ᠪᠦᠭᠡ ᠪᠠᠷᠢᠯᠳᠤᠬᠤ ᠪᠤᠯ ᠮᠤᠩᠭᠤᠯ ᠦᠨᠳᠦᠰᠦᠲᠡᠨ ᠤ ᠡᠷᠲᠡᠨ ᠠᠴᠠ ᠤᠯᠠᠮᠵᠢᠯᠠᠵᠦ ᠢᠷᠡᠭᠰᠡᠨ ᠡᠷ᠎ᠡ ᠶᠢᠨ | ᠭᠤᠷᠪᠠᠨ ᠨᠠᠭᠠᠳᠤᠮ ᠤᠨ ᠲᠦᠷᠦᠭᠦᠦ ᠨᠠᠭᠠᠳᠤᠮ ᠶᠤᠮ᠃ ᠮᠤᠩᠭᠤᠯᠴᠤᠳ ᠤᠷᠤᠨ ᠨᠤᠳᠤᠭ᠂ ᠪᠠᠶᠢᠭᠠᠯᠢ ᠤᠷᠴᠢᠨ ᠠᠴᠠ | ᠪᠤᠯᠵᠦ᠂ ᠡᠷᠲᠡ ᠢᠵᠠᠭᠤᠷ ᠠᠴᠠ ᠪᠠᠨ ᠮᠠᠯ ᠠᠵᠤ ᠠᠬᠤᠢ ᠪᠠᠷ ᠭᠤᠤᠯᠯᠠᠨ᠂ ᠠᠩ ᠬᠦᠷᠦᠭᠡ ᠬᠢᠬᠦ ᠪᠤᠯ ᠲᠡᠳᠠᠨᠤᠰ ᠤᠨ | ᠡᠳᠤᠷ ᠲᠤᠳᠤᠮ ᠤᠨ ᠠᠮᠢᠳᠤᠷᠡᠯ ᠤᠨ ᠴᠢᠬᠤᠯᠡ ᠠᠭᠤᠯᠭ᠎ᠠ ᠪᠡ ᠬᠦᠲᠡᠯᠭᠡᠭᠡᠨ ᠪᠤᠯᠵᠦ ᠪᠠᠶᠢᠵᠠᠢ᠃ ᠡᠶᠢᠮᠦ ᠠᠴᠠ | ᠲᠤᠬᠠᠢ ᠶᠢᠨ ᠦᠶ᠎ᠡ ᠳᠤ ᠬᠦᠮᠦᠰ ᠤᠨ ᠪᠢᠷ᠎ᠡ ᠴᠢᠲᠡᠯ᠂ ᠬᠦᠴᠦᠨ ᠲᠡᠩᠭᠡᠭᠡ᠂ ᠠᠷᠭ᠎ᠠ ᠮᠡᠭᠡ ᠶᠢ ᠶᠡᠭᠡ ᠴᠢᠬᠤᠯᠴᠢᠯᠠᠨ | ᠱᠠᠭᠠᠷᠳᠠᠳᠠᠭ ᠪᠤᠯᠤᠭᠰᠡᠨ ᠳᠤ ᠬᠦᠮᠦᠰ ᠦᠪᠡᠷ ᠤᠨ ᠬᠦᠴᠦᠨ ᠴᠢᠲᠡᠯ᠂ ᠠᠪᠬᠠᠯᠵᠢ ᠰᠠᠮᠪᠠᠭ᠎ᠠ ᠪᠠᠨ ᠲᠡᠭᠡᠭᠰᠢᠯᠡᠭᠦᠯᠦᠨ | ᠰᠠᠶᠢᠵᠢᠷᠠᠭᠤᠯᠬᠤ ᠵᠤᠷᠢᠯᠭ᠎ᠠ ᠪᠠᠷ ᠪᠠᠷᠢᠯᠳᠤᠭᠠᠨ ᠳᠤ ᠤᠷᠤᠯᠴᠠᠵᠦ᠂ ᠪᠦᠭᠡ ᠶᠢᠨ ᠪᠠᠷᠢᠯᠳᠤᠭᠠᠨ ᠤ ᠬᠦᠭᠵᠢᠯᠲᠡ ᠶᠢ | ᠠᠬᠢᠭᠤᠯᠵᠦ ᠢᠷᠡᠵᠡᠢ᠃ 13 ᠳ᠋ᠤᠭᠠᠷ ᠵᠠᠭᠤᠨ ᠪᠤᠯᠬᠤ ᠳᠤ ᠮᠤᠩᠭᠤᠯ ᠤᠷᠤᠨ ᠤ ᠠᠳᠤᠭᠤ ᠮᠠᠯ ᠨᠡᠮᠡᠭᠲᠡᠵᠦ᠂ ᠨᠤᠳᠤᠭ | ᠪᠡᠯᠴᠢᠭᠡᠷ ᠪᠤᠯᠢᠶᠠᠯᠳᠤᠬᠤ᠂ ᠮᠠᠯ ᠰᠦᠷᠦᠭ ᠢ ᠨᠢ ᠪᠤᠯᠢᠶᠠᠵᠦ᠂ ᠬᠠᠷᠢᠯᠴᠠᠨ ᠲᠤᠪᠳᠤᠯᠵᠦ᠂ ᠠᠷᠡᠳ ᠢᠷᠭᠡᠳ ᠢ ᠨᠢ | ᠤᠯᠵᠠᠯᠠᠬᠤ ᠲᠠᠶᠢᠨ ᠡᠭᠦᠰᠦᠭᠰᠡᠨ ᠠᠴᠠ ᠬᠡᠲᠦ ᠬᠡᠲᠦᠨ ᠤᠪᠤᠭ ᠨᠡᠶᠢᠯᠡᠵᠦ ᠠᠶᠢᠮᠠᠭ ᠤᠨ ᠬᠤᠯᠪᠤᠭ᠎ᠠ | ᠪᠠᠶᠢᠭᠤᠯᠪᠡ᠃ | ᠡᠲᠡᠭᠡᠷ ᠠᠶᠢᠮᠠᠭ ᠤᠨ ᠬᠤᠯᠪᠤᠭ᠎ᠠ ᠨᠢ ᠨᠤᠳᠤᠭ ᠤᠰᠤ᠂ ᠠᠷᠡᠳ ᠢᠷᠭᠡᠨ᠂ ᠠᠳᠤᠭᠤ ᠮᠠᠯ ᠢᠶᠠᠨ ᠬᠠᠮᠠᠭᠠᠯᠠᠬᠤ ᠪᠠᠷ | ᠡᠷ᠎ᠡ ᠶᠢᠨ ᠰᠠᠶᠢᠨ ᠢ ᠰᠤᠩᠭᠤᠨ ᠬᠦᠴᠦ ᠴᠢᠲᠡᠯ ᠢ ᠰᠤᠷᠬᠤ ᠰᠤᠷᠢᠯᠲᠡ ᠨᠠᠭᠠᠳᠤᠮ ᠢ ᠡᠷᠬᠢᠯᠡᠵᠦ᠂ ᠮᠤᠩᠭᠤᠯ ᠤᠨ | ᠨᠡᠶᠢᠭᠡᠮ ᠤᠨ ᠪᠦᠭᠡ ᠶᠢᠨ ᠪᠠᠷᠢᠯᠳᠤᠭᠠᠨ ᠢ ᠤᠯᠠᠮ ᠴᠢᠨᠠᠭᠰᠢᠲᠡ ᠠᠬᠢᠭᠤᠯᠤᠨ ᠬᠦᠭᠵᠢᠭᠦᠯᠵᠠᠢ᠂ ᠮᠤᠩᠭᠤᠯ ᠪᠦᠭᠡ ᠶᠢᠨ | ᠪᠠᠷᠢᠯᠳᠤᠭᠠᠨ ᠤ ᠶᠤᠰᠤᠨ ᠳᠤ ᠪᠦᠭᠡ ᠤᠨᠤᠭᠠᠬᠤ᠂ ᠪᠦᠭᠡ ᠵᠤᠳᠤᠭᠯᠠᠬᠤ᠂ ᠪᠦᠭᠡ ᠴᠤᠯᠠᠯᠠᠬᠤ᠂ ᠪᠦᠭᠡ ᠲᠠᠯᠪᠢᠬᠤ᠂ | ᠲᠡᠪᠢᠬᠦ ᠪᠤᠶᠦ ᠮᠠᠬᠰᠢᠬᠤ᠂ ᠦᠷᠦᠬᠦ᠂ ᠪᠠᠷᠢᠵᠡ ᠠᠪᠬᠤ᠂ ᠪᠠᠷᠢᠯᠳᠤᠵᠦ ᠲᠠᠪᠠᠭ᠋ᠤ᠂ ᠲᠠᠬᠢᠮ ᠠᠪᠬᠤ᠂ ᠲᠤᠭ ᠲᠤᠭᠤᠷᠢᠬᠤ᠂ | ᠤᠷᠤᠬᠤ᠂ ᠡᠮᠦᠰᠭᠡᠯ ᠲᠠᠶᠢᠯᠬᠤ᠂ ᠱᠠᠩᠨᠠᠬᠤ ᠮᠡᠲᠦ ᠶᠢᠨ ᠠᠭᠤᠯᠭ᠎ᠠ ᠪᠠᠶᠢᠳᠠᠭ ᠪᠦᠭᠡᠳ ᠡᠲᠡᠭᠡᠷ ᠶᠤᠰᠤ ᠨᠢ ᠴᠠᠭ ᠦᠶ᠎ᠡ | ᠪᠡ ᠭᠠᠵᠠᠷ ᠤᠷᠤᠨ ᠤ ᠢᠯᠭᠠᠭ᠎ᠠ ᠲᠠᠢ ᠪᠠᠶᠢᠳᠠᠭ᠃ ᠦᠪᠦᠷ ᠮᠤᠩᠭᠤᠯ ᠤᠨ ᠡᠷᠲᠡᠨ ᠤ ᠪᠦᠬᠡ ᠶᠢᠨ ᠪᠠᠷᠢᠯᠳᠤᠭᠠᠨ ᠤ | ᠪᠦᠲᠦᠴᠡ ᠳᠤ ᠪᠦᠬᠡ ᠣᠨᠤᠭᠠᠬᠤ᠂ ᠨᠠᠶᠢᠷ ᠰᠡᠷᠭᠦᠭᠡᠭᠦ᠂ ᠪᠦᠭᠡ ᠲᠠᠯᠪᠢᠬᠤ ︵ᠪᠦᠭᠡ ᠭᠠᠷᠭᠠᠬᠤ᠂ ᠬᠠᠯᠬ᠎ᠠ ᠳᠤ ᠭᠠᠷᠣᠯᠲᠡ | ᠭᠡᠲᠡᠭ︶᠂ ᠪᠦᠬᠡ ᠶᠢᠨ ᠲᠠᠪᠢᠯᠲᠡ ᠪᠤᠶᠦ ᠮᠠᠭᠰᠢᠯᠲᠡ᠂ ᠪᠠᠷᠢᠯᠳᠤᠬᠤ᠂ ᠪᠦᠬᠡ ᠪᠠᠭᠤᠬᠤ ︵ᠲᠠᠯᠠᠪᠦᠷ ᠠᠴᠠ ᠪᠠᠭᠤᠬᠤ᠂ | ᠬᠠᠯᠬ᠎ᠠ ᠳᠤ ᠦᠷᠦᠯᠲᠡ ᠬᠡᠲᠡᠭ︶᠂ ᠱᠠᠩᠨᠠᠬᠤ ᠵᠡᠷᠭᠡ ᠶᠤᠰᠤᠨ ᠪᠠᠶᠢᠲᠠᠭ᠃ | ᠪᠦᠬᠡ ᠤᠨᠤᠭᠠᠬᠤ᠃ ᠡᠷᠲᠡ ᠢᠵᠠᠭᠤᠷ ᠲᠤ ᠪᠠᠷᠢᠯᠳᠤᠭᠠᠨ ᠳᠤ ᠤᠷᠤᠯᠴᠠᠬᠤ ᠪᠦᠭᠡ ᠶᠢᠨ ᠲᠤᠭ᠎ᠠ 64 ᠠᠴᠠ | 1024 ᠭᠦᠷᠲᠡᠯᠡᠬᠢ 2 ᠤᠨ ᠵᠡᠷᠭᠡᠲᠦ ᠲᠤᠭ᠎ᠠ ᠶᠢ ᠦᠨᠳᠦᠰᠦᠯᠡᠵᠦ᠂ ᠲᠠᠩᠴᠡᠭᠦᠦ ᠪᠠᠷ ᠬᠤᠶᠠᠷ ᠲᠡᠰᠢ ᠬᠤᠪᠢᠶᠠᠨ | ᠶᠡᠭᠡᠴᠤᠳ ᠤᠨ ᠠᠰᠠᠷ ᠪᠤᠶᠦ ᠮᠠᠶᠢᠬᠠᠨ ᠤ ᠬᠤᠶᠠᠷ ᠲᠡᠯ᠎ᠡ ᠳᠤ ᠵᠢᠭᠦᠷᠯᠡᠨ ᠵᠢᠬᠰᠠᠭᠠᠳᠠᠭ᠃ ᠭᠡᠭᠦ ᠳᠡᠭᠡᠨ ᠲᠡᠯ᠎ᠡ ᠪᠦᠷᠢ | ᠶᠢᠨ ᠲᠡᠭᠡᠲᠦ ᠲᠡᠯ᠎ᠡ ᠳᠤ ᠨᠡᠷ᠎ᠡ ᠲᠦᠷᠦ ᠰᠠᠶᠢᠨ ᠪᠦᠭᠡ ︵ᠢᠳᠡᠰᠢ ᠠᠪᠬᠤ ᠪᠦᠭᠡ᠂ ᠬᠠᠯᠬ᠎ᠠ ᠳᠤ ᠪᠤᠰᠬᠠᠯᠲᠡ ᠭᠡᠲᠡᠭ︶ | ᠶᠢ ᠦᠩᠭᠡᠷᠡᠭᠰᠡᠨ ᠵᠢᠯ ᠤᠳ ᠤᠨ ᠬᠢᠷᠢ ᠪᠦᠲᠦᠮᠵᠢ ᠶᠢᠨ ᠡᠷᠡᠮᠪᠡ ᠪᠠᠷ ᠲᠤᠬᠢᠷᠠᠭᠤᠯᠵᠦ᠂ ᠲᠤᠤᠷᠡᠲᠦ ᠲᠡᠯ᠎ᠡ ᠳᠤ | ᠲᠦᠷᠪᠡᠨ ᠰᠢᠨ᠎ᠡ ᠪᠦᠭᠡ ᠪᠤᠶᠦ ᠪᠠᠷᠢᠯᠳᠤᠭᠠᠨ ᠳᠠᠭᠠᠨ ᠪᠠᠷᠤᠭᠲᠠᠢ ᠲᠦᠷᠪᠡᠨ ᠪᠦᠭᠡ ︵ᠢᠲᠡᠰᠢᠨ ᠳᠤ ᠤᠴᠢᠬᠤ ᠪᠦᠭᠡ︶ | ᠶᠢ ᠲᠤᠬᠢᠷᠠᠭᠤᠯᠵᠦ᠂ ᠪᠤᠰᠤᠳ ᠢ ᠨᠢ ᠪᠠᠷᠢᠯᠳᠤᠬᠤ ᠰᠠᠶᠢᠨ ᠮᠠᠭᠤ ᠪᠠᠷ ᠲᠡᠰ ᠲᠡᠷᠠᠭᠠᠯᠠᠨ ᠵᠢᠬᠰᠠᠭᠠᠵᠦ | ᠤᠨᠤᠭᠠᠲᠠᠭ᠃ | ᠨᠠᠶᠢᠷ ᠰᠡᠷᠭᠦᠭᠡᠬᠦ᠃ ᠡᠷᠲᠡ ᠳᠤ ᠪᠠᠷᠢᠯᠳᠤᠭᠠᠨ ᠡᠬᠢᠯᠡᠬᠦ ᠠᠴᠠ ᠡᠮᠦᠨ᠎ᠡ ᠨᠠᠷ᠎ᠡ ᠲᠦᠷᠦ ᠲᠠᠢ ᠲᠠᠷᠬᠠᠯᠠᠭᠳᠠᠭᠰᠡᠨ | ᠪᠦᠭᠡ ᠶᠢ ᠲᠡᠯᠠᠪᠦᠷ ᠲᠤ ᠤᠷᠢᠵᠦ᠂ ᠬᠡᠢ ᠲᠠᠪᠢᠭᠦᠯᠦᠨ ᠶᠤᠰᠤᠯᠠᠭᠤᠯᠤᠭᠠᠳ ᠱᠠᠩ ᠬᠡᠰᠢᠭ ᠭᠠᠷᠳᠠᠭᠤᠯᠤᠨ ᠨᠠᠶᠢᠷ | ᠰᠡᠷᠭᠦᠭᠡᠬᠦ ᠵᠠᠩᠰᠢᠯ ᠲᠠᠢ ᠪᠠᠶᠢᠵᠠᠢ᠃ | ᠪᠦᠭᠡ ᠲᠠᠯᠪᠢᠬᠤ᠃ ᠡᠭᠦᠨ ᠢ ᠪᠠᠰᠡ ᠪᠦᠭᠡ ᠭᠠᠷᠭᠠᠬᠤ ᠬᠡᠲᠡᠭ᠃ ᠪᠦᠭᠡ ᠲᠠᠯᠪᠢᠬᠤ ᠠᠴᠠ ᠡᠮᠦᠨ᠎ᠡ ᠪᠦᠭᠡ | ᠵᠠᠰᠠᠭᠴᠢ ᠶᠢᠨ ᠠᠵᠢᠯ ᠪᠡ ᠪᠦᠭᠡ ᠵᠤᠳᠤᠭᠯᠠᠬᠤ ᠶᠪᠤᠳᠠᠯ ᠪᠤᠢ᠃ ᠡᠭᠦᠨ ᠳᠤ ᠪᠦᠭᠡ ᠵᠠᠰᠠᠭᠴᠢ ᠶᠢᠨ ᠠᠵᠢᠯ ᠲᠤᠩ | ᠴᠢᠬᠤᠯᠡ ᠪᠠᠶᠢᠳᠠᠭ᠃ ᠪᠦᠭᠡ ᠵᠠᠰᠠᠭᠴᠢ ᠪᠤᠯ ᠨᠠᠶᠢᠷ ᠤᠨ ᠪᠦᠭᠡ ᠶᠢᠨ ᠨᠤᠭᠤᠯᠤᠭ᠎ᠠ ᠪᠠᠷᠢᠯᠳᠤᠭᠠᠨ ᠢ ᠵᠤᠬᠢᠶᠠᠨ | ᠪᠠᠶᠢᠭᠤᠯᠤᠭᠴᠢ ᠪᠤᠯᠬᠤ ᠪᠦᠭᠡᠳ ᠵᠡᠷᠢᠮ ᠨᠢ ᠪᠦᠭᠡ ᠶᠢᠨ ᠬᠢᠨᠠᠭᠴᠢ ᠶᠢᠨ ᠠᠵᠢᠯ ᠢ ᠬᠠᠪᠰᠤᠷᠭᠠᠨ ᠬᠦᠢᠴᠡᠳᠭᠡᠲᠡᠭ᠃ | ᠪᠦᠭᠡ ᠵᠠᠰᠠᠭᠴᠢ ᠶᠢᠨ ᠠᠵᠢᠯ ᠤᠨ ᠰᠠᠶᠢᠨ ᠮᠠᠭᠤ ᠨᠢ ᠨᠠᠶᠢᠷ ᠤᠨ ᠪᠠᠷᠢᠯᠳᠤᠭᠠᠨ ᠤ ᠠᠮᠵᠢᠯᠲᠡ ᠲᠠᠢ ᠶᠠᠪᠤᠭᠳᠠᠬᠤ ᠶᠢ | ᠰᠢᠭᠤᠳ ᠨᠦᠯᠦᠭᠡᠯᠡᠲᠡᠭ᠃ ᠡᠶᠢᠮᠦ ᠠᠴᠠ ᠵᠡᠭᠦᠨ ᠪᠠᠷᠠᠭᠤᠨ ᠬᠤᠶᠠᠷ ᠲᠡᠯ᠎ᠡ ᠳᠤ ᠲᠤᠰ ᠲᠤᠰ ᠭᠡᠲᠦ ᠭᠡᠲᠦᠨ ᠪᠦᠭᠡ | ᠵᠠᠰᠠᠭᠴᠢ ᠪᠠᠶᠢᠳᠠᠭ᠃ ᠪᠦᠭᠡ ᠵᠠᠰᠠᠭᠴᠢ ᠶᠢᠨ ᠪᠠᠰᠡ ᠨᠢᠭᠡ ᠴᠢᠬᠤᠯᠡ ᠡᠭᠦᠷᠭᠡ ᠪᠤᠯ ᠨᠦᠭᠦᠭᠡ ᠲᠡᠯ᠎ᠡ ᠶᠢᠨ ᠪᠦᠬᠡᠴᠤᠳ | ᠤᠨ ᠪᠠᠶᠢᠲᠡᠯ ᠢ ᠰᠠᠶᠢᠳᠤᠷ ᠤᠶᠢᠯᠠᠭᠠᠭᠰᠡᠨ ᠰᠠᠭᠤᠷᠢᠨ ᠲᠡᠭᠡᠷ᠎ᠡ ᠦᠪᠡᠷ ᠤᠨ ᠲᠡᠯ᠎ᠡ ᠶᠢᠨ ᠪᠦᠭᠡᠴᠤᠳ ᠤᠨ ᠢᠶᠠᠨ | ᠪᠠᠶᠢᠲᠡᠯ ᠢ ᠦᠨᠳᠦᠰᠦᠯᠡᠵᠦ᠂ ᠨᠦᠬᠦᠭᠡ ᠭᠠᠷ ᠤᠨ ᠪᠦᠭᠡᠴᠤᠳ ᠢ ᠬᠠᠶᠠᠵᠦ ᠲᠠᠶᠢᠯᠭᠦ ᠪᠠᠷ ᠵᠠᠰᠠᠵᠦ ᠲᠤᠬᠢᠷᠠᠭᠤᠯᠳᠠᠭ᠃ | ᠭᠡᠬᠦ ᠳᠡᠭᠡᠨ ᠪᠦᠭᠡ ᠶᠢᠨ ᠭᠠᠢ ᠶᠢ ᠵᠠᠪᠠᠯ ᠰᠠᠶᠢᠳᠤᠷ ᠬᠡᠷᠡᠭᠯᠡᠵᠦ ᠴᠢᠳᠠᠬᠤ ᠬᠡᠷᠡᠭᠲᠠᠢ᠃ ᠪᠦᠭᠡ ᠶᠢᠨ ᠭᠠᠢ ᠭᠡᠲᠡᠭ ᠨᠢ | ᠪᠠᠷᠢᠯᠳᠤᠭᠠᠨ ᠳᠤ ᠬᠢᠯᠪᠠᠷᠬᠠᠨ ᠤᠶᠢᠴᠢᠲᠠᠭ ᠦᠭᠡᠢ ᠮᠦᠷᠲᠡᠭᠡᠨ ᠡᠪ ᠲᠠᠭᠠᠷᠠᠪᠡᠯ ᠪᠠᠰᠡ ᠨᠡᠯᠢᠶᠠᠳ ᠨᠡᠷ᠎ᠡ ᠲᠦᠷᠦ ᠲᠠᠢ | ᠪᠦᠭᠡ ᠶᠢ ᠬᠡᠨᠡᠲᠡᠭᠦᠯᠦᠨ ᠬᠠᠶᠠᠴᠢᠬᠠᠲᠠᠭ ᠪᠦᠭᠡ ᠶᠢ ᠬᠡᠯᠡᠨ᠎ᠡ᠃ ᠬᠡᠪᠡᠴᠦ ᠡᠶᠢᠮᠦ ᠪᠦᠭᠡ ᠤᠯᠠᠩᠬᠢ ᠳᠠᠭᠠᠨ ᠨᠠᠶᠢᠷ | ᠨᠠᠭᠠᠳᠤᠮ ᠳᠤ ᠲᠡᠭᠡᠷ᠎ᠡ ᠦᠯᠡᠲᠡᠲᠡᠭ ᠦᠭᠡᠢ ᠪᠤᠯᠬᠤᠷ ᠪᠦᠭᠡ ᠵᠠᠰᠠᠭᠴᠢ ᠨᠦᠭᠦᠭᠡ ᠭᠠᠷ ᠤᠨ ᠰᠢᠯᠢᠲᠡᠭ ᠪᠦᠭᠡ ᠳᠤ | ᠵᠤᠷᠢᠭᠤᠲᠡ ᠪᠦᠭᠡ ᠶᠢᠨ ᠭᠠᠢ ᠶᠢ ᠲᠠᠭᠠᠷᠠᠭᠤᠯᠵᠦ᠂ ᠤᠴᠠᠷᠠᠭ᠎ᠠ ᠪᠠᠨ ᠬᠠᠶᠠᠵᠦ ᠲᠠᠶᠢᠯᠬᠦ ᠦᠭᠡᠢ ᠪᠤᠯᠪᠠᠴᠦ ᠤᠳᠠᠳᠠᠯᠡ | ᠵᠢᠭᠤᠷᠠᠯᠳᠤᠨ ᠨᠤᠴᠤᠯᠳᠤᠭᠤᠯᠵᠦ ᠬᠦᠴᠦ ᠲᠡᠩᠭᠡᠭᠡ ᠶᠢ ᠨᠢ ᠮᠤᠬᠤᠭᠤᠭᠠᠳ ᠲᠠᠷᠠᠭᠠᠴᠢ ᠶᠢᠨ ᠨᠤᠭᠤᠯᠤᠭᠠᠨ ᠳᠤ | ᠤᠴᠠᠷᠠᠬᠤ ᠪᠦᠭᠡ ᠳᠡᠭᠡᠨ ᠰᠠᠭᠤᠷᠢ ᠲᠠᠯᠪᠢᠵᠦ ᠦᠭᠲᠡᠭ᠃ | ᠪᠦᠭᠡ ᠵᠤᠳᠤᠭᠯᠠᠬᠤ᠃ ᠲᠡᠭᠡᠭᠦᠷ ᠵᠤᠭᠰᠤᠯᠲᠡ ᠲᠠᠢ ᠰᠠᠶᠢᠨ ᠪᠦᠭᠡ ᠶᠢᠨ ᠭᠠᠷᠤᠭ᠎ᠠ ᠳᠤ ᠲᠤᠰᠬᠠᠢ ᠶᠤᠰᠤ | ᠲᠦᠷᠢᠮ ᠲᠠᠢ ᠪᠠᠶᠢᠳᠠᠭ᠃ ᠲᠡᠳᠡ ᠦᠮᠦᠳᠦ ᠲᠤᠬᠤᠤ ᠪᠠᠨ ᠡᠮᠦᠰᠴᠦ᠂ ᠴᠢᠬᠢᠭᠡ ᠪᠠᠨ ᠲᠦᠷᠡᠢ ᠳᠤ ᠪᠠᠨ ᠴᠢᠬᠢᠵᠦ᠂ | ᠭᠤᠳᠤᠯ ᠢᠶᠠᠨ ᠬᠦᠯᠢᠵᠦ ᠪᠤᠭᠤᠭᠠᠳ ᠲᠡᠪᠡᠯ ᠢᠶᠠᠨ ᠨᠦᠮᠦᠷᠴᠦ᠂ ᠵᠤᠳᠤᠭ ᠢᠶᠠᠨ ᠡᠪᠤᠷ ᠲᠡᠭᠡᠷ᠎ᠡ ᠪᠠᠨ ᠲᠠᠯᠪᠢᠵᠦ᠂ | ᠤᠨᠤᠭ᠎ᠠ ᠪᠠᠨ ᠬᠦᠯᠢᠶᠠᠵᠦ ᠰᠠᠭᠤᠳᠠᠭ᠃ ᠪᠦᠭᠡ ᠵᠠᠰᠠᠭᠴᠢ ᠠᠴᠠ ᠤᠨᠤᠭ᠎ᠠ ᠶᠢᠨ ᠲᠡᠰ ᠲᠠᠷᠠᠭᠠᠯᠠᠯ ᠢ ᠤᠩᠰᠢᠵᠦ᠂ ᠬᠡᠨ | ᠤ ᠭᠠᠷᠤᠭ᠎ᠠ ᠪᠤᠯᠤᠮᠠᠭᠴᠡ ᠭᠡᠨ ᠵᠤᠳᠤᠭ ᠢᠶᠠᠨ ᠠᠪᠴᠦ ᠪᠤᠰᠤᠨ ᠵᠤᠭᠰᠤᠭᠠᠳ ᠤᠷᠤᠭᠰᠢ ᠭᠡᠲᠦ ᠠᠯᠬᠤᠬᠤ ᠵᠠᠭᠤᠷ᠎ᠡ | ᠪᠠᠨ ᠵᠤᠳᠤᠭ ᠤᠨ ᠢᠶᠠᠨ ᠬᠤᠶᠠᠷ ᠬᠠᠨᠴᠤᠢ ᠶᠢ ᠭᠠᠳᠠᠭᠰᠢ ᠬᠠᠨᠳᠤᠭᠤᠯᠤᠨ ᠲᠡᠭᠡᠭᠰᠢ ᠬᠦᠴᠦᠲᠠᠢ ᠲᠠᠯᠠᠨ ᠬᠤᠶᠠᠷ | ᠡᠪᠦᠳᠦᠭ ᠢᠶᠠᠨ ᠨᠢᠭᠡ ᠨᠢᠭᠡ ᠪᠠᠷ ᠡᠬᠡᠯᠵᠢᠯᠡᠨ ᠬᠦᠴᠦᠲᠡᠶᠢᠭᠡᠨ ᠰᠢᠪᠠᠭᠳᠠᠭᠠᠳ ᠪᠠᠷᠢᠭᠰᠡᠨ ᠬᠡᠪ ᠢᠶᠠᠷ ᠢᠶᠠᠨ ᠲᠤᠯᠤᠭᠠᠢ | ᠲᠡᠭᠡᠭᠦᠷ ᠢᠶᠠᠨ ᠡᠷᠭᠦᠵᠦ ᠵᠤᠳᠤᠭᠯᠠᠳᠠᠭ᠃ ᠵᠤᠳᠤᠭᠯᠠᠭᠰᠡᠨ ᠪᠦᠭᠡ ᠪᠦᠰᠡ᠂ ᠲᠡᠪᠡᠯ ᠢᠶᠠᠨ ᠠᠬᠠᠮᠠᠳ ᠪᠦᠭᠡ᠂ ᠲᠤᠳᠤᠨᠤ | ᠬᠦᠮᠦᠨ ᠳᠡᠭᠡᠨ ᠲᠤᠰᠢᠶᠠᠨ ᠦᠭᠲᠡᠭ᠃ ᠪᠦᠭᠡ ᠵᠠᠰᠠᠭᠴᠢ ᠠᠴᠠ ︽ᠪᠦᠭᠡ ᠪᠠᠨ ᠲᠠᠯᠪᠢᠭᠳᠤᠨ︕︾ ᠬᠡᠵᠦ ᠵᠠᠷᠯᠠᠮᠠᠭᠴᠡ | ᠠᠷᠦ ᠲᠡᠯ᠎ᠡ ᠠᠴᠠ ᠪᠦᠭᠡ ᠳᠤ ᠠᠪᠢᠶᠠᠰᠤᠲᠠᠢ ᠪᠦᠭᠡᠳ ᠪᠠᠭᠰᠢᠯᠠᠬᠤ ᠮᠠᠶ᠋ᠢᠭ ᠤᠨ ᠬᠤᠶᠠᠷ ᠬᠦᠮᠦᠨ ᠢᠳᠡᠪᠬᠢᠲᠠᠢ | ᠭᠠᠷᠴᠦ ᠢᠷᠡᠭᠡᠳ ᠭᠠᠷᠬᠤ ᠪᠦᠭᠡ ᠶᠢᠨ ᠬᠤᠶᠠᠷ ᠲᠡᠯ᠎ᠡ ᠪᠠᠷ ᠲᠤᠯᠭᠠᠭᠤᠷᠢ ᠪᠤᠯᠤᠨ ᠵᠤᠭᠰᠤᠬᠤ ᠳᠤ ᠭᠠᠷᠬᠤ ᠪᠦᠭᠡ | ᠬᠤᠶᠠᠷ ᠭᠠᠷ ᠢᠶᠠᠷ ᠢᠶᠠᠨ ᠬᠤᠶᠠᠷ ᠲᠡᠯ᠎ᠡ ᠶᠢᠨ ᠬᠦᠮᠦᠨ ᠤ ᠮᠦᠷᠦ ᠲᠡᠭᠡᠷ᠎ᠡ ᠲᠠᠯᠪᠢᠨ᠎ᠡ᠃ ᠡᠨᠡ ᠦᠶ᠎ᠡ ᠳᠤ ᠬᠤᠶᠠᠷ | ᠲᠡᠯ᠎ᠡ ᠶᠢᠨ ᠬᠦᠮᠦᠨ ᠨᠦᠬᠦᠭᠡ ᠡᠲᠡᠭᠡᠳ ᠠᠴᠠ ᠭᠠᠷᠬᠤ ᠪᠦᠭᠡ ᠶᠢᠨ ᠪᠠᠶᠢᠲᠡᠯ ᠢ ᠲᠠᠨᠢᠯᠴᠠᠭᠤᠯᠬᠤ ᠶᠢᠨ ᠬᠠᠮᠲᠦ | ᠪᠠᠷᠢᠯᠳᠤᠬᠤ ᠠᠷᠭ᠎ᠠ ᠮᠡᠭᠡ ᠶᠢ ᠵᠢᠭᠠᠨ ᠰᠤᠷᠭᠠᠳᠠᠭ᠃ ︽ᠪᠦᠭᠡ ᠪᠠᠨ ᠲᠠᠯᠪᠢ᠂ ᠲᠠᠯᠪᠢ᠂ ᠲᠠᠯᠪᠢ︕︾ ᠬᠡᠭᠦ ᠤᠷᠢᠶ᠎ᠡ | ᠲᠠᠭᠤᠨ ᠭᠠᠷᠤᠩᠭᠤᠲᠡ ᠭᠠᠷᠬᠤ ᠭᠡᠵᠦ ᠲᠡᠰᠴᠦ ᠶᠠᠳᠠᠨ ᠬᠦᠯᠢᠶᠠᠨ ᠪᠠᠶᠢᠭ᠎ᠠ ᠪᠦᠭᠡ ᠬᠤᠶᠡᠷ ᠲᠡᠯ᠎ᠡ ᠶᠢᠨ ᠬᠦᠮᠦᠨ ᠤ | ᠮᠦᠷᠦ ᠶᠢ ᠲᠤᠯᠵᠦ᠂ ᠤᠷᠤᠨ ᠳᠠᠭᠠᠨ ᠭᠤᠷᠪᠠᠨᠲᠡ ᠦᠰᠦᠷᠴᠦ ᠬᠦᠴᠦᠯᠡᠨ ᠲᠡᠪᠰᠡᠭᠡᠳ ᠬᠤᠷᠢᠭᠤᠯ ᠠᠴᠠ ᠭᠠᠷᠤᠭᠰᠡᠨ | ᠠᠷᠰᠯᠠᠨ ᠪᠠᠷᠰ ᠰᠢᠭ ᠮᠠᠬᠰᠢᠬᠤ ᠪᠤᠶᠦ ᠬᠠᠷᠴᠠᠭᠠᠢ ᠪᠦᠷᠭᠦᠳ ᠮᠡᠲᠦ ᠲᠠᠪᠢᠵᠦ ᠭᠠᠷᠲᠠᠭ᠃ | ᠲᠠᠪᠢᠵᠦ ᠮᠠᠭᠰᠢᠬᠤ᠃ ᠪᠦᠭᠡᠴᠤᠳ ᠪᠠᠷᠢᠯᠳᠤᠬᠤ ᠳᠤ ᠲᠠᠯᠠᠪᠦᠷ ᠲᠤ ᠭᠠᠷᠬᠤ ᠪᠡ ᠪᠠᠷᠢᠯᠳᠤᠭᠠᠨ ᠲᠡᠭᠦᠰᠴᠦ | ᠲᠠᠯᠠᠪᠦᠷ ᠠᠴᠠ ᠪᠠᠭᠤᠬᠤ ᠳᠠᠭᠠᠨ ᠴᠦᠮ ᠲᠡᠪᠢᠵᠦ ᠮᠠᠬᠰᠢᠲᠠᠭ᠃ ᠲᠡᠪᠢᠵᠦ ᠮᠠᠬᠰᠢᠬᠤ ᠨᠢ ᠪᠦᠭᠡᠴᠤᠳ ᠰᠦᠷ | ᠵᠢᠪᠬᠤᠭ᠎ᠠ᠂ ᠬᠦᠴᠦᠨ ᠴᠢᠲᠡᠯ ᠢᠶᠠᠨ ᠭᠠᠶᠢᠬᠠᠭᠤᠯᠤᠨ ᠤᠴᠠᠷᠠᠭ᠎ᠠ ᠪᠠᠨ ᠰᠦᠷᠲᠡᠭᠦᠯᠬᠦ ᠶᠢᠨ ᠬᠠᠮᠲᠦ ᠴᠢᠯᠡᠭᠡ ᠪᠠᠨ | ᠭᠠᠷᠭᠠᠵᠦ᠂ ᠪᠡᠶ᠎ᠡ ᠪᠠᠨ ᠬᠠᠮᠠᠭᠠᠯᠠᠬᠤ ᠦᠢᠯᠡᠳᠤᠯ ᠲᠠᠢ ᠪᠠᠶᠢᠳᠠᠭ᠃ ᠲᠠᠯᠠᠪᠦᠷ ᠲᠤ ᠭᠠᠷᠤᠭᠰᠡᠨ ᠪᠦᠭᠡ ᠦᠪᠡᠷ ᠤᠨ | ᠰᠤᠷᠤᠭᠰᠡᠨ ᠲᠠᠪᠢᠯᠲᠡ ᠪᠠᠷ ᠢᠶᠠᠨ ᠲᠡᠪᠢᠵᠦ ᠪᠠᠷᠠᠭᠰᠡᠨ ᠤ ᠲᠠᠷᠠᠭ᠎ᠠ᠂ ᠪᠠᠷᠢᠯᠳᠤᠬᠤ ᠲᠠᠯᠠᠪᠦᠷ ᠲᠠᠭᠠᠨ ᠨᠠᠷᠡᠨ ᠡᠷᠬᠢᠯᠲᠡ | ᠪᠠᠷ ᠠᠭᠠᠵᠢᠮᠬᠠᠨ ᠭᠤᠷᠪᠡ ᠲᠤᠭᠤᠷᠢᠨ ᠡᠷᠬᠢᠭᠡᠳ ᠪᠠᠷᠠᠭᠤᠨ ᠭᠠᠷ ᠤᠨ ᠡᠷᠡᠭᠡᠢ ᠬᠤᠷᠤᠭᠤ ᠪᠠᠨ ᠲᠤᠯᠢᠶᠠᠵᠦ᠂ | ᠠᠶᠤᠤᠯᠢᠬᠠᠢ ᠵᠢᠷᠦᠭᠡ ᠪᠠᠨ ᠢᠯᠪᠢᠵᠦ᠂ ᠬᠤᠶᠠᠷ ᠬᠦᠯ ᠤᠨ ᠭᠤᠳᠤᠯ ᠤᠨ ᠤᠯᠡ ᠪᠠᠨ ᠡᠬᠡᠯᠵᠢᠯᠡᠨ ᠢᠯᠪᠢᠲᠡᠭ᠃ ᠵᠠᠷᠢᠮ | ᠰᠦᠰᠦᠭ ᠲᠠᠢ ᠪᠦᠭᠡᠴᠤᠳ ᠬᠤᠶᠠᠷ ᠭᠠᠷ ᠢᠶᠠᠨ ᠨᠠᠮᠠᠨᠴᠢᠯᠠᠨ ᠠᠭᠤᠯᠡ ᠤᠪᠤᠭᠠᠨ ᠤ ᠡᠵᠡᠳ ᠰᠡᠬᠢᠭᠤᠯᠰᠤᠨ ᠳᠤ | ᠵᠠᠯᠪᠠᠷᠢᠵᠦ ᠠᠷᠭ᠎ᠠ ᠮᠡᠭᠡ᠂ ᠬᠦᠴᠦᠨ ᠴᠢᠲᠡᠯ ᠢᠪᠡᠭᠡᠬᠦ ᠶᠢ ᠲᠠᠭᠠᠳᠬᠠᠳᠠᠭ᠃ ᠵᠠᠷᠢᠮ ᠨᠢ ᠬᠤᠶᠠᠷ ᠭᠤᠶ᠎ᠡ ᠪᠠᠨ | ᠬᠦᠴᠦᠲᠠᠢ ᠠᠯᠠᠭᠠᠳᠠᠬᠤ ᠴᠦ ᠪᠤᠢ᠃ | ᠪᠠᠷᠢᠯᠳᠤᠬᠤ᠃ ᠪᠠᠷᠢᠯᠳᠤᠭᠠᠨ ᠤ ᠲᠦᠷᠢᠮ ᠢ ᠵᠦᠷᠢᠴᠡᠬᠦ ᠦᠭᠡᠢ ᠨᠦᠬᠦᠴᠡᠯ ᠲᠤᠤᠷ᠎ᠡ ᠬᠦᠴᠦᠨ ᠴᠢᠲᠡᠯ᠂ ᠤᠷ᠎ᠡ | ᠮᠡᠭᠡ᠂ ᠠᠷᠭ᠎ᠠ ᠰᠠᠮᠪᠠᠭ᠎ᠠ ᠪᠠᠨ ᠬᠦᠢᠴᠡᠳ ᠠᠰᠢᠭᠯᠠᠵᠦ ᠤᠴᠠᠷᠠᠭ᠎ᠠ ᠪᠠᠨ ᠭᠠᠵᠠᠷᠲᠠᠭᠤᠯᠬᠤ ᠪᠠᠷ ᠬᠢᠲᠡᠭ ᠦᠢᠯᠡ ᠶᠢᠨ | ᠶᠠᠪᠤᠴᠡ ᠶᠢ ᠪᠠᠷᠢᠯᠳᠤᠬᠤ ᠬᠡᠨ᠎ᠡ᠃ ᠪᠠᠷᠢᠯᠳᠤᠬᠤ ᠪᠤᠯ ᠪᠠᠷᠢᠯᠳᠤᠭᠠᠨ ᠤ ᠪᠦᠲᠦᠴᠡ ᠶᠢᠨ ᠭᠤᠤᠯ ᠱᠠᠲᠦ ᠪᠤᠯᠤᠨ᠎ᠡ᠃ | ᠪᠠᠷᠢᠯᠳᠤᠵᠦ ᠪᠠᠶᠢᠭ᠎ᠠ ᠬᠤᠶᠠᠷ ᠪᠦᠭᠡ ᠶᠢᠨ ᠬᠠᠶᠠᠵᠦ ᠬᠠᠶᠠᠭᠳᠠᠬᠤ᠂ ᠲᠠᠶᠢᠯᠵᠦ ᠲᠡᠶᠢᠯᠦᠭᠲᠡᠬᠦ ᠨᠢ ᠡᠨᠡ ᠱᠠᠳᠤᠨ ᠳᠤ | ᠢᠯᠭᠠᠷᠠᠳᠠᠭ᠃ | ᠪᠦᠭᠡ ᠲᠠᠷᠬᠠᠯᠠᠬᠤ᠃ ᠦᠪᠦᠷ ᠮᠤᠩᠭᠤᠯ ᠳᠤ ᠤᠯᠠᠨ ᠵᠢᠯ ᠭᠠᠷᠮᠠᠭᠠᠢ ᠰᠠᠶᠢᠨ ᠪᠠᠷᠢᠯᠳᠤᠬᠤ ᠨᠡᠷ᠎ᠡ ᠠᠯᠲᠠᠷᠰᠢᠭᠰᠡᠨ | ᠪᠦᠭᠡ ᠨᠠᠰᠤᠨ ᠰᠡᠭᠦᠲᠡᠷ ᠦᠨᠳᠦᠷ ᠪᠤᠯᠵᠦ᠂ ᠪᠠᠷᠢᠯᠳᠤᠬᠤ ᠬᠦᠴᠦ ᠲᠡᠩᠭᠡᠭᠡ ᠬᠠᠷᠢᠵᠦ ᠪᠠᠭᠤᠷᠠᠬᠤ ᠦᠶ᠎ᠡ ᠳᠤ ᠡᠴᠤᠰ | ᠤᠨ ᠤᠳᠠᠭ᠎ᠠ ᠨᠠᠶᠢᠷ ᠨᠠᠭᠠᠳᠤᠮ ᠳᠤ ᠪᠠᠷᠢᠯᠳᠤᠭᠤᠯᠵᠦ᠂ ᠠᠶᠢᠮᠠᠭ ᠪᠤᠶᠦ ᠬᠤᠰᠢᠭᠤᠨ ᠵᠠᠰᠠᠭ ᠠᠴᠠ ᠲᠡᠭᠦᠨ ᠤ ᠤᠯᠠᠨ | ᠵᠢᠯ ᠤᠨ ᠲᠤᠷᠰᠢ ᠬᠠᠷᠢᠯᠲᠡ ᠦᠭᠡᠢ ᠪᠠᠷᠢᠯᠳᠣᠭᠰᠡᠨ ᠬᠠᠴᠢᠨ ᠰᠤᠨᠢᠨ ᠪᠠᠶᠢᠲᠡᠯ ᠪᠡ ᠪᠦᠭᠡ ᠶᠢᠨ ᠪᠠᠷᠢᠯᠳᠤᠭᠠᠨ ᠤ | ᠬᠦᠭᠵᠢᠯᠲᠡ ᠳᠤ ᠦᠵᠡᠭᠦᠯᠦᠭᠰᠡᠨ ᠭᠠᠪᠢᠶ᠎ᠡ ᠵᠢᠳᠭᠦᠯ ᠢ ᠨᠢ ᠤᠯᠠᠨ ᠤ ᠡᠮᠦᠨ᠎ᠡ ᠮᠠᠭᠳᠠᠨ ᠰᠠᠶᠢᠰᠢᠶᠠᠵᠦ᠂ ︽ᠲᠠᠷᠬᠠᠨ | ᠪᠦᠭᠡ︾ ᠭᠡᠵᠦ ᠴᠤᠯᠠᠯᠠᠬᠤ ᠶᠢᠨ ᠲᠠᠭᠠᠦ ᠬᠦᠨᠲᠦ ᠪᠠᠷ ᠱᠠᠩᠨᠠᠳᠠᠭ᠂ ᠡᠭᠦᠨ ᠢ ᠪᠦᠭᠡ ᠲᠠᠷᠬᠠᠯᠠᠬᠤ ᠭᠡᠲᠡᠭ᠃ | ᠲᠠᠷᠬᠠᠯᠠᠭᠳᠠᠭᠰᠡᠨ ᠪᠦᠭᠡ ᠲᠡᠷᠡ ᠲᠤᠤᠷ᠎ᠡ ᠪᠠᠨ ᠡᠮᠦᠰᠭᠡᠯ ᠢᠶᠠᠨ ᠲᠠᠶᠢᠯᠵᠦ᠂ ᠦᠪᠡᠷ ᠤᠨ ᠬᠦᠦ ᠪᠤᠶᠦ ᠲᠦᠷᠦᠯ᠂ ᠱᠠᠪᠢ᠂ | ᠡᠰᠡᠭᠦᠯ᠎ᠡ ᠬᠠᠮᠤᠭ ᠤᠨ ᠲᠤᠭᠤᠭᠰᠡᠨ ᠢᠲᠡᠷ ᠵᠠᠯᠠᠭᠤ ᠪᠦᠭᠡ ᠳᠤ ︽ᠪᠦᠭᠡ ᠶᠢᠨ ᠪᠠᠷᠢᠯᠳᠤᠭᠠᠨ ᠢ ᠨᠡᠩ ᠴᠢᠨᠠᠭᠰᠢᠲᠡ | ᠬᠦᠭᠵᠢᠭᠦᠯᠵᠦ᠂ ᠤᠯᠠᠮ ᠰᠠᠶᠢᠨ ᠪᠠᠷᠢᠯᠳᠤᠬᠤ ᠪᠤᠯᠳᠤᠭᠠᠢ︕︾ ᠭᠡᠵᠦ ᠢᠷᠦᠭᠡᠭᠡᠳ ᠲᠤᠷᠠᠰᠬᠠᠯ ᠪᠤᠯᠭᠠᠨ ᠪᠡᠯᠭᠡᠯᠡᠭᠦ ᠳᠤ᠂ | ᠬᠦᠯᠢᠶᠠᠨ ᠠᠪᠬᠤ ᠪᠦᠭᠡ ᠨᠢᠭᠡ ᠬᠦᠯ ᠲᠡᠭᠡᠷ᠎ᠡ ᠪᠠᠨ ᠴᠤᠮᠴᠤᠶᠢᠨ ᠰᠠᠭᠤᠵᠦ᠂ ᠬᠤᠶᠠᠷ ᠭᠠᠷ ᠢᠶᠠᠨ ᠲᠤᠯᠤᠭᠠᠢ ᠲᠡᠭᠡᠷ᠎ᠡ | ᠪᠠᠨ ᠡᠷᠭᠦᠨ ︽ᠢᠷᠦᠭᠡᠯ ᠰᠢᠩᠭᠡᠬᠦ ᠪᠤᠯᠳᠤᠭᠠᠢ︕︾ ᠬᠡᠵᠦ ᠬᠦᠯᠢᠶᠠᠨ ᠠᠪᠳᠠᠭ ᠵᠠᠩᠰᠢᠯ ᠲᠠᠢ ᠪᠠᠶᠢᠲᠠᠭ᠃ | ᠪᠦᠭᠡ ᠶᠢᠨ ᠪᠠᠷᠢᠯᠳᠤᠭᠠᠨ ᠮᠤᠩᠭᠤᠯ ᠦᠨᠳᠦᠰᠦᠲᠡᠨ ᠤ ᠤᠯᠠᠮᠵᠢᠯᠠᠯᠲᠦ ᠨᠠᠭᠠᠳᠤᠮ ᠤᠨ ᠭᠤᠤᠯ ᠬᠡᠯᠪᠡᠷᠢ | ᠪᠤᠯᠤᠭᠰᠡᠨ ᠤ ᠬᠤᠪᠢ ᠳᠤ᠂ ᠮᠤᠩᠭᠤᠯᠴᠤᠳ ᠤᠨ ᠤᠬᠠᠮᠰᠠᠷ ᠲᠠᠨᠢᠯᠲᠡ᠂ ᠦᠵᠡᠯ ᠰᠡᠳᠬᠢᠯᠭᠡ᠂ ᠭᠤᠸ᠎ᠠ ᠲᠠᠭᠠᠰᠢᠶᠠᠯ᠂ | ᠵᠠᠩ ᠵᠠᠩᠰᠢᠯ ᠢ ᠤᠯᠠᠨ ᠲᠡᠯ᠎ᠡ ᠪᠠᠷ ᠲᠤᠰᠬᠠᠵᠦ᠂ ᠮᠤᠩᠭᠤᠯ ᠰᠤᠶᠤᠯ ᠤᠨ ᠬᠤᠷᠠᠮᠳᠤᠯ ᠲᠤᠨᠤᠳᠠᠰᠦ ᠶᠢᠨ ᠴᠢᠬᠤᠯᠡ | ᠬᠡᠰᠡᠭ ᠪᠤᠯᠤᠭᠰᠡᠨ ᠪᠠᠶᠢᠨ᠎ᠡ᠃ |