ᠬᠡᠤᠬᠡᠤᠨ ᠤᠨ ᠵᠠᠩ ᠠᠭᠠᠰᠢ ᠶᠢ ᠲᠠᠮᠢᠷ ᠤᠨ ᠬᠥᠳᠡᠯᠬᠡᠬᠡᠨ ᠨᠥᠯᠤᠬᠡᠯᠡᠳᠡᠭ
ᠨᠡᠶᠢᠲᠡᠯᠡᠭᠰᠡᠨ ᠴᠠᠭ᠄
2022/7/21
    ᠵᠠᠩ ᠠᠭᠠᠰᠢ ᠶᠢ ᠵᠤᠬᠢᠬᠤ ᠲᠠᠯ᠎ᠠ ᠪᠠᠷ ᠨᠥᠯᠤᠬᠡᠯᠡᠳᠡᠭ ᠪᠠᠶᠢᠨ᠎ᠠ᠃ ᠲᠠᠮᠢᠷ ᠤᠨ ᠬᠥᠳᠡᠯᠬᠡᠬᠡᠨ ᠤ ᠲᠤᠬᠠᠢ ᠰᠤᠳᠤᠯᠭᠠᠨ ᠳᠤ ᠬᠡᠷᠡᠴᠢᠯᠡᠭᠰᠡᠨ ᠢᠶᠠᠷ᠂ ᠡᠯ᠎ᠡ ᠲᠥᠷᠤᠯ ᠤᠨ ᠲᠠᠮᠢᠷ ᠤᠨ ᠬᠥᠳᠡᠯᠬᠡᠬᠡᠨ ᠳᠤ ᠢᠳᠡᠪᠬᠢᠳᠠᠢ ᠤᠷᠤᠯᠴᠠᠬᠤ ᠨᠢ ᠥᠪᠡᠷ ᠢ ᠪᠠᠨ ᠡᠵᠡᠮᠳᠡᠭᠦ ᠴᠢᠳᠠᠪᠤᠷᠢ᠂ ᠢᠳᠡᠬᠡᠯ ᠵᠤᠷᠢᠭ ᠢ ᠡᠷᠴᠢᠯᠡᠬᠦ ᠳᠤ ᠨᠥᠯᠤᠬᠡ ᠥᠵᠡᠬᠦᠯᠤᠨ ᠪᠠᠭ᠎ᠠ ᠨᠠᠰᠤᠨ ᠤ ᠬᠡᠤᠬᠡᠤᠨ ᠤᠨ ᠡᠷᠡᠬᠦᠯ ᠰᠠᠷᠠᠭᠤᠯ ᠵᠠᠩ ᠴᠢᠨᠠᠷ ᠲᠠᠢ ᠪᠤᠯᠤᠨ ᠬᠥᠮᠤᠵᠢᠬᠦ ᠳᠤ ᠮᠠᠰᠢ ᠲᠤᠰᠠᠳᠠᠢ ᠪᠤᠯᠬᠤᠷ ᠲᠠᠮᠢᠷ ᠤᠨ ᠬᠥᠳᠡᠯᠬᠡᠬᠡᠨ ᠤ ᠪᠤᠯᠪᠠᠰᠤᠷᠠᠯ ᠢ ᠬᠡᠤᠬᠡᠤᠨ ᠪᠠᠭᠠᠴᠤᠤᠨ ᠲᠤ ᠢᠯᠡᠬᠦᠬᠡᠨ ᠬᠢᠯᠬᠡᠵᠤ ᠲᠠᠰᠬᠠᠯᠵᠢᠭᠤᠯᠪᠠᠯ ᠵᠤᠬᠢᠨ᠎ᠠ᠃ ᠬᠥᠯ ᠪᠥᠮᠪᠦᠭᠡ᠂ ᠠᠯᠠᠭᠠᠳᠠᠬᠤ ᠪᠥᠮᠪᠦᠭᠡ᠂ ᠬᠥᠴᠤᠨ ᠵᠠᠯᠭᠠᠵᠤ ᠬᠥᠶᠤᠬᠦ᠂ ᠲᠡᠬᠡᠰᠤ ᠲᠠᠳᠠᠬᠤ ᠵᠡᠷᠬᠡ ᠬᠠᠮᠳᠤ ᠨᠡᠶᠢᠳᠡᠴᠢ ᠴᠢᠨᠠᠷ ᠲᠠᠢ ᠬᠥᠳᠡᠯᠬᠡᠬᠡᠨ ᠳᠤ ᠤᠷᠤᠯᠴᠠᠪᠠᠯ ᠭᠠᠭᠴᠠᠭᠠᠷᠳᠠᠮᠠᠯ᠂ ᠵᠥᠷᠢᠬᠦᠤᠨ ᠵᠠᠩ ᠠᠭᠠᠰᠢ ᠶᠢ ᠰᠠᠶᠢᠵᠢᠷᠠᠭᠤᠯᠵᠤ ᠨᠠᠶᠢᠵᠠ ᠨᠥᠬᠦᠤᠨ ᠲᠠᠢ ᠪᠠᠨ ᠬᠠᠷᠢᠴᠠᠭ᠎ᠠ ᠪᠠᠨ ᠪᠠᠳᠤᠳᠬᠠᠵᠤ᠂ ᠪᠥᠯᠬᠦᠮᠳᠡᠵᠤ ᠴᠢᠳᠠᠨ᠎ᠠ᠃ ᠤᠰᠤᠨ ᠳᠤ ᠤᠮᠪᠠᠭ᠋ᠤ᠂ ᠮᠥᠰᠤᠨ ᠳᠤ ᠲᠠᠰᠢᠬᠤ᠂ ᠨᠢᠳᠤᠷᠭᠠᠨ ᠲᠡᠮᠡᠴᠡᠬᠡᠨ᠂ ᠪᠥᠬᠡ ᠪᠠᠷᠢᠯᠳᠤᠬᠤ᠂ ᠲᠠᠩ ᠬᠤᠤᠰ ᠰᠠᠪᠠᠯᠠᠭᠤᠷ ᠵᠢᠴᠢ ᠬᠤᠯᠠ ᠬᠠᠷᠠᠶᠢᠯᠳᠠ ᠶᠢᠨ ᠲᠠᠮᠢᠷ ᠤᠨ ᠬᠥᠳᠡᠯᠬᠡᠬᠡᠨ ᠨᠢ ᠬᠠᠷᠰᠢ ᠰᠠᠭᠠᠤᠨ ᠢ ᠲᠤᠭᠤᠯᠬᠤ ᠡᠷᠡᠮᠡᠬᠡᠢ ᠵᠤᠷᠢᠭ ᠲᠠᠢ ᠪᠤᠯᠭᠠᠵᠤ ᠢᠴᠢᠮᠡᠳᠡᠬᠡᠢ ᠪᠥᠷᠦᠭ ᠵᠠᠩ ᠢᠶᠠᠨ ᠬᠠᠯᠠᠬᠤ ᠳᠤ ᠰᠠᠶᠢᠨ ᠨᠥᠯᠤᠬᠡ ᠲᠠᠢ᠂ ᠫᠢᠡᠭᠫᠤᠡᠭ ᠪᠥᠮᠪᠦᠭᠡ᠂ ᠲᠤᠤᠷ ᠪᠥᠮᠪᠦᠭᠡ᠂ ᠥᠳᠤᠨ ᠪᠥᠮᠪᠦᠭᠡ᠂ ᠥᠨᠳᠤᠷ ᠥᠰᠤᠷᠬᠦ᠂ ᠬᠤᠯᠠ ᠬᠠᠷᠠᠶᠢᠬᠤ ᠨᠢ ᠠᠵᠢᠯ ᠶᠠᠪᠤᠳᠠᠯ ᠬᠢᠬᠦ ᠳᠤ ᠡᠷᠡᠰ ᠲᠠᠰᠤᠷᠬᠠᠢ ᠥᠪᠡᠷᠮᠢᠴᠡ ᠴᠢᠨᠠᠷ ᠢ ᠬᠥᠮᠤᠵᠢᠬᠦᠯᠬᠦ ᠳᠤ ᠠᠴᠢ ᠲᠤᠰᠠᠳᠠᠢ᠂ ᠰᠢᠳᠠᠷ᠎ᠠ ᠲᠠᠯᠪᠢᠬᠤ᠂ ᠤᠳᠠᠭᠠᠨ ᠬᠥᠶᠤᠬᠦ᠂ ᠬᠤᠯᠠ ᠠᠯᠬᠤᠬᠤ ᠨᠢ ᠥᠪᠡᠷ ᠢ ᠪᠠᠨ ᠡᠵᠡᠮᠳᠡᠭᠦ ᠬᠥᠯᠢᠴᠡᠩᠭᠦᠢ ᠯᠠᠪᠳᠠᠭᠤᠨ ᠵᠠᠩ ᠠᠭᠠᠰᠢ ᠶᠢ ᠪᠤᠢ ᠪᠤᠯᠭᠠᠨ᠎ᠠ᠃ ᠬᠡᠪ ᠴᠢᠨᠠᠷ ᠤᠨ ᠪᠤᠯᠪᠠᠰᠤᠷᠠᠯ ᠤᠤᠷ ᠴᠢᠳᠠᠪᠤᠷᠢ ᠶᠢ ᠬᠥᠮᠤᠵᠢᠬᠦᠯᠬᠦ ᠳᠤ ᠬᠥᠴᠤ ᠲᠠᠯᠪᠢᠭ᠎ᠠ ᠤᠳᠤ ᠴᠠᠭ ᠤᠨ ᠬᠡᠷ ᠤᠨ ᠠᠬᠠᠮᠠᠤᠨ ᠨᠠᠷ ᠬᠡᠤᠬᠡᠤᠨ ᠢᠶᠠᠨ ᠪᠢᠳᠡᠬᠡᠢ ᠠᠩᠭ᠍ᠯᠢ ᠬᠡᠯᠡ᠂ ᠬᠥᠭᠵᠢᠮ᠂ ᠺᠤᠮᠫᠢᠦ᠋ᠲ᠋ᠧᠷ ᠲᠤ ᠤᠶᠠᠭᠠᠤᠨ ᠪᠠᠶᠢᠭᠠᠷᠠᠢ︕ ᠡᠯ᠎ᠡ ᠲᠥᠷᠤᠯ ᠤᠨ ᠲᠠᠮᠢᠷ ᠤᠨ ᠬᠥᠳᠡᠯᠬᠡᠬᠡᠨ ᠳᠤ ᠢᠳᠡᠪᠬᠢᠳᠠᠢ ᠤᠷᠤᠯᠴᠠᠭᠤᠯᠵᠤ᠂ ᠡᠷᠡᠬᠦᠯ ᠴᠢᠬᠢᠷᠠᠭ᠂ ᠰᠠᠶᠢᠨ ᠰᠠᠶᠢᠬᠠᠨ ᠵᠠᠩ ᠠᠭᠠᠰᠢ ᠲᠠᠢ ᠪᠤᠯᠭᠠᠨ ᠬᠥᠮᠤᠵᠢᠬᠦᠯᠤᠬᠡᠷᠡᠢ︕
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号