ᠮᠣᠩᠭᠤᠯ ᠪᠦᠬᠡ ᠬᠡᠴᠢᠨᠡᠡ ᠵᠠᠭᠤ ᠮᠢᠩᠭᠠᠠ ᠵᠢᠯ ᠤᠨ ᠲᠤᠷᠰᠢ ᠰᠢᠯᠢᠳᠡᠭᠵᠢᠨ ᠳᠡᠭᠦᠯᠳᠡᠷᠵᠢᠭᠡᠳ ᠡᠳᠦᠭᠡ ᠳᠤ | ᠬᠦᠷᠴᠦ ᠢᠷᠡᠭᠰᠡᠡ ᠶᠣᠮ᠃ ᠣᠲᠣ ᠵᠠᠷᠢᠮᠠᠳ ᠨᠢ ᠠᠮᠠ ᠨᠡᠭᠡᠭᠡᠭᠰᠡᠭᠡᠷ ︽᠁ ᠪᠦᠬᠡ ᠶᠢ ᠬᠦᠭᠵᠢᠭᠦᠯᠦᠨ᠎ᠡ︾ | ᠭᠡᠵᠤ ᠶᠠᠷᠢᠭᠠᠳ ᠪᠠᠶᠢᠬᠤ ᠶᠤᠮ᠃ ᠰᠢᠨᠡᠴᠢᠯᠡᠵᠦ ᠪᠠᠶᠢᠨ᠎ᠠ ᠭᠡᠪᠡᠯ ᠤᠤᠷ ᠠᠭᠤᠯᠤᠭᠳᠠᠬᠤᠨ ᠢ ᠨᠢ ᠤᠷᠬᠢᠭᠳᠠᠭᠤᠯᠵᠦ | ᠪᠠᠶᠢᠨ᠎ᠠ ᠭᠡᠰᠡᠡ ᠶᠠᠪᠤᠳᠠᠯ᠃ ᠦᠩᠭᠡᠷᠡᠭᠰᠡᠡ ᠳᠤ ᠵᠠᠷᠢᠮ ᠬᠦᠮᠦᠨ ︽ᠪᠦᠬᠡ ᠶᠢᠨ ᠡᠮᠦᠰᠳᠡᠭ ᠪᠤᠯᠢᠭᠠᠷᠢ ᠭᠤᠲᠤᠯ ᠢ | ᠵᠦᠭᠡᠯᠡᠡ ᠭᠤᠲᠤᠯ ᠪᠤᠯᠭᠠᠨ᠎ᠠ᠂ ᠵᠤᠲᠤᠭ ᠤᠨ ᠲᠤᠪᠤᠷᠤᠤ ᠶᠢ ᠨᠢ ᠠᠪᠴᠦ ᠬᠠᠶᠠᠭᠠᠳ ᠪᠦᠰ ᠵᠤᠳᠤᠭ ᠪᠤᠯᠭᠠᠨ᠎ᠠ᠂ | ᠵᠠᠩᠭᠢᠶ᠎ᠠ ᠶᠢ ᠪᠠᠷᠢᠯᠳᠤᠭᠠᠠ ᠳᠤ ᠵᠡᠭᠦᠯᠭᠡᠬᠦ ᠦᠭᠡᠢ︾ ᠭᠡᠮᠡᠬᠦ ᠮᠡᠳᠦ ᠪᠠᠷ ᠪᠠᠭ᠋ᠠᠨ ᠤᠷᠤᠯᠳᠤᠯᠭ᠎ᠠ ᠬᠢᠵᠦ ᠪᠠᠶᠢᠭᠰᠠᠠ ᠶᠤᠮ᠃ | ᠰᠢᠯᠲᠠᠭᠠᠠ ᠨᠢ ᠤᠯᠢᠮᠫᠢᠺ ᠤᠨ ᠲᠠᠮᠢᠷ ᠤᠨ ᠲᠦᠷᠦᠯ ᠵᠦᠢᠯ ᠤᠨ ︽ᠰᠢᠷᠬᠠᠳᠤᠭᠤᠯᠬᠤ ᠦᠭᠡᠢ ᠭᠡᠮᠳᠦᠭᠡᠬᠦ ᠦᠭᠡᠢ | ᠬᠤᠪᠴᠠᠰᠤ ᠬᠤᠨᠠᠷ ᠲᠠᠢ ᠪᠠᠶᠢᠬᠤ︾ ᠭᠡᠰᠡᠡ ᠱᠠᠭᠠᠷᠳᠠᠯᠭ᠎ᠠ ᠳᠤ ᠵᠤᠬᠢᠴᠠᠭᠤᠯᠵᠦ ᠪᠠᠶᠢᠬᠤ ᠶᠤᠮ ᠭᠡᠨ᠎ᠡ᠃ ᠰᠠᠶᠢᠨ᠂ | ᠵᠦᠪ ᠵᠦᠢᠯ ᠪᠤᠯ ᠰᠢᠯᠭᠠᠭᠲᠠᠠ ᠦᠯᠡᠳᠡᠵᠦ᠂ ᠠᠨᠠᠢ᠂ ᠨᠠᠵᠠᠭᠠᠢ ᠵᠦᠢᠯ ᠪᠤᠯ ᠤᠷᠬᠢᠭᠳᠠᠠ ᠭᠡᠭᠡᠭᠳᠡᠳᠡᠭ ᠤᠴᠢᠷ ᠲᠠᠢ | ᠶᠤᠮ ᠳ᠋ᠠ︕ ᠮᠤᠩᠭᠤᠯ ᠪᠦᠬᠡ ᠲᠤᠪᠤᠷᠤᠤᠲᠦ ᠵᠤᠲᠤᠭ᠂ ᠲᠤᠷᠭᠠᠠ ᠵᠠᠩᠭᠢᠶ᠎ᠠ᠂ ᠲᠤᠤᠱᠤᠤ ᠭᠤᠲᠤᠯ | ᠵᠡᠷᠭᠡ ᠠᠴᠠ ᠪᠠᠨ ᠵᠠᠶᠢᠳᠠᠪᠠᠯ ᠦᠩᠭᠡ ᠲᠦᠷᠬᠦ ᠪᠠᠨ ᠠᠯᠳᠠᠭᠠᠳ ᠬᠦᠭ ᠤᠨ ᠶᠠᠭᠤᠮ᠎ᠠ ᠪᠤᠯᠵᠦ ᠳᠠᠭᠤᠰᠤᠨ᠎ᠠ᠃ | ᠮᠣᠩᠭᠤᠯ ᠪᠥᠬᠡ ᠶᠢᠨ ᠣᠷᠣᠰᠢᠯ ᠲᠣᠬᠳᠠᠨᠢᠯ ᠤᠨ ᠰᠠᠭᠤᠷᠢ ᠪᠣᠯᠣᠬᠰᠠᠨ ᠮᠦᠷᠲᠡᠭᠡᠨ ᠦᠷᠦᠭᠡᠯ ᠪᠤᠰᠤᠳ ᠠᠴᠠ | ᠡᠷᠡᠰ ᠢᠯᠭᠠᠬᠳᠠᠭᠰᠠᠨ ᠥᠪᠡᠷᠮᠢᠴᠡ ᠣᠨᠴᠠᠯᠢᠭ ᠢ ᠨᠢ ᠤᠯᠠᠮ ᠪᠠᠬᠢᠵᠢᠭᠦᠯᠳ᠂ ᠦᠯᠦ ᠬᠦᠷᠦᠯᠴᠡᠬᠦ ᠲᠠᠯ᠎ᠠ ᠶᠢ ᠨᠢ | ᠡᠷᠡᠰ ᠰᠢᠢᠳᠮᠡᠭᠡᠢ ᠥᠭᠡᠷᠡᠴᠢᠯᠡᠵᠦ ᠭᠦᠷᠦᠨ ᠲᠥᠷᠦ ᠪᠠ ᠳᠡᠯᠡᠬᠡᠢ ᠨᠡᠶᠢᠳᠡ ᠶᠢᠨ ᠤᠷᠤᠯᠳᠤᠭᠠᠨ ᠳᠤ ᠡᠷᠳᠡ ᠨᠢᠭᠡᠨ | ᠡᠳᠦᠷ ᠣᠷᠣᠯᠴᠠᠭᠤᠯᠬᠤ ᠨᠢ ᠮᠣᠩᠭᠤᠯ ᠰᠤᠶᠤᠯ ᠤᠨ ᠲᠠᠩᠰᠤᠬ ᠬᠦᠷᠦᠰᠦᠨ ᠳᠤ ᠢᠳᠡᠯᠢᠭ ᠰᠢᠮ᠎ᠡ ᠬᠦᠷᠭᠡᠬᠦ ᠪᠣᠯᠣᠨ᠎ᠠ᠃ | ᠮᠣᠩᠭᠤᠯ ᠪᠥᠬᠡ ᠪᠣᠯ ᠵᠥᠪᠬᠡᠨ ᠨᠢᠭᠡ ᠵᠦᠢᠯ ᠤᠨ ᠲᠠᠮᠢᠷ ᠤᠨ ᠬᠥᠳᠡᠯᠭᠡᠭᠡᠨ ᠲᠡᠳᠤᠢ ᠪᠢᠰᠢ᠂ ᠮᠣᠩᠭᠤᠯ ᠪᠥᠬᠡ ᠪᠣᠯ | ᠦᠨᠳᠦᠰᠦᠳᠡᠨ ᠤ ᠤᠬᠠᠮᠰᠠᠷ᠂ ᠦᠨᠳᠦᠰᠦᠳᠡᠨ ᠤ ᠰᠤᠶᠤᠯ ᠢᠶᠠᠨ ᠬᠥᠭᠵᠢᠭᠦᠯᠤᠨ᠎ᠠ ᠭᠡᠰᠡᠨ ᠬᠠᠯᠭᠢᠮ᠎ᠠ ᠴᠠᠯᠭᠢᠮ᠎ᠠ | ᠤᠬᠠᠮᠰᠠᠷ᠂ ᠬᠦᠰᠡᠯ ᠡᠷᠡᠮᠵᠡᠯᠡᠯ ᠤᠨ ᠪᠡᠯᠭᠡ ᠳᠡᠮᠪᠡᠷᠢᠯ᠂ ᠳᠠᠭᠤ ᠪᠠᠨ ᠨᠢᠭᠡᠳᠭᠡᠵᠦ ᠲᠤᠭᠳᠤᠷᠬᠤ ᠬᠦᠴᠤ ᠪᠠᠨ | ᠬᠠᠮᠳᠤᠳᠬᠠᠬᠤ ᠪᠠᠳᠤ ᠨᠢᠬᠳᠠᠷᠠᠯ ᠤᠨ ᠬᠠᠳᠠᠭᠤ ᠴᠤᠤᠷᠢᠶ᠎ᠠ ᠪᠣᠯᠬᠤ ᠶᠣᠮ᠃ | ᠣᠶᠢᠷ᠎ᠠ ᠶᠢᠨ ᠵᠢᠯ ᠠᠴᠠ ᠡᠬᠢᠯᠡᠨ᠂ ᠮᠣᠩᠭᠤᠯ ᠰᠤᠶᠤᠯ ᠢᠶᠠᠨ ᠠᠪᠤᠷᠠᠨ᠎ᠠ ᠭᠡᠮᠡᠨ ᠮᠣᠩᠭᠤᠯ ᠢᠶᠠᠨ ᠮᠡᠳᠡᠳᠡᠭ | ᠮᠥᠷᠳᠡᠭᠡᠨ ᠮᠣᠩᠭᠤᠯ ᠰᠤᠶᠤᠯ ᠢᠶᠠᠨ ᠰᠡᠷᠭᠦᠭᠡᠵᠦ ᠬᠥᠭᠵᠢᠭᠦᠯᠦᠨ᠎ᠠ ᠭᠡᠵᠦ ᠰᠠᠨᠠᠵᠦ ᠶᠠᠷᠢᠳᠠᠭ ᠯᠡ ᠲᠡᠳᠤᠢ ᠦᠭᠡᠢ | ᠰᠡᠳᠬᠢᠵᠦ ᠪᠣᠳᠠᠳᠠᠢ ᠪᠠᠷ ᠪᠥᠳᠦᠭᠡᠵᠦ ᠬᠢᠳᠡᠭ ᠬᠦᠮᠦᠰ ᠤᠨ ᠣᠶᠢᠭ᠎ᠠ ᠦᠭᠡᠢ ᠴᠢᠷᠮᠠᠶᠢᠯᠭ᠎ᠠ ᠴᠥᠬᠦᠷᠡᠰᠢ ᠦᠭᠡᠢ | ᠣᠷᠣᠯᠳᠣᠯᠭ᠎ᠠ ᠪᠠᠷ ᠮᠣᠩᠭᠤᠯ ᠪᠥᠬᠡ ᠮᠠᠨᠢ ᠰᠢᠯᠢ ᠶᠢᠨ ᠭᠤᠣᠯ ᠢᠶᠠᠷ ᠭᠤᠣᠯᠳᠠᠭᠤ ᠪᠠᠷᠢᠯᠳᠣᠳᠠᠭ ᠪᠠᠶᠢᠭᠰᠠᠨ ᠢᠶᠠᠨ | ᠦᠨᠦ ᠪᠥᠬᠦ ᠣᠷᠣᠨ ᠤ ᠠᠶᠢᠮᠠᠭ ᠬᠤᠰᠢᠭᠤᠳ ᠢᠶᠠᠷ ᠲᠥᠭᠡᠵᠦ᠂ ᠨᠠᠶᠢᠷ ᠨᠠᠭᠠᠳᠤᠮ ᠤᠨ ᠨᠢᠭᠡᠨ ᠭᠤᠣᠯ ᠠᠭᠤᠯᠭ᠎ᠠ | ᠪᠣᠯᠣᠭᠰᠠᠨ ᠪᠠᠶᠠᠷᠯᠠᠭᠤᠰᠢᠳᠠᠢ ᠪᠠᠶᠢᠳᠠᠯ ᠢᠯᠡᠷᠡᠭᠰᠡᠨ ᠪᠠᠶᠢᠨ᠎ᠠ᠃ ᠪᠠᠶᠠᠷᠯᠠᠭᠤᠰᠢᠳᠠᠢ ᠭᠡᠳᠡᠭ ᠤᠨ ᠣᠴᠢᠷ ᠰᠢᠯᠲᠠᠭᠠᠨ ᠨᠢ | ᠨᠢᠭᠡ ᠵᠦᠢᠯ ᠤᠨ ᠪᠡᠶ᠎ᠡ ᠶᠢᠨ ᠲᠠᠮᠢᠷ ᠤᠨ ᠬᠥᠳᠡᠯᠭᠡᠭᠡᠨ ᠭᠠᠵᠠᠷ ᠠᠪᠴᠦ ᠳᠡᠯᠭᠡᠷᠡᠭᠰᠡᠨ ᠳᠤ ᠪᠠᠶᠢᠭ᠎ᠠ ᠪᠢᠰᠢ᠃ ᠮᠣᠩᠭᠤᠯ | ᠪᠥᠬᠡ ᠪᠣᠯ ᠵᠥᠪᠬᠡᠨ ᠨᠢᠭᠡ ᠵᠦᠢᠯ ᠤᠨ ᠲᠠᠮᠢᠷ ᠤᠨ ᠬᠥᠳᠡᠯᠭᠡᠭᠡᠨ ᠲᠡᠳᠤᠢ ᠪᠢᠰᠢ᠂ ᠮᠣᠩᠭᠤᠯ ᠪᠥᠬᠡ ᠪᠣᠯ | ᠦᠨᠳᠦᠰᠦᠳᠡᠨ ᠤ ᠤᠬᠠᠮᠰᠠᠷ᠂ ᠦᠨᠳᠦᠰᠦᠳᠡᠨ ᠤ ᠰᠤᠶᠤᠯ ᠢᠶᠠᠨ ᠬᠥᠭᠵᠢᠭᠦᠯᠤᠨ᠎ᠠ ᠭᠡᠰᠡᠨ ᠬᠠᠯᠭᠢᠮ᠎ᠠ ᠴᠠᠯᠭᠢᠮ᠎ᠠ | ᠤᠬᠠᠮᠰᠠᠷ᠂ ᠬᠦᠰᠡᠯ ᠡᠷᠡᠮᠵᠡᠯᠡᠯ ᠤᠨ ᠪᠡᠯᠭᠡ ᠳᠡᠮᠪᠡᠷᠢᠯ᠂ ᠳᠠᠭᠤ ᠪᠠᠨ ᠨᠢᠭᠡᠳᠭᠡᠵᠦ ᠲᠤᠭᠳᠤᠷᠬᠤ ᠬᠦᠴᠤ ᠪᠠᠨ | ᠬᠠᠮᠳᠤᠳᠬᠠᠬᠤ ᠪᠠᠳᠤ ᠨᠢᠬᠳᠠᠷᠠᠯ ᠤᠨ ᠬᠠᠳᠠᠭᠤ ᠴᠤᠤᠷᠢᠶ᠎ᠠ ᠪᠣᠯᠬᠤ ᠶᠣᠮ᠃ | ᠭᠡᠬᠦ ᠳᠡᠭᠡᠨ ᠣᠶᠢᠷ᠎ᠠ ᠶᠢᠨ ᠠᠷᠪᠠᠭᠠᠳ ᠵᠢᠯ ᠤᠨ ᠮᠣᠩᠭᠤᠯ ᠪᠥᠬᠡ ᠶᠢᠨ ᠥᠭᠡᠷᠡᠴᠢᠯᠡᠯᠳᠡ ᠪᠣᠯ ᠮᠣᠩᠭᠤᠯ | ᠪᠥᠬᠡ ᠪᠠᠨ ᠤᠯᠤᠰ ᠭᠦᠷᠦᠨ ᠪᠠ ᠳᠡᠯᠡᠬᠡᠢ ᠨᠡᠶᠢᠳᠡ ᠶᠢᠨ ᠲᠠᠮᠢᠷ ᠤᠨ ᠤᠷᠤᠯᠳᠤᠭᠠᠨ ᠤ ᠨᠥᠬᠦᠴᠡᠯ ᠪᠠᠷᠢᠮᠵᠢᠶ᠎ᠠ ᠳᠤ | ᠬᠦᠷᠭᠡᠬᠦ ᠡᠭᠦᠳᠡᠨ ᠠᠴᠠ ᠶᠠᠪᠣᠭᠳᠠᠵᠦ ᠢᠷᠡᠭᠰᠡᠨ ᠢ ᠰᠡᠳᠬᠢᠬᠦᠰᠢᠲᠡᠢ᠃ ᠮᠠᠨ ᠤ ᠮᠣᠩᠭᠤᠯ ᠪᠥᠬᠡ ᠳᠤ ᠣᠨᠤᠭ᠎ᠠ | ᠲᠠᠭᠠᠷᠠᠬᠰᠠᠨ ᠬᠤᠶᠠᠷ ᠪᠥᠬᠡ ᠴᠠᠭ ᠲᠣᠬᠳᠠᠭᠠᠬᠤ ᠦᠭᠡᠢ ᠪᠠᠷ ᠬᠤᠨᠣᠭᠤᠳᠠ ᠥᠨᠵᠢᠭᠦᠳᠠ ᠪᠠᠷᠢᠯᠳᠤᠵᠦ ᠪᠣᠯᠳᠠᠭ | ᠤᠷᠤᠯᠳᠤᠭᠠᠨ ᠳᠤ ᠦᠯᠦ ᠵᠣᠬᠢᠴᠠᠬᠤ ᠨᠢᠭᠡᠨ ᠵᠠᠩᠰᠢᠯ ᠪᠣᠢ᠃ ᠡᠨᠡ ᠲᠠᠯ᠎ᠠ ᠪᠠᠷ ᠪᠥᠬᠡ ᠰᠤᠳᠤᠯᠤᠭᠴᠢᠳ ᠣᠯᠠᠨ | ᠶᠠᠩᠵᠦ ᠪᠠᠷ ᠰᠡᠳᠭᠢᠵᠦ ᠲᠥᠮᠡᠨ ᠵᠦᠢᠯ ᠢᠶᠠᠷ ᠳᠤᠷᠰᠢᠵᠦ ᠪᠠᠶᠢᠨ᠎ᠠ᠃ ᠡᠩ ᠲᠡᠷᠢᠭᠦᠨ ᠳᠤ ᠴᠠᠭᠠᠷᠢᠭ ᠵᠢᠷᠤᠵᠦ | ᠤᠶᠠᠭ᠎ᠠ ᠪᠥᠬᠡ ᠶᠢᠨ ᠨᠢᠭᠡ ᠨᠢ ᠨᠥᠭᠦᠭᠡ ᠡᠳᠡᠭᠡᠳ ᠢᠶᠠᠨ ᠴᠠᠭᠠᠷᠢᠭ ᠠᠴᠠ ᠳᠦᠯᠬᠢᠨ ᠭᠠᠷᠭᠠᠬᠤ ᠪᠤᠶᠤ ᠬᠠᠶᠠᠴᠢᠬᠠᠪᠠᠯ | ᠳᠡᠶᠢᠯᠦᠭᠰᠡᠨ ᠢᠶᠠᠷ ᠪᠣᠲᠣᠲᠠᠬ᠃ ᠡᠨᠡ ᠨᠢ ᠬᠤᠶᠠᠷ ᠤᠶᠠᠭ᠎ᠠ ᠪᠥᠬᠡ ᠬᠠᠷᠢᠯᠴᠠᠨ ᠨᠣᠣᠷᠠᠯᠲᠣᠭᠠᠳ ᠲᠣᠩ ᠦᠵᠡᠮᠤᠷᠢ | ᠮᠠᠭᠤᠳᠠᠢ ᠪᠣᠯᠵᠦ᠂ ᠦᠵᠡᠭᠴᠢᠳ ᠣᠯᠠᠨ ᠳᠤ ᠭᠤᠸ᠎ᠠ ᠰᠠᠶᠢᠬᠠᠨ ᠤ ᠲᠠᠭᠠᠰᠢᠶᠠᠯ ᠭᠦᠷᠳᠡᠭᠡᠵᠦ ᠴᠢᠳᠠᠳᠠᠭ ᠦᠭᠡᠢ ᠨᠢ | ᠮᠡᠳᠡᠭᠡᠵᠢ ᠶᠢᠨ ᠬᠡᠷᠡᠭ᠃ ᠣᠶᠢᠷ᠎ᠠ ᠶᠢᠨ ᠬᠤᠶᠠᠷ ᠵᠢᠯ ᠳᠤ ᠪᠠᠰᠠ ᠲᠣᠲᠤᠭᠤᠷ ᠲᠡᠪᠡᠷᠢᠭᠦᠯᠬᠦ ᠠᠷᠭ᠎ᠠ ᠰᠡᠳᠦᠭᠰᠡᠨ | ᠪᠠᠶᠢᠨ᠎ᠠ᠃ ᠲᠡᠷᠡ ᠨᠢ ᠵᠣᠭᠤᠰ ᠰᠢᠳᠡᠭᠦᠯᠦᠨ ᠬᠡᠨ ᠨᠢ ᠣᠷᠢᠳᠠᠪᠡᠷ ᠲᠣᠳᠤᠭᠤᠷ ᠲᠡᠪᠡᠷᠢᠬᠦ ᠪᠠᠨ ᠲᠣᠬᠳᠠᠭᠠᠵᠦ᠂ | ᠲᠣᠳᠣᠭᠤᠷ ᠲᠡᠪᠡᠷᠢᠵᠦ ᠪᠠᠷᠢᠯᠳᠤᠭᠠᠳ ᠪᠠᠰᠠ ᠢᠯᠭᠠᠭᠤᠷᠢ ᠭᠠᠷᠬᠤ ᠦᠭᠡᠢ ᠪᠠᠷᠢᠴᠠ ᠪᠠᠨ ᠠᠯᠳᠠᠪᠠᠯ ᠲᠠᠬᠢᠭᠠᠳ | ᠨᠥᠭᠦᠭᠡ ᠨᠢ ᠲᠣᠳᠣᠭᠤᠷ ᠲᠡᠪᠡᠷᠢᠡ ᠪᠠᠷᠢᠯᠳᠤᠨ᠎ᠠ᠃ ᠡᠨᠡ ᠪᠣᠯ ᠦᠵᠡᠬᠦ ᠳᠤ ᠵᠦᠭᠡᠷ ᠮᠦᠷᠲᠡᠭᠡᠨ ᠢᠯᠭᠠᠭᠤᠷᠢ | ᠭᠠᠷᠬᠤ ᠨᠢ ᠴᠤ ᠲᠥᠷᠭᠡᠨ ᠪᠣᠯᠣᠮᠠᠷ ᠠᠷᠭ᠎ᠠ ᠮᠥᠨ᠃ ᠮᠣᠩᠭᠤᠯ ᠪᠦᠭᠡ ᠶᠢᠨ ᠪᠥᠳᠦᠮᠵᠢᠳᠡᠢ ᠥᠭᠡᠷᠡᠴᠢᠯᠡᠯᠳᠡ᠂ | ᠤᠯᠤᠰ ᠤᠨ ᠲᠣᠳᠣᠭᠠᠳᠣ ᠭᠠᠳᠠᠭᠠᠳᠤ ᠶᠢᠨ ᠮᠥᠷᠦ᠋ᠢᠴᠡᠭᠡᠨ ᠳᠤ ᠵᠣᠬᠢᠴᠠᠭᠤᠯᠤᠭᠰᠠᠨ ᠰᠢᠢᠳᠪᠤᠷᠢᠳᠦ ᠥᠭᠡᠷᠡᠴᠢᠯᠡᠯᠳᠡ | ᠮᠦᠨ ᠭᠡᠵᠦ ᠬᠡᠯᠡᠵᠦ ᠪᠣᠯᠣᠮᠠᠷ᠃ ᠡᠨᠡ ᠨᠢ ᠮᠣᠩᠭᠤᠯ ᠪᠥᠬᠡ ᠶᠢᠨ ᠥᠪᠡᠷᠮᠢᠴᠡ ᠣᠨᠴᠠᠯᠢᠭ ᠢ ᠨᠥᠯᠥᠬᠡᠯᠡᠭᠰᠡᠨ ᠦᠭᠡᠢ᠂ | ᠬᠠᠮᠤᠭ ᠤᠨ ᠰᠢᠯᠢᠳᠡᠭ ᠰᠤᠩᠭᠤᠯᠳᠠ ᠳᠤ ᠲᠣᠭᠠᠴᠠᠬᠳᠠᠨ᠎ᠠ ᠭᠡᠵᠦ ᠪᠢᠳᠡ ᠰᠠᠨᠠᠵᠦ ᠪᠠᠶᠢᠨ᠎ᠠ᠃ | ᠣᠳᠣ ᠬᠤᠰᠢᠭᠤ ᠠᠶᠢᠮᠠᠭ ᠣᠷᠣᠨ ᠤ ᠵᠠᠷᠢᠮ ᠤᠷᠤᠯᠳᠤᠭᠠᠨ ᠳᠠᠭᠠᠨ ᠲᠡᠭᠡᠷ᠎ᠡ ᠨᠠᠢᠮᠠ ᠳᠤ ᠲᠡᠪᠢᠭᠰᠡᠨ ᠪᠥᠬᠡ ᠪᠠᠨ | ᠳᠤᠭᠤᠷ᠎ᠠ ᠪᠠᠷᠢᠯᠳᠤᠭᠤᠯᠵᠦ ᠪᠠᠶᠢᠨ᠎ᠠ᠃ ᠮᠢᠨᠤ ᠦᠵᠡᠬᠦ ᠪᠠᠷ ᠡᠨᠡ ᠪᠣᠯ ᠮᠠᠭᠤ ᠡᠬᠢᠯᠡᠯᠳᠡ᠂ ᠬᠠᠵᠠᠭᠠᠢ ᠦᠭᠡᠷᠡᠴᠢᠯᠡᠯᠳᠡ | ᠮᠥᠨ᠃ ᠨᠢᠭᠡ ᠯᠡ ᠪᠠᠷᠢᠯᠳᠤᠭ᠎ᠠ ᠪᠠᠷ ᠢᠯᠠᠵᠦ ᠢᠯᠠᠭᠳᠠᠭᠰᠠᠨ ᠢᠶᠠᠨ ᠲᠣᠬᠳᠠᠭᠠᠳᠠᠭ ᠪᠤᠯ ᠤᠳᠠᠭᠠᠨ ᠣᠨ ᠤ | ᠲᠡᠦᠬᠡᠳᠦ ᠮᠣᠩᠭᠤᠯ ᠪᠥᠬᠡ ᠶᠢᠨ ᠨᠢᠬᠡ ᠦᠨᠳᠦᠰᠦᠨ ᠣᠨᠴᠠᠯᠢᠭ ᠮᠥᠨ᠃ ᠡᠨᠡᠬᠦ ᠦᠨᠳᠦᠰᠦᠨ ᠣᠨᠴᠠᠯᠢᠭ ᠢ | ᠦᠭᠡᠶᠢᠰᠭᠡᠵᠦ ᠶᠠᠭᠠᠬᠢᠬᠰᠠᠨ ᠴᠤ ᠪᠣᠯᠬᠤ ᠦᠭᠡᠢ︕ ᠨᠢᠭᠡ ᠯᠡ ᠪᠠᠷᠢᠯᠳᠤᠭ᠎ᠠ ᠪᠠᠷ ᠢᠯᠠᠵᠦ ᠢᠯᠠᠬᠳᠠᠬᠰᠠᠨ ᠢᠶᠠᠨ | ᠲᠣᠬᠳᠠᠭᠠᠬᠤ ᠨᠢ ᠣᠳᠣ ᠦᠶ᠎ᠡ ᠶᠢᠨ ᠤᠷᠤᠯᠳᠤᠭᠠᠨ ᠢ ᠬᠢᠯᠭᠠᠰᠤᠨ ᠲᠡᠳᠤᠢ ᠴᠦ ᠬᠠᠷᠰᠢᠯᠠᠬᠤ ᠦᠭᠡᠢ ᠪᠠᠶᠢᠳᠠᠯ᠎ᠠ ᠶᠠᠮᠠᠷ | ᠵᠣᠷᠢᠯᠭ᠎ᠠ ᠪᠠᠷ ᠬᠥᠩᠭᠡᠨ ᠬᠠᠭᠤᠳᠠᠮ ᠢᠶᠠᠷ ᠥᠭᠡᠷᠡᠴᠢᠯᠡᠵᠦ ᠪᠠᠶᠢᠭ᠎ᠠ ᠪᠣᠢ᠃ ᠬᠠᠶᠠ ᠵᠠᠷᠢᠮ ᠦᠨᠳᠦᠰᠦᠳᠡᠨ ᠤ ᠪᠥᠬᠡ | ᠪᠠᠷᠢᠯᠲᠣᠭᠠᠨ ᠳᠤ ᠬᠡᠳᠣᠨ ᠮᠢᠨᠦ᠋ᠲ ᠢᠶᠠᠷ ᠬᠢᠵᠠᠭᠠᠷᠯᠠᠵᠦ᠂ ᠲᠡᠷᠡ ᠬᠤᠭᠤᠴᠠᠭᠠᠨ ᠳᠤᠨᠢ ᠬᠡᠳᠤ ᠤᠳᠠᠭ᠎ᠠ ᠴᠢᠨᠠᠬᠰᠢᠯᠠᠪᠠᠯ | ᠳᠦᠷᠪᠡ ᠲᠠᠪᠣᠨ ᠤᠳᠠᠭ᠎ᠠ ᠪᠠᠷᠢᠯᠳᠤᠵᠦ ᠪᠣᠯᠳᠠᠭ᠃ ᠪᠢᠲᠡ ᠡᠭᠦᠨ ᠢ ᠳᠠᠭᠤᠷᠢᠶᠠᠵᠦ ᠪᠠᠶᠢᠨ᠎ᠠ ᠭᠡᠵᠢ ᠤᠤ︖ | ᠶᠠᠭᠤᠮ᠎ᠠ ᠶᠢ ᠨᠠᠷᠢᠨ ᠨᠢᠬᠳᠠᠯᠠᠳᠠᠭ ᠦᠭᠡᠢ ᠵᠠᠷᠢᠮ ᠬᠦᠮᠦᠰ ᠮᠣᠩᠭᠤᠯ ᠪᠦᠭᠡ ᠶᠢᠨ ᠨᠢᠭᠡ ᠯᠡ ᠪᠠᠷᠢᠯᠳᠤᠭ᠎ᠠ ᠪᠠᠷ | ᠳᠡᠶᠢᠯᠵᠦ ᠳᠡᠶᠢᠯᠦᠭᠳᠡᠭᠰᠡᠨ ᠢᠶᠠᠨ ᠲᠣᠬᠳᠠᠭᠠᠬᠤ ᠨᠢ ᠰᠠᠶᠢᠨ ᠪᠥᠬᠡ ᠭᠡᠨᠡᠳᠡᠬᠦ ᠠᠶᠤᠯ ᠲᠠᠢ᠂ ᠳᠤᠭᠤᠷ᠎ᠠ ᠪᠠᠷᠢᠯᠳᠤᠭᠠᠨ | ᠪᠣᠯ ᠰᠠᠶ᠋ᠢ ᠵᠢᠩᠬᠢᠨᠢ ᠰᠠᠶᠢᠨ ᠪᠥᠬᠡ ᠶᠢ ᠰᠢᠯᠭᠠᠷᠠᠭᠤᠯᠵᠦ ᠴᠢᠳᠠᠨ᠎ᠠ ᠭᠡᠵᠦ ᠬᠡᠯᠡᠳᠡᠭ᠃ ᠦᠨᠡᠨ ᠳᠡᠭᠡᠨ ᠡᠨᠡ ᠪᠣᠯ | ᠦᠨᠳᠦᠰᠦ ᠪᠠᠷᠢᠮᠳᠠ ᠦᠭᠡᠢ ᠦᠵᠡᠯᠳᠡ ᠪᠣᠯᠬᠤ ᠶᠣᠮ᠃ ︽ᠪᠥᠬᠡ ᠪᠦᠳᠦᠭᠦᠨ ᠡᠪᠡᠰᠤᠨ ᠳᠤ ᠪᠦᠳᠦᠷᠢᠨᠠ︾ | ᠭᠡᠭᠴᠢ ᠪᠠᠷ ᠪᠦᠭᠡ ᠬᠦᠮᠦᠨ ᠳᠤ ᠠᠪᠴᠦ ᠬᠡᠯᠡᠪᠡᠯ᠂ ᠬᠠᠶᠠ ᠭᠡᠨᠡᠳᠡᠬᠦ ᠶᠠᠪᠤᠳᠠᠯ ᠵᠠᠶᠢᠯᠠᠰᠢ ᠦᠭᠡᠢ ᠭᠠᠷᠤᠨ᠎ᠠ᠃ | ᠭᠡᠪᠡᠴᠤ ᠤᠳᠠᠭ᠎ᠠ ᠳᠠᠷᠠᠭ᠎ᠠ ᠣᠶᠢᠴᠢᠭᠠᠳ ᠪᠠᠶᠢᠪᠠᠯ ᠭᠡᠨᠡᠳᠡᠯ ᠪᠢᠰᠢ ᠬᠠᠷᠢᠨ ᠴᠢᠳᠠᠯ ᠮᠡᠷᠭᠡᠵᠢᠯ ᠲᠤᠳᠠᠭᠤ ᠶᠢᠨ ᠬᠢᠨᠢ᠂ | ᠶᠠᠭ ᠡᠶᠢᠮᠦ ᠪᠠᠷ ᠢᠶᠠᠨ ᠮᠠᠨᠠᠶᠢᠬᠢᠨ ᠳᠤ ᠠᠷᠪᠠᠭᠠᠳ ᠵᠢᠯ ᠤᠨ ᠲᠣᠷᠰᠢ ᠪᠥᠷ ᠦᠵᠦ ᠵᠠᠢ ᠳᠤ ᠶᠠᠪᠤᠳᠠᠭ ᠪᠥᠬᠡ | ᠵᠥᠩᠳᠡᠭᠡᠨ ᠬᠠᠷᠠᠬᠳᠠᠳᠠᠭ ᠪᠠᠶᠢᠬᠰᠠᠨ ᠪᠢᠰᠢᠦ᠃ ᠴᠢᠨᠠᠬᠰᠢᠯᠠᠪᠠᠯ ᠨᠠᠰᠤᠨ ᠳᠠᠭᠠᠨ ᠭᠠᠭᠴᠠᠬᠠᠨ ᠬᠠᠶᠠᠬᠳᠠᠬᠰᠠᠨ | ᠵᠤᠭᠰᠤᠭ᠎ᠠ ᠪᠥᠬᠡ ᠴᠤ ᠭᠠᠷᠴᠤ ᠪᠠᠶᠢᠬᠰᠠᠨ ᠶᠤᠮ᠃ ᠲᠡᠶᠢᠮᠦ ᠪᠠᠷ ᠢᠶᠠᠨ ᠳᠣᠭᠤᠷᠠ ᠪᠠᠷᠢᠯᠳᠣᠭᠤᠯᠬᠤ ᠮᠠᠭᠤ ᠡᠬᠢᠯᠡᠯᠳᠡ | ᠬᠠᠵᠠᠭᠠᠢ ᠥᠭᠡᠷᠡᠴᠢᠯᠡᠯᠳᠡ ᠶᠢ ᠲᠠᠰᠤ ᠵᠣᠬᠰᠣᠭᠠᠬᠰᠠᠨ ᠨᠢ ᠳᠡᠭᠡᠷ᠎ᠡ᠃ | ᠣᠶᠢᠷ᠎ᠠ ᠳᠤ ᠵᠠᠷᠢᠮ ᠬᠤᠰᠢᠭᠤ ᠠᠶᠢᠮᠠᠭ ᠨᠠᠶᠢᠷ ᠬᠢᠬᠦ ᠳᠡᠭᠡᠨ ᠪᠥᠬᠡ ᠪᠠᠨ ᠨᠣᠳᠤᠭ ᠤᠨ ᠪᠥᠬᠡ ᠪᠠ | ᠭᠠᠳᠠᠨ᠎ᠠ ᠶᠢᠨ ᠪᠥᠬᠡ ᠭᠡᠵᠦ ᠬᠤᠪᠢᠶᠠᠨ ᠪᠠᠷᠢᠯᠳᠤᠭᠤᠯᠬᠤ ᠪᠣᠯᠪᠠ᠃ ᠡᠨᠡ ᠪᠣᠯ ᠪᠠᠰᠠ ᠰᠣᠯᠣᠭᠠᠢ ᠪᠣᠳᠣᠯ᠂ | ᠱᠤᠳᠤᠷᠠᠭᠠ ᠬᠢᠳᠡᠯ ᠮᠥᠨ᠃ ᠡᠨᠡ ᠪᠣᠯ ᠬᠤᠰᠢᠭᠤ ᠠᠶᠢᠮᠠᠭ ᠭᠦᠷᠦᠨ ᠲᠥᠷᠦ ᠭᠡᠵᠦ ᠢᠯᠭᠠᠯ ᠦᠭᠡᠢ ᠪᠦᠬᠦᠨ ᠢ | ᠤᠬᠳᠤᠨ ᠣᠷᠣᠯᠴᠠᠭᠤᠯᠳᠠᠭ ᠮᠣᠩᠭᠤᠯ ᠪᠥᠭᠡ ᠶᠢᠨ ᠴᠢᠬᠤᠯᠠ ᠣᠨᠴᠠᠯᠢᠭ ᠠᠴᠠ ᠳᠡᠷᠰᠯᠡᠭᠰᠡᠨ ᠶᠠᠪᠤᠳᠠᠯ ᠪᠣᠯᠣᠨ᠎ᠠ᠃ | ᠡᠬᠦᠨ ᠳᠤ ᠨᠤᠳᠤᠭ ᠤᠨ ᠪᠦᠭᠡ ᠪᠠ ᠭᠠᠳᠠᠨ᠎ᠠ ᠶᠢᠨ ᠪᠦᠭᠡ ᠭᠡᠵᠦ ᠬᠤᠪᠢᠶᠠᠵᠦ ᠪᠠᠷᠢᠯᠳᠤᠭᠤᠯᠬᠤ ᠶᠢᠨ ᠨᠠᠷᠢᠨ | ᠣᠴᠢᠷ ᠨᠢ ᠶᠠᠭᠤ ᠪᠣᠢ︖ ᠮᠠᠭᠠᠳᠯᠠᠪᠠᠯ ᠬᠤᠶᠠᠷ ᠪᠣᠯᠣᠮᠵᠢ ᠪᠠᠶᠢᠵᠦ ᠮᠡᠳᠡᠨ᠎ᠡ᠃ ᠨᠢᠭᠡ ᠳᠤ᠂ ᠨᠤᠳᠤᠭ ᠤᠨ | ᠪᠥᠬᠡ ᠪᠠᠨ ᠳᠡᠭᠡᠷ᠎ᠡ ᠨᠠᠢᠮᠠ ᠳᠤ ᠲᠡᠪᠢᠬᠦᠯᠦᠨ᠂ ᠱᠠᠩ ᠣᠯᠭᠤᠨ ᠪᠠᠶᠠᠰᠬᠠᠵᠦ᠂ ᠨᠤᠳᠤᠭ ᠤᠨ ᠵᠠᠯᠠᠭᠤ | ᠪᠥᠭᠡᠴᠤᠳ ᠢᠶᠠᠨ ᠬᠥᠭᠵᠢᠭᠡᠨ ᠤᠷᠮᠠᠰᠢᠭᠤᠯᠬᠤ ᠭᠡᠰᠡᠨ ᠰᠠᠨᠠᠭ᠎ᠠ ᠲᠠᠢ ᠪᠠᠶᠢᠵᠦ ᠮᠠᠭᠠᠳ᠃ ᠦᠭᠡᠷ᠎ᠡ ᠨᠢᠭᠡ | ᠣᠳᠬ᠎ᠠ ᠨᠢ ᠪᠥᠭᠡ ᠶᠢᠨ ᠱᠠᠩ ᠲᠠᠢ ᠶᠡᠭᠡ ᠯᠡ ᠬᠤᠯᠪᠣᠭ᠎ᠠ ᠲᠠᠢ ᠪᠠᠶᠢᠵᠦ ᠮᠡᠳᠡᠨ᠎ᠠ᠃ ᠲᠣᠬᠠᠢᠢᠯᠠᠪᠠᠯ ᠲᠡᠭᠡᠷ᠎ᠡ | ᠨᠠᠢᠮᠠ ᠶᠢᠨ ᠱᠠᠩ ᠢ ᠭᠠᠳᠠᠨ᠎ᠠ ᠶᠢᠨ ᠬᠦᠮᠦᠨ ᠳᠤ ᠪᠥᠭᠦᠳᠡ ᠶᠢ ᠥᠭᠬᠦ ᠠᠴᠠ ᠵᠠᠶᠢᠯᠠᠰᠬᠢᠵᠦ᠂ ᠨᠤᠳᠤᠭ ᠤᠨ ᠬᠢᠨ ᠳᠡᠭᠡᠨ | ᠣᠯᠭᠤᠬᠤ ᠭᠡᠰᠡᠨ ᠨᠣᠲᠣᠬᠴᠢ ᠠᠮᠢᠨᠴᠢᠷ ᠤᠬᠠᠭᠠᠨ ᠪᠣᠯᠬᠤ ᠶᠣᠮ᠃ ᠮᠣᠩᠭᠤᠯᠴᠣᠳ ᠬᠠᠶᠢᠯᠵᠦ ᠤᠬᠢᠯᠠᠵᠦ ᠪᠠᠶᠢᠮᠠᠨ | ᠬᠦᠮᠦᠨ ᠪᠣᠯᠵᠦ᠂ ᠬᠠᠶᠠᠬᠳᠠᠵᠦ ᠤᠨᠠᠵᠦ ᠪᠠᠶᠢᠮᠠᠨ ᠪᠥᠭᠡ ᠪᠣᠯᠣᠨ᠎ᠠ ᠭᠡᠵᠦ ᠶᠠᠷᠢᠲᠠᠬ᠃ ᠦᠵᠦᠭᠦᠷ ᠰᠣᠳᠣᠨ | ᠪᠥᠬᠡᠴᠤᠳ ᠲᠠᠢ ᠨᠣᠴᠣᠯᠳᠣᠨ ᠪᠠᠶᠢᠵᠦ ᠮᠡᠭᠡ ᠬᠢᠳᠡᠯ ᠡᠵᠡᠮᠰᠢᠨ᠂ ᠬᠠᠶᠠᠬᠳᠠᠨ ᠪᠠᠶᠢᠵᠦ ᠳᠣᠷᠰᠢᠯᠭ᠎ᠠ ᠰᠤᠷᠭᠠᠮᠵᠢ | ᠬᠦᠷᠳᠡᠵᠦ᠂ ᠲᠡᠭᠡᠭᠡᠳ ᠯᠡ ᠤᠷᠮ᠎ᠠ ᠪᠠᠨ ᠬᠥᠭᠵᠢᠭᠡᠨ ᠤᠷ᠎ᠠ ᠪᠠᠨ ᠳᠡᠭᠡᠭᠰᠢᠯᠡᠭᠦᠯᠦᠨ ᠪᠥᠭᠡᠴᠢᠨ ᠪᠣᠯᠬᠤ ᠶᠣᠰᠤᠳᠠᠢ | ᠪᠢᠵᠡ᠃ ᠨᠡᠷᠡᠳᠤ ᠪᠥᠭᠡᠴᠤᠳ ᠠᠴᠠ ᠬᠥᠨᠳᠡᠶᠢᠯᠡᠵᠦ᠂ ᠰᠢᠨ᠎ᠠ ᠭᠠᠷ ᠪᠤᠶᠤ ᠶᠡᠷᠦ ᠶᠢᠨ ᠪᠥᠭᠡᠴᠤᠳ ᠲᠠᠢ | ᠪᠠᠷᠢᠯᠳᠤᠭᠠᠳ ᠦᠵᠦ ᠠᠪᠴᠤ᠂ ᠱᠠᠩ ᠲᠣᠰᠤᠬᠰᠠᠨ ᠠᠴᠠ ᠠᠯᠳᠠᠷᠳᠤ ᠪᠥᠭᠡᠴᠤᠤᠯ ᠲᠠᠢ ᠪᠠᠷᠢᠯᠲᠣᠵᠦ᠂ ᠬᠠᠶᠠᠳᠠᠯ | ᠮᠡᠷᠭᠡᠵᠢᠯ ᠰᠤᠷᠤᠭᠠᠳ᠂ ᠰᠢᠷᠤᠢ ᠳᠤ ᠤᠨᠠᠬᠰᠠᠨ ᠨᠢ ᠳᠡᠭᠡᠷ᠎ᠡ ᠪᠢᠰᠢᠦ᠃ ᠬᠤᠶᠠᠷ ᠵᠣᠭᠤᠰᠣᠨ ᠤ ᠲᠥᠯᠦᠭᠡ | ᠤᠯᠠᠮᠵᠢᠯᠠᠯᠳᠤ ᠮᠣᠩᠭᠤᠯ ᠪᠥᠭᠡ ᠶᠢᠨ ᠢᠶᠠᠨ ᠰᠠᠶᠢᠬᠠᠨ ᠵᠠᠩᠰᠢᠯ ᠢᠶᠠᠨ ᠡᠪᠳᠡᠪᠡᠯ ᠬᠠᠨ ᠲᠡᠭᠷᠢ ᠶᠢᠨ ᠬᠠᠶᠠᠭ᠎ᠠ | ᠪᠠᠷᠠᠯᠠᠬᠰᠠᠨ ᠬᠤᠯᠠ ᠶᠢᠨ ᠬᠠᠷᠠᠭ᠎ᠠ ᠪᠢᠰᠢ ᠬᠠᠷᠢᠨ ᠬᠤᠶᠠᠷ ᠴᠡᠴᠡᠭᠡᠢ ᠪᠠᠨ ᠨᠢᠭᠡᠳᠭᠡᠵᠦ ᠬᠠᠮᠠᠷ ᠤᠨ ᠦᠵᠦᠭᠦᠷ ᠢᠶᠠᠨ | ᠱᠠᠭᠠᠢᠢᠬᠰᠠᠨ ᠬᠤᠯᠤᠭᠠᠨ᠎ᠠ ᠶᠢᠨ ᠬᠠᠷᠠᠴᠠ ᠯᠡ ᠲᠡᠳᠤᠢ ᠪᠢᠰᠢᠦ᠃ ᠡᠶᠢᠨᠬᠦ ᠭᠠᠳᠠᠨ᠎ᠠ ᠲᠣᠳᠣᠨ᠎ᠠ ᠬᠤᠪᠢᠶᠠᠵᠦ | ᠪᠠᠷᠢᠯᠳᠣᠭᠤᠯᠬᠤ ᠰᠣᠯᠣᠭᠠᠢ ᠪᠣᠳᠣᠯ᠂ ᠱᠤᠳᠤᠷᠠᠭᠠ ᠬᠢᠳᠡᠯ ᠢ ᠡᠷᠡᠰ ᠬᠤᠷᠢᠬᠯᠠᠵᠦ ᠲᠠᠰᠤ ᠵᠣᠬᠰᠣᠭᠠᠬᠤ ᠨᠢ ᠵᠦᠢᠳᠠᠢ | ᠭᠡᠯᠲᠡᠢ᠃ | ᠣᠶᠢᠷ᠎ᠠ ᠳᠤ ᠪᠠᠰᠠ ᠨᠢᠭᠡᠨ ᠬᠠᠴᠢᠨ ᠶᠠᠷᠢᠶ᠎ᠠ ᠵᠢᠭᠳᠡᠢ ᠬᠡᠯᠡᠯᠭᠡ ᠰᠣᠨᠣᠰᠳᠠᠭᠠᠳ ᠪᠠᠶᠢᠬᠤ ᠪᠣᠯᠣᠯ᠎ᠠ᠃ ᠰᠢᠭᠤᠳ | ᠬᠡᠯᠡᠪᠡᠯ ︽ᠮᠣᠩᠭᠤᠯ ᠪᠥᠬᠡ ᠶᠢᠨ ᠵᠣᠳᠤᠭ ᠳᠡᠩᠳᠡᠭᠦᠦ ᠬᠠᠳᠠᠭᠤ ᠪᠣᠯᠬᠤᠷ ᠪᠠᠷᠢᠬᠤ ᠳᠤ ᠶᠠᠷᠰᠢᠭ ᠲᠠᠢ︾ ᠭᠡᠳᠡᠯ᠎ᠡ | ︽ᠪᠠᠰᠠ ᠶᠠᠭᠤᠨᠠᠢ ᠡᠷᠢᠶᠡᠨ ᠮᠡᠷᠢᠶᠡᠨ ᠶᠠᠭᠤᠮ᠎ᠠ ᠰᠠᠮᠪᠠᠭᠠᠨᠠᠭᠤᠯᠣᠭᠠᠳ ᠵᠠᠩᠭᠢᠶ᠎ᠠ ᠵᠡᠭᠦᠭᠡᠳ ᠶᠠᠮᠠᠷ ᠬᠡᠷᠡᠭ ᠲᠠᠢ ᠪᠤᠢ︾᠂ | ︽ᠠᠯᠳᠠ᠂ ᠮᠥᠩᠭᠦ᠂ ᠭᠠᠤᠯᠢᠨ ᠲᠣᠪᠣᠷᠤᠤ ᠨᠢ ᠲᠠᠳᠠᠬᠳᠠᠨ ᠰᠤᠭᠤᠷᠠᠬᠤ ᠳᠠᠭᠠᠨ ᠭᠠᠷ ᠰᠢᠷᠬᠠᠳᠣᠭᠤᠯᠣᠭᠠᠳ | ᠪᠠᠶᠢᠬᠤ ᠶᠤᠮ︾ ᠭᠡᠬᠦ ᠮᠡᠲᠦ ᠶᠢᠨ ᠱᠠᠯ ᠳᠡᠮᠡᠢ ᠶᠠᠷᠢᠶ᠎ᠠ ᠴᠢᠬᠢᠨ ᠴᠢᠭᠢᠷᠡ ᠪᠣᠯᠣᠭᠠᠳ ᠪᠠᠶᠢᠨ᠎ᠠ᠃ ᠡᠨᠡ ᠪᠣᠯ ᠬᠡᠴᠢᠨᠡᠨ | ᠵᠠᠭᠤᠨ ᠵᠢᠯ ᠤᠨ ᠰᠢᠯᠢᠯᠳᠡ ᠶᠢ ᠳᠠᠮᠵᠢᠭᠠᠳ ᠣᠷᠣᠰᠢᠬᠰᠠᠭᠠᠷ ᠢᠷᠡᠭᠰᠡᠨ ᠥᠪᠡᠷᠮᠢᠴᠡ ᠣᠨᠴᠠᠯᠢᠭ ᠲᠠᠢ ᠮᠣᠩᠭᠤᠯ | ᠪᠥᠬᠡ ᠶᠢᠨ ᠵᠣᠳᠤᠭ ᠢ ᠪᠠᠰᠠ ᠦᠭᠡᠷᠡᠴᠢᠯᠡᠬᠦ ᠶᠠᠷᠢᠶ᠎ᠠ ᠬᠡᠯᠡᠯᠴᠡᠭᠡ ᠭᠠᠷᠭᠠᠵᠦ ᠪᠠᠶᠢᠭ᠎ᠠ ᠤᠬᠠᠭᠠᠨ ᠲᠠᠢ᠃ ᠴᠣᠬᠤᠮ | ᠶᠠᠮᠠᠷ ᠰᠠᠨᠠᠭ᠎ᠠ ᠲᠠᠢ ᠪᠣᠢ︖ ᠮᠣᠩᠭᠤᠯ ᠪᠦᠭᠡ ᠶᠢ ᠶᠠᠫᠤᠨ ᠤ ᠰᠦᠮᠦᠦ ᠪᠥᠬᠡ ᠰᠢᠭ ᠠᠯᠠᠪᠴᠢ ᠡᠮᠥᠰᠦᠭᠦᠯᠦᠭᠡᠳ | ᠠᠳᠬᠤᠵᠦ ᠪᠠᠵᠠᠬᠳᠠᠬᠤ ᠶᠠᠭᠤᠮ᠎ᠠ ᠦᠭᠡᠢ ᠪᠣᠯᠭᠠᠵᠦ ᠵᠦᠭᠡᠷ ᠨᠥᠷᠢᠯᠳᠦᠭᠦᠯᠦᠨᠠ ᠭᠡᠵᠢ ᠤᠤ︖ ᠡᠰᠡᠭᠦᠯ᠎ᠠ ᠥᠨᠥ | ᠨᠢᠯᠬ᠎ᠠ ᠬᠡᠦᠬᠡᠳ ᠤᠨ ᠪᠠᠷᠢᠨᠳᠠᠭ ᠰᠢᠭ᠋ ᠶᠠᠭᠤᠮ᠎ᠠ ᠨᠥᠮᠥᠷᠢᠭᠦᠯᠦᠭᠡᠳ ᠨᠣᠴᠣᠯᠳᠣᠭᠤᠯᠤᠨᠠ ᠤᠤ ︖ ᠪᠣᠯᠬᠤ ᠦᠭᠡᠢ︕ | ᠡᠯ᠎ᠡ ᠦᠨᠳᠦᠰᠦᠳᠡᠨ ᠤ ᠪᠥᠬᠡ ᠶᠢᠨ ᠬᠤᠪᠴᠠᠰᠤ ᠵᠠᠰᠠᠯ ᠨᠢ ᠪᠦᠷ ᠥᠪᠡᠷ ᠥᠪᠡᠷ ᠤᠨ ᠢᠶᠠᠨ ᠶᠠᠩᠵᠦ᠂ ᠶᠣᠰᠤ | ᠵᠠᠩᠰᠢᠯ ᠲᠠᠢ ᠪᠠᠶᠢᠲᠠᠬ᠃ ᠲᠡᠶᠢᠮᠦ ᠪᠠᠷ ᠢᠶᠠᠨ ᠪᠡᠶ᠎ᠡ ᠪᠡᠶᠡᠨ ᠤ ᠬᠢ ᠪᠠᠨ ᠰᠤᠷᠬᠤ ᠯᠡ ᠶᠣᠰᠤᠳᠠᠢ᠂ ᠪᠡᠶ᠎ᠡ | ᠪᠡᠶᠡᠨ ᠤ ᠬᠢ ᠳᠡᠭᠡᠨ ᠳᠠᠳᠬᠤ ᠯᠡ ᠣᠴᠢᠷᠲᠠᠢ᠃ ᠢᠩᠭᠢᠪᠡᠯ ᠰᠠᠶ᠋ᠢ ᠥᠩᠭᠡ ᠪᠥᠷᠢ ᠶᠢᠨ ᠴᠡᠴᠡᠭ ᠵᠡᠷᠭᠡ ᠪᠠᠷ ᠪᠠᠳᠠᠷᠠᠨ | ᠳᠡᠯᠭᠡᠷᠡᠵᠦ ᠴᠢᠳᠠᠬᠤ ᠶᠣᠮ᠃ ᠶᠢᠷᠳᠢᠨᠴᠤ ᠳᠤ ᠳᠣᠭᠠᠯᠠᠰᠢ ᠦᠭᠡᠢ ᠣᠯᠠᠨ ᠬᠡᠷᠡᠭ ᠪᠣᠳᠠᠰ ᠣᠷᠣᠰᠢᠵᠦ ᠪᠠᠶᠢᠳᠠᠭ ᠤᠨ | ᠰᠢᠯᠳᠠᠭᠠᠨ ᠪᠣᠯ ᠳᠡᠳᠡᠭᠡᠷ ᠬᠡᠷᠡᠭ ᠪᠣᠳᠠᠰ ᠪᠥᠬᠦᠨ ᠥᠪᠡᠷ ᠥᠪᠡᠷ ᠤᠨ ᠢᠶᠠᠨ ᠣᠨᠴᠠᠯᠢᠭ ᠲᠠᠢ ᠪᠠᠶᠢᠭ᠎ᠠ ᠠᠴᠠ | ᠪᠣᠯᠣᠬᠰᠠᠨ ᠪᠢᠯᠡ᠃ ᠬᠡᠷᠪᠡ ᠲᠡᠷᠡᠬᠦ ᠣᠨᠴᠠᠯᠢᠭ ᠢ ᠨᠢ ᠲᠠᠶᠠᠬᠲᠠᠬᠤ ᠪᠤᠶᠤ ᠣᠨᠴᠠᠯᠢᠭ ᠨᠢ ᠤᠰᠠᠳᠤᠪᠠᠯ | ᠶᠢᠷᠳᠢᠨᠴᠤ ᠶᠢᠨ ᠬᠡᠷᠡᠭ ᠪᠣᠳᠠᠰ ᠤᠨ ᠣᠯᠠᠨ ᠶᠠᠩᠵᠦᠳᠤ ᠰᠢᠨᠵᠢ ᠨᠢ ᠠᠷᠢᠯᠬᠤ ᠪᠣᠶᠤ ᠥᠪᠡᠷ ᠢᠶᠠᠨ ᠮᠥᠬᠦᠬᠦ ᠳᠤ ᠯᠡ | ᠬᠦᠷᠦᠨ᠎ᠠ᠃ ᠡᠶᠢᠨᠬᠦ ᠮᠣᠩᠭᠤᠯ ᠪᠥᠬᠡ ᠶᠢᠨ ᠲᠦᠷᠢᠮ ᠳᠤ ᠦᠭᠡᠷᠡᠴᠢᠯᠡᠯᠲᠡ ᠬᠢᠬᠦ ᠳᠡᠭᠡᠨ ᠭᠦᠨ ᠤᠬᠠᠭᠠᠨ ᠤ | ᠬᠥᠭᠵᠢᠯᠳᠡ ᠶᠢᠨ ᠵᠢᠮ᠎ᠡ ᠬᠠᠤᠯᠢ ᠶᠢ ᠡᠷᠬᠡᠪᠰᠢ ᠵᠢᠷᠤᠮᠯᠠᠵᠦ᠂ ᠬᠡᠷᠡᠭ ᠪᠣᠳᠠᠰ ᠤᠨ ᠥᠪᠡᠷᠮᠢᠴᠡ ᠣᠨᠴᠠᠯᠢᠭ ᠢ ᠵᠠᠪᠠᠯ | ᠬᠠᠮᠠᠭᠠᠯᠠᠨ ᠲᠡᠭᠦᠯᠳᠡᠷᠵᠢᠭᠦᠯᠵᠦ᠂ ᠭᠡᠮ ᠰᠣᠭᠤᠭ ᠢ ᠨᠢ ᠥᠭᠡᠷᠡᠴᠢᠯᠡᠨ ᠵᠠᠰᠠᠯᠳᠠᠢ ᠪᠠᠶᠢᠨ᠎ᠠ᠃ | ᠮᠣᠩᠭᠤᠯ ᠪᠥᠬᠡ ᠮᠠᠨᠢ ᠤᠳᠠᠭᠠᠨ ᠣᠨ ᠤ ᠪᠣᠯᠪᠠᠰᠤᠷᠠᠭᠤᠯᠣᠯᠳᠠ ᠰᠤᠩᠭᠤᠯᠳᠠ ᠪᠠᠷ ᠳᠠᠮᠵᠢᠭᠠᠳ ᠥᠪᠡᠷ ᠤᠨ | ᠭᠡᠰᠡᠨ ᠰᠢᠯᠢᠳᠡᠭ ᠣᠨᠴᠠᠯᠢᠭ ᠢᠶᠠᠨ ᠪᠥᠷᠢᠯᠳᠦᠭᠦᠯᠦᠭᠰᠡᠨ ᠶᠣᠮ᠃ ᠬᠠᠷᠠᠭᠠᠴᠢ — | ᠮᠣᠩᠭᠤᠯ ᠪᠥᠬᠡ ᠮᠠᠨᠢ ᠬᠤᠪᠴᠠᠰᠤ ᠵᠠᠰᠠᠯ ᠢᠶᠠᠷ ᠢᠶᠠᠨ ᠦᠭᠡᠷ᠎ᠡ ᠪᠤᠰᠤᠳ ᠠᠴᠠ ᠢᠯᠭᠠᠬᠲᠠᠲᠠᠬ᠃ ᠠᠯᠳᠠ᠂ | ᠮᠥᠩᠭᠦ᠂ ᠭᠠᠤᠯᠢ᠂ ᠵᠡᠰ ᠲᠣᠪᠣᠷᠤᠤ ᠶᠢᠨ ᠰᠦᠯᠵᠢᠭᠡᠳᠣ ᠵᠣᠳᠤᠭ ᠭᠢᠯᠠᠯᠵᠠᠭᠤᠯᠤᠨ᠂ ᠲᠠᠪᠤᠨ ᠥᠩᠭᠡ ᠶᠢᠨ ᠲᠣᠷᠭ᠎ᠠ | ᠳᠤᠷᠳᠤᠩ ᠰᠠᠴᠤᠷᠠᠭᠤᠯᠣᠭᠰᠠᠨ ᠰᠦᠷᠳᠦ ᠵᠠᠩᠭᠢᠶ᠎ᠠ ᠬᠡᠶᠢᠰᠭᠡᠵᠦ᠂ ᠠᠷᠰᠯᠠᠨ ᠤ ᠬᠡᠪ ᠳᠦᠷᠢ ᠪᠥᠬᠦᠢ ᠥᠩᠭᠡᠳᠦ | ᠬᠠᠳᠬᠤᠮᠠᠯ ᠲᠠᠢ ᠲᠤᠬᠤᠤ ᠰᠡᠩᠬᠡᠯᠵᠡᠭᠦᠯᠦᠭᠡᠳ ᠶᠠᠭᠤᠳᠠᠢ ᠭᠤᠶᠣ᠂ ᠶᠠᠭᠤᠳᠠᠢ ᠰᠦᠷᠯᠢᠭ ᠪᠣᠢ︕ | ᠮᠣᠩᠭᠤᠯ ᠪᠥᠬᠡ ᠮᠠᠨᠢ ᠨᠤᠳᠤᠭ ᠤᠨ ᠪᠠ ᠬᠠᠷᠢ ᠶᠢᠨ ᠭᠡᠵᠦ ᠠᠩᠭᠢᠯᠠᠳᠠᠭ ᠦᠭᠡᠢ ᠳᠦᠷᠪᠡᠨ ᠵᠦᠭ ᠨᠠᠢᠮᠠᠨ | ᠵᠣᠪᠬᠢᠰ ᠤᠨ ᠳᠤᠷᠠᠳᠠᠢ ᠪᠠᠭ᠋ᠠᠲᠠᠢ ᠪᠦᠬᠦ ᠬᠦᠮᠦᠰ ᠢ ᠣᠷᠣᠯᠴᠠᠭᠤᠯᠳᠠᠭ᠃ ᠡᠨᠡ ᠪᠣᠯ ᠴᠤᠬᠤᠮ ᠪᠤᠰᠤᠳ ᠲᠤ | ᠭᠠᠶᠢᠬᠠᠬᠳᠠᠬᠰᠠᠨ ᠣᠨᠴᠠᠯᠢᠭ ᠮᠥᠨ᠃ ᠶᠠᠭᠤᠳᠠᠢ ᠪᠠᠭᠳᠠᠭᠠᠮᠵᠢᠳᠠᠢ᠂ ᠶᠠᠭᠤᠳᠠᠢ ᠨᠠᠶᠢᠷᠠᠮᠳᠠᠭᠤ ᠪᠢᠯᠡ︕ | ᠮᠣᠩᠭᠤᠯ ᠪᠥᠬᠡ ᠮᠠᠨᠢ ᠵᠢᠩ ᠤᠨ ᠣᠳᠣ ᠲᠣᠩᠭᠤᠶᠢᠨ ᠱᠠᠭᠠᠶᠢᠵᠦ ᠲᠠᠷᠭᠤᠨ ᠡᠴᠡᠩᠬᠡᠢ ᠬᠤᠪᠢᠶᠠᠳᠠᠭ ᠦᠭᠡᠢ | ᠬᠡᠨ ᠴᠤ ᠪᠦᠷ ᠪᠠᠷᠢᠯᠳᠤᠵᠦ ᠪᠣᠯᠳᠠᠭ᠃ ᠶᠠᠭᠤᠳᠠᠢ ᠳᠦᠭᠦᠮ ᠬᠢᠯᠪᠠᠷᠬᠠᠨ ᠠᠵᠢ⁈ | ᠮᠣᠩᠭᠤᠯ ᠪᠥᠬᠡ ᠮᠠᠨᠢ ᠪᠠᠶᠢᠨ ᠳᠠᠬᠢᠨ ᠬᠠᠶᠠᠯᠴᠠᠵᠦ᠂ ᠪᠣᠰᠤᠨ ᠪᠣᠰᠣᠨ ᠨᠣᠴᠣᠯᠳᠤᠭᠠᠳ᠂ ᠤᠷᠮ᠎ᠠ ᠬᠤᠭᠤᠯᠵᠦ | ᠤᠶᠢᠳᠬᠠᠷ ᠬᠦᠷᠭᠡᠳᠡᠭ ᠦᠭᠡᠢ᠂ ᠬᠠᠷᠢᠨ ᠨᠢᠭᠡ ᠯᠡ ᠪᠠᠷᠢᠯᠳᠤᠭᠠᠨ ᠢᠶᠠᠷ ᠰᠢᠢᠳᠪᠤᠷᠢᠯᠡᠳᠡᠭ᠃ ᠡᠨᠡ ᠪᠣᠯ ᠪᠠᠰᠠ | ᠪᠤᠰᠤᠳ ᠠᠴᠠ ᠢᠯᠭᠠᠷᠠᠳᠠᠭ ᠥᠪᠡᠷᠮᠢᠴᠠ ᠣᠨᠴᠠᠯᠢᠭ ᠮᠥᠨ᠃ ᠶᠠᠭᠤᠳᠠᠢ ᠢᠯᠭᠤᠮ ᠰᠢᠯᠣᠭᠤᠬᠠᠨ ᠮᠥᠷᠦ᠋ᠢᠴᠠᠭᠡᠨ | ᠪᠢᠯᠡ︕ | ᠮᠤᠩᠭᠤᠯ ᠪᠦᠬᠡ ᠶᠢᠨ ᠮᠠᠨᠢ ᠪᠡᠯᠡᠳᠭᠡᠯ ᠬᠦᠳᠡᠯᠭᠡᠭᠡᠨ ᠳᠡᠪᠢᠯᠭᠡ ᠭᠡᠭᠴᠢ ᠴᠠᠭᠠᠨ᠎ᠠ ᠪᠠᠨ ᠢᠯᠡ ᠳᠤᠳᠤᠬᠠᠨ | ᠤᠨᠴᠠᠯᠢᠭ ᠲᠠᠢ᠂ ᠠᠭᠤᠳᠠᠮ ᠳᠠᠯᠠᠪᠠᠢ ᠶᠢᠨ ᠵᠡᠭᠦᠨ ᠪᠠᠷᠠᠭᠤᠨ ᠬᠤᠶᠠᠷ ᠳᠠᠯ᠎ᠠ ᠠᠴᠠ ᠮᠠᠬᠰᠢᠨ ᠭᠠᠷᠤᠬᠰᠠᠨ ᠪᠦᠬᠡᠴᠣᠳ | ᠬᠤᠷᠢ ᠭᠤᠴᠢᠨ ᠮᠧᠲᠷ ᠠᠭᠠᠵᠢᠭᠤᠬᠠᠨ ᠬᠦᠶᠦᠭᠰᠡᠭᠡᠷ ᠳᠠᠯᠠᠪᠠᠢ ᠶᠢᠨ ᠭᠤᠤᠯ ᠳᠤ ᠬᠦᠷᠦᠮᠡᠭᠴᠡ ᠳᠡᠪᠢᠵᠦ ᠡᠬᠢᠯᠡᠳᠡᠭ᠃ | ᠳᠡᠷᠡ ᠨᠢ ᠠᠪᠤᠷᠭᠤ ᠪᠦᠷᠭᠦᠳ ᠬᠦᠨ ᠤᠬᠳᠠᠷᠭᠤᠢ ᠳᠤ ᠬᠦᠴᠦᠳᠤ ᠵᠢᠭᠦᠷ ᠢᠶᠠᠨ ᠳᠡᠯᠭᠡᠨ ᠬᠤᠮᠢᠨ ᠳᠤᠬᠯᠠᠵᠦ | ᠪᠠᠶᠢᠭ᠎ᠠ ᠴᠤ ᠶᠣᠮᠰᠢᠬ᠂ ᠰᠦᠷᠳᠤ ᠪᠤᠭᠤ ᠬᠤᠷᠳᠤ ᠪᠠᠨ ᠭᠠᠶᠢᠬᠠᠭᠤᠯᠤᠬᠰᠠᠨ ᠶᠤᠮ ᠤᠤ ᠭᠡᠮᠡᠷ ᠡᠶᠢᠰᠢ ᠪᠠᠨ ᠨᠢᠭᠡ | ᠬᠠᠯᠢᠨ᠂ ᠳᠡᠶᠢᠰᠢ ᠪᠠᠨ ᠨᠢᠭᠡ ᠳᠡᠭᠳᠡᠨ ᠪᠠᠶᠢᠭ᠎ᠠ ᠰᠢᠭ᠋ ᠬᠦᠳᠡᠯᠭᠡᠭᠡᠨ ᠬᠢᠵᠦ ᠪᠤᠯᠴᠢᠩ ᠰᠢᠷᠪᠤᠰᠤ ᠶᠢᠨ ᠢᠶᠠᠨ | ᠴᠢᠯᠡᠭᠡ ᠶᠢ ᠳᠠᠶᠢᠯᠤᠨ᠂ ᠪᠠᠷᠢᠯᠳᠤᠭᠠᠨ ᠳᠠᠭᠠᠨ ᠪᠡᠯᠡᠳᠭᠡᠳᠡᠭ ᠨᠢ ᠨᠢᠳᠤᠨ ᠳᠤ ᠠᠶᠠᠳᠠᠶᠢᠬᠠᠨ ᠬᠠᠷᠠᠭᠳᠠᠳᠠᠭ᠂ ᠶᠠᠭᠤᠳᠠᠢ | ᠰᠦᠷᠯᠢᠭ᠂ ᠶᠠᠭᠤᠳᠠᠢ ᠴᠤᠭ ᠲᠠᠢ ᠠᠵᠢ︕ | ᠮᠤᠩᠭᠤᠯ ᠪᠦᠬᠡ ᠶᠢᠨ ᠮᠠᠨᠢ ᠳᠠᠯᠠᠪᠠᠢ ᠳᠤ ᠤᠷᠤᠬᠤ ᠠᠶᠠᠯᠭᠤ ᠦᠭᠡᠷ᠎ᠡ ᠶᠠᠮᠠᠷ ᠴᠤ ᠤᠯᠤᠰ ᠭᠦᠷᠦᠨ ᠳᠤ | ᠪᠠᠶᠢᠳᠠᠭ ᠦᠭᠡᠢ᠃ ᠳᠡᠯᠡᠬᠡᠢ ᠨᠡᠶᠢᠳᠡ ᠪᠠᠷ ᠢᠶᠠᠨ ᠬᠡᠷᠡᠭᠯᠡᠵᠦ ᠪᠠᠶᠢᠭ᠎ᠠ ᠠᠶᠠᠯᠭᠤ ᠪᠤᠯ ᠪᠦᠷ ᠣᠬᠵᠣᠮ ᠤᠬᠤᠷ ᠪᠠᠶᠢᠵᠦ᠂ | ᠳᠡᠷᠡ ᠨᠢ ᠤᠷᠮ᠎ᠠ ᠵᠤᠷᠢᠭ ᠬᠦᠭᠵᠢᠭᠡᠬᠦ ᠶᠢᠨ ᠬᠠᠮᠳᠤ ᠪᠠᠴᠢᠮᠳᠠᠬᠤ ᠰᠡᠳᠭᠢᠯ ᠳᠦᠷᠦᠭᠦᠯᠬᠦ ᠨᠢ ᠶᠠᠷᠢᠶᠠᠨ ᠦᠭᠡᠢ᠃ | ᠭᠡᠬᠦ ᠳᠡᠭᠡᠨ ᠤᠷᠳᠤ ᠶᠢᠨ ᠳᠠᠭᠤᠤ ᠪᠠᠷ ᠰᠠᠭᠤᠷᠢᠯᠠᠬᠰᠠᠨ ᠮᠤᠩᠭᠤᠯ ᠪᠦᠬᠡ ᠶᠢᠨ ᠤᠷᠢᠶ᠎ᠠ ᠪᠤᠯ ᠴᠡᠪᠡᠷ ᠲᠤᠩᠭᠠᠯᠠᠭ | ᠠᠮᠢᠰᠬᠤᠯ ᠲᠠᠢ ᠴᠡᠯᠡᠭᠡᠷ ᠳᠠᠯ᠎ᠠ ᠶᠢᠨ ᠠᠭᠤᠳᠠᠮ ᠳᠠᠯᠠᠪᠠᠢ ᠳᠤ ᠴᠡᠭᠡᠵᠢ ᠪᠠᠨ ᠳᠡᠨᠡᠶᠢᠯᠭᠡᠨ ᠳᠠᠭᠤᠯᠠᠵᠦ ᠪᠠᠶᠢᠭ᠎ᠠ ᠬᠤᠷᠢᠮ | ᠨᠠᠶᠢᠷ ᠤᠨ ᠤᠷᠳᠤ ᠶᠢᠨ ᠳᠠᠭᠤᠤ ᠶᠢ ᠰᠠᠨᠠᠬᠳᠠᠭᠤᠯᠤᠨ ᠬᠦᠮᠦᠨ ᠤ ᠰᠡᠳᠭᠢᠯ ᠢ ᠠᠳᠠᠪᠠᠰᠢ ᠶᠡᠭᠡ | ᠲᠠᠶᠢᠪᠤᠰᠢᠷᠠᠭᠤᠯᠤᠬᠰᠠᠨ ᠰᠠᠭᠤᠷᠢᠨ ᠳᠡᠭᠡᠷ᠎ᠡ ᠮᠦᠷᠦ᠋ᠢᠴᠡᠬᠦ ᠵᠤᠷᠢᠭ ᠢ ᠨᠢ ᠬᠦᠪᠴᠢᠯᠡᠳᠡᠭ ᠢᠶᠠᠷ ᠢᠶᠠᠨ ᠶᠡᠷᠤ ᠪᠤᠰᠤ ᠶᠢᠨ | ᠷᠢᠳᠢ ᠰᠢᠳᠢ ᠲᠠᠢ ᠶᠣᠮᠰᠢᠬ ᠪᠤᠳᠤᠬᠳᠠᠳᠠᠭ᠃ ᠶᠠᠭᠤᠳᠠᠢ ᠢᠷᠠᠭᠤ᠂ ᠶᠠᠭᠤᠳᠠᠢ ᠤᠶᠠᠩᠭᠠᠯᠢᠭ ᠪᠤᠢ︕ | ᠮᠣᠩᠭᠤᠯ ᠪᠥᠬᠡ ᠶᠢᠨ ᠣᠷᠣᠰᠢᠯ ᠲᠣᠬᠳᠠᠨᠢᠯ ᠤᠨ ᠰᠠᠭᠤᠷᠢ ᠪᠣᠯᠣᠬᠰᠠᠨ ᠮᠦᠷᠲᠡᠭᠡᠨ ᠦᠷᠦᠭᠡᠯ ᠪᠤᠰᠤᠳ ᠠᠴᠠ | ᠡᠷᠡᠰ ᠢᠯᠭᠠᠬᠳᠠᠭᠰᠠᠨ ᠡᠳᠡᠭᠡᠷ ᠥᠪᠡᠷᠮᠢᠴᠡ ᠣᠨᠴᠠᠯᠢᠭ ᠢ ᠨᠢ ᠤᠯᠠᠮ ᠪᠠᠬᠢᠵᠢᠭᠦᠯᠳ᠂ ᠦᠯᠦ ᠬᠦᠷᠦᠯᠴᠡᠬᠦ | ᠲᠠᠯ᠎ᠠ ᠶᠢ ᠨᠢ ᠡᠷᠡᠰ ᠰᠢᠢᠳᠮᠡᠭᠡᠢ ᠥᠭᠡᠷᠡᠴᠢᠯᠡᠵᠦ ᠭᠦᠷᠦᠨ ᠲᠥᠷᠦ ᠪᠠ ᠳᠡᠯᠡᠬᠡᠢ ᠨᠡᠶᠢᠳᠡ ᠶᠢᠨ ᠤᠷᠤᠯᠳᠤᠭᠠᠨ ᠳᠤ | ᠡᠷᠳᠡ ᠨᠢᠭᠡᠨ ᠡᠳᠦᠷ ᠣᠷᠣᠯᠴᠠᠭᠤᠯᠬᠤ ᠨᠢ ᠮᠣᠩᠭᠤᠯ ᠰᠤᠶᠤᠯ ᠤᠨ ᠲᠠᠩᠰᠤᠬ ᠬᠦᠷᠦᠰᠦᠨ ᠳᠤ ᠢᠳᠡᠯᠢᠭ ᠰᠢᠮ᠎ᠡ | ᠬᠦᠷᠭᠡᠬᠦ ᠪᠣᠯᠣᠨ᠎ᠠ᠃ ᠲᠡᠷᠡᠬᠦ ᠦᠯᠵᠡᠶᠢᠲᠦ ᠮᠦᠴᠡ ᠣᠲᠠᠯ ᠦᠭᠡᠢ ᠢᠷᠡᠨ᠎ᠡ ᠭᠡᠲᠡᠭ ᠲᠤ ᠪᠢᠲᠡ ᠲᠡᠭᠦᠰ ᠢᠳᠡᠭᠡᠯ ᠲᠠᠢ | ᠪᠢᠯᠡ᠃ |