ᠴᠤᠯᠮᠤᠨᠴᠢᠮᠡᠭ᠄ ᠡᠷᠡᠬᠡᠢ ᠬᠤᠷᠤᠭᠤᠨ ᠳᠠᠭᠠᠨ ᠡᠷᠳᠡᠮᠳᠠᠢ ︽ᠡᠷᠡᠬᠡᠢ ᠮᠡᠷᠭᠡᠨ︾
ᠨᠡᠶᠢᠲᠡᠯᠡᠭᠰᠡᠨ ᠴᠠᠭ᠄
2021/7/7
    ᠦᠰᠦ ᠨᠢ ᠦᠷᠪᠤᠶᠢᠯᠳᠦᠭᠰᠡᠨ ᠵᠢᠭᠠᠯ ᠬᠡᠤᠬᠡᠨ ᠠᠪᠤ ᠶᠢᠨ ᠢᠶᠠᠨ ᠡᠪᠡᠷ ᠨᠤᠮᠤ ᠶᠢ ᠬᠠᠷᠠᠭᠠᠳ ᠶᠡᠬᠡᠯᠡ ᠱᠤᠬᠤᠭᠤᠷᠬᠠᠨ᠎ᠠ᠃ ︽ᠨᠠᠳᠠᠳᠤ ᠡᠶᠢᠮᠦ ᠰᠠᠶᠢᠬᠠᠨ ᠨᠤᠮᠤ ᠪᠠᠶᠢᠬᠰᠠᠨ ᠪᠤᠯ ᠶᠠᠮᠠᠷᠴᠤ ᠰᠠᠶᠢᠬᠠᠨ ᠪᠤᠢ︖ ᠪᠤᠳᠠ ᠲᠡᠷᠡᠰᠦᠨ ᠤ ᠴᠢᠯᠦᠬᠡ ᠪᠠᠷ ᠪᠤᠯᠳᠡᠩ ᠪᠤᠯᠳᠡᠩ ᠬᠠᠷᠠᠬᠳᠠᠬᠤ ᠪᠤᠷᠤ ᠳᠠᠤᠯᠠᠢ ᠶᠢ ᠠᠩᠨᠠᠴᠢᠬᠠᠵᠤ ᠮᠡᠳᠡᠬᠦ ᠶᠤᠮ︾ ᠭᠡᠵᠦ ᠵᠢᠭᠠᠯ ᠬᠡᠤᠬᠡᠨ ᠳᠤᠳᠤᠷ᠎ᠠ ᠪᠠᠨ ᠰᠡᠮᠬᠡᠨ ᠰᠡᠳᠬᠢᠨ᠎ᠡ᠃ ᠬᠠᠷᠢᠨ ᠠᠪᠤ ᠨᠢ ᠪᠤᠳᠤᠯ ᠢ ᠨᠢ ᠮᠡᠳᠡᠭᠰᠡᠨ ᠶᠤᠮ ᠰᠢᠬ ᠪᠤᠷᠭᠠᠰᠤ ᠪᠠᠷ ᠵᠢᠭᠠᠬᠠᠨ ᠨᠤᠮᠤ ᠮᠠᠳᠠᠵᠤ᠂ ᠪᠠᠰᠠ ᠬᠡᠳᠦᠨ ᠰᠤᠮᠤ ᠪᠡᠯᠡᠳᠬᠡᠵᠦ ᠲᠡᠭᠦᠨ ᠳᠤ ᠦᠭᠴᠡᠢ᠃ ᠡᠭᠦᠨ ᠠᠴᠠ ᠬᠤᠶᠢᠰᠢ ᠵᠢᠭᠠᠯ ᠬᠡᠤᠬᠡᠨ ᠬᠡᠷ ᠲᠡᠭᠡᠨ ᠳᠤᠬᠳᠠᠬᠤ ᠪᠠᠨ ᠪᠤᠯᠢᠵᠤ᠂ ᠬᠡᠷ ᠤᠨ ᠢᠶᠠᠨ ᠡᠷᠬᠢᠨ ᠲᠤᠭᠤᠷᠢᠨ ᠤ ᠠᠮᠢᠳᠠᠳ ᠵᠦᠢᠯᠡᠰ ᠢ ᠠᠮᠠᠷ ᠪᠠᠶᠢᠯᠭᠠᠬᠤ ᠦᠭᠡᠢ ᠪᠤᠯᠵᠤ᠂ ᠬᠠᠶᠠ ᠵᠠᠷᠢᠮ ᠳᠠᠭᠠᠨ ᠠᠪᠤ ᠲᠠᠢ ᠪᠠᠨ ᠴᠤᠬ ᠠᠩ ᠳᠤ ᠶᠠᠪᠤᠨ᠎ᠠ ᠭᠡᠵᠦ ᠤᠯᠠᠨ ᠪᠦᠭᠦᠳᠡᠭᠡᠷ ᠢ ᠦᠢᠮᠡᠭᠦᠯᠳᠡᠭ ᠪᠤᠯᠪᠠ᠃     ᠡᠨᠡ ᠪᠤᠯ ᠴᠤᠯᠮᠤᠨᠴᠢᠮᠡᠭ ᠤᠨ ᠪᠠᠭ᠎ᠠ ᠨᠠᠰᠤᠨ ᠤ ᠳᠤᠷᠠᠰᠤᠯ᠃ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠤᠨ ᠤ ᠲᠡᠷᠡᠰᠦ ᠭᠠᠴᠠᠭ᠎ᠠ ᠪᠠᠷ ᠨᠤᠳᠤᠭ ᠲᠠᠢ ᠤᠷᠤᠨ ᠲᠠᠶᠠᠭᠠᠷ ᠠᠯᠳᠠᠷ ᠨᠡᠷ᠎ᠡ ᠮᠠᠨᠳᠤᠬᠰᠠᠨ ᠡᠮᠡᠭᠳᠡᠢ ᠬᠠᠷᠪᠤᠭᠠᠴᠢ ᠴᠤᠯᠮᠤᠨᠴᠢᠮᠡᠭ ᠭᠡᠵᠦ ᠮᠠᠨ ᠤ ᠤᠷᠤᠨ ᠤ ᠰᠤᠷ ᠬᠠᠷᠪᠤᠯᠳᠠ ᠶᠢᠨ ᠲᠡᠤᠬᠡᠨ ᠳᠤ ᠬᠤᠪᠤᠷᠬᠠᠨ ᠳᠤᠬᠢᠶᠠᠯᠳᠤᠬᠤ ᠮᠡᠷᠬᠡᠨ ᠬᠠᠷᠪᠤᠭᠠᠴᠢ ᠪᠤᠯᠤᠨ᠎ᠠ᠃ 2017 ᠤᠨ ᠳᠤ ᠬᠦᠯᠦᠨ ᠪᠤᠶᠢᠷ ᠬᠤᠳᠠ ᠳᠤ ᠪᠤᠯᠤᠬᠰᠠᠨ ᠥᠪᠡᠷᠳᠡᠭᠡᠨ ᠵᠠᠰᠠᠬᠤ ᠤᠷᠤᠨ ᠤ ᠶᠢᠰᠦᠳᠦᠭᠡᠷ ᠬᠤᠭᠤᠴᠠᠭᠠᠨ ᠤ ᠴᠦᠬᠡᠨ ᠳᠤᠭᠠᠳᠤ ᠦᠨᠳᠦᠰᠦᠳᠡᠨ ᠤ ᠤᠯᠠᠮᠵᠢᠯᠠᠯᠳᠤ ᠪᠡᠶ᠎ᠡ ᠳᠠᠮᠢᠷ ᠤᠨ ᠴᠤᠬᠯᠠᠭᠠᠨ ᠤ ᠰᠤᠷ ᠬᠠᠷᠪᠤᠯᠳᠠ ᠶᠢᠨ ᠤᠷᠤᠯᠳᠤᠭᠠᠨ ᠤ ᠨᠠᠢᠮᠠᠨ ᠲᠦᠷᠦᠯ ᠤᠨ ᠤᠷᠤᠯᠳᠤᠭᠠᠨ ᠳᠤ ᠴᠤᠯᠮᠤᠨᠴᠢᠮᠡᠭ 7 ᠠᠯᠳᠠ᠂ 1 ᠮᠦᠩᠬᠦᠨ ᠮᠧᠳᠠᠯ ᠭᠠᠷᠳᠠᠵᠤ᠂ ᠬᠤᠷᠠᠬᠰᠠᠨ ᠤᠯᠠᠨ ᠢ ᠭᠠᠶᠢᠬᠠᠰᠢ ᠠᠯᠳᠠᠭᠤᠯᠤᠭᠰᠠᠨ ᠪᠠᠶᠢᠯ᠎ᠠ᠃ ᠲᠡᠷᠡ ᠪᠤᠯ ᠶᠡᠭᠡ ᠪᠠᠭ᠎ᠠ ᠰᠤᠷ ᠬᠠᠷᠪᠤᠯᠳᠠ ᠶᠢᠨ ᠤᠷᠤᠯᠳᠤᠭᠠᠨ ᠳᠤ 100 ᠭᠠᠷᠤᠢ ᠤᠳᠠᠭ᠎ᠠ ᠳᠡᠷᠢᠬᠦᠯᠡᠭᠰᠡᠨ ︽ᠡᠷᠡᠬᠡᠢ ᠮᠡᠷᠭᠡᠨ︾︔ ᠲᠡᠷᠡ ᠪᠤᠯ ᠤᠷᠤᠨ ᠤ ᠬᠡᠪᠴᠢᠶᠡᠨ ᠤ ᠨᠢᠭᠡᠯᠡ ᠤᠳᠠᠭᠠᠨ ᠤ ᠪᠡᠶ᠎ᠡ ᠳᠠᠮᠢᠷ ᠤᠨ ᠴᠤᠬᠯᠠᠭᠠᠨ ᠳᠤ 7 ᠠᠯᠳᠠ ᠶᠢᠨ ᠡᠵᠡᠨ ᠪᠤᠯᠤᠭᠰᠠᠨ ᠭᠠᠶᠢᠬᠠᠮᠰᠢᠭᠳᠤ ᠬᠠᠷᠪᠤᠭᠠᠴᠢ︔ ᠲᠡᠷᠡ ᠪᠤᠯ ᠮᠠᠰᠢᠨ ᠲᠡᠷᠭᠡᠨ ᠤ ᠳᠤᠮᠤ ᠱᠠᠩᠨᠠᠯ ᠬᠦᠷᠳᠡᠭᠰᠡᠨ ᠤᠤᠭᠠᠨ ᠰᠤᠷᠴᠢᠨ᠃     ᠳᠤᠮᠳᠠ ᠶᠢᠨ ᠪᠡᠶ᠎ᠡ ᠲᠠᠢ᠂ ᠮᠠᠷᠢᠶ᠎ᠠ ᠮᠢᠬ᠎ᠠ ᠲᠡᠩᠴᠡᠭᠦᠬᠡᠨ ᠲᠦᠴᠢ ᠭᠠᠷᠤᠬᠰᠠᠨ ᠲᠡᠭᠦᠨ ᠢ ᠬᠠᠷᠠᠬᠤ ᠪᠠᠷ ᠭᠠᠷ ᠤᠨ ᠪᠤᠯᠴᠢᠩ ᠰᠢᠷᠪᠤᠰᠤ ᠨᠢ ᠪᠤᠰᠤᠳ ᠡᠮᠡᠭᠳᠠᠶᠢᠴᠤᠤᠯ ᠠᠴᠠ ᠠᠷᠠᠢ ᠠᠬᠠᠳᠠᠮ᠎ᠠ ᠪᠠᠶᠢᠬᠰᠠᠨ ᠢ ᠭᠠᠷᠭᠠᠪᠠᠯ ᠡᠬᠡᠯ ᠵᠢᠷ ᠤᠨ ᠬᠦᠳᠡᠭᠡ ᠶᠢᠨ ᠪᠤᠷᠤᠬᠠᠨ ᠪᠦᠰᠡᠬᠦᠢ ᠭᠡᠳᠡᠭ ᠨᠢ ᠢᠯᠡᠭᠡᠨ᠃ ᠲᠡᠭᠡᠷ᠎ᠡ ᠵᠠᠭᠤᠨ ᠤ ᠳᠠᠯᠠᠭᠠᠳ ᠤᠨ ᠳᠤ ᠲᠦᠷᠦᠭᠰᠡᠨ ᠴᠤᠯᠮᠤᠨᠴᠢᠮᠡᠭ ᠬᠡᠳᠦ᠋ᠢᠪᠡᠷ ᠠᠬ᠎ᠠ ᠲᠡᠭᠦᠦ ᠳᠤᠯᠤᠭ᠎ᠠ ᠶᠢᠨ ᠤᠳᠬᠤᠨ ᠨᠢ ᠪᠠᠶᠢᠵᠤ ᠡᠷᠬᠡ ᠲᠠᠩᠬᠢ ᠦᠰᠦᠭᠰᠡᠨ ᠬᠡᠳᠡᠭ ᠴᠦ ᠦᠷᠤᠬᠡᠯ ᠪᠤᠰᠤᠳ ᠤᠨ ᠬᠡᠤᠬᠡᠳ ᠢ ᠪᠤᠳᠤᠪᠠᠯ ᠶᠤᠰᠤᠳᠠᠢ ᠬᠠᠯᠠ ᠦᠵᠡᠵᠦ ᠬᠠᠯᠠᠭᠤᠨ ᠴᠢᠯᠠᠭᠤ ᠳᠤᠯᠢᠶᠠᠵᠤ ᠬᠦᠮᠦᠨ ᠪᠤᠯᠤᠬᠰᠠᠨ ᠠᠵᠢ᠃ ᠬᠡᠤᠬᠡᠳ ᠤᠯᠠᠨᠳᠠᠢ ᠪᠠᠶᠢᠬᠰᠠᠨ ᠪᠤᠯᠬᠤᠷ ᠠᠷᠤ ᠬᠡᠷ ᠤᠨ ᠬᠢᠨᠢ ᠠᠮᠢᠳᠤᠷᠠᠯ ᠲᠠᠭᠠᠷᠠᠤᠬᠠᠨ ᠪᠠᠶᠢᠵᠤ᠂ ᠠᠷᠪᠠᠨ ᠬᠡᠳᠦᠳᠡᠢ ᠳᠡᠭᠡᠨ ᠡᠨᠡᠷᠢᠯᠳᠤ ᠡᠵᠢ ᠪᠠᠨ ᠠᠯᠳᠠᠬᠰᠠᠨ ᠠᠴᠠ ᠪᠤᠯᠵᠤ ᠠᠮᠢᠳᠤᠷᠠᠯ ᠨᠢ ᠤᠯᠠᠮ ᠴᠤ ᠬᠦᠴᠢᠷᠳᠡᠢ ᠪᠤᠯᠪᠠ᠃ ᠬᠡᠬᠦ ᠳᠡᠭᠡᠨ ᠠᠮᠢᠳᠤᠷᠠᠯ ᠤᠨ ᠡᠯᠡ ᠬᠠᠯᠠ ᠶᠢ ᠦᠵᠡᠵᠦ ᠦᠰᠦᠭᠰᠡᠨ ᠬᠡᠤᠬᠡᠳ ᠡᠷᠳᠡ ᠳᠤᠮᠤᠭᠠᠵᠢᠳᠠᠬ ᠤᠴᠢᠷᠳᠠᠢ ᠪᠠᠶᠢᠬᠰᠠᠨ ᠠᠵᠢ︕ ᠬᠦᠳᠡᠭᠡ ᠶᠢᠨ ᠬᠠᠷ᠎ᠠ ᠪᠤᠷᠤ ᠠᠵᠢᠯ ᠨᠢ ᠴᠤᠯᠮᠤᠨᠴᠢᠮᠡᠭ ᠲᠤ ᠪᠤᠰᠤᠳ ᠠᠴᠠ ᠬᠦᠳᠡᠷ ᠴᠢᠬᠢᠷᠠᠬ ᠪᠡᠶ᠎ᠡ ᠮᠠᠬᠠᠪᠤᠳ ᠤᠯᠭᠤᠵᠤ᠂ ᠬᠠᠳᠠᠭᠤ ᠪᠡᠷᠬᠡ ᠠᠮᠢᠳᠤᠷᠠᠯ ᠨᠢ ᠲᠡᠭᠦᠨ ᠳᠤ ᠬᠦᠮᠦᠨ ᠢ ᠬᠦᠨᠳᠦᠯᠡᠵᠦ ᠬᠠᠶᠢᠷᠠᠯᠠᠬᠤ ᠤᠬᠠᠭᠠᠨ ᠬᠠᠶᠢᠷᠠᠯᠠᠪᠠ᠃ ᠡᠨᠡ ᠯᠠ ᠵᠠᠩ ᠵᠢᠷᠤᠮ ᠢᠶᠠᠷ ᠲᠡᠷᠡᠪᠡᠷ ᠠᠶᠢᠯ ᠤᠨ ᠪᠡᠷᠢ ᠪᠤᠯᠤᠬᠰᠠᠨ ᠴᠦ ᠬᠠᠳᠠᠮ ᠠᠪᠤ ᠡᠵᠢ ᠪᠠᠨ ᠲᠦᠷᠦᠭᠰᠡᠨ ᠠᠪᠤ ᠡᠵᠢ ᠪᠠᠨ ᠰᠢᠭ ᠢᠶᠠᠨ ᠰᠠᠨᠠᠨ ᠬᠠᠷᠠᠭᠠᠯᠵᠠᠵᠤ᠂ ᠠᠴᠢᠯᠠᠯᠳᠠᠢ ᠪᠡᠷᠢ ᠬᠡᠮᠡᠨ ᠬᠦᠮᠦᠨ ᠤᠯᠠᠨ ᠳᠠᠭᠠᠨ ᠲᠠᠨᠢᠬᠳᠠᠬᠰᠠᠨ ᠪᠠᠶᠢᠨ᠎ᠠ᠃ ᠬᠦᠳᠡᠭᠡ ᠳᠡᠭᠡᠨ ᠠᠵᠢᠯ ᠬᠤᠢ ᠳᠠᠭᠠᠨ ᠬᠢᠯᠠᠷᠠᠭᠤᠯᠵᠤ᠂ ᠠᠷᠤ ᠬᠡᠷ ᠢᠶᠠᠨ ᠡᠪᠳᠡᠶᠢᠬᠡᠨ ᠠᠪᠴᠤ ᠶᠠᠪᠤᠵᠤ ᠪᠠᠶᠢᠬᠰᠠᠨ ᠢᠶᠠᠷ ᠠᠩᠭ᠎ᠠ ᠬᠦᠦ ᠨᠢ ᠬᠤᠰᠢᠭᠤᠨ ᠤ ᠪᠠᠨ ᠰᠤᠷᠭᠠᠭᠤᠯᠢ ᠳᠤ ᠰᠤᠷᠤᠯᠴᠠᠬᠤ ᠪᠤᠯᠤᠬᠰᠠᠨ ᠢᠶᠠᠷ ᠲᠡᠷᠡᠪᠡᠷ ᠴᠦ ᠳ᠋ᠠᠪᠠᠨ ᠪᠠᠯᠭᠠᠰᠤᠨ ᠳᠤ ᠢᠷᠡᠵᠦ ᠰᠠᠭᠤᠷᠢᠰᠢᠨ᠂ ᠦᠷ᠎ᠡ ᠬᠡᠤᠬᠡᠳ ᠢᠶᠠᠨ ᠰᠤᠶᠤᠯ ᠨᠤᠮ ᠲᠠᠢ ᠬᠦᠮᠦᠨ ᠪᠤᠯᠭᠠᠬᠤ ᠶᠢᠨ ᠲᠦᠯᠦᠬᠡ ᠠᠯᠢᠪᠠ ᠪᠠᠨ ᠵᠤᠷᠢᠭᠤᠯᠵᠦ ᠶᠠᠪᠤᠨ᠎ᠠ᠃     ᠮᠤᠩᠭᠤᠯᠴᠤᠳ ᠤᠨ ᠡᠷ᠎ᠡ ᠶᠢᠨ ᠭᠤᠷᠪᠠᠨ ᠨᠠᠭᠠᠳᠤᠮ ᠤᠨ ᠨᠢᠬᠡ ᠬᠡᠮᠡᠭᠳᠡᠭᠰᠡᠨ ᠰᠤᠷ ᠬᠠᠷᠪᠤᠯᠳᠠ ᠨᠢ ᠤᠷᠴᠢᠮ ᠤᠨ ᠵᠢᠯ ᠠᠴᠠ ᠤᠯᠠᠨ᠎ᠠ ᠬᠦᠨᠳᠦᠳᠬᠡᠭᠳᠡᠨ ᠮᠠᠨ ᠤ ᠤᠷᠤᠨ ᠤ ᠰᠤᠷ ᠬᠠᠷᠪᠤᠯᠳᠠ ᠶᠢᠨ ᠰᠠᠭᠤᠷᠢᠨ ᠪᠤᠯᠬᠤ ᠪᠠᠭᠠᠷᠢᠨ ᠪᠠᠷᠠᠭᠤᠨ ᠬᠤᠰᠢᠭᠤᠨ ᠳᠤ ᠨᠡᠩ ᠴᠦ ᠬᠠᠯᠠᠭᠤᠨ ᠦᠷᠨᠢᠯᠳᠡ ᠭᠠᠷᠴᠤ᠂ ︽ᠪᠠᠭᠠᠷᠢᠨ ᠰᠤᠷᠴᠢᠨ ᠤ ᠨᠡᠶᠢᠭᠡᠮᠯᠢᠭ︾ ᠪᠠᠶᠢᠭᠤᠯᠤᠬᠳᠠᠵᠠᠢ᠃ ᠬᠤᠰᠢᠭᠤᠨ ᠲᠦᠪ ᠲᠤ ᠬᠡᠤᠬᠡᠳ ᠢᠶᠠᠨ ᠬᠠᠷᠠᠭᠠᠯᠵᠠᠵᠦ ᠪᠠᠶᠢᠬᠰᠠᠨ ᠴᠤᠯᠮᠤᠨᠴᠢᠮᠡᠭ ᠲᠤ ᠡᠨᠡ ᠨᠢ ᠰᠠᠶᠢᠬᠠᠨ ᠵᠠᠪᠰᠢᠶᠠᠨ ᠪᠤᠯᠤᠬᠰᠠᠨ ᠪᠠᠶᠢᠪᠠ᠃ ᠪᠠᠭ᠎ᠠ ᠳᠠᠭᠠᠨ ᠠᠪᠤ ᠶᠢᠨ ᠢᠶᠠᠨ ᠬᠢᠵᠦ ᠦᠭᠭᠦᠭᠰᠡᠨ ᠪᠤᠷᠭᠠᠰᠤᠨ ᠨᠤᠮᠤ ᠪᠠᠷ ᠪᠤᠳᠠᠨ ᠤ ᠪᠤᠷᠤ ᠳᠠᠤᠯᠠᠢ ᠬᠠᠷᠪᠤᠨ ᠨᠠᠭᠠᠳᠴᠤ ᠪᠠᠶᠢᠬᠰᠠᠨ ᠪᠠᠭ᠎ᠠ ᠶᠢᠨ ᠦᠶ᠎ᠡ ᠨᠢ ᠳᠤᠷᠠᠰᠤᠬᠳᠠᠵᠤ᠂ ᠨᠢᠭᠡᠯᠡ ᠮᠡᠳᠡᠬᠦ ᠳᠤ ᠲᠡᠷᠡᠪᠡᠷ ᠨᠤᠮᠤ ᠰᠤᠮᠤ ᠠᠬᠰᠠᠴᠢᠬᠠᠬᠰᠠᠨ ᠰᠤᠷ ᠬᠠᠷᠪᠤᠯᠳᠠ ᠶᠢᠨ ᠳᠠᠯᠠᠪᠠᠢ ᠳᠤ ᠬᠦᠷᠴᠢᠭᠡᠭᠰᠡᠨ᠂ ᠲᠡᠮᠦᠷᠪᠠᠭᠠᠳᠤᠷ  ᠬᠡᠬᠦ  ᠨᠤᠲᠤᠭ  ᠤᠨ  ᠠᠬ᠎ᠠ  ᠠᠴᠠ  ᠪᠠᠨ  ᠰᠤᠷ  ᠬᠠᠷᠪᠤᠬᠤ  ᠳᠤᠬᠠᠢ  ᠲᠦᠬᠦᠮᠬᠡᠨ ᠰᠤᠷᠪᠠ᠃ ᠬᠠᠷᠢᠨ ᠡᠨᠡ ᠡᠳᠦᠷ ᠨᠢ ᠶᠠᠬ ᠰᠠᠶᠢᠬᠠᠨ ᠪᠠᠭᠠᠷᠢᠨ ᠪᠠᠷᠠᠭᠤᠨ ᠬᠤᠰᠢᠭᠤᠨ ᠤ ᠰᠤᠷᠴᠢᠨ ᠤ ᠤᠪᠤᠭᠠᠨ ᠨᠠᠶᠢᠷ ᠳᠤᠬᠢᠶᠠᠬᠰᠠᠨ ᠪᠠᠶᠢᠵᠤ᠂ ᠬᠤᠶᠢᠨ᠎ᠠ ᠡᠮᠦᠨ᠎ᠡ ᠬᠡᠳᠦᠬᠡᠨ ᠰᠤᠮᠤ ᠬᠠᠷᠪᠤᠬᠰᠠᠨ ᠴᠤᠯᠮᠤᠨᠴᠢᠮᠡᠭ ᠨᠢᠬᠡᠯᠡ ᠮᠡᠳᠡᠬᠦ ᠳᠤ ᠤᠷᠤᠯᠳᠤᠭᠠᠨ ᠳᠤ ᠡᠮᠦᠨ᠎ᠡ ᠡᠩᠨᠡᠬᠡᠨ ᠳᠤ ᠤᠷᠤᠴᠢᠬᠠᠬᠰᠠᠨ ᠨᠡᠷ᠎ᠡ ᠪᠠᠨ ᠲᠠᠭᠤᠳᠠᠭᠤᠯᠵᠤ ᠪᠠᠶᠢᠯ᠎ᠠ᠃ ᠠᠩᠬ᠎ᠠ ᠰᠤᠷᠴᠤ᠂ ᠠᠩᠬ᠎ᠠ ᠤᠷᠤᠯᠳᠤᠭᠠᠨ ᠳᠤ ᠤᠷᠤᠯᠴᠠᠬᠰᠠᠨ ᠬᠦᠮᠦᠨ ᠤ ᠬᠢᠷᠢ ᠪᠦᠲᠦᠮᠵᠢ ᠵᠠᠮᠠᠷᠬᠠᠨ ᠭᠡᠳᠡᠭ ᠢ ᠳᠠ ᠪᠦᠬᠦᠨ ᠮᠡᠳᠡᠬᠦ ᠯᠠ ᠪᠠᠶᠢᠬᠤ ᠳ᠋ᠠ︕ ᠲᠡᠷᠡᠪᠡᠷ 7 ᠤᠨᠤᠭ᠎ᠠ ᠤᠯᠵᠤ ᠠᠩᠬᠠᠨ ᠤ ᠤᠷᠤᠯᠳᠤᠭᠠᠨ ᠢᠶᠠᠨ ᠦᠨᠳᠦᠷᠯᠡᠭᠦᠯᠪᠡ᠃ ᠬᠠᠷᠢᠨ ᠡᠨᠡ ᠤᠳᠠᠭ᠎ᠠ ᠠᠴᠠ ᠬᠤᠶᠢᠰᠢ ᠴᠤᠯᠮᠤᠨᠴᠢᠮᠡᠭ ᠤᠳᠤ ᠳᠤ ᠪᠤᠯᠳᠠᠯ᠎ᠠ ᠶᠡᠷᠦᠨᠢ ᠱᠠᠩ ᠠᠴᠠ ᠪᠠᠭᠤᠵᠤ ᠥᠩᠬᠡᠷᠡᠭᠰᠡᠨ ᠦᠭᠡᠢ᠃ ᠠᠩᠬᠠᠨ ᠤ ᠤᠷᠤᠯᠳᠤᠭᠠᠨ ᠠᠴᠠ ᠪᠠᠨ 20 ᠬᠤᠨᠤᠭ ᠤᠨ ᠳᠠᠷᠠᠭ᠎ᠠ ᠪᠠᠭᠠᠷᠢᠨ ᠪᠠᠷᠠᠭᠤᠨ ᠬᠤᠰᠢᠭᠤᠨ ᠤ ᠪᠤᠷᠤᠠᠤᠰᠤ ᠪᠠᠯᠭᠠᠰᠤᠨ ᠳᠤ ᠪᠤᠯᠤᠬᠰᠠᠨ ᠰᠤᠷ ᠬᠠᠷᠪᠤᠯᠳᠠ ᠶᠢᠨ ᠤᠷᠤᠯᠳᠤᠭᠠᠨ ᠳᠤ ᠴᠤᠯᠮᠤᠨᠴᠢᠮᠡᠭ ᠰᠠᠨᠠᠭᠠᠨ ᠳᠤ ᠦᠭᠡᠢ ᠬᠤᠶᠠᠳᠤᠭᠠᠷ ᠨᠡᠷᠡᠰ ᠲᠤ ᠤᠷᠤᠬᠰᠠᠨ ᠪᠠᠶᠢᠯ᠎ᠠ᠃ ᠡᠭᠦᠨ ᠠᠴᠠ ᠡᠬᠢᠯᠡᠵᠦ ᠴᠤᠯᠮᠤᠠᠴᠢᠮᠡᠭ ᠤᠨ ᠳᠤᠷ᠎ᠠ ᠪᠠᠬ᠎ᠠ ᠤᠯᠠᠮ ᠬᠦᠪᠴᠢᠯᠡᠭᠳᠡᠵᠦ᠂ ᠤᠳᠤ ᠪᠤᠯᠳᠠᠯ᠎ᠠ 200 ᠰᠢᠬᠠᠮ ᠤᠷᠤᠯᠳᠤᠭᠠᠨ ᠳᠡᠮᠡᠴᠡᠬᠡᠨ ᠳᠤ ᠤᠷᠤᠯᠴᠠᠵᠤ᠂ ᠲᠡᠭᠡᠳᠦ ᠨᠠᠢᠮᠠ ᠴᠢᠨᠠᠬᠰᠢᠯᠠᠪᠠᠯ ᠪᠠᠷᠤᠬ ᠯᠠ ᠡᠮᠦᠨ᠎ᠡ ᠭᠤᠷᠪᠠ ᠳᠤ ᠤᠷᠤᠵᠤ᠂ 100 ᠭᠠᠷᠤᠢ ᠤᠳᠠᠭ᠎ᠠ ᠲᠡᠷᠢᠭᠦᠯᠡᠭᠰᠡᠨ ᠭᠠᠶᠢᠬᠠᠮ᠎ᠠ ᠠᠮᠵᠢᠯᠳᠠ ᠶᠢ ᠡᠭᠦᠳᠦᠭᠰᠡᠨ ᠪᠠᠶᠢᠯ᠎ᠠ᠃     ︽ᠴᠢᠷᠮᠠᠶᠢᠯᠭ᠎ᠠ ᠬᠦᠮᠦᠨ ᠢ ᠭᠤᠮᠤᠳᠠᠭᠠᠬᠤ ᠦᠭᠡᠢ︾ ᠭᠡᠭᠴᠢ ᠶᠤᠰᠤᠳᠠᠢ ᠴᠤᠯᠮᠤᠨᠴᠢᠮᠡᠭ ᠢ ᠤᠨᠤᠭᠠᠵᠤ ᠬᠡᠯᠡᠭᠰᠡᠨ ᠦᠬᠡ ᠠᠵᠢ᠃ ᠰᠤᠷ ᠬᠠᠷᠪᠤᠯᠳᠠ ᠪᠤᠯᠪᠠᠰᠤᠷᠠᠬᠰᠠᠨ ᠡᠨᠡᠬᠦ 6 ᠵᠢᠯ ᠤᠨ ᠬᠤᠭᠤᠷᠤᠨᠳᠤ ᠴᠤᠯᠮᠤᠨᠴᠢᠮᠡᠭ ᠪᠤᠯᠤᠮᠵᠢᠳᠠᠢ ᠯᠠ ᠪᠤᠯ ᠡᠳᠦᠷ ᠪᠦ᠋ᠷᠢ ᠨᠢᠬᠡ ᠡᠭᠡᠯᠵᠢ ᠶᠢᠨ ᠪᠤᠯᠪᠠᠰᠤᠷᠠᠯ ᠢᠶᠠᠨ ᠪᠠᠳᠤᠯᠠᠬᠰᠠᠭᠠᠷ ᠢᠷᠡᠵᠡᠢ᠃ ᠡᠪᠦᠯ ᠪᠤᠯᠬᠤ ᠡᠰᠡᠭᠦᠯ᠎ᠡ ᠦᠶ᠎ᠡ ᠬᠡᠰᠢᠭᠦᠤ ᠡᠪᠡᠳᠳᠡᠭ ᠠᠷᠬᠠᠬ ᠨᠢ ᠬᠦᠳᠡᠯᠦᠭᠡᠳ ᠳᠡᠰᠬᠦ ᠦᠭᠡᠢ ᠦᠶᠡᠰ ᠪᠤᠯᠪᠠᠰᠤᠷᠠᠯ ᠢᠶᠠᠨ ᠵᠤᠬᠰᠤᠳᠠᠬ᠃ ᠭᠡᠪᠡᠴᠦ ᠤᠷᠤᠯᠳᠤᠭᠠᠨ ᠤᠢᠢᠷᠠᠳᠤᠬᠤ ᠪᠠᠷ ᠡᠪᠡᠳᠦᠭᠰᠡᠨ ᠴᠦ ᠰᠢᠳᠦ ᠵᠠᠭᠤᠨ ᠳᠡᠰᠪᠦᠷᠢᠯᠡᠳᠡᠭ ᠨᠢ ᠲᠡᠭᠦᠨ ᠤ ᠠᠮᠵᠢᠯᠳᠠ ᠶᠢᠨ ᠦᠨᠳᠦᠰᠦ ᠪᠠᠶᠢᠵᠤ ᠲᠠᠭᠠᠷᠠᠨ᠎ᠠ᠃     ᠴᠤᠯᠮᠤᠨᠴᠢᠮᠡᠭ ᠭᠡᠵᠦ ᠦᠷᠬᠦᠯᠵᠢ ᠦᠷᠦᠭᠡᠯ ᠪᠤᠰᠤᠳ ᠤᠨ ᠲᠦᠯᠦᠬᠡ ᠪᠤᠳᠤᠳᠠᠭ ᠡᠨᠡᠷᠢᠩᠬᠦᠢ ᠰᠡᠳᠬᠢᠯ ᠲᠠᠢ ᠬᠦᠮᠦᠨ ᠶᠤᠮ᠃ ᠬᠤᠰᠢᠭᠤᠨ ᠤ ᠬᠢᠨᠢ ᠨᠢᠬᠡᠨ ᠵᠠᠯᠠᠭᠤ ᠲᠦᠷᠦᠬᠦᠦ ᠬᠡᠳᠦᠨ ᠵᠢᠯ ᠠᠴᠠ ᠡᠬᠢᠯᠡᠨ ᠤᠯᠠᠮᠵᠢᠯᠠᠯᠳᠤ ᠡᠪᠡᠷ ᠨᠤᠮᠤ ᠬᠢᠵᠦ ᠤᠷᠤᠯᠳᠤᠵᠠᠢ᠃ ᠠᠩᠬ᠎ᠠ ᠬᠢᠵᠦ ᠪᠠᠶᠢᠭ᠎ᠠ ᠪᠤᠯᠬᠤᠷ ᠡᠯ᠎ᠡ ᠳᠠᠯ᠎ᠠ ᠪᠠᠷ ᠪᠤᠰᠤᠳ ᠤᠨ ᠬᠢᠭᠰᠡᠨ ᠡᠪᠡᠷ ᠨᠤᠮᠤ ᠶᠢ ᠬᠦᠷᠬᠦ ᠦᠭᠡᠢ ᠪᠠᠶᠢᠪᠠ᠃ ᠬᠡᠬᠦ ᠳᠤ ᠴᠤᠯᠮᠤᠨᠴᠢᠮᠡᠭ ︽ᠲᠡᠭᠦᠦ ᠮᠢᠨᠢ ᠵᠤᠷᠢᠬᠳᠠᠢ ᠬᠢ᠂ ᠡᠭᠡᠴᠢ ᠨᠢ ᠴᠢᠨᠤ ᠡᠪᠡᠷ ᠨᠤᠮᠤ ᠶᠢ ᠯᠠ ᠵᠠᠷᠤᠶ᠎ᠠ︾ ᠬᠡᠮᠡᠨ ᠪᠠᠶᠢᠩᠭᠤ ᠲᠡᠭᠦᠨ ᠢ ᠵᠤᠷᠢᠬᠵᠢᠭᠤᠯᠤᠬᠰᠠᠭᠠᠷ ᠪᠠᠶᠢᠵᠤ᠂ ᠵᠠᠯᠠᠭᠤ ᠴᠦ ᠬᠢᠭᠰᠡᠭᠡᠷ ᠪᠠᠶᠢᠵᠤ ᠴᠠᠭᠠᠷᠠᠪᠠ᠃ ︽ᠬᠦᠮᠦᠨ ᠳᠤ ᠠᠬ᠎ᠠ ᠲᠠᠢ᠂ ᠲᠡᠪᠡᠯ ᠳᠤ ᠵᠠᠬ᠎ᠠ ᠲᠠᠢ︾ ᠭᠡᠳᠡᠭᠴᠢᠯᠡᠨ ᠴᠤᠯᠮᠤᠨᠴᠢᠮᠡᠭ ᠪᠤᠰᠤᠳ ᠢ ᠮᠠᠰᠢ ᠬᠦᠨᠳᠦᠳᠬᠡᠵᠦ ᠶᠠᠪᠤᠳᠠᠭ᠃ ᠪᠠᠭᠠᠷᠢᠨ ᠰᠤᠷᠴᠢᠨ ᠤ ᠨᠡᠶᠢᠭᠡᠮᠯᠢᠭ ᠨᠢ ᠪᠠᠷᠤᠬ 400 ᠰᠢᠬᠠᠮ ᠰᠤᠷᠴᠢᠳ ᠢᠶᠠᠷ ᠪᠦᠷᠢᠯᠳᠦᠵᠦ᠂ ᠡᠭᠦᠨ ᠳᠤ ᠠᠷᠪᠠᠨ ᠬᠡᠳᠦᠳᠡᠢ ᠵᠢᠭᠠᠯ ᠠᠴᠠ ᠳᠠᠯᠠ ᠨᠠᠶᠠ ᠬᠦᠷᠦᠭᠰᠡᠨ ᠠᠬᠠᠮᠠᠳ ᠪᠤᠭᠤᠷᠤᠯᠴᠤᠳ ᠴᠦ ᠪᠠᠶᠢᠯᠴᠠᠳᠠᠬ᠃     — ᠨᠡᠶᠢᠭᠡᠮᠯᠢᠭ ᠪᠤᠯ ᠳᠠᠷᠤᠢ ᠳᠤᠮᠤ ᠬᠡᠷ ᠪᠦᠯᠢ ᠮᠦᠨ᠃ ᠠᠬᠠᠮᠠᠳ ᠤᠳ ᠮᠠᠨᠢ ᠪᠤᠯᠪᠠᠰᠤᠷᠠᠬᠤ ᠶᠢ ᠬᠠᠷᠠᠵᠤ ᠪᠤᠷᠤᠭᠤ ᠪᠠᠶᠢᠪᠠᠯ ᠰᠢᠭᠤᠳ ᠵᠠᠩᠳᠤᠷᠴᠤ ᠵᠦᠪ ᠢᠶᠠᠷ ᠵᠢᠭᠠᠵᠤ ᠦᠭᠳᠡᠭ᠃ ᠤᠷᠤᠯᠳᠤᠭᠠᠨ ᠳᠤ ᠶᠠᠪᠤᠬᠤ ᠪᠦᠷᠢ ︽ᠰᠠᠨᠳᠤᠷᠬᠤ ᠬᠡᠷᠡᠭ ᠦᠭᠡᠢ᠂ ᠡᠨᠡ ᠤᠳᠠᠭ᠎ᠠ ᠯᠠᠪᠳᠠᠢ ᠰᠠᠶᠢᠨ ᠬᠢᠷᠢ ᠪᠦᠲᠦᠮᠵᠢ ᠤᠯᠬᠤ ᠶᠤᠮ︾ ᠭᠡᠵᠦ ᠵᠦᠩᠨᠡᠨ ᠢᠷᠦᠭᠡᠳᠡᠭ᠃ ᠶᠡᠷᠦᠨᠢ ᠠᠮᠠᠨ ᠪᠡᠯᠭᠡ ᠬᠠᠮᠢᠭᠠᠰᠢ ᠪᠤᠯ ᠠᠰᠢᠳᠠ ᠶᠢᠨ ᠪᠡᠯᠭᠡ ᠳᠠᠰᠢ ᠪᠠᠨ ᠭᠡᠳᠡᠭ ᠵᠦᠪ ᠦᠭᠡ ᠪᠠᠶᠢᠵᠦ ᠳᠠᠭᠠᠷᠠᠨ᠎ᠠ ᠭᠡᠵᠦ ᠴᠤᠯᠮᠤᠨᠴᠢᠮᠡᠭ ᠳᠤᠭᠳᠤᠯᠤᠨ ᠶᠠᠷᠢᠨ᠎ᠠ᠃     ᠶᠡᠷᠦᠳᠡ ᠶᠢᠨ ᠰᠤᠷ ᠬᠠᠷᠪᠤᠯᠳᠠ ᠶᠢᠨ ᠤᠷᠤᠯᠳᠤᠭᠠᠨ ᠳᠤ ᠨᠠᠰᠤᠨ ᠤ ᠬᠢᠵᠠᠭᠠᠷ ᠪᠠᠶᠢᠳᠠᠭ ᠦᠭᠡᠢ᠃ ᠰᠤᠷᠴᠢᠨ ᠤ ᠤᠪᠤᠭ᠎ᠠ ᠳᠠᠬᠢᠬᠤ ᠳᠤ ᠨᠠᠰᠤᠳᠠᠨ ᠤ ᠬᠠᠷᠪᠤᠯᠳᠠ᠂ ᠬᠡᠤᠬᠡᠳ ᠤᠨ ᠬᠠᠷᠪᠤᠯᠳᠠ᠂ ᠢᠳᠡᠷᠴᠤᠳ ᠤᠨ ᠬᠠᠷᠪᠤᠯᠳᠠ ᠭᠡᠵᠦ ᠬᠤᠪᠢᠶᠠᠨ ᠶᠠᠪᠤᠬᠳᠠᠭᠤᠯᠳᠠᠬ᠃ ᠡᠨᠡ ᠵᠢᠯ ᠰᠤᠷᠴᠢᠨ ᠤ ᠤᠪᠤᠭ᠎ᠠ ᠳᠠᠬᠢᠬᠤ ᠪᠠᠷ ᠴᠤᠯᠮᠤᠨᠴᠢᠮᠡᠭ ᠨᠠᠰᠤᠳᠠᠳ ᠢᠶᠠᠨ ᠪᠠᠶᠠᠷᠯᠠᠭᠤᠯᠤᠶ᠎ᠠ ᠬᠡᠮᠡᠨ ᠨᠠᠰᠤᠳᠠᠳ ᠤᠨ ᠰᠤᠷ ᠬᠠᠷᠪᠤᠯᠳᠠ ᠶᠢᠨ ᠤᠷᠤᠯᠳᠤᠭᠠᠨ ᠤ ᠱᠠᠩᠨᠠᠯ ᠤᠨ ᠮᠦᠩᠬᠦ ᠶᠢ ᠲᠠᠭᠠᠭᠠᠴᠢᠯᠠᠨ ᠠᠪᠤᠭᠰᠠᠨ ᠪᠠᠶᠢᠯ᠎ᠠ᠃     ᠴᠤᠯᠮᠤᠨᠴᠢᠮᠡᠭ ᠤᠷᠤᠯᠳᠤᠭᠠᠨ ᠳᠡᠮᠡᠴᠡᠭᠡᠨ ᠢᠶᠠᠷ ᠤᠯᠠᠨᠳᠠ ᠤᠷᠤᠯᠴᠠᠵᠤ᠂ ᠦᠪᠡᠷᠳᠡᠭᠡᠨ ᠵᠠᠰᠠᠬᠤ ᠤᠷᠤᠨ ᠴᠢᠨᠠᠬᠰᠢᠯᠠᠨ ᠶᠦᠨᠨᠡᠨ᠂ ᠹᠦᠵᠢᠶᠠᠨ᠂ ᠠᠨᠬᠤᠢ ᠵᠡᠷᠭᠡ ᠭᠠᠵᠠᠷ ᠢᠶᠠᠷ ᠴᠦ ᠬᠦᠷᠴᠦ ᠰᠢᠯᠢᠳᠡᠭ ᠬᠢᠷᠢ ᠪᠦᠲᠦᠮᠵᠢ ᠡᠭᠦᠳᠴᠦ ᠪᠠᠶᠢᠵᠠᠢ᠃ ᠲᠡᠷᠡᠪᠡᠷ ᠪᠠᠰᠠ ᠾᠧᠨᠠᠨ ᠮᠤᠵᠢ ᠶᠢᠨ ᠯᠦᠧᠧᠶᠠᠩ ᠳᠤ ᠪᠤᠯᠤᠬᠰᠠᠨ ᠨᠢᠬᠡᠨ ᠤᠳᠠᠭᠠᠨ ᠤ ᠳᠠᠪᠤᠨ  ᠥᠩᠭᠡᠳᠦ  ᠵᠢᠷᠤᠬᠳᠤ  ᠫᠠᠢ  ᠶᠢᠨ  ᠤᠷᠤᠯᠳᠤᠭᠠᠨ  ᠤ  ᠬᠤᠪᠢ  ᠬᠦᠮᠦᠨ  ᠤ  ᠰᠢᠭᠰᠢᠬᠡ ᠤᠷᠤᠯᠳᠤᠭᠠᠨ᠂ 20 ᠮᠧᠲᠷ᠂ 30  ᠮᠧᠲᠷ᠂ 40  ᠮᠧᠲᠷ᠂ 50  ᠮᠧᠲᠷ᠂ ᠬᠠᠮᠳᠤ ᠶᠢᠨ ᠤᠷᠤᠯᠳᠤᠭᠠᠨ᠂ ᠪᠦᠷᠢᠨ ᠴᠢᠳᠠᠪᠤᠷᠢ᠂ ᠨᠡᠷᠡᠰ ᠳ᠋ᠤᠭᠠᠷᠯᠠᠬᠤ ᠤᠷᠤᠯᠳᠤᠭᠠᠨ ᠵᠡᠷᠭᠡ ᠨᠠᠢᠮᠠᠨ ᠲᠦᠷᠦᠯ ᠤᠨ ᠤᠷᠤᠯᠳᠤᠭᠠᠨ ᠤ ᠪᠦᠬᠦ ᠳᠡᠮᠳᠡᠭᠯᠡᠯ ᠢ ᠰᠢᠨᠡᠳᠬᠡᠭᠰᠡᠨ ᠠᠮᠵᠢᠯᠳᠠ ᠶᠢ ᠡᠭᠦᠳᠦᠭᠰᠡᠨ ᠪᠠᠶᠢᠳᠠᠭ᠃     — ᠨᠤᠮᠤ ᠶᠢᠨ ᠢᠶᠠᠨ ᠤᠬᠠᠭᠠᠨ ᠢ ᠤᠯᠵᠤ᠂ ᠤᠷ᠎ᠠ ᠳᠡᠮ ᠢ ᠨᠢ ᠰᠠᠶᠢᠬᠠᠨ ᠡᠵᠡᠮᠰᠢᠴᠢᠬᠡᠪᠡᠯ ᠰᠠᠶᠢᠨ ᠬᠠᠷᠪᠤᠬᠤ ᠳᠤ ᠳᠡᠳᠦᠢ ᠬᠦᠴᠢᠷᠳᠡᠬᠦ ᠦᠭᠡᠢ᠃ ᠦᠷᠯᠦᠬᠡ ᠡᠷᠳᠡ ᠨᠤᠮᠤ ᠬᠠᠳᠠᠭᠤ ᠪᠠᠶᠢᠳᠠᠬ ᠪᠤᠯᠬᠤᠷ ᠪᠠᠷᠤᠬᠳᠠᠢ ᠳᠤ ᠳᠠᠪᠠᠨ ᠳᠤᠰᠴᠤ᠂ ᠦᠳᠡ ᠳᠤ ᠬᠠᠯᠠᠵᠤ ᠢᠷᠡᠪᠡᠯ ᠰᠢᠷᠭᠤᠵᠤ ᠳᠤᠰᠳᠠᠭ᠃ ᠡᠳᠡᠭᠡᠷ ᠪᠦᠭᠦᠳᠡ ᠶᠢ ᠰᠠᠶᠢᠨ ᠡᠵᠡᠮᠰᠢᠵᠦ᠂ ᠵᠠᠩ ᠢ ᠨᠢ ᠮᠡᠳᠡᠴᠢᠬᠡᠪᠡᠯ ᠬᠦᠴᠢᠷ ᠵᠦᠢᠯ ᠪᠠᠶᠢᠬᠤ ᠦᠭᠡᠢ᠃ ᠳᠠᠬᠢᠪᠠᠯ ᠰᠡᠳᠬᠢᠯ ᠳᠤᠬᠳᠠᠭᠤᠨ ᠪᠠᠶᠢᠬᠤ ᠨᠢ ᠬᠠᠮᠤᠬ ᠤᠨ ᠴᠢᠬᠤᠯᠠ᠃ ᠶᠠᠳᠠᠷᠠᠵᠤ ᠵᠤᠪᠠᠭᠰᠠᠨ ᠦᠶᠡᠰ ᠬᠠᠷᠪᠤᠵᠤ ᠪᠤᠯᠬᠤ ᠦᠬᠡᠢ ᠭᠡᠵᠦ ᠴᠤᠯᠮᠤᠨᠴᠢᠮᠡᠭ ᠳᠤᠷᠰᠢᠯᠭ᠎ᠠ ᠪᠠᠨ ᠨᠢᠭᠤᠯ ᠦᠭᠡᠢ ᠶᠠᠷᠢᠬᠰᠠᠨ ᠪᠢᠯᠡ᠃     ᠨᠢᠳᠤᠨᠤᠨ ᠨᠠᠮᠤᠷ ᠰᠢᠯᠢ ᠶᠢᠨ ᠭᠤᠤᠯ ᠠᠶᠢᠮᠠᠬ ᠤᠨ ᠠᠪᠠᠭ᠎ᠠ ᠬᠤᠰᠢᠭᠤᠨ ᠳᠤ ᠶᠠᠪᠤᠬᠳᠠᠬᠰᠠᠨ ᠠᠪᠠᠭ᠎ᠠ ᠬᠤᠰᠢᠭᠤᠨ ᠤ ᠰᠤᠳᠤᠨ ᠮᠠᠰᠢᠨ ᠲᠡᠷᠭᠡ ᠠᠷᠠᠴᠢᠯᠠᠵᠤ ᠰᠡᠯᠪᠢᠬᠦ ᠲᠦᠪ ᠠᠴᠠ ᠡᠷᠬᠢᠯᠡᠨ ᠶᠠᠪᠤᠬᠳᠠᠭᠤᠯᠤᠬᠰᠠᠨ ︽ᠱᠧᠨ ᠪᠤᠤ ᠨᠡᠷᠡᠮᠵᠢᠳᠦ ᠮᠠᠰᠢᠨ ᠲᠡᠷᠭᠡᠨ ᠤ ᠱᠠᠩᠨᠠᠯᠳᠤ ᠤᠯᠠᠮᠵᠢᠯᠠᠯᠳᠤ ᠡᠪᠡᠷ ᠨᠤᠮᠤ ᠶᠢᠨ ᠤᠷᠤᠯᠳᠤᠭᠠᠨ︾ ᠳᠤ ᠴᠤᠯᠮᠤᠨᠴᠢᠮᠡᠭ ᠮᠠᠩᠯᠠᠶᠢᠯᠠᠵᠤ ᠮᠠᠰᠢᠨ ᠲᠡᠷᠭᠡ ᠪᠠᠷ ᠱᠠᠩᠨᠠᠭᠤᠯᠤᠬᠰᠠᠨ ᠰᠠᠶᠢᠬᠠᠨ ᠴᠢᠮᠡᠭᠡ ᠰᠤᠨᠤᠰᠳᠠᠵᠤ ᠪᠠᠶᠢᠯ᠎ᠠ᠃     ᠦᠭᠡᠷᠡᠴᠢᠯᠡᠯᠳᠡ ᠬᠢᠵᠦ ᠴᠢᠯᠦᠬᠡᠳᠠᠢ ᠶᠠᠪᠤᠯᠴᠠᠭᠰᠠᠨ ᠠᠴᠠ ᠨᠠᠰᠢ ᠤᠯᠠᠮᠵᠢᠯᠠᠯᠳᠤ ᠥᠪ ᠰᠤᠶᠤᠯ ᠮᠠᠨᠢ ᠥᠪᠯᠡᠨ ᠤᠯᠠᠮᠵᠢᠯᠠᠬᠳᠠᠵᠤ ᠥᠪᠡᠷ ᠤᠨ ᠬᠡᠬᠦ ᠬᠦᠭᠵᠢᠯᠳᠡ ᠪᠠᠨ ᠤᠯᠵᠤ᠂ ᠬᠦᠮᠦᠨ ᠠᠷᠠᠳ ᠤᠨ ᠢᠶᠠᠨ ᠰᠡᠳᠬᠢᠯ ᠳᠤ ᠪᠠᠶᠢᠷᠢ ᠠᠪᠴᠤ ᠪᠤᠢ᠃ 40 ᠵᠢᠯ ᠤᠨ ᠡᠮᠦᠨ᠎ᠡ ᠰᠤᠷ ᠬᠠᠷᠪᠤᠭᠠᠳ ᠮᠠᠰᠢᠨ ᠲᠡᠷᠭᠡ ᠪᠠᠷ ᠱᠠᠩᠨᠠᠭᠤᠯᠬᠤ ᠭᠡᠭᠴᠢ ᠪᠤᠳᠤᠯ ᠵᠡᠭᠦᠳᠦᠨ ᠳᠤ ᠪᠠᠶᠢᠭ᠎ᠠ ᠦᠭᠡᠢ ᠤᠴᠢᠷ ᠪᠤᠯᠬᠤ ᠨᠢ ᠯᠠᠪᠳᠠᠢ᠃ ᠡᠨᠡ ᠡᠳᠦᠷ ᠡᠳᠡᠭᠡᠷ ᠪᠦᠭᠦᠳᠡ ᠪᠡᠶᠡᠯᠡᠯ ᠢᠶᠠᠨ ᠤᠯᠵᠤ ᠂ ᠤᠯᠠᠮᠵᠢᠯᠠᠯᠳᠤ ᠡᠪᠡᠷ ᠨᠤᠮᠤ ᠴᠦ ᠬᠦᠭᠵᠢᠯ ᠤᠨ ᠰᠢᠵᠢᠷ ᠠᠯᠳᠠᠨ ᠦᠶ᠎ᠡ ᠪᠠᠨ ᠤᠬᠳᠤᠨ ᠠᠪᠴᠢᠷᠠᠵᠠᠢ᠃ ᠡᠬᠦᠪᠡᠷ ᠦᠵᠡᠪᠡᠯ ᠴᠤᠯᠮᠤᠨᠴᠢᠮᠡᠭ ᠤᠨ ᠤᠯᠠᠮᠵᠢᠯᠠᠯᠳᠤ ᠡᠪᠡᠷ ᠨᠤᠮᠤ ᠪᠠᠨ ᠡᠭᠦᠷᠴᠦ ᠳᠡᠯᠡᠬᠡᠢ ᠲᠤᠭᠤᠷᠢᠬᠤ ᠬᠦᠰᠡᠯ ᠴᠦ ᠡᠷᠳᠡ ᠨᠢᠬᠡᠨ ᠡᠳᠦᠷ ᠪᠡᠶᠡᠯᠡᠭᠳᠡᠭᠦ ᠨᠢ ᠭᠠᠷᠴᠠᠭ᠎ᠠ ᠦᠭᠡᠢ᠃
 
ᠢᠷᠡᠯᠲᠡ᠄ ᠤᠯᠠᠭᠠᠨᠬᠠᠳᠠ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号