ᠤᠳᠠᠭᠠᠠ ᠰᠠᠭᠤᠬᠤ ᠠᠴᠠ ᠪᠣᠯᠵᠤ ᠨᠢᠷᠤᠭᠤ ᠭᠥᠯ ᠲᠡᠯᠡᠵᠤ ᠡᠪᠠᠳᠪᠡᠯ ᠭᠦᠴᠦᠳᠡᠢ ᠲᠠᠮᠢᠷ ᠭᠢᠵᠤ ᠪᠣᠯᠬᠤ ᠦᠭᠡᠢ
ᠨᠡᠶᠢᠲᠡᠯᠡᠭᠰᠡᠨ ᠴᠠᠭ᠄
2022/7/21
    ᠤᠷᠳᠤ ᠬᠤᠭᠤᠴᠠᠭ᠎ᠠ ᠪᠠᠷ ᠺᠣᠮᠫᠢᠦ᠋ᠲ᠋ᠧᠷ ᠤᠨ ᠡᠮᠦᠨ᠎ᠠ ᠠᠵᠢᠯᠯᠠᠭᠰᠠᠳ ᠬᠢᠭᠡᠳ ᠲᠠᠩᠰᠠ ᠡᠪᠭᠡᠮᠡᠯ ᠤᠨ ᠠᠵᠢᠯ ᠭᠢᠭᠰᠡᠳ ᠦᠷᠭᠦᠯᠵᠢ ᠨᠢᠷᠤᠭᠤ ᠭᠥᠯ ᠡᠪᠠᠳᠭᠦ ᠪᠤᠶᠤ ᠭᠤᠣᠯ ᠨᠢᠷᠤᠭᠤᠠ ᠤ ᠶᠠᠰᠤ ᠨᠢ ᠮᠡᠳᠡᠷᠡᠯ ᠢ ᠲᠠᠷᠤᠭᠰᠠᠨ ᠠᠴᠠ ᠪᠣᠯᠵᠤ᠂ ᠨᠢᠷᠤᠭᠤ ᠨᠢ ᠰᠠᠴᠤᠷᠠᠭ ᠴᠢᠳᠠᠪᠭᠢ ᠴᠢᠨᠠᠷ ᠲᠠᠢ ᠪᠠᠷ ᠡᠪᠠᠳᠭᠦ ᠪᠣᠯᠤᠨ᠎ᠠ᠃ ᠡᠶᠢᠮᠦ ᠪᠠᠶᠢᠳᠠᠯ ᠢᠯᠡᠷᠡᠪᠡᠯ᠂ ᠮᠠᠰᠢ ᠣᠯᠠᠠ ᠬᠦᠮᠦᠰ ᠥᠪᠠᠷ ᠢᠶᠠᠨ ᠲᠠᠮᠢᠷ ᠭᠢᠭᠦ ᠪᠠᠷ ᠲᠠᠮᠵᠢᠠ ᠪᠠᠶᠢᠳᠠᠯ ᠢᠶᠠᠨ ᠨᠠᠮᠳᠠᠭᠤᠯᠳᠠᠭ᠂ ᠭᠡᠪᠡᠴᠤ ᠵᠠᠷᠢᠮ ᠳᠠᠭᠠᠨ ᠬᠠᠷᠢᠠ ᠡᠰᠡᠷᠭᠦ ᠦᠢᠯᠡᠳᠦᠯ ᠭᠠᠷᠳᠠᠭ ᠪᠠᠶᠢᠨ᠎ᠠ᠃     ᠵᠢᠱᠢᠶᠠᠯᠠᠪᠠᠯ᠄ ᠵᠠᠷᠢᠮ ᠬᠦᠮᠦᠰ ᠤᠷᠳᠤ ᠬᠤᠭᠤᠴᠠᠭ᠎ᠠ ᠪᠠᠷ ᠰᠠᠭᠤᠵᠤ ᠠᠵᠢᠯᠯᠠᠭᠰᠠᠨ ᠠᠴᠠ ᠪᠣᠯᠵᠤ ᠨᠢᠷᠤᠭᠤ ᠨᠢ ᠰᠠᠴᠤᠷᠠᠭ ᠴᠢᠳᠠᠪᠭᠢ ᠴᠢᠨᠠᠷ ᠲᠠᠢ ᠪᠠᠷ ᠡᠪᠠᠳᠭᠦ ᠪᠣᠯᠤᠨ᠎ᠠ᠂ ᠡᠨᠡ ᠦᠶ᠎ᠠ ᠳᠤ ᠲᠡᠳᠡᠡ ᠡᠳᠦᠷ ᠪᠦᠷᠢ ᠥᠷᠯᠥᠭᠡ ᠪᠤᠰᠤᠭᠰᠠᠨ ᠤ ᠪᠠᠨ ᠲᠠᠷᠠᠭ᠎ᠠ ᠨᠢᠷᠤᠭᠤ ᠪᠠᠨ ᠨᠠᠰᠢ ᠴᠠᠰᠢ ᠮᠣᠰᠭᠢᠬᠤ᠂ ᠲᠦᠷᠭᠡᠠ ᠰᠠᠭᠤᠵᠤ ᠪᠣᠰᠬᠤ ᠵᠡᠷᠭᠡ ᠭᠥᠳᠠᠯᠭᠡᠭᠡᠠ ᠭᠢᠵᠤ᠂ ᠨᠢᠷᠤᠭᠤ ᠡᠪᠠᠳᠭᠦ ᠪᠠᠶᠢᠳᠠᠯ ᠢᠶᠠᠨ ᠨᠠᠮᠳᠠᠭᠤᠯᠬᠤ ᠪᠠᠷ ᠴᠢᠷᠮᠠᠶᠢᠳᠠᠭ᠃ ᠭᠡᠳᠡᠯ᠎ᠠ ᠡᠪᠠᠳᠭᠦ ᠪᠠᠶᠢᠳᠠᠯ ᠨᠢ ᠰᠠᠶᠢᠠ ᠪᠣᠯᠬᠤ ᠦᠭᠡᠢ ᠪᠠᠷ ᠬᠠᠷᠢᠠ ᠡᠪᠠᠳᠭᠦ ᠨᠢ ᠨᠡᠩ ᠴᠤ ᠭᠦᠨᠳᠦᠷᠴᠤ᠂ ᠨᠢᠷᠤᠭᠤ ᠠᠴᠠ ᠭᠥᠯ ᠭᠦᠷᠳᠡᠯ᠎ᠠ ᠮᠢᠨᠴᠦᠭᠦᠷᠡᠵᠦ ᠡᠪᠠᠳᠭᠦ ᠪᠠᠶᠢᠳᠠᠯ ᠭᠠᠷᠳᠠᠭ᠃ ᠡᠶᠢᠮᠦ ᠪᠠᠶᠢᠳᠠᠯ ᠭᠠᠷᠤᠭᠰᠠᠨ ᠨᠢ ᠲᠠᠷᠤᠢ ᠲᠠᠮᠢᠷ ᠤᠨ ᠭᠥᠳᠠᠯᠭᠡᠭᠡᠠ ᠢ  ᠵᠥᠪ  ᠭᠢᠭᠰᠡᠡ  ᠦᠭᠡᠢ  ᠠᠴᠠ  ᠪᠣᠯᠵᠤ  ᠨᠢᠷᠤᠭᠤᠠ  ᠤ  ᠪᠠᠭ᠎ᠠ  ᠦᠶ᠎ᠠ  ᠭᠡᠰᠢᠭᠦᠦ ᠶᠢ ᠭᠡᠮᠳᠦᠭᠡᠭᠰᠡᠡ ᠪᠠᠶᠢᠨ᠎ᠠ᠃     ᠡᠶᠢᠮᠦ ᠠᠴᠠ᠂ ᠤᠷᠳᠤ ᠬᠤᠭᠤᠴᠠᠭ᠎ᠠ ᠪᠠᠷ ᠰᠠᠭᠤᠵᠤ ᠠᠵᠢᠯᠯᠠᠭᠰᠠᠨ ᠠᠴᠠ ᠪᠣᠯᠵᠤ ᠨᠢᠷᠤᠭᠤ ᠡᠪᠠᠳᠭᠦ ᠪᠠᠶᠢᠳᠠᠯ ᠢᠯᠡᠷᠡᠭᠰᠡᠡ ᠬᠦᠮᠦᠰ ᠰᠣᠬᠤᠷ ᠪᠠᠯᠠᠢ ᠪᠠᠷ ᠲᠤᠷ᠎ᠠ ᠪᠠᠷ ᠢᠶᠠᠨ ᠲᠠᠮᠢᠷ ᠤᠨ ᠭᠥᠳᠠᠯᠭᠡᠭᠡᠠ ᠭᠢᠵᠤ ᠪᠣᠯᠬᠤ ᠦᠭᠡᠢ᠂ ᠬᠠᠷᠢᠠ ᠡᠮᠴᠢ ᠠᠴᠠ ᠠᠰᠠᠭᠤᠵᠤ ᠡᠮᠴᠢ ᠶᠢᠨ ᠵᠢᠯᠣᠭᠤᠳᠤᠯᠭ᠎ᠠ ᠪᠠᠷ ᠲᠠᠮᠢᠷ ᠤᠨ ᠭᠥᠳᠠᠯᠭᠡᠭᠡᠠ ᠭᠢᠭᠦ ᠭᠡᠷᠡᠭᠳᠡᠢ᠃     ᠡᠩ ᠤᠨ ᠪᠠᠶᠢᠳᠠᠯ ᠤᠨ ᠲᠤᠤᠷ᠎ᠠ᠂ ᠥᠪᠠᠷ ᠤᠨ ᠮᠠᠭᠤ ᠲᠠᠳᠬᠠᠯ ᠢᠶᠠᠨ ᠥᠭᠡᠷᠡᠴᠢᠯᠡᠵᠤ᠂ ᠪᠡᠶ᠎ᠠ ᠴᠣᠭᠴᠠ ᠶᠢᠨ ᠪᠠᠶᠢᠳᠠᠯ ᠢᠶᠠᠨ ᠦᠨᠳᠦᠰᠦᠯᠡᠡ ᠨᠢᠷᠤᠭᠤ ᠪᠣᠯᠴᠢᠩ ᠤᠨ ᠭᠦᠴᠦᠯᠡᠭᠦ ᠴᠢᠨᠠᠷ ᠲᠠᠢ ᠪᠠ ᠲᠣᠭᠳᠠᠪᠤᠷᠢᠵᠢᠭᠤᠯᠬᠤ ᠴᠢᠨᠠᠷ ᠲᠠᠢ ᠪᠣᠯᠪᠠᠰᠤᠷᠠᠯᠳᠠ ᠶᠢ ᠭᠢᠵᠤ᠂ ᠰᠢᠨᠵᠢᠯᠡᠭᠦ ᠤᠬᠠᠭᠠᠨᠴᠢ ᠵᠦᠢ ᠵᠣᠭᠢᠰᠳᠠᠢ ᠪᠠᠷ ᠲᠠᠳᠠᠵᠤ ᠰᠤᠨᠤᠭᠠᠬᠤ ᠭᠥᠳᠠᠯᠭᠡᠭᠡᠠ ᠭᠢᠭᠦ ᠭᠡᠷᠡᠭᠳᠡᠢ᠃     ᠨᠢᠷᠤᠭᠤ ᠪᠣᠯᠴᠢᠩ ᠤᠨ ᠪᠣᠯᠪᠠᠰᠤᠷᠠᠯ ᠭᠢᠭᠦ ᠳᠡᠭᠡᠨ ᠬᠤᠶᠠᠷ ᠭᠠᠷ ᠢᠶᠠᠨ ᠰᠣᠨᠣᠭᠠᠬᠤ᠂ ᠭᠥᠯ ᠢᠶᠠᠨ ᠠᠷᠤᠨᠰᠢ ᠪᠠᠨ ᠰᠤᠨᠤᠭᠠᠬᠤ ᠵᠡᠷᠭᠡ ᠭᠥᠳᠠᠯᠭᠡᠭᠡᠠ ᠭᠢᠵᠤ ᠪᠣᠯᠤᠨ᠎ᠠ᠃ ᠴᠢᠳᠠᠬᠤ ᠶᠢᠨ ᠲᠤᠳᠤᠷ᠎ᠠ ᠠᠭᠠᠵᠢᠮ ᠭᠥᠳᠡᠯᠭᠡᠭᠡᠠ ᠭᠢᠵᠤ᠂ ᠴᠠᠭ ᠢ ᠨᠢ ᠤᠷᠳᠤᠳᠬᠠᠬᠤ ᠭᠡᠷᠡᠭᠳᠡᠢ᠃     ᠪᠠᠰᠠ ᠭᠡᠪᠳᠡᠬᠦ ᠪᠠᠶᠢᠳᠠᠯ ᠤᠨ ᠲᠤᠤᠷ᠎ᠠ᠂ ᠤᠷᠢᠳᠴᠢᠯᠠᠠ ᠰᠡᠷᠭᠡᠶᠢᠯᠡᠬᠦ ᠴᠢᠨᠠᠷ ᠲᠠᠢ ᠰᠤᠨᠤᠭᠠᠬᠤ ᠲᠠᠮᠢᠷ ᠭᠢᠵᠤ᠂ ᠪᠣᠯᠴᠢᠩ ᠰᠢᠷᠪᠤᠰᠤ ᠶᠢᠨ ᠬᠠᠷᠢᠮᠠᠬᠠᠢ ᠴᠢᠨᠠᠷ ᠢ ᠬᠠᠳᠠᠭᠠᠯᠠᠵᠤ ᠪᠣᠯᠤᠨ᠎ᠠ᠃ ᠨᠢᠭᠡᠳᠦᠭᠡᠷ ᠠᠯᠬᠤᠮ ᠳᠤ᠂ ᠭᠥᠯ ᠢᠶᠠᠨ ᠮᠣᠷᠦ᠋ᠢᠯᠭᠠᠵᠤ᠂ ᠬᠤᠶᠠᠷ ᠭᠠᠷ ᠢᠶᠠᠷ ᠢᠶᠠᠨ ᠡᠪᠦᠳᠦᠭ ᠢᠶᠠᠨ ᠲᠡᠪᠡᠷᠢᠵᠤ᠂ ᠲᠤᠳᠤᠭᠰᠢ ᠪᠠᠨ ᠭᠡᠳᠡᠰᠦᠠ ᠲᠡᠯ᠎ᠠ ᠪᠠᠨ ᠲᠠᠷᠤᠨ᠎ᠠ︔ ᠬᠤᠶᠠᠳᠤᠭᠠᠷ ᠠᠯᠬᠤᠮ ᠳᠤ᠂ ᠪᠠᠷᠠᠭᠤᠠ ᠭᠥᠯ ᠢᠶᠠᠨ ᠲᠡᠭᠡᠭᠰᠢ ᠡᠷᠭᠦᠵᠤ᠂ ᠪᠡᠶ᠎ᠠ ᠴᠣᠭᠴᠠ ᠲᠠᠢ ᠪᠠᠨ 90% ᠪᠣᠯᠭᠠᠵᠤ᠂ ᠭᠥᠯ ᠤᠨ ᠦᠵᠦᠭᠦᠷ ᠢᠶᠠᠨ ᠲᠤᠷᠤᠭᠰᠢ ᠲᠠᠷᠤᠵᠤ᠂ ᠪᠣᠯᠴᠢᠩ ᠰᠢᠷᠪᠤᠰᠤ ᠪᠠᠨ ᠰᠤᠨᠤᠭᠠᠨ᠎ᠠ᠂ ᠪᠠᠰᠠ ᠭᠥᠯ ᠤᠨ ᠲᠠᠪᠠᠭ ᠲᠡᠭᠡᠷ᠎ᠠ ᠪᠠᠨ ᠠᠯᠴᠢᠭᠤᠷ ᠲᠠᠯᠪᠢᠵᠤ ᠲᠤᠷᠤᠭᠰᠢ ᠲᠠᠳᠠᠵᠤ᠂ ᠲᠠᠳᠠᠬᠤ ᠭᠦᠴᠦᠯᠡᠴᠠ ᠪᠠᠨ ᠠᠯᠭᠤᠷ ᠢᠶᠠᠷ ᠨᠡᠮᠡᠭᠳᠡᠭᠦᠯᠦᠨ᠎ᠠ᠂ ᠲᠠᠷᠠᠭ᠎ᠠ ᠨᠢ ᠵᠠᠭᠦᠠ ᠭᠥᠯ ᠳᠡᠭᠡᠨ ᠰᠣᠯᠢᠵᠤ ᠭᠢᠨ᠎ᠠ︔ ᠭᠤᠷᠪᠠᠳᠤᠭᠠᠷ ᠠᠯᠬᠤᠮ ᠳᠤ᠂ ᠵᠠᠭᠦᠠ ᠭᠥᠯ ᠤᠨ ᠡᠪᠤᠳᠦᠭ ᠢᠶᠠᠨ ᠨᠤᠭᠤᠯᠠᠵᠤ᠂ ᠵᠠᠭᠦᠠ ᠭᠥᠯ ᠳᠡᠭᠡᠨ ᠨᠠᠭᠠᠯᠳᠤᠭᠤᠯᠵᠤ᠂ ᠨᠢᠷᠤᠭᠤᠠ ᠤ ᠭᠡᠰᠡᠭ ᠢᠶᠠᠨ ᠪᠠᠷᠠᠭᠤᠨᠰᠢ ᠡᠷᠬᠢᠯᠳᠤᠭᠦᠯᠵᠤ᠂ ᠲᠣᠯᠣᠭᠠᠢ ᠪᠠᠨ ᠵᠠᠭᠦᠨᠰᠢ ᠮᠣᠷᠦ᠋ᠢᠯᠭᠠᠵᠤ᠂ ᠨᠢᠷᠤᠭᠤ ᠪᠡᠯᠭᠡᠭᠦᠰᠦ ᠪᠠᠨ ᠮᠣᠷᠦ᠋ᠢᠯᠭᠠᠨ᠎ᠠ᠂ ᠡᠭᠦᠠ ᠤ ᠵᠣᠷᠢᠯᠭ᠎ᠠ ᠨᠢ ᠨᠢᠷᠤᠭᠤᠠ ᠤ ᠭᠡᠰᠡᠭ ᠤᠨ ᠲᠠᠷᠤᠯᠳᠠ ᠶᠢ ᠭᠥᠩᠭᠡᠯᠡᠵᠤ᠂ ᠤᠭᠤᠴᠠ ᠶᠢᠨ ᠭᠡᠰᠡᠭ ᠤᠨ ᠡᠪᠠᠳᠭᠦ ᠶᠢ ᠨᠠᠮᠳᠠᠭᠤᠯᠬᠤ ᠶᠢᠨ ᠲᠥᠯᠥᠭᠡ ᠶᠤᠮ᠃     ᠨᠢᠷᠤᠭᠤᠠ ᠤ ᠭᠡᠰᠡᠭ ᠤᠨ ᠲᠣᠭᠳᠠᠪᠤᠷᠢᠳᠠᠢ ᠴᠢᠨᠠᠷ ᠢ ᠬᠠᠳᠠᠭᠠᠯᠠᠬᠤ ᠨᠢ ᠴᠢᠬᠤᠯᠨ ᠪᠠᠶᠢᠵᠤ᠂ ᠨᠢᠷᠤᠭᠤᠠ ᠤ ᠠᠰᠠᠭᠤᠳᠠᠯ ᠢ ᠤᠷᠢᠳᠴᠢᠯᠠᠠ ᠰᠡᠷᠭᠡᠶᠢᠯᠡᠬᠦ ᠪᠣᠯᠤᠨ᠎ᠠ᠃     1᠂ ᠭᠡᠳᠡᠷᠭᠡ ᠭᠡᠪᠳᠡᠵᠤ᠂ ᠲᠡᠭᠡᠷ᠎ᠠ ᠪᠡᠶ᠎ᠠ ᠪᠣᠯᠤᠠ ᠬᠤᠶᠠᠷ ᠭᠥᠯ ᠢᠶᠠᠷ ᠢᠶᠠᠨ ᠲᠤᠯᠭᠠᠭᠤᠷᠢ ᠪᠣᠯᠭᠠᠵᠤ ᠨᠢᠷᠤᠭᠤ ᠪᠠᠨ ᠲᠡᠭᠡᠭᠰᠢ ᠡᠷᠭᠦᠨ᠎ᠠ︔ ᠪᠠᠷᠠᠭᠤᠠ ᠭᠥᠯ ᠢᠶᠠᠨ ᠲᠡᠭᠡᠭᠰᠢ ᠡᠷᠭᠦᠵᠤ᠂ ᠲᠣᠭᠳᠠᠩᠭᠤᠢ ᠪᠠᠶᠢᠳᠠᠯ ᠢᠶᠠᠨ ᠬᠠᠳᠠᠭᠠᠯᠠᠨ᠎ᠠ︔ ᠲᠠᠷᠠᠭ᠎ᠠ ᠨᠢ ᠵᠠᠭᠦᠠ ᠭᠥᠯ ᠢᠶᠠᠨ ᠰᠣᠯᠢᠨ᠎ᠠ᠂ ᠡᠭᠦᠠ ᠤ ᠵᠣᠷᠢᠯᠭ᠎ᠠ ᠨᠢ ᠨᠢᠷᠤᠭᠤᠠ ᠤ ᠭᠡᠰᠡᠭ ᠤᠨ ᠲᠣᠭᠳᠠᠪᠤᠷᠢᠳᠠᠢ ᠴᠢᠨᠠᠷ ᠢ ᠬᠠᠳᠠᠭᠠᠯᠠᠬᠤ ᠶᠢᠨ ᠲᠥᠯᠥᠭᠡ ᠶᠤᠮ᠃     2᠂ ᠡᠯᠢᠭᠡᠳᠡᠡ ᠭᠡᠪᠳᠡᠵᠤ᠂ ᠬᠤᠶᠠᠷ ᠭᠠᠷ ᠢᠶᠠᠷ ᠢᠶᠠᠨ ᠲᠤᠯᠵᠤ ᠲᠡᠭᠡᠷ᠎ᠠ ᠪᠡᠶ᠎ᠠ ᠪᠠᠨ ᠡᠷᠭᠦᠵᠤ᠂ ᠲᠣᠭᠳᠠᠩᠭᠤᠢ ᠪᠠᠶᠢᠳᠠᠯ ᠢᠶᠠᠨ ᠬᠠᠳᠠᠭᠠᠯᠠᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号