ᠰᠣᠷ ᠬᠠᠷᠪᠤᠬᠤ ᠶᠤᠰᠤᠨ ᠳᠤ ᠰᠤᠷᠴᠢᠳ᠂ ᠬᠠᠷᠪᠤᠯᠳᠠ ᠶᠢᠨ ᠵᠠᠢ᠂ ᠬᠠᠷᠪᠤᠯᠲᠠ ᠶᠢᠨ ᠵᠢᠷᠤᠮ᠂ ᠰᠤᠷ ᠶᠢᠨ | ᠤᠤᠬᠠᠢ᠂ ᠰᠤᠷᠴᠢᠨ ᠤ ᠴᠤᠯᠠ᠂ ᠰᠣᠷ ᠬᠠᠷᠪᠤᠯᠳᠠ ᠶᠢᠨ ᠴᠡᠭᠡᠷ ᠶᠤᠰᠤᠨ ᠵᠡᠷᠭᠡ ᠠᠭᠤᠯᠭ᠎ᠠ ᠪᠠᠭᠳᠠᠳᠠᠭ᠃ ᠰᠤᠷ | ᠬᠠᠷᠪᠤᠯᠲᠠ ᠶᠢᠨ ᠲᠡᠮᠡᠴᠡᠭᠡᠨ ᠢ ᠴᠤᠪᠤᠭ᠎ᠠ ᠬᠠᠷᠪᠤᠯᠳᠠ᠂ ᠪᠠᠭ ᠤᠨ ᠨᠡᠶᠢᠯᠡᠯᠭᠡ ᠭᠡᠵᠦ ᠬᠤᠶᠠᠷ ᠲᠦᠷᠦᠯ ᠬᠤᠪᠢᠶᠠᠳᠠᠭ᠃ | ᠬᠦᠮᠦᠨ ᠨᠢᠭᠡᠪᠦᠷᠢ ᠪᠠᠷ ᠳ᠋ᠦᠩᠨᠡᠬᠦ ᠶᠢ ᠴᠣᠪᠤᠭ᠎ᠠ ᠬᠠᠷᠪᠤᠬᠤ ᠭᠡᠳᠡᠭ᠂ ᠪᠠᠭ ᠢᠶᠠᠷ ᠳ᠋ᠦᠩ ᠭᠠᠷᠭᠠᠬᠤ ᠶᠢ ᠪᠠᠭ ᠤᠨ | ᠨᠡᠶᠢᠯᠡᠯᠭᠡ ᠭᠡᠳᠡᠭ᠃ | ᠰᠤᠷᠴᠢᠳ ᠨᠠᠢᠮᠠ ᠠᠴᠠ ᠠᠷᠪᠠᠨ ᠳᠤᠯᠤᠭᠠᠨ ᠨᠠᠰᠤᠨ ᠤ ᠦᠬᠢᠳ ᠬᠦᠪᠡᠭᠦᠳ᠂ ᠠᠷᠪᠠᠨ ᠨᠠᠢᠮᠠ ᠪᠠ | ᠲᠡᠭᠦᠨ ᠠᠴᠠ ᠳᠡᠭᠡᠭᠰᠢ ᠨᠠᠰᠤᠨ ᠤ ᠡᠷᠡᠭᠲᠡᠢ᠂ ᠡᠮᠡᠭᠳᠡᠢ ᠨᠤᠮᠤ ᠰᠤᠮᠤ ᠶᠢ ᠵᠦᠪ ᠡᠵᠡᠮᠰᠢᠨ ᠬᠠᠷᠪᠤᠵᠤ ᠴᠢᠳᠠᠳᠠᠭ᠂ | ᠬᠠᠷᠪᠤᠭᠠᠨ ᠤ ᠳᠦᠷᠢᠮ ᠢ ᠰᠠᠶᠢᠨ ᠮᠡᠳᠡᠳᠡᠭ᠂ ᠡᠷᠡᠭᠦᠯ ᠮᠡᠨᠳᠦ ᠶᠢᠨ ᠲᠠᠯ᠎ᠠ ᠪᠠᠷ ᠡᠮᠴᠢ ᠶᠢᠨ ᠵᠦᠪᠰᠢᠶᠡᠷᠡᠯ ᠲᠠᠢ | ᠲᠠᠮᠢᠷᠴᠢᠨ ᠢ ᠲᠡᠮᠡᠴᠡᠭᠡᠨ ᠳᠤ ᠣᠷᠣᠭᠤᠯᠳᠠᠭ᠃ ᠰᠣᠷ ᠬᠠᠷᠪᠤᠯᠳᠠ ᠶᠢᠨ ᠲᠡᠮᠡᠴᠡᠭᠡᠨ ᠳᠤ ᠤᠷᠤᠯᠴᠠᠬᠤ ᠬᠦᠮᠦᠰ ᠢ | ᠨᠠᠰᠤᠨ ᠤ ᠪᠠᠶᠢᠳᠠᠯ᠂ ᠴᠢᠨᠠᠷ ᠤᠨ ᠢᠯᠭᠠᠯ ᠵᠡᠷᠭᠡ ᠶᠢ ᠨᠢ ᠦᠵᠡᠵᠦ ᠲᠤᠭᠲᠠᠭᠠᠳᠠᠭ᠃ | ᠬᠠᠷᠪᠤᠯᠳᠠ ᠶᠢᠨ ᠵᠠᠢ ᠰᠤᠷ ᠤᠨ ᠬᠤᠯᠠ ᠶᠢᠨ ᠵᠠᠢ ᠨᠢ 22.5 ᠬᠤᠤᠰ ᠠᠯᠳᠠ ︵75 ᠮᠧᠲᠷ︶ ᠪᠤᠶᠤ | 45 ᠨᠤᠮᠤ᠃ ᠬᠠᠷᠪᠤᠬᠤ ᠰᠤᠷ ᠨᠢ ᠬᠠᠨ᠎ᠠ᠂ ᠬᠠᠰᠤᠭᠠ ᠭᠡᠵᠦ ᠬᠤᠶᠠᠷ ᠲᠦᠷᠦᠯ ᠪᠠᠶᠢᠳᠠᠭ᠃ ᠬᠠᠨ᠎ᠠ ᠰᠤᠷ 120 | ~ 300 ᠰᠢᠷᠭᠡᠭ᠂ ᠬᠠᠰᠤᠭᠠ ᠰᠤᠷ 30 ᠰᠢᠷᠭᠡᠭ ᠲᠤᠰ ᠲᠤᠰ ᠪᠠᠶᠢᠳᠠᠭ᠃ ᠬᠠᠨ᠎ᠠ ᠰᠤᠷ ᠢ ᠭᠤᠷᠪᠠᠨ ᠦᠶ᠎ᠡ | ᠠᠴᠠ ᠳᠤᠷᠤᠭᠰᠢ ᠦᠭᠡᠢ ᠵᠢᠷᠭᠤᠭᠠᠨ ᠦᠶ᠎ᠡ ᠠᠴᠠ ᠳᠠᠪᠠᠭᠤᠯᠬᠤ ᠦᠭᠡᠢ ᠪᠠᠷ ᠦᠷᠤᠳᠡᠭ᠃ ᠡᠮᠡᠭᠲᠡᠶᠢᠴᠤᠳ ᠤᠨ | ᠬᠠᠷᠪᠤᠭᠠᠨ ᠤ ᠬᠤᠯᠠ ᠶᠢᠨ ᠵᠠᠢ 18 ᠬᠤᠤᠰ ᠠᠯᠲᠠ᠂ ᠬᠡᠦᠬᠡᠳ ᠤᠨ ᠬᠠᠷᠪᠤᠭᠠᠨ ᠤ ᠵᠠᠢ ᠠᠷᠪᠠᠨ ᠨᠠᠢᠮᠠᠨ ᠨᠠᠰᠤ | ᠬᠦᠷᠳᠡᠯ᠎ᠡ ᠬᠦᠪᠡᠭᠦᠳ ᠲᠤ ᠨᠠᠰᠤ ᠪᠦᠷᠢ 1.2 ᠬᠤᠤᠰ ᠠᠯᠳᠠ᠂ ᠦᠬᠢᠳ ᠲᠤ ᠨᠠᠰᠤ ᠪᠦᠷᠢ 0.9 ᠬᠤᠤᠰ ᠠᠯᠳᠠ | ᠪᠠᠷ ᠪᠤᠳᠤᠵᠤ ᠳᠤᠭᠲᠠᠭᠠᠳᠠᠭ᠃ | ᠬᠠᠷᠪᠤᠯᠲᠠ ᠶᠢᠨ ᠵᠢᠷᠦᠮ ᠬᠠᠷᠪᠤᠯᠲᠠ ᠶᠢᠨ ᠲᠠᠯᠠᠪᠠᠢ ᠳᠤ ᠵᠢᠷᠦᠮᠯᠡᠬᠤ ᠶᠤᠰᠤ᠃ ᠰᠤᠷ ᠤᠨ ᠲᠡᠮᠡᠴᠡᠭᠡᠨ ᠳᠤ | ᠤᠷᠤᠯᠴᠠᠭᠰᠠᠳ ᠬᠠᠷᠪᠤᠯᠲᠠ ᠶᠢᠨ ᠲᠡᠮᠡᠴᠡᠭᠡᠨ ᠡᠬᠢᠯᠡᠬᠦ ᠳᠤ ᠤᠯᠤᠰ ᠤᠨ ᠮᠡᠷᠭᠡᠨ᠂ ᠰᠫᠣᠷᠲ ᠤᠨ ᠮᠠᠰᠲ᠋ᠧᠷ ᠴᠤᠯᠠ | ᠲᠠᠢ ᠰᠤᠷᠴᠢᠳ ᠢ ᠭᠠᠷᠭᠠᠨ᠎ᠠ᠃ ᠡᠬᠢᠯᠡᠨ ᠬᠠᠷᠪᠤᠬᠤ ᠶᠢ ᠮᠡᠷᠭᠡ ᠦᠶ᠎ᠡ᠂ ᠲᠡᠭᠦᠰᠭᠡᠯ ᠤᠨ ᠬᠠᠷᠪᠤᠯᠲᠠ ᠶᠢ | ᠰᠢᠪᠲᠤᠷᠠᠭ᠎ᠠ ᠦᠶ᠎ᠡ ᠭᠡᠨ᠎ᠡ᠃ ᠮᠡᠷᠭᠡ ᠦᠶ᠎ᠡ ᠳᠤ ᠨᠢᠭᠡ ᠵᠢᠷᠤᠬᠠᠢ ᠶᠢᠨ ᠰᠤᠷ ᠳᠡᠭᠡᠷ᠎ᠡ ᠬᠤᠶᠠᠷ ᠬᠦᠮᠦᠨ ᠢ ᠭᠠᠷᠭᠠᠨ | ᠬᠠᠷᠪᠤᠭᠤᠯᠵᠤ᠂ ᠳᠠᠷᠠᠭᠠᠬᠢ ᠦᠶ᠎ᠡ ᠨᠦᠭᠦᠳ ᠲᠤ ᠳᠦᠷᠪᠡ ᠪᠠᠷ ᠭᠠᠷᠭᠠᠵᠤ᠂ ᠬᠠᠮᠤᠭ ᠰᠡᠭᠦᠯᠴᠢ ᠶᠢᠨ ᠰᠢᠪᠲᠣᠷᠠᠭᠠ | ᠶᠢᠨ ᠦᠶ᠎ᠡ ᠳᠤ ᠵᠠᠯᠠᠭᠤ ᠰᠠᠶᠢᠨ ᠬᠠᠷᠪᠤᠭᠠᠴᠢ ᠬᠤᠶᠠᠷ ᠬᠦᠮᠦᠨ ᠢ ᠭᠠᠷᠭᠠᠵᠤ ᠬᠠᠷᠪᠤᠭᠤᠯᠬᠤ ᠵᠢᠷᠦᠮ ᠢ ᠪᠠᠷᠢᠮᠳᠠᠯᠠᠬᠤ | ᠪᠦᠭᠡᠳ ᠡᠬᠢ᠂ ᠲᠡᠭᠦᠰᠭᠡᠯ ᠤᠨ ᠦᠶ᠎ᠡ ᠳᠤ ᠪᠦᠬᠦ ᠬᠠᠷᠪᠤᠭᠠᠴᠢ ᠨᠠᠷ ᠰᠣᠷ ᠳᠡᠭᠡᠷ᠎ᠡ ᠣᠴᠢᠵᠤ ᠰᠦᠷᠯᠢᠭ ᠪᠠᠶᠢᠳᠠᠯ | ᠲᠠᠢ ᠵᠤᠭᠰᠣᠵᠤ ᠣᠣᠬᠠᠶᠢᠯᠠᠳᠠᠭ᠃ ᠰᠤᠮᠤ ᠪᠠᠨ ᠬᠠᠷᠪᠤᠵᠤ ᠳᠠᠭᠤᠰᠤᠮᠠᠭᠴᠠ ᠰᠣᠷᠴᠢᠳ ᠰᠠᠮᠪᠠᠷ᠎ᠠ ᠶᠢᠨ ᠰᠢᠭᠦᠭᠴᠢᠳ | ᠪᠡᠶ᠎ᠡ ᠪᠠᠷ ᠢᠷᠡᠵᠦ ᠰᠤᠮᠤ ᠶᠢᠨ ᠣᠨᠤᠭ᠎ᠠ ᠳᠣᠰᠬᠠᠯ ᠵᠦᠪ ᠡᠰᠡᠭᠦ ᠶᠢ ᠦᠵᠡᠭᠡᠳ ᠰᠤᠷ ᠶᠢᠨ ᠳᠡᠷᠭᠡᠳᠡ ᠤᠴᠢᠵᠤ | ᠳᠠᠷᠠᠭᠠᠴᠢ ᠶᠢᠨ ᠬᠠᠷᠪᠤᠬᠤ ᠠᠵᠢᠯ ᠳᠤ ᠪᠡᠯᠡᠳᠭᠡᠨ᠎ᠡ᠃ ᠤᠯᠠᠭᠠᠨ ᠲᠠᠷᠴᠤᠭ᠂ ᠴᠠᠭᠠᠨ ᠲᠠᠷᠴᠤᠭ ᠪᠠᠷᠢᠭᠰᠠᠨ ᠬᠤᠶᠠᠷ | ᠬᠦᠮᠦᠨ ᠲᠡᠮᠡᠴᠡᠬᠡᠨ ᠢ ᠤᠳᠤᠷᠢᠳᠬᠤ ᠪᠦᠭᠡᠳ ᠬᠠᠷᠪᠤᠵᠤ ᠡᠬᠢᠯᠡᠬᠦ ᠪᠠᠷ ᠤᠯᠠᠭᠠᠨ ᠳᠠᠷᠴᠤᠭ ᠡᠷᠭᠦᠵᠦ ᠳᠤᠬᠢᠶ᠎ᠠ | ᠦᠭᠭᠦᠨ᠎ᠡ᠃ ᠰᠣᠷ ᠬᠠᠷᠪᠤᠬᠤ ᠶᠢ ᠵᠦᠪᠰᠢᠶᠡᠷᠡᠬᠦ ᠦᠭᠡᠢ ᠦᠶ᠎ᠡ ᠳᠤ ᠴᠠᠭᠠᠨ ᠲᠠᠷᠴᠤᠭ ᠡᠷᠭᠦᠵᠦ ᠳᠤᠬᠢᠶ᠎ᠠ ᠦᠭᠳᠡᠭ᠃ | ᠨᠢᠭᠡ ᠪᠠᠭ ᠠᠷᠪᠠᠨ ᠬᠤᠶᠠᠷ ᠬᠦᠮᠦᠨ ᠲᠠᠢ᠂ ᠬᠡᠷᠪᠡ ᠰᠣᠷᠴᠢᠳ ᠬᠦᠷᠦᠯᠴᠡᠬᠦ ᠦᠭᠡᠢ ᠪᠤᠯ ᠨᠠᠢᠮᠠ ᠠᠴᠠ ᠠᠷᠪᠠᠨ | ᠬᠦᠮᠦᠨ ᠪᠠᠶᠢᠵᠤ ᠪᠤᠯᠤᠨ᠎ᠠ᠃ ᠭᠡᠪᠡᠴᠦ ᠵᠠᠪᠠᠯ ᠪᠦᠲᠦᠨ ᠪᠠᠭ ᠲᠠᠢ ᠪᠠᠶᠢᠬᠤ ᠶᠢ ᠴᠢᠬᠤᠯᠠᠴᠢᠯᠠᠳᠠᠭ᠃ ᠪᠠᠭ ᠬᠡᠳᠦ ᠴᠦ | ᠪᠠᠶᠢᠵᠤ ᠪᠤᠯᠤᠨ᠎ᠠ᠂ ᠬᠠᠷᠢᠨ ᠨᠠᠢᠮᠠ ᠠᠴᠠ ᠳᠤᠷᠤᠭᠰᠢ ᠬᠦᠮᠦᠨ ᠲᠠᠢ ᠪᠠᠶᠢᠵᠤ ᠪᠤᠯᠬᠤ ᠦᠭᠡᠢ᠃ ᠴᠣᠪᠣᠭ᠎ᠠ | ᠬᠠᠷᠪᠤᠭᠠᠨ ᠳᠤ ᠨᠢᠭᠡ ᠬᠦᠮᠦᠨ 20 ᠰᠤᠮᠤ ᠬᠠᠷᠪᠤᠵᠤ ᠪᠠᠶᠢᠭᠰᠠᠨ ᠠᠴᠠ ᠣᠳᠣ ᠬᠦᠮᠦᠨ ᠪᠦᠷᠢ 40 ᠰᠣᠮᠣ | ᠬᠠᠷᠪᠤᠵᠤ᠂ 20 ᠶᠢ ᠬᠠᠨ᠎ᠠ ᠰᠤᠷ ᠲᠤ ᠬᠠᠷᠪᠤᠵᠤ 20 ᠬᠠᠰᠤᠭᠠ ᠰᠤᠷ ᠬᠠᠷᠪᠤᠬᠤ ᠪᠤᠯᠤᠭᠰᠠᠨ ᠨᠢ ᠰᠤᠷᠴᠢᠳ ᠶᠢᠨ | ᠴᠢᠨᠠᠭᠰᠢᠲᠠ ᠰᠣᠷᠴᠣ ᠲᠠᠰᠬᠠᠯᠵᠢᠬᠤ ᠶᠠᠪᠤᠳᠠᠯ ᠳᠤ ᠶᠡᠭᠡ ᠠᠰᠢᠭᠲᠠᠢ ᠪᠤᠯᠤᠭᠰᠠᠨ ᠶᠤᠮ᠃ ᠪᠠᠭ ᠤᠨ ᠲᠡᠮᠡᠴᠡᠬᠡᠨ ᠬᠢᠬᠦ | ᠳᠡᠭᠡᠨ ᠭᠤᠷᠪᠠᠨ ᠦᠷᠦᠭ ᠬᠠᠷᠪᠤᠵᠤ ᠡᠬᠢᠨ ᠤ ᠦᠷᠦᠭ ᠲᠤ 8 ᠰᠤᠮᠤ᠂ ᠳᠤᠮᠳᠠ ᠦᠷᠦᠭ ᠲᠤ 8 ᠰᠤᠮᠤ᠂ ᠠᠳᠠᠭ | ᠦᠷᠦᠭ ᠲᠤ 4 ᠰᠤᠮᠤ ᠲᠤᠰ ᠲᠤᠰ ᠬᠠᠷᠪᠤᠵᠤ ᠪᠠᠶᠢᠳᠠᠭ᠃ ᠪᠠᠭ ᠤᠨ ᠬᠠᠷᠪᠤᠭᠠᠨ ᠳᠤ ᠭᠤᠷᠪᠠᠨ ᠦᠷᠦᠭ ᠬᠠᠷᠪᠤᠵᠤ | ᠲᠤᠳᠤᠷᠬᠠᠶᠢᠯᠠᠳᠠᠭ᠃ ᠡᠬᠦᠨ ᠳᠤ ᠡᠬᠢᠨ ᠤ ᠦᠷᠦᠭ ᠲᠤ ᠠᠷᠪᠠᠨ ᠬᠤᠶᠠᠷ ᠬᠦᠮᠦᠨ ᠲᠠᠢ ᠪᠠᠭ ᠭᠡᠪᠡᠯ ᠡᠬᠢᠨ ᠤ | ᠡᠭᠡᠯᠵᠢ ᠳᠤ ᠬᠦᠮᠦᠨ ᠪᠦᠷᠢ ᠳᠦᠷᠪᠡ᠂ ᠪᠦᠭᠦᠳᠡ 48 ᠰᠤᠮᠤ ᠬᠠᠷᠪᠤᠬᠤ ᠠᠴᠠ ᠬᠠᠨ᠎ᠠ ᠰᠤᠷ ᠲᠤ 33 ᠰᠤᠮᠤ᠂ | ᠬᠠᠰᠤᠭᠠ ᠰᠤᠷ ᠲᠤ 15 ᠰᠣᠮᠣ ᠬᠠᠷᠪᠤᠨ᠎ᠠ᠃ ᠵᠢᠱᠢᠶᠡᠯᠡᠪᠡᠯ ᠨᠢᠭᠡᠳᠦᠭᠡᠷ ᠪᠠᠭ 33 ᠰᠤᠮᠤ ᠪᠠᠷ ᠭᠤᠴᠢᠨ ᠭᠤᠷᠪᠠ | ᠣᠨᠣᠭᠠᠵᠤ᠂ ᠬᠤᠶᠠᠳᠤᠭᠠᠷ ᠪᠠᠭ 33 ᠰᠤᠮᠤ ᠪᠠᠷ ᠬᠤᠷᠢᠨ ᠨᠠᠢᠮᠠ ᠤᠨᠤᠭᠠᠵᠤ᠂ ᠲᠠᠪᠤᠨ ᠬᠠᠰᠤᠭᠠ ᠳᠤᠲᠠᠭᠤ ᠭᠡᠵᠦ | ᠦᠵᠡᠪᠡᠯ ᠦᠪᠡᠷ ᠤᠨ 15 ᠬᠠᠰᠤᠭᠠ ᠳᠡᠭᠡᠷ᠎ᠡ 5 ᠰᠤᠷ ᠢᠶᠠᠨ ᠨᠡᠮᠡᠵᠦ 20 ᠬᠠᠰᠤᠭᠠ ᠪᠤᠯᠭᠠᠬᠤ ᠪᠠ ᠨᠢᠭᠡᠳᠦᠭᠡᠷ | ᠪᠠᠭ ᠤᠨ 15 ᠬᠠᠰᠤᠭᠠ᠂ ᠪᠦᠬᠦᠳᠡ 35 ᠬᠠᠰᠤᠭᠠ ᠳᠠᠯᠪᠢᠵᠦ ᠬᠠᠷᠪᠤᠳᠠᠭ᠃ ᠦᠪᠡᠷ ᠤᠨ ᠲᠠᠯᠪᠢᠭᠰᠠᠨ ᠬᠠᠰᠤᠭᠠ | ᠪᠠᠨ ᠣᠷᠢᠳᠠ ᠪᠠᠷ ᠤᠨᠤᠭᠠᠵᠤ ᠳᠠᠭᠤᠰᠬᠠᠭᠰᠠᠨ ᠪᠠᠭ ᠨᠢ ᠨᠦᠭᠦᠭᠡ ᠦᠯᠡᠳᠡᠭᠰᠠᠨ ᠬᠠᠰᠤᠭᠠ ᠶᠢ ᠨᠢᠭᠡᠳᠦᠭᠡᠷ ᠦᠷᠦᠭ | ᠲᠤ ᠳᠠᠳᠠᠭᠰᠠᠨ ᠳᠤ ᠲᠣᠭᠠᠴᠠᠵᠤ ᠳᠠᠷᠠᠭ᠎ᠠ ᠶᠢᠨ ᠦᠷᠦᠭ ᠡᠬᠢᠯᠡᠳᠡᠭ᠃ ᠳᠤᠮᠳᠠ᠂ ᠠᠳᠠᠭ ᠦᠷᠦᠭ ᠲᠤ ᠨᠦᠭᠦᠭᠡ | ᠲᠠᠯ᠎ᠠ ᠨᠢ ᠦᠪᠡᠷ ᠤᠨ ᠬᠠᠰᠤᠭᠠ ᠪᠠᠨ ᠨᠦᠬᠦᠨ ᠠᠪᠴᠤ ᠪᠤᠯᠤᠨ᠎ᠠ᠃ ᠬᠤᠵᠢᠨ ᠢ ᠲᠠᠪᠤᠨ ᠲᠠᠲᠠᠯᠳᠠ ᠪᠠᠷ | ᠲᠣᠭᠠᠴᠠᠳᠠᠭ᠂ ᠬᠡᠷᠪᠡ ᠭᠤᠷᠪᠠᠨ ᠦᠷᠦᠭ ᠤᠨ ᠳᠠᠷᠠᠭ᠎ᠠ 4 ᠬᠠᠰᠤᠭᠠ ᠳᠠᠳᠠᠵᠣ 1 ᠬᠠᠰᠤᠭᠠ ᠦᠯᠡᠳᠡᠪᠡᠯ ᠡᠭᠦᠨ ᠢ | ᠬᠤᠵᠢᠨ ᠬᠠᠷᠢᠴᠠᠭᠠᠨ ᠤ ᠳᠡᠭᠦᠵᠢᠩ ᠭᠡᠵᠦ 22.5 ᠬᠤᠣᠰ ᠠᠯᠳᠠ ︵75 ᠮᠧᠲᠷ︶ ᠶᠢᠨ ᠵᠠᠢ ᠠᠴᠠ ᠬᠠᠷᠪᠤᠳᠠᠭ᠃ | 4 ᠬᠠᠰᠤᠭᠠ ᠳᠠᠲᠠᠭᠰᠠᠨ ᠳᠡᠭᠦᠵᠢᠩ ᠠᠴᠠ ᠭᠠᠭᠴᠠ ᠬᠠᠰᠤᠭᠠ ᠢ ᠠᠪᠤᠪᠠᠯ ᠲᠠᠪᠤᠨ ᠲᠠᠳᠠᠯᠳᠠ ᠪᠠᠷ ᠬᠤᠵᠢᠳᠠᠭ᠃ | ᠬᠡᠷᠪᠡ ᠳᠤᠲᠠᠭᠤ ᠬᠠᠰᠤᠭᠠ ᠲᠠᠢ ᠪᠠᠭ ᠠᠪᠤᠪᠠᠯ ᠬᠤᠵᠢᠨ ᠦᠭᠡᠢ ᠳᠡᠩᠴᠡᠭᠰᠡᠨ ᠳᠤ ᠲᠤᠭᠠᠴᠠᠨ᠎ᠠ᠃ ᠨᠢᠭᠡᠳᠦᠭᠡᠷ ᠪᠠᠭ | 2 ᠰᠣᠷ ᠲᠠᠢ ᠲᠡᠩᠴᠡᠭᠦ ᠬᠤᠶᠠᠳᠤᠭᠠᠷ ᠪᠠᠭ 7 ᠰᠤᠷ ᠲᠠᠢ ᠪᠠᠶᠢᠨ᠎ᠠ ᠬᠡᠵᠦ ᠦᠵᠡᠪᠡᠯ ᠨᠢᠭᠡᠳᠦᠭᠡᠷ ᠪᠠᠭ ᠤᠨ 2 ᠰᠣᠷ | ᠲᠠᠢ ᠲᠡᠩᠴᠡᠭᠦ ᠬᠤᠶᠠᠳᠤᠭᠠᠷ ᠪᠠᠭ 7 ᠰᠤᠷ ᠠᠴᠠ 2 ᠢ ᠬᠠᠰᠤᠵᠤ᠂ ᠦᠯᠡᠳᠡᠬᠦ 5 ᠰᠤᠷ ᠢ ᠬᠤᠶᠠᠷ ᠪᠠᠭ ᠲᠤ | ᠲᠡᠩᠴᠡᠭᠦᠦ ᠬᠤᠪᠢᠶᠠᠵᠤ ᠦᠭᠭᠦᠭᠡᠳ ᠦᠯᠡᠳᠡᠭᠰᠠᠨ ᠭᠠᠭᠴᠠ ᠬᠠᠰᠤᠭᠠ ᠶᠢ ᠵᠢᠷᠤᠬᠠᠢ ᠦᠴᠢᠭᠯᠡᠨ ᠬᠠᠷᠪᠤᠨ᠎ᠠ᠃ | ᠡᠬᠢᠯᠡᠭᠡᠳ ᠬᠠᠰᠤᠭᠠ ᠲᠠᠯᠪᠢᠭᠰᠠᠨ ᠪᠠᠭ ᠬᠠᠷᠪᠤᠵᠤ ᠣᠨᠣᠭᠠᠪᠠᠯ ᠬᠤᠵᠢᠨ ᠲᠡᠩᠴᠡᠬᠦ ᠪᠠ ᠤᠨᠤᠭᠠᠭᠰᠠᠨ ᠦᠭᠡᠢ | ᠲᠠᠯ᠎ᠠ ᠨᠢ ᠣᠨᠣᠭᠠᠪᠠᠯ ᠲᠠᠪᠤᠨ ᠳᠠᠳᠠᠯᠳᠠ ᠪᠠᠷ ᠬᠤᠵᠢᠨ ᠠᠪᠣᠨ᠎ᠠ᠃ ᠬᠠᠰᠤᠭᠠ ᠰᠤᠷ ᠢ ᠦᠷᠦᠬᠦ ᠳᠡᠭᠡᠨ 24 | ᠬᠠᠰᠤᠭᠠ ᠶᠢ ᠬᠤᠶᠠᠷ ᠳᠠᠪᠬᠤᠷᠯᠠᠵᠤ᠂ ᠦᠯᠡᠳᠡᠭᠰᠡᠨ 6 ᠬᠠᠰᠤᠭᠠ ᠶᠢ ᠬᠤᠶᠠᠷ ᠲᠠᠯ᠎ᠠ ᠳᠤᠨᠢ ᠭᠤᠷᠪᠠ ᠭᠤᠷᠪᠠ ᠪᠠᠷ | ᠬᠡᠪᠳᠡᠭᠦᠯᠦᠨ ᠦᠷᠦᠳᠡᠭ᠃ ᠬᠠᠰᠤᠭᠠ ᠰᠢᠮᠡᠬᠦ ᠳᠡᠭᠡᠨ ᠳᠠᠪᠬᠤᠷᠯᠠᠨ ᠦᠷᠦᠭᠰᠡᠨ ᠬᠠᠰᠤᠭᠠ ᠠᠴᠠ ᠡᠬᠢᠯᠡᠵᠦ᠂ ᠬᠠᠮᠤᠭ | ᠰᠡᠭᠦᠯ ᠳᠤ ᠬᠡᠪᠳᠡᠭᠡ ᠬᠠᠰᠤᠭᠠ ᠦᠯᠡᠳᠡᠳᠡᠭ᠃ ᠵᠢᠷᠣᠬᠠᠢ ᠪᠠᠶᠢᠭᠤᠯᠬᠤ ᠳᠠᠭᠠᠨ ᠤᠷᠤᠯᠴᠠᠭᠰᠠᠨ ᠬᠦᠮᠦᠨ ᠤ ᠤᠯᠠᠨ | ᠴᠦᠬᠡᠨ ᠢᠶᠠᠨ ᠦᠵᠡᠵᠦ ᠲᠤᠭᠳᠠᠭᠠᠨ᠎ᠠ᠃ ᠨᠢᠭᠡ ᠵᠢᠷᠤᠬᠠᠢ ᠳᠤ ᠵᠠᠭᠤ ᠠᠴᠠ ᠳᠤᠷᠤᠭᠰᠢ ᠬᠦᠮᠦᠨ ᠪᠠᠶᠢᠵᠤ ᠪᠤᠯᠳᠠᠭ᠃ | ᠬᠡᠷᠪᠡ ᠵᠠᠭᠤ ᠠᠴᠠ ᠳᠡᠭᠡᠭᠰᠢ ᠪᠣᠯ ᠵᠢᠷᠤᠬᠠᠢ ᠨᠡᠮᠡᠵᠦ ᠪᠠᠶᠢᠭᠤᠯᠳᠠᠭ᠃ ᠪᠤᠭᠤᠨᠢ ᠲᠡᠮᠡᠴᠡᠬᠡᠨ ᠢ ᠳᠠᠭᠤᠰᠬᠠᠬᠤ | ᠱᠠᠭᠠᠷᠳᠠᠯᠭ᠎ᠠ ᠲᠠᠢ ᠪᠤᠯ ᠵᠢᠷᠤᠬᠠᠢ ᠨᠡᠮᠡᠵᠦ ᠪᠤᠯᠤᠨ᠎ᠠ᠃ ᠰᠤᠷ ᠤᠨ ᠬᠡᠯᠬᠢᠶ᠎ᠡ ᠠᠴᠠ ᠳᠠᠰᠤᠷᠠᠵᠤ ᠠᠷᠤ ᠵᠢᠷᠤᠬᠠᠢ ᠠᠴᠠ | ᠭᠠᠷᠤᠭᠰᠠᠨ᠂ ᠭᠠᠵᠠᠷᠳᠠᠵᠤ ᠤᠨᠤᠭᠰᠠᠨ ᠪᠤᠶᠤ ᠠᠷᠤ ᠵᠢᠷᠤᠬᠠᠢ ᠠᠴᠠ ᠰᠤᠷ ᠭᠠᠷᠤᠭᠠᠳᠤᠢ ᠪᠠᠯ ᠤᠨᠤᠭᠠᠭᠰᠠᠨ ᠳᠤ | ᠲᠤᠭᠠᠴᠠᠵᠤ ᠦᠭᠡᠢ᠂ ᠡᠬᠦᠨ ᠢ ᠫᠠᠶᠢᠳᠠᠭᠤᠯᠬᠤ ᠬᠡᠳᠡᠭ᠃ ᠬᠠᠷᠢᠨ 50 ᠨᠠᠰᠤᠨ ᠠᠴᠠ ᠳᠡᠭᠡᠭᠰᠢ ᠪᠣᠶᠣ ᠬᠡᠥᠬᠡᠳ ᠤᠨ | ᠬᠦᠴᠦ ᠴᠢᠳᠠᠯ ᠢᠳᠡᠷ ᠰᠤᠷᠴᠢᠳ ᠤᠨ ᠬᠦᠴᠦᠨ ᠲᠠᠢ ᠳᠡᠩᠴᠡᠬᠦ ᠦᠭᠡᠢ ᠪᠠᠶᠢᠳᠠᠭ ᠬᠠᠷᠭᠠᠯᠵᠠᠨ ᠰᠣᠷ ᠬᠡᠯᠬᠢᠶ᠎ᠡ | ᠲᠠᠰᠤᠷᠠᠮᠠᠭᠴᠠ ᠣᠨᠣᠭᠠᠨ ᠳᠤ ᠲᠣᠭᠠᠴᠠᠳᠠᠭ᠃ ᠰᠤᠷᠴᠢᠳ ᠤᠨ ᠤᠨᠤᠭ᠎ᠠ ᠶᠢ ᠬᠤᠶᠠᠷ ᠪᠠᠭ ᠤᠨ ᠰᠤᠯᠢᠯᠴᠠᠭᠰᠠᠨ | ᠰᠠᠮᠪᠠᠷ᠎ᠠ ᠳᠤ ᠵᠢᠷᠤᠵᠤ ᠲᠡᠮᠳᠡᠭᠯᠡᠳᠡᠭ᠃ | ᠰᠤᠷ ᠰᠢᠬᠦᠭᠴᠢ ᠰᠤᠷ ᠤᠨ ᠪᠦᠬᠦ ᠬᠡᠷᠡᠭ ᠡᠷᠬᠢᠯᠡᠭᠰᠡᠨ ᠲᠠᠭᠠᠭᠠᠮᠠᠯ ︵ᠶᠡᠷᠥᠩᠬᠢ ᠰᠢᠭᠦᠭᠴᠢ︶ ᠨᠢᠭᠡ᠂ | ᠪᠢᠴᠢᠭᠡᠴᠢ ︵ᠨᠠᠷᠢᠨ ᠪᠢᠴᠢᠭ ᠤᠨ ᠳᠠᠷᠤᠭ᠎ᠠ︶ ᠨᠢᠭᠡ᠂ ᠪᠠᠶᠢᠷᠢ ᠶᠢᠨ ᠡᠷᠬᠢᠯᠡᠭᠴᠢ ︵ᠠᠵᠦ ᠠᠬᠤᠢ ᠶᠢᠨ ᠰᠢᠭᠦᠭᠴᠢ︶ | ᠨᠢᠭᠡ᠂ ᠲᠤᠰᠠᠯᠠᠬᠤ ᠭᠡᠰᠢᠬᠦᠨ ︵ᠲᠤᠰᠠᠯᠠᠬᠤ ᠰᠢᠭᠦᠭᠴᠢ︶ ᠨᠢᠭᠡ᠂ ᠰᠠᠮᠪᠠᠷ᠎ᠠ ᠶᠢᠨ ᠠᠵᠢᠯᠲᠠ ︵ᠰᠠᠮᠪᠠᠷ᠎ᠠ ᠰᠢᠭᠦᠭᠴᠢ︶ | ᠳᠦᠷᠪᠡ᠂ ᠵᠢᠷᠤᠬᠠᠢ ᠰᠢᠭᠦᠭᠴᠢ ᠪᠠ ᠰᠣᠷ ᠤᠨ ᠵᠠᠰᠠᠭᠤᠯ ᠲᠣᠰ ᠪᠦᠷᠢ ᠳᠦᠷᠪᠡ ᠪᠠᠶᠢᠳᠠᠭ᠃ | ᠰᠣᠷ ᠤᠨ ᠣᠣᠬᠠᠢ ᠳᠡᠭᠡᠷ᠎ᠡ ᠦᠶ᠎ᠡ ᠠᠴᠠ ᠤᠯᠠᠮᠵᠢᠯᠠᠭᠳᠠᠨ ᠢᠷᠡᠭᠰᠡᠨ ᠬᠠᠷᠪᠤᠭᠴᠢᠳ ᠤᠨ ᠪᠠᠶᠠᠷ | ᠪᠠᠶᠠᠰᠬᠤᠯᠠᠩ ᠢ ᠢᠯᠡᠳᠭᠡᠭᠰᠡᠨ ᠨᠢᠭᠡᠨ ᠵᠦᠢᠯ ᠤᠷᠢᠶ᠎ᠠ ᠳᠠᠭᠤᠨ᠃ ᠣᠣᠬᠠᠢ ᠨᠢ ᠰᠠᠮᠪᠠᠷ᠎ᠠ ᠶᠢᠨ᠂ ᠵᠢᠷᠤᠬᠠᠢ ᠶᠢᠨ᠂ | ᠨᠠᠶᠢᠵᠠ ᠶᠢᠨ ᠭᠡᠬᠦᠴᠢᠯᠡᠨ ᠬᠡᠳᠦ ᠬᠡᠳᠦᠨ ᠶᠠᠩᠵᠦ ᠪᠠᠶᠢᠳᠠᠭ᠃ ᠵᠢᠷᠣᠬᠠᠢ ᠳᠡᠭᠡᠷ᠎ᠡ ᠵᠤᠭᠰᠤᠵᠤ ᠪᠠᠶᠢᠭ᠎ᠠ | ᠬᠠᠷᠪᠤᠭᠠᠴᠢᠳ ᠰᠢᠭᠦᠭᠴᠢᠳ ᠠᠴᠠ ᠰᠣᠷᠴᠢᠳ ᠬᠠᠷᠪᠤᠬᠤ ᠪᠤᠯᠬᠤ ᠪᠠᠷ ᠤᠨᠤᠬᠤ ᠶᠢ ᠤᠷᠢᠵᠤ ᠵᠦᠭᠡᠯᠡᠨ ᠨᠠᠮᠣᠭᠤᠨ | ᠣᠣᠬᠠᠶᠢᠯᠠᠳᠠᠭ᠃ ᠬᠠᠷᠢᠨ ᠤᠨᠤᠭᠠᠵᠤ ᠡᠬᠢᠯᠡᠪᠡᠯ ᠣᠨᠣᠭᠰᠠᠨ ᠤ ᠪᠠᠶᠠᠷ ᠪᠤᠯᠭᠠᠵᠤ ᠦᠨᠳᠦᠷ ᠳᠠᠭᠤᠨ ᠢᠶᠠᠷ ᠤᠤᠬᠠᠢ | ᠬᠡᠵᠦ ᠮᠡᠳᠡᠭᠡ ᠦᠭᠭᠦᠨ᠎ᠡ᠃ ᠤᠨᠤᠭᠰᠠᠨ ᠤᠤᠬᠠᠢ ᠶᠢᠨ ᠳᠠᠷᠠᠭ᠎ᠠ ᠰᠠᠮᠪᠠᠷ᠎ᠠ ᠶᠢᠨ ᠤᠤᠬᠠᠢ ᠦᠷᠭᠦᠯᠵᠢᠯᠡᠨ᠎ᠡ᠃ | ᠰᠠᠮᠪᠠᠷ᠎ᠠ ᠶᠢᠨ ᠤᠤᠬᠠᠢ ᠪᠤᠯ ᠨᠠᠮᠤᠭᠤᠨ᠂ ᠤᠳᠠᠭᠠᠨ ᠠᠭᠠᠵᠢᠮ ᠦᠷᠭᠦᠯᠵᠢᠯᠡᠳᠡᠭ᠃ ᠪᠠᠭ ᠬᠠᠷᠪᠤᠭᠠᠨ ᠤ ᠲᠡᠮᠡᠴᠡᠭᠡᠨ | ᠪᠤᠯᠪᠠᠯ ᠦᠪᠡᠷ ᠤᠨ ᠲᠠᠯ᠎ᠠ ᠶᠢ ᠬᠠᠷᠪᠤᠬᠤ ᠳᠤ ᠤᠤᠬᠠᠢ ᠭᠡᠳᠡᠭ ᠵᠠᠩᠰᠢᠯ ᠲᠠᠢ᠃ ᠡᠷᠳᠡ ᠳᠡᠭᠡᠷ᠎ᠡ ᠦᠶ᠎ᠡ ᠠᠴᠠ ᠰᠤᠷ | ᠤᠨ ᠬᠠᠷᠪᠤᠭᠠᠨ ᠤ ᠡᠬᠢᠯᠡᠯᠳᠡ ᠤᠤᠬᠠᠳ ᠬᠠᠷᠪᠤᠭᠠᠨ ᠤ ᠦᠶ᠎ᠡ ᠳᠤ ᠨᠠᠶᠢᠵᠠ ᠤᠤᠬᠠᠢ ᠬᠢᠬᠦ ᠵᠠᠩᠰᠢᠯ ᠲᠠᠢ᠃ ᠡᠨᠡ | ᠨᠢ ᠬᠠᠷᠪᠤᠭ᠎ᠠ ᠶᠢ ᠶᠡᠭᠡ ᠨᠠᠶᠢᠷᠰᠠᠭ ᠳᠤᠲᠤᠨᠤ᠂ ᠨᠠᠶᠢᠳᠠᠴᠢ᠂ ᠪᠡᠶ᠎ᠡ ᠪᠡᠶ᠎ᠡ ᠳᠡᠭᠡᠨ ᠰᠤᠷᠭᠠᠬᠤ᠂ ᠲᠤᠰᠠᠯᠠᠬᠤ ᠵᠤᠷᠢᠯᠭ᠎ᠠ | ᠲᠠᠢ ᠶᠠᠪᠤᠭᠳᠠᠵᠤ ᠦᠶ᠎ᠡ ᠶᠢᠨ ᠦᠶ᠎ᠡ ᠳᠤ ᠤᠯᠠᠮᠵᠢᠯᠠᠭᠳᠠᠨ ᠢᠷᠡᠵᠡᠢ᠃ ᠤᠳᠤ ᠨᠡᠬᠡᠭᠡᠯᠳᠡ ᠬᠠᠭᠠᠯᠲᠠ ᠶᠢᠨ ᠳᠠᠷᠠᠭ᠎ᠠ | ᠬᠡᠷᠡᠭᠯᠡᠵᠦ ᠪᠤᠢ᠃ | ᠰᠣᠷᠴᠢᠨ ᠤ ᠴᠤᠯᠠ ᠬᠠᠷᠪᠤᠭ᠎ᠠ ᠨᠠᠮᠨᠠᠭ᠎ᠠ ᠳᠠᠭᠠᠨ ᠰᠢᠯᠭᠠᠷᠠᠭᠰᠠᠳ ᠲᠤ ᠴᠤᠯᠠ ᠣᠯᠭᠤᠬᠤ ᠪᠣᠯ | ᠮᠣᠩᠭᠤᠯᠴᠣᠳ ᠤᠨ ᠡᠷᠳᠡ ᠳᠡᠭᠡᠷ᠎ᠡ ᠦᠶ᠎ᠡ ᠠᠴᠠ ᠤᠯᠠᠮᠵᠢᠯᠠᠭᠳᠠᠵᠤ ᠢᠷᠡᠭᠰᠡᠨ ᠵᠠᠩᠰᠢᠯ ᠶᠣᠮ᠃ ᠮᠤᠩᠭᠤᠯ ᠣᠯᠣᠰ | ᠤᠨ ᠰᠣᠷᠴᠢᠨ ᠳᠤ ᠤᠯᠭᠤᠬᠤ ᠴᠣᠯᠠ ᠨᠢ ᠪᠤᠰᠤᠳ ᠭᠠᠵᠠᠷ ᠠᠴᠠ ᠣᠯᠠᠨ ᠪᠠᠶᠢᠳᠠᠭ᠃ ᠲᠤᠬᠠᠶᠢᠯᠠᠪᠠᠯ ᠳᠡᠭᠡᠷ᠎ᠡ ᠦᠶ᠎ᠡ | ᠳᠤ ᠮᠣᠩᠭᠤᠯ ᠣᠯᠣᠰ ᠰᠤᠷᠴᠢᠨ ᠳᠠᠭᠠᠨ ︽ᠬᠠᠯᠬ᠎ᠠ ᠳᠠᠶᠠᠭᠠᠷ ᠮᠠᠰᠢ ᠭᠠᠶᠢᠬᠠᠮᠰᠢᠭᠳᠦ ᠮᠡᠷᠭᠡᠨ︾᠂ ︽ᠬᠠᠯᠬ᠎ᠠ | ᠳᠠᠶᠠᠭᠠᠷ ᠳᠣᠷᠠᠰᠬᠠᠯᠳᠦ ᠮᠡᠷᠭᠡᠨ︾᠂ ︽ᠤᠯᠠᠮ ᠦᠷᠨᠢᠨ ᠳᠡᠯᠭᠡᠷᠡᠬᠦ ᠮᠡᠷᠭᠡᠨ︾᠂ ︽ᠢᠳᠡᠭᠡᠯᠳᠦ ᠮᠡᠷᠭᠡᠨ︾᠂ | ︽ᠨᠢᠭᠳᠠ ᠮᠡᠷᠭᠡᠨ︾᠂ ︽ᠦᠯᠡᠮᠵᠢ ᠬᠢᠴᠢᠶᠡᠩᠭᠦᠢ ᠵᠤᠷᠢᠭᠳᠦ ᠮᠡᠷᠭᠡᠨ︾᠂ ︽ᠬᠢᠴᠢᠶᠡᠩᠭᠦᠢ ᠬᠤᠷᠴᠠ ᠮᠡᠷᠭᠡᠨ︾᠂ | ︽ᠴᠤᠯᠠ ᠨᠡᠮᠡᠬᠦ ᠢᠳᠡᠷ ᠮᠡᠷᠭᠡᠨ︾᠂ ︽ᠬᠠᠷᠢᠯᠲᠠ ᠦᠭᠡᠢ ᠵᠤᠷᠢᠭᠳᠦ ᠮᠡᠷᠭᠡᠨ︾᠂ ︽ᠨᠢᠭᠳᠠ ᠬᠢᠴᠢᠶᠡᠩᠭᠦᠢ | ᠮᠡᠷᠭᠡᠨ︾᠂ ︽ᠲᠣᠩ ᠴᠤᠯᠠᠲᠤ ᠮᠡᠷᠬᠡᠨ︾᠂ ︽ᠬᠤᠷᠴᠠ ᠢᠳᠡᠷ ᠮᠡᠷᠭᠡᠨ︾᠂ ︽ᠨᠢᠭᠲᠠ ᠢᠳᠡᠷ ᠮᠡᠷᠭᠡᠨ︾ ᠭᠡᠬᠦ | ᠮᠡᠳᠦ ᠶᠢᠨ ᠴᠣᠯᠠ ᠣᠯᠭᠤᠳᠠᠭ ᠪᠠᠶᠢᠭᠰᠠᠨ ᠪᠦᠭᠡᠳ ᠤᠳᠤ ᠰᠤᠷ ᠬᠠᠷᠪᠤᠯᠳᠠ ᠶᠢᠨ ᠴᠤᠯᠠ ᠪᠠ ᠵᠡᠷᠭᠡ ᠶᠢ ᠨᠡᠩ | ᠨᠠᠷᠢᠨ ᠲᠤᠳᠤᠷᠬᠠᠢ ᠬᠤᠪᠢᠶᠠᠬᠤ ᠪᠤᠯᠵᠠᠢ᠃ ᠮᠤᠩᠭᠤᠯ ᠤᠯᠤᠰ ᠲᠤ ᠤᠯᠤᠰ ᠤᠨ ᠮᠡᠷᠭᠡᠨ ᠰᠫᠣᠷᠲ ᠤᠨ ᠮᠠᠰᠲ᠋ᠧᠷ᠂ | ᠨᠢᠭᠡᠳᠦᠭᠡᠷ ᠬᠤᠶᠠᠳᠤᠭᠠᠷ ᠭᠤᠷᠪᠠᠳᠣᠭᠠᠷ ᠵᠡᠷᠭᠡ ᠶᠢᠨ ᠴᠤᠯᠠ ᠨᠤᠭᠤᠳ ᠢ ᠭᠠᠭᠴᠠ ᠬᠦ ᠤᠯᠤᠰ ᠤᠨ ᠵᠡᠷᠭᠡ ᠲᠠᠢ | ᠰᠢᠬᠦᠭᠴᠢ ᠪᠠᠷ ᠣᠳᠣᠷᠢᠳᠣᠭᠤᠯᠣᠭᠰᠠᠨ ᠤᠯᠤᠰ ᠤᠨ ᠠᠪᠣᠷᠭᠤ ᠰᠢᠯᠭᠠᠷᠠᠭᠤᠯᠬᠤ ᠪᠤᠶᠤ ᠤᠯᠤᠰ ᠤᠨ ᠶᠡᠭᠡ ᠪᠠᠶᠠᠷ | ᠨᠠᠭᠠᠳᠤᠮ᠂ ᠤᠯᠤᠰ ᠤᠨ ᠲᠡᠮᠡᠴᠡᠭᠡᠨ ᠤ ᠰᠣᠷ ᠤᠨ ᠬᠠᠷᠪᠤᠯᠳᠠ ᠡᠬᠢᠯᠡᠬᠦ ᠳᠡᠮᠡᠴᠡᠭᠡᠨ᠂ ᠣᠯᠣᠰ ᠤᠨ ᠰᠣᠷ ᠤᠨ | ᠣᠣᠬᠠᠳ ᠬᠠᠷᠪᠤᠯᠳᠠ ︵ᠬᠠᠭᠠᠯᠳᠠ︶ ᠶᠢᠨ ᠳᠡᠮᠡᠴᠡᠭᠡᠨ ᠨᠦᠭᠦᠳ ᠲᠤ ᠳᠡᠬᠡᠷ᠎ᠡ ᠳᠤᠷᠡᠳᠤᠭᠰᠡᠨ ᠨᠤᠷᠮ᠎ᠠ ᠶᠢᠨ | ᠪᠡᠶᠡᠯᠡᠬᠦᠯᠪᠡᠯ ᠪᠡᠶ᠎ᠡ ᠶᠢᠨ ᠲᠠᠮᠢᠷ ᠰᠫᠤᠷᠲ ᠤᠨ ᠲᠦᠪ ᠪᠠᠶᠢᠭᠤᠯᠭ᠎ᠠ ᠰᠣᠷ ᠤᠨ ᠬᠤᠯᠪᠣᠭᠠᠨ ᠤ ᠲᠣᠳᠣᠷᠬᠠᠶᠢᠯᠠᠯᠳᠠ ᠪᠠᠷ | ᠤᠯᠭᠤᠳᠠᠭ᠃ ᠠᠶᠢᠮᠠᠭ ᠬᠤᠳᠠ ᠶᠢᠨ ᠳᠡᠮᠡᠴᠡᠭᠡᠨ ᠳᠤ ᠳᠡᠭᠡᠷᠡᠬᠢ ᠨᠤᠷᠮ᠎ᠠ ᠶᠢ ᠪᠡᠶᠡᠯᠡᠬᠦᠯᠪᠡᠯ ᠤᠯᠤᠰ ᠤᠨ ᠬᠤᠶᠠᠷ | ᠭᠤᠷᠪᠠᠳᠤᠭᠠᠷ ᠵᠡᠷᠬᠡ ᠴᠤᠯᠠ ᠠᠶᠢᠮᠠᠭ ᠬᠤᠲᠠ ᠶᠢᠨ ᠠᠪᠤᠷᠭᠤ ᠴᠤᠯᠠ ᠣᠯᠭᠤᠲᠠᠭ᠃ | ᠤᠯᠤᠰ ᠳᠠᠶᠠᠭᠠᠷ ᠳᠠᠷᠬᠠᠨ ᠮᠡᠷᠭᠡᠨ ᠤᠯᠤᠰ ᠤᠨ ᠳᠡᠮᠡᠴᠡᠭᠡᠨ ᠤ ᠳᠠᠷᠠᠭ᠎ᠠ ᠪᠠᠷ ᠭᠤᠷᠪᠠ ᠤᠳᠠᠭ᠎ᠠ | ᠲᠦᠷᠦᠭᠦᠯᠡᠭᠰᠡᠨ ᠬᠦᠮᠦᠰ ︵ᠪᠤᠶᠤ ᠪᠠᠭ︶ ᠲᠤ ᠣᠯᠣᠰ ᠳᠠᠶᠠᠭᠠᠷ ᠳᠠᠷᠬᠠᠨ ᠮᠡᠷᠭᠡᠨ ᠴᠤᠯᠠ᠂ ᠠᠯᠲᠠᠨ ᠮᠧᠳᠡᠯ | ᠤᠯᠭᠤᠳᠠᠭ᠃ | ᠤᠯᠤᠰ ᠤᠨ ᠲᠠᠶᠠᠩ ᠮᠡᠷᠭᠡᠨ ᠤᠯᠤᠰ ᠤᠨ ᠲᠡᠮᠡᠴᠡᠬᠡᠨ ᠳᠤ ᠳᠠᠷᠠᠭ᠎ᠠ ᠪᠠᠷ ᠪᠤᠰᠤ ᠪᠤᠯᠪᠠᠴᠤ ᠭᠤᠷᠪᠠ | ᠤᠳᠠᠭ᠎ᠠ ᠲᠦᠷᠦᠭᠦᠯᠡᠭᠰᠡᠨ ᠬᠦᠮᠦᠰ ︵ᠪᠤᠶᠤ ᠪᠠᠭ︶ ᠲᠤ ᠣᠯᠣᠰ ᠤᠨ ᠲᠠᠶᠠᠩ ᠮᠡᠷᠭᠡᠨ ᠴᠣᠯᠠ᠂ ᠠᠯᠲᠠᠨ ᠮᠧᠳᠡᠯ | ᠣᠯᠭᠤᠳᠠᠭ᠃ | ᠣᠯᠣᠰ ᠤᠨ ᠭᠠᠷᠮᠠᠭᠠᠢ ᠮᠡᠷᠭᠡᠨ ᠤᠯᠤᠰ ᠤᠨ ᠳᠡᠮᠡᠴᠡᠭᠡᠨ ᠳᠤ ᠬᠤᠶᠠᠷ ᠤᠳᠠᠭ᠎ᠠ ᠳᠦᠷᠦᠭᠦᠯᠡᠪᠡᠯ ᠤᠯᠤᠰ | ᠤᠨ ᠭᠠᠷᠮᠠᠭᠠᠢ ᠮᠡᠷᠭᠡᠨ ᠴᠣᠯᠠ᠂ ᠠᠯᠳᠠᠨ ᠮᠧᠳᠠᠯ ᠤᠯᠭᠤᠳᠠᠭ᠃ | ᠤᠯᠤᠰ ᠤᠨ ᠮᠡᠷᠭᠡᠨ ᠤᠯᠤᠰ ᠤᠨ ᠳᠡᠮᠡᠴᠡᠭᠡᠨ ᠳᠤ ᠨᠢᠭᠡ ᠤᠳᠠᠭ᠎ᠠ ᠳᠦᠷᠦᠬᠦᠯᠡᠭᠰᠡᠨ ᠬᠦᠮᠦᠰ ᠲᠤ ᠤᠯᠤᠰ | ᠤᠨ ᠮᠡᠷᠭᠡᠨ ᠴᠤᠯᠠ᠂ ᠠᠯᠳᠠᠨ ᠮᠧᠳᠠᠯ ᠤᠯᠭᠤᠳᠠᠭ᠃ | ᠰᠫᠤᠷᠲ ᠤᠨ ᠮᠠᠰᠲ᠋ᠧᠷ ᠤᠯᠤᠰ ᠤᠨ ᠲᠡᠮᠡᠴᠡᠭᠡᠨ ᠳᠤ ᠬᠠᠷᠪᠤᠭᠰᠠᠨ ᠰᠤᠮᠤ ᠶᠢᠨ ᠢᠶᠠᠨ ᠤᠨᠤᠭ᠎ᠠ ᠪᠠᠷ | 70% ᠶᠢᠨ ᠠᠮᠵᠢᠯᠳᠠ ᠦᠵᠡᠭᠦᠯᠦᠭᠰᠡᠨ ᠬᠦᠮᠦᠰ ᠲᠤ ᠰᠫᠤᠷᠲ ᠤᠨ ᠮᠠᠰᠲ᠋ᠧᠷ ᠵᠡᠷᠭᠡ ᠣᠯᠭᠤᠳᠠᠭ᠃ | ᠨᠢᠭᠢᠳᠦᠭᠡᠷ ᠵᠡᠷᠭᠡ ᠶᠢᠨ ᠰᠤᠷᠴᠢᠨ ᠤᠯᠤᠰ ᠤᠨ ᠲᠡᠮᠡᠴᠡᠭᠡᠨ ᠳᠤ 60% ᠶᠢᠨ ᠠᠮᠵᠢᠯᠳᠠ | ᠦᠵᠡᠭᠦᠯᠦᠭᠰᠡᠨ ᠬᠦᠮᠦᠰ ᠲᠤ ᠨᠢᠭᠡᠳᠦᠭᠡᠷ ᠵᠡᠷᠭᠡ ᠶᠢᠨ ᠰᠤᠷᠴᠢᠨ ᠵᠡᠷᠭᠡ ᠣᠯᠭᠤᠳᠠᠭ᠃ | ᠬᠤᠶᠠᠳᠤᠭᠠᠷ ᠵᠡᠷᠭᠡ ᠶᠢᠨ ᠰᠤᠷᠴᠢᠨ ᠤᠯᠤᠰ ᠤᠨ ᠲᠡᠮᠡᠴᠡᠭᠡᠨ ᠳᠤ 55% ᠶᠢᠨ ᠠᠮᠵᠢᠯᠲᠠ | ᠦᠵᠡᠭᠦᠯᠦᠭᠰᠡᠨ ᠬᠦᠮᠦᠰ ᠲᠤ ᠬᠤᠶᠠᠳᠤᠭᠠᠷ ᠵᠡᠷᠭᠡ ᠶᠢᠨ ᠰᠤᠷᠴᠢᠨ ᠵᠡᠷᠭᠡ ᠣᠯᠭᠤᠳᠠᠭ᠃ | ᠭᠤᠷᠪᠠᠳᠤᠭᠠᠷ ᠵᠡᠷᠭᠡ ᠶᠢᠨ ᠰᠤᠷᠴᠢᠨ ᠤᠯᠤᠰ ᠤᠨ ᠲᠡᠮᠡᠴᠡᠭᠡᠨ ᠳᠤ 50% ᠶᠢᠨ ᠠᠮᠵᠢᠯᠲᠠ | ᠦᠵᠡᠭᠦᠯᠦᠭᠰᠡᠨ ᠬᠦᠮᠦᠰ ᠲᠤ ᠭᠤᠷᠪᠠᠳᠤᠭᠠᠷ ᠵᠡᠷᠭᠡ ᠶᠢᠨ ᠰᠤᠷᠴᠢᠨ ᠵᠡᠷᠭᠡ ᠣᠯᠭᠤᠳᠠᠭ᠃ | ᠰᠤᠷ ᠬᠠᠷᠪᠤᠯᠲᠠ ᠶᠢᠨ ᠴᠡᠭᠡᠷ ᠶᠤᠰᠤᠨ ᠰᠤᠷ ᠬᠠᠷᠪᠤᠬᠤ ᠳᠤ ᠬᠤᠯᠪᠤᠭᠳᠠᠬᠤ ᠠᠯᠢ ᠤᠯᠠᠨ ᠬᠤᠷᠢᠭ᠎ᠠ | ᠴᠡᠭᠡᠷ᠃ ᠡᠭᠦᠨ ᠳᠤ ᠨᠤᠮᠤ ᠰᠤᠮᠤ ᠤᠨ ᠳᠡᠭᠡᠭᠦᠷ ᠠᠯᠬᠤᠵᠤ ᠪᠤᠯᠬᠤ ᠦᠭᠡᠢ᠂ ᠨᠤᠬᠠᠢ ᠮᠤᠷᠢᠨ ᠤ ᠵᠦᠭ ᠰᠤᠮᠤ | ᠤᠨᠢᠯᠠᠵᠤ ᠪᠤᠯᠬᠤ ᠦᠭᠡᠢ᠂ ᠴᠢᠭᠢᠭ ᠨᠤᠶᠢᠳᠠᠨ ᠳᠤ ᠨᠤᠮᠤ ᠪᠠᠨ ᠲᠠᠯᠪᠢᠬᠤ ᠦᠭᠡᠢ᠂ ᠴᠢᠨᠤ ᠮᠢᠨᠤ ᠦᠭᠡᠢ ᠳᠤᠷ᠎ᠠ ᠪᠠᠷ | ᠵᠠᠷᠤᠬᠤ ᠦᠭᠡᠢ᠂ ᠠᠶᠢᠯ ᠭᠡᠷ ᠲᠤ ᠪᠠᠭᠤᠬᠤ ᠳᠠᠭᠠᠨ ᠠᠬᠠᠰ ᠵᠠᠬᠠᠰ ᠢᠶᠠᠨ ᠬᠦᠨᠳᠦᠳᠭᠡᠵᠦ ᠠᠭᠰᠠᠵᠤ ᠡᠭᠦᠷᠦᠭᠰᠡᠨ | ᠰᠠᠭᠠᠳᠠᠭ ᠢᠶᠠᠨ ᠠᠪᠴᠤ ᠲᠠᠯᠪᠢᠳᠠᠭ ᠵᠡᠷᠭᠡ ᠶᠣᠰᠣᠨ ᠪᠣᠢ᠃ ᠰᠣᠷᠴᠢᠳ ᠪᠠᠰᠠ ᠵᠢᠯ ᠴᠠᠭᠠᠨ ᠰᠠᠷ᠎ᠠ ᠳᠤ ᠨᠣᠮᠣ ᠰᠣᠮᠣ | ᠪᠠᠨ ᠠᠷᠢᠭᠤᠯᠠᠨ ᠲᠠᠬᠢᠳᠠᠭ ᠵᠠᠩᠰᠢᠯ ᠲᠠᠢ᠃ ᠠᠯᠳᠠᠷᠲᠤ ᠰᠣᠷᠴᠢᠨ ᠠᠯᠤᠰ ᠭᠠᠵᠠᠷ ᠤᠨ ᠶᠡᠭᠡ ᠮᠦᠷᠦᠶᠢᠴᠡᠭᠡᠨ ᠨᠠᠶᠢᠷ | ᠲᠤ ᠶᠠᠪᠤᠬᠤ ᠳᠠᠭᠠᠨ ᠰᠢᠳᠦᠭᠡᠨ ᠯᠠᠮᠠ ᠵᠠᠯᠠᠵᠤ ᠠᠭᠤᠯᠠ ᠲᠠᠬᠢᠵᠤ ᠷᠠᠰᠢᠶᠠᠯᠠᠨ ᠪᠡᠶ᠎ᠡ ᠠᠷᠢᠭᠤᠳᠬᠠᠵᠤ ᠮᠤᠷᠳᠤᠳᠠᠭ᠃ |