11 ᠰᠠᠷ᠎ᠠ ᠶᠢᠨ 15 ᠤ ᠡᠳᠦᠷ᠂ ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ ᠶᠢᠨ | ᠨᠠᠮ ᠤᠨ ᠤᠳᠤᠷᠢᠳᠬᠤ ᠳᠤᠭᠤᠶᠢᠯᠠᠩ ᠤᠨ ᠭᠡᠰᠢᠭᠦᠨ᠂ ᠳᠡᠳ᠋ ᠲᠣᠪᠴᠢᠶᠠᠨ ᠳᠠᠷᠤᠭ᠎ᠠ ᠯᠢ ᡁᠢ ᠶᠸᠦ ᠸᠢᠳᠢᠤ᠋ ᠬᠤᠷᠠᠯ ᠢ | ᠡᠷᠭᠢᠯᠡᠨ ᠬᠤᠷᠠᠯᠳᠤᠭᠤᠯᠵᠤ᠂ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ | ᠪᠡᠶ᠎ᠡ ᠶᠢᠨ ᠲᠠᠮᠢᠷ ᠤᠨ ᠴᠤᠭᠯᠠᠭᠠᠨ ᠪᠠ ᠮᠢᠯᠠᠨ ᠤ ᠡᠪᠦᠯ ᠤᠨ ᠤᠯᠠᠷᠢᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠳᠤ | ᠪᠡᠯᠡᠳᠬᠡᠬᠦ ᠳᠠᠶᠢᠴᠢᠯᠠᠯᠲᠠ ᠶᠢᠨ ᠶᠡᠭᠡ ᠬᠤᠷᠠᠯ ᠤᠨ ᠬᠠᠮᠶᠠ ᠪᠦᠬᠦᠢ ᠠᠵᠢᠯ ᠤᠨ ᠬᠠᠷᠢᠭᠤ ᠮᠡᠳᠡᠬᠦᠯᠦᠯᠳᠡ ᠶᠢ | ᠰᠤᠨᠤᠰᠪᠠ᠃ | ᠯᠢ ᡁᠢ ᠶᠸᠦ ᠠᠴᠠ᠂ ᠣᠳᠣᠬᠠᠨ ᠳᠤ ᠤᠷᠤᠯᠳᠤᠭᠠᠨ ᠳᠤ ᠣᠷᠤᠯᠴᠠᠬᠤ ᠥᠷᠢᠰᠦᠯᠳᠦᠭᠡᠨ ᠬᠤᠷᠴᠠ ᠰᠢᠷᠦᠭᠦᠨ | ᠪᠠᠶᠢᠵᠤ᠂ ᠴᠠᠭ ᠪᠠᠴᠢᠮ᠂ ᠡᠭᠦᠷᠭᠡ ᠬᠦᠨᠳᠦ ᠪᠠᠶᠢᠨ᠎ᠠ᠃ ᠡᠯ᠎ᠡ ᠪᠣᠯᠪᠠᠰᠤᠷᠠᠯ ᠤᠨ ᠨᠢᠭᠡᠴᠢ ᠨᠦᠭᠦᠳ ᠦᠵᠡᠯ | ᠰᠠᠨᠠᠭ᠎ᠠ ᠪᠠᠨ ᠤᠯᠠᠮ ᠨᠢᠭᠡ ᠠᠯᠬᠤᠮ ᠴᠢᠯᠦᠭᠡᠯᠡᠵᠦ᠂ ᠦᠵᠡᠯᠲᠡ ᠪᠠᠨ ᠰᠢᠨᠡᠳᠬᠡᠵᠦ᠂ ᠰᠢᠨ᠎ᠡ ᠶᠢ ᠡᠭᠦᠳᠴᠦ᠂ | ᠤᠷᠤᠯᠳᠤᠭᠠᠨ ᠳᠤ ᠣᠷᠤᠯᠴᠠᠬᠤ ᠪᠠᠶᠢᠳᠠᠯ ᠢ ᠨᠡᠩ ᠤᠨᠤᠪᠴᠢᠳᠠᠢ ᠮᠠᠭᠠᠳᠯᠠᠵᠤ᠂ ᠤᠷᠤᠯᠳᠤᠭᠠᠨ ᠳᠤ ᠣᠷᠤᠯᠴᠠᠬᠤ | ᠬᠦᠴᠢᠷ ᠠᠰᠠᠭᠤᠳᠠᠯ ᠢ ᠨᠡᠩ ᠪᠤᠳᠤᠯᠢᠶᠠᠨᠲᠠᠢ ᠵᠢᠱᠢᠵᠦ᠂ ᠲᠤᠷᠰᠢᠯᠭ᠎ᠠ ᠰᠤᠷᠭᠠᠮᠵᠢ ᠪᠠᠨ ᠭᠦᠨᠵᠡᠭᠡᠢ ᠳ᠋ᠦᠩᠨᠡᠵᠦ᠂ | ᠪᠠᠭᠤᠷᠠᠢ ᠲᠠᠯ᠎ᠠ ᠪᠠᠨ ᠡᠷᠢᠵᠦ ᠰᠠᠶᠢᠵᠢᠷᠠᠭᠤᠯᠬᠤ ᠠᠴᠠ ᠭᠠᠷᠳᠠᠨ᠂ ᠤᠷᠤᠯᠳᠤᠭᠠᠨ ᠤ ᠵᠢᠮ᠎ᠡ ᠶᠣᠰᠣᠨ ᠤ ᠲᠤᠬᠠᠢ ᠲᠠᠬᠢᠨ | ᠲᠠᠨᠢᠯᠲᠠ ᠪᠠᠨ ᠭᠦᠨᠵᠡᠭᠡᠶᠢᠷᠡᠭᠦᠯᠬᠦ ᠬᠡᠷᠡᠭᠲᠡᠢ᠃ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ | ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠳᠤ ᠣᠷᠣᠯᠴᠠᠵᠤ ᠠᠮᠵᠢᠯᠲᠠ ᠪᠦᠲᠦᠮᠵᠢ ᠭᠠᠷᠭᠠᠬᠤ ᠪᠠᠷ ᠴᠢᠷᠮᠠᠶᠢᠵᠤ᠂ | ᠨᠡᠩ ᠤᠯᠠᠨ ᠲᠠᠮᠢᠷᠴᠢᠨ ᠢ ᠤᠯᠤᠰ ᠤᠨ ᠪᠠᠭ ᠲᠤ ᠤᠷᠤᠭᠤᠯᠬᠤ ᠪᠠᠷ ᠴᠢᠷᠮᠠᠶᠢᠬᠤ ᠬᠡᠷᠡᠭᠳᠡᠢ ᠭᠡᠵᠦ ᠱᠠᠭᠠᠷᠳᠠᠪᠠ᠃ | ᠯᠢ ᡁᠢ ᠶᠸᠦ ᠠᠴᠠ ᠬᠥᠭᠡᠷᠦᠭᠦᠯᠬᠦ ᠡᠮ ᠢ ᠡᠰᠡᠷᠭᠦᠴᠡᠬᠦ ᠠᠵᠢᠯ ᠢ ᠵᠠᠪᠠᠯ ᠲᠡᠷᠢᠭᠦᠨ ᠴᠢᠬᠤᠯᠠ ᠡᠭᠦᠷᠭᠡ | ᠪᠣᠯᠭᠠᠨ ᠠᠳᠬᠤᠵᠤ᠂ ᠬᠥᠭᠡᠷᠦᠭᠦᠯᠬᠦ ᠡᠮ ᠢ ᠡᠰᠡᠷᠭᠦᠴᠡᠬᠦ ᠲᠥᠪ ᠤᠨ ᠬᠢᠨ ᠠᠷᠪᠠᠨ ᠳᠥᠷᠪᠡᠳᠦᠭᠡᠷ ᠬᠤᠭᠤᠴᠠᠭᠠᠨ ᠤ | ᠪᠥᠬᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ ᠲᠠᠮᠢᠷ ᠤᠨ ᠴᠤᠭᠯᠠᠭᠠᠨ ᠤ ᠬᠤᠭᠤᠴᠠᠭᠠᠨ ᠳᠠᠬᠢ | ᠤᠷᠤᠯᠳᠤᠭᠠᠨ ᠤ ᠰᠤᠷᠲᠠᠯ ᠤᠷᠤᠯᠳᠤᠭᠠᠨ ᠤ ᠰᠠᠬᠢᠯᠭ᠎ᠠ ᠪᠠᠲᠤ᠂ ᠬᠥᠭᠡᠷᠦᠭᠦᠯᠬᠦ ᠡᠮ ᠢ ᠡᠰᠡᠷᠭᠦᠴᠡᠬᠦ ᠠᠵᠢᠯ ᠤᠨ | ᠪᠠᠶᠢᠷᠢᠯᠠᠭᠤᠯᠤᠯᠲᠠ ᠲᠣᠬᠢᠷᠠᠭᠤᠯᠤᠯᠲᠠ ᠶᠢ ᠰᠠᠶᠢᠲᠤᠷ ᠬᠢᠵᠦ᠂ ᠬᠥᠭᠡᠷᠦᠭᠦᠯᠬᠦ ᠡᠮ ᠤᠨ ᠲᠣᠭᠲᠠᠭᠠᠯ ᠠᠴᠠ | ᠵᠥᠷᠢᠴᠡᠭᠰᠡᠨ ᠠᠰᠠᠭᠤᠳᠠᠯ ᠡᠭᠦᠰᠬᠦ ᠶᠢ ᠡᠷᠡᠰ ᠢᠶᠠᠷ ᠬᠤᠷᠢᠭᠯᠠᠵᠤ᠂ ᠤᠷᠤᠯᠳᠤᠭᠠᠨ ᠤ ᠬᠢᠷᠢ ᠪᠦᠲᠦᠮᠵᠢ ᠪᠣᠯᠣᠨ | ᠣᠶᠤᠨ ᠤ ᠪᠣᠯᠪᠠᠰᠤᠨ ᠤ ᠬᠤᠣᠰ ᠡᠯᠪᠡᠭ ᠬᠤᠷᠢᠶᠠᠯᠲᠠ ᠶᠢ ᠪᠡᠶᠡᠯᠡᠭᠦᠯᠬᠦ ᠬᠡᠷᠡᠭᠲᠡᠢ ᠭᠡᠵᠦ ᠴᠢᠬᠤᠯᠠᠴᠢᠯᠠᠪᠠ᠃ | ᠬᠤᠷᠠᠯ ᠠᠴᠠ ᠠᠷᠪᠠᠨ ᠳᠥᠷᠪᠡᠳᠦᠭᠡᠷ ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠪᠡᠶ᠎ᠡ ᠶᠢᠨ | ᠲᠠᠮᠢᠷ ᠤᠨ ᠴᠤᠭᠯᠠᠭᠠᠨ ᠪᠠ ᠮᠢᠯᠠᠨ ᠤ ᠡᠪᠦᠯ ᠤᠨ ᠤᠯᠠᠷᠢᠯ ᠤᠨ ᠣᠯᠢᠮᠫᠢᠺ ᠤᠨ ᠪᠡᠶ᠎ᠡ ᠶᠢᠨ ᠲᠠᠮᠢᠷ ᠤᠨ ᠴᠤᠭᠯᠠᠭᠠᠨ ᠳᠤ | ᠪᠡᠯᠡᠳᠬᠡᠬᠦ ᠳᠠᠶᠢᠴᠢᠯᠠᠯᠲᠠ ᠶᠢᠨ ᠶᠡᠭᠡ ᠬᠤᠷᠠᠯ ᠢ ᠸᠢᠳᠢᠤ᠋ ᠬᠤᠷᠠᠯ ᠤᠨ ᠬᠡᠯᠪᠡᠷᠢ ᠪᠠᠷ ᠬᠤᠷᠠᠯᠳᠤᠬᠤ ᠪᠠᠷ ᠲᠤᠭᠳᠠᠪᠠ᠃ |