ᠬᠠᠯᠬ᠎ᠠ ᠪᠦᠬᠡ | ᠬᠠᠯᠬ᠎ᠠ ᠪᠦᠬᠡ ᠬᠤᠷᠢᠳᠤᠭᠠᠷ ᠵᠠᠭᠤᠨ ᠤ ᠡᠬᠢ ᠪᠠᠷ ᠬᠠᠯᠬ᠎ᠠ ᠮᠤᠩᠭᠤᠯ ᠤᠨ ᠬᠤᠪᠢᠰᠬᠠᠯ ᠰᠢᠷᠦᠭᠦᠰᠬᠦ ᠶᠢ | ᠲᠠᠭᠠᠯᠳᠤᠨ 1930 ᠠᠭᠠᠳ ᠤᠨ ᠳᠤ ᠨᠡᠯᠢᠶᠡᠳ ᠲᠤᠭᠠᠨ ᠤ ᠬᠠᠯᠬᠠᠴᠤᠳ ᠡᠵᠡᠨ᠎ᠡ ᠨᠤᠳᠤᠭ ᠲᠤ ᠴᠠᠭᠠᠴᠢᠯᠠᠨ | ᠢᠷᠡᠵᠦ ᠨᠤᠳᠤᠭᠰᠢᠨ ᠰᠠᠭᠤᠷᠢᠰᠢᠵᠤ᠂ ᠲᠤᠷᠭᠤᠳ ᠶᠠᠰᠤᠳᠠᠨ ᠲᠠᠢ ᠤᠷᠤᠭ ᠡᠯᠢᠭᠡᠨ ᠪᠤᠯᠤᠯᠴᠠᠵᠤ ᠬᠠᠷᠢᠴᠠᠭ᠎ᠠ | ᠬᠤᠯᠪᠤᠭ᠎ᠠ ᠡᠳᠦᠷ ᠢᠷᠡᠬᠦᠶ᠎ᠡ ᠤᠯᠠᠰᠢᠷᠠᠭᠰᠠᠨ ᠶᠤᠮ᠂ ᠲᠡᠳᠡᠭᠡᠷ ᠬᠦᠮᠦᠰ ᠤᠨ ᠲᠤᠳᠤᠷ᠎ᠠ ᠠᠯᠳᠠᠨ ᠵᠠᠳᠠᠮᠪᠠ ︵ᠴᠤᠬᠤᠷ | ᠯᠠᠮᠠ︶᠂ ᠴᠢᠮᠡᠳᠳᠤᠤ᠂ ᠰᠡᠩᠭᠡ ᠵᠡᠷᠭᠡ ᠨᠡᠷᠡᠳᠡᠢ ᠪᠦᠬᠡᠴᠢᠨ ᠢᠷᠡᠵᠦ᠂ ᠱᠠᠪᠢ ᠡᠯᠰᠡᠨ ᠬᠠᠯᠬ᠎ᠠ ᠪᠦᠬᠡ ᠶᠢ | ᠲᠡᠯᠭᠡᠷᠡᠭᠦᠯᠪᠡ᠃ | ᠪᠥᠬᠡ ᠶᠢᠨ ᠶᠠᠪᠤᠳᠠᠯ ᠳᠤ ᠬᠦᠯ ᠤᠨ ᠰᠠᠶᠢᠳ ᠲᠠᠷᠤᠢ ᠪᠦᠬᠡ ᠶᠢᠨ ᠶᠡᠷᠦᠩᠭᠡᠢ ᠬᠢᠨᠠᠭᠴᠢ ︵ᠰᠢᠭᠦᠭᠴᠢ︶ ᠠᠴᠠ | ᠪᠦᠬᠡ ᠶᠢᠨ ᠪᠦᠬᠦ ᠠᠵᠢᠯ ᠢ ᠬᠠᠷᠢᠭᠤᠴᠠᠨ᠂ ᠪᠦᠬᠡ ᠲᠡᠮᠳᠡᠭᠯᠡᠭᠴᠢ᠂ ᠪᠦᠬᠡ ᠶᠢᠨ ᠵᠠᠰᠠᠭᠤᠯᠴᠢᠨ ᠨᠠᠷ ᠪᠤᠳᠠᠳᠠᠢ ᠠᠵᠢᠯ | ᠬᠢᠳᠡᠭ᠂ ᠲᠡᠳᠡ ᠦᠪᠡᠷᠰᠡᠳ ᠤᠨ ᠲᠡᠪᠡᠯ ᠲᠡᠷᠯᠢᠭ ᠢᠶᠠᠨ ᠡᠮᠦᠰᠦᠨ ᠬᠤᠪᠢᠶᠠᠷᠢᠯᠠᠭᠰᠠᠨ ᠠᠵᠢᠯ ᠢᠶᠠᠨ ᠭᠦᠢᠴᠡᠳᠬᠡᠨ᠎ᠡ᠃ | ᠪᠦᠬᠦ ᠨᠠᠶᠢᠷ ᠲᠤ ᠨᠠᠢᠮᠠᠨ ᠪᠦᠬᠡ ᠶᠢᠨ ᠵᠠᠰᠠᠭᠤᠯᠴᠢᠨ ᠲᠤᠬᠢᠷᠠᠭᠤᠯᠬᠤ ᠪᠦᠭᠡᠳ ᠨᠢᠬᠡ ᠵᠠᠰᠠᠭᠤᠯᠴᠢᠨ ᠨᠢᠭᠡ ᠪᠦᠬᠡ ᠶᠢ | ᠲᠠᠭᠠᠵᠤ ᠵᠠᠯᠠᠵᠤ ᠵᠠᠰᠠᠬᠤ ᠠᠵᠢᠯ ᠬᠢᠨ᠎ᠡ᠂ ᠪᠦᠬᠡ ᠶᠢᠨ ᠵᠠᠰᠠᠭᠤᠯᠴᠢᠨ ᠢᠶᠠᠷ ᠪᠦᠬᠡ ᠶᠢᠨ ᠶᠤᠰᠤ ᠤᠴᠢᠷ ᠰᠠᠶᠢᠨ | ᠮᠡᠳᠡᠳᠡᠭ ᠮᠦᠷᠳᠡᠭᠡᠨ ᠪᠦᠬᠡ ᠶᠢᠨ ᠴᠤᠯᠠ ᠭᠤᠩᠰᠢᠨ ᠲᠠᠭᠤᠳᠠᠵᠤ ᠴᠢᠳᠠᠳᠠᠭ ᠬᠦᠮᠦᠨ ᠲᠠᠯᠪᠢᠳᠠᠭ᠂ ᠤᠯᠠᠩᠬᠢ | ᠪᠠᠶᠢᠳᠠᠯ ᠳᠤ ᠨᠢᠭᠡ ᠲᠠᠯ᠎ᠠ ᠠᠴᠠ ᠨᠢᠭᠡ ᠤᠳᠠᠭ᠎ᠠ ᠳᠤ ᠲᠦᠷᠪᠡᠨ ᠪᠦᠬᠡ ᠲᠠᠯᠪᠢᠨ ᠪᠠᠷᠢᠯᠳᠤᠭᠤᠯᠳᠠᠭ ᠪᠠᠶᠢᠵᠠᠢ᠂ | ᠲᠡᠷᠢᠭᠦᠨ ᠲᠡᠳ᠋ ᠪᠦᠬᠡ ᠦᠯᠡᠳᠡᠭᠰᠡᠨ ᠦᠶ᠎ᠡ ᠳᠤ ᠬᠠᠷᠢᠨ ᠨᠢᠭᠡ ᠪᠦᠬᠡ ᠳᠤ ᠬᠤᠶᠠᠷ ᠵᠠᠰᠠᠭᠤᠯᠴᠢᠨ ᠲᠤᠬᠢᠷᠠᠭᠤᠯᠤᠨ᠂ | ᠨᠢᠭᠡ ᠨᠢ ᠲᠤᠰᠬᠠᠶᠢᠯᠠᠨ ᠮᠠᠯᠠᠭᠠᠢ ᠶᠢ ᠪᠠᠷᠠᠭᠤᠨ ᠭᠠᠷ ᠲᠠᠭᠠᠨ ᠡᠷᠭᠦᠨ᠂ ᠨᠦᠭᠦᠭᠡ ᠨᠢ ᠬᠤᠪᠴᠠᠰᠤ ᠵᠠᠰᠠᠯ ᠢ ᠨᠢ | ᠪᠠᠷᠢᠵᠤ ᠦᠭᠭᠦ ᠶᠤᠰᠤ ᠲᠠᠢ ᠪᠠᠶᠢᠭᠰᠠᠨ ᠪᠠᠶᠢᠨ᠎ᠠ᠃ | ᠦᠷᠡᠰ ᠨᠠᠶᠢᠷ᠂ ᠬᠤᠩᠭᠤᠷ ᠤᠨ ᠨᠠᠶᠢᠷ᠂ ᠡᠵᠡᠢ ᠯᠠᠮᠠ ᠶᠢᠨ ᠨᠠᠰᠤᠨ ᠪᠠᠶᠠᠷ ᠵᠡᠷᠭᠡ ᠲᠤᠮᠤᠬᠠᠨ ᠨᠠᠶᠢᠷ | ᠨᠠᠭᠠᠳᠤᠮ ᠳᠤ ᠲᠠᠮᠠᠭᠠᠨ ᠭᠠᠵᠠᠷ ᠠᠴᠠ ᠪᠡᠯᠡᠳᠦᠭᠰᠡᠨ ᠲᠤᠷᠭᠠᠨ ᠵᠤᠳᠤᠭ ᠱᠤᠳᠠᠭ ᠡᠮᠦᠰᠦᠨ ᠪᠠᠷᠢᠯᠳᠤᠬᠤ ᠪᠦᠭᠡᠳ | ᠤᠪᠤᠭᠠᠨ ᠲᠠᠬᠢᠯᠭ᠎ᠠ᠂ ᠵᠥᠩᠵᠢᠷ ᠮᠠᠶᠢᠳᠠᠷᠢ ᠵᠡᠷᠭᠡ ᠪᠠᠭ᠎ᠠ ᠴᠤᠭᠯᠠᠭᠠᠨ ᠳᠤ ᠵᠤᠳᠤᠭ ᠱᠤᠳᠠᠭ ᠲᠠᠢ ᠪᠦᠬᠡᠴᠦᠳ | ᠦᠪᠡᠷ ᠤᠨ ᠬᠢ ᠪᠠᠨ ᠡᠮᠦᠰᠦᠨ ᠪᠠᠷᠢᠯᠳᠤᠵᠤ᠂ ᠵᠤᠳᠤᠭ ᠱᠤᠳᠠᠭ ᠦᠭᠡᠢ ᠨᠢ ᠦᠮᠦᠳᠦ ᠪᠠᠨ ᠲᠡᠭᠡᠭᠰᠢ ᠰᠢᠭᠤᠨ ᠪᠦᠰᠡ | ᠪᠦᠰᠡᠯᠡᠵᠦ ᠪᠠᠷᠢᠯᠳᠤᠳᠠᠭ ᠪᠠᠶᠢᠵᠠᠢ᠂ ᠡᠩ ᠤᠨ ᠴᠠᠭ ᠲᠤ ᠬᠤᠶᠠᠷ ᠬᠦᠮᠦᠨ ᠬᠦᠴᠦ ᠲᠡᠩᠭᠡᠭᠡ᠂ ᠤᠪᠰᠤ ᠮᠡᠭᠡ ᠪᠠᠨ | ᠰᠤᠷᠢᠯᠴᠠᠬᠤ ᠪᠠᠷ ᠨᠤᠤᠯᠳᠤᠬᠤ ᠳᠤ ᠪᠦᠰᠡ ᠪᠦᠰᠡᠯᠡᠨ ᠪᠠᠷᠢᠯᠳᠤᠳᠠᠭ ᠪᠠᠶᠢᠭᠰᠠᠨ ᠭᠡᠵᠦ ᠪᠤᠢ᠂ ᠲᠡᠭᠡᠬᠦ ᠳᠡᠭᠡᠨ | ᠲᠤᠷᠭᠤᠳ ᠪᠦᠬᠡ ᠲᠠᠢ ᠠᠳᠠᠯᠢ ᠬᠦᠯ ᠨᠢᠴᠦᠭᠦᠨ ᠪᠠᠷᠢᠯᠳᠤᠬᠤ ᠪᠢᠰᠢ᠂ ᠬᠠᠷᠢᠨ ᠪᠤᠯᠢᠭᠠᠷᠢ ᠪᠤᠶᠤ ᠺᠦᠮ ︵ᠰᠢᠷᠢ︶ | ᠭᠤᠳᠤᠯ ᠡᠮᠦᠰᠦᠨ ᠪᠠᠷᠢᠯᠳᠤᠳᠠᠭ᠃ ᠬᠠᠯᠬ᠎ᠠ ᠪᠦᠬᠡ ᠪᠤᠯ ᠲᠠᠪᠠᠭ᠎ᠠ ᠲᠠᠢ ᠪᠦᠬᠡ᠂ ᠲᠠᠷᠤᠢ ᠤᠯᠠᠨ ᠨᠤᠭᠤᠯᠤᠭ᠎ᠠ ᠲᠠᠢ | ᠪᠦᠬᠡ ᠪᠤᠯᠤᠨ᠎ᠠ᠃ ᠲᠡᠭᠦᠨ ᠢ ᠤᠨᠤᠭ᠎ᠠ ᠲᠠᠭᠠᠷᠠᠭᠤᠯᠤᠨ ᠪᠠᠷᠢᠯᠳᠤᠬᠤ ᠪᠦᠭᠡᠳ ᠤᠯᠠᠨ ᠲᠠᠪᠠᠭ᠎ᠠ ᠲᠠᠪᠠᠭᠰᠠᠨ ᠪᠦᠬᠡ | ᠦᠵᠦᠭᠦᠷᠯᠡᠨ᠎ᠡ᠃ ᠪᠠᠷᠢᠯᠳᠤᠭᠠᠨ ᠤ ᠶᠠᠪᠤᠴᠠ ᠳᠤ ᠪᠦᠬᠡ ᠶᠢᠨ ᠲᠡᠶᠢᠯᠵᠦ ᠲᠡᠶᠢᠯᠦᠭᠳᠡᠬᠦ ᠶᠢ ᠪᠡᠶ᠎ᠡ ᠶᠢᠨ ᠠᠯᠢ ᠨᠢᠭᠡ | ᠡᠷᠭᠡᠳᠡᠨ ᠭᠠᠵᠠᠷ ᠬᠦᠷᠦᠭᠰᠡᠨ ᠡᠰᠡᠬᠦ ᠪᠠᠷ ᠪᠤᠳᠤᠵᠤ᠂ ᠭᠠᠷ ᠭᠠᠵᠠᠷ ᠬᠦᠷᠬᠦ᠂ ᠡᠪᠦᠳᠦᠭ ᠰᠢᠷᠦ᠋ᠢᠳᠠᠬᠤ ᠶᠢ ᠪᠦᠷ | ᠲᠡᠶᠢᠯᠦᠭᠳᠡᠭᠰᠡᠨ ᠢᠶᠠᠷ ᠲᠤᠭᠠᠴᠠᠳᠠᠭ ᠪᠠᠶᠢᠵᠠᠢ᠂ ᠡᠨᠡ ᠲᠠᠯ᠎ᠠ ᠪᠠᠷ ᠲᠤᠷᠭᠤᠳ ᠪᠦᠬᠡ ᠶᠢᠨ ᠢᠯᠠᠵᠤ ᠢᠯᠠᠭᠳᠠᠬᠤ | ᠪᠠᠷᠢᠮᠵᠢᠶ᠎ᠠ ᠲᠠᠢ ᠡᠷᠡᠰ ᠤᠨᠳᠤᠤ ᠪᠠᠶᠢᠭ᠎ᠠ᠃ ᠪᠦᠬᠡ ᠶᠢᠨ ᠲᠦᠷᠢᠮ ᠤᠨ ᠲᠠᠯ᠎ᠠ ᠪᠠᠷ ᠤᠳᠤᠬᠢ ᠵᠤᠳᠤᠭ ᠪᠦᠬᠡ | ︵ᠲᠠᠷᠤᠢ ᠦᠵᠦᠮᠦᠴᠢᠨ ᠮᠠᠶ᠋ᠢᠭ ᠤᠨ ᠪᠦᠬᠡ︶ ᠬᠦᠯ ᠠᠪᠴᠤ ᠦᠯᠦ ᠪᠤᠯᠬᠤ ᠲᠤᠭᠳᠠᠭᠠᠯ ᠲᠠᠢ ᠪᠠᠶᠢᠬᠤ ᠳᠤ ᠬᠠᠯᠬ᠎ᠠ | ᠪᠦᠬᠡ ᠬᠠᠷᠢᠨ ᠡᠨᠡ ᠲᠠᠯ᠎ᠠ ᠪᠠᠷ ᠴᠢᠯᠦᠭᠡᠳᠡᠢ ᠪᠠᠶᠢᠬᠤ ᠤᠨᠴᠠᠯᠢᠭ ᠲᠠᠢ᠃ ᠪᠠᠷᠢᠯᠳᠤᠭᠠᠨ ᠤ ᠶᠠᠪᠤᠴᠠ ᠳᠤ ᠨᠢᠭᠤᠷ | ᠨᠢᠳᠦ ᠰᠠᠮᠤᠷᠳᠠᠬᠤ᠂ ᠲᠤᠯᠤᠭᠠᠢ ᠲᠦᠷᠦᠭᠦᠦ ᠤᠷᠤᠭᠤ ᠰᠢᠭᠠᠬᠤ᠂ ᠡᠷᠢᠭᠡ ᠬᠤᠷᠢᠭ᠎ᠠ ᠦᠭᠡᠢ ᠢᠰᠭᠦᠯᠬᠦ ᠵᠡᠷᠭᠡ ᠶᠢ | ᠡᠷᠡᠰ ᠴᠠᠭᠠᠵᠠᠯᠠᠨ᠎ᠠ᠃ ᠨᠢᠭᠡ ᠶᠢᠨ ᠲᠠᠪᠠᠭ᠎ᠠ ᠳᠤ ᠨᠡᠷᠡᠳᠡᠢ ᠴᠤᠯᠠ ᠲᠠᠢ ᠪᠦᠬᠡᠴᠦᠳ ᠲᠤ ᠪᠦᠬᠡ ᠶᠢᠨ ᠠᠮᠠ ᠦᠭᠴᠦ | ᠪᠠᠷᠢᠯᠳᠤᠭᠤᠯᠤᠨ᠎ᠠ᠂ ᠲᠠᠷᠤᠢ ᠪᠠᠷᠢᠯᠳᠤᠬᠤ ᠮᠡᠭᠡ ᠮᠡᠷᠭᠡᠵᠢᠯ ᠢᠶᠠᠷ ᠠᠨᠠᠢ ᠪᠦᠬᠡ ᠪᠤᠶᠤ ᠬᠡᠦᠬᠡᠳ ᠪᠦᠬᠡ ᠤᠨᠤᠭᠠᠨ | ᠪᠠᠷᠢᠯᠳᠤᠭᠤᠯᠳᠠᠭ᠂ ᠡᠭᠦᠨ ᠢ ᠠᠮᠠ ᠦᠭᠬᠦ ᠶᠤᠰᠤ ᠭᠡᠳᠡᠭ᠃ ᠪᠦᠬᠡ ᠶᠢᠨ ᠤᠴᠢᠷ ᠲᠡᠭᠡᠷ᠎ᠡ ᠴᠢᠯᠦᠭᠡᠯᠡᠬᠦ ᠪᠤᠯᠳᠠᠯ᠎ᠠ | ᠨᠢᠭᠡ ᠶᠢᠨ ᠲᠠᠪᠠᠭ᠎ᠠ ᠰᠢᠪᠳᠤᠷᠠᠪᠠ᠂ ᠬᠤᠶᠠᠷ ᠤᠨ ᠲᠠᠪᠠᠭ᠎ᠠ ᠡᠬᠢᠯᠡᠬᠦ ᠪᠠᠷ ᠪᠠᠶᠢᠨ᠎ᠠ ᠭᠡᠬᠦ ᠮᠡᠳᠦ ᠪᠠᠷ ᠬᠤᠶᠠᠷ ᠬᠢᠶ᠎ᠠ | ᠵᠠᠰᠠᠭ ᠨᠤᠶᠠᠨ ᠤ ᠡᠮᠦᠨ᠎ᠡ ᠰᠦᠬᠦᠷᠡᠨ ᠪᠠᠶᠢᠵᠤ ᠠᠶᠢᠯᠠᠳᠳᠠᠭ ᠪᠠᠶᠢᠵᠠᠢ᠃ | ᠴᠢᠯᠦᠭᠡᠯᠡᠬᠦ ᠠᠴᠠ ᠡᠮᠦᠨ᠎ᠡ ᠪᠦᠬᠡᠴᠦᠳ ᠢᠶᠠᠨ ᠮᠦᠨ ᠲᠤᠷᠭᠤᠳ ᠪᠦᠬᠡ ᠲᠠᠢ ᠠᠳᠠᠯᠢ ᠬᠠᠷ᠎ᠠ ᠶᠢᠨ ᠲᠠᠯ᠎ᠠ ᠶᠢᠨ | ᠪᠦᠬᠡᠴᠦᠳ᠂ ᠰᠢᠷ᠎ᠠ ᠶᠢᠨ ᠲᠠᠯ᠎ᠠ ᠶᠢᠨ ᠪᠦᠬᠡᠴᠦᠳ ᠭᠡᠮᠡᠨ ᠬᠤᠪᠢᠶᠠᠨ ᠲᠡᠩᠰᠡᠯᠡᠵᠦ᠂ ᠬᠠᠷ᠎ᠠ ᠶᠢᠨ ᠲᠠᠯ᠎ᠠ ᠶᠢᠨ | ᠪᠦᠬᠡ ᠶᠢ ᠪᠠᠷᠠᠭᠤᠨ ᠲᠠᠯ᠎ᠠ ᠠᠴᠠ᠂ ᠰᠢᠷ᠎ᠠ ᠶᠢᠨ ᠲᠠᠯ᠎ᠠ ᠶᠢᠨ ᠪᠦᠬᠡ ᠶᠢ ᠵᠡᠭᠦᠨ ᠲᠠᠯ᠎ᠠ ᠠᠴᠠ ᠭᠠᠷᠭᠠᠬᠤ ᠶᠤᠰᠤ ᠲᠠᠢ | ᠪᠠᠶᠢᠭᠰᠠᠨ ᠪᠦᠭᠡᠳ ᠪᠦᠬᠡ ᠶᠢᠨ ᠵᠠᠰᠠᠭᠤᠯᠴᠢᠳ ᠲᠤᠰ ᠲᠤᠰ ᠤᠨ ᠭᠡᠷ ᠤᠨ ᠡᠭᠦᠳᠡᠨ ᠳᠤ ᠵᠡᠷᠭᠡᠴᠡᠨ ᠵᠤᠭᠰᠤᠭᠠᠳ | ᠵᠡᠭᠦᠨ ᠭᠠᠷ ᠢᠶᠠᠷ ᠢᠶᠠᠨ ᠰᠦᠪᠡᠭᠡ ᠪᠠᠨ ᠲᠤᠯᠤᠨ᠂ ᠪᠠᠷᠠᠭᠤᠨ ᠭᠠᠷ ᠲᠠᠭᠠᠨ ᠵᠤᠳᠤᠭ ᠱᠤᠳᠠᠭ ᠪᠠᠷᠢᠨ ᠭᠤᠷᠪᠠᠨ | ᠤᠳᠠᠭ᠎ᠠ ᠨᠠᠷᠠ ᠵᠦᠪ ᠡᠷᠭᠢᠭᠦᠯᠦᠨ ᠬᠤᠷᠦ᠋ᠢᠯᠠᠵᠤ᠂ ︽ᠪᠦᠬᠡᠴᠦᠳ ᠴᠤᠭᠯᠠᠷᠠ︕ ᠪᠦᠬᠡᠴᠦᠳ ᠴᠤᠭᠯᠠᠷᠠ︕︾ | ᠭᠡᠮᠡᠨ ᠦᠨᠳᠦᠷ ᠲᠠᠭᠤᠨ ᠢᠶᠠᠷ ᠲᠠᠯᠠᠯᠤᠨ ᠲᠠᠭᠤᠳᠠᠬᠤ ᠳᠤ ᠪᠦᠬᠡᠴᠦᠳ ᠴᠤᠭᠯᠠᠷᠠᠨ ᠦᠪᠡᠷᠰᠡᠳ ᠤᠨ ᠭᠡᠷ | ᠮᠠᠶᠢᠬᠠᠨ ᠳᠤ ᠤᠷᠤᠨ ᠬᠤᠪᠴᠠᠰᠤᠯᠠᠵᠤ ᠡᠬᠢᠯᠡᠨ᠎ᠡ᠃ ᠠᠯᠢ ᠲᠠᠯ᠎ᠠ ᠶᠢᠨ ᠪᠦᠬᠡ ᠪᠡᠯᠡᠳᠬᠡᠵᠦ ᠭᠦᠢᠴᠡᠭᠰᠡᠨ ᠪᠤᠯ ᠲᠡᠷᠡ | ᠲᠠᠯ᠎ᠠ ᠶᠢᠨ ᠵᠠᠰᠠᠭᠤᠯᠴᠢᠨ ᠠᠴᠠ ᠨᠦᠭᠦᠭᠡ ᠲᠠᠯ᠎ᠠ ᠳᠠᠭᠠᠨ᠄ ︽ᠰᠢᠮᠳᠠᠵᠤ ᠭᠠᠷ ᠡ︕ ᠪᠦᠬᠡ ᠴᠢᠯᠡᠯᠡ︾ ᠭᠡᠨ᠎ᠡ᠂ | ᠲᠡᠭᠡᠬᠦ ᠳᠤ ᠨᠦᠭᠦᠭᠡ ᠲᠠᠯ᠎ᠠ ᠶᠢᠨ ᠵᠠᠰᠠᠭᠤᠯᠴᠢᠨ ᠠᠴᠠ᠄ ︽ᠵᠤᠳᠤᠭ ᠱᠤᠳᠠᠭ ᠪᠠᠭᠳᠠᠭᠠᠳᠤᠢ ᠪᠠᠶᠢᠨ᠎ᠠ᠂ ᠭᠠᠷᠤᠭᠠᠳ | ᠢᠷᠡᠬᠦ ᠳᠤ ᠭᠠᠶᠢᠬᠠᠵᠤ ᠦᠵᠡᠭᠡᠷᠡᠢ︕︾ ᠭᠡᠨ᠎ᠡ᠃ ᠬᠤᠶᠠᠷ ᠲᠠᠯ᠎ᠠ ᠪᠠᠷ ᠢᠶᠠᠨ ᠪᠡᠯᠡᠳᠬᠡᠵᠦ ᠪᠠᠷᠠᠪᠠᠯ | ᠪᠦᠬᠡᠴᠦᠳ ᠢᠶᠠᠨ ᠪᠦᠬᠡ ᠶᠢᠨ ᠲᠠᠯᠠᠪᠠᠢ ᠳᠤ ᠤᠷᠢᠬᠤ ᠶᠢᠨ ᠬᠠᠮᠳᠤ ᠲᠤᠰ ᠲᠤᠰ ᠤᠨ ᠪᠦᠬᠡ ᠶᠢᠨ ᠢᠶᠠᠨ ᠴᠤᠯᠠ | ᠭᠤᠩᠰᠢᠨ ᠢ ᠲᠠᠭᠤᠳᠠᠨ᠂ ᠲᠡᠳᠡᠨ ᠤ ᠭᠡᠢ ᠮᠤᠷᠢ ᠰᠦᠯᠳᠡ ᠶᠢ ᠮᠠᠨᠳᠤᠭᠤᠯᠳᠠᠭ ᠪᠠᠶᠢᠵᠠᠢ᠃ ᠵᠢᠱᠢᠶᠡᠯᠡᠵᠦ ᠬᠡᠯᠡᠪᠡᠯ᠄ | ᠬᠠᠷ᠎ᠠ ᠶᠢᠨ ᠲᠠᠯ᠎ᠠ ᠶᠢᠨ ᠠᠪᠤᠷᠭᠤ ᠪᠦᠬᠡ ᠴᠠᠭᠠᠨᠬᠦᠦ ᠶᠢ ᠲᠠᠯᠪᠢᠬᠤ ᠳᠠᠭᠠᠨ᠄ ︽ᠲᠡᠷᠡ ᠪᠦᠬᠡ ᠬᠡᠨ ᠤ ᠭᠡᠨ ᠪᠤᠢ︖ | ᠡᠵᠡᠨ᠎ᠡ ᠬᠠᠭᠤᠴᠢᠨ ᠲᠤᠷᠭᠤᠳ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ᠂ ᠰᠧᠯᠢᠩ ᠨᠤᠶᠠᠨ ᠯᠾᠠᠸᠠᠩᠵᠠᠪ | ᠲᠠᠨ᠎ᠠ ᠪᠦᠬᠡ ᠡ᠂ ᠯᠤᠤ ᠶᠢᠨ ᠴᠠᠬᠢᠯᠭᠠᠨ ᠢᠶᠠᠷ ᠰᠦᠷ ᠢ ᠪᠠᠳᠠᠷᠠᠭᠤᠯᠤᠭᠴᠢ ᠦᠨᠡᠨ ᠬᠦᠴᠦᠳᠦ ᠬᠠᠷᠴᠠᠭᠠᠢ᠂ | ᠨᠠᠴᠢᠨᠱᠤᠩᠬᠤᠷ ᠴᠠᠭᠠᠨᠬᠦᠦ︕︾ ᠭᠡᠮᠡᠨ ᠭᠤᠩᠰᠢᠨ ᠴᠤᠯᠠ ᠶᠢ ᠲᠠᠭᠤᠳᠠᠨ ᠭᠠᠷᠭᠠᠬᠤ ᠳᠤ ᠰᠢᠷ᠎ᠠ ᠶᠢᠨ | ᠲᠠᠯ᠎ᠠ ᠶᠢᠨ ᠬᠢᠨ ᠴᠤᠯᠠ ᠲᠠᠢ ᠪᠦᠬᠡ ᠪᠠᠨ᠄ ︽ᠲᠡᠷᠡ ᠪᠦᠬᠡ ᠬᠡᠨ ᠤ ᠬᠡᠨ ᠪᠤᠢ︖ ᠡᠵᠡᠨ᠎ᠡ ᠬᠠᠭᠤᠴᠢᠨ ᠲᠤᠷᠭᠤᠳ | ᠬᠤᠰᠢᠭᠤᠨ ᠤ ᠸᠴᠢᠷ ᠳ᠋ᠠᠷ᠎ᠠ ᠨᠤᠮᠴᠢ ᠮᠡᠷᠭᠡᠨ ᠺᠠᠮᠪᠤ ᠬᠤᠪᠢᠯᠭᠠᠨ ᠡᠵᠡᠢ ᠯᠠᠮᠠ ᠲᠠᠨ᠎ᠠ ᠨᠠᠴᠢᠨ ᠱᠤᠩᠬᠤᠷ ᠴᠤᠯᠠ ᠲᠠᠢ | ᠪᠦᠬᠡ ᠨᠢᠮ᠎ᠠ︾ ᠭᠡᠮᠡᠨ ᠲᠠᠭᠤᠳᠠᠨ ᠭᠠᠷᠭᠠᠨ᠎ᠠ᠃ ᠪᠦᠬᠡᠴᠦᠳ ᠴᠤ ᠭᠤᠩᠰᠢᠨ ᠴᠤᠯᠠ ᠶᠢᠨ ᠠᠶ᠎ᠠ ᠲᠤᠮᠳᠠ ᠠᠷᠢᠶᠠᠳᠠᠨ | ᠵᠢᠭᠦᠷᠳᠡᠨ ᠤ ᠲᠡᠪᠢᠯᠭᠡ ᠪᠠᠷ ᠲᠠᠯᠠᠪᠤᠷ ᠲᠤ ᠲᠡᠯᠡᠨ ᠭᠠᠷᠴᠤ᠂ ᠭᠤᠤᠯ ᠠᠰᠠᠷ ᠤᠨ ᠡᠮᠦᠨ᠎ᠡ ᠬᠦᠷᠴᠦ ᠨᠤᠶᠠᠳ ᠰᠠᠶᠢᠳ | ᠭᠡᠭᠡᠨ ᠯᠠᠮᠠ ᠳᠤ ᠬᠤᠶᠠᠷ ᠠᠯᠠᠭ᠎ᠠ ᠪᠠᠨ ᠬᠠᠪᠰᠤᠷᠴᠤ ᠨᠠᠮᠠᠨᠴᠢᠯᠠᠨ ᠮᠦᠷᠭᠦᠭᠡᠳ᠂ ᠪᠦᠬᠡ ᠶᠢᠨ ᠵᠠᠰᠠᠭᠤᠯᠴᠢᠨ ᠤ | ᠲᠤᠬᠢᠶ᠎ᠠ ᠪᠠᠷ ᠤᠨᠤᠭᠠᠯᠳᠠ ᠶᠢᠨ ᠪᠦᠬᠡ ᠲᠠᠢ ᠪᠠᠨ ᠪᠠᠷᠢᠯᠳᠤᠵᠤ ᠡᠬᠢᠯᠡᠨ᠎ᠡ᠃ | ᠦᠷᠡᠰ ᠨᠠᠶᠢᠷ᠂ ᠵᠡᠷᠭᠡ ᠰᠢᠷᠠᠬᠤ ᠨᠠᠶᠢᠷ ᠵᠡᠷᠭᠡ ᠶᠡᠭᠡ ᠨᠠᠶᠢᠷ ᠲᠤ ᠪᠠᠷᠤᠭ 128 ᠪᠦᠬᠡ᠂ ᠤᠪᠤᠭᠠᠨ ᠨᠠᠶᠢᠷ ᠲᠤ | ᠪᠠᠷᠤᠭ ᠲᠠᠭᠠᠨ 64 ᠪᠦᠬᠡ ᠲᠠᠯᠪᠢᠳᠠᠭ ᠪᠠᠶᠢᠭᠰᠠᠨ ᠪᠦᠭᠡᠳ ᠮᠦᠷᠦ᠋ᠢᠴᠡᠭᠡᠨ ᠤ ᠳ᠋ᠦᠩ ᠳᠤ ᠠᠳᠠᠯᠢ ᠪᠤᠰᠤ | ᠲᠠᠪᠠᠭ᠎ᠠ ᠶᠢᠨ ᠪᠦᠬᠡ ᠪᠠ ᠲᠡᠷᠢᠭᠦᠨ ᠲᠡᠳ᠋ ᠪᠦᠬᠡ ᠢᠯᠭᠠᠷᠠᠨ ᠭᠠᠷᠬᠤ ᠪᠤᠯᠤᠨ᠎ᠠ᠃ ᠲᠡᠷᠢᠭᠦᠨ ᠪᠦᠬᠡ ᠶᠡᠷᠦ ᠳᠡᠭᠡᠨ | ᠵᠢᠷᠭᠤᠭ᠎ᠠ ᠪᠤᠶᠤ ᠲᠤᠯᠤᠭᠠᠨ ᠲᠠᠪᠠᠭ᠎ᠠ ᠲᠠᠪᠠᠵᠤ ᠪᠠᠶᠢᠵᠤ ᠰᠠᠶ᠋ᠢ ᠮᠠᠩᠨᠠᠢ ᠶᠢᠨ ᠪᠦᠬᠡ ᠪᠤᠯᠳᠠᠭ᠃ ᠲᠠᠪᠠᠭ᠎ᠠ ᠲᠠᠢ | ᠪᠠᠷᠢᠯᠳᠤᠭᠠᠨ ᠳᠤ ᠠᠬ᠎ᠠ ᠲᠡᠭᠦᠦ ᠬᠤᠶᠠᠷ ᠤᠨᠤᠭᠤ ᠲᠠᠭᠠᠷᠠᠬᠤ ᠪᠤᠶᠤ ᠪᠠᠭᠰᠢ ᠱᠠᠪᠢ ᠬᠤᠶᠠᠷ ᠲᠠᠭᠠᠷᠠᠬᠤ ᠦᠶ᠎ᠡ ᠳᠤ | ᠨᠢᠭᠡ ᠨᠢ ᠨᠦᠭᠦᠭᠡ ᠳᠡᠭᠡᠨ ᠨᠠᠶᠢᠷ ᠲᠠᠯᠪᠢᠨ ᠪᠠᠭᠤᠵᠤ ᠦᠭᠬᠦ ᠶᠠᠪᠤᠳᠠᠯ ᠲᠤᠬᠢᠶᠠᠯᠳᠤᠳᠠᠭ᠂ ᠡᠨᠡ ᠦᠶ᠎ᠡ ᠳᠤ ᠱᠤ ᠳᠤ | ᠰᠠᠭᠤᠬᠤ ᠪᠦᠬᠡᠴᠢᠨ ᠭᠡᠵᠦ ᠭᠠᠷᠤᠨ᠎ᠠ᠂ ᠲᠡᠶᠢᠮᠦ ᠪᠦᠬᠡ ᠨᠢᠭᠡ ᠲᠠᠪᠠᠭ᠎ᠠ ᠳᠤ ᠪᠠᠷᠢᠯᠳᠤᠬᠤ ᠦᠭᠡᠢ ᠦᠩᠭᠡᠷᠡᠨ᠂ | ᠭᠤᠷᠪᠠ ᠲᠦᠷᠪᠡᠳᠦᠭᠡᠷ ᠨᠡᠷ᠎ᠡ ᠪᠤᠶᠤ ᠲᠡᠷᠢᠭᠦᠨ ᠲᠡᠳ᠋ ᠢ ᠪᠤᠯᠢᠶᠠᠯᠳᠤᠬᠤ ᠵᠠᠪᠰᠢᠶᠠᠨ ︵ᠲᠤᠬᠢᠶᠠᠯ︶ ᠲᠠᠢ ᠪᠤᠯᠳᠠᠭ᠃ | ᠲᠤᠬᠠᠢ ᠶᠢᠨ ᠬᠤᠶᠠᠷ ᠪᠦᠬᠡ ᠬᠦᠴᠦ ᠲᠡᠩᠴᠡᠨ ᠤᠳᠠᠪᠠᠯ ᠬᠠᠶᠢᠮ ︵ᠲᠡᠩᠴᠡᠬᠦ︶ ᠪᠤᠯᠤᠭᠰᠠᠨ ᠢᠶᠠᠷ ᠪᠤᠳᠤᠭᠠᠳ | ᠲᠠᠬᠢᠵᠤ ᠪᠠᠷᠢᠯᠳᠤᠭᠤᠯᠤᠨ ᠰᠢᠭᠦᠯᠳᠡ ᠭᠠᠷᠭᠠᠨ᠎ᠠ᠃ ᠪᠦᠬᠡᠴᠢᠨ ᠪᠠᠷᠢᠯᠳᠤᠵᠤ ᠪᠠᠷᠠᠭᠠᠳ ᠰᠢᠭᠦᠭᠰᠡᠨ ᠨᠢᠭᠡ ᠨᠢ | ᠰᠢᠭᠦᠭᠳᠡᠭᠰᠡᠨ ᠨᠢᠭᠡ ᠪᠠᠨ ᠲᠠᠳᠠᠵᠤ ᠪᠤᠰᠬᠠᠭᠠᠳ ᠰᠢᠷᠤᠢ ᠶᠢ ᠨᠢ ᠭᠦᠪᠢᠵᠦ ᠦᠭᠬᠦ ᠳᠤ ᠤᠨᠠᠭᠰᠠᠨ ᠪᠦᠬᠡ ᠨᠦᠭᠦᠭᠡ | ᠪᠦᠬᠡ ᠶᠢᠨ ᠢᠶᠠᠨ ᠵᠡᠭᠦᠨ ᠰᠤᠭᠤᠨ ᠲᠤᠤᠭᠤᠷ ᠭᠠᠷᠤᠭᠠᠳ ᠲᠠᠯᠠᠪᠤᠷ ᠠᠴᠠ ᠲᠡᠯᠡᠵᠤ ᠪᠠᠭᠤᠨ᠎ᠠ᠃ ᠰᠢᠭᠦᠭᠰᠡᠨ ᠪᠦᠬᠡ | ᠨᠤᠶᠠᠳ ᠰᠠᠶᠢᠳ ᠲᠤ ᠮᠦᠷᠭᠦᠭᠡᠳ ᠬᠦᠯ ᠤᠨ ᠰᠠᠶᠢᠳ ᠠᠴᠠ ᠰᠠᠴᠤᠯᠢ ᠶᠢᠨ ᠪᠤᠤᠪᠤ ᠰᠢᠬᠢᠷ ᠠᠪᠴᠤ ᠲᠡᠭᠡᠳᠦ ᠲᠡᠭᠷᠢ | ᠲᠡᠷᠭᠡᠳᠡ ᠤᠯᠠᠨ ᠳᠤ ᠰᠠᠴᠤᠨ ᠦᠭᠳᠡᠭ᠃ ᠪᠠᠷᠢᠯᠳᠤᠭᠠᠨ ᠲᠡᠭᠦᠰᠦᠭᠰᠡᠭᠡᠷ ᠪᠦᠬᠡ ᠶᠢᠨ ᠶᠠᠪᠤᠳᠠᠯ | ᠬᠠᠮᠢᠶᠠᠷᠤᠭᠴᠢᠳ ᠠᠴᠠ ᠴᠤᠯᠠᠯᠠᠬᠤ ᠶᠤᠰᠤᠳᠠᠢ ᠪᠦᠬᠡᠴᠦᠳ ᠲᠤ ᠴᠤᠯᠠ ᠴᠢᠮᠡᠭ ᠤᠯᠭᠤᠬᠤ ᠶᠢᠨ ᠬᠠᠮᠳᠤ ᠲᠡᠷᠢᠭᠦᠨ | ᠪᠦᠬᠡ ᠳᠡᠭᠡᠨ ᠲᠤᠰᠬᠠᠢ ᠢᠷᠦᠭᠡᠯᠴᠢ ᠵᠠᠯᠠᠵᠤ ︽ᠪᠦᠬᠡ ᠶᠢᠨ ᠮᠠᠭᠳᠠᠭᠠᠯ︾ ᠲᠠᠯᠪᠢᠭᠤᠯᠤᠨ ᠪᠦᠬᠡᠴᠦᠳ ᠢᠶᠠᠨ | ᠮᠠᠭᠳᠠᠵᠤ ᠤᠯᠠᠨ ᠢᠶᠠᠨ ᠪᠠᠶᠠᠰᠬᠠᠨ᠎ᠠ᠃ ᠢᠩᠬᠢᠵᠦ ᠪᠠᠷᠠᠪᠠᠯ ᠬᠤᠰᠢᠭᠤ ᠵᠠᠬᠢᠷᠤᠭᠴᠢ ᠠᠴᠠ ᠪᠦᠬᠡᠴᠢᠨ ᠢᠶᠠᠨ ᠱᠠᠩᠨᠠᠵᠤ | ᠡᠬᠢᠯᠡᠨ᠎ᠡ᠃ ᠪᠦᠬᠦ ᠪᠦᠬᠡᠴᠢᠨ ᠤ ᠬᠠᠭᠠᠰ ᠢ ᠪᠦᠷ ᠱᠠᠩᠨᠠᠳᠠᠭ ᠮᠦᠷᠳᠡᠭᠡᠨ ᠲᠡᠷᠢᠭᠦᠨ ᠪᠦᠬᠡ ᠳᠤ ᠤᠯᠠᠩᠬᠢ ᠳᠠᠭᠠᠨ | ᠲᠡᠪᠡᠯ ᠤᠨ ᠲᠤᠷᠭ᠎ᠠ᠂ ᠴᠠᠢ ᠬᠠᠳᠠᠭ᠂ ᠨᠢᠭᠡ ᠲᠤᠯᠤᠭᠠᠢ ᠲᠤᠷᠳᠤᠮ ᠱᠠᠩᠨᠠᠵᠤ᠂ ᠵᠠᠷᠢᠮ ᠦᠶ᠎ᠡ ᠳᠤ ᠮᠤᠷᠢ ᠦᠭᠴᠦ᠂ | ᠲᠡᠳ᠋ ᠪᠦᠬᠡ ᠳᠤ ᠲᠡᠪᠡᠯ ᠤᠨ ᠲᠤᠷᠭ᠎ᠠ᠂ ᠴᠠᠢ ᠬᠠᠳᠠᠭ ᠪᠠᠷᠢᠵᠤ᠂ ᠪᠤᠰᠤᠳ ᠲᠤᠨᠢ ᠲᠠᠪᠠᠭᠠᠨ ᠤ ᠲᠤᠭ᠎ᠠ ᠶᠢ | ᠦᠨᠳᠦᠰᠦᠯᠡᠨ ᠠᠳᠠᠯᠢ ᠪᠤᠰᠤ ᠪᠠᠷ ᠱᠠᠩᠨᠠᠨ᠎ᠠ᠂ ᠱᠠᠩᠨᠠᠯ ᠤᠨ ᠶᠡᠭᠡ ᠪᠠᠭ᠎ᠠ ᠨᠢ ᠤᠯᠠᠩᠬᠢ ᠳᠠᠭᠠᠨ ᠡᠳ᠋ ᠤᠨ ᠵᠠᠰᠠᠭ ᠤᠨ | ᠪᠠᠶᠢᠳᠠᠯ ᠢᠶᠠᠷ ᠰᠢᠯᠳᠠᠭᠠᠯᠠᠭᠳᠠᠳᠠᠭ ᠪᠠᠶᠢᠵᠠᠢ᠃ | ᠬᠠᠯᠬ᠎ᠠ ᠪᠦᠬᠡ ᠶᠢᠨ ᠤᠪᠰᠤ ᠮᠡᠷᠭᠡᠵᠢᠯ ᠠᠯᠢ ᠤᠯᠠᠨ ᠪᠠᠶᠢᠵᠤ᠂ ᠲᠡᠳᠡᠭᠡᠷ ᠤᠨ ᠲᠤᠳᠤᠷ᠎ᠠ ᠠᠴᠠ ᠦᠷᠭᠦᠯᠵᠢ | ᠬᠡᠷᠡᠭᠯᠡᠭᠳᠡᠳᠡᠭ ᠤᠪᠰᠤ ᠭᠡᠪᠡᠯ᠄ ᠡᠭᠦᠷᠬᠦ ︵ᠠᠴᠢᠬᠤ︶᠂ ᠲᠤᠩᠭᠤᠷᠠᠬᠤ᠂ ᠬᠠᠪᠰᠤᠷᠬᠤ᠂ ᠲᠡᠭᠡᠭᠡᠳᠡᠬᠦ᠂ ᠲᠠᠰᠢᠬᠤ᠂ | ᠰᠦᠢᠯᠠᠬᠤ᠂ ᠬᠡᠢ ᠡᠷᠭᠢᠭᠦᠯᠬᠦ ︵ᠡᠷᠭᠦᠬᠦ︶᠂ ᠰᠢᠷᠭᠤᠬᠤ᠂ ᠲᠤᠭᠳᠤᠷᠬᠤ᠂ ᠭᠤᠬᠠᠳᠠᠬᠤ᠂ ᠬᠦᠶᠦᠬᠦ᠂ ᠮᠤᠰᠭᠢᠬᠤ᠂ | ᠲᠠᠷᠤᠬᠤ ᠵᠡᠷᠭᠡ ᠪᠤᠯᠬᠤ ᠪᠦᠭᠡᠳ ᠡᠳᠡᠭᠡᠷ ᠮᠡᠭᠡ ᠨᠦᠭᠦᠳ ᠢ ᠬᠠᠮᠳᠤᠷᠠᠭᠤᠯᠤᠨ ᠠᠮᠢᠳᠤᠯᠢᠭ ᠬᠡᠷᠡᠭᠯᠡᠳᠡᠭ ᠨᠢ ᠤᠯᠠᠨ | ᠪᠠᠶᠢᠵᠠᠢ᠃ | ᠰᠠᠶᠢᠨ ᠪᠦᠬᠡᠴᠢᠨ ᠢᠶᠠᠨ ᠴᠤᠯᠠᠯᠠᠳᠠᠭ ᠵᠠᠩᠰᠢᠯ ᠲᠠᠢ ᠪᠠᠶᠢᠵᠤ᠂ ᠭᠤᠤᠯᠳᠠᠭᠤ ᠬᠦᠴᠦ ᠶᠡᠬᠡᠳᠡᠢ ᠠᠷᠢᠶᠠᠳᠠᠨ | ᠵᠢᠭᠦᠷᠳᠡᠨ ᠤ ᠨᠡᠷ᠎ᠡ ᠪᠠᠷ ᠨᠡᠷᠡᠶᠢᠳᠴᠦ ᠵᠢᠩᠬᠢᠨᠢ ᠴᠤᠯᠠ ᠪᠤᠯᠭᠠᠳᠠᠭ ᠪᠠᠶᠢᠵᠠᠢ᠃ ᠬᠤᠰᠢᠭᠤ ᠨᠠᠶᠢᠷ ᠤᠨ ᠲᠠᠪᠠᠭᠠᠨ ᠤ | ᠲᠤᠭ᠎ᠠ ᠪᠠ ᠦᠵᠦᠭᠦᠷᠯᠡᠭᠰᠡᠨ ᠪᠠᠶᠢᠳᠠᠯ ᠢ ᠦᠨᠳᠦᠰᠦᠯᠡᠨ ︽ᠬᠠᠷᠴᠠᠭᠠᠢ︾᠂ ︽ᠱᠤᠩᠬᠤᠷ︾᠂ ︽ᠨᠠᠴᠢᠨ︾᠂ | ︽ᠵᠠᠭᠠᠨ︾᠂ ︽ᠠᠷᠰᠯᠠᠨ︾᠂ ︽ᠠᠪᠤᠷᠭᠤ︾ ︵ᠬᠠᠮᠤᠭ ᠦᠨᠳᠦᠷ ᠴᠤᠯᠠ︶ ᠵᠡᠷᠭᠡ ᠵᠢᠩᠬᠢᠨᠢ ᠴᠤᠯᠠ ᠤᠯᠭᠤᠵᠤ᠂ | ᠠᠪᠤᠷᠭᠤ ᠴᠤᠯᠠ ᠲᠠᠢ ᠪᠦᠬᠡ ᠪᠠᠷᠢᠯᠳᠤᠬᠤ ᠦᠭᠡᠢ ᠪᠠᠶᠢᠳᠠᠯ ᠲᠤᠤᠷ᠎ᠠ ᠴᠤ ᠨᠠᠶᠢᠷ ᠨᠠᠭᠠᠳᠤᠮ ᠤᠨ ᠲᠡᠷᠢᠭᠦᠨ | ᠪᠦᠬᠡ ᠶᠢᠨ ᠱᠠᠩ ᠢ ᠤᠯᠭᠤᠳᠠᠭ ᠶᠤᠰᠤ ᠲᠠᠢ ᠪᠠᠶᠢᠭᠰᠠᠨ ᠪᠦᠭᠡᠳ ᠵᠢᠩᠬᠢᠨᠢ ᠴᠤᠯᠠ ᠶᠢᠨ ᠲᠡᠭᠡᠷ᠎ᠡ ᠬᠤᠷᠰᠢᠶ᠎ᠠ ᠦᠭᠡ᠂ | ᠭᠤᠷᠪᠠᠨ ᠦᠭᠡ᠂ ᠲᠦᠷᠪᠡᠨ ᠦᠭᠡ ᠶᠢᠨ ᠴᠢᠮᠡᠭ ᠴᠤᠯᠠ ᠨᠡᠮᠡᠵᠦ᠂ ᠪᠦᠬᠡ ᠶᠢᠨ ᠠᠯᠳᠠᠷ ᠴᠤᠯᠠ ᠶᠢ ᠲᠠᠭᠤᠷᠢᠰᠬᠠᠳᠠᠭ | ᠪᠠᠶᠢᠵᠠᠢ᠃ ᠪᠦᠬᠡ ᠶᠢᠨ ᠪᠦᠬᠦ ᠶᠠᠪᠤᠳᠠᠯ ᠲᠠᠭᠤᠰᠤᠭᠰᠠᠨ ᠤ ᠲᠠᠷᠠᠭ᠎ᠠ ᠪᠦᠬᠡᠴᠦᠳ ᠢᠶᠠᠨ ᠴᠤᠭᠯᠠᠭᠤᠯᠤᠨ ᠴᠠᠶᠢᠯᠠᠵᠤ | ᠬᠤᠭᠤᠯᠠᠯᠠᠭᠤᠯᠬᠤ ᠳᠤ ᠤᠭᠤᠴᠠ ᠪᠤᠶᠤ ᠲᠠᠯᠤ ᠪᠠᠷ ᠠᠬᠠᠯᠠᠭᠤᠯᠤᠭᠰᠠᠨ ᠮᠢᠬᠠᠨ ᠳᠤ ᠪᠦᠬᠦᠯᠢ ᠪᠠᠷ ᠴᠢᠨᠠᠭᠰᠠᠨ | ᠬᠦᠵᠦᠭᠦᠦ ᠲᠠᠯᠪᠢᠵᠤ᠂ ᠨᠡᠷᠡᠳᠡᠢ ᠴᠤᠯᠠ ᠲᠠᠢ ᠪᠦᠬᠡᠴᠢᠨ ᠢᠶᠠᠷ ᠭᠦᠵᠦᠭᠦᠦ ᠮᠤᠰᠭᠢᠭᠤᠯᠤᠨ ᠰᠠᠯᠭᠠᠭᠤᠯᠵᠤ᠂ ᠤᠯᠠᠨ | ᠪᠦᠬᠡᠴᠢᠨ ᠳᠡᠭᠡᠨ ᠬᠤᠪᠢᠶᠠᠨ ᠢᠳᠡᠭᠦᠯᠬᠦ ᠵᠠᠩᠰᠢᠯ ᠲᠠᠢ ᠪᠠᠶᠢᠵᠠᠢ᠃ | ᠬᠠᠯᠬ᠎ᠠ ᠪᠦᠬᠡ ᠨᠢ ᠬᠤᠷᠢᠳᠤᠭᠠᠷ ᠵᠠᠭᠤᠨ ᠤ ᠭᠤᠴᠢᠭᠠᠳ ᠤᠨ ᠠᠴᠠ ᠲᠠᠯᠠᠭᠠᠳ ᠤᠨ ᠪᠤᠯᠳᠠᠯ᠎ᠠ ᠲᠠᠪᠢᠭᠠᠳ | ᠵᠢᠯ ᠤᠯᠠᠮᠵᠢᠯᠠᠨ ᠲᠡᠯᠭᠡᠷᠡᠬᠦ ᠶᠠᠪᠤᠴᠠ ᠳᠤ ᠠᠯᠢ ᠤᠯᠠᠨ ᠰᠠᠶᠢᠨ ᠪᠦᠬᠡ ᠴᠤᠯᠭᠤᠷᠠᠨ ᠭᠠᠷᠴᠤ᠂ ᠬᠤᠰᠢᠭᠤ ᠨᠤᠳᠤᠭ᠂ | ᠴᠢᠨᠠᠭᠰᠢᠯᠠᠨ ᠬᠦᠷᠰᠢ ᠵᠡᠷᠭᠡᠯᠡᠳᠡᠭᠡ ᠠᠶᠢᠮᠠᠭ ᠤᠷᠤᠨ ᠳᠤ ᠴᠤ ᠠᠯᠳᠠᠷ ᠨᠡᠷ᠎ᠡ ᠪᠠᠨ ᠮᠠᠨᠳᠤᠭᠤᠯᠵᠤ ᠶᠠᠪᠤᠭᠰᠠᠨ ᠶᠤᠮ᠃ | ᠲᠡᠳᠡᠨ ᠤ ᠲᠤᠳᠤᠷ᠎ᠠ ᠠᠴᠠ ᠴᠢᠮᠡᠳᠳᠤᠤ᠂ ᠰᠡᠩᠭᠡ᠂ ᠴᠠᠭᠠᠨᠬᠦᠦ ︵ᠪᠦᠬᠡᠴᠠᠭᠠᠨ︶᠂ ᠡᠪᠦᠭᠡᠨᠬᠦᠦ᠂ ᠯᠤᠤᠬᠤ᠂ | ᠯᠠᠯᠢ ᠶᠢᠨ ᠭᠤᠮᠪᠤ᠂ ᠴᠡᠪᠡᠭᠮᠢᠳ᠂ ᠽᠠᠨᠳᠠᠨᠮᠢᠳᠠᠭ᠂ ᠴᠡᠸᠡᠩᠳᠤᠷᠵᠢ᠂ ᠨᠢᠮ᠎ᠠ ︵ᠲᠡᠮᠴᠢ ᠯᠠᠮᠠ︶᠂ ᠴᠦᠢᠮᠪᠤᠯ ᠯᠠᠮᠠ᠂ | ᠺᠤᠯᠢ᠂ ᠲᠡᠯᠢᠭᠬᠥ᠋ᠨᠵᠢ᠂ ᠷᠢᠨᠴᠢᠨᠳᠠᠸᠠ᠂ ᠬᠡᠯᠢᠭᠵᠡᠮᠰᠤ ᠨᠠᠷ ᠲᠤᠷᠠᠳᠤᠭᠳᠠᠬᠤ ᠶᠤᠰᠤᠳᠠᠢ᠃ |