ᠰᠡᠳᠬᠢᠯ ᠤᠨ ᠪᠦᠬᠡ ᠠᠴᠠ ᠲᠠᠮᠢᠷ ᠤᠨ ᠪᠦᠬᠡ ᠲᠦᠯᠵᠢᠳᠡᠭ
ᠨᠡᠶᠢᠲᠡᠯᠡᠭᠰᠡᠨ ᠴᠠᠭ᠄
2021/7/7
                   — ᠳᠦᠷᠪᠡᠳ ᠨᠤᠲᠤᠭ ᠤᠨ ᠵᠠᠯᠠᠭᠤ ᠪᠦᠬᠡᠴᠢᠨ ᠵᠠᠨ᠎ᠠ ᠶᠢ ᠰᠤᠷᠪᠤᠯᠵᠢᠯᠠᠪᠠ
     ᠪᠦᠬᠡ ᠭᠡᠳᠡᠭ — ᠳᠡᠷᠳᠡᠭᠡ ᠬᠤᠯᠠ ᠶᠢᠨ ᠵᠠᠭᠤᠨ ᠳᠤ ᠳᠡᠪᠢᠵᠦ ᠶᠠᠪᠤᠭᠰᠠᠨ ᠮᠦᠷ ᠲᠠᠢ᠂      ᠲᠡᠭᠷᠢ ᠭᠠᠵᠠᠷ ᠤᠨ ᠵᠠᠢ ᠳᠤ ᠲᠡᠯᠡᠵᠦ ᠬᠦᠭᠵᠢᠭᠰᠡᠨ ᠲᠡᠦᠬᠡ ᠲᠠᠢ᠃      ᠪᠦᠬᠡᠴᠢᠨ ᠭᠡᠳᠡᠭ — ᠵᠤᠳᠤᠭᠯᠠᠨ ᠬᠤᠷᠦ᠋ᠢᠯᠠᠭᠰᠠᠭᠠᠷ ᠲᠦᠮᠡᠨ ᠤ ᠤᠬᠠᠢᠢᠯᠠᠯ ᠢ ᠬᠦᠷᠲᠡᠨ᠎ᠡ᠂      ᠵᠠᠩᠭᠢᠶᠠᠯᠠᠨ ᠳᠡᠪᠢᠭᠰᠡᠭᠡᠷ ᠳᠡᠯᠡᠬᠡᠢ ᠶᠢᠨ ᠳᠠᠪᠴᠠᠩ ᠳᠤ ᠬᠦᠷᠦᠨ᠎ᠡ᠃     ᠤᠯᠠᠮᠵᠢᠯᠠᠯᠲᠤ ᠡᠷ᠎ᠠ ᠶᠢᠨ ᠭᠤᠷᠪᠠᠨ ᠨᠠᠭᠠᠳᠤᠮ ᠤᠨ ᠨᠢᠭᠡ ᠪᠤᠯᠤᠭᠰᠠᠨ ᠪᠦᠬᠡ ᠪᠠᠷᠢᠯᠳᠤᠬᠤ ᠭᠡᠳᠡᠭ ᠨᠠᠶᠢᠷ ᠤᠨ ᠬᠦᠭ ᠢ ᠬᠦᠭᠵᠢᠭᠡᠵᠦ ᠬᠦᠮᠦᠨ ᠤ ᠰᠡᠳᠬᠢᠯ ᠢ ᠬᠦᠪᠪᠦᠯᠵᠡᠭᠦᠯᠬᠦ ᠪᠠᠭ᠋ᠠᠷᠤᠯ ᠲᠠᠢ ᠲᠠᠮᠢᠷ ᠤᠷᠠᠯᠢᠭ ᠤᠨ ᠨᠢᠭᠡ ᠶᠤᠮ᠃ ᠡᠨᠡ ᠯᠡ ᠵᠠᠮ ᠢᠶᠠᠷ ᠦᠢᠯᠡᠰ ᠤᠨ ᠠᠶᠠᠨ ᠳᠠᠭᠠᠨ ᠮᠤᠷᠳᠠᠭᠰᠠᠨ ᠤᠯᠠᠭᠠᠨᠴᠠᠪ ᠬᠤᠲᠠ ᠶᠢᠨ ᠳᠦᠷᠪᠡᠳ ᠬᠤᠰᠢᠭᠤᠨ ᠤ ᠪᠠᠶᠠᠨᠴᠤᠭᠲᠤ ᠰᠤᠮᠤᠨ ᠤ ᠪᠠᠶᠠᠨᠴᠤᠭᠲᠤ ᠭᠠᠴᠠᠭ᠎ᠠ ᠪᠠᠷ ᠨᠤᠲᠤᠭᠲᠠᠢ ᠵᠠᠯᠠᠭᠤ ᠪᠦᠬᠡᠴᠢᠨ ᠵᠠᠨ᠎ᠠ ᠪᠦᠬᠡ ᠶᠢᠨ ᠠᠯᠳᠠᠷ ᠢᠶᠠᠨ ᠳᠠᠭᠠᠭᠠᠵᠦ᠂ ᠪᠦᠬᠡ ᠶᠢᠨ ᠰᠤᠶᠤᠯ ᠢ ᠬᠦᠭᠵᠢᠭᠦᠯᠬᠦ ᠬᠡᠮᠡᠨ ᠴᠢᠷᠮᠠᠶᠢᠵᠦ ᠶᠠᠪᠤᠭ᠎ᠠ ᠨᠢ ᠮᠦᠨ ᠴᠦ ᠨᠤᠲᠤᠭ ᠤᠰᠤᠨ ᠤ ᠪᠠᠨ ᠤᠮᠤᠭᠰᠢᠯ ᠭᠡᠯᠲᠡᠢ︕     ᠬᠦᠴᠦ ᠲᠠᠮᠢᠷ ᠢᠶᠠᠨ ᠡᠷᠴᠢᠯᠡᠭᠰᠡᠨ ᠬᠤᠷᠴᠠᠯᠢᠭ ᠪᠦᠬᠡᠴᠢᠨ     ᠬᠦᠴᠦ ᠲᠠᠮᠢᠷ ᠢᠶᠠᠨ ᠡᠷᠴᠢᠯᠡᠵᠦ ᠡᠷᠡᠮᠡᠬᠡᠢ ᠬᠤᠷᠴᠠᠯᠢᠭ ᠪᠠᠷᠢᠯᠳᠤᠵᠦ ᠶᠠᠪᠤᠭᠰᠠᠨ ᠵᠠᠩᠭᠢᠶᠠᠲᠤ ᠪᠦᠬᠡᠴᠢᠨ ᠵᠠᠨ᠎ᠠ ᠲᠦᠷᠦᠭᠦᠬᠡᠨ ᠤᠯᠠᠭᠠᠨᠴᠠᠪ ᠬᠤᠲᠠ ᠶᠢᠨ ᠬᠡᠪᠴᠢᠶᠡᠨ ᠳᠤ ᠶᠠᠪᠤᠭᠳᠠᠭᠰᠠᠨ ︽ᠳᠤᠯᠤᠭᠠᠨ ᠰᠡᠷᠪᠡᠭᠡ︾ ᠪᠦᠬᠡ ᠶᠢᠨ ᠨᠠᠶᠢᠷ ᠢᠶᠠᠷ ᠲᠡᠷᠢᠭᠦᠯᠡᠵᠦ ᠤᠳᠤᠯᠠᠨ ᠢᠷᠡᠬᠦ ᠵᠢᠯ ᠢᠶᠠᠷ ᠮᠠᠨ ᠤ ᠬᠤᠲᠠ ᠳᠤ ᠶᠠᠪᠤᠭᠳᠠᠬᠤ ᠪᠦᠬᠦ ᠤᠷᠤᠨ ᠤ ᠴᠦᠬᠡᠨ ᠲᠤᠭᠠᠲᠤ ᠦᠨᠳᠦᠰᠦᠲᠡᠨ ᠤ ᠲᠠᠮᠢᠷ ᠤᠨ ᠴᠤᠭᠯᠠᠭᠠᠨ ᠳᠤ ᠪᠡᠯᠡᠳᠭᠡᠯ ᠬᠢᠵᠦ ᠶᠠᠭᠠᠷᠠᠵᠦ ᠶᠠᠪᠤᠬᠤ ᠳᠠᠭᠠᠨ ᠲᠡᠷᠡ ᠪᠡᠷᠬᠡ ᠬᠠᠳᠠᠭᠤ ᠰᠤᠷᠢᠭ᠎ᠠ ᠪᠤᠯᠪᠠᠰᠤᠷᠠᠯ ᠢᠶᠠᠷ ᠪᠡᠶ᠎ᠡ ᠪᠠᠨ ᠴᠢᠩᠭᠠᠷᠠᠭᠤᠯᠵᠦ᠂ ᠨᠠᠶᠢᠷ ᠲᠡᠮᠡᠴᠡᠭᠡᠨ ᠳᠡᠭᠡᠨ ᠠᠮᠵᠢᠯᠲᠠ ᠲᠠᠢ ᠪᠠᠷᠢᠯᠳᠤᠬᠤ ᠪᠠᠷ ᠴᠠᠭ ᠢᠮᠠᠭᠲᠠ ᠪᠡᠯᠡᠳᠭᠡᠵᠦ᠂ ᠪᠦᠬᠡᠴᠢᠨ ᠬᠦ᠋ᠮᠦᠨ ᠤ ᠠᠯᠳᠠᠷ ᠢᠶᠠᠨ ᠮᠠᠨᠳᠤᠭᠤᠯᠬᠤ ᠲᠠᠮᠢᠷ ᠤᠨ ᠳᠠᠪᠴᠠᠩ ᠤᠨ ᠦᠨᠳᠦᠷ ᠤᠷᠭᠢᠯ ᠳᠤ ᠭᠠᠷᠬᠤ ᠪᠠᠷ ᠡᠷ᠎ᠡ ᠰᠢᠨᠳᠠᠰᠤ ᠪᠠᠨ ᠰᠢᠯᠭᠠᠨ ᠬᠠᠲᠠᠭᠤᠵᠢᠨ ᠪᠤᠯᠪᠠᠰᠤᠷᠠᠨ᠎ᠠ᠃      ᠪᠦᠬᠡᠴᠢᠨ ᠭᠡᠬᠦ ᠠᠴᠠ ᠬᠠᠮᠤᠭ ᠲᠦᠷᠦᠭᠦᠦ ᠲᠠᠷᠢᠬᠢᠨ ᠳᠤ ᠤᠷᠤᠵᠦ ᠢᠷᠡᠳᠡᠭ ᠨᠢ ᠠᠭᠤᠯᠠ ᠬᠠᠳᠠ ᠰᠢᠭ ᠰᠦᠷᠯᠢᠭ ᠤᠷᠭᠤᠭ᠎ᠠ ᠮᠤᠳᠤ ᠰᠢᠭ ᠦᠨᠳᠦᠷ ᠠᠪᠤᠷᠭᠤᠴᠤᠤᠯ ᠪᠢᠯᠡ᠂ ᠭᠡᠪᠡᠴᠦ ᠰᠦᠷᠯᠢᠭ ᠲᠤᠮᠤ ᠪᠡᠶ᠎ᠡ ᠦᠭᠡᠢ ᠴᠦ ᠰᠡᠷᠭᠡᠭ ᠬᠦᠡᠭᠭᠡᠨ ᠪᠠᠷᠢᠯᠳᠤᠳᠠᠭ ᠤᠬᠠᠭᠠᠨᠲᠤ ᠪᠦᠬᠡᠴᠢᠳ ᠤᠨ ᠳᠤᠲᠤᠷᠠᠬᠢ ᠨᠢᠭᠡ ᠨᠢ ᠳᠦᠷᠪᠡᠳ ᠨᠤᠲᠤᠭ ᠤᠨ ᠤᠤᠭᠠᠯ ᠵᠠᠨ᠎ᠠ ᠪᠤᠯᠤᠨ᠎ᠠ᠃     ︽ᠦᠪᠡᠷ ᠢᠶᠠᠨ ᠪᠡᠶ᠎ᠡ ᠪᠢᠯᠳᠠᠷ ᠲᠤᠮᠤ ᠪᠦᠳᠦᠭᠦᠨ ᠪᠢᠰᠢ ᠪᠤᠯᠬᠤᠷ ᠪᠠᠷᠢᠯᠳᠤᠭᠠᠨ ᠳᠤᠮᠳᠠ ᠲᠦᠷᠭᠡᠨ ᠬᠦᠳᠡᠯᠵᠦ ᠬᠦᠮᠦᠨ ᠤ ᠵᠤᠭᠰᠤᠯᠲᠠ ᠶᠢ ᠬᠦᠳᠡᠯᠭᠡᠵᠦ ᠪᠠᠶᠢᠮᠠᠨᠵᠢᠨ ᠲᠦᠷᠭᠡᠬᠡᠨ ᠮᠡᠭᠡ ᠬᠡᠷᠡᠭᠯᠡᠬᠦ ᠶᠢ ᠪᠤᠳᠤᠳᠠᠭ᠂ ᠲᠡᠢᠮᠦ ᠪᠢᠰᠢ ᠪᠤᠯ ᠲᠤᠮᠤ ᠪᠡᠶ᠎ᠠ ᠲᠠᠢ ᠬᠦᠮᠦᠨ ᠢ ᠶᠠᠭᠠᠬᠢᠵᠦ ᠳᠡᠢᠯᠬᠦ ᠪᠤᠢ︕︾ ᠭᠡᠵᠦ ᠶᠠᠷᠢᠬᠤ ᠨᠢ ᠬᠡᠷᠰᠡᠦ ᠬᠦᠮᠦᠨ ᠤ ᠲᠠᠶᠢᠪᠤᠩ ᠲᠤᠭᠲᠠᠭᠤᠨ ᠢ ᠬᠠᠷᠠᠭᠤᠯᠤᠨ᠎ᠠ᠃ ᠨᠠᠮᠬᠠᠨ ᠪᠠᠶ᠎ᠠ ᠲᠠᠢ ᠴᠤ ᠬᠦᠳᠡᠷᠯᠢᠭ ᠴᠤᠭᠴᠠ ᠲᠠᠢ᠂ ᠨᠠᠮᠵᠢᠭᠤᠬᠠᠨ ᠠᠯᠬᠤᠭ᠎ᠠ ᠲᠠᠢ ᠴᠤ ᠡᠷᠴᠢᠲᠡᠶᠢᠬᠡᠨ ᠬᠢᠰᠭᠢᠴᠨ ᠲᠠᠢ ᠲᠡᠷᠡᠪᠡᠷ ᠮᠤᠩᠭᠤᠯ ᠨᠤᠲᠤᠭ ᠤᠨ ᠵᠦᠭᠡᠯᠡᠨ ᠰᠢᠷᠤᠢ ᠳᠤ ᠪᠠᠬᠢᠵᠢᠨ ᠪᠤᠶᠢᠵᠢᠵᠦ᠂ ᠮᠤᠩᠭᠤᠯ ᠪᠦᠬᠡ ᠶᠢᠨ ᠤᠷᠠᠢ ᠶᠢᠨ ᠳᠠᠭᠤᠨ ᠢᠶᠠᠷ ᠵᠤᠯᠪᠤᠭᠠᠯᠢᠭ ᠪᠠᠷᠢᠯᠳᠤᠵᠦ ᠶᠠᠪᠤᠭᠰᠠᠨ ᠢᠶᠠᠷ ᠬᠦᠡᠭᠭᠡᠨ ᠪᠠᠷᠢᠯᠳᠤᠳᠠᠭ ᠴᠤᠤ ᠲᠠᠢ ᠪᠢᠯᠡ᠃      ᠪᠠᠭ᠎ᠠ ᠠᠴᠠ ᠪᠠᠨ ᠪᠦᠬᠡ ᠳᠤ ᠤᠨᠴᠠᠭᠠᠢ ᠪᠠᠬ᠎ᠠ ᠲᠠᠢ ᠪᠤᠯᠬᠤᠷ ᠳᠠᠩᠳᠠ ᠮᠦᠷᠦ ᠳᠠᠯᠤ ᠪᠠᠨ ᠭᠠᠷᠭᠠᠴᠢᠬᠠᠭᠰᠠᠨ ᠤᠷᠠᠩᠬᠠᠢ ᠬᠤᠪᠴᠠᠰᠤ ᠲᠠᠢ ᠨᠤᠴᠤᠯᠳᠤᠵᠦ ᠶᠠᠪᠤᠳᠠᠭ ᠬᠡᠦᠬᠡᠳ ᠪᠠᠶᠢᠵᠦ᠂ ᠠᠶᠢᠯ ᠤᠨ ᠠᠬᠠᠮᠠᠳ ᠢᠶᠠᠷ ᠠᠳᠬᠤ ᠰᠢᠬᠢᠷ ᠪᠠᠷ ᠱᠠᠩᠨᠠᠭᠤᠯᠵᠦ ᠤᠯᠠᠮ ᠯᠡ ᠤᠷᠮ᠎ᠠ ᠲᠠᠢ ᠪᠠᠷᠢᠯᠳᠤᠳᠠᠭ ᠭᠡᠯ᠎ᠡ᠂ ᠰᠤᠷᠭᠠᠭᠤᠯᠢ ᠶᠢᠨ ᠪᠤᠱᠤᠭ᠎ᠠ ᠶᠢ ᠠᠯᠬᠤᠭᠰᠠᠨ ᠴᠠᠭ ᠠᠴᠠ ᠪᠠᠨ ︽6•1︾ ᠤ ᠪᠦᠬᠡ ᠶᠢᠨ ᠱᠠᠩ ᠢ ᠠᠯᠳᠠᠯ ‍ᠦᠭᠡᠢ ᠲᠤᠰᠳᠠᠭ ᠲᠡᠭᠦᠨ ᠤ 13 ᠲᠠᠢ ᠵᠢᠯ ᠳᠤᠨᠢ᠂ ᠤᠯᠠᠭᠠᠨᠴᠠᠪ ᠬᠤᠲᠠ ᠶᠢᠨ ᠠᠵᠢᠯ ᠤᠨ ᠴᠢᠯᠦᠭᠡᠨ ᠤ ᠪᠡᠶ ᠎ᠡ ᠶᠢᠨ ᠲᠠᠮᠢᠷ ᠤᠨ ᠰᠤᠷᠭᠠᠭᠤᠯᠢ ᠶᠢᠨ ᠳᠡᠳ᠋ ᠵᠠᠬᠢᠷᠤᠯ ᠰᠢᠷᠠ ᠪᠠᠭᠰᠢ᠂ ᠳᠦᠷᠪᠡᠳ ᠬᠤᠰᠢᠭᠤᠨ ᠤ ᠪᠡᠶ ᠎ᠡ ᠲᠠᠮᠢᠷ ᠤᠨ ᠲᠤᠪᠴᠢᠶᠠᠨ ᠳᠠᠷᠤᠭ᠎ᠠ ᠪᠤᠳᠢᠵᠠᠪ ᠭᠤᠸᠠᠢ ᠲᠠᠢ ᠬᠠᠮᠲᠤ ᠰᠤᠷᠭᠠᠭᠤᠯᠢ ᠳᠤ ᠨᠢ ᠰᠤᠷᠤᠭᠴᠢ ᠡᠯᠰᠡᠬᠦ ᠪᠠᠷ ᠬᠦᠷᠦᠭᠡᠳ ᠵᠠᠨ᠎ᠠ ᠶᠢ ᠪᠠᠭ᠋ᠠᠷᠬᠠᠵᠦ ᠲᠠᠮᠢᠷ ᠤᠨ ᠰᠤᠷᠭᠠᠭᠤᠯᠢ ᠳᠤ ᠪᠠᠨ ᠡᠯᠰᠡᠨ ᠠᠪᠤᠭᠰᠠᠨ ᠪᠠᠢᠨ᠎ᠠ᠃ ᠢᠡᠭᠬᠢᠵᠦ ᠯᠡ ᠠᠩᠬ᠎ᠠ ᠤᠳᠠᠭ᠎ᠠ ᠭᠡᠷ ᠠᠴᠠ ᠪᠠᠨ ᠬᠤᠯᠠᠳᠠᠵᠦ ᠠᠶᠢᠮᠠᠭ ᠤᠨ ᠲᠦᠪ ᠲᠤ ᠲᠠᠮᠢᠷ ᠤᠨ ᠮᠦᠷ ᠢ ᠵᠤᠷᠢᠵᠦ ᠢᠷᠡᠬᠦ ᠳᠤ ᠪᠦᠬᠦ ᠰᠤᠷᠤᠭᠴᠢ ᠶᠢᠨ ᠳᠤᠲᠤᠷ ᠎ᠠ ᠨᠠᠰᠤ ᠪᠠᠷ ᠬᠠᠮᠤᠭ ᠪᠠᠭ᠎ᠠ ᠨᠢ ᠪᠠᠶᠢᠵᠦ᠂ ᠲᠠᠨᠢᠯ ᠪᠤᠰᠤ ᠤᠷᠴᠢᠨ ᠳᠤ ᠳᠠᠰᠬᠤ ᠦᠭᠡᠢ᠂ ᠠᠪᠤ ᠡᠵᠢ ᠪᠠᠨ ᠰᠠᠨᠠᠬᠤ ᠶᠢᠨ ᠡᠷᠬᠡ ᠪᠠᠷ ᠪᠤᠴᠠᠭᠠᠳ ᠶᠠᠪᠤᠬᠤ ᠪᠤᠳᠤᠯ ᠤᠷᠤᠵᠦ ᠪᠠᠶᠢᠭᠰᠠᠨ ᠭᠡᠳᠡᠭ᠃ ᠭᠡᠬᠦ ᠳᠤ ︽ᠨᠢᠭᠡ ᠦᠶ᠎ᠡ ᠶᠢᠨ ᠪᠠᠭᠰᠢ ᠠᠷᠪᠠᠨ ᠦᠶ ᠎ᠡ ᠶᠢᠨ ᠠᠪᠤ ᠡᠵᠢ ᠲᠠᠢ ᠲᠡᠩᠴᠡᠨ᠎ᠡ︾ ᠭᠡᠳᠡᠭ ᠢᠶᠠᠷ ᠢᠷᠦᠭᠡᠯ ᠢᠶᠠᠷ ᠤᠴᠠᠷᠠᠭᠰᠠᠨ ᠪᠠᠭᠰᠢ ᠶᠢᠨ ᠢᠶᠠᠨ ᠬᠠᠯᠠᠮᠵᠢᠯᠠᠯ ᠬᠠᠷᠢᠭᠤᠴᠠᠯᠭ᠎ᠠ ᠪᠠᠷ ᠲᠠᠮᠢᠷᠴᠢᠨ ᠪᠤᠯᠬᠤ ᠵᠠᠮ ᠢᠶᠠᠨ ᠤᠷᠬᠢᠵᠦ ᠴᠢᠳᠠᠭ᠎ᠠ ᠦᠭᠡᠢ ᠦᠷᠭᠦᠯᠵᠢᠯᠡᠭᠦᠯᠦᠨ ᠦᠨᠦᠳᠦᠷ ᠲᠤ ᠢᠷᠡᠬᠦ ᠳᠤ᠂ ᠤᠷᠢᠳ ᠬᠤᠵᠢᠳ ᠤᠯᠠᠭᠠᠨᠴᠠᠪ ᠬᠤᠲᠠ ᠶᠢᠨ ᠠᠵᠢᠯ ᠤᠨ ᠴᠢᠯᠦᠭᠡᠨ ᠤ ᠪᠡᠶ ᠎ᠡ ᠶᠢᠨ ᠲᠠᠮᠢᠷ ᠤᠨ ᠰᠤᠷᠭᠠᠭᠤᠯᠢ ᠳᠤ ᠵᠢᠤᠳᠤᠤ ᠪᠦᠬᠡ ᠶᠢᠨ ᠮᠡᠷᠭᠡᠵᠢᠯ ᠢᠶᠠᠷ ᠳᠦᠷᠪᠡᠨ ᠵᠢᠯ ᠰᠤᠷᠤᠯᠴᠠᠵᠦ᠂ ᠳᠠᠬᠢᠨ 2010 ᠤᠨ ᠤ 10  ᠰᠠᠷ᠎ᠠ  ᠳᠤ  ᠦᠪᠦᠷ  ᠮᠤᠩᠭᠤᠯ  ᠤᠨ  ᠰᠢᠭᠰᠢᠭᠡ  ᠪᠠᠭ  ᠤᠨ  ᠠᠩᠭᠢ  ᠳᠤ  ᠡᠯᠰᠡᠭᠳᠡᠨ  5  ᠵᠢᠯ ᠰᠤᠷᠤᠯᠴᠠᠭᠰᠠᠨ ᠪᠠᠶᠢᠨ᠎ᠠ᠃      ᠵᠢᠤᠤᠳᠤ ᠪᠦᠬᠡ ᠭᠡᠳᠡᠭ ᠪᠡᠶ ᠎ᠡ ᠶᠢᠨ ᠬᠦᠨᠳᠦ ᠪᠠᠷ ᠪᠠᠷᠢᠮᠵᠢᠶᠠᠯᠠᠵᠦ ᠪᠠᠷᠢᠯᠳᠤᠳᠠᠭ ᠲᠠᠮᠢᠷ ᠤᠨ ᠨᠢᠭᠡ ᠲᠦᠷᠦᠯ ᠪᠤᠯᠬᠤᠷ ᠪᠡᠶ᠎ᠡ ᠶᠢᠨ ᠵᠢᠩ ᠢᠶᠠᠨ ᠪᠠᠳᠤᠯᠠᠬᠤ ᠠᠴᠠ ᠤᠷᠤᠯᠳᠤᠭᠠᠨ ᠲᠡᠮᠡᠴᠡᠭᠡᠨ ᠳᠤ ᠪᠡᠯᠡᠳᠭᠡᠯ ᠬᠢᠬᠦ ᠪᠦᠬᠦ ᠶᠠᠪᠤᠴᠠ ᠳᠤ ᠮᠠᠰᠢ ᠶᠡᠭᠡ ᠬᠠᠲᠠᠭᠤ ᠪᠤᠯᠪᠠᠰᠤᠷᠠᠯ ᠬᠡᠷᠡᠭᠰᠡᠳᠡᠭ᠃ ︽ᠲᠠᠮᠢᠷ ᠪᠤᠯᠪᠠᠰᠤᠷᠠᠬᠤ ᠪᠤᠯ ᠮᠦᠨ ᠴᠤ ᠶᠡᠭᠡ ᠬᠦᠴᠦ ᠪᠤᠯᠪᠠᠰᠤᠷᠠᠯ ᠤᠷᠤᠳᠠᠭ᠂ ᠶᠡᠭᠡ ᠠᠮᠵᠢᠯᠲᠠ ᠳᠤ ᠬᠦᠷᠦᠨ᠎ᠡ ᠭᠡᠪᠡᠯ ᠵᠠᠪᠠᠯ ᠬᠦᠯᠦᠰᠦ ᠪᠠᠨ ᠶᠡᠭᠡ ᠤᠷᠤᠰᠬᠠᠬᠤ ᠯᠡ ᠬᠡᠷᠡᠭᠲᠡᠢ᠂ ᠬᠦᠮᠦᠨ ᠠᠴᠠ ᠢᠯᠡᠭᠦᠦ ᠠᠵᠢᠯᠯᠠᠵᠦ ᠪᠠᠢᠭᠠᠳ ᠠᠮᠵᠢᠯᠲᠠ ᠳᠤ ᠬᠦᠷᠳᠡᠭ︾ ᠭᠡᠵᠦ ᠡᠴᠢᠨᠡᠨ ᠵᠢᠯ ᠨᠢᠭᠡ ᠰᠡᠳᠬᠢᠯ ᠢ ᠪᠠᠷᠢᠵᠦ ᠰᠤᠩᠭᠤᠭᠰᠠᠨ ᠵᠠᠮ ᠢᠶᠠᠨ ᠬᠦᠭᠡᠭᠡᠴᠡᠯᠳᠦᠵᠦ ᠶᠠᠪᠤᠭᠰᠠᠨ ᠲᠤᠬᠠᠢ ᠪᠠᠨ ᠳᠤᠷᠠᠳᠬᠤ ᠳᠤ ᠨᠢᠭᠡ ᠬᠦᠮᠦᠨ ᠳᠤ ᠳᠤᠷ᠎ᠠ ᠰᠤᠨᠢᠷᠬᠠᠯ ᠠᠴᠠ ᠭᠠᠳᠠᠨ᠎ᠠ ︽ᠳᠤᠷᠠᠲᠠᠢ ᠵᠦᠢᠯ ᠢᠶᠠᠨ ᠬᠢᠬᠦ ᠳᠤ ᠬᠡᠳᠦᠢ ᠬᠦᠴᠢᠷ ᠪᠠᠢᠭᠰᠠᠨ ᠴᠤ ᠪᠠᠷᠢᠮᠲᠠᠯᠠᠳᠠᠭ︾ ᠰᠦᠰᠦ ᠵᠤᠷᠢᠭ ᠶᠠᠮᠠᠷᠬᠠᠨ ᠮᠤᠨᠳᠠᠭ ᠡᠷᠴᠢ ᠬᠦᠴᠦᠲᠡᠢ ᠭᠡᠳᠡᠭ ᠢ ᠤᠢᠢᠯᠠᠭᠠᠯ᠎ᠠ᠃ ᠠᠪᠤ ᠡᠵᠢ ᠬᠡᠮᠡᠬᠦ ᠠᠮᠢᠳᠤ ᠪᠤᠷᠬᠠᠨ ᠠᠴᠠ ᠬᠠᠶᠢᠷᠠᠯᠠᠭᠰᠠᠨ ᠴᠢᠬᠢᠷᠠᠭ ᠪᠡᠶ ᠎ᠡ ᠳᠡᠭᠡᠨ ᠲᠦᠰᠢᠵᠦ᠂ ᠠᠮᠢᠳᠤᠷᠠᠯ ᠬᠡᠮᠡᠬᠦ ᠤᠪᠢᠳᠠᠰᠲᠦ ᠰᠤᠳᠤᠷ ᠠᠴᠠ ᠬᠦᠷᠲᠡᠭᠰᠡᠨ ᠴᠢᠩᠭ᠎ᠠ ᠪᠤᠳᠤᠯ ᠳᠠᠭᠠᠨ ᠲᠤᠯᠢᠳᠠᠨ ᠦᠨᠦᠳᠦᠷ ᠪᠡᠶ᠎ᠡ ᠪᠦᠬᠡ ᠰᠡᠳᠬᠢᠯ ᠪᠦᠬᠡ ᠴᠢᠷᠮᠠᠶᠢᠵᠦ ᠶᠠᠪᠤᠭ᠎ᠠ ᠨᠢ ᠡᠨᠡ ᠪᠢᠯᠢᠦ︕      ᠬᠦᠮᠦᠨ ᠪᠦᠬᠦᠨ ᠱᠠᠭᠰᠢᠬᠤ ᠭᠡᠭᠡᠨ ᠰᠡᠳᠬᠢᠯ ᠤᠨ ᠲᠡᠩᠭᠡᠭᠡ ᠲᠠᠢ      ︽ᠪᠦᠬᠡᠴᠢᠨ ᠭᠡᠳᠡᠭ ᠵᠢᠭᠡ ᠳᠤ ᠤᠯᠠᠮᠵᠢᠯᠠᠳᠠᠭ ᠶᠤᠰᠤᠨ ᠪᠠᠶᠢᠳᠠᠭ︾ ᠭᠡᠵᠦ ᠨᠤᠲᠤᠭ ᠤᠨ ᠲᠤᠮᠤᠭᠠᠳᠠᠳ ᠤᠨ ᠶᠠᠷᠢᠬᠤ ᠶᠢ ᠳᠠᠩᠳᠠ ᠰᠤᠨᠤᠰᠴᠦ ᠪᠠᠶᠢᠭᠰᠠᠨ᠂ ᠳᠤᠮᠤᠭ ᠰᠢᠭ ᠶᠠᠷᠢᠭᠳᠠᠳᠠᠭ ᠡᠨᠡᠬᠦ ᠨᠢᠭᠤᠴᠠᠬᠠᠨ ᠤᠳᠬ᠎ᠠ ᠲᠠᠢ ᠶᠠᠷᠢᠶ᠎ᠠ ︽ᠡᠷᠲᠡᠨ ᠤ ᠦᠭᠡ ᠡᠰᠢ ᠲᠠᠢ︾ ᠭᠡᠳᠡᠭ ᠢ ᠭᠡᠷᠡᠴᠢᠯᠡᠬᠦ ᠰᠢᠭ᠋ ᠪᠦᠬᠡᠴᠢᠨ ᠬᠦᠮᠦᠨ ᠠᠴᠠ ᠲᠠᠨᠠᠶᠢᠬᠢᠨ ᠤᠳᠤᠮ ᠤᠨ ᠪᠦᠬᠡᠴᠢᠨ ᠲᠠᠢ ᠤᠤ ᠭᠡᠵᠦ ᠠᠰᠠᠭᠤᠬᠤᠯᠠᠷ ᠨᠠᠭᠠᠴᠢ ᠶᠢᠨ ᠲᠠᠯ᠎ᠠ ᠠᠴᠠ ᠪᠠᠨ ᠶᠠᠷᠢᠳᠠᠭ ᠨᠢ ᠤᠴᠢᠷᠲᠠᠢ ᠪᠠᠶᠢᠵᠠᠢ᠃ ᠨᠠᠭᠠᠴᠢ ᠶᠢᠨ ᠢᠶᠠᠨ ᠪᠠᠷᠢᠯᠳᠤᠭᠠᠨ ᠢ ᠦᠪᠯᠡᠵᠦ ᠵᠠᠶᠠᠭᠠᠭᠰᠠᠨ ᠵᠠᠨ᠎ᠠ ᠴᠦ ᠪᠦᠬᠡ ᠭᠡᠳᠡᠭ ᠤᠳᠤᠮᠲᠤ ᠲᠠᠮᠢᠷ ᠲᠠᠢ ᠬᠤᠪᠢ ᠪᠠᠷᠢᠯᠳᠤᠯᠭ᠎ᠠ ᠲᠠᠢ ᠪᠤᠯᠵᠦ ᠠᠮᠢᠳᠤᠷᠠᠯ ᠠᠵᠢᠯ ᠤᠨ ᠳᠡᠩᠰᠡᠨ ᠳᠡᠭᠡᠷ᠎ᠡ ᠠᠮᠵᠢᠭᠤᠯᠵᠦ ᠶᠠᠭᠠᠷᠠᠨ᠎ᠠ᠃      2016 ᠤᠨ ᠳᠤ ᠨᠤᠲᠤᠭ ᠤᠨ ᠤᠬᠢᠨ ᠭᠡᠭᠡᠨᠲᠠᠨ᠎ᠠ ᠲᠠᠢ ᠵᠢᠷᠭᠠᠯᠲᠤ ᠠᠮᠢᠳᠤᠷᠠᠯ ᠢᠶᠠᠨ ᠴᠤᠭᠴᠠᠯᠠᠵᠦ ᠨᠠᠶᠢᠷ ᠤᠨ ᠳᠠᠭᠤᠨ ᠤ ᠠᠶᠠᠯᠭᠤᠨ ᠳᠤ ᠮᠤᠩᠭᠤᠯ ᠠᠶᠢᠯ ᠨᠢᠭᠡ ᠶᠢ ᠨᠡᠮᠡᠭᠰᠡᠨ ᠠᠴᠠ ᠤᠳᠤᠮ ᠤᠨ ᠬᠡᠯᠬᠢᠶ᠎ᠡ ᠶᠢ ᠤᠷᠲᠤᠰᠬᠠᠬᠤ ᠬᠦᠭᠡᠷᠦᠬᠦᠨ ᠤᠬᠢᠨ ᠲᠠᠢ ᠪᠤᠯᠵᠦ᠂ ᠳᠤᠯᠠᠭᠠᠬᠠᠨ ᠠᠮᠢᠳᠤᠷᠠᠯ ᠳᠤ ᠨᠢ ᠬᠠᠶᠢᠷ᠎ᠠ ᠨᠡᠮᠡᠵᠦ ᠢᠷᠡᠭᠰᠡᠨ ᠪᠤᠯᠬᠤᠷ ᠳᠤᠲᠤᠨᠤ ᠭᠡᠬᠦ ᠰᠠᠶᠢᠬᠠᠨ ᠨᠡᠷ᠎ᠡ ᠬᠠᠶᠢᠷᠠᠯᠠᠨ ᠭᠡᠭᠡᠨ ᠬᠦᠰᠡᠯ ᠢᠶᠠᠨ ᠰᠢᠩᠭᠡᠭᠡᠭᠰᠡᠨ ᠭᠡᠷ ᠲᠤ ᠨᠢ ᠭᠡᠷᠡᠯᠳᠦᠬᠦ ᠡᠭᠡᠰᠢᠭ ᠪᠤᠯᠵᠠᠢ᠃ ᠠᠯᠲᠠᠨ ᠪᠦᠭᠡᠵᠢ ᠪᠠᠨ ᠰᠤᠯᠢᠯᠴᠠᠵᠦ ᠠᠵᠠ ᠵᠢᠷᠭᠠᠯ ᠢᠶᠠᠨ ᠬᠤᠪᠢᠶᠠᠯᠴᠠᠭᠰᠠᠨ ᠲᠡᠷᠡ ᠴᠠᠭ ᠠᠴᠠ ᠠᠷᠢᠭᠤᠨ ᠭᠤᠯᠤᠮᠲᠠ ᠳᠤ ᠨᠢ ᠭᠠᠯ ᠨᠡᠮᠡᠵᠦ᠂ ᠬᠤᠶᠢᠮᠤᠷ ᠳᠦᠭᠦᠷᠭᠡᠬᠦ ᠪᠤᠭᠤᠷᠤᠯ ᠤᠳ ᠢᠶᠠᠨ ᠠᠴᠢᠯᠠᠨ᠂ ᠬᠤᠶᠠᠷ ᠬᠤᠶᠠᠷ ᠰᠠᠷ᠎ᠠ ᠪᠠᠷ ᠰᠤᠷᠢᠭ᠎ᠠ ᠪᠤᠯᠪᠠᠰᠤᠷᠠᠯ ᠬᠢᠬᠦ ᠨᠦᠬᠦᠷ ᠤᠨ ᠢᠶᠠᠨ ᠬᠤᠶᠢᠨ᠎ᠠ ᠠᠴᠠ ᠠᠯᠢᠪᠠ ᠪᠦᠬᠦᠨ ᠢ ᠵᠤᠬᠢᠴᠠᠭᠤᠯᠤᠨ ᠰᠠᠭᠤᠳᠠᠭ ᠰᠠᠶᠢᠬᠠᠨ ᠬᠦᠮᠦᠵᠢᠯ ᠰᠠᠷᠠᠭᠤᠯ ᠤᠬᠠᠭᠠᠨ ᠲᠠᠢ ᠪᠦᠰᠡᠭᠦᠢ ᠨᠢ ᠡᠨᠡ ᠭᠡᠷ ᠤᠨ ᠨᠠᠷᠠ ᠪᠤᠯᠵᠦ ᠭᠡᠷᠡᠯᠲᠦᠭᠰᠡᠭᠡᠷ ᠪᠠᠶᠢᠨ᠎ᠠ᠃ ︽ᠭᠠᠳᠠᠭᠰᠢ ᠰᠤᠷᠢᠭ᠎ᠠ ᠪᠤᠯᠪᠠᠰᠤᠷᠠᠯ ᠳᠤ ᠶᠠᠪᠤᠭᠰᠠᠨ ᠦᠶ᠎ᠡ ᠪᠠᠷ ᠬᠡᠦᠬᠡᠳ ᠲᠠᠭᠰᠢᠭᠤᠷ ᠬᠦᠷᠪᠡᠯ ᠭᠠᠭᠴᠠᠭᠠᠷ ᠰᠠᠨᠳᠤᠷᠠᠳᠠᠭ ᠪᠤᠯᠪᠠᠴᠤ᠂ ᠰᠤᠷᠢᠭ᠎ᠠ ᠪᠤᠯᠪᠠᠰᠤᠷᠠᠯ ᠳᠤ ᠨᠢ ᠬᠠᠷᠰᠢ ᠪᠤᠯᠬᠤ ᠠᠴᠠ ᠬᠢᠴᠢᠶᠡᠭᠡᠳ ᠶᠡᠷᠦᠨᠢ ᠬᠡᠯᠡᠳᠡᠭ ᠦᠭᠡᠢ︾ ᠭᠡᠵᠦ ᠰᠠᠶᠢᠬᠠᠨ ᠪᠤᠯᠪᠠᠰᠤᠷᠠᠵᠦ ᠢᠷᠡᠭᠡᠳ ᠰᠠᠶᠢᠨ ᠪᠠᠷᠢᠯᠳᠤᠬᠤ ᠶᠢ ᠨᠢ ᠬᠦᠰᠡᠵᠦ ᠰᠠᠭᠤᠳᠠᠭ ᠭᠡᠭᠡᠨᠲᠠᠨ᠎ᠠ ᠶᠢᠨ ᠳᠡᠭᠵᠢᠨ ᠨᠢᠳᠦᠨ ᠤ ᠴᠠᠭᠠᠨ᠎ᠠ ᠠᠴᠠ ᠵᠦᠭᠡᠯᠡᠨ ᠭᠡᠷᠡᠯᠲᠦᠬᠦ ᠬᠠᠷᠠᠴᠠ ᠨᠢ ᠡᠮᠡᠭᠲᠡᠢ ᠬᠦᠮᠦᠨ ᠤ ᠵᠢᠩᠬᠢᠨᠢ ᠰᠠᠶᠢᠬᠠᠨ ᠢ ᠬᠠᠷᠠᠭᠤᠯᠬᠤ ᠵᠢᠷᠦᠬᠡᠨ ᠲᠠᠮᠢᠷ ᠢᠶᠠᠷ ᠤᠴᠢᠯᠠᠨ᠎ᠠ᠃     ᠬᠠᠶᠢᠷ᠎ᠠ ᠭᠡᠳᠡᠭ ᠡᠶ᠎ᠡ ᠡᠪᠲᠡᠢ ᠠᠮᠢᠳᠤᠷᠠᠬᠤ ᠶᠢᠨ ᠰᠠᠭᠤᠷᠢ ᠪᠤᠯ ᠬᠠᠷᠢᠭᠤᠴᠠᠯᠭ᠎ᠠ ᠭᠡᠳᠡᠭ ᠦᠭᠡᠳᠡ ᠡᠰᠡᠷᠡᠭ ᠠᠮᠢᠳᠤᠷᠠᠬᠤ ᠶᠢᠨ ᠪᠠᠲᠤᠯᠠᠭ᠎ᠠ ᠶᠤᠮ᠃ ᠨᠠᠶᠢᠷ ᠤᠨ ᠲᠠᠯᠠᠪᠠᠢ ᠪᠠᠷ ᠮᠠᠭᠰᠢᠭᠤᠯᠵᠦ ᠶᠠᠪᠤᠬᠤ ᠲᠡᠭᠦᠨ ᠤ ᠬᠤᠶᠢᠨ᠎ᠠ ᠠᠴᠠ ᠳᠠᠭᠤ ᠦᠭᠡᠶᠢᠬᠡᠨ ᠳᠡᠮᠵᠢᠵᠦ ᠶᠠᠪᠤᠳᠠᠭ ᠭᠡᠷᠭᠡᠢ ᠶᠢᠨ ᠢᠶᠠᠨ ᠰᠡᠳᠬᠢᠯ ᠤᠨ ᠵᠦᠳᠡᠷᠡᠯ ᠢ ᠮᠡᠳᠡᠷᠡᠵᠦ ᠶᠠᠪᠤᠭ᠎ᠠ ᠶᠢ ︽ᠲᠠᠯᠠᠷᠬᠠᠵᠦ ᠶᠠᠪᠤᠳᠠᠭ ᠳ᠋ᠠ︾ ᠭᠡᠳᠡᠭ ᠬᠤᠶᠠᠷᠬᠠᠨ ᠦᠭᠡ ᠨᠢ ᠲᠠᠰᠤᠷᠬᠠᠢ ᠭᠡᠷᠡᠴᠢᠯᠡᠨ᠎ᠡ᠃     ᠬᠦᠮᠦᠨ ᠪᠤᠯᠭᠠᠨ ᠤ ᠠᠮᠢᠳᠤᠷᠠᠯ ᠳᠤ ᠬᠠᠮᠤᠭ ᠨᠦᠯᠦᠭᠡ ᠦᠵᠡᠭᠦᠯᠦᠭᠰᠡᠨ ᠬᠡᠳᠦᠨ ᠬᠦᠮᠦᠨ ᠪᠠᠶᠢᠳᠠᠭ᠂ ᠲᠡᠭᠦᠨ ᠠᠴᠠ ᠵᠤᠷᠢᠭ ᠤᠬᠠᠭᠠᠨ ᠰᠤᠷᠴᠦ᠂ ᠠᠵᠤ ᠠᠮᠢᠳᠤᠷᠠᠯ ᠳᠠᠭᠠᠨ ᠬᠠᠲᠠᠭᠤᠵᠢᠵᠦ ᠰᠡᠭᠡᠭᠡᠷᠡᠳᠡᠭ ᠪᠤᠯᠬᠤᠷ ᠠᠴᠢ ᠶᠢ ᠰᠠᠨᠠᠵᠦ ᠠᠴᠢᠲᠠᠨ ᠢᠶᠠᠨ ᠬᠦᠨᠳᠦᠯᠡᠵᠦ ᠶᠠᠪᠤᠬᠤ ᠨᠢ ᠠᠮᠢᠳᠤᠷᠠᠬᠤᠢ ᠶᠢᠨ ᠦᠵᠡᠯᠲᠡ ᠵᠦᠪ ᠪᠠᠶᠢᠬᠤ ᠶᠢᠨ ᠡᠬᠢᠯᠡᠯᠲᠡ ᠶᠤᠮ᠃ ︽ᠨᠢᠭᠡ ᠤᠳᠠᠭᠠᠨ ᠤ ᠤᠷᠤᠯᠳᠤᠭᠠᠨ ᠳᠤ ᠰᠢᠷᠠ ᠪᠠᠭᠰᠢ ᠨᠠᠮᠠᠢᠢ ᠲᠤᠰᠠᠬᠠᠢᠢᠯᠠᠨ ᠳᠠᠭᠠᠵᠦ᠂ ᠪᠡᠶ ᠎ᠡ ᠶᠢᠨ ᠵᠢᠩ ᠢ ᠪᠠᠭᠤᠷᠠᠭᠤᠯᠬᠤ ᠠᠴᠠ ᠡᠬᠢᠯᠡᠭᠡᠳ ᠪᠦᠬᠦ ᠪᠤᠯᠪᠠᠰᠤᠷᠠᠯ ᠳᠤ ᠪᠡᠶᠡᠳᠡᠨ ᠵᠢᠯᠤᠭᠤᠳᠴᠦ ᠶᠡᠭᠡ ᠬᠦᠴᠦ ᠤᠷᠤᠭᠤᠯᠤᠭᠰᠠᠨ ᠢᠶᠠᠷ ᠲᠤᠰ ᠤᠳᠠᠭᠠᠨ ᠤ ᠤᠷᠤᠯᠳᠤᠭᠠᠨ ᠳᠤ ᠪᠢ ᠮᠠᠰᠢ ᠰᠠᠶᠢᠨ ᠪᠠᠷᠢᠯᠳᠤᠭᠰᠠᠨ ᠡ᠂ ᠰᠢᠭᠰᠢᠭᠡ ᠪᠠᠭ ᠤᠨ ᠠᠩᠬᠢ ᠳᠤ ᠤᠴᠢᠭᠰᠠᠨ ᠤ ᠳᠠᠷᠠᠭ᠎ᠠ ᠴᠤ ᠪᠠᠢᠡᠭᠭᠤ ᠤᠲᠠᠰᠤ ᠢᠷᠡᠳᠡᠭ︾ ᠭᠡᠵᠦ ᠳᠤᠷᠠᠰᠴᠦ ᠶᠠᠷᠢᠬᠤ ᠠᠴᠠ ᠨᠢ ᠨᠢᠮᠪᠠᠢ ᠵᠢᠯᠤᠭᠤᠳᠴᠦ ᠵᠢᠭᠠᠨ ᠰᠤᠷᠭᠠᠭᠰᠠᠨ ᠤ ᠠᠴᠢ ᠪᠠᠷ ᠪᠦᠬᠡᠴᠢᠨ ᠪᠤᠯᠬᠤ ᠵᠠᠮ ᠳᠤ ᠰᠢᠯᠤᠭᠤᠬᠠᠨ ᠬᠦᠲᠦᠯᠦᠭᠰᠡᠨ ᠬᠦᠨᠳᠦᠲᠡᠢ ᠪᠠᠭᠰᠢ ᠶᠢᠨ ᠢᠶᠠᠨ ᠭᠠᠪᠢᠶ᠎ᠠ ᠵᠢᠳᠬᠦᠯ ᠵᠢᠴᠢ ᠬᠤᠶᠢᠨ᠎ᠠ ᠠᠴᠠ ᠨᠢ ᠰᠠᠨᠠᠭ᠎ᠠ ᠠᠯᠭᠠᠰᠠᠵᠦ ᠰᠠᠭᠤᠳᠠᠭ ᠴᠦ ᠵᠤᠷᠢᠭᠵᠢᠭᠤᠯᠵᠦ ᠵᠠᠬᠢᠳᠠᠭ ᠠᠪᠤ ᠡᠵᠢ ᠶᠢᠨ ᠬᠠᠶᠢᠷ᠎ᠠ ᠪᠠᠷ ᠬᠠᠳᠠᠭᠤ ᠪᠤᠯᠪᠠᠰᠤᠷᠠᠯ ᠤᠨ ᠬᠠᠯᠠ  ᠶᠢ  ᠳᠠᠪᠠᠭᠤᠯᠤᠭᠰᠠᠨ  ᠠᠴᠢ  ᠶᠢ  ᠨᠢ  ᠳᠠᠩᠳᠠ  ᠵᠢᠷᠦᠬᠡᠨ  ᠰᠠᠬᠢᠶ᠎ᠠ  ᠪᠤᠯᠭᠠᠨ  ᠪᠤᠳᠤᠵᠦ  ᠶᠠᠪᠤᠳᠠᠭ  ᠨᠢ ᠡᠨᠡ ᠪᠠᠢᠵᠠᠢ᠃     ᠠᠶᠢᠯ ᠪᠤᠯᠵᠦ ᠠᠪᠤ ᠰᠠᠭᠤᠭᠰᠠᠨ ᠪᠤᠯᠬᠤᠷ ᠰᠡᠳᠬᠢᠯ ᠤᠨ ᠬᠦᠴᠦ ᠪᠠᠷ ᠲᠤᠰᠠᠯᠠᠵᠦ ᠶᠠᠪᠤᠭᠰᠠᠨ ᠬᠦᠮᠦᠰ ᠤᠨ ᠠᠴᠢ ᠶᠢ ᠰᠠᠨᠠᠬᠤ ᠶᠢ ᠳᠡᠭᠡᠳᠦᠯᠡᠵᠦ᠂ ᠪᠡᠶ᠎ᠡ ᠶᠢᠨ ᠲᠠᠮᠢᠷ ᠠᠴᠠ ᠰᠡᠳᠬᠢᠯ ᠤᠨ ᠲᠠᠮᠢᠷ ᠲᠦᠯᠵᠢᠵᠦ ᠦᠨᠦᠳᠦᠷ ᠰᠡᠳᠬᠢᠯ ᠪᠦᠬᠡ ᠤᠬᠠᠭᠠᠨ ᠪᠦᠬᠡ ᠦᠭᠡᠳᠡᠯᠡᠵᠦ ᠶᠠᠪᠤᠭ᠎ᠠ ᠨᠢ ᠡᠨᠡ ᠪᠢᠯᠢᠦ︕     ᠬᠠᠮᠤᠭ ᠡᠷᠳᠡᠮ ᠢᠶᠠᠨ ᠬᠦᠪᠴᠢᠯᠡᠭᠰᠡᠨ ᠰᠢᠨᠳᠠᠰᠤ ᠬᠠᠲᠠᠭᠤ ᠤᠬᠠᠭᠠᠨ     ᠦᠶ᠎ᠡ ᠦᠶ᠎ᠡ ᠰᠡᠪᠡᠯᠵᠡᠬᠦ ᠵᠦᠭᠡᠯᠡᠨ ᠪᠤᠷᠤᠭᠠᠨ ᠤ ᠳᠤᠮᠳᠠᠭᠤᠷ ᠮᠤᠩᠭᠤᠯ ᠵᠠᠰᠠᠯ ᠢᠶᠠᠷ ᠭᠤᠶᠤᠯᠠᠭᠰᠠᠨ ᠮᠠᠯᠴᠢᠨ ᠲᠦᠮᠡᠨ᠂ ᠴᠢᠮᠡᠭᠲᠦ ᠵᠤᠳᠤᠭ ᠢᠶᠠᠷ ᠪᠠᠭ᠋ᠠᠷᠬᠠᠭᠰᠠᠨ ᠪᠦᠬᠡᠴᠢᠨ ᠲᠠᠮᠢᠷᠴᠢᠳ ᠳᠦᠷᠪᠡᠳ ᠨᠤᠲᠤᠭ ᠤᠨ ᠬᠡᠶᠢᠮᠤᠷᠢ ᠶᠢ ᠰᠡᠷᠭᠦᠭᠡᠵᠦ ᠬᠡᠰᠢᠭ ᠢ ᠳᠠᠯᠠᠯᠤᠨ ᠨᠠᠮᠢᠯᠵᠠᠨ᠎ᠠ᠃ ᠵᠠᠩᠭᠢᠶᠠᠲᠤ ᠪᠦᠬᠡᠴᠢᠨ ᠵᠠᠨ᠎ᠠ ᠠᠴᠠ ᠡᠩᠬᠦᠷᠡᠢ ᠤᠬᠢᠨ ᠳᠤᠲᠤᠨᠤ ᠶᠢᠨ ᠲᠤᠷᠭᠠᠨ ᠦᠷᠪᠦᠭᠡ ᠶᠢ ᠬᠦᠨᠳᠡᠬᠦ ᠲᠠᠰᠢᠷᠠᠮ ᠢᠶᠠᠷ ᠦᠡᠭᠭᠡᠷᠡᠭᠰᠡᠨ ᠵᠢᠯ ᠤᠨ 7 ᠰᠠᠷ᠎ᠠ ᠳᠤ 128 ᠪᠦᠬᠡ ᠬᠤᠤᠰᠯᠠᠭᠤᠯᠤᠨ ᠨᠤᠲᠤᠭ ᠤᠨ ᠲᠦᠮᠡᠨ ᠳᠡᠭᠡᠨ ᠨᠠᠶᠢᠷ ᠤᠨ ᠪᠡᠯᠡᠭ ᠬᠦᠷᠭᠡᠭᠰᠡᠨ ᠨᠢ ᠡᠨᠡ ᠪᠢᠯᠡ᠃     2012 ᠤᠨ ᠳᠤ ᠪᠦᠬᠦ ᠤᠯᠤᠰ ᠤᠨ ᠺᠯᠦ᠋ᠪ ᠤᠨ ᠲᠡᠮᠡᠴᠡᠭᠡᠨ ᠤ 66 ᠺᠢᠯᠦᠭᠷᠠᠮ ᠤᠨ ᠳᠡᠰ ᠲᠤ ᠬᠤᠶᠠᠳᠤᠭᠠᠷ ᠲᠤ ᠤᠷᠤᠵᠦ᠂ ᠨᠢᠭᠡᠳᠦᠭᠡᠷ ᠳᠡᠰ ᠤᠨ ᠲᠠᠮᠢᠷᠴᠢᠨ ᠪᠤᠯᠤᠭᠰᠠᠨ ᠨᠢ ᠲᠡᠭᠦᠨ ᠢ ᠠᠮᠵᠢᠯᠲᠠ ᠶᠢᠨ ᠳᠡᠭᠳᠡᠷ ᠲᠤ ᠦᠭᠰᠦᠭᠦᠯᠵᠦ 2013 ᠤᠨ ᠳᠤ ᠪᠦᠬᠦ ᠤᠯᠤᠰ ᠤᠨ ᠲᠠᠮᠢᠷ ᠤᠨ ᠴᠤᠭᠯᠠᠭᠠᠨ ᠳᠤ ᠤᠷᠤᠯᠴᠠᠵᠦ ᠡᠬᠢᠯᠡᠭᠰᠡᠨ ᠢᠶᠠᠷ ᠤᠯᠤᠰ ᠤᠷᠤᠨ ᠤ ᠤᠯᠠᠨ ᠲᠡᠮᠡᠴᠡᠭᠡᠨ ᠳᠤ ᠡᠮᠦᠨᠡᠭᠦᠷ ᠰᠢᠭᠤᠷᠬᠠᠢᠢᠯᠠᠵᠦ ᠲᠠᠮᠢᠷᠴᠢᠨ ᠬᠦᠮᠦᠨ ᠤ ᠪᠦᠲᠦᠭᠡᠯ ᠢᠶᠠᠷ ᠠᠯᠳᠠᠷ ᠭᠠᠪᠢᠶ ᠎ᠠ ᠪᠠᠨ ᠳᠠᠭᠤᠷᠢᠰᠠᠭᠤᠯᠵᠦ ᠢᠷᠡᠵᠡᠢ᠃ 2015 ᠤᠨ ᠳᠤ ᠲᠠᠮᠢᠷ ᠤᠨ ᠠᠩᠭᠢ ᠠᠴᠠ ᠪᠠᠨ ᠪᠤᠴᠠᠨ ᠢᠷᠡᠵᠦ᠂ 2016 ᠤᠨ ᠤ ᠬᠠᠪᠤᠷ ᠠᠴᠠ ᠵᠡᠭᠦᠨ ᠦᠵᠦᠮᠦᠴᠢᠨ ᠬᠤᠰᠢᠭᠤᠨ ᠳᠤ ᠠᠷᠰᠯᠠᠨ ᠪᠠᠲᠤᠵᠢᠷᠭᠠᠯ ᠤᠨ ᠳᠤᠤᠷ᠎ᠠ ᠭᠤᠷᠪᠠᠨ ᠵᠢᠯ ᠰᠢᠬᠠᠮ ᠰᠤᠷᠢᠭ᠎ᠠ ᠬᠢᠵᠦ᠂ ᠠᠳᠡ ᠠᠴᠠ ᠮᠤᠩᠭᠤᠯ ᠪᠦᠬᠡ ᠶᠢᠨ ᠵᠠᠮ ᠢᠶᠠᠨ ᠡᠯᠭᠦᠭᠰᠡᠨ ᠠᠴᠠ ᠬᠤᠶᠢᠰᠢ᠂ ᠵᠢᠯ ᠳᠤ ᠨᠤᠲᠤᠭ ᠠᠴᠠ ᠪᠠᠨ ᠭᠠᠳᠠᠨ᠎ᠠ ᠤᠢᠢᠷ᠎ᠠ ᠤᠷᠴᠢᠮ ᠤᠨ ᠬᠤᠰᠢᠭᠤ ᠨᠤᠲᠤᠭ ᠤᠨ ᠨᠠᠶᠢᠷ ᠨᠠᠭᠠᠳᠤᠮ ᠢᠶᠠᠷ ᠤᠯᠠᠨ ᠤᠷᠤᠯᠴᠠᠳᠠᠭ ᠪᠤᠯᠤᠭᠰᠠᠨ ᠪᠠᠶᠢᠨ᠎ᠠ᠃     2019 ᠤᠨ ᠳᠤ ᠪᠠᠶᠠᠨᠨᠠᠭᠤᠷ ᠤᠨ ᠤᠷᠠᠳ ᠤᠨ ᠡᠮᠦᠨᠡᠲᠦ ᠬᠤᠰᠢᠭᠤᠨ ᠳᠤ ᠪᠤᠯᠤᠭᠰᠠᠨ ᠪᠠᠷᠠᠭᠤᠨ ᠲᠠᠪᠤᠨ ᠠᠢᠮᠠᠭ ᠬᠤᠲᠠ ᠶᠢᠨ ᠨᠠᠶᠢᠷ ᠲᠤ ᠪᠠᠷᠢᠯᠳᠤᠨ ᠲᠡᠷᠢᠭᠦᠯᠦᠭᠡᠳ ᠪᠠᠷᠠᠭᠤᠨ ᠲᠠᠪᠤᠨ ᠠᠶᠢᠮᠠᠭ ᠤᠨ ᠵᠠᠩᠭᠢᠶ᠎ᠠ ᠬᠦᠷᠲᠡᠭᠰᠡᠨ ᠨᠢ ᠲᠡᠭᠦᠨ ᠤ ᠬᠠᠮᠤᠭ ᠠᠴᠠ ᠤᠨᠴᠠᠭᠠᠢ ᠪᠠᠭ᠋ᠠᠷᠬᠠᠯ ᠪᠠᠶᠢᠵᠠᠢ᠃ ᠢᠡᠭᠬᠢᠵᠦ ᠯᠡ ᠮᠤᠩᠭᠤᠯ ᠪᠦᠬᠡ ᠪᠠᠨ ᠪᠠᠷᠢᠯᠳᠤᠵᠦ ᠶᠠᠪᠤᠭᠰᠠᠨ ᠠᠶᠠᠨ ᠵᠠᠮ ᠳᠠᠭᠠᠨ 256 ᠪᠦᠬᠡ ᠳᠤ ᠨᠢᠭᠡ ᠲᠡᠷᠢᠭᠦᠯᠡᠵᠦ᠂ ᠶᠡᠭᠡ ᠪᠠᠭ᠎ᠠ ᠨᠠᠶᠢᠷ ᠢᠶᠠᠷ 60 ᠭᠠᠷᠤᠢ ᠤᠳᠠᠭ᠎ᠠ ᠦᠵᠦᠭᠦᠷᠯᠡᠨ ᠬᠤᠯᠠ ᠤᠢᠢᠷ᠎ᠠ ᠶᠢᠨ ᠨᠠᠭᠠᠳᠤᠮᠴᠢᠨ ᠢᠶᠠᠨ ᠪᠠᠶᠠᠰᠬᠠᠵᠦ ᠶᠠᠪᠤᠵᠠᠢ᠃     ᠭᠠᠭᠴᠠ ᠬᠦᠴᠦ ᠴᠢᠳᠠᠯ ᠢᠶᠠᠷ ᠢᠶᠠᠨ ᠪᠠᠷᠢᠯᠳᠤᠬᠤ ᠪᠢᠰᠢ᠂ ᠤᠬᠠᠭᠠᠨ ᠰᠠᠮᠪᠠᠭ᠎ᠠ ᠵᠤᠷᠢᠭ ᠰᠠᠨᠠᠭ᠎ᠠ ᠠᠯᠢᠪᠠ ᠶᠠᠭᠤᠮ᠎ᠠ ᠶᠢ ᠵᠤᠬᠢᠴᠠᠭᠤᠯᠤᠨ᠂ ᠪᠠᠷᠢᠯᠳᠤᠬᠤ ᠳᠤᠮᠳᠠ ᠬᠠᠷᠢᠯᠴᠠᠨ ᠰᠤᠷᠤᠯᠴᠠᠬᠤ᠂ ᠦᠪᠡᠷ ᠤᠨ ᠳᠤᠳᠠᠭᠳᠠᠯ ᠪᠤᠶᠤ ᠡᠮᠵᠡᠭ ᠲᠠᠯ ᠎ᠠ ᠪᠠᠨ ᠠᠩᠬᠠᠷᠤᠨ ᠲᠠᠨᠢᠵᠦ᠂ ᠨᠦᠭᠦᠭᠡ ᠡᠲᠡᠭᠡᠳ ᠢᠶᠠᠨ ᠭᠢᠷᠠᠬᠠᠢ ᠠᠵᠢᠵᠦ ᠤᠢᠯᠠᠭᠠᠬᠤ ᠶᠢᠨ ᠳᠠᠭᠠᠤ ᠪᠠᠷᠢᠯᠳᠤᠬᠤ ᠠᠷᠭ᠎ᠠ ᠮᠡᠭᠡ ᠶᠢ ᠲᠤᠩᠭᠠᠵᠦ᠂ ᠪᠡᠶ᠎ᠡ ᠳᠡᠭᠡᠨ ᠵᠤᠬᠢᠴᠠᠭᠤᠯᠤᠨ ᠪᠡᠯᠡᠳᠭᠡᠯ ᠬᠢᠬᠦ ᠨᠢ ᠲᠡᠭᠦᠨ ᠤ ᠬᠤᠷᠴᠠᠯᠢᠭ ᠪᠠᠷᠢᠯᠳᠤᠳᠠᠭ ᠤᠬᠠᠭᠠᠨ ᠤ ᠢᠷᠡᠯᠲᠡ ᠶᠤᠮ᠃     ᠤᠬᠠᠭᠠᠨ ᠲᠠᠮᠢᠷ ᠤᠷ᠎ᠠ ᠪᠢᠷ᠎ᠡ ᠶᠢ ᠰᠢᠯᠭᠠᠬᠤ ᠮᠤᠩᠭᠤᠯ ᠪᠦᠬᠡ ᠶᠢᠨ ᠪᠠᠷᠢᠯᠳᠤᠭᠠᠨ ᠪᠤᠯ ᠪᠤᠯᠪᠠᠰᠤᠨ ᠰᠤᠶᠤᠯ ᠲᠠᠢ ᠲᠠᠮᠢᠷ ᠶᠤᠮ᠂ ᠬᠠᠷᠢᠨ ᠬᠠᠷ᠎ᠠ ᠬᠦᠴᠦ ᠪᠠᠷ ᠨᠤᠴᠤᠯᠳᠤᠵᠦ ᠬᠠᠶᠠᠵᠦ ᠰᠠᠪᠠᠳᠠᠭ ᠲᠤᠭᠯᠠᠭᠠᠮ ᠪᠢᠰᠢ᠂ ᠤᠢᠢᠴᠢᠭᠰᠠᠨ ᠨᠢᠭᠡ ᠪᠠᠨ ᠡᠷᠭᠦᠨ ᠪᠤᠰᠬᠠᠵᠦ᠂ ᠨᠠᠶᠢᠷ ᠢ ᠡᠷᠬᠢᠮᠯᠡᠵᠦ ᠨᠠᠭᠠᠳᠤᠮ ᠢᠶᠠᠨ ᠳᠡᠭᠡᠳᠦᠯᠡᠳᠡᠭ ᠮᠤᠷᠠᠯ ᠬᠦᠴᠦ ᠶᠢ ᠬᠤᠤᠰᠯᠠᠭᠤᠯᠤᠭᠰᠠᠨ ᠮᠤᠩᠭᠤᠯ ᠤᠨ ᠮᠢᠨᠢ ᠰᠢᠯᠢᠳᠡᠭ ᠤᠳᠤᠮᠰᠢᠯ ᠬᠠᠳᠠᠭᠠᠯᠠᠭᠳᠠᠵᠦ ᠪᠠᠶᠢᠳᠠᠭ ᠠᠴᠠ ᠪᠦᠬᠡᠴᠢᠨ ᠬᠦᠮᠦᠨ ᠤ ᠬᠡᠶᠢᠮᠤᠷᠢ ᠦᠭᠡᠳᠡ ᠪᠠᠨ ᠬᠡᠶᠢᠰᠴᠦ᠂ ᠪᠦᠬᠡ ᠶᠢᠨ ᠰᠤᠶᠤᠯ ᠤᠨ ᠭᠠᠯ ᠦᠭᠡᠳᠡ ᠪᠠᠨ ᠬᠦᠭᠵᠢᠵᠦ ᠪᠠᠶᠢᠳᠠᠭ ᠡ᠃     ︽ᠬᠤᠯᠠ ᠶᠢ ᠬᠠᠷᠠᠭᠰᠠᠨ ᠬᠦᠮᠦᠨ ᠤ ᠬᠠᠷᠠᠭ᠎ᠠ ᠠᠭᠤᠳᠠᠮ᠂ ᠬᠤᠵᠢᠮ ᠢᠶᠠᠨ ᠪᠤᠳᠤᠭᠰᠠᠨ ᠬᠦᠮᠦᠨ ᠤ ᠵᠠᠮ ᠰᠠᠷᠠᠭᠤᠯ︾ ᠭᠡᠳᠡᠭ ᠢᠶᠠᠷ ᠦᠢᠯᠡᠰ ᠤᠨ ᠨᠢᠭᠡ ᠰᠤᠩᠭᠤᠯᠳᠠ ᠪᠤᠯᠭᠠᠭᠰᠠᠨ ᠪᠦᠬᠡ ᠶᠢᠨ ᠮᠡᠷᠭᠡᠵᠢᠯ ᠢᠶᠠᠨ ᠭᠠᠭᠴᠠ ᠦᠪᠡᠷ ᠢᠶᠠᠨ ᠴᠢᠳᠠᠭᠠᠳ ᠵᠤᠭᠰᠤᠬᠤ ᠶᠢ ᠪᠤᠳᠤᠭᠰᠠᠨ ᠦᠭᠡᠢ ᠲᠡᠷᠡᠪᠡᠷ ᠮᠤᠩᠭᠤᠯ ᠪᠦᠬᠡ ᠶᠢᠨ ᠲᠤᠬᠠᠢ ᠢᠯᠡᠭᠦᠬᠡᠨ ᠲᠠᠨᠢᠭᠤᠯᠵᠦ᠂ ᠤᠯᠠᠨ ᠬᠦᠮᠦᠨ ᠢ ᠲᠤᠷ ᠎ᠠ ᠰᠤᠨᠢᠷᠬᠠᠯ ᠲᠠᠢ ᠪᠤᠯᠭᠠᠨ ᠳᠡᠯᠭᠡᠷᠡᠭᠦᠯᠬᠦ ᠰᠠᠨᠠᠭᠠᠨ ᠠᠴᠠ ᠪᠠᠭᠠᠴᠤᠳ ᠬᠡᠦᠬᠡᠳ ᠤᠨ ᠰᠤᠷᠢᠭ᠎ᠠ ᠪᠤᠯᠪᠠᠰᠤᠷᠠᠯ ᠤᠨ ᠭᠠᠵᠠᠷ ᠭᠠᠷᠭᠠᠬᠤ ᠶᠢ ᠵᠤᠷᠢᠵᠦ᠂ ᠨᠤᠲᠤᠭ ᠤᠨ ᠳᠡᠭᠦᠦᠨᠡᠷ ᠲᠡᠭᠡᠨ ᠮᠡᠷᠭᠡᠵᠢᠯ ᠢᠶᠠᠨ ᠵᠢᠭᠠᠵᠦ ᠬᠦᠮᠦᠵᠢᠭᠦᠯᠬᠦ ᠶᠢᠨ ᠳᠠᠭᠠᠤ ᠤᠯᠠᠭᠠᠨᠴᠠᠪ ᠨᠤᠲᠤᠭ ᠲᠤ ᠮᠤᠩᠭᠤᠯ ᠪᠦᠬᠡ ᠪᠠᠷᠢᠯᠳᠤᠬᠤ ᠬᠦᠮᠦᠨ ᠴᠦᠬᠡᠨ ᠪᠠᠶᠢᠭ᠎ᠠ ᠬᠤᠭᠤᠰᠤᠨ ᠢ ᠨᠦᠬᠦᠬᠦ ᠪᠠᠷ ᠴᠢᠷᠮᠠᠶᠢᠵᠦ ᠪᠠᠶᠢᠨ᠎ᠠ᠃     ᠦᠢᠯᠡᠰ ᠤᠨ ᠬᠠᠷᠭᠤᠢ ᠨᠢ ᠰᠠᠷᠠᠭᠤᠯᠵᠢᠵᠦ᠂ ᠦᠪᠯᠡᠬᠦ ᠶᠢᠨ ᠶᠤᠰᠤ ᠶᠢ ᠤᠬᠠᠭᠠᠷᠠᠵᠦ᠂ ᠤᠷᠤᠯᠳᠤᠵᠦ ᠶᠠᠪᠤᠭᠰᠠᠨ ᠮᠤᠩᠭᠤᠯ ᠪᠦᠬᠡ ᠶᠢᠨ ᠤᠷ᠎ᠠ ᠮᠡᠷᠭᠡᠵᠢᠯ ᠢᠶᠠᠨ ᠤᠯᠠᠮᠵᠢᠯᠠᠬᠤ ᠶᠢ ᠰᠠᠨᠠᠭᠠᠰᠢᠷᠠᠨ ᠰᠡᠳᠬᠢᠯ ᠤᠨ ᠲᠠᠮᠢᠷ ᠠᠴᠠ ᠤᠬᠠᠭᠠᠨ ᠤ ᠲᠠᠮᠢᠷ ᠤᠷᠭᠤᠵᠦ ᠦᠨᠦᠳᠦᠷ ᠤᠬᠠᠭᠠᠨ ᠪᠦᠬᠡ ᠤᠳᠤᠮᠲᠤ ᠪᠦᠬᠡ ᠪᠠᠳᠠᠷᠠᠵᠦ ᠶᠠᠪᠤᠭ᠎ᠠ ᠨᠢ ᠡᠨᠡ ᠪᠢᠯᠢᠦ︕
 
ᠢᠷᠡᠯᠲᠡ᠄ ᠤᠯᠠᠭᠠᠨᠴᠠᠪ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号