10 ᠰᠠᠷ᠎ᠠ ᠶᠢᠨ 31 ᠤ ᠡᠳᠦᠷ ᠠᠴᠠ 11 ᠰᠠᠷ᠎ᠠ ᠶᠢᠨ 2 ᠤᠨ ᠡᠳᠦᠷ ᠪᠣᠯᠲᠠᠯ᠎ᠠ᠂ ᠪᠥᠬᠦ ᠤᠯᠤᠰ ᠤᠨ ᠰᠤᠷ | ᠬᠠᠷᠪᠤᠯᠲᠠ ᠶᠢᠨ ᠰᠢᠢᠳᠪᠦᠷᠢᠲᠦ ᠤᠷᠤᠯᠳᠤᠭᠠᠨ ᠵᠧᠵᠢᠶᠠᠩ ᠤᠨ ᠬᠤ᠋ ᠵᠸᠦ ᠳᠤ ᠶᠠᠪᠤᠭᠳᠠᠪᠠ᠂ ᠲᠣᠰ ᠤᠳᠠᠭᠠᠨ ᠤ | ᠤᠷᠤᠯᠳᠤᠭᠠᠨ ᠳᠤ 2022 ᠣᠨ ᠤ ᠪᠥᠬᠦ ᠤᠯᠤᠰ ᠤᠨ ᠬᠤᠪᠢᠶᠠᠷᠢ ᠥᠷᠲᠡᠭᠡᠨ ᠤ ᠤᠷᠤᠯᠳᠤᠭᠠᠨ ᠳᠤ ᠣᠷᠤᠯᠴᠠᠬᠤ | ᠪᠠ ᠬᠤᠪᠢ ᠬᠤᠷᠠᠮᠳᠤᠭᠤᠯᠬᠤ ᠠᠷᠭ᠎ᠠ ᠪᠠᠷ ᠤᠯᠤᠰ ᠤᠨ ᠪᠠᠭ ᠤᠨ ᠲᠠᠮᠢᠷᠴᠢᠳ ᠰᠢᠭᠤᠳ ᠰᠣᠩᠭᠤᠭᠳᠠᠨ ᠣᠷᠣᠵᠤ᠂ | ᠨᠡᠶᠢᠯᠡᠮᠡᠯ ᠨᠤᠮᠤ ᠶᠢᠨ ᠤᠷᠤᠯᠳᠤᠭᠠᠨ ᠳᠤ 2022 ᠣᠨ ᠤ ᠪᠥᠬᠦ ᠤᠯᠤᠰ ᠤᠨ ᠰᠤᠷ ᠬᠠᠷᠪᠤᠯᠲᠠ ᠶᠢᠨ ᠣᠯᠢᠮᠫᠢᠺ ᠤᠨ | ᠮᠠᠩᠯᠠᠢ ᠰᠢᠯᠭᠠᠷᠠᠭᠤᠯᠬᠤ ᠤᠷᠤᠯᠳᠤᠭᠠᠨ ᠤ ᠬᠢᠷᠢ ᠪᠦᠲᠦᠮᠵᠢ ᠪᠠᠷ ᠬᠤᠪᠢ ᠬᠤᠷᠠᠮᠳᠤᠭᠤᠯᠵᠤ᠂ ᠬᠤᠪᠢ ᠬᠥᠮᠥᠨ ᠤ | ᠶᠡᠷᠦᠩᠬᠡᠢ ᠬᠤᠷᠠᠮᠳᠤᠯ ᠬᠤᠪᠢ ᠶᠢᠨ ᠡᠮᠦᠨ᠎ᠡ 12 ᠶᠢᠨ ᠲᠠᠮᠢᠷᠴᠢᠨ ᠰᠢᠢᠳᠪᠦᠷᠢᠲᠦ ᠤᠷᠤᠯᠳᠤᠭᠠᠨ ᠳᠤ ᠣᠷᠤᠯᠴᠠᠬᠤ | ᠪᠣᠯᠣᠨ᠎ᠠ᠃ ᠮᠠᠨ ᠤ ᠣᠷᠣᠨ ᠤ ᠲᠠᠮᠢᠷᠴᠢᠨ ᠦ᠋ ᠭᠤᠸᠠᠩ ᠵᠢᠶᠧ᠂ ᠬᠠᠶᠢᠯᠭᠠᠨ ᠤᠷᠪᠠᠭᠤ ᠮᠤᠷᠤᠶᠢᠯᠲᠠ ᠶᠢᠨ ᠨᠤᠮᠤ᠂ | ᠨᠡᠶᠢᠯᠡᠮᠡᠯ ᠨᠤᠮᠤ ᠶᠢᠨ ᠬᠤᠪᠢ ᠬᠥᠮᠥᠨ ᠤ ᠨᠡᠷᠡᠰ ᠤᠨ ᠵᠢᠭᠰᠠᠭᠠᠯᠲᠠ ᠶᠢᠨ ᠤᠷᠤᠯᠳᠤᠭᠠᠨ ᠪᠣᠯᠣᠨ ᠬᠤᠪᠢ ᠬᠥᠮᠥᠨ ᠤ | ᠨᠤᠭᠤᠯᠤᠭ᠎ᠠ ᠤᠷᠤᠯᠳᠤᠭᠠᠨ ᠳᠤ ᠣᠷᠣᠯᠴᠠᠪᠠ᠃ | | 3 ᠡᠳᠦᠷ ᠤᠨ ᠰᠢᠷᠦᠭᠦᠨ ᠥᠷᠢᠰᠦᠯᠳᠦᠭᠡᠨ ᠢᠶᠠᠷ ᠳᠡᠮᠵᠢᠨ᠂ ᠥᠪᠥᠷ ᠮᠣᠩᠭᠤᠯ ᠤᠨ ᠪᠠᠭ ᠨᠢᠭᠡ ᠠᠯᠲᠠᠨ | ᠮᠧᠳᠠᠯ᠂ ᠨᠢᠭᠡ ᠮᠥᠩᠭᠦᠨ ᠮᠧᠳᠠᠯ ᠤᠯᠵᠦ᠂ ᠨᠢᠭᠡ ᠲᠠᠮᠢᠷᠴᠢᠨ ᠵᠢᠷᠭᠤᠳᠤᠭᠠᠷ ᠲᠤ᠂ ᠨᠢᠭᠡ ᠲᠠᠮᠢᠷᠴᠢᠨ | ᠨᠠᠢᠮᠠᠳᠤᠭᠠᠷ ᠲᠤ ᠤᠷᠤᠭᠰᠠᠨ ᠪᠠᠶᠢᠨ᠎ᠡ᠃ ᠡᠭᠦᠨ ᠳᠤ ᠦ᠋ ᠭᠤᠸᠠᠩ ᠵᠢᠶᠧ 702 ᠴᠠᠭᠠᠷᠢᠭ ᠢᠶᠠᠷ ᠡᠮᠡᠭᠲᠡᠢ ᠶᠢᠨ | ᠨᠡᠶᠢᠯᠡᠮᠡᠯ ᠨᠤᠮᠤ ᠶᠢᠨ ᠬᠤᠪᠢ ᠬᠥᠮᠥᠨ ᠤ ᠨᠡᠷᠡᠰ ᠤᠨ ᠵᠢᠭᠰᠠᠭᠠᠯᠲᠠ ᠶᠢᠨ ᠤᠷᠤᠯᠳᠤᠭᠠᠨ ᠳᠤ ᠲᠡᠷᠢᠭᠦᠯᠡᠵᠦ᠂ ᠲᠤᠰ | ᠤᠷᠤᠯᠳᠤᠭᠠᠨ ᠤ ᠪᠦᠬᠦ ᠤᠯᠤᠰ ᠤᠨ ᠲᠡᠮᠳᠡᠭᠯᠡᠯ ᠢ ᠰᠢᠨᠡᠳᠬᠡᠪᠡ᠃ ᠬᠤᠪᠢ ᠬᠥᠮᠥᠨ ᠤ ᠨᠤᠭᠤᠯᠤᠭ᠎ᠠ | ᠤᠷᠤᠯᠳᠤᠭᠠᠨ ᠳᠤ ᠦ᠋ ᠭᠤᠸᠠᠩ ᠵᠢᠶᠧ ᠡᠮᠡᠭᠲᠡᠢ ᠶᠢᠨ ᠨᠡᠶᠢᠯᠡᠮᠡᠯ ᠨᠤᠮᠤ ᠶᠢᠨ ᠬᠤᠪᠢ ᠬᠥᠮᠥᠨ ᠤ ᠨᠤᠭᠤᠯᠤᠭ᠎ᠠ | ᠤᠷᠤᠯᠳᠤᠭᠠᠨ ᠳᠤ ᠬᠤᠶᠠᠳᠤᠭᠠᠷ ᠲᠤ ᠣᠷᠣᠵᠠᠢ᠃ ᠬᠠᠶᠢᠯᠭᠠᠨ ᠡᠮᠡᠭᠲᠡᠢ ᠶᠢᠨ ᠤᠷᠪᠠᠭᠤ ᠮᠤᠷᠤᠢ ᠨᠤᠮᠤ ᠶᠢᠨ ᠬᠤᠪᠢ | ᠬᠥᠮᠥᠨ ᠤ ᠨᠡᠷᠡᠰ ᠤᠨ ᠵᠢᠭᠰᠠᠭᠠᠯᠲᠠ ᠶᠢᠨ ᠤᠷᠤᠯᠳᠤᠭᠠᠨ ᠤ ᠵᠢᠷᠭᠤᠳᠤᠭᠠᠷ ᠲᠤ ᠣᠷᠣᠭᠰᠠᠨ ᠪᠠ ᠬᠤᠪᠢ ᠬᠥᠮᠥᠨ ᠤ | ᠨᠤᠭᠤᠯᠤᠭ᠎ᠠ ᠤᠷᠤᠯᠳᠤᠭᠠᠨ ᠤ ᠨᠠᠢᠮᠠᠳᠤᠭᠠᠷ ᠲᠤ ᠣᠷᠣᠭᠰᠠᠨ ᠰᠠᠶᠢᠨ ᠬᠢᠷᠢ ᠪᠦᠲᠦᠮᠵᠢ ᠶᠢ ᠣᠯᠵᠠᠢ᠃ | |