ᠬᠤᠷᠲᠤᠨ ᠬᠦᠯᠦᠭ ᠤᠨ ᠤᠶᠠᠭᠠᠨ ᠤ ᠡᠵᠡᠨ — ᠶᠠᠩ ᠶᠠᠩ
ᠨᠡᠶᠢᠲᠡᠯᠡᠭᠰᠡᠨ ᠴᠠᠭ᠄
2021/7/7
     ᠠᠲᠤᠭᠤᠨ ᠰᠦᠷᠦᠭ ᠢᠶᠠᠷ ᠢᠶᠠᠨ ᠪᠠᠭ᠋ᠠᠲᠤᠨ᠂ ᠬᠡᠶᠢᠮᠦᠷᠢ ᠶᠢᠨ ᠴᠡᠩᠬᠡᠷ ᠲᠤᠭᠤᠰᠦ ᠪᠠᠷ ᠬᠤᠷᠲᠤᠨ ᠬᠦᠯᠦᠭ ᠤᠨ ᠰᠢᠨᠳᠠᠰᠦ ᠪᠠᠨ ᠰᠢᠯᠭᠠᠵᠤ᠂ ᠬᠡᠶᠢᠮᠦᠷᠢᠯᠢᠭ ᠵᠤᠯᠪᠤᠭᠠᠯᠢᠭ ᠶᠠᠪᠤᠬᠤ ᠨᠢ ᠲᠠᠯ᠎ᠠ ᠶᠢᠨ ᠵᠠᠯᠠᠭᠤᠰ ᠤᠨ ᠶᠠᠭᠤᠲᠠᠢ ᠶᠡᠭᠡ ᠪᠠᠶᠠᠰᠤᠯ ᠪᠢᠯᠡ᠃ ᠡᠨᠡ ᠬᠦ ᠪᠠᠶᠠᠰᠤᠯ ᠳᠤ ᠰᠤᠭᠲᠤᠭᠤᠷᠠᠨ ᠬᠤᠷᠲᠦ ᠬᠤᠷᠴᠠ ᠬᠦᠯᠦᠭ ᠮᠤᠷᠢ ᠶᠢ ᠰᠦᠢᠨ ᠤᠷᠤᠯᠲᠤᠭᠤᠯᠵᠤ ᠶᠠᠪᠤᠭ᠎ᠠ ᠨᠢᠬᠡᠨ ᠪᠤᠯ ᠰᠢᠷᠠᠳᠠᠯ᠎ᠠ ᠮᠠᠯᠵᠢᠯ ᠤᠨ ᠲᠠᠯᠠᠪᠠᠢ ᠶᠢᠨ ᠶᠠᠩ ᠶᠠᠩ ᠪᠤᠯᠤᠨ᠎ᠠ᠃
    ᠬᠠᠭᠤᠴᠢᠨ ᠪᠠᠷᠭᠤ ᠬᠤᠰᠢᠭᠤ ᠲᠡᠷᠡᠴᠢᠯᠡᠨ ᠬᠦᠯᠦᠨ ᠪᠤᠶᠢᠷ ᠤᠨ ᠡᠯ᠎ᠠ ᠬᠤᠰᠢᠭᠤ ᠨᠤᠲᠤᠭ ᠲᠤ ᠶᠡᠭᠡ ᠪᠠᠭ᠎ᠠ ᠨᠠᠶᠢᠷ ᠨᠠᠭᠠᠲᠤᠮ ᠵᠤᠬᠢᠶᠠᠨ ᠪᠠᠶᠢᠭᠤᠯᠤᠭᠳᠠᠬᠤ ᠳᠤ ᠠᠲᠤᠭᠤᠨ ᠳᠤ ᠰᠤᠨᠢᠷᠬᠠᠯ ᠲᠠᠢ ᠶᠠᠩ ᠶᠠᠩ ᠬᠤᠷᠲᠤᠨ ᠬᠤᠷᠴᠠ ᠬᠦᠯᠦᠭ ᠮᠤᠷᠢᠳ ᠢᠶᠠᠨ ᠰᠦᠢᠵᠤ᠂ ᠨᠠᠶᠢᠷ ᠲᠤ ᠨᠠᠷᠬᠢᠶᠠᠨ ᠨᠡᠮᠡᠵᠤ ᠤᠷᠤᠯᠲᠤᠵᠤ ᠶᠠᠪᠤᠳᠠᠭ᠃ ᠲᠡᠬᠦᠨ ᠤ ᠠᠲᠤᠭᠤᠨ ᠳᠤ ᠬᠤᠷᠤᠬᠠᠢ ᠲᠠᠢ ᠪᠤᠯᠤᠭᠰᠠᠨ ᠢ ᠶᠠᠷᠢᠬᠤ ᠳᠤ ᠡᠪᠦᠭᠡ᠂ ᠨᠠᠭᠠᠴᠦ ᠡᠪᠦᠭᠡ ᠨᠢ ᠪᠦᠷ ᠠᠲᠤᠭᠤᠨ ᠳᠤ ᠬᠤᠷᠤᠬᠠᠢ ᠲᠠᠢ ᠤᠯᠤᠰ ᠪᠠᠶᠢᠭᠰᠠᠨ ᠠᠴᠠ ᠰᠢᠯᠳᠠᠭᠠᠯᠠᠭᠳᠠᠨ᠎ᠠ᠃ ᠲᠡᠷᠡ ᠪᠠᠭ᠎ᠠ ᠳᠠᠭᠠᠨ ᠮᠤᠷᠢ ᠲᠠᠢ ᠤᠢᠢᠷᠠᠲᠤᠬᠤ ᠶᠢ ᠶᠡᠭᠡ ᠬᠦᠰᠡᠵᠤ ᠨᠢᠬᠡ ᠤᠳᠠᠭ᠎ᠠ ᠠᠲᠤᠭᠤᠨ ᠲᠤᠮᠳᠠᠭᠤᠷ ᠶᠠᠪᠤᠵᠤ ᠪᠠᠶᠢᠬᠤ ᠳᠠᠭᠠᠨ ᠮᠤᠷᠢᠨ ᠳᠤ ᠢᠰᠬᠦᠯᠦᠭᠳᠡᠵᠦ ᠨᠢᠭᠤᠷ ᠲᠡᠬᠡᠷ᠎ᠠ ᠪᠠᠨ ᠰᠤᠷᠪᠢ ᠦᠯᠡᠳᠡᠬᠡᠪᠠ᠃ ᠲᠡᠷᠡ ᠴᠠᠭ ᠠᠴᠠ ᠶᠠᠩ ᠶᠠᠩ ᠬᠠᠷᠢᠨ ᠮᠤᠷᠢᠨ ᠠᠴᠠ ᠠᠶᠤᠬᠤ ᠦᠬᠡᠢ ᠪᠤᠯᠵᠦ ᠨᠡᠩ ᠴᠦ ᠰᠤᠨᠢᠷᠬᠠᠯ ᠲᠦᠷᠦᠵᠦ᠂ ᠠᠲᠤᠭᠤ ᠲᠠᠢ ᠤᠯᠠᠮ ᠤᠢᠢᠷᠠᠳᠬᠤ ᠶᠢ ᠪᠤᠲᠤᠵᠤ᠂ ᠮᠤᠷᠢᠨ ᠳᠤ ᠮᠤᠷᠳᠠᠨ ᠤᠶᠠᠭᠠᠴᠢ ᠪᠤᠯᠬᠤ ᠬᠦᠰᠡᠯ ᠲᠠᠢ ᠪᠤᠯᠵᠠᠢ᠃ 2005 ᠤᠨ ᠠᠴᠠ ᠦᠪᠡᠷ ᠢᠶᠠᠨ ᠪᠠᠶ᠎ᠠ ᠲᠠᠭᠠᠭᠠᠵᠤ ᠮᠤᠷᠢ ᠤᠷᠤᠯᠲᠤᠭᠤᠯᠵᠤ᠂ ᠬᠠᠮᠤᠭ ᠠᠩᠬ᠎ᠠ ᠠᠶᠢᠷᠠᠭ ᠤᠨ ᠠᠷᠤ ᠲᠠᠯ᠎ᠠ ᠵᠢᠷᠭᠤᠭ᠎ᠠ ᠶᠢᠨ ᠪᠠᠶᠢᠷᠢᠨ ᠳᠤ ᠬᠤᠷᠲᠤᠯᠠᠭᠤᠯᠵᠤ᠂ ᠬᠠᠷᠠᠮᠰᠠᠯ ᠡᠪᠦᠷᠯᠡᠨ ᠬᠡᠷ ᠲᠡᠭᠡᠨ ᠪᠤᠴᠠᠵᠤ ᠪᠠᠶᠢᠭᠰᠠᠨ ᠪᠤᠯ ᠲᠠᠷᠠᠭ᠎ᠠ ᠶᠢᠨ ᠤᠷᠤᠯᠲᠤᠭᠠᠨ ᠳᠤ ᠲᠦᠷᠦᠬᠦᠯᠡᠵᠦ᠂ ᠤᠬᠠᠭᠠᠨ ᠦᠬᠡᠢ ᠪᠠᠶᠠᠷᠯᠠᠵᠦ ᠶᠠᠪᠤᠭᠰᠠᠨ ᠬᠡᠨ᠎ᠠ᠃     ᠮᠤᠷᠢ ᠡᠬᠢᠯᠡᠨ ᠤᠶᠠᠬᠤ ᠳᠤ ᠲᠡᠲᠦ᠋ᠢᠯᠡ ᠤᠢᠢᠯᠠᠭᠠᠬᠤ ᠦᠬᠡᠢ ᠪᠠᠶᠢᠭᠰᠠᠨ ᠲᠡᠷᠡ ᠬᠠᠭᠤᠴᠢᠨ ᠪᠠᠷᠭᠤ ᠬᠤᠰᠢᠭᠤᠨ ᠤ ᠠᠲᠤᠭᠤᠨ ᠳᠤ ᠰᠤᠨᠢᠷᠬᠠᠯ ᠲᠠᠢ ᠠᠬᠠᠮᠠᠳ ᠤᠶᠠᠭᠠᠴᠢᠳ᠂ ᠨᠠᠶᠢᠵᠠ ᠨᠦᠬᠦᠳ ᠠᠴᠠ ᠪᠠᠨ ᠠᠰᠠᠭᠤᠨ ᠰᠤᠷᠴᠦ ᠮᠦᠨ ᠴᠦ ᠲᠡᠳᠡᠨᠠᠷ ᠤᠨ ᠲᠡᠮᠵᠢᠯᠬᠡ᠂ ᠵᠤᠷᠢᠭᠵᠢᠭᠤᠯᠤᠯ ᠢᠶᠠᠷ ᠲᠡᠬᠦᠨ ᠤ ᠮᠤᠷᠢ ᠤᠶᠠᠬᠤ ᠮᠡᠷᠬᠡᠵᠢᠯ ᠨᠢ ᠠᠷᠭ᠎ᠠ ᠦᠬᠡᠢ ᠬᠤᠷᠲᠤᠨ ᠲᠡᠭᠡᠭᠰᠢᠯᠡᠵᠠᠢ᠃ ᠬᠤᠷᠲᠤᠨ ᠤ ᠮᠤᠷᠢ᠂ ᠬᠠᠳᠠᠷᠢᠶ᠎ᠠ ᠮᠤᠷᠢ ᠬᠡᠳ ᠬᠤᠶᠠᠷ ᠲᠦᠷᠦᠯ ᠤᠨ ᠮᠤᠷᠢ ᠶᠢ ᠠᠯᠢᠨ ᠴᠦ ᠰᠠᠶᠢᠨ ᠤᠶᠠᠳᠠᠭ ᠢᠶᠠᠷ ᠢᠶᠠᠨ ᠤᠯᠠᠨ ᠠᠴᠠ ᠤᠷᠦ᠋ᠢᠯᠠᠵᠤ᠂ ᠤᠢᠢᠷ᠎ᠠ ᠶᠢᠨ ᠬᠡᠲᠤᠨ ᠵᠢᠯ ᠠᠴᠠ ᠶᠠᠩ ᠶᠠᠩ ᠤᠨ ᠬᠤᠶᠠᠷ ᠬᠡᠬᠡᠷ ᠮᠤᠷᠢ ᠬᠤᠯᠠ ᠤᠢᠢᠷ᠎ᠠ ᠶᠢᠨ ᠨᠠᠶᠢᠷ ᠨᠠᠭᠠᠲᠤᠮ ᠢᠶᠠᠷ ᠲᠦᠷᠦᠬᠦᠯᠡᠵᠦ ᠠᠶᠢᠷᠠᠭᠳᠠᠬᠤ ᠪᠤᠯᠤᠭᠰᠠᠨ ᠠᠵᠢ᠃     ᠶᠠᠩ  ᠶᠠᠩ  ᠮᠤᠷᠢ  ᠪᠠᠨ  ᠤᠷᠤᠯᠲᠤᠭᠤᠯᠬᠤ  ᠬᠡᠵᠦ  ᠤᠯᠠᠨ  ᠭᠠᠵᠠᠷ  ᠶᠠᠪᠤᠵᠤ  ᠤᠯᠠᠨ ᠬᠦᠮᠦᠰ ᠲᠠᠢ ᠨᠠᠶᠢᠵᠠᠯᠠᠭᠰᠠᠨ᠂ ᠠᠭᠳᠠ ᠬᠦᠯᠦᠭ ᠤᠨ ᠪᠤᠶᠠᠨ ᠢᠶᠠᠷ ᠤᠯᠠᠨ ᠴᠦ ᠨᠠᠶᠢᠵᠠ ᠨᠦᠬᠦᠳ ᠲᠠᠢ ᠪᠤᠯᠪᠠ᠃ ᠲᠡᠳᠡᠨ ᠲᠠᠢ ᠪᠠᠨ ᠮᠤᠷᠢᠨ ᠤ ᠲᠤᠬᠠᠢ ᠵᠤᠭᠤᠭ ᠲᠡᠯᠬᠡᠵᠦ᠂ ᠨᠢᠬᠡ ᠲᠤᠷ᠎ᠠ ᠰᠤᠨᠢᠷᠬᠠᠯ ᠢᠶᠠᠷ ᠨᠦᠬᠦᠷᠯᠡᠳᠡᠭ ᠠᠴᠠ ᠨᠠᠶᠢᠵᠠ ᠶᠢᠨ ᠰᠡᠳᠬᠢᠯ ᠢᠶᠠᠷ ᠬᠦᠨ ᠨᠦᠬᠦᠷᠯᠡᠵᠤ᠂ ᠠᠭᠳᠠ ᠶᠢᠨ ᠪᠤᠢ ᠳᠤ ᠭᠠᠵᠠᠷ ᠦᠵᠡᠵᠦ᠂ ᠠᠨᠳᠠ ᠨᠦᠬᠦᠳ ᠢᠶᠠᠷ ᠪᠠᠶᠠᠨ ᠶᠠᠪᠤᠳᠠᠭ᠃ ᠮᠤᠷᠢᠨ ᠲᠤ ᠬᠤᠷᠤᠬᠠᠢᠢᠲᠠᠢ ᠲᠡᠳᠡ ᠶᠠᠮᠠᠷ ᠭᠠᠵᠠᠷ ᠤᠴᠢᠭᠰᠠᠨ ᠴᠦ ᠬᠠᠯᠠᠭᠤᠮᠰᠤᠭ ᠬᠦᠯᠢᠶᠡᠨ ᠠᠪᠴᠦ  ᠵᠤᠴᠢᠯᠠᠳᠠᠭ  ᠮᠦᠷᠳᠡᠬᠡᠨ  ᠡᠷᠬᠡ  ᠲᠡᠭᠰᠢ  ᠪᠠᠷ  ᠤᠷᠤᠯᠲᠤᠭᠠᠨ  ᠤ  ᠲᠠᠯᠠᠪᠠᠢ  ᠳᠤ  ᠮᠤᠷᠢᠳ ᠢᠶᠠᠨ ᠤᠷᠤᠯᠲᠤᠭᠤᠯᠵᠤ᠂ ᠠᠯᠢ ᠨᠢ ᠴᠦ ᠲᠦᠷᠦᠬᠦᠯᠡᠵᠦ ᠠᠶᠢᠷᠠᠭᠳᠠᠭᠰᠠᠨ ᠴᠦ ᠪᠡᠶ᠎ᠠ ᠪᠡᠶᠠᠨ ᠳᠡᠭᠡᠨ ᠪᠠᠶᠠᠷ ᠬᠦᠷᠬᠡᠨ ᠲᠤᠳᠤᠨᠤ ᠶᠠᠷᠢᠯᠴᠠᠳᠠᠭ᠃ ᠤᠶᠠᠭᠠᠴᠢᠳ ᠤᠨ ᠨᠦᠬᠦᠷᠯᠡᠯ ᠠᠷᠭ᠎ᠠ ᠦᠬᠡᠢ ᠰᠠᠶᠢᠬᠠᠨ ᠪᠠᠶᠢᠳᠠᠭ ᠬᠡᠵᠦ ᠶᠠᠩ ᠶᠠᠩ ᠪᠠᠶᠢᠡᠭᠭᠤ ᠪᠤᠲᠤᠵᠤ ᠶᠠᠪᠤᠳᠠᠭ ᠡ᠃     2020 ᠤᠨ ᠳᠤ ᠬᠢᠵᠢᠭ ᠤᠨ ᠰᠢᠯᠳᠠᠭᠠᠨ ᠠᠴᠠ ᠤᠯᠠᠨ ᠨᠠᠶᠢᠷ ᠨᠠᠭᠠᠲᠤᠮ ᠵᠤᠬᠢᠶᠠᠨ ᠪᠠᠶᠢᠭᠤᠯᠤᠭᠳᠠᠵᠤ ᠴᠢᠳᠠᠭ᠎ᠠ ᠦᠬᠡᠢ᠃ ᠬᠡᠬᠦ ᠳᠤ ᠶᠠᠩ ᠶᠠᠩ ᠮᠤᠷᠢᠨ ᠤ ᠪᠠᠶᠢᠳᠠᠯ ᠢᠶᠠᠨ ᠪᠠᠲᠤᠯᠠᠬᠤ ᠶᠢᠨ ᠲᠦᠯᠦᠬᠡ ᠡᠪᠦᠯ ᠤᠨ ᠰᠡᠬᠦᠯᠴᠢ ᠪᠠᠷ ᠶᠠᠪᠤᠭᠳᠠᠭᠰᠠᠨ ᠨᠠᠶᠢᠷ ᠲᠤ  ᠮᠤᠷᠢ  ᠪᠠᠨ ᠤᠷᠤᠯᠲᠤᠭᠤᠯᠵᠤ᠂ ᠬᠠᠭᠤᠴᠢ᠊ ‍ᠨ ᠪᠠᠷᠭᠤ  ᠬᠤᠰᠢᠭᠤᠨ ᠤ     ︽ᠤᠶᠠᠩᠭᠠᠲᠦ ᠮᠡᠷᠬᠡᠯ︾ ᠬᠤᠷᠲᠤᠨ ᠮᠤᠷᠢᠨ ᠤ ᠤᠷᠤᠯᠲᠤᠭᠠᠨ ᠤ 30 ᠭᠠᠵᠠᠷ ᠤᠨ ᠶᠡᠭᠡ ᠨᠠᠰᠤᠨ ᠤ ᠮᠤᠷᠢᠨ ᠤ ᠤᠷᠤᠯᠲᠤᠭᠠᠨ ᠳᠤ ᠶᠠᠩ ᠶᠠᠩ ᠤᠨ ᠬᠡᠬᠡᠷ ᠮᠤᠷᠢ ᠠᠮᠠᠨ ᠬᠦᠵᠦᠬᠦᠳᠡᠵᠦ᠂ ᠬᠠᠭᠤᠴᠢᠨ ᠪᠠᠷᠭᠤ ᠬᠤᠰᠢᠭᠤᠨ ᠤ ᠡᠧᠡᠩᠬᠢ ᠦᠨᠲᠦᠰᠦᠳᠡᠨ ᠤ ᠰᠤᠮᠤ ᠶᠢᠨ ︽ᠭᠤᠷᠪᠠᠨ ᠭᠤᠤᠯ ᠤᠨ ᠠᠲᠤᠭᠤᠨ ᠰᠤᠶᠤᠯ ᠤᠨ ᠨᠡᠶᠢᠬᠡᠮᠯᠢᠭ︾ ᠤᠨ ᠮᠤᠷᠢᠨ ᠤ ᠤᠷᠤᠯᠲᠤᠭᠠᠨ ᠤ ᠬᠠᠳᠠᠷᠢᠶ᠎ᠠ ᠮᠤᠷᠢᠨ ᠤ ᠤᠷᠤᠯᠲᠤᠭᠠᠨ ᠳᠤ ᠶᠠᠩ ᠶᠠᠩ ᠤᠨ ᠬᠤᠶᠠᠷ ᠬᠡᠬᠡᠷ ᠮᠤᠷᠢ ᠨᠢ ᠠᠮᠠᠨ ᠬᠦᠵᠦᠬᠦᠤ᠂ ᠠᠶᠢᠷᠠᠭ ᠤᠨ ᠲᠦᠷᠪᠡ ᠳᠤ ᠬᠤᠷᠲᠤᠯᠠᠵᠤ᠂ ᠰᠢᠲᠤᠯᠠᠩ ᠤᠨ ᠤᠷᠤᠯᠲᠤᠭᠠᠨ ᠳᠤ ᠬᠠᠯᠵᠠᠨ ᠬᠡᠬᠡᠷ ᠰᠢᠲᠤᠯᠠᠩ ᠨᠢ ᠲᠦᠷᠦᠬᠦᠯᠠᠪᠠ᠃     ᠶᠠᠩ ᠶᠠᠩ ᠤᠨ ᠮᠤᠷᠢ ᠤᠶᠠᠭᠰᠠᠨ ᠠᠮᠵᠢᠯᠳᠠ ᠠᠴᠠ ᠲᠤᠷᠠᠳᠪᠠᠯ᠄ 2020 ᠦᠪᠦᠷ ᠮᠤᠩᠭᠤᠯ ᠤᠨ ᠮᠤᠷᠢᠨ ᠤ ᠤᠷᠤᠯᠲᠤᠭᠠᠨ ᠵᠢᠴᠢ ᠲᠤᠯᠤᠲᠤᠭᠠᠷ ᠬᠤᠭᠤᠴᠠᠭᠠᠨ ᠤ ᠦᠪᠦᠷ ᠮᠤᠩᠭᠤᠯ ᠤᠨ ᠤᠯᠠᠨ ᠤᠯᠤᠰ ᠤᠨ ᠮᠤᠷᠢᠨ ᠮᠡᠷᠬᠡᠵᠢᠯ ᠤᠨ ︵ᠶᠠᠭᠰᠢ︶ ︽ᠭᠠᠷᠤᠳᠢ ᠬᠤᠨᠳᠠᠭᠠᠲᠦ︾ ᠶᠡᠭᠡ ᠬᠢᠨᠭ᠍ᠭᠠᠨ ᠲᠠᠪᠠᠭᠠᠨ ᠤ ᠠᠭᠤᠯᠠᠷᠬᠠᠭ ᠭᠠᠵᠠᠷ ᠤᠨ ᠬᠤᠯᠠ ᠶᠢᠨ ᠮᠤᠷᠢᠨ ᠤ ᠤᠷᠤᠯᠲᠤᠭᠠᠨ ᠳᠤ ᠶᠠᠩ ᠶᠠᠩ ᠤᠨ ᠬᠡᠬᠡᠷ ᠮᠤᠷᠢ ᠲᠦᠷᠦᠬᠦᠯᠡᠪᠠ᠃ 2020 ᠤᠨ ᠤ 8 ᠰᠠᠷ᠎ᠠ ᠳᠤ ᠶᠠᠪᠤᠭᠳᠠᠭᠰᠠᠨ ᠦᠪᠦᠷ ᠮᠤᠩᠭᠤᠯ ᠤᠨ ᠮᠤᠷᠢᠨ ᠤᠷᠤᠯᠲᠤᠭᠠᠨ ᠵᠢᠴᠢ ᠲᠤᠯᠤᠲᠤᠭᠠᠷ ᠬᠤᠭᠤᠴᠠᠭᠠᠨ ᠤ ᠦᠪᠦᠷ ᠮᠤᠩᠭᠤᠯ ᠤᠨ ᠤᠯᠠᠨ ᠤᠯᠤᠰ ᠤᠨ ᠮᠤᠷᠢᠨ ᠮᠡᠷᠬᠡᠵᠢᠯ ᠤᠨ  ᠨᠠᠭᠠᠲᠤᠮ  ᠵᠢᠴᠢ  ᠭᠤᠷᠪᠠᠲᠤᠭᠠᠷ  ᠤᠳᠠᠭᠠᠨ ᠤ     ︽ᠬᠦᠯᠦᠨ ᠪᠤᠶᠢᠷ ᠤᠨ ᠬᠤᠷᠲᠦ — 2020︾ ᠭᠠᠯ ᠤᠶᠠᠭᠠᠴᠢᠳ ᠤᠨ ᠨᠠᠭᠠᠲᠤᠮ ᠤᠨ ᠰᠤᠶᠤᠭᠠᠯᠠᠩ ᠨᠠᠰᠤᠨ ᠤ ᠮᠤᠷᠢᠨ ᠤ ᠤᠷᠤᠯᠲᠤᠭᠠᠨ ᠳᠤ ᠶᠠᠩ ᠶᠠᠩ ᠤᠨ ᠬᠡᠬᠡᠷ ᠰᠤᠶᠤᠭᠠᠯᠠᠩ ᠲᠦᠷᠦᠬᠦᠯᠡᠵᠦ᠂ ᠬᠢᠵᠠᠭᠠᠯᠠᠩ ᠨᠠᠰᠤᠨ ᠤ ᠮᠤᠷᠢᠨ ᠤ ᠤᠷᠤᠯᠲᠤᠭᠠᠨ ᠳᠤ ᠶᠠᠩ ᠶᠠᠩ ᠤᠨ ᠬᠡᠬᠡᠷ ᠬᠢᠵᠠᠭᠠᠯᠠᠩ ᠠᠶᠢᠷᠠᠭ ᠤᠨ ᠭᠤᠷᠪᠠ ᠳᠤ ᠬᠤᠷᠲᠤᠯᠠᠪᠠ᠃     ᠶᠠᠩ ᠶᠠᠩ ᠬᠠᠮᠤᠭ ᠠᠩᠬ᠎ᠠ ᠬᠤᠷᠲᠤᠯᠠᠭᠤᠯᠵᠤ ᠪᠠᠶᠢᠭᠰᠠᠨ ᠬᠡᠬᠡᠷ ᠮᠤᠷᠢ ᠪᠠᠨ ᠤᠲᠤ ᠪᠤᠯᠳᠠᠯ᠎ᠠ ᠬᠤᠳᠠᠯᠲᠤᠭᠰᠠᠨ ᠦᠬᠡᠢ ᠠᠷᠠᠴᠢᠯᠠᠨ ᠲᠡᠵᠢᠬᠡᠭᠰᠡᠬᠡᠷ ᠪᠠᠶᠢᠭ᠎ᠠ᠃ ᠤᠲᠤ ᠬᠡᠬᠡᠷ ᠮᠤᠷᠢ ᠨᠢ 27 ᠨᠠᠰᠤᠲᠠᠢ ᠪᠤᠯᠤᠭᠠᠳ ᠬᠦᠭᠰᠢᠨ ᠮᠤᠷᠢ ᠪᠤᠯᠪᠠ᠃ ᠲᠡᠷᠡ ᠡᠨᠡ ᠮᠤᠷᠢ ᠪᠠᠨ ᠬᠤᠳᠠᠯᠲᠤᠬᠤ ᠦᠬᠡᠢ ᠪᠠᠶᠢᠭᠠᠯᠢ ᠶᠢᠨ ᠵᠢᠮ᠎ᠠ ᠪᠠᠷ ᠲᠡᠭᠷᠢ ᠳᠤ ᠬᠠᠯᠢᠳᠠᠯ᠎ᠠ ᠨᠢ ᠡᠳ᠋ᠯᠡᠬᠦ ᠪᠤᠯᠤᠨ᠎ᠠ ᠬᠡᠵᠦ ᠶᠠᠷᠢᠨ᠎ᠠ᠃ ᠮᠤᠷᠢ ᠬᠡᠮᠡᠬᠦ ᠡᠷᠳᠡᠨᠢ ᠶᠢᠨ ᠬᠦᠯᠦᠭ ᠲᠠᠢ ᠠᠮᠢ ᠪᠡᠶ᠎ᠠ ᠪᠠᠨ ᠬᠤᠯᠪᠤᠵᠤ᠂ ᠬᠤᠷᠲᠤᠨ ᠪᠤᠶᠠᠨ ᠤ ᠲᠤᠭᠤᠰᠦᠨ ᠳᠤ ᠪᠠᠶᠠᠰᠤᠯ ᠲᠦᠬᠦᠷᠡᠩ ᠶᠠᠪᠤᠭ᠎ᠠ ᠶᠠᠩ ᠶᠠᠩ ᠤᠨ ᠤᠶᠠᠭᠰᠠᠨ ᠬᠦᠯᠦᠭ ᠨᠢ ᠬᠤᠷᠲᠤᠨ᠂ ᠤᠨᠤᠭᠰᠠᠨ ᠬᠡᠤᠬᠡᠳ ᠨᠢ ᠬᠦᠡᠭᠬᠡᠨ ᠪᠠᠶᠢᠵᠤ᠂ ᠵᠤᠨ ᠤ ᠲᠡᠯᠬᠡᠷ ᠴᠠᠭ ᠢᠶᠠᠷ ᠨᠠᠭᠠᠲᠤᠮ ᠤᠨ ᠵᠢᠷᠤᠬᠠᠢ ᠶᠢ ᠪᠠᠶᠠᠰᠬᠠᠵᠤ ᠪᠠᠶᠢᠬᠤ ᠪᠤᠯᠤᠭᠠᠰᠠᠢ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号