠷ ᠬᠦᠨᠳᠦ ᠪᠠᠶᠢᠵᠤ᠂ ᠡᠭᠦᠷᠭᠡᠯᠡᠵᠦ ᠪᠠᠶᠢᠭ᠎ᠠ ᠬᠠᠷᠢᠭᠤᠴᠠᠯᠭ᠎ᠠ ᠬᠦᠨᠳᠦ ᠶᠡᠭᠡ ᠪᠦᠭᠡᠳ | ᠦᠩᠭᠡ ᠭᠡᠷᠡᠯᠲᠡᠢ ᠪᠠᠶᠢᠨ᠎ᠠ᠃ ᠪᠢᠳᠡ ᠰᠢ ᠶᠢᠨ ᠫᠢᠩ ᠨᠦᠬᠦᠷ ᠢᠶᠠᠷ ᠶᠡᠷᠦᠩᠬᠡᠢ ᠱᠦᠵᠢ ᠪᠣᠯᠭᠠᠭᠰᠠᠨ ᠨᠠᠮ ᠤᠨ ᠲᠥᠪ | ᠬᠤᠷᠢᠶ᠎ᠠ ᠶᠢᠨ ᠲᠣᠭᠤᠷᠢᠨ ᠳᠤ ᠨᠢᠭᠲᠠᠷᠠᠨ ᠪᠦᠯᠬᠦᠮᠳᠡᠵᠦ᠂ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ | ᠵᠢᠷᠤᠮ ᠤᠨ ᠠᠭᠤᠤ ᠶᠡᠭᠡ ᠲᠤᠭ ᠢ ᠦᠨᠳᠦᠷ ᠮᠠᠨᠳᠤᠭᠤᠯᠵᠤ᠂ ᠳ᠋ᠧᠩ ᠰᠢᠶᠤᠤ ᠫᠢᠩ ᠤᠨ ᠤᠨᠤᠯ᠂ ︽ᠭᠤᠷᠪᠠ ᠶᠢ | ᠲᠦᠯᠦᠭᠡᠯᠡᠬᠦ︾ ᠴᠢᠬᠤᠯᠠ ᠦᠵᠡᠯ ᠰᠠᠨᠠᠭ᠎ᠠ ᠪᠤᠯᠤᠨ ᠰᠢᠨᠵᠢᠯᠡᠬᠦ ᠤᠬᠠᠭᠠᠨᠴᠢ ᠬᠥᠭᠵᠢᠯᠲᠡ ᠶᠢᠨ ᠦᠵᠡᠯᠲᠡ ᠪᠠᠷ | ᠵᠢᠯᠤᠭᠤᠳᠤᠯᠭ᠎ᠠ ᠪᠣᠯᠭᠠᠨ᠂ ᠰᠢ ᠶᠢᠨ ᠫᠢᠩ ᠶᠡᠷᠦᠩᠬᠡᠢ ᠱᠦᠵᠢ ᠶᠢᠨ ᠠᠯᠢ ᠣᠯᠠᠨ ᠴᠢᠬᠤᠯᠠ ᠶᠡᠷᠢᠶ᠎ᠠ ᠪᠠ ᠦᠪᠦᠷ | ᠮᠤᠩᠭᠤᠯ ᠳᠤ ᠰᠢᠨᠵᠢᠯᠡᠨ ᠪᠠᠶᠢᠴᠠᠭᠠᠬᠤ ᠳᠤ ᠶᠠᠷᠢᠭᠰᠠᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠢ | ᠲᠤᠤᠱᠯᠠᠭᠤᠯᠵᠤ᠂ ᠵᠣᠷᠢᠭ ᠲᠡᠭᠦᠯᠳᠡᠷ ᠢᠶᠠᠷ ᠮᠡᠷᠡᠶᠢᠨ ᠴᠢᠷᠮᠠᠶᠢᠵᠤ᠂ ᠦᠨᠡᠨ ᠠᠳᠬᠤᠵᠤ ᠪᠣᠲᠠᠲᠠᠢ ᠪᠠᠷ ᠠᠵᠢᠯᠯᠠᠵᠤ᠂ | ᠦᠭᠡᠷᠡᠴᠢᠯᠡᠯᠲᠡ ᠬᠥᠭᠵᠢᠯᠲᠡ ᠲᠣᠭᠲᠠᠭᠤᠨ ᠪᠠᠶᠢᠯᠭᠠᠬᠤ ᠡᠯ᠎ᠡ ᠵᠦᠢᠯ ᠤᠨ ᠠᠵᠢᠯ ᠢ ᠯᠠᠪᠳᠠᠭᠤᠨ ᠪᠠᠲᠤᠲᠠᠢ ᠰᠠᠶᠢᠲᠤᠷ | ᠬᠢᠵᠦ᠂ ᠡᠬᠡ ᠤᠯᠤᠰ ᠤᠨ ᠤᠮᠠᠷᠠᠲᠤ ᠬᠢᠯᠢ ᠬᠢᠵᠠᠭᠠᠷ ᠤᠨ ᠦᠵᠡᠮᠵᠢ ᠶᠢᠨ ᠤᠷᠤᠨ ᠢᠶᠠᠨ ᠨᠡᠩ ᠦᠵᠡᠰᠭᠦᠯᠡᠩ | ᠰᠠᠶᠢᠬᠠᠨ ᠲᠠᠢ ᠪᠣᠯᠭᠠᠨ ᠴᠤᠭᠴᠠᠯᠠᠨ ᠪᠠᠶᠢᠭᠤᠯᠬᠤ ᠪᠠᠷ ᠴᠢᠷᠮᠠᠶᠢᠨ ᠲᠡᠮᠡᠴᠡᠵᠡᠭᠡᠶ᠎ᠡ᠃ | | |