ᠪᠦᠬᠡ ᠶᠢᠨ ᠲᠡᠪᠵᠢᠶᠠᠨ ᠤ ᠤᠲᠤᠨ — ᠳ᠋ᠠᠷᠬᠢᠵᠠᠪ
ᠨᠡᠶᠢᠲᠡᠯᠡᠭᠰᠡᠨ ᠴᠠᠭ᠄
2021/7/7
    2012 ᠤᠨ ᠤ ᠬᠦᠯᠦᠨ ᠪᠤᠶᠢᠷ ᠬᠤᠳᠠ ᠶᠢᠨ ᠭᠤᠷᠪᠠᠲᠤᠭᠠᠷ ᠤᠳᠠᠭᠠᠨ ᠤ ᠨᠠᠭᠠᠲᠤᠮ ᠤᠨ ᠬᠤᠷᠠᠯ ᠤᠨ ᠡᠮᠡᠭᠲᠠᠢ ᠪᠦᠬᠡ ᠶᠢᠨ ᠲᠦᠷᠦᠬᠦᠦ᠂ 2019 ᠤᠨ ᠤ ᠬᠦᠯᠦᠨ ᠪᠤᠶᠢᠷ ᠬᠤᠳᠠ ᠶᠢᠨ ᠤᠯᠠᠮᠵᠢᠯᠠᠯᠲᠦ ᠲᠦᠡᠭᠬᠦ᠂ ᠪᠦᠯᠦᠩ ᠬᠠᠷᠪᠤᠯᠭ᠎ᠠ ᠶᠢᠨ ᠬᠤᠪᠢ ᠲᠡᠮᠳᠡᠭᠯᠡᠬᠦ ᠴᠦᠷᠬᠦᠯᠡᠭᠡ ᠤᠷᠤᠯᠲᠤᠭᠠᠨ ᠤ ᠰᠢᠢᠳᠪᠦᠷᠢᠲᠦ ᠤᠷᠤᠯᠲᠤᠭᠠᠨ ᠤ ᠡᠮᠡᠭᠲᠠᠢ ᠶᠢᠨ ᠪᠦᠯᠦᠩ ᠬᠠᠷᠪᠤᠯᠭ᠎ᠠ ᠶᠢᠨ ᠤᠷᠤᠯᠲᠤᠭᠠᠨ ᠤ ᠲᠡᠷᠢᠬᠦᠨ ᠨᠡᠷᠡᠰ ᠲᠤ ᠲᠤᠲᠤᠷᠠᠵᠤ ᠪᠠᠶᠢᠭᠰᠠᠨ ᠳ᠋ᠠᠷᠬᠢᠵᠠᠪ ᠪᠤᠯ ᠪᠦᠬᠡ ᠪᠤᠯᠤᠨ ᠰᠤᠷ ᠬᠠᠷᠪᠤᠯᠭ᠎ᠠ ᠶᠢᠨ ᠬᠤᠶᠠᠷ ᠲᠦᠷᠦᠯ ᠢᠶᠠᠷ ᠲᠤᠲᠤ ᠠᠮᠵᠢᠯᠳᠠ ᠶᠢ ᠪᠢᠴᠢᠭᠯᠡᠵᠦ ᠶᠠᠪᠤᠭ᠎ᠠ ᠵᠠᠯᠠᠭᠤ ᠪᠦᠰᠡᠬᠦᠢ ᠪᠤᠯᠬᠤ ᠶᠤᠮ᠃
     ᠳ᠋ᠠᠷᠬᠢᠵᠠᠪ ᠰᠢᠨ᠎ᠠ ᠪᠠᠷᠭᠤ ᠵᠡᠬᠦᠨ ᠬᠤᠰᠢᠭᠤᠨ ᠤ ᠠᠵᠢᠯ ᠤᠨ ᠴᠢᠯᠦᠬᠡᠨ ᠤ ᠪᠡᠶ᠎ᠠ ᠶᠢᠨ ᠲᠠᠮᠢᠷ ᠤᠨ ᠰᠤᠷᠭᠠᠭᠤᠯᠢ ᠳᠤ ᠪᠦᠬᠡ ᠶᠢᠨ ᠰᠤᠷᠭᠠᠭᠴᠢ ᠪᠠᠷ ᠠᠵᠢᠯ ᠤᠨ ᠭᠠᠷᠤᠭ᠎ᠠ ᠪᠠᠨ ᠠᠪᠴᠦ᠂ ᠦᠰᠪᠦᠷᠢ ᠶᠢᠨ ᠬᠡᠤᠬᠡᠳ ᠪᠠᠭᠠᠴᠤᠳ ᠲᠤ ᠪᠦᠬᠡ ᠶᠢᠨ ᠰᠠᠭᠤᠷᠢ ᠮᠡᠳᠡᠯᠬᠡ ᠶᠢ ᠵᠢᠭᠠᠵᠤ ᠶᠠᠪᠤᠭ᠎ᠠ ᠪᠢᠯᠡ᠃      ᠳ᠋ᠠᠷᠬᠢᠵᠠᠪ 1993 ᠤᠨ ᠳᠤ ᠰᠢᠨ᠎ᠠ ᠪᠠᠷᠭᠤ ᠵᠡᠬᠦᠨ ᠬᠤᠰᠢᠭᠤᠨ ᠤ ᠵᠢᠪᠬᠤᠯᠠᠩᠲᠦ ᠰᠤᠮᠤᠨ ᠤ ᠡᠷᠳᠡᠨᠢᠰᠤᠶᠤᠯ ᠤᠨ ᠬᠡᠤᠬᠡᠨ ᠪᠤᠯᠤᠨ ᠵᠠᠶᠠᠭᠠᠵᠠᠢ᠃ ᠠᠪᠠᠭ᠎ᠠ ᠶᠢᠨ ᠲᠠᠯ᠎ᠠ ᠪᠤᠯᠤᠨ ᠨᠠᠭᠠᠴᠦ ᠶᠢᠨ ᠲᠠᠯ᠎ᠠ ᠶᠢᠨ ᠤᠲᠤᠮ ᠢ ᠵᠠᠯᠭᠠᠵᠤ᠂ ᠬᠠᠷᠠᠬᠠᠨ ᠪᠠᠭ᠎ᠠ ᠠᠴᠠ ᠪᠠᠨ ᠪᠦᠬᠡ ᠳᠤ ᠪᠠᠭ᠋ᠠᠲᠠᠢ ᠪᠤᠯᠬᠤᠷ 2007 ᠤᠨ ᠠᠴᠠ ᠦᠪᠦᠷ ᠮᠤᠩᠭᠤᠯ ᠤᠨ ᠪᠡᠶ᠎ᠠ ᠶᠢᠨ ᠲᠠᠮᠢᠷ ᠤᠨ ᠰᠤᠷᠭᠠᠭᠤᠯᠢ ᠳᠤ ᠴᠢᠯᠦᠬᠡᠲᠦ ᠪᠦᠬᠡ ᠪᠠᠷ ᠪᠤᠯᠪᠠᠰᠤᠷᠠᠵᠤ᠂ 2010 ᠤᠨ ᠳᠤ ᠦᠪᠦᠷ ᠮᠤᠩᠭᠤᠯ ᠤᠨ ᠪᠡᠶ᠎ᠠ ᠶᠢᠨ ᠲᠠᠮᠢᠷ ᠤᠨ ᠭᠤᠷᠪᠠᠲᠤᠭᠠᠷ ᠶᠡᠭᠡ ᠠᠩᠬᠢ ᠳᠤ ᠲᠠᠮᠢᠷᠴᠢᠨ ᠢᠶᠠᠷ ᠡᠯᠰᠡᠭᠳᠡᠵᠤ᠂ ᠵᠢᠯ ᠭᠠᠷᠤᠢ ᠶᠢᠨ ᠪᠤᠯᠪᠠᠰᠤᠷᠠᠯ ᠬᠦᠷᠳᠠᠵᠤ ᠦᠡᠭᠬᠡᠷᠡᠭᠰᠡᠨ ᠶᠤᠮ᠃ 2011 ᠤᠨ ᠳᠤ ᠨᠤᠲᠤᠭ ᠲᠠᠭᠠᠨ ᠪᠤᠴᠠᠭᠰᠠᠨ ᠤ ᠲᠠᠷᠠᠭ᠎ᠠ ᠬᠤᠰᠢᠭᠤᠨ ᠤ ᠪᠠᠨ ᠠᠵᠢᠯ ᠤᠨ ᠴᠢᠯᠦᠬᠡᠨ ᠤ ᠪᠡᠶ᠎ᠠ ᠶᠢᠨ ᠲᠠᠮᠢᠷ ᠤᠨ ᠰᠤᠷᠭᠠᠭᠤᠯᠢ ᠶᠢᠨ ᠰᠤᠷᠭᠠᠭᠴᠢ ᠪᠠᠷ ᠠᠵᠢᠯᠯᠠᠭᠠᠳ ᠠᠷᠪᠠᠭᠠᠳ ᠵᠢᠯ ᠤᠨ ᠨᠢᠭᠤᠷ ᠦᠵᠡᠵᠦ ᠪᠤᠢ᠃
     ᠦᠪᠦᠷ ᠮᠤᠩᠭᠤᠯ ᠤᠨ ᠪᠡᠶ᠎ᠠ ᠶᠢᠨ ᠲᠠᠮᠢᠷ ᠤᠨ ᠭᠤᠷᠪᠠᠲᠤᠭᠠᠷ ᠶᠡᠭᠡ ᠠᠩᠬᠢ ᠳᠤ ᠲᠠᠮᠢᠷᠴᠢᠨ ᠪᠠᠶᠢᠬᠤ ᠳᠠᠭᠠᠨ 2009 ᠤᠨ ᠳᠤ ᠪᠦᠬᠦ ᠤᠯᠤᠰ ᠤᠨ ᠲᠤᠮᠲᠠᠲᠤ ᠮᠡᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠲᠤᠭᠠᠨ ᠳᠤ 56 ᠺᠢᠯᠦᠭᠷᠡᠮ ᠤᠨ ᠲᠡᠰ ᠲᠤ ᠭᠤᠷᠪᠠᠲᠤᠭᠠᠷ ᠲᠤ ᠤᠷᠤᠵᠤ᠂ ᠲᠤᠰ ᠵᠢᠯ ᠳᠡᠭᠡᠨ ᠪᠦᠬᠦ ᠤᠯᠤᠰ ᠤᠨ ᠴᠢᠯᠦᠬᠡᠲᠦ ᠪᠦᠬᠡ ᠶᠢᠨ ᠤᠷᠤᠯᠲᠤᠭᠠᠨ ᠳᠤ ᠪᠠᠰᠠ ᠭᠤᠷᠪᠠᠲᠤᠭᠠᠷ ᠲᠤ ᠲᠠᠪᠢᠵᠠᠢ᠃ ᠰᠢᠨ᠎ᠠ ᠪᠠᠷᠭᠤ ᠵᠡᠬᠦᠨ ᠬᠤᠰᠢᠭᠤᠨ ᠤ ᠠᠵᠢᠯ ᠤᠨ ᠴᠢᠯᠦᠬᠡᠨ ᠤ ᠪᠡᠶ᠎ᠠ ᠶᠢᠨ ᠲᠠᠮᠢᠷ ᠤᠨ ᠰᠤᠷᠭᠠᠭᠤᠯᠢ ᠳᠤ ᠪᠠᠭᠰᠢᠯᠠᠵᠤ ᠪᠠᠶᠢᠬᠤ ᠳᠠᠭᠠᠨ 2014 ᠤᠨ ᠳᠤ ᠬᠦᠬᠡᠬᠤᠳᠠ ᠳᠤ ᠶᠠᠪᠤᠭᠳᠠᠭᠰᠠᠨ ᠪᠦᠬᠦ ᠤᠯᠤᠰ ᠤᠨ ᠲᠤᠮᠲᠠᠲᠦ ᠮᠡᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠲᠤᠭᠠᠨ ᠳᠤ ᠮᠦᠡᠭᠬᠦᠨ ᠮᠧᠳᠠᠯ ᠬᠦᠷᠳᠡᠵᠠᠢ᠃
    ᠨᠠᠶᠢᠷ ᠨᠠᠭᠠᠲᠤᠮ ᠢᠶᠠᠷ ᠡᠮᠡᠭᠲᠠᠢ ᠪᠦᠬᠡ ᠶᠢᠨ ᠪᠠᠷᠢᠯᠲᠤᠭᠠᠨ ᠴᠦᠬᠡᠨ ᠪᠠᠷᠢᠯᠲᠤᠳᠠᠭ ᠴᠦ ᠤᠢᠢᠷ᠎ᠠ ᠶᠢᠨ ᠬᠡᠲᠤᠨ ᠵᠢᠯ ᠬᠦᠯᠦᠨ ᠪᠤᠶᠢᠷ ᠤᠨ ᠬᠡᠪᠴᠢᠶᠠᠨ ᠳᠤ ᠵᠤᠬᠢᠶᠠᠨ ᠪᠠᠶᠢᠭᠤᠯᠤᠭᠳᠠᠭᠰᠠᠨ ᠡᠮᠡᠭᠲᠠᠢ ᠪᠦᠬᠡ ᠶᠢᠨ ᠪᠠᠷᠢᠯᠲᠤᠭᠠᠨ ᠪᠤᠯᠭᠠᠨ ᠳᠤ ᠳ᠋ᠠᠷᠬᠢᠵᠠᠪ ᠵᠤᠲᠤᠭᠯᠠᠵᠤ᠂ ᠦᠪᠡᠷ ᠤᠨ ᠪᠠᠷᠢᠯᠲᠤᠭᠠᠨ ᠤ ᠮᠡᠷᠬᠡᠵᠢᠯ ᠢᠶᠠᠨ ᠪᠠᠳᠠᠷᠠᠭᠤᠯᠤᠨ ᠲᠡᠷᠢᠬᠦᠨ ᠲᠡᠳ᠋ ᠲᠤ ᠲᠤᠲᠤᠷᠠᠵᠤ ᠢᠷᠡᠭᠰᠡᠨ ᠶᠤᠮ᠃ ᠳᠤᠷᠠᠳᠪᠠᠯ᠂ ᠮᠤᠩᠭᠤᠯ ᠪᠦᠬᠡ ᠪᠠᠷ 2012 ᠤᠨ ᠳᠤ ᠬᠦᠯᠦᠨ ᠪᠤᠶᠢᠷ ᠬᠤᠳᠠ ᠶᠢᠨ ᠭᠤᠷᠪᠠᠳᠠᠬᠢ ᠤᠳᠠᠭᠠᠨ ᠤ ᠠᠷᠠᠳ ᠤᠨ ᠨᠠᠭᠠᠲᠤᠮ ᠤᠨ ᠡᠮᠡᠭᠲᠠᠢ ᠪᠦᠬᠡ ᠶᠢᠨ ᠪᠠᠷᠢᠯᠲᠤᠭᠠᠨ ᠳᠤ ᠲᠡᠷᠢᠬᠦᠯᠡᠵᠤ᠂ 2014 ᠤᠨ ᠳᠤ ᠰᠢᠨ᠎ᠠ ᠪᠠᠷᠭᠤ ᠵᠡᠬᠦᠨ ᠬᠤᠰᠢᠭᠤᠨ ᠤ ᠠᠷᠠᠳ ᠤᠨ ᠨᠠᠭᠠᠲᠤᠮ ᠳᠤ ᠲᠡᠳ᠋ᠯᠡᠪᠠ᠃     ᠨᠤᠲᠤᠭ ᠲᠠᠭᠠᠨ ᠬᠠᠷᠢᠵᠤ ᠪᠠᠭᠰᠢᠯᠠᠵᠤ ᠪᠠᠶᠢᠭ᠎ᠠ ᠴᠦ ᠳ᠋ᠠᠷᠬᠢᠵᠠᠪ ᠤᠢᠢᠷ᠎ᠠ ᠬᠤᠪᠢ ᠳᠤ ᠡᠮᠡᠭᠲᠠᠢ ᠪᠦᠬᠡ ᠶᠢᠨ ᠪᠠᠷᠢᠯᠲᠤᠭᠠᠨ ᠵᠤᠬᠢᠶᠠᠨ ᠪᠠᠶᠢᠭᠤᠯᠤᠭᠳᠠᠪᠠᠯ ᠪᠠᠶᠢᠡᠭᠭᠤ ᠯᠠ ᠤᠴᠢᠵᠤ ᠤᠷᠤᠯᠴᠠᠳᠠᠭ᠃ ᠮᠦᠨ ᠴᠦ ᠤᠯᠠᠮᠵᠢᠯᠠᠯᠲᠦ ᠲᠠᠮᠢᠷ ᠤᠨ ᠲᠦᠷᠦᠯ ᠪᠤᠯᠬᠤ ᠰᠤᠷ ᠬᠠᠷᠪᠤᠯᠭ᠎ᠠ ᠶᠢ ᠱᠤᠬᠤᠭᠤᠷᠬᠠᠵᠦ᠂ ᠰᠢᠨ᠎ᠠ ᠪᠠᠷᠭᠤ ᠵᠡᠬᠦᠨ ᠬᠤᠰᠢᠭᠤᠨ ᠤ ᠪᠡᠶ᠎ᠠ ᠶᠢᠨ ᠲᠠᠮᠢᠷ ᠤᠨ ᠤᠷᠲᠤᠨ ᠳᠤ ᠠᠬ᠎ᠠ ᠡᠬᠡᠴᠢ ᠨᠠᠷ ᠤᠨ ᠢᠶᠠᠨ ᠪᠤᠯᠪᠠᠰᠤᠷᠠᠵᠤ ᠪᠠᠶᠢᠬᠤ ᠶᠢ ᠬᠠᠷᠠᠭᠠᠳ ᠬᠠᠷᠪᠤᠵᠤ ᠦᠵᠡᠶ᠎ᠠ ᠬᠡᠵᠦ ᠪᠤᠳᠤᠳᠠᠭ ᠪᠠᠶᠢᠪᠠ᠃ ᠲᠡᠬᠦᠨ ᠤ ᠬᠠᠮᠲᠦ ᠠᠵᠢᠯᠯᠠᠭᠰᠠᠳ ᠲᠤ ᠴᠦ ᠨᠤᠮᠤ ᠰᠤᠮᠤ ᠬᠠᠷᠪᠤᠬᠤ ᠲᠤᠷ᠎ᠠ ᠲᠠᠢ ᠬᠦᠮᠦᠰ ᠤᠯᠠᠨ ᠪᠠᠶᠢᠳᠠᠭ ᠪᠤᠯᠬᠤᠷ ᠲᠡᠷᠡ 2012 ᠤᠨ ᠤ ᠨᠠᠮᠤᠷ ᠠᠴᠠ ᠡᠬᠢᠯᠡᠨ ᠰᠤᠷ ᠬᠠᠷᠪᠤᠯᠭ᠎ᠠ ᠶᠢᠨ ᠤᠷᠤᠯᠲᠤᠭᠠᠨ ᠳᠤ ᠤᠷᠤᠯᠴᠠᠬᠤ ᠪᠠᠷ ᠪᠤᠯᠤᠳ ᠨᠤᠮᠤ ᠶᠢᠨ ᠬᠠᠷᠪᠤᠯᠭ᠎ᠠ ᠶᠢ ᠰᠤᠷᠤᠯᠴᠠᠵᠤ᠂ ᠤᠬᠤᠷᠬᠠᠨ ᠬᠡᠲᠤᠨ ᠰᠠᠷ᠎ᠠ ᠶᠢᠨ ᠲᠤᠲᠤᠷ᠎ᠠ ᠦᠪᠡᠷ ᠤᠨ ᠰᠤᠷ ᠬᠠᠷᠪᠤᠯᠭ᠎ᠠ ᠶᠢᠨ ᠮᠡᠷᠬᠡᠵᠢᠯ ᠢᠶᠠᠨ ᠲᠠᠰᠤᠷᠠᠯᠳᠠ ᠦᠬᠡᠢ ᠲᠡᠬᠡᠭᠰᠢᠯᠡᠬᠦᠯᠵᠦ᠂ ᠬᠠᠭᠠᠰ ᠵᠢᠯ ᠤᠨ ᠲᠠᠷᠠᠭ᠎ᠠ ᠬᠠᠭᠤᠴᠢᠨ ᠪᠠᠷᠭᠤ ᠬᠤᠰᠢᠭᠤᠨ ᠳᠤ ᠶᠠᠪᠤᠭᠳᠠᠭᠰᠠᠨ ᠲᠤᠮᠲᠠᠲᠦ ᠮᠤᠩᠭᠤᠯ ᠤᠷᠦᠰ ᠭᠤᠷᠪᠠᠨ ᠤᠯᠤᠰ ᠤᠨ ᠰᠤᠷ ᠬᠠᠷᠪᠤᠯᠭ᠎ᠠ ᠶᠢᠨ ᠤᠷᠢᠯᠭ᠎ᠠ ᠶᠢᠨ ᠤᠷᠤᠯᠲᠤᠭᠠᠨ ᠤ ᠡᠮᠡᠭᠲᠠᠢ ᠶᠢᠨ ᠪᠤᠯᠤᠳ ᠨᠤᠮᠤ ᠶᠢᠨ ᠬᠠᠷᠪᠤᠯᠭ᠎ᠠ ᠳᠤ ᠲᠡᠷᠢᠬᠦᠯᠡᠵᠦ ᠪᠠᠶᠢᠭᠰᠠᠨ ᠶᠤᠮ᠃ ᠲᠡᠬᠦᠨ ᠠᠴᠠ ᠬᠤᠶᠢᠰᠢ ᠠᠵᠢᠯ ᠲᠦᠷᠦᠯ ᠤᠨ ᠰᠢᠯᠳᠠᠭᠠᠨ ᠠᠴᠠ ᠰᠤᠷ ᠬᠠᠷᠪᠤᠯᠭ᠎ᠠ ᠪᠠᠨ ᠶᠡᠷᠦ ᠬᠠᠷᠪᠤᠭᠰᠠᠨ ᠦᠬᠡᠢ ᠶᠠᠪᠤᠭᠰᠠᠨ ᠢᠶᠠᠨ 2019 ᠤᠨ ᠠᠴᠠ ᠡᠬᠢᠯᠡᠨ ᠰᠢᠨ᠎ᠠ ᠪᠠᠷᠭᠤ ᠵᠡᠬᠦᠨ ᠬᠤᠰᠢᠭᠤᠨ ᠤ ᠬᠠᠰᠢᠷ ᠰᠤᠷᠴᠢᠨ ᠤᠶᠤᠨᠪᠠᠲᠦ᠂ ᠭᠠᠯᠪᠠᠭᠠᠲᠤᠷ ᠬᠤᠶᠠᠷ ᠪᠠᠭᠰᠢ ᠠᠴᠠ ᠤᠯᠠᠮᠵᠢᠯᠠᠯᠲᠦ ᠡᠪᠡᠷ ᠨᠤᠮᠤ ᠶᠢᠨ ᠬᠠᠷᠪᠤᠯᠭ᠎ᠠ ᠶᠢ ᠰᠤᠷᠤᠯᠴᠠᠵᠤ ᠡᠬᠢᠯᠡᠵᠠᠢ᠃ ᠲᠤᠷ᠎ᠠ ᠳᠤ ᠰᠢᠷ᠎ᠠ ᠦᠬᠡᠢ ᠬᠡᠳᠡᠭᠴᠢᠯᠡᠨ ᠲᠡᠷᠡ ᠬᠡᠲᠤᠨ ᠰᠠᠷ᠎ᠠ ᠶᠢᠨ ᠬᠤᠭᠤᠴᠠᠭᠠᠨ ᠳᠤ ᠰᠤᠷ ᠬᠠᠷᠪᠤᠯᠭ᠎ᠠ ᠶᠢᠨ ᠠᠮᠳᠠᠨ ᠳᠤᠨᠢ ᠤᠷᠤᠵᠤ᠂ ᠪᠡᠶ᠎ᠠ ᠶᠢᠨ ᠲᠠᠮᠢᠷ ᠤᠨ ᠤᠷᠲᠤᠨ ᠳᠤ ᠤᠴᠢᠵᠤ ᠨᠤᠮᠤ ᠰᠤᠮᠤ ᠪᠠᠨ ᠪᠠᠷᠢᠬᠤ ᠶᠤᠮᠰᠠᠨ ᠬᠡᠵᠦ ᠴᠢᠷᠮᠠᠶᠢᠳᠠᠭ ᠪᠤᠯᠵᠤ᠂ ᠪᠠᠭᠰᠢ ᠨᠠᠷ ᠤᠨ ᠢᠶᠠᠨ ᠵᠢᠭᠠᠨ ᠵᠢᠯᠤᠭᠤᠲᠤᠯᠭ᠎ᠠ ᠪᠠᠷ ᠨᠤᠮᠤ ᠶᠢᠨ ᠠᠳᠬᠤᠯᠳᠠ᠂ ᠪᠡᠶ᠎ᠠ ᠶᠢᠨ ᠵᠤᠭᠰᠤᠯᠳᠠ ᠠᠴᠠ ᠡᠬᠢᠯᠡᠨ ᠨᠢᠬᠡᠳ ᠨᠢᠬᠡ ᠪᠠᠷ ᠦᠪᠡᠷ ᠤᠨ ᠠᠯᠳᠠᠭ᠎ᠠ ᠪᠠᠨ ᠵᠠᠰᠠᠵᠤ᠂ ᠬᠠᠷᠠᠭ᠎ᠠ᠂ ᠰᠤᠮᠤᠨ ᠤ ᠲᠤᠰᠤᠯᠳᠠ ᠠᠴᠠ ᠭᠠᠷᠳᠠᠵᠤ᠂ ᠬᠤᠪᠢ ᠶᠢᠨ ᠤᠨᠤᠭ᠎ᠠ ᠪᠠᠨ ᠲᠠᠰᠤᠷᠠᠯᠳᠠ ᠦᠬᠡᠢ ᠨᠡᠮᠡᠭᠳᠡᠬᠦᠯᠵᠦ ᠢᠷᠡᠪᠡ᠃ ᠲᠡᠷᠡ ᠤᠤᠯ ᠤᠨ ᠪᠤᠯᠤᠳ ᠨᠤᠮᠤ ᠪᠠᠷᠢᠭᠰᠠᠨ ᠲᠠᠢ ᠪᠠᠨ ᠠᠳᠠᠯᠢ ᠪᠠᠷ ᠤᠬᠤᠷᠬᠠᠨ ᠬᠤᠭᠤᠴᠠᠭᠠᠨ ᠳᠤ ᠡᠪᠡᠷ ᠨᠤᠮᠤ ᠶᠢᠨ ᠤᠨᠤᠭ᠎ᠠ ᠪᠠᠨ ᠲᠡᠬᠡᠭᠰᠢᠯᠡᠬᠦᠯᠪᠠ᠃ ᠨᠤᠮᠤ ᠰᠤᠮᠤ ᠶᠢᠨ ᠤᠷᠤᠯᠲᠤᠭᠠᠨ ᠳᠤ ᠤᠷᠤᠯᠴᠠᠬᠤ ᠨᠢ ᠬᠦᠮᠦᠨ ᠤ ᠰᠡᠳᠬᠢᠯ ᠤᠨ ᠲᠠᠮᠢᠷ ᠢ ᠶᠡᠭᠡ ᠪᠠᠷ ᠰᠢᠯᠭᠠᠳᠠᠭ᠃ ᠳ᠋ᠠᠷᠬᠢᠵᠠᠪ ᠤᠨ ᠬᠤᠪᠢ ᠳᠤ ᠤᠤᠯ ᠨᠢ ᠪᠦᠬᠡ ᠶᠢᠨ ᠲᠡᠪᠵᠢᠶᠠᠨ ᠳᠤ ᠤᠯᠠᠨ ᠤᠳᠠᠭ᠎ᠠ ᠪᠠᠷᠢᠯᠲᠤᠵᠤ ᠶᠠᠪᠤᠭᠰᠠᠨ ᠲᠤᠯᠠ ᠰᠤᠷ ᠬᠠᠷᠪᠤᠯᠭ᠎ᠠ ᠶᠢᠨ ᠤᠷᠤᠯᠲᠤᠭᠠᠨ ᠳᠤ ᠤᠷᠤᠯᠴᠠᠬᠤ ᠳᠤ ᠰᠡᠳᠬᠢᠴᠡ ᠶᠢᠨ ᠲᠤᠬᠢᠷᠠᠭᠤᠯᠭ᠎ᠠ ᠰᠠᠶᠢᠠᠲᠠᠢ ᠪᠠᠶᠢᠵᠤ᠂ ᠬᠦᠴᠦᠨ ᠤ ᠪᠡᠯᠡᠳᠬᠡᠯ ᠬᠦᠢᠴᠡᠳ ᠤᠴᠢᠷ ᠠᠴᠠ ᠤᠨᠢᠯᠠᠬᠤ ᠴᠠᠭ ᠢᠶᠠᠨ ᠵᠤᠬᠢᠰᠲᠠᠢ ᠲᠤᠬᠢᠷᠠᠭᠤᠯᠵᠤ᠂ ᠶᠡᠭᠡ ᠤᠷᠤᠯᠲᠤᠭᠠᠨ ᠳᠤ ᠬᠢᠷᠢ ᠲᠦᠪᠰᠢᠨ ᠢᠶᠠᠨ ᠪᠠᠳᠠᠷᠠᠭᠤᠯᠵᠤ ᠴᠢᠳᠠᠳᠠᠭ᠃       ᠲᠤᠷᠠᠲᠠᠢ ᠦᠢᠯᠡᠰ ᠤᠨ ᠢᠶᠠᠨ ᠲᠦᠯᠦᠬᠡ ᠵᠤᠷᠢᠭ ᠰᠢᠨᠳᠠᠷᠠᠰᠢ ᠦᠬᠡᠢ ᠴᠢᠷᠮᠠᠶᠢᠳᠠᠭ ᠲᠡᠷᠡ ᠪᠠᠷ ᠡᠪᠡᠷ ᠨᠤᠮᠤ ᠶᠢᠨ ᠬᠠᠷᠪᠤᠯᠭ᠎ᠠ ᠶᠢᠨ ᠤᠷᠤᠯᠲᠤᠭᠠᠨ ᠳᠤ ᠤᠷᠤᠯᠴᠠᠭᠠᠳ ᠤᠳᠠᠭ᠎ᠠ ᠦᠬᠡᠢ ᠪᠤᠯᠪᠠᠴᠤ ᠨᠡᠯᠢᠶᠡᠳ ᠦᠨᠲᠦᠷ ᠲᠡᠰ ᠤᠨ ᠤᠷᠤᠯᠲᠤᠭᠠᠨ ᠳᠤ ᠰᠢᠯᠢᠳᠡᠭ ᠬᠢᠷᠢ ᠪᠦᠲᠦᠮᠵᠢ ᠶᠢ ᠭᠠᠷᠭᠠᠭᠠᠳ ᠪᠠᠶᠢᠭ᠎ᠠ ᠨᠢ ᠳᠡᠬᠦᠨ ᠤ ᠬᠤᠪᠢ ᠪᠠᠶ᠎ᠠ ᠶᠢᠨ ᠴᠢᠷᠮᠡᠶᠢᠯᠭ᠎ᠠ ᠲᠠᠢ ᠬᠤᠯᠪᠤᠭ᠎ᠠ ᠲᠠᠢ᠃ ᠦᠬᠡᠢ ᠪᠤᠯ ᠬᠡᠷᠬᠢᠨ 2019 ᠤᠨ ᠤ 12 ᠰᠠᠷ᠎ᠠ ᠳᠤ ᠶᠠᠪᠤᠭᠳᠠᠭᠰᠠᠨ ᠬᠦᠯᠦᠨ ᠪᠤᠶᠢᠷ ᠬᠤᠳᠠ ᠶᠢᠨ ᠤᠯᠠᠮᠵᠢᠯᠠᠯᠲᠦ ᠲᠦᠡᠭᠬᠦ᠂ ᠪᠦᠯᠦᠩ ᠬᠠᠷᠪᠤᠯᠭ᠎ᠠ ᠶᠢᠨ ᠬᠤᠪᠢ ᠲᠡᠮᠳᠡᠭᠯᠡᠬᠦ ᠴᠦᠷᠬᠦᠯᠡᠭᠡ ᠤᠷᠤᠯᠲᠤᠭᠠᠨ ᠤ ᠰᠢᠢᠳᠪᠦᠷᠢᠲᠦ ᠤᠷᠤᠯᠲᠤᠭᠠᠨ ᠤ ᠡᠮᠡᠭᠲᠠᠢ ᠶᠢᠨ ᠪᠦᠯᠦᠩ ᠬᠠᠷᠪᠤᠯᠭ᠎ᠠ ᠶᠢᠨ ᠨᠢᠬᠡᠲᠦᠬᠡᠷ ᠲᠡᠰ ᠲᠤ ᠲᠤᠲᠤᠷᠠᠵᠤ᠂ ᠡᠮᠡᠭᠲᠠᠢ ᠶᠢᠨ ᠪᠦᠯᠦᠩ ᠬᠠᠷᠪᠤᠯᠭ᠎ᠠ ᠳᠤ ᠲᠡᠬᠡᠲᠦ ᠨᠠᠢᠮᠠ ᠳᠤ ᠲᠤᠲᠤᠷᠠᠵᠤ᠂ ᠡᠧᠠᠩᠬᠢ ᠬᠤᠰᠢᠭᠤᠨ ᠤ ᠡᠪᠦᠯ ᠤᠨ ᠤᠯᠠᠷᠢᠯ ᠤᠨ ᠵᠤᠭᠠᠴᠠᠯ ᠤᠨ ᠰᠤᠶᠤᠯ ᠤᠨ ᠦᠵᠡᠬᠦᠯᠬᠡ ᠶᠢᠨ ᠠᠵᠢᠯᠯᠠᠭ᠎ᠠ ᠶᠢᠨ ᠡᠮᠡᠭᠲᠠᠢ ᠶᠢᠨ ᠪᠦᠯᠦᠩ ᠬᠠᠷᠪᠤᠯᠭ᠎ᠠ ᠶᠢᠨ ᠤᠷᠤᠯᠲᠤᠭᠠᠨ ᠳᠤ ᠬᠤᠶᠠᠲᠤᠭᠠᠷ ᠳᠡᠰ ᠲᠤ ᠤᠷᠤᠬᠤ ᠪᠢᠯᠡ︖ ᠴᠢᠷᠮᠠᠶᠢᠯᠭ᠎ᠠ ᠦᠨᠡᠬᠡᠷ ᠬᠦᠮᠦᠨ ᠢ ᠭᠤᠮᠤᠳᠠᠭᠠᠳᠠᠭ ᠦᠬᠡᠢ ᠶᠤᠮ᠃     ᠪᠦᠬᠡ ᠶᠢᠨ ᠪᠠᠷᠢᠯᠲᠤᠭᠠᠨ ᠢᠶᠠᠷ ᠤᠯᠠᠨ ᠵᠢᠯ ᠪᠠᠷᠢᠯᠲᠤᠵᠤ ᠨᠤᠲᠤᠭ ᠤᠨ ᠵᠤᠨ ᠲᠦᠮᠡᠨ ᠢᠶᠠᠨ ᠪᠠᠶᠠᠰᠬᠠᠵᠤ ᠶᠠᠪᠤᠭᠰᠠᠨ ᠳ᠋ᠠᠷᠬᠢᠵᠠᠪ ᠨᠠᠯᠢᠶᠠᠳ ᠬᠤᠵᠢᠭᠤ ᠨᠤᠮᠤ ᠰᠤᠮᠤ ᠶᠢᠨ ᠬᠠᠷᠪᠤᠯᠭ᠎ᠠ ᠳᠤ ᠤᠷᠤᠭᠰᠠᠨ ᠬᠢᠷᠢᠨ᠎ᠠ ᠤᠯᠠᠨ ᠠᠴᠠ ᠤᠷᠦ᠋ᠢᠯᠠᠭᠰᠠᠨ ᠬᠢᠷᠢ ᠪᠦᠲᠦᠮᠵᠢ ᠶᠢ ᠭᠠᠷᠭᠠᠵᠤ᠂ ᠨᠤᠮᠤ ᠰᠤᠮᠤ ᠶᠢᠨ ᠲᠠᠯᠠᠪᠠᠢ ᠶᠢᠨ ᠪᠠᠰᠠ ᠨᠢᠬᠡᠨ ᠤᠲᠤᠨ ᠪᠤᠯᠤᠨ ᠬᠢᠯᠠᠷᠠᠭᠤᠯᠵᠤ ᠶᠠᠪᠤᠨ᠎ᠠ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号