ᠪᠦᠬᠡ ᠲᠠᠭᠤᠳᠠᠬᠤ ᠵᠢᠴᠢ ᠭᠠᠷᠤᠭ᠎ᠠ ᠲᠡᠪᠢᠯᠬᠡ ᠰᠢᠪᠠᠭ᠎ᠠ ᠬᠦᠯᠣᠨ ᠪᠤᠶᠢᠷ ᠤᠨ ᠶᠡᠭᠡ ᠪᠠᠭ᠎ᠠ ᠬᠡᠪᠴᠢᠶᠡᠨ ᠤ | ᠨᠠᠶᠢᠷ ᠨᠠᠭᠠᠳᠣᠮ ᠤᠨ ᠠᠯᠬᠤᠮ ᠲᠠᠷᠠᠭᠠᠯᠠᠯ ᠨᠢ ᠶᠡᠷᠣᠩᠬᠡᠢ ᠳᠡᠭᠡᠨ ᠠᠳᠠᠯᠢᠪᠳᠣᠷ ᠪᠠᠶᠢᠳᠠᠭ᠃ ᠲᠡᠬᠢᠪᠡᠯ ᠨᠠᠶᠢᠷ | ᠨᠠᠭᠠᠳᠣᠮ ᠤᠨ ᠵᠣᠬᠢᠶᠠᠨ ᠪᠠᠶᠢᠭᠤᠯᠬᠤ ᠵᠦᠪᠯᠠᠯ ᠠᠴᠠ ᠠᠵᠢᠯ ᠢᠶᠠᠨ ᠲᠣᠬᠢᠷᠠᠭᠤᠯᠵᠣ᠂ ᠡᠷᠳᠡ ᠶᠢᠨ ᠨᠠᠷᠠᠨ ᠲᠠᠢ | ᠣᠷᠣᠯᠳᠣᠨ ᠮᠣᠷᠢᠳ ᠢᠶᠠᠨ ᠣᠷᠣᠯᠳᠣᠭᠤᠯᠣᠨ᠂ ᠲᠡᠷᠡ ᠡᠳᠣᠷ ᠤᠨ ᠨᠠᠶᠢᠷ ᠤᠨ ᠬᠡᠶᠢᠮᠣᠷᠢ ᠰᠦᠯᠳᠡ ᠶᠢ ᠪᠣᠰᠬᠠᠨ | ᠨᠠᠭᠠᠳᠣᠮᠴᠢᠳ ᠢ ᠪᠠᠶᠠᠷ ᠬᠦᠷ ᠤᠨ ᠠᠭᠤᠷ ᠠᠮᠢᠰᠬᠤᠯ ᠢᠶᠠᠷ ᠪᠢᠯᠬᠠᠨ ᠶᠠᠷᠢᠶ᠎ᠠ ᠬᠡᠯᠡᠯᠴᠡᠭᠡ ᠶᠢᠨ | ᠰᠡᠳᠣᠪ ᠲᠠᠢ ᠪᠤᠯᠭᠠᠨ᠎ᠠ᠃ ᠲᠠᠷᠠᠭ᠎ᠠ ᠨᠢ ᠶᠣᠰᠣᠯᠠᠯ ᠤᠨ ᠲᠠᠶᠢᠰᠠᠨ ᠳᠤ ᠲᠤᠭ ᠰᠦᠯᠳᠠ ᠮᠠᠡᠳᠣᠨ ᠣᠷᠳᠣ ᠶᠢᠨ | ᠰᠠᠶᠢᠬᠠᠨ ᠳᠠᠭᠤᠤ ᠬᠠᠨᠭ᠍ᠬᠢᠨᠠᠨ ᠪᠦᠬᠡ ᠰᠣᠨᠢᠷᠬᠠᠬᠤ ᠨᠠᠭᠠᠳᠣᠮᠴᠢᠳ ᠤᠨ ᠴᠣᠬᠯᠠᠭᠠᠨ ᠪᠣᠯᠣᠨ᠎ᠠ᠃ ᠣᠷᠳᠣ ᠶᠢᠨ ᠲᠠᠭᠤᠣ | ᠠᠶᠠᠯᠠᠭᠤᠯᠣᠨ ᠪᠦᠬᠡ ᠶᠢᠨ ᠵᠠᠰᠠᠭᠤᠯ ᠤᠳ ᠪᠦᠬᠡᠴᠢᠳ ᠤᠨ ᠨᠡᠷᠡᠰ ᠢ ᠪᠦᠷᠢᠳᠬᠡᠨ ᠵᠡᠬᠦᠨ ᠲᠠᠯ᠎ᠠ ᠳᠤ ᠦᠪᠡᠷ ᠤᠨ | ᠨᠣᠳᠤᠭ ᠤᠨ ᠨᠡᠷᠡᠳᠣ ᠪᠦᠬᠡ ᠪᠠᠷ ᠦᠵᠣᠬᠦᠷ ᠲᠠᠭᠠᠭᠠᠯᠭᠠᠵᠣ ᠵᠣᠬᠰᠣᠭᠠᠨ᠂ ᠪᠠᠷᠠᠭᠤᠨ ᠲᠠᠯ᠎ᠠ ᠶᠢᠨ ᠦᠵᠣᠬᠦᠷ ᠲᠤ | ᠬᠠᠷᠢ ᠨᠣᠳᠤᠭ ᠤᠨ ᠨᠡᠷᠡᠳᠣ ᠪᠦᠬᠡ ᠶᠢ ᠬᠦᠡᠳᠣᠳᠬᠡᠯ ᠦᠵᠡᠬᠦᠯᠣᠨ ᠦᠵᠣᠬᠦᠷ ᠲᠤ ᠵᠣᠬᠰᠣᠭᠠᠨ᠂ ᠲᠠᠷᠠᠭᠠᠯᠠᠨ | ᠪᠦᠬᠡᠴᠢᠳ ᠢ ᠨᠡᠷᠡᠰ ᠪᠦᠷᠢᠳᠬᠡᠨ ᠵᠢᠬᠰᠠᠭᠠᠨᠠ᠃ ᠪᠦᠬᠡᠴᠢᠳ ᠣᠨᠤᠭ᠎ᠠ ᠨᠣᠭᠤᠯᠤᠭ᠎ᠠ ᠪᠠᠨ ᠠᠩᠬᠠᠷᠣᠨ ᠪᠦᠬᠡ | ᠭᠠᠷᠬᠤ ᠪᠡᠯᠡᠳᠬᠡᠯ ᠢᠶᠠᠨ ᠬᠢᠨ᠎ᠡ᠃ | ᠬᠦᠯᠣᠨ ᠪᠤᠶᠢᠷ ᠤᠨ ᠲᠣᠯᠢᠶᠠᠳᠣ ᠪᠦᠬᠡ ᠶᠢᠨ ᠲᠡᠪᠢᠯᠳᠡ ᠶᠢᠨ ᠲᠣᠬᠠᠢ | ᠮᠣᠩᠭᠤᠯ ᠪᠦᠬᠡ ᠨᠢ ᠮᠣᠩᠭᠤᠯᠴᠣᠳ ᠤᠨ ᠡᠷ᠎ᠡ ᠶᠢᠨ ᠭᠤᠷᠪᠠᠨ ᠡᠷᠳᠡᠮ ᠤᠨ ᠲᠡᠷᠢᠬᠦᠨ ᠡᠷᠳᠡᠮ ᠳᠤ ᠣᠷᠣᠨ᠎ᠠ᠂ | ᠪᠦᠬᠡ ᠪᠠᠷᠢᠯᠳᠣᠬᠤ ᠶᠣᠰᠣᠨ ᠨᠢ ᠶᠣᠰᠣᠯᠠᠯ ᠤᠨ ᠲᠠᠶᠢᠰᠠ ᠶᠢᠨ ᠡᠮᠣᠨ᠎ᠡ ᠲᠠᠯ᠎ᠠ ᠳᠤ ᠨᠢ ᠪᠦᠬᠡ ᠶᠢᠨ ᠨᠤᠭᠤᠯᠤᠭ᠎ᠠ | ᠲᠠᠭᠠᠷᠠᠭᠤᠯᠣᠨ ᠪᠦᠬᠡ ᠶᠢᠨ ᠦᠵᠣᠬᠦᠷ ᠲᠠᠭᠠᠭᠠᠬᠤ ᠲᠦᠷᠪᠠ ᠪᠣᠶᠣ ᠨᠠᠢᠮᠠᠨ ᠪᠦᠬᠡ ᠶᠢ ᠵᠢᠬᠰᠠᠭᠠᠨ ᠵᠡᠬᠦᠨ ᠭᠠᠷ ᠲᠠᠯ᠎ᠠ᠂ | ᠪᠠᠷᠠᠭᠤᠨ ᠭᠠᠷ ᠲᠠᠯ᠎ᠠ ᠬᠡᠵᠣ ᠬᠤᠶᠠᠷ ᠲᠠᠯ᠎ᠠ ᠳᠤ ᠭᠠᠷᠯᠠᠨ ᠲᠡᠰ ᠲᠠᠷᠠᠭ᠎ᠠ ᠪᠠᠷ ᠢᠶᠠᠨ ᠲᠠᠭᠠᠯᠳᠠᠨ ᠵᠣᠬᠰᠣᠭᠠᠨ᠎ᠠ᠃ | ᠪᠦᠬᠡ ᠶᠢᠨ ᠨᠠᠶᠢᠷ ᠨᠢ᠄ ᠬᠢᠨᠠᠬᠴᠢ ᠵᠠᠰᠠᠭᠤᠯ ᠤᠨ ᠠᠵᠢᠯ᠂ ᠪᠦᠬᠡ ᠶᠢᠨ ᠨᠤᠭᠤᠯᠤᠭ᠎ᠠ᠂ ᠪᠦᠬᠡ ᠭᠠᠷᠬᠤ ᠪᠡᠯᠡᠳᠬᠡᠯ | ᠬᠢᠨ᠎ᠡ᠂ ᠪᠦᠬᠡ ᠵᠣᠳᠣᠬᠯᠠᠬᠤ᠂ ᠪᠦᠬᠡ ᠲᠠᠭᠤᠳᠠᠬᠤ᠂ ᠪᠦᠬᠡ ᠶᠢᠨ ᠨᠤᠭᠤᠯᠤᠭ᠎ᠠ ᠲᠠᠭᠠᠷᠠᠭᠤᠯᠣᠨ ᠪᠠᠷᠢᠯᠳᠣᠭᠤᠯᠬᠤ᠂ | ᠪᠦᠬᠡ ᠴᠣᠯᠠᠯᠠᠬᠤ᠂ ᠪᠣᠰᠣᠳ ᠵᠦᠢᠯ ᠤᠨ ᠱᠠᠩᠨᠠᠯ ᠣᠯᠭᠤᠬᠤ᠂ ᠲᠡᠬᠡᠳᠣ ᠲᠦᠷᠪᠠᠨ ᠪᠦᠬᠡ ᠪᠠᠨ ᠪᠠᠷᠢᠯᠳᠣᠭᠤᠯᠬᠤ᠂ | ᠪᠦᠬᠡ ᠶᠢᠨ ᠱᠠᠩᠨᠠᠯ ᠣᠯᠭᠤᠨ ᠨᠠᠶᠢᠷ ᠦᠡᠳᠣᠷᠯᠡᠬᠦ ᠬᠡᠬᠦ ᠮᠡᠳᠣ ᠶᠢᠨ ᠠᠭᠤᠯᠭ᠎ᠠ ᠪᠠᠶᠢᠳᠠᠭ᠃ ᠡᠬᠦᠨ ᠤ ᠲᠣᠳᠣᠷ᠎ᠠ | ᠪᠦᠬᠡ ᠲᠡᠪᠢᠬᠦ ᠪᠣᠯ ᠪᠦᠬᠡ ᠪᠠᠷᠢᠯᠳᠣᠬᠤ ᠲᠠᠯᠠᠪᠣᠷ ᠤᠨ ᠦᠵᠡᠮᠣᠷᠢ ᠲᠠᠢ ᠰᠠᠶᠢᠬᠠᠨ ᠨᠢᠬᠡ ᠵᠦᠢᠯ ᠨᠢ ᠪᠣᠯᠣᠨ᠎ᠠ᠃ ᠨᠠᠷᠠ | ᠲᠠᠭᠤᠳᠠᠭᠤᠯᠤᠭᠰᠠᠨ ᠲᠦᠷᠪᠡᠨ ᠪᠦᠭᠡ ᠦᠪᠡᠷ ᠦᠪᠡᠷ ᠤᠨ ᠰᠣᠷᠣᠬᠰᠠᠨ ᠲᠡᠪᠢᠯᠳᠠ ᠪᠠᠷ ᠢᠶᠠᠨ ᠲᠠᠯᠠᠪᠣᠷ ᠲᠤ ᠲᠡᠪᠢᠨ | ᠭᠠᠷᠬᠤ ᠳᠤ ᠬᠦᠯ ᠳᠤ ᠪᠠᠨ ᠵᠢᠬᠢᠷᠢᠭᠯᠡᠭᠰᠡᠨ ᠲᠣᠯᠢᠶ᠎ᠠ ᠨᠢ ᠨᠠᠷᠠᠨ ᠳᠤ ᠰᠣᠯᠣᠩᠭᠠᠷᠠᠨ ᠨᠠᠢᠮᠠᠨ ᠬᠦᠴᠣᠳᠠᠨ ᠨᠢ ᠨᠠᠷᠠᠨ ᠤ | ᠵᠦᠭ ᠠᠴᠠ ᠬᠠᠯᠢᠨ ᠭᠠᠷᠬᠤ ᠬᠠᠨ ᠭᠠᠷᠣᠳᠢ ᠶᠢᠨ ᠲᠡᠪᠢᠯᠬᠡ ᠪᠠᠷ ᠲᠣᠬᠯᠠᠬᠤ ᠰᠢᠭ᠋ ᠬᠠᠷᠠᠬᠳᠠᠨ᠎ᠠ᠃ ᠡᠷᠳᠡᠨ ᠠᠴᠠ | ᠠᠪᠣᠭᠠᠳ ᠮᠣᠩᠭᠤᠯᠴᠣᠳ ᠤᠨ ᠪᠦᠬᠡ ᠪᠠᠷᠢᠯᠳᠣᠬᠤ ᠲᠡᠪᠢᠯᠳᠡ ᠶᠢᠨ ᠶᠣᠰᠣ ᠵᠢᠷᠣᠮ ᠮᠠᠰᠢ ᠨᠠᠷᠢᠨ᠂ ᠭᠠᠵᠠᠷ | ᠨᠣᠳᠤᠭ ᠨᠢ ᠣᠡᠴᠡᠯᠢᠭ᠋ ᠲᠠᠢ ᠪᠠᠶᠢᠬᠰᠠᠨ ᠶᠣᠮ᠃ ᠲᠣᠬᠠᠶᠢᠯᠠᠪᠠᠯ ᠬᠠᠨ ᠭᠠᠷᠣᠳᠢ ᠶᠢᠨ ᠲᠡᠪᠢᠯᠳᠡ ᠨᠢ ᠣᠯᠣᠰ ᠲᠠᠶᠠᠭᠠᠷ | ᠠᠯᠳᠠᠷᠰᠢᠬᠰᠡᠨ ᠲᠠᠶᠠᠩ ᠠᠪᠣᠷᠭᠤ᠂ ᠲᠠᠷᠬᠠᠨ ᠠᠪᠣᠷᠭᠤ᠂ ᠠᠪᠣᠷᠭᠤᠴᠣᠳ ᠤᠨ ᠲᠡᠪᠢᠯᠳᠡ ᠪᠠᠶᠢᠵᠡᠢ᠃ ᠲᠡᠪᠢᠵᠣ | ᠮᠠᠬᠰᠢᠬᠤ ᠨᠢ ᠴᠤ ᠪᠦᠬᠡᠴᠢᠳ ᠰᠦᠷ ᠵᠢᠪᠬᠤᠭ᠎ᠠ᠂ ᠬᠦᠴᠣᠨ ᠴᠢᠳᠠᠯ ᠢᠶᠠᠨ ᠭᠠᠶᠢᠬᠠᠭᠤᠯᠣᠨ ᠣᠴᠠᠷᠠᠬᠰᠠᠨ ᠢᠶᠠᠨ | ᠰᠦᠷᠳᠡᠬᠦᠯᠬᠦ ᠶᠢᠨ ᠬᠠᠮᠳᠣ ᠪᠡᠶ᠎ᠡ ᠶᠢᠨ ᠴᠢᠯᠡᠭᠡ ᠪᠠᠨ ᠭᠠᠷᠭᠠᠵᠣ᠂ ᠪᠡᠶ᠎ᠡ ᠪᠠᠨ ᠬᠠᠯᠠᠭᠠᠵᠣ᠂ ᠪᠦᠬᠡ ᠦᠪᠡᠷ ᠤᠨ | ᠣᠡᠴᠡᠯᠢᠭ᠋ ᠲᠠᠢ ᠲᠡᠪᠢᠯᠳᠠ ᠪᠠᠷ ᠢᠶᠠᠨ ᠲᠡᠪᠢᠨ ᠭᠠᠷᠴᠣ᠂ ᠨᠠᠷᠠ ᠵᠦᠪ ᠲᠠᠯᠠᠪᠣᠷ ᠲᠤ ᠲᠡᠪᠢᠨ ᠡᠷᠬᠢᠵᠤ ᠡᠰᠡᠷᠬᠦ | ᠡᠳᠡᠬᠡᠳ ᠢᠶᠠᠨ ᠣᠬᠳᠣᠨ ᠪᠠᠷᠢᠯᠳᠣᠵᠣ ᠡᠬᠢᠯᠡᠳᠡᠭ ᠪᠢᠯᠠ᠃ | ᠲᠡᠪᠢᠯᠳᠡ ᠵᠢᠴᠢ ᠮᠠᠬᠰᠢᠯᠳᠠ ᠨᠢ ᠠᠳᠠᠯᠢ ᠦᠬᠡᠢ ᠬᠤᠶᠠᠷ ᠠᠭᠤᠯᠭ᠎ᠠ ᠪᠢᠯᠠ᠃ | ᠲᠡᠪᠢᠯᠳᠡ ᠬᠡᠳᠡᠭ ᠦᠬᠡ ᠨᠢ ᠲᠡᠪᠢᠨ ᠨᠢᠰᠬᠦ᠂ ᠬᠠᠯᠢᠨ ᠲᠡᠬᠦᠯᠢᠬᠦ᠂ ᠭᠠᠵᠠᠷ ᠠᠴᠠ ᠲᠡᠬᠡᠭᠰᠢ ᠬᠦᠬᠡᠷᠦᠨ ᠭᠠᠷᠬᠤ᠂ | ᠪᠦᠬᠡ ᠬᠦᠮᠣᠨ ᠭᠠᠷ ᠢᠶᠠᠨ ᠪᠦᠷᠬᠦᠳ ᠤᠨ ᠵᠢᠬᠦᠷ ᠮᠡᠳᠣ ᠬᠦᠳᠡᠯᠬᠡᠨ ᠬᠤᠶᠠᠷ ᠬᠦᠯ ᠨᠢ ᠵᠡᠷᠬᠡᠪᠡᠷ ᠭᠠᠵᠠᠷ ᠠᠴᠠ | ᠰᠠᠯᠬᠤ ᠬᠡᠰᠡᠨ ᠣᠳᠬ᠎ᠠ ᠲᠠᠢ᠂ ᠵᠢᠬᠦᠷᠳᠡᠨ ᠰᠢᠪᠠᠭᠤᠤᠨ ᠰᠠᠶ᠋ᠢ ᠭᠠᠵᠠᠷ ᠠᠴᠠ ᠲᠡᠪᠢᠨ ᠨᠢᠰᠣᠨᠡ᠃ ᠡᠶᠢᠮᠣ ᠠᠴᠠ | ᠬᠦᠯᠣᠨ ᠪᠤᠶᠢᠷ ᠤᠨ ᠪᠦᠬᠡ ᠶᠢ ᠬᠠᠨᠳᠠᠭᠠᠢ ᠪᠣᠭᠤ ᠶᠢᠨ ᠲᠡᠪᠢᠯᠳᠡ ᠲᠠᠢ ᠬᠡᠳᠡᠭ ᠨᠢ ᠣᠳᠬ᠎ᠠ ᠶᠢᠨ ᠲᠠᠯ᠎ᠠ ᠠᠴᠠ | ᠠᠯᠳᠠᠭ᠎ᠠ ᠲᠠᠢ ᠶᠠᠷᠢᠵᠣ ᠪᠠᠶᠢᠨ᠎ᠠ ︵ᠵᠠᠷᠢᠮ ᠭᠠᠵᠠᠷ ᠤᠨ ᠡᠷᠳᠡᠮᠳᠡᠳ ᠠᠴᠠ︶᠃ | ᠮᠠᠬᠰᠢᠯᠳᠠ ᠬᠡᠳᠡᠭ ᠦᠬᠡ ᠨᠢ ᠡᠮᠨᠢᠭ ᠲᠣᠬᠰᠢᠨ ᠠᠮᠢᠳᠠᠨ ᠰᠣᠴᠢᠮᠠᠭ ᠬᠦᠳᠡᠯᠬᠡᠬᠡᠨ ᠬᠢᠵᠣ ᠡᠮᠣᠨᠡᠰᠢ ᠪᠣᠯᠭᠢᠨ | ᠬᠦᠶᠣᠬᠦ᠂ ᠵᠢᠱᠢᠶᠠᠯᠠᠪᠠᠯ᠂ ᠠᠷᠰᠯᠠᠨ ᠪᠠᠷᠰ ᠤᠨ ᠮᠠᠬᠰᠢᠯᠳᠠ ᠲᠠᠢ ᠬᠦᠯ ᠨᠢ ᠭᠠᠵᠠᠷ ᠠᠴᠠ ᠰᠠᠯᠬᠤ ᠦᠬᠡᠢ ᠡᠮᠣᠨᠡᠰᠢ | ᠮᠠᠬᠰᠢᠬᠤ ᠬᠦᠳᠡᠯᠬᠡᠬᠡᠨ ᠬᠢᠬᠦ ᠶᠢ ᠬᠡᠯᠡᠨ᠎ᠡ᠃ | ᠬᠦᠯᠳ ᠪᠤᠶᠢᠷ ᠤᠨ ᠲᠣᠯᠢᠶᠠᠳᠣ ᠪᠦᠬᠡ ᠶᠢᠨ ᠪᠠᠷᠢᠯᠳᠣᠭᠠᠨ ᠤ ᠲᠡᠰ ᠲᠠᠷᠠᠭᠠᠯᠠᠯ | ᠨᠢᠬᠡ᠂ ᠬᠢᠨᠠᠬᠴᠢ ᠶᠢᠨ ᠠᠵᠢᠯ | ᠨᠠᠭᠠᠳᠣᠮ ᠤᠨ ᠵᠣᠬᠢᠶᠠᠨ ᠪᠠᠶᠢᠭᠤᠯᠬᠤ ᠵᠦᠪᠯᠠᠯ ᠠᠴᠠ ᠪᠦᠬᠡ ᠶᠢᠨ ᠲᠠᠯ᠎ᠠ ᠶᠢᠨ ᠠᠵᠢᠯ ᠤᠨ ᠲᠣᠰᠬᠠᠢ ᠬᠢᠨᠠᠬᠴᠢ | ︵ᠵᠠᠰᠠᠭᠤᠯ︶ ᠨᠠᠷ ᠢ ᠭᠠᠷᠭᠠᠨ ᠪᠦᠬᠡ ᠶᠢᠨ ᠶᠡᠷᠣᠩᠬᠡᠢ ᠬᠢᠨᠠᠬᠴᠢ ᠶᠢ ᠨᠡᠷ᠎ᠡ ᠲᠣᠷᠠᠳᠣᠨ ᠲᠣᠬᠳᠠᠭᠠᠵᠣ᠂ ᠲᠣᠰ | ᠶᠡᠷᠣᠩᠬᠡᠢ ᠬᠢᠨᠡᠬᠴᠢ ᠨᠢ ᠠᠵᠢᠯ ᠢᠶᠠᠨ ︵ᠶᠡᠷᠣᠩᠬᠡᠢ ᠬᠢᠨᠡᠬᠴᠢ ᠨᠢ ᠲᠡᠳ᠋ ᠬᠢᠨᠠᠬᠴᠢ ᠪᠠ ᠬᠠᠪᠰᠣᠷᠣᠬᠴᠢ ᠬᠢᠨᠠᠬᠴᠢ | ᠨᠠᠷ ᠢᠶᠠᠨ ᠲᠣᠬᠳᠠᠭᠠᠨ᠂ ᠪᠠᠷᠢᠯᠳᠣᠭᠠᠨ ᠢᠶᠠᠨ ᠬᠡᠷᠬᠢᠨ ᠶᠠᠪᠣᠬᠳᠠᠭᠤᠯᠬᠤ ᠠᠵᠢᠯ ᠤᠨ ᠲᠣᠬᠠᠢ ᠲᠦᠷᠢᠮ ᠢᠶᠠᠨ | ᠵᠦᠪᠳᠡᠯᠴᠡᠨ ᠲᠣᠬᠳᠠᠭᠠᠨ᠎ᠠ︶ ᠪᠠᠶᠢᠷᠢᠯᠠᠭᠤᠯᠣᠨ᠎ᠠ᠃ ᠪᠦᠬᠡᠴᠣᠳ ᠨᠡᠷ᠎ᠡ ᠪᠠᠨ ᠮᠡᠳᠡᠬᠦᠯᠣᠨᠠ᠃ | ᠬᠤᠶᠠᠷ᠂ ᠨᠣᠭᠤᠯᠤᠭ᠎ᠠ | ᠬᠢᠨᠠᠬᠴᠢ ︵ᠵᠠᠰᠠᠭᠤᠯ︶ ᠨᠠᠷ ᠲᠣᠰ ᠣᠳᠠᠭ᠎ᠠ ᠶᠢᠨ ᠨᠠᠭᠠᠳᠣᠮ ᠤᠨ ᠲᠦᠷᠢᠮ ᠢᠶᠠᠷ ᠪᠦᠬᠡ ᠶᠢᠨ ᠨᠤᠭᠤᠯᠤᠭ᠎ᠠ ᠶᠢ | ᠲᠠᠭᠠᠷᠠᠭᠤᠯᠳ ᠵᠡᠬᠦᠨ ᠪᠠ ᠪᠠᠷᠠᠭᠤᠨ ᠬᠤᠶᠠᠷ ᠭᠠᠷ ᠲᠠᠯ᠎ᠠ ᠳᠤ ᠦᠵᠣᠬᠦᠷ ᠵᠣᠬᠰᠣᠬᠤ ᠪᠦᠬᠡ ︵ᠦᠵᠣᠬᠦᠷ ᠲᠠᠭᠠᠬᠤ | ᠪᠦᠬᠡ ᠬᠡᠳᠡᠭ᠂ ᠣᠳᠣ ᠰᠣᠭᠤᠯᠤᠭ᠎ᠠ ᠲᠠᠳᠠᠬᠤ ᠠᠷᠭ᠎ᠠ ᠴᠦ ᠪᠠᠶᠢᠨ᠎ᠠ︶ ᠪᠠ ᠮᠦᠡᠴᠣ ᠨᠠᠭᠠᠳᠣᠮ ᠤᠨ ᠶᠡᠭᠡ | ᠪᠠᠭ᠎ᠠ ᠶᠢᠨ ᠬᠡᠪᠴᠢᠶᠠᠨ ᠤ ᠠᠳᠠᠯᠢ ᠦᠬᠡᠢ ᠶᠢᠨ ᠰᠢᠯᠳᠠᠭᠠᠨ ᠢᠶᠠᠷ ᠬᠤᠶᠠᠷ ᠲᠠᠯ᠎ᠠ ᠶᠢᠨ ᠲᠡᠬᠡᠷ᠎ᠡ ᠵᠣᠬᠰᠣᠬᠤ ᠲᠦᠷᠪᠠ᠂ | ᠨᠠᠢᠮᠨ᠂ ᠠᠷᠪᠠᠨ ᠵᠢᠷᠭᠤᠭᠠᠨ ᠨᠡᠷᠡᠳᠣ ᠪᠦᠬᠡ ᠶᠢ ᠵᠢᠬᠰᠠᠭᠠᠨ ᠲᠡᠬᠦᠨ ᠠᠴᠠ ᠲᠠᠷᠠᠭᠠᠬᠢ ᠪᠦᠬᠡᠴᠢᠳ ᠢ ᠢᠷᠡᠭᠰᠠᠨ ᠤ | ᠲᠠᠷᠠᠭᠠᠯᠠᠯ ᠢᠶᠠᠷ ᠵᠢᠬᠰᠠᠭᠠᠨᠠ᠃ ᠨᠤᠭᠤᠯᠤᠭ᠎ᠠ ᠨᠢ᠄ 4᠂ 8᠂ 16᠂ 32᠂ 64᠂ 128᠂ 256᠂ 512᠂ | 1024 ᠵᠡᠷᠬᠡ ᠶᠢᠨ ᠪᠦᠬᠡ ᠪᠠᠷᠢᠯᠳᠣᠨ᠎ᠠ᠃ ᠨᠤᠭᠤᠯᠤᠭ᠎ᠠ ᠪᠠᠷᠢᠯᠳᠣᠭᠠᠨ ᠳᠤ ᠢᠳᠡᠰᠢᠨ ᠪᠦᠬᠡ ᠲᠣᠳᠠᠭᠤ ᠪᠣᠯ | ᠲᠡᠬᠡᠷ᠎ᠡ ᠲᠠᠯ᠎ᠠ ᠶᠢᠨ ᠪᠦᠬᠡ ᠨᠢ ᠬᠡᠢ ᠲᠡᠪᠢᠵᠣ ᠪᠣᠯᠣᠨ᠎ᠠ᠃ | ᠭᠤᠷᠪᠠ᠂ ᠪᠦᠬᠡ ᠭᠠᠷᠬᠤ ᠪᠡᠯᠡᠳᠬᠡᠯ | ᠪᠦᠬᠡ ᠭᠠᠷᠬᠤ ᠠᠴᠠ ᠡᠮᠣᠨ᠎ᠠ ᠡᠮᠣᠰᠬᠡᠯ ᠬᠡᠷᠡᠭᠰᠡᠯ ᠢᠶᠠᠨ ᠪᠦᠷᠢᠨ ᠪᠣᠯᠭᠠᠨ᠎ᠠ᠂ ᠡᠬᠦᠨ ᠳᠤ ᠲᠣᠯᠢᠶ᠎ᠠ᠂ ᠵᠢᠭᠢᠷᠢᠭ᠂ | ᠵᠣᠳᠤᠭ ᠵᠡᠷᠬᠡ ᠪᠠᠨ ᠪᠦᠷᠢᠨ ᠪᠣᠯᠭᠠᠨ ᠪᠦᠬᠡ ᠭᠠᠷᠬᠤ ᠪᠠᠶᠢᠷᠢᠨ ᠳᠠᠭᠠᠨ ᠲᠡᠰ ᠲᠠᠷᠠᠭ᠎ᠠ ᠲᠠᠢ ᠪᠡᠯᠡᠳᠬᠡᠨ ᠬᠦᠯᠢᠶᠠᠨ᠎ᠠ᠃ | ᠪᠦᠬᠡ ᠭᠠᠷᠬᠤ ᠳᠠᠭᠠᠨ ᠵᠢᠱᠢᠶᠠᠯᠠᠪᠠᠯ᠂ ᠵᠡᠬᠦᠨ ᠲᠠᠯ᠎ᠠ ᠶᠢᠨ ᠲᠡᠬᠡᠳᠣ ᠲᠦᠷᠪᠠᠨ ᠪᠦᠬᠡ ᠭᠠᠷᠬᠤ ᠳᠤ ᠪᠦᠬᠡ ᠪᠦᠷᠢ ᠶᠢᠨ | ᠬᠤᠶᠠᠷ ᠲᠠᠯ᠎ᠠ ᠳᠤ ᠪᠦᠬᠡ ᠶᠢᠨ ᠵᠠᠰᠠᠭᠤᠯ ᠵᠣᠬᠰᠣᠨ᠂ ᠪᠦᠬᠡ ᠨᠢ ᠬᠤᠶᠠᠷ ᠵᠠᠰᠠᠭᠤᠯ ᠤᠨ ᠲᠣᠮᠳᠠ ᠵᠣᠬᠰᠣᠨ ᠮᠦᠷᠦᠨ | ᠲᠡᠬᠡᠷ᠎ᠡ ᠨᠢ ᠬᠤᠶᠠᠷ ᠭᠠᠷ ᠢᠶᠠᠨ ᠲᠠᠯᠪᠢᠨ ᠭᠤᠷᠪᠠ ᠣᠳᠠᠭ᠎ᠠ ᠭᠠᠵᠠᠷ ᠬᠦᠴᠣᠳᠠᠢ ᠦᠰᠣᠷᠣᠨ ᠲᠡᠪᠢᠰᠣᠬᠡᠳ ᠲᠡᠪᠢᠨ | ᠭᠠᠷᠣᠨ᠎ᠠ ︵ᠡᠬᠢᠯᠠᠨ ᠬᠦᠶᠣᠬᠦ ᠦᠬᠡᠢ᠂ ᠰᠢᠭᠤᠳ ᠲᠡᠪᠢᠨ ᠭᠠᠷᠣᠨ᠎ᠠ︶᠃ ᠵᠣᠬᠢᠬᠤ ᠪᠠᠶᠢᠷᠢ ᠲᠠᠢ ᠲᠡᠪᠢᠨ ᠨᠠᠷᠠ | ᠵᠦᠪ ᠡᠷᠬᠢᠨ ᠨᠡᠷ᠎ᠡ ᠶᠢᠨ ᠲᠡᠰ ᠲᠠᠷᠠᠭᠠᠯᠠᠯ ᠢᠶᠠᠷ ᠪᠠᠶᠢᠷᠢ ᠳᠠᠭᠠᠨ ᠵᠣᠬᠰᠣᠨ ᠣᠬᠳᠣᠭᠤᠯ ᠪᠦᠬᠡ ᠪᠠᠨ ᠬᠦᠯᠢᠶᠠᠨ᠎ᠠ᠃ | ᠲᠡᠬᠡᠳᠣ ᠲᠠᠯ᠎ᠠ ᠶᠢᠨ ᠪᠦᠬᠡ᠂ ᠲᠣᠣᠷᠠᠳᠣ ᠲᠠᠯ᠎ᠠ ᠶᠢᠨ ᠪᠦᠬᠡ ᠲᠠᠢ ᠵᠦᠷᠢᠯᠳᠣᠨ ᠣᠨᠤᠭ᠎ᠠ ᠲᠠᠭᠠᠷᠠᠵᠣ ᠪᠠᠷᠢᠯᠳᠣᠬᠤ | ᠠᠷᠭ᠎ᠠ ᠪᠠᠷ ᠪᠠᠷᠢᠯᠳᠣᠨ᠎ᠠ᠃ ᠪᠦᠬᠡ ᠲᠡᠪᠢᠨ ᠭᠠᠷᠬᠤ ᠳᠤ ᠪᠦᠬᠡ ᠶᠢᠨ ᠪᠠᠭᠰᠢ ᠪᠣᠶᠣ ᠨᠣᠳᠤᠭ ᠣᠰᠣᠨ ᠤ ᠠᠬᠠᠮᠠᠳ | ᠪᠦᠬᠡ᠂ ᠰᠠᠶᠢᠨ ᠨᠠᠶᠢᠵᠨ ᠨᠦᠬᠦᠳ ᠨᠢ ᠲᠠᠭᠠᠷᠠᠨ ᠪᠠᠷᠢᠯᠳᠣᠬᠤ ᠪᠦᠬᠡ ᠶᠢᠨ ᠠᠯᠢ ᠲᠠᠯ᠎ᠠ ᠲᠠᠢ᠂ ᠶᠠᠮᠠᠷ ᠮᠡᠭᠡ᠂ | ᠪᠠᠷᠢᠴᠠ ᠲᠠᠢ ᠶᠢ ᠨᠢ ᠠᠩᠬᠠᠷᠣᠭᠤᠯᠵᠤ᠂ ᠶᠠᠭᠠᠬᠢᠪᠠᠯ ᠬᠠᠶᠠᠬᠤ ᠲᠣᠬᠠᠢ ᠁ ᠰᠠᠨᠠᠭᠤᠯᠳ ᠪᠦᠬᠡ ᠪᠠᠨ ᠲᠠᠪᠢᠬᠦᠯᠣᠨ | ᠭᠠᠷᠭᠠᠨ᠎ᠠ᠂ ᠣᠨᠴᠠᠭᠠᠶᠢᠯᠠᠨ ᠵᠠᠯᠠᠭᠤ ᠪᠦᠬᠡᠴᠢᠳ ᠲᠤ ᠡᠨᠡ ᠮᠡᠳᠣ ᠠᠩᠬᠠᠷᠣᠭᠤᠯᠣᠨᠠ᠃ | ᠪᠦᠬᠡ ᠭᠠᠷᠬᠤ᠄ ᠵᠢᠱᠢᠶᠠᠯᠠᠪᠠᠯ ᠵᠡᠬᠦᠨ ᠲᠠᠯ᠎ᠠ ᠶᠢᠨ ᠲᠡᠬᠡᠷ᠎ᠡ ᠲᠦᠷᠪᠡᠨ ᠪᠦᠬᠡ ᠭᠠᠷᠣᠨ᠎ᠠ᠂ ᠪᠠᠷᠠᠭᠤᠨ ᠲᠠᠯ᠎ᠠ ᠶᠢᠨ | ᠲᠣᠣᠷ᠎ᠠ ᠲᠠᠯ᠎ᠠ ᠠᠴᠠ ᠲᠦᠷᠪᠠᠨ ᠪᠦᠬᠡ ᠭᠠᠷᠣᠨ᠎ᠠ᠂ ᠢᠳᠡᠰᠢᠨ ᠪᠦᠬᠡ ᠲᠣᠳᠠᠭᠤ ᠪᠠᠶᠢᠬᠰᠠᠨ ᠴᠦ ᠲᠡᠬᠡᠷ᠎ᠡ ᠲᠠᠯ᠎ᠠ ᠶᠢᠨ | ᠪᠦᠬᠡᠴᠣᠳ ᠲᠡᠪᠢᠨ ᠭᠠᠷᠴᠣ᠂ ᠲᠠᠬᠢᠨ ᠬᠡᠢ ᠲᠡᠪᠢᠵᠣ ᠪᠠᠶᠢᠷᠢ ᠳᠠᠭᠠᠨ ᠪᠣᠴᠠᠨ ᠲᠡᠪᠠᠭᠰᠠᠨ ᠪᠠ ᠬᠡᠢ ᠲᠠᠪᠢᠭ᠍ᠰᠡᠨ ᠢᠶᠠᠨ | ᠦᠵᠡᠭᠴᠢᠳ ᠲᠤ ᠮᠡᠳᠡᠭᠳᠡᠨ᠎ᠠ᠃ | ᠲᠦᠷᠪᠠ᠂ ᠪᠦᠬᠡ ᠵᠣᠳᠣᠬᠯᠠᠬᠤ | ᠪᠦᠬᠡ ᠵᠣᠳᠣᠬᠯᠠᠬᠤ ᠨᠢ ᠪᠦᠬᠡ ᠭᠠᠷᠴᠣ ᠪᠠᠷᠢᠯᠳᠣᠬᠤ ᠶᠢᠨ ᠭᠤᠣᠯ ᠨᠢᠬᠡ ᠵᠦᠢᠯ ᠪᠣᠯᠣᠨ᠎ᠠ᠃ ᠪᠦᠬᠡ | ᠵᠣᠳᠣᠬᠯᠠᠬᠤ ᠨᠢ ᠪᠦᠬᠡ ᠭᠠᠷᠴᠣ ᠪᠠᠷᠢᠯᠳᠣᠬᠤ ᠶᠢᠨ ᠡᠮᠣᠨᠡᠬᠢ ᠭᠤᠣᠯ ᠠᠵᠢᠯ ᠤᠨ ᠨᠢᠭᠡ ᠪᠣᠯᠣᠨ᠎ᠠ᠃ ᠪᠦᠬᠡ | ᠵᠣᠳᠣᠬᠯᠠᠬᠤ ᠬᠦᠳᠡᠯᠬᠡᠬᠡᠨ ᠨᠢ ᠠᠯᠢ ᠲᠠᠯ᠎ᠠ ᠲᠠᠢ᠂ ᠪᠡᠶ᠎ᠡ ᠶᠢᠨ ᠪᠠᠶᠢᠳᠠᠯ ᠶᠠᠮᠠᠷ᠂ ᠰᠦᠷ ᠵᠢᠪᠬᠤᠭ᠎ᠠ᠂ ᠠᠯᠢ | ᠭᠠᠵᠠᠷ ᠤᠨ ᠬᠡᠨ ᠬᠡᠳᠡᠭ᠂ ᠶᠠᠮᠠᠷ ᠴᠣᠯᠠ ᠲᠠᠢ ᠪᠦᠭᠡ ᠵᠡᠷᠬᠡ ᠨᠢ ᠣᠬᠳᠣᠨ ᠪᠠᠷᠢᠯᠳᠣᠬᠤ ᠪᠦᠬᠡ ᠨᠡᠩ ᠴᠦ ᠦᠷᠬᠡᠨ | ᠣᠯᠠᠨ ᠨᠠᠭᠠᠳᠣᠮᠴᠢᠨ ᠦᠵᠡᠭᠴᠢᠳ ᠲᠤ ᠦᠭᠬᠦ ᠠᠩᠬ᠎ᠠ ᠠᠯᠬᠤᠮ ᠤᠨ ᠦᠵᠡᠮᠣᠷᠢ ᠲᠠᠢ ᠰᠠᠶᠢᠬᠠᠨ ᠭᠤᠸ᠎ᠠ | ᠰᠠᠶᠢᠬᠠᠨ ᠤ ᠬᠦᠷᠳᠡᠬᠡᠯ ᠪᠤᠯᠵᠦ᠂ ᠡᠨᠡ ᠨᠠᠭᠠᠳᠣᠮ ᠤᠨ ᠠᠩᠬᠠᠷᠣᠯ ᠤᠨ ᠲᠦᠪ ᠪᠣᠯᠳᠠᠭ᠃ ᠲᠡᠬᠡᠪᠡᠯ ᠵᠣᠳᠣᠬᠯᠠᠵᠣ | ᠪᠠᠷᠢᠯᠳᠣᠬᠤ ᠪᠦᠬᠡ ᠨᠢ ᠣᠷᠣᠨ ᠠᠴᠠ ᠪᠠᠨ ᠡᠮᠣᠨᠡᠰᠢ ᠠᠯᠬᠤᠨ ᠢᠯᠡ ᠭᠠᠷᠴᠣ ᠵᠣᠳᠣᠬᠯᠠᠬᠤ ᠶᠢᠨ ᠡᠮᠣᠨ᠎ᠠ | ᠵᠣᠳᠤᠭ ᠢᠶᠠᠨ ᠲᠡᠯᠬᠡᠨ ᠵᠣᠳᠤᠭ ᠤᠨ ᠲᠣᠳᠣᠷ᠎ᠠ ᠲᠠᠯ᠎ᠠ ᠶᠢ ᠭᠠᠳᠠᠬᠰᠢ ᠬᠠᠨᠳᠣᠭᠤᠯᠣᠨ ᠬᠤᠶᠠᠷ ᠭᠠᠷ ᠲᠠᠭᠠᠨ ᠪᠠᠷᠢᠵᠤ᠂ | ᠬᠤᠶᠠᠷ ᠬᠦᠯ ᠤᠨ ᠰᠢᠯᠪᠢ ᠳᠠᠭᠡᠷ᠎ᠡ ᠡᠬᠡᠯᠵᠢᠯᠠᠨ ᠬᠦᠴᠣᠳᠠᠢ ᠬᠦᠪᠢᠵᠣ ᠰᠢᠪᠬᠠᠷᠳᠠᠵᠣ ᠵᠣᠳᠤᠭ ᠢᠶᠠᠨ ᠡᠮᠣᠰᠣᠨ᠎ᠠ | ︵ᠡᠨᠡ ᠦᠶᠡᠰ ᠲᠤ ᠠᠯᠢ ᠲᠠᠯ᠎ᠠ ᠲᠠᠢ ᠪᠦᠬᠡ ᠶᠢ ᠮᠡᠳᠡᠬᠦ ᠣᠴᠢᠷ ᠲᠠᠢ᠂ ᠪᠦᠬᠡ ᠬᠦ᠋ᠮᠦᠨ ᠶᠡᠷᠦ ᠳᠡᠭᠡᠨ ᠲᠠᠳᠮᠠᠭᠠᠢ | ᠲᠠᠯ᠎ᠠ ᠠᠴᠠ ᠡᠬᠢᠯᠠᠨ ᠬᠦᠳᠡᠯᠬᠡᠬᠡᠨ ᠬᠢᠨ᠎ᠠ︶᠃ ᠵᠣᠳᠤᠭ ᠤᠨ ᠪᠦᠰᠠ ᠪᠠᠨ ᠰᠣᠯᠠ ᠰᠢᠭ᠋ ᠪᠦᠰᠡᠯᠡᠨᠠ᠂ ᠪᠦᠰᠠᠨ ᠳᠤ | ᠲᠦᠷᠪᠡᠨ ᠬᠤᠷᠣᠭᠤ ᠣᠷᠣᠬᠤ ᠵᠠᠢ ᠲᠠᠢ᠃ ᠵᠣᠳᠤᠭ ᠤᠨ ᠪᠦᠰᠠ ᠶᠢ ᠬᠠᠳᠠᠭ ᠪᠣᠶᠣ ᠰᠠᠶᠢᠨ ᠴᠢᠨᠠᠷ ᠤᠨ ᠪᠦᠰ | ᠲᠣᠷᠭ᠎ᠠ᠂ ᠰᠣᠷ᠂ ᠣᠯᠣᠰᠣᠨ ᠲᠡᠬᠡᠰᠣ ᠪᠠᠷ ᠬᠢᠬᠦ ᠴᠤ ᠪᠠᠶᠢᠳᠠᠭ᠃ | ᠲᠠᠪᠤ᠂ ᠪᠦᠬᠡ ᠲᠠᠭᠤᠳᠠᠬᠤ | ᠨᠣᠭᠤᠯᠤᠭ᠎ᠠ ᠪᠠᠷᠢᠯᠳᠣᠭᠠᠨ ᠡᠬᠢᠯᠡᠨ ᠪᠦᠬᠡᠴᠢᠳ ᠲᠠᠯᠠᠪᠣᠷ ᠲᠤ ᠭᠠᠷᠴᠣ ᠪᠠᠷᠢᠯᠳᠣᠬᠤ ᠶᠢᠨ ᠵᠠᠷᠯᠢᠭ ᠪᠢᠯᠠ᠃ | ︽ᠪᠦᠬᠡ ᠪᠠᠨ ᠲᠠᠯᠪᠢ︕ ᠪᠦᠬᠡ ᠪᠠᠨ ᠲᠠᠯᠪᠢ︕ ᠪᠦᠬᠡ ᠪᠠᠨ ᠲᠠᠯᠪᠢ︕︾ ᠬᠡᠵᠣ ᠣᠷᠳᠣ ᠶᠢᠨ ᠰᠠᠶᠢᠬᠠᠨ | ᠲᠠᠭᠤᠣ ᠠᠶᠠᠯᠠᠭᠤᠯᠣᠨ ᠲᠠᠭᠤᠯᠠᠨ᠎ᠠ᠂ ᠡᠨᠡ ᠦᠶᠠᠰ ᠪᠦᠬᠡ ᠭᠠᠷᠭᠠᠬᠤ ᠬᠤᠶᠠᠷ ᠵᠠᠰᠠᠭᠤᠯ ᠤᠨ ᠲᠣᠮᠳᠠ ᠠᠴᠠ | ᠪᠦᠬᠡᠴᠢᠳ ᠲᠡᠪᠢᠨ ᠲᠡᠪᠢᠭᠰᠡᠬᠡᠷ ᠭᠠᠷᠴᠣ ᠢᠷᠡᠨ᠎ᠠ᠃ ᠮᠦᠡᠴᠣ ᠲᠣᠰ ᠨᠠᠭᠠᠳᠤᠮ ᠳᠤ ᠶᠠᠮᠠᠷ ᠭᠠᠵᠠᠷ ᠤᠨ ᠬᠡᠨ ᠬᠡᠳᠡᠭ | ᠨᠡᠷᠡᠳᠣ ᠪᠦᠬᠡᠴᠢᠨ ᠬᠦᠷᠣᠯᠴᠠᠨ ᠢᠷᠠᠵᠣ ᠨᠠᠭᠠᠳᠣᠮ ᠢ ᠬᠦᠷ ᠬᠦᠭᠵᠢᠶᠡᠨ ᠲᠠᠢ ᠪᠣᠯᠭᠠᠯ᠎ᠠ ᠬᠡᠬᠦ ᠮᠡᠳᠣ ᠪᠠᠷ ᠨᠡᠷᠡᠳᠣ | ᠪᠦᠬᠡᠴᠢᠳ ᠲᠣᠰ ᠨᠠᠭᠠᠳᠣᠮ ᠳᠤ ᠪᠠᠷᠢᠯᠳᠣᠵᠣ ᠪᠠᠶᠢᠬᠤ ᠶᠢ ᠦᠵᠡᠭᠴᠢ ᠲᠦᠮᠡᠨ ᠳᠡᠭᠡᠨ ᠪᠠᠶᠠᠷ ᠪᠣᠯᠭᠠᠨ ᠮᠡᠳᠡᠭᠳᠡᠨ᠎ᠠ᠃ | ᠪᠦᠬᠡ ᠲᠠᠭᠤᠳᠠᠬᠤ ᠨᠢ ᠪᠦᠬᠡ ᠭᠠᠷᠴᠣ ᠪᠠᠷᠢᠯᠳᠣᠬᠤ ᠬᠢᠬᠡᠳ ᠪᠠᠷᠢᠯᠳᠣᠵᠣ ᠪᠠᠶᠢᠬᠤ ᠦᠶᠡᠰ ︽ᠪᠦᠬᠡ ᠪᠠᠨ ᠲᠠᠯᠪᠢ︕ | ᠪᠦᠬᠡ ᠪᠠᠨ ᠲᠠᠯᠪᠢ︕ ᠪᠦᠬᠡ ᠪᠠᠨ ᠲᠠᠯᠪᠢ︕︾ ᠬᠡᠵᠣ ᠣᠷᠳᠣ ᠶᠢᠨ ᠳᠠᠭᠤᠤ ᠠᠶᠠᠯᠠᠭᠤᠯᠣᠨ ᠪᠦᠬᠡᠴᠢᠳ ᠤᠨ | ᠬᠡᠶᠢᠮᠣᠷᠢ ᠵᠣᠷᠢᠭ ᠢ ᠰᠡᠷᠬᠦᠬᠡᠨ ᠲᠠᠭᠤᠯᠠᠭᠤᠯᠳᠠᠭ᠃ ᠡᠬᠦᠨ ᠳᠤ ᠶᠡᠭᠡ ᠨᠠᠭᠠᠳᠣᠮ ᠳᠤ ᠪᠣᠯ ᠷᠠᠳᠢᠣ᠋ ᠪᠠᠷ ᠲᠣᠰᠬᠠᠢ | ᠲᠠᠭᠤᠴᠢᠨ ᠢ ᠣᠷᠢᠨ ᠲᠠᠭᠤᠯᠠᠭᠤᠯᠳᠠᠭ ᠪᠠᠶᠢᠯ᠎ᠠ᠃ ᠣᠪᠣᠭᠠᠨ ᠨᠠᠭᠠᠳᠣᠮ ᠵᠡᠷᠬᠡ ᠶᠢᠨ ᠪᠠᠭᠠᠪᠳᠣᠷ ᠨᠠᠭᠠᠳᠣᠮ ᠳᠤ | ᠨᠣᠳᠤᠭ ᠤᠨ ᠲᠠᠭᠤᠴᠢᠨ ᠭᠤᠣᠯᠯᠠᠨ᠂ ᠰᠠᠶᠢᠨ ᠲᠣᠷ᠎ᠠ ᠶᠢᠨ ᠲᠠᠭᠤᠴᠢᠳ ᠲᠠᠭᠤᠯᠠᠳᠠᠭ᠃ ᠮᠦᠡᠴᠣ ᠪᠠᠷᠢᠯᠳᠣᠭᠠᠨ ᠤ | ᠲᠣᠮᠳᠠ ᠰᠠᠶᠢᠬᠠᠨ ᠰᠠᠶᠢᠬᠠᠨ ᠣᠷᠳᠣ ᠶᠢᠨ ᠲᠠᠭᠤᠣ ᠨᠤᠭᠤᠳ ᠢ ᠲᠠᠭᠤᠯᠠᠳᠠᠭ᠃ ᠣᠡᠴᠠᠭᠠᠶᠢᠯᠠᠨ ᠲᠣᠷᠠᠳᠣᠪᠠᠯ | ᠨᠣᠳᠤᠭ ᠤᠨ ᠪᠠᠷᠢᠯᠳᠣᠭᠠᠨ ᠦᠳᠡ ᠶᠢᠨ ᠬᠤᠶᠢᠨ᠎ᠠ ᠨᠠᠷᠠ ᠣᠷᠣᠬᠤ ᠦᠶ᠎ᠡ ᠪᠠᠷ ᠲᠡᠬᠡᠳᠣ ᠲᠦᠷᠪᠠ ᠪᠤᠶᠦ ᠨᠠᠢᠮᠠ ᠶᠢᠨ | ᠪᠠᠷᠢᠯᠳᠣᠭᠠᠨ ᠪᠤᠯᠬᠤ ᠳᠤ ᠨᠣᠳᠤᠭ ᠤᠨ ᠠᠬᠠᠮᠠᠳ ᠲᠣᠮᠣᠭᠠᠳᠠᠳ ᠮᠢᠨᠢ ︽ᠪᠦᠬᠡ ᠲᠠᠭᠤᠳᠠᠬᠤ︾ ᠨᠢ ᠲᠣᠩ ᠣᠳᠬ᠎ᠠ | ᠠᠭᠤᠯᠭ᠎ᠠ ᠲᠠᠢ᠂ ᠪᠠᠶᠠᠷ ᠬᠦᠷ ᠲᠠᠢ ᠰᠠᠨᠠᠭᠳᠠᠳᠠᠭ᠃ ᠲᠡᠷᠡ ᠬᠦ ᠣᠯᠠᠨ ᠰᠠᠶᠢᠬᠠᠨ ᠦᠵᠡᠭᠴᠢᠳ ᠬᠠᠮᠳᠣ ᠪᠠᠷ | ︽ᠪᠦᠬᠡ ᠪᠠᠨ ᠲᠠᠯᠪᠢ︾ ᠬᠡᠵᠣ ᠣᠯᠠᠨ ᠶᠠᠩᠵᠣ ᠶᠢᠨ ᠠᠶᠠᠯᠭᠤ ᠨᠠᠶᠢᠯᠡᠬᠦᠯᠣᠨ ᠲᠠᠭᠤᠯᠠᠬᠤ ᠨᠢ ᠨᠠᠰᠣᠨ ᠤ ᠮᠢᠨᠢ | ᠦᠨᠢᠳᠠ ᠮᠠᠷᠳᠠᠵᠣ ᠴᠢᠳᠠᠬᠤ ᠦᠬᠡᠢ ᠰᠠᠶᠢᠬᠠᠨ ᠲᠣᠷᠠᠳᠬᠠᠯ ᠪᠤᠯᠳᠠᠭ ᠪᠢᠯᠠ᠃ ᠲᠡᠷᠡ ᠲᠠᠭᠤᠤ ᠳᠤ ᠬᠦᠴᠣ ᠬᠡᠶᠢᠮᠣᠷᠢ | ᠮᠢᠨᠢ ᠪᠣᠰᠳᠠᠭ ᠪᠠᠶᠢᠯ᠎ᠠ᠃ | ᠵᠢᠷᠭᠤᠭ᠎ᠠ᠂ ᠪᠦᠬᠡ ᠶᠢᠨ ᠨᠤᠭᠤᠯᠤᠭ᠎ᠠ ᠲᠠᠭᠠᠷᠠᠭᠤᠯᠣᠨ ᠪᠠᠷᠢᠯᠳᠣᠬᠤ ᠠᠷᠭ᠎ᠠ | 128 ᠪᠦᠬᠡ ᠶᠢᠨ ᠨᠤᠭᠤᠯᠤᠭ᠎ᠠ ᠪᠠᠷᠢᠯᠳᠣᠭᠠᠨ ᠪᠣᠯᠪᠠᠯ ᠡᠬᠢᠯᠡᠯᠳᠠ ᠶᠢᠨ ᠨᠣᠭᠤᠯᠤᠭ᠎ᠠ ᠳᠤ ᠵᠡᠬᠦᠨ ᠲᠠᠯ᠎ᠠ ᠶᠢᠨ | ᠲᠡᠬᠡᠳᠣ ᠲᠠᠯ᠎ᠠ ᠠᠴᠠ ᠲᠦᠷᠪᠠ ᠪᠣᠶᠣ ᠨᠠᠢᠮᠠᠨ ᠪᠦᠬᠡ ᠵᠡᠷᠬᠡ ᠪᠠᠷ ᠵᠡᠷᠬᠡᠴᠡᠨ ᠭᠠᠷᠣᠨ᠎ᠠ᠂ ᠲᠣᠣᠷᠠᠳᠣ ᠲᠠᠯ᠎ᠠ ᠶᠢᠨ | ᠢᠳᠡᠰᠢ ᠶᠢᠨ ᠨᠠᠢᠮᠠᠨ ᠪᠦᠬᠡ ᠮᠦᠨ ᠲᠡᠪᠢᠨ ᠭᠠᠷᠴᠣ ᠵᠦᠷᠢᠯᠳᠣᠬᠦᠯᠣᠨ ᠪᠠᠷᠢᠯᠳᠣᠬᠤ ᠠᠷᠭ᠎ᠠ ᠪᠠᠷ ᠪᠠᠷᠢᠯᠳᠣᠨ᠎ᠠ᠃ × | × × × × × × × ᠪᠠᠷᠠᠭᠤᠨ ᠭᠠᠷ ᠤᠨ ᠪᠦᠬᠡ ᠲᠠᠶᠢᠵᠠ × × × × × × × × ᠵᠡᠬᠦᠨ ᠭᠠᠷ ᠤᠨ | ᠪᠦᠬᠡ ᠬᠡᠪᠡᠴᠣ 16 ᠶᠢᠨ ᠨᠤᠭᠤᠯᠤᠭ᠎ᠠ ᠡᠬᠢᠯᠡᠪᠡᠯ ᠲᠡᠬᠡᠳᠣ ᠲᠠᠯ᠎ᠠ ᠠᠴᠠ ᠲᠦᠷᠪᠡᠨ ᠪᠦᠬᠡ᠂ ᠲᠣᠣᠷᠡᠳᠣ ᠲᠠᠯ᠎ᠠ ᠠᠴᠠ | ᠲᠦᠷᠪᠡᠨ ᠪᠦᠬᠡ ᠭᠠᠷᠴᠣ ᠵᠦᠷᠢᠯᠳᠣᠨ ᠪᠠᠷᠢᠯᠳᠣᠨ᠎ᠠ᠃ ᠲᠠᠬᠡᠳᠣ ᠰᠢᠯᠢᠳᠡᠭ ᠨᠠᠢᠮᠠᠨ ᠶᠢᠨ ᠨᠣᠭᠤᠯᠭ᠎ᠠ ᠡᠬᠢᠯᠡᠪᠡᠯ | ᠬᠤᠶᠠᠷ ᠲᠠᠯ᠎ᠠ ᠠᠴᠠ ᠬᠤᠶᠠᠷ ᠬᠤᠣᠰ ᠪᠦᠬᠡ ᠭᠠᠷᠴᠣ ᠪᠠᠷᠢᠯᠳᠣᠨ᠎ᠠ᠃ ᠡᠨᠡ ᠮᠡᠳᠣ ᠪᠠᠷ ᠪᠠᠷᠢᠯᠳᠣᠨ ᠦᠵᠣᠬᠦᠷ ᠢᠶᠠᠨ | ᠲᠡᠳ᠋ ᠤᠨ ᠪᠦᠬᠡ ᠪᠠᠨ ᠭᠠᠷᠭᠠᠨ᠎ᠠ᠂ ᠦᠵᠣᠬᠦᠷ ᠲᠡᠳ᠋ ᠪᠦᠬᠡ ᠶᠢᠨ ᠡᠮᠣᠨ᠎ᠠ ᠣᠣᠯ ᠨᠢ ᠭᠤᠷᠪᠠ ᠲᠦᠷᠪᠠ ᠶᠢᠨ | ᠪᠦᠬᠡ ᠪᠠᠨ ᠪᠠᠷᠢᠯᠳᠣᠭᠤᠯᠣᠨ ᠭᠠᠷᠭᠠᠳᠠᠭ ᠪᠠᠶᠢᠯ᠎ᠠ ︵ᠣᠳᠣ ᠭᠠᠳᠠᠨ᠎ᠠ ᠠᠴᠠ ᠰᠣᠷᠴᠣ ᠭᠤᠷᠪᠠ ᠲᠦᠷᠪᠠ ᠶᠢᠨ | ᠪᠦᠬᠡ ᠪᠠᠨ ᠪᠠᠷᠢᠯᠳᠣᠭᠤᠯᠬᠤ ᠦᠬᠡᠢ ᠪᠣᠯᠵᠡᠢ᠂ ᠱᠠᠩᠨᠠᠯ ᠨᠢ ᠴᠦ ᠠᠳᠠᠯᠢ ᠪᠣᠯᠵᠡᠢ︶᠃ | ᠲᠡᠬᠡᠳᠣ ᠲᠦᠷᠪᠠᠨ ᠪᠦᠬᠡ ᠶᠢᠨ ᠦᠶᠠᠰ᠂ ᠬᠤᠶᠠᠷ ᠲᠠᠯ᠎ᠠ ᠠᠴᠠ ᠬᠤᠶᠠᠷ ᠬᠤᠣᠰ ᠪᠦᠬᠡ ᠭᠠᠷᠭᠠᠨ ᠠᠭᠠᠵᠢᠮ | ᠪᠠᠷᠢᠯᠳᠣᠭᠤᠯᠬᠤ ᠨᠢ ᠰᠠᠶᠢᠨ ᠪᠦᠬᠡᠴᠢᠳ ᠤᠨ ᠪᠠᠷᠢᠯᠳᠣᠭᠠᠨ ᠢ ᠰᠠᠶᠢᠳᠣᠷ ᠰᠣᠨᠢᠷᠬᠠᠨ ᠨᠡᠷᠡᠳᠣ ᠪᠦᠬᠡ ᠶᠢᠨ ᠭᠤᠶᠢᠳᠠ | ᠪᠠᠷᠢᠯᠳᠣᠭᠠᠨ ᠢ ᠦᠵᠡᠭᠴᠢ ᠲᠦᠮᠡᠨ ᠳᠤ ᠰᠣᠨᠢᠷᠬᠠᠭᠤᠯᠣᠨ ᠭᠤᠸ᠎ᠠ ᠰᠠᠶᠢᠬᠠᠨ ᠣᠶᠣᠨ ᠰᠠᠨᠠᠭᠠᠨ ᠤ ᠬᠦᠷᠳᠡᠬᠡᠯ | ᠣᠯᠭᠤᠨ ᠦᠵᠡᠬᠦᠯᠬᠦ ᠶᠢᠨ ᠲᠦᠯᠣᠬᠡ ᠶᠣᠮ᠃ ᠨᠤᠭᠤᠯᠤᠭ᠎ᠠ ᠲᠠᠭᠠᠷᠠᠵᠣ ᠪᠠᠷᠢᠯᠳᠣᠭᠠᠳ ᠨᠤᠭᠤᠯᠤᠭ᠎ᠠ ᠪᠠᠨ ᠲᠠᠪᠠᠪᠠᠯ | ᠲᠡᠬᠡᠳᠣ ᠲᠠᠯ᠎ᠠ ᠶᠢᠨ ᠰᠠᠶᠢᠨ ᠪᠦᠬᠡ᠂ ᠢᠳᠡᠰᠢ ᠶᠢᠨ ᠲᠣᠣᠷᠠᠳᠣ ᠲᠠᠯ᠎ᠠ ᠶᠢᠨ ᠪᠦᠬᠡ ᠴᠤ ᠬᠡᠰᠠᠨ ᠪᠠᠷᠢᠯᠳᠣᠨ ᠬᠠᠶᠠᠪᠠᠯ | ᠲᠡᠬᠡᠳᠣ ᠲᠠᠯ᠎ᠠ ᠶᠢᠨ ᠣᠷᠣᠨ ᠳᠤᠨᠢ ᠭᠠᠷᠴᠣ ᠰᠠᠭᠤᠨ᠎ᠠ᠃ ᠲᠡᠬᠡᠳᠣ ᠲᠠᠯ᠎ᠠ ᠠᠴᠠ ᠭᠠᠷᠣᠬᠰᠠᠨ ᠪᠦᠬᠡ ᠢ ᠬᠠᠶᠠᠬᠰᠠᠨ | ᠣᠴᠢᠷ ᠣᠯᠠᠨ ᠪᠣᠢ᠃ ᠡᠨᠡ ᠮᠡᠳᠣ ᠪᠠᠷ ᠨᠤᠭᠤᠯᠤᠭ᠎ᠠ ᠪᠦᠷᠢ ᠬᠠᠶᠠᠬᠰᠠᠨ ᠪᠦᠬᠡ ᠨᠢ ᠲᠡᠬᠡᠳᠣ ᠲᠠᠯ᠎ᠠ ᠶᠢᠨ ᠣᠷᠣᠨ ᠳᠤ | ᠣᠴᠢᠵᠣ᠂ ᠲᠠᠷᠠᠭ᠎ᠠ ᠶᠢᠨ ᠨᠣᠭᠤᠯᠭ᠎ᠠ ᠶᠢᠨ ᠪᠦᠬᠡ ᠲᠠᠢ ᠪᠠᠨ ᠵᠠᠯᠭᠠᠨ ᠪᠠᠷᠢᠯᠳᠣᠨ᠎ᠠ᠃ | ᠲᠣᠯᠤᠭ᠎ᠠ᠂ ᠪᠦᠬᠡ ᠴᠣᠯᠠᠯᠠᠬᠤ | ᠠᠷᠭ᠎ᠠ ᠪᠠᠷᠢᠯᠳᠣᠭᠠᠨ ᠢᠳᠡ ᠶᠠᠪᠣᠬᠳᠠᠵᠣ ᠲᠡᠬᠡᠳᠣ ᠲᠦᠷᠪᠠᠨ ᠪᠦᠬᠡ ᠦᠯᠡᠳᠡᠪᠡᠯ ᠡᠯ᠎ᠡ ᠵᠦᠢᠯ ᠤᠨ ᠱᠠᠩᠨᠡᠯ | ᠣᠯᠭᠤᠨ᠎ᠠ᠂ ᠮᠣᠷᠢᠨ ᠤ ᠱᠠᠩᠨᠡᠯ᠂ ᠵᠢᠱᠢᠶᠠᠴᠢ ᠮᠠᠯᠴᠢᠨ᠂ ᠨᠡᠷᠡᠳᠣ ᠣᠶᠠᠭᠠᠴᠢ᠂ ᠨᠡᠷᠡᠳᠣ ᠪᠦᠬᠡ ᠪᠠᠨ ᠴᠣᠯᠯᠠᠬᠤ | ᠵᠡᠷᠬᠡ ᠠᠵᠢᠯ ᠤᠳ ᠶᠠᠪᠣᠬᠳᠠᠨᠠ᠃ ᠬᠦᠯᠣᠨ ᠪᠤᠶᠢᠷ ᠲᠤ ᠭᠤᠣᠯᠳᠠᠭᠤ ᠣᠣᠯ ᠤᠨ ᠨᠡᠷᠡᠳᠣ ᠰᠠᠶᠢᠨ ᠪᠦᠬᠡ ᠶᠢ ᠨᠠᠰᠤ | ᠦᠡᠳᠣᠷ ᠪᠣᠯᠵᠣ ᠪᠠᠷᠢᠯᠳᠣᠬᠤ ᠦᠬᠡᠢ ᠴᠠᠭ ᠲᠤᠨᠢ ᠠᠯᠳᠠᠷ ᠭᠠᠪᠢᠶ᠎ᠠ ᠶᠢ ᠨᠢ ᠲᠠᠬᠢᠨᠳᠠ ᠦᠨᠡᠯᠡᠨ ᠮᠠᠡᠳᠣᠭᠤᠯᠵᠣ | ︽ᠲᠠᠷᠬᠠᠨ ᠪᠦᠬᠡ︾ ᠶᠢᠨ ᠴᠣᠯᠠ ᠣᠯᠭᠤᠨ ᠬᠤᠶᠢᠴᠢ ᠦᠶ᠎ᠡ ᠳᠤ ᠬᠦᠮᠣᠵᠢᠯ ᠪᠣᠯᠭᠠᠨ᠎ᠠ᠃ ᠵᠠᠰᠠᠭ ᠤᠨ ᠲᠠᠯ᠎ᠠ ᠠᠴᠠ᠂ | 1997 ᠣᠨ ᠳᠤ ᠭᠤᠴᠢᠨ ᠬᠤᠶᠠᠷ ᠨᠡᠷᠡᠰ ᠪᠦᠬᠡ ᠳᠤ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ | ᠲᠠᠪᠢᠨ ᠵᠢᠯ ᠤᠨ ᠣᠢ ᠳᠤ᠂ ᠨᠢᠬᠡ ᠣᠳᠠᠭ᠎ᠠ ᠠᠯᠪᠠᠨ ᠲᠠᠯ᠎ᠠ ᠠᠴᠠ ᠪᠦᠬᠡ ᠶᠢᠨ ᠴᠣᠯᠠ ᠣᠯᠭᠤᠵᠡᠢ᠂ ᠬᠦᠯᠣᠨ ᠪᠤᠶᠢᠷ | ᠠᠶᠢᠮᠠᠭ ︵ᠬᠤᠳᠠ︶ ᠭᠤᠷᠪᠠᠨ ᠣᠳᠠᠭ᠎ᠠ ︵1983 ᠣᠨ ᠳᠤ ᠠᠷᠪᠠᠨ ᠨᠢᠬᠡᠨ ᠪᠦᠬᠡ᠂ 1991 ᠣᠨ ᠳᠤ | ᠵᠢᠷᠭᠤᠭᠠᠨ ᠪᠦᠬᠡ᠂ 2007 ᠣᠨ ᠳᠤ ᠲᠦᠷᠪᠠᠨ ᠪᠦᠬᠡ︶᠂ ︽ᠠᠶᠢᠮᠠᠭ ᠤᠨ ᠲᠠᠷᠬᠠᠨ ᠪᠦᠬᠡ︾ ᠶᠢᠨ ᠴᠣᠯᠠ | ᠣᠯᠭᠤᠨ᠂ ᠰᠢᠨ᠎ᠠ ᠪᠠᠷᠭᠤ ᠵᠠᠬᠦᠨ ᠬᠤᠰᠢᠭᠤ ᠬᠤᠶᠠᠷ ᠣᠳᠠᠭ᠎ᠠ ︽ᠬᠤᠰᠢᠭᠤᠨ ᠤ ᠲᠠᠷᠬᠠᠨ ᠪᠦᠬᠡ︾ ᠶᠢᠨ ᠴᠣᠯᠠ | ᠣᠯᠭᠤᠨ᠂ ᠰᠢᠨ᠎ᠠ ᠪᠠᠷᠭᠤ ᠵᠡᠬᠦᠨ ᠬᠤᠰᠢᠭᠤᠨ ᠤ ᠰᠣᠶᠣᠯ ᠲᠠᠮᠢᠷ ᠲᠣᠪᠴᠢᠶᠠᠨ ᠠᠴᠠ 2013 ᠣᠨ ᠤ ᠪᠦᠬᠡ ᠶᠢᠨ | ᠣᠪᠣᠭᠠᠨ ᠲᠠᠬᠢᠯᠭ᠎ᠠ ᠳᠤ ᠠᠩᠬ᠎ᠠ ᠲᠡᠷᠢᠭᠦᠨ ᠠᠯᠪᠠᠨ ᠲᠠᠯ᠎ᠠ ᠠᠴᠠ ᠴᠣᠯᠠ ᠣᠯᠭᠤᠬᠤ ᠳᠠᠭᠠᠨ ᠲᠠᠬᠡᠳᠣ ᠠᠷᠪᠠᠨ | ᠵᠢᠷᠭᠤᠭᠠᠨ ᠪᠦᠬᠡ ᠳᠤ ᠴᠣᠯᠠ ᠣᠯᠭᠤᠬᠤ ᠠᠵᠢᠯ ᠢ ᠬᠢᠵᠡᠢ᠃ 1998 ᠣᠨ ᠳᠤ ᠲᠠᠷᠭᠤᠨᠨᠠᠭᠤᠷ ᠰᠣᠮᠣᠨ ᠤ | ᠠᠷᠠᠳ ᠤᠨ ᠨᠠᠭᠠᠳᠣᠮ ᠳᠤ ᠲᠦᠷᠪᠠᠨ ᠠᠬᠠᠮᠠᠳ ᠪᠦᠬᠡ ᠳᠤ ᠰᠣᠮᠣᠨ ᠤ ᠵᠠᠰᠠᠭ ᠤᠨ ᠣᠷᠳᠣᠨ ᠠᠴᠠ ︽ᠰᠣᠮᠣᠨ ᠤ | ᠲᠠᠷᠬᠠᠨ ᠪᠦᠬᠡ︾ ᠶᠢᠨ ᠴᠣᠯᠠ ᠣᠯᠭᠤᠵᠡᠢ᠃ | ᠬᠠᠷᠢᠨ ᠠᠭᠤᠯᠠ ᠣᠪᠣᠭᠠᠨ ᠤ ᠲᠠᠬᠢᠯᠭ᠎ᠠ ᠨᠠᠭᠠᠳᠣᠮ ᠳᠤ ᠭᠤᠷᠪᠠᠨ ᠵᠢᠯ ᠲᠠᠷᠠᠭᠠᠯᠠᠨ ᠲᠡᠷᠢᠬᠦᠨ ᠪᠦᠬᠡ ᠪᠣᠯᠪᠠᠯ | ᠠᠭᠤᠯᠠ ᠣᠪᠣᠭᠠᠨ ᠤ ᠲᠠᠬᠢᠯᠭ᠎ᠠ ᠶᠢᠨ ᠵᠦᠪᠯᠡᠯ ᠤᠨ ᠲᠠᠷᠤᠭ᠎ᠠ ᠨᠠᠷ ᠶᠠᠷᠢᠯᠴᠠᠨ ᠲᠣᠰ ᠣᠪᠣᠭ᠎ᠠ ᠶᠢᠨ ︽ᠲᠠᠷᠬᠠᠨ | ᠪᠦᠬᠡ︾ ᠶᠢᠨ ᠴᠣᠯᠠ ᠣᠯᠭᠤᠨ᠎ᠠ᠃ ᠡᠨᠡᠬᠦ ᠶᠣᠰᠣ ᠨᠢ ᠬᠤᠶᠢᠴᠢ ᠦᠶ᠎ᠡ ᠶᠢᠨ ᠰᠢᠨ᠎ᠡ ᠪᠠᠷ ᠭᠠᠷᠬᠤ ᠪᠦᠬᠡ ᠳᠤ ᠵᠠᠮ | ᠲᠠᠯᠪᠢᠨ ᠬᠦᠮᠣᠵᠢᠬᠦᠯᠬᠦ ᠶᠣᠰᠣ ᠪᠢᠯᠠ᠃ ᠵᠢᠱᠢᠶᠠᠯᠠᠪᠠᠯ᠄ ᠰᠣᠮᠣᠨ ᠨᠠᠭᠠᠳᠣᠮ᠂ ᠪᠣᠬᠳᠠ ᠠᠭᠤᠯᠠ ᠶᠢᠨ ᠲᠠᠬᠢᠯᠭ᠎ᠠ᠂ | ᠬᠤᠰᠢᠭᠤᠨ ᠣᠪᠣᠭᠠᠨ ᠲᠠᠬᠢᠯᠭ᠎ᠠ᠂ ᠰᠣᠮᠣᠨ ᠣᠪᠣᠭᠠᠨ ᠤ ᠲᠠᠬᠢᠯᠭ᠎ᠠ᠂ ᠬᠠᠯᠠ ᠶᠢᠨ ᠣᠪᠣᠭᠠᠨ ᠲᠠᠬᠢᠯᠭ᠎ᠠ ᠬᠡᠬᠦ ᠮᠡᠳᠣ | ︽ᠲᠠᠷᠬᠠᠨ ᠪᠦᠬᠡ︾ ᠶᠢᠨ ᠴᠣᠯᠠ ᠣᠯᠭᠤᠨ ᠲᠣᠰᠬᠠᠢ ᠱᠠᠩᠨᠠᠯ ᠬᠦᠷᠳᠡᠬᠡᠨ᠂ ᠲᠣᠰ ᠭᠠᠵᠠᠷ ᠲᠠᠬᠢᠨ ᠪᠠᠷᠢᠯᠳᠣᠬᠤ | ᠦᠬᠡᠢ᠂ ᠬᠦᠡᠳᠣᠳᠬᠡᠯ ᠤᠨ ᠰᠠᠭᠤᠳᠠᠯ ᠪᠣᠶᠣ ᠪᠦᠬᠡ ᠵᠠᠰᠠᠬᠤ ᠠᠵᠢᠯ ᠳᠤ ᠬᠠᠪᠰᠣᠷᠣᠭᠤᠯᠣᠨ ᠬᠦᠡᠳᠣᠳᠬᠡᠨᠠ᠃ | ︵ᠲᠣᠰ ᠭᠠᠵᠠᠷ ᠪᠦᠬᠡ ᠶᠢᠨ ᠠᠵᠢᠯ ᠤᠨ ᠲᠣᠬᠠᠢ ᠦᠬᠡ ᠶᠠᠷᠢᠬᠤ ᠡᠷᠬᠡ ᠲᠠᠢ ᠪᠣᠯᠣᠨ᠎ᠠ︶᠃ | ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠪᠠᠶᠢᠭᠤᠯᠣᠬᠳᠠᠬᠰᠠᠨ ᠲᠠᠪᠢᠨ ᠵᠢᠯ ᠤᠨ ᠣᠢ ᠶᠢᠨ ᠣᠷᠣᠨ | ᠲᠠᠶᠠᠭᠠᠷ ᠴᠣᠯᠠ ᠣᠯᠭᠤᠬᠤ ᠨᠠᠭᠠᠳᠣᠮ ᠳᠤ ᠲᠡᠬᠡᠳᠣ ᠠᠷᠪᠠᠨ ᠵᠢᠷᠭᠤᠭ᠎ᠠ ᠶᠢᠨ ᠨᠤᠭᠤᠯᠤᠭ᠎ᠠ ᠳᠤ ᠦᠯᠡᠳᠡᠭᠰᠠᠨ ᠪᠦᠬᠡ | ᠡᠷᠳᠡᠮᠳᠣ ᠣᠷᠣᠨ ᠤ ᠦᠯᠵᠡᠢ ᠵᠢᠪᠬᠤᠯᠠᠩᠳᠣ ᠵᠠᠭᠠᠨ ᠴᠣᠯᠠ ᠬᠦᠷᠳᠡᠨ᠂ ᠭᠤᠴᠢᠨ ᠬᠤᠶᠠᠷ ᠤᠨ ᠨᠣᠭᠤᠯᠭ᠎ᠠ ᠳᠤ | ᠪᠦᠬᠡ ᠰᠠᠡᠴᠢᠷ ᠪᠠᠷᠰ ᠴᠣᠯᠠ ᠬᠦᠷᠳᠡᠵᠡᠢ᠃ | ᠲᠠᠷᠬᠠᠨ ᠪᠦᠬᠡ ᠶᠢᠨ ᠴᠣᠯᠠ ᠣᠯᠭᠤᠬᠤ ᠨᠢ ᠲᠣᠩ ᠨᠠᠷᠢᠯᠢᠭ ᠠᠵᠢᠯ᠂ ᠴᠣᠯᠠ ᠣᠯᠬᠤ ᠪᠦᠬᠡ ᠨᠢ ᠨᠡᠯᠢᠶᠡᠳ | ᠶᠡᠭᠡ ᠠᠮᠵᠢᠯᠳᠠ ᠪᠦᠳᠣᠮᠵᠢ ᠲᠠᠢ ᠪᠠᠶᠢᠬᠤ ᠬᠡᠷᠡᠭᠳᠡᠢ᠂ ᠡᠬᠦᠨ ᠳᠤ ᠠᠶᠢᠮᠠᠭ ᠤᠨ ᠨᠠᠭᠠᠳᠣᠮ ᠤᠨ 512 ᠪᠦᠬᠡ ᠲᠠᠢ | ᠨᠣᠭᠤᠯᠤᠭ᠎ᠠ ᠪᠠᠷᠢᠯᠳᠣᠭᠠᠨ ᠳᠤ ᠲᠡᠬᠡᠳᠣ ᠲᠦᠷᠪᠠ ᠳᠤ ᠦᠯᠡᠳᠡᠭᠰᠠᠨ ᠪᠦᠬᠡ ︽ᠠᠶᠢᠮᠠᠭ ᠤᠨ ᠲᠠᠷᠬᠠᠨ ᠪᠦᠬᠡ︾ ᠶᠢᠨ | ᠴᠣᠯᠠ ᠬᠦᠷᠳᠡᠬᠦ᠂ ᠬᠤᠰᠢᠭᠤᠨ ᠤ ᠲᠠᠷᠬᠠᠨ ᠪᠦᠬᠡ ᠨᠢ ᠬᠤᠰᠢᠭᠤ ᠨᠠᠭᠠᠳᠣᠮ ᠳᠤ ᠨᠢᠬᠡ ᠣᠳᠠᠭ᠎ᠠ ᠠᠴᠠ ᠲᠡᠬᠡᠭᠰᠢ | 256 ᠪᠦᠬᠡ ᠶᠢᠨ ᠪᠠᠷᠢᠯᠳᠣᠭᠠᠨ ᠳᠤ ᠲᠡᠬᠡᠳᠣ ᠲᠦᠷᠪᠠ ᠳᠤ ᠦᠯᠡᠳᠡᠭᠰᠠᠨ ᠪᠦᠬᠡ ︽ᠬᠤᠰᠢᠭᠤᠨ ᠤ ᠲᠠᠷᠬᠠᠨ ᠪᠦᠬᠡ︾ | ᠶᠢᠨ ᠴᠣᠯᠠ ᠬᠦᠷᠳᠡᠬᠦ᠂ ᠰᠣᠮᠣᠨ ᠤ ᠲᠠᠷᠬᠠᠨ ᠪᠦᠬᠡ ᠨᠢ ᠠᠶᠢᠮᠠᠭ ᠬᠤᠰᠢᠭᠤ ᠲᠠᠶᠠᠭᠠᠷ ᠨᠡᠯᠢᠶᠡᠳ ᠠᠯᠳᠠᠷ ᠲᠠᠢ᠂ | ᠰᠣᠮᠣᠨ ᠤ ᠨᠡᠷ᠎ᠡ ᠠᠯᠳᠠᠷ ᠢ ᠨᠠᠯᠢᠶᠡᠳ ᠮᠠᠡᠳᠣᠭᠤᠯᠣᠬᠰᠠᠨ ᠪᠣᠬᠳᠠ ᠠᠭᠤᠯᠠ ᠶᠢᠨ ᠲᠠᠬᠢᠯᠭ᠎ᠠ ︵ᠣᠴᠢᠷ ᠨᠢ ᠰᠢᠨ᠎ᠠ | ᠪᠠᠷᠭᠤ ᠵᠡᠬᠦᠨ᠂ ᠪᠠᠷᠠᠭᠤᠨ ᠬᠤᠰᠢᠭᠤ ᠵᠠᠰᠠ ᠨᠡᠶᠢᠯᠡᠨ ᠬᠦᠯᠣᠨ ᠪᠤᠶᠢᠷ ᠢᠶᠠᠷ ᠢᠶᠠᠨ ᠲᠠᠬᠢᠳᠠᠭ︶ ᠵᠡᠷᠬᠡ ᠨᠠᠶᠢᠷ | ᠨᠠᠭᠠᠳᠣᠮ ᠳᠤ ᠦᠵᠤᠬᠦᠷ ᠲᠡᠳ᠋ ᠳᠤ ᠦᠯᠡᠳᠡᠭᠰᠡᠨ ᠪᠦᠭᠡ ᠪᠤᠶᠦ ᠤᠯᠠᠨ ᠵᠢᠯ ᠪᠠᠷᠢᠯᠳᠣᠬᠰᠠᠨ ᠪᠦᠬᠡ ᠳᠤ | ︽ᠰᠣᠮᠣᠨ ᠤ ᠲᠠᠷᠬᠠᠨ ᠪᠦᠬᠡ︾ ᠶᠢᠨ ᠴᠣᠯᠠ ᠣᠯᠭᠤᠨ᠎ᠠ᠃ | ᠨᠠᠢᠮᠠ᠂ ᠦᠵᠣᠬᠦᠷ ᠤᠨ ᠲᠦᠷᠪᠠᠨ ᠪᠦᠬᠡ ᠪᠠᠨ ᠪᠠᠷᠢᠯᠳᠣᠭᠤᠯᠬᠤ ᠠᠷᠭ᠎ᠠ | ᠵᠡᠬᠦᠨ ᠲᠠᠯ᠎ᠠ ᠶᠢᠨ ᠦᠵᠣᠬᠦᠷ ᠪᠦᠬᠡ ᠨᠢ ᠪᠠᠷᠠᠭᠤᠨ ᠲᠠᠯ᠎ᠠ ᠶᠢᠨ ᠬᠤᠶᠠᠷ ᠲᠤ ᠵᠣᠬᠰᠣᠬᠰᠠᠨ ᠪᠦᠬᠡ ᠲᠠᠢ | ᠪᠠᠷᠢᠯᠳᠣᠭᠤᠯᠣᠨ᠂ ᠪᠠᠷᠠᠭᠤᠨ ᠲᠠᠯ᠎ᠠ ᠶᠢᠨ ᠦᠵᠣᠬᠦᠷ ᠪᠦᠬᠡ ᠨᠢ ᠵᠡᠬᠦᠨ ᠲᠠᠯ᠎ᠠ ᠶᠢᠨ ᠬᠤᠶᠠᠷ ᠲᠤ ᠵᠣᠬᠰᠣᠬᠰᠠᠨ | ᠪᠦᠬᠡ ᠲᠠᠢ ᠪᠠᠷᠢᠯᠳᠣᠨ᠎ᠠ ︵ᠲᠡᠬᠡᠳᠣ ᠲᠠᠯ᠎ᠠ ᠶᠢᠨ ᠪᠦᠬᠡ ᠨᠢ ᠲᠣᠣᠷᠠᠳᠣ ᠲᠠᠯ᠎ᠠ ᠶᠢᠨ ᠪᠦᠬᠡ ᠲᠠᠢ ᠪᠠᠷᠢᠯᠳᠣᠨ᠎ᠠ︶᠃ | ᠬᠤᠶᠠᠷ ᠬᠤᠣᠰ ᠲᠦᠷᠪᠠᠨ ᠪᠦᠬᠡ ᠪᠠᠨ ᠪᠦᠬᠡ ᠲᠠᠭᠤᠳᠠᠬᠤ ᠲᠠᠭᠤᠤ ᠶᠢᠨ ᠠᠶᠠᠰ ᠢᠶᠠᠷ ᠬᠤᠶᠠᠷ ᠲᠠᠯ᠎ᠠ ᠶᠢᠨ | ᠪᠦᠬᠡ ᠶᠢᠨ ᠵᠠᠰᠠᠭᠤᠯ ︵ᠪᠦᠬᠡ ᠶᠢᠨ ᠪᠠᠭᠰᠢ ᠵᠢᠴᠢ ᠪᠦᠬᠡ ᠶᠢᠨ ᠲᠣᠳᠣᠨᠣ ᠬᠦᠮᠣᠰ︶ ᠲᠦᠷᠪᠠᠨ ᠪᠦᠬᠡ ᠪᠠᠨ | ᠬᠠᠮᠳᠣ ᠪᠠᠷ ᠰᠦᠷ ᠵᠢᠪᠬᠤᠭ᠎ᠠ ᠲᠠᠢ ᠪᠠᠷ ᠲᠡᠪᠢᠨ ᠭᠠᠷᠭᠠᠨ ᠪᠠᠷᠢᠯᠳᠣᠭᠤᠯᠣᠨᠠ᠃ | ᠶᠢᠰᠣ᠂ ᠱᠠᠩᠨᠠᠯ ᠣᠯᠭᠤᠬᠤ | ᠮᠣᠩᠭᠤᠯ ᠪᠦᠬᠡ ᠶᠢᠨ ᠨᠠᠶᠢᠷ ᠨᠠᠭᠠᠳᠣᠮ ᠪᠦᠷᠢ ᠡᠬᠢᠯᠡᠯᠳᠠ ᠠᠴᠠ ᠲᠡᠬᠦᠰᠬᠡᠯ ᠬᠦᠷᠳᠡᠯ᠎ᠡ ᠠᠳᠠᠯᠢ ᠦᠬᠡᠢ | ᠱᠠᠩ ᠲᠠᠢ᠂ ᠱᠠᠩᠨᠠᠯ ᠤᠨ ᠶᠡᠭᠡ ᠪᠠᠭ᠎ᠠ ᠨᠢ ᠵᠤᠬᠢᠶᠠᠨ ᠪᠠᠶᠢᠭᠤᠯᠬᠤ ᠨᠢᠬᠡᠴᠠ ᠠᠴᠠ ᠨᠦᠬᠦᠴᠡᠯ ᠢ ᠪᠦᠷᠢᠯᠳᠣᠬᠦᠯᠣᠨ᠎ᠠ᠃ | ᠣᠣᠯ ᠨᠢ ᠬᠠᠭᠠᠰ ᠲᠠᠭᠠᠷ ᠪᠣᠳᠠᠭ᠎ᠠ᠂ ᠭᠤᠯᠢᠷ᠂ ᠬᠠᠭᠠᠰ ᠬᠡᠪ ᠤᠨ ᠴᠠᠢ᠂ ᠬᠤᠵᠢᠮ ᠨᠢ ᠴᠠᠢ᠂ ᠨᠣᠣᠰᠣᠨ ᠲᠠᠡᠽᠢ᠂ | ᠷᠠᠳᠢᠣ᠋᠂ ᠬᠠᠯᠠᠭᠤᠨ ᠣᠰᠣᠨ ᠤ ᠰᠠᠪᠠ᠂ ᠪᠠᠭ᠎ᠠ ᠰᠢᠭᠬᠡᠬᠡᠯᠳᠠ ᠶᠢᠨ ᠮᠠᠰᠢᠨ ᠵᠡᠷᠭᠡ᠃ ᠣᠳᠤ ᠮᠠᠨ ᠤ ᠨᠣᠳᠤᠭ ᠤᠨ | ︵ᠬᠦᠯᠣᠨ ᠪᠤᠶᠢᠷ︶ ᠦᠡᠳᠣᠷ ᠱᠠᠩᠨᠠᠯ ᠨᠢ ᠠᠷᠠᠳ ᠤᠨ ᠵᠣᠭᠤᠰ ᠨᠠᠢᠮᠠᠨ ᠲᠦᠮᠡ᠂ ᠬᠤᠶᠠᠷ ᠲᠦᠮᠡᠨ ᠲᠦᠬᠦᠷᠢᠭ | ᠬᠦᠷᠴᠣ᠂ ᠮᠦᠡᠴᠣ ᠡᠳ᠋ ᠪᠣᠳᠡᠰ᠂ ᠲᠠᠪᠣᠨ ᠬᠤᠰᠢᠭᠤ ᠮᠠᠯ᠂ ᠪᠠᠭ᠎ᠠ ᠲᠷᠡᠭᠲ᠋ᠣᠷ᠂ ᠮᠣᠲ᠋ᠣᠷ᠂ ᠲᠧᠯᠧᠢᠰ ᠵᠢᠩᠬᠢᠨᠢ | ᠰᠢᠵᠢᠷ ᠠᠯᠳᠠᠠ ᠮᠧᠲ᠋ᠠᠯ ᠬᠡᠬᠦ ᠮᠡᠳᠣ ᠱᠠᠩᠨᠠᠯ ᠣᠯᠭᠤᠨ᠎ᠠ᠃ ᠪᠦᠬᠡ ᠶᠢᠨ ᠪᠠᠷᠢᠯᠳᠣᠭᠠᠨ ᠤ ᠲᠡᠷᠢᠬᠦᠨ ᠨᠤᠭᠤᠯᠤᠭ᠎ᠠ | ᠡᠷᠬᠢᠯᠡᠬᠦ ᠳᠤ ᠯᠠ ᠢᠳᠡᠰᠢ ᠶᠢᠨ ᠪᠦᠬᠡ ᠨᠢ ᠪᠠᠭ᠎ᠠ ᠬᠡᠮᠵᠢᠶᠠᠨ ᠤ ᠱᠠᠩ ᠲᠠᠢ᠂ ᠨᠣᠭᠤᠯᠤᠭ᠎ᠠ ᠲᠡᠬᠡᠭᠰᠢᠯᠡᠬᠦ ᠪᠦᠷᠢ | ᠱᠠᠩᠨᠡᠯ ᠨᠢ ᠨᠡᠮᠡᠭᠳᠡᠨ᠎ᠡ᠂ ᠶᠡᠭᠡ ᠨᠠᠭᠠᠳᠣᠮ ᠳᠤ 32᠂ 16 ᠶᠢᠨ ᠨᠤᠭᠤᠯᠤᠭ᠎ᠠ ᠪᠠᠷᠢᠯᠳᠣᠭᠠᠨ ᠠᠴᠠ ᠱᠠᠩᠨᠠᠯ ᠨᠡᠯᠢᠶᠡᠳ | ᠰᠠᠶᠢᠵᠢᠷᠠᠨ᠎ᠠ᠂ ᠲᠡᠬᠡᠳᠣ ᠨᠠᠢᠮᠠᠨ ᠪᠦᠬᠡ ᠶᠢᠨ ᠱᠠᠩ ᠨᠡᠯᠢᠶᠡᠳ ᠰᠠᠶᠢᠨ᠂ ᠦᠵᠣᠬᠦᠷ ᠪᠦᠬᠡ ᠶᠢᠨ ᠱᠠᠩᠨᠡᠯ ᠬᠠᠮᠤᠭ | ᠶᠡᠭᠡ᠂ ᠲᠡᠳ᠋ ᠪᠦᠬᠡ ᠶᠢᠨ ᠱᠠᠩᠨᠡᠯ ᠨᠢ ᠦᠵᠣᠬᠦᠷ ᠪᠦᠬᠡ ᠠᠴᠠ ᠨᠡᠯᠢᠶᠡᠳ ᠪᠠᠭ᠎ᠠ᠂ ᠭᠤᠷᠪᠠ᠂ ᠲᠦᠷᠪᠠᠳᠣᠬᠡᠷ | ᠪᠦᠬᠡ ᠶᠢᠨ ᠱᠠᠩᠨᠡᠯ ᠪᠠᠭ᠎ᠠ ᠯᠠ ᠵᠦᠷᠢᠶᠠᠨ ᠲᠠᠢ ︵ᠵᠠᠷᠢᠮ ᠦᠶᠡᠰ ᠠᠳᠠᠯᠢ ᠪᠠᠶᠢᠳᠠᠭ︶᠃ ᠶᠡᠭᠡ ᠨᠠᠭᠠᠳᠣᠮ ᠳᠤ | ᠲᠡᠬᠡᠳᠣ ᠨᠠᠢᠮᠠᠨ ᠪᠦᠬᠡ ᠶᠢᠨ ᠱᠠᠩᠨᠡᠯ ᠢ ᠬᠠᠮᠳᠣ ᠳᠤᠨᠢ ᠣᠯᠭᠤᠨ᠎ᠠ᠂ ᠪᠠᠭ᠎ᠠ ᠰᠢᠭ᠋ ᠨᠠᠭᠠᠳᠣᠮ ᠳᠤ ᠲᠡᠬᠡᠳᠣ ᠲᠦᠷᠪᠠᠨ | ᠪᠦᠬᠡ ᠶᠢᠨ ᠱᠠᠩᠨᠡᠯ ᠢ ᠬᠠᠮᠳᠣ ᠳᠤᠨᠢ ᠣᠯᠭᠤᠨ᠎ᠠ᠃ ᠲᠡᠬᠡᠳᠣ ᠲᠦᠷᠪᠠᠨ ᠪᠦᠬᠡ ᠪᠠᠷᠢᠯᠳᠣᠬᠤ ᠠᠴᠠ ᠡᠮᠣᠨ᠎ᠠ ᠬᠡᠳᠤᠨ | ᠲᠦᠷᠣᠯ ᠤᠨ ᠮᠣᠷᠢᠳ ᠤᠨ ᠱᠠᠩᠨᠡᠯ ᠣᠯᠭᠤᠨ᠎ᠠ᠂ ᠲᠡᠬᠢᠨ ᠲᠡᠬᠡᠳᠣ ᠲᠦᠷᠪᠠᠨ ᠪᠦᠬᠡ ᠪᠠᠨ ᠪᠠᠷᠢᠯᠳᠣᠭᠤᠯᠵᠣ ᠦᠵᠣᠬᠦᠷ | ᠲᠡᠳ᠋ ᠢᠶᠠᠨ ᠭᠠᠷᠭᠠᠨ ᠱᠠᠩᠨᠡᠯ ᠦᠭᠬᠦ ᠶᠣᠰᠣᠯᠠᠯ ᠡᠬᠢᠯᠠᠨ ᠨᠠᠭᠠᠳᠣᠮ ᠢᠶᠠᠨ ᠳ᠋ᠦᠡᠭᠨᠠᠨᠠ᠃ | | | ᠵᠣᠬᠢᠶᠠᠭᠴᠢ᠄ ᠰᠢᠷᠠᠶᠢᠳ · ᠮᠦᠡᠭᠭᠡ ᠶᠢᠨ ᠦᠯᠵᠠᠶᠢᠬᠤᠳᠤᠭ |