★ ᠤ᠂ ᠲᠡᠮᠤᠷᠭᠤᠤᠯᠳᠤ | | ᠡᠷᠬᠢᠴᠡᠬᠦᠯᠬᠦ ᠳᠤ 2018 ᠤᠨ ᠤ 6 ᠰᠠᠷ᠎ᠠ ᠶᠢᠨ 1 ᠤ ᠡᠳᠤᠷ᠂ ᠦᠪᠤᠷ ᠮᠤᠩᠭᠤᠯ ᠤᠨ ᠷᠠᠳᠢᠤ᠋ ᠲᠧᠯᠸᠢᠰ | ᠬᠤᠷᠢᠶ᠎ᠠ᠂ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠠᠴᠠ ᠬᠠᠮᠳᠤᠷᠠᠨ ᠡᠷᠬᠢᠯᠡᠭᠰᠡᠨ ︽ᠵᠢᠷᠭᠠᠯᠠᠩᠳᠤ ᠲᠠᠯ᠎ᠠ | ᠨᠤᠳᠤᠭ᠂ ᠰᠢᠯᠢ ᠶᠢᠨ ᠭᠤᠤᠯ︾ ᠮᠤᠩᠭᠤᠯ ᠪᠦᠬᠡ ᠶᠢᠨ ᠴᠦᠷᠬᠡᠯᠡᠭᠡ ᠤᠷᠤᠯᠳᠤᠭᠠᠨ ᠨᠢ ᠠᠪᠠᠭ᠎ᠠ ᠬᠤᠰᠢᠭᠤᠨ ᠳᠤ | ᠴᠢᠩᠬᠢᠰ ᠬᠠᠭᠠᠨ ᠤ ᠭᠡᠭᠡᠨ ᠲᠦᠷᠢ ᠶᠢ ᠰᠢᠩᠭᠡᠭᠡᠭᠰᠡᠨ ᠪᠤᠷᠬᠠᠨ ᠲᠠᠬᠢᠯᠭ᠎ᠠ ᠲᠠᠢ ᠪᠤᠭᠳᠠ ᠠᠭᠤᠯᠠ ᠶᠢᠨ ᠡᠩᠭᠡᠷ ᠲᠤ | ᠬᠡᠶᠢᠮᠤᠷᠢ ᠲᠠᠢ ᠰᠠᠶᠢᠬᠠᠨ ᠬᠦᠰᠢᠭᠡ ᠪᠠᠨ ᠰᠡᠬᠦᠭᠰᠡᠨ ᠪᠢᠯᠠ᠃ ᠲᠡᠷᠡ ᠤᠳᠠᠭ᠎ᠠ ᠠᠷᠤ ᠬᠤᠷᠴᠢᠨ ᠬᠤᠰᠢᠭᠤᠨ ᠤ | ᠱᠤᠤ ᠪᠠᠯᠭᠠᠰᠤᠨ ᠤ ᠵᠠᠯᠠᠭᠤ ᠰᠤᠳᠤᠨ ᠪᠦᠬᠡ ᠮᠦᠩᠬᠡᠳᠦ᠋ᠭᠦᠷᠡᠩ᠂ ᠪᠦᠬᠦ ᠦᠪᠤᠷ ᠮᠤᠩᠭᠤᠯ ᠤᠷᠤᠨ ᠤ ᠠᠯᠳᠠᠷ | ᠨᠡᠷᠡᠳᠠᠢ ᠤᠯᠠᠨ ᠰᠠᠶᠢᠨ ᠠᠪᠤᠷᠭᠤᠴᠤᠳ ᠢ ᠰᠢᠷᠤᠶᠢᠳᠠᠭᠤᠯᠵᠦ᠂ ᠨᠠᠢᠮᠠᠳᠤᠭᠠᠷ ᠨᠤᠭᠤᠯᠠᠭ᠎ᠠ ᠳᠠᠭᠠᠨ ᠵᠡᠬᠦᠨ | ᠦᠵᠦᠮᠦᠴᠢᠨ ᠬᠤᠰᠢᠭᠤᠨ ᠤ ᠦᠯᠵᠠᠶᠢᠪᠠᠭᠠᠳᠤᠷ ᠢ ᠦᠢᠴᠢᠭᠤᠯᠵᠤ᠂ 256 ᠪᠦᠬᠡ ᠳᠤ ᠲᠡᠷᠢᠭᠦᠯᠡᠪᠡ᠃ ᠲᠡᠷᠡ | ᠤᠳᠠᠭᠠᠨ ᠤ ᠴᠦᠷᠬᠡᠯᠡᠭᠡ ᠪᠠᠷᠢᠯᠳᠤᠭᠠᠨ ᠢ ᠮᠡᠬᠦᠰ ᠪᠢ ᠷᠠᠳᠢᠤ᠋ ᠲᠧᠯᠸᠢᠰ ᠠᠴᠠ ᠦᠵᠡᠵᠦ ᠰᠤᠨᠢᠷᠬᠠᠭᠰᠠᠨ ᠰᠡᠳᠬᠢᠭᠳᠡᠯ | ᠲᠦᠷᠦᠭᠳᠡᠯ ᠢᠶᠠᠨ ᠮᠡᠳᠡᠭᠡ ᠵᠠᠭᠤᠴᠢᠯᠠᠭᠤᠷ ᠢᠶᠠᠷ ᠮᠡᠳᠡᠭᠡᠯᠡᠭᠰᠡᠨ ᠪᠦᠬᠡᠳ ᠮᠢᠨᠤ ︽ᠮᠤᠩᠭᠤᠯ ᠤᠨᠳᠤᠷᠤᠯ ᠮᠦᠩᠬᠡ | ᠬᠤᠷᠸ᠎ᠠ︾ ᠭᠡᠰᠡᠨ ᠨᠤᠮ ᠳᠠᠭᠠᠨ ᠪᠢᠴᠢᠵᠤ ᠤᠷᠤᠭᠤᠯᠤᠭᠰᠠᠨ ᠪᠣᠯᠬᠤᠷ ᠲᠡᠷᠨ ᠨᠢ ᠲᠡᠤᠬᠡ ᠶᠢᠨ ᠲᠤᠷᠠᠰᠬᠠᠯ | ᠲᠡᠮᠳᠡᠭᠯᠡᠯ ᠪᠤᠯᠤᠨ ᠦᠯᠡᠳᠡᠭᠰᠡᠨ ᠶᠤᠮ᠃ | ᠬᠦᠯᠦᠨ ᠪᠤᠶᠢᠷ ᠤᠨ ᠰᠢᠨ᠎ᠡ ᠪᠠᠷᠭᠤ ᠪᠠᠷᠠᠭᠤᠨ ᠬᠤᠰᠢᠭᠤᠨ ᠤ ᠰᠤᠶᠤᠯ ᠵᠢᠭᠤᠯᠴᠢᠯᠠᠯ ᠤᠨ ᠨᠠᠶᠢᠷ ᠵᠢᠴᠢ ᠦᠪᠤᠷ | ᠮᠤᠩᠭᠤᠯ ᠤᠨ ᠴᠦᠷᠬᠡᠯᠡᠭᠡ ᠪᠠᠷᠢᠯᠳᠤᠭᠠᠨ ᠤ ᠬᠤᠶᠠᠳᠤᠭᠠᠷ ᠲᠠᠯᠠᠪᠠᠢ ᠤᠷᠤᠯᠳᠤᠭᠠᠨ 2022 ᠤᠨ ᠤ 7 ᠰᠠᠷ᠎ᠠ ᠶᠢᠨ | 30 ᠤ ᠡᠳᠤᠷ — 8 ᠰᠠᠷ᠎ᠠ ᠶᠢᠨ 1 ᠤ ᠡᠳᠤᠷ ᠪᠤᠯᠳᠠᠯ᠎ᠠ ᠰᠢᠨ᠎ᠡ ᠪᠠᠷᠭᠤ ᠪᠠᠷᠠᠭᠤᠨ ᠬᠤᠰᠢᠭᠤᠨ ᠤ ᠲᠦᠪ | ᠠᠯᠳᠠᠨ ᠡᠮᠡᠭᠡᠯ ᠪᠠᠯᠭᠠᠰᠤᠨ ᠳᠤ ᠨᠢᠵᠢᠭᠡᠷ ᠰᠠᠶᠢᠬᠠᠨ ᠶᠠᠪᠤᠭᠳᠠᠵᠤ᠂ 512 ᠪᠦᠬᠡ ᠵᠤᠳᠤᠭᠯᠠᠭᠰᠠᠨ ᠶᠤᠮ᠃ ᠲᠤᠰ | ᠤᠳᠠᠭᠠᠨ ᠤ ᠴᠦᠷᠬᠡᠯᠡᠭᠡ ᠪᠠᠷᠢᠯᠳᠤᠭᠠᠨ ᠢ ᠪᠢ ᠦᠪᠤᠷ ᠮᠤᠩᠭᠤᠯ ᠤᠨ ᠷᠠᠳᠢᠤ᠋ ᠲᠧᠯᠸᠢᠰ ᠬᠤᠷᠢᠶᠠᠨ ᠤ ᠰᠢᠭᠤᠳ | ᠨᠡᠪᠳᠡᠷᠡᠭᠦᠯᠭᠡ ᠠᠴᠠ ᠴᠠᠭ ᠲᠤᠬᠠᠢ ᠳᠤᠨᠢ ᠲᠡᠶᠢᠮᠤ ᠰᠠᠶᠢᠬᠠᠨ ᠤᠯᠵᠦ ᠰᠤᠨᠢᠷᠬᠠᠭᠰᠠᠨ ᠦᠬᠡᠢ ᠪᠤᠯᠪᠠᠴᠦ᠂ ᠸᠢᠴᠠᠲ | ᠲᠠᠪᠴᠠᠩ ᠢᠶᠠᠷ ᠲᠠᠰᠤᠭ ᠪᠤᠰᠤᠭ ᠢᠶᠠᠷ ᠰᠤᠨᠢᠷᠬᠠᠨ ᠦᠵᠡᠯ᠎ᠡ᠃ ᠲᠤᠰ ᠤᠳᠠᠭᠠᠨ ᠤ ᠴᠦᠷᠬᠡᠯᠡᠭᠡ ᠪᠠᠷᠢᠯᠳᠤᠭᠠᠨ ᠳᠤ | ᠠᠷᠤ ᠬᠤᠷᠴᠢᠨ ᠬᠤᠰᠢᠭᠤᠨ ᠤ ᠪᠦᠬᠡᠴᠤᠳ᠂ ᠬᠤᠰᠢᠭᠤᠨ ᠤ ᠪᠦᠬᠡ ᠶᠢᠨ ᠨᠡᠶᠢᠭᠡᠮᠯᠢᠭ ᠤᠨ ᠲᠡᠷᠢᠭᠦᠯᠡᠭᠴᠢ ᠲᠠᠯᠠᠨᠳᠠᠢ | ᠶᠢᠨ ᠲᠠᠭᠠᠭᠤᠯᠭ᠎ᠠ ᠪᠠᠷ ᠬᠤᠷᠢᠨ ᠬᠡᠳᠤᠨ ᠰᠢᠯᠢᠳᠡᠭ ᠪᠦᠬᠡᠴᠤᠳ ᠰᠢᠨ᠎ᠡ ᠪᠠᠷᠭᠤ ᠪᠠᠷᠠᠭᠤᠨ ᠬᠤᠰᠢᠭᠤᠨ ᠳᠤ | ᠬᠦᠷᠦᠯᠴᠡᠨ ᠤᠴᠢᠵᠦ ᠤᠷᠤᠯᠴᠠᠭᠠᠳ᠂ ᠲᠤᠩ ᠰᠠᠶᠢᠨ ᠦᠷ᠎ᠡ ᠪᠦᠳᠤᠮᠵᠢ ᠶᠢ ᠤᠯᠵᠦ ᠴᠢᠳᠠᠪᠠ᠃ | ᠨᠠᠶᠢᠷ ᠢ ᠰᠤᠨᠢᠷᠬᠠᠨ ᠦᠵᠡᠬᠦ ᠶᠢᠨ ᠳᠠᠭᠠᠤ ᠮᠡᠬᠦᠰ ᠪᠢ ᠠᠷᠪᠠᠭᠠᠳ ᠵᠢᠯ ᠤᠨ ᠡᠮᠤᠨᠡᠬᠢ ᠶᠠᠪᠤᠳᠠᠯ ᠤᠴᠢᠷ ᠢ | ᠰᠠᠨᠠᠵᠦ ᠤᠯᠪᠠ᠃ ᠬᠤᠷᠢᠨ ᠨᠢᠬᠡᠳᠤᠭᠡᠷ ᠵᠠᠭᠤᠨ ᠤ ᠠᠷᠪᠠᠭᠠᠳ ᠤᠨ ᠤ ᠡᠬᠢᠨ ᠢᠶᠠᠷ ᠮᠠᠨ ᠤ ᠬᠤᠰᠢᠭᠤ ᠨᠢ ︽ᠪᠦᠬᠡ | ᠶᠢᠨ ᠨᠡᠶᠢᠭᠡᠮᠯᠢᠭ︾ ᠢ ᠪᠠᠶᠢᠭᠤᠯᠵᠦ᠂ ᠲᠤᠬᠠᠢ ᠶᠢᠨ ᠦᠶ᠎ᠡ ᠬᠤᠰᠢᠭᠤᠨ ᠤᠯᠤᠰ ᠲᠦᠷᠦ ᠶᠢᠨ ᠵᠦᠪᠯᠡᠯᠭᠡᠨ ᠤ ᠲᠡᠳ᠋ | ᠲᠡᠷᠢᠭᠦᠯᠡᠭᠴᠢ ᠪᠠᠶᠢᠭᠰᠠᠨ ᠮᠠᠨᠳᠤᠯ᠎ᠠ ᠨᠦᠬᠦᠷ ᠬᠤᠰᠢᠭᠤᠨ ᠤ ᠪᠦᠬᠡ ᠶᠢᠨ ᠠᠵᠢᠯ ᠢ ᠭᠤᠤᠯᠴᠢᠯᠠᠨ ᠬᠠᠮᠢᠶᠠᠷᠴᠦ | ᠪᠠᠶᠢᠪᠠ᠃ ᠮᠠᠨᠳᠤᠯ᠎ᠠ ᠨᠦᠬᠦᠷ ᠤᠨ ᠰᠠᠨᠠᠭᠠᠴᠢᠯᠠᠭ᠎ᠠ ᠪᠠᠷ ᠪᠢ ᠬᠤᠰᠢᠭᠤᠨ ᠪᠦᠬᠡ ᠶᠢᠨ ᠨᠡᠶᠢᠭᠡᠮᠯᠢᠭ ᠲᠤ ᠴᠤᠯᠭᠤᠢ | ᠠᠷᠠᠰᠤᠨ ᠵᠤᠳᠤᠭ ᠤᠨ ᠨᠢᠷᠤᠭᠤᠨ ᠲᠡᠭᠡᠷ᠎ᠡ ᠬᠡᠳᠤᠨ ᠲᠢᠭ ᠤᠨ ︽ᠠᠷᠤ ᠬᠤᠷᠴᠢᠨ︾ ᠭᠡᠰᠡᠨ ᠲᠠᠷᠤᠮᠠᠯ | ᠦᠰᠦᠭ ᠪᠤᠶᠤ ᠪᠣᠯᠢᠭᠠᠷᠢᠨ ᠠᠷᠠᠰᠤᠨ ᠲᠣᠪᠤᠷᠤᠤᠳᠦ ᠵᠤᠳᠤᠭ ᠲᠡᠭᠡᠷ᠎ᠡ ᠲᠡᠮᠤᠷ ᠢᠶᠠᠷ ᠲᠠᠪᠳᠠᠭᠰᠠᠨ ︽ᠠᠷᠤ | ᠬᠤᠷᠴᠢᠨ︾ ᠭᠡᠰᠡᠨ ᠬᠡᠳᠤᠨ ᠬᠡᠯᠪᠡᠷᠢ ᠶᠢᠨ ᠦᠰᠦᠭ ᠪᠢᠴᠢᠨ ᠦᠭᠴᠦ᠂ ᠬᠤᠰᠢᠭᠤᠨ ᠳᠠᠭᠠᠨ ᠪᠠᠷᠢᠮᠵᠢᠶᠠᠳᠤ ᠵᠤᠳᠤᠭ | ᠬᠢᠭᠰᠡᠨ ᠶᠤᠮ᠃ ᠦᠨᠤ ᠨᠠᠶᠢᠷ ᠢ ᠰᠤᠨᠢᠷᠬᠠᠨ ᠦᠵᠡᠬᠦ ᠳᠤ ᠨᠡᠯᠢᠶᠡᠳ ᠤᠯᠠᠨ ᠵᠠᠯᠠᠭᠤ ᠪᠠᠭᠠᠴᠤᠳ ᠪᠤᠶᠤ ᠢᠳᠡᠷ | ᠵᠠᠯᠠᠭᠤ ᠪᠦᠬᠡᠴᠤᠳ ᠤᠯᠳᠤᠢ ᠮᠢᠨᠤ ᠪᠢᠴᠢᠨ ᠦᠭᠭᠦᠭᠰᠡᠨ ︽ᠠᠷᠤ ᠬᠤᠷᠴᠢᠨ︾ ᠭᠡᠰᠡᠨ ᠦᠰᠦᠭ ᠲᠠᠢ ᠵᠤᠳᠤᠭ ᠢ | ᠡᠮᠤᠰᠤᠨ᠂ ᠨᠠᠶᠢᠷ ᠤᠨ ᠲᠠᠯᠠᠪᠠᠢ ᠳᠤ ᠤᠮᠤᠭ ᠲᠡᠭᠦᠯᠳᠡᠷ ᠢᠶᠠᠷ ᠮᠠᠭᠰᠢᠨ ᠤᠷᠤᠬᠤ ᠳᠤ ᠡᠪᠤᠭᠡᠨ ᠪᠢ ᠨᠤᠳᠤᠭ ᠤᠰᠤᠨ | ᠳᠠᠭᠠᠨ ᠪᠠᠭ᠎ᠠ ᠰᠠᠭ᠎ᠠ ᠴᠦ ᠭᠡᠰᠡᠨ ᠲᠤᠰᠠᠳᠠᠢ ᠶᠠᠪᠤᠳᠠᠯ ᠬᠢᠭᠰᠡᠨ ᠴᠦ ᠪᠢᠯᠢᠤ ᠭᠡᠵᠦ ᠬᠦᠭᠰᠡᠵᠦ ᠰᠠᠭᠤᠳᠠᠭ᠃ ᠤᠳᠤ | ᠮᠦᠩᠬᠡᠳᠦ᠋ᠭᠦᠷᠡᠩ ᠤᠨ ᠡᠮᠦᠰᠴᠤ ᠪᠠᠶᠢᠭ᠎ᠠ ᠪᠦᠬᠡ ᠶᠢᠨ ᠲᠤᠤᠬᠤᠤ ᠶᠢᠨ ᠲᠡᠭᠡᠷᠡᠬᠢ ︽ᠠᠷᠤ ᠬᠤᠷᠴᠢᠨ︾ ᠭᠡᠰᠡᠨ | ᠮᠤᠩᠭᠤᠯ ᠡᠪᠬᠡᠮᠡᠯ ᠦᠰᠦᠭ ᠪᠤᠯ ᠮᠦᠨᠴᠤ ᠮᠢᠨᠤ ᠲᠡᠷᠡ ᠦᠶ᠎ᠡ ᠳᠤ ᠪᠢᠴᠢᠨ ᠦᠭᠭᠦᠭᠰᠡᠨ ᠦᠰᠦᠭ ᠪᠢᠯᠠ᠃ | ᠮᠦᠩᠬᠡᠳᠦ᠋ᠭᠦᠷᠡᠩ ᠤᠨ ᠢᠶᠠᠨ ᠨᠠᠶᠢᠷ ᠪᠤᠯᠭᠠᠨ ᠳᠤ ᠠᠮᠵᠢᠯᠳᠠ ᠲᠠᠢ ᠰᠠᠶᠢᠨ ᠪᠠᠷᠢᠯᠳᠤᠬᠤ ᠶᠢ ᠨᠢ ᠬᠠᠷᠠᠭᠠᠳ ᠡᠪᠤᠭᠡᠨ | ᠪᠢ ᠴᠦ ᠪᠠᠭ᠋ᠠᠳᠤᠨ ᠪᠠᠶᠠᠷᠯᠠᠵᠦ ᠰᠠᠭᠤᠨ᠎ᠠ᠃ | 8 ᠰᠠᠷ᠎ᠠ ᠶᠢᠨ1 ᠤ ᠡᠳᠤᠷ᠂ ᠸᠢᠴᠠᠲ ᠲᠠᠪᠴᠠᠩ ᠤᠨ ᠮᠡᠳᠡᠭᠡᠯᠡᠯ ᠢᠶᠠᠷ ᠦᠵᠡᠪᠡᠯ᠄ ᠲᠡᠭᠡᠷ᠎ᠡ ᠲᠦᠷᠪᠡ ᠶᠢᠨ | ᠨᠤᠭᠤᠯᠤᠭᠠᠨ ᠳᠤ ᠠᠷᠤ ᠬᠤᠷᠴᠢᠨ ᠬᠤᠰᠢᠭᠤᠨ ᠤ ᠮᠦᠩᠬᠡᠳᠦ᠋ᠭᠦᠷᠡᠩ᠂ ᠰᠢᠨ᠎ᠡ ᠪᠠᠷᠭᠤ ᠪᠠᠷᠠᠭᠤᠨ ᠬᠤᠰᠢᠭᠤᠨ ᠤ | ᠰᠤᠳᠤᠪᠢᠯᠢᠭ᠌ ᠲᠠᠢ ᠲᠠᠭᠠᠷᠠᠯᠳᠤᠵᠦ᠂ ᠮᠦᠩᠬᠡᠳᠦ᠋ᠭᠦᠷᠡᠩ ᠪᠠᠷᠠᠭᠤᠨ ᠲᠠᠯ᠎ᠠ ᠪᠠᠷ ᠢᠶᠠᠨ ᠴᠤᠬᠢᠨ ᠡᠯᠭᠦᠵᠦ᠂ | ᠰᠤᠳᠤᠪᠢᠯᠢᠭ᠌ ᠢᠶᠠᠷ ᠲᠠᠪᠠᠵᠦ᠂ ᠲᠡᠳ᠋ ᠲᠡᠷᠢᠭᠦᠨ ᠤ ᠪᠠᠷᠢᠯᠳᠤᠭᠠᠨ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ | ᠰᠧᠩᠭᠡᠭᠠᠷᠪᠤᠤ ᠲᠠᠢ ᠬᠤᠶᠠᠭᠤᠯᠨ ᠰᠢᠯᠭᠠᠷᠠᠨ ᠦᠯᠡᠳᠡᠪᠡ᠃ ᠲᠡᠷᠢᠭᠦᠨ ᠲᠡᠳ᠋ ᠶᠢᠨ ᠪᠠᠷᠢᠯᠳᠤᠭᠠᠨ ᠳᠤ ᠠᠷᠤ | ᠬᠤᠷᠴᠢᠨ ᠬᠤᠰᠢᠭᠤᠨ ᠤ ᠵᠠᠯᠠᠭᠤ ᠰᠤᠳᠤᠨ ᠪᠦᠬᠡ ᠮᠦᠩᠬᠡᠳᠦ᠋ᠭᠦᠷᠡᠩ᠂ ᠰᠧᠩᠭᠡᠭᠠᠷᠪᠤᠤ ᠳᠤ ᠨᠠᠶᠢᠷ ᠲᠠᠯᠪᠢᠵᠦ᠂ | ᠰᠧᠩᠭᠡᠭᠠᠷᠪᠤᠤ ᠲᠡᠷᠢᠭᠦᠯᠡᠵᠦ᠂ ᠮᠦᠩᠬᠡᠳᠦ᠋ᠭᠦᠷᠡᠩ ᠲᠡᠳ᠋ᠯᠡᠪᠡ᠃ | ᠵᠠᠷᠢᠮ ᠦᠵᠡᠭᠴᠢᠳ ︽ᠮᠦᠩᠬᠡᠳᠦ᠋ᠭᠦᠷᠡᠩ ᠤᠨ ᠤᠳᠤ ᠶᠢᠨ ᠪᠠᠷᠢᠯᠳᠤᠭᠠᠨ ᠤ ᠪᠠᠶᠢᠳᠠᠯ ᠢᠶᠠᠷ ᠦᠵᠡᠪᠡᠯ᠂ | ᠰᠧᠩᠭᠡᠭᠠᠷᠪᠤᠤ ᠶᠢ ᠬᠠᠶᠠᠵᠦ ᠪᠤᠯᠬᠤ ᠪᠤᠯᠤᠮᠵᠢ ᠲᠤᠩ ᠶᠡᠭᠡ᠂ ᠭᠡᠳᠡᠯ᠎ᠡ ᠮᠦᠩᠬᠡᠳᠦ᠋ᠭᠦᠷᠡᠩ ᠪᠤᠰᠤᠳ ᠬᠤᠰᠢᠭᠤᠨ ᠤ | ᠨᠠᠶᠢᠷ ᠲᠤ ᠤᠴᠢᠪᠠᠯ᠂ ᠶᠡᠷᠤᠳᠡᠭᠡᠨ ᠨᠠᠶᠢᠷ ᠲᠠᠯᠪᠢᠳᠠᠭ᠂ ᠲᠡᠭᠡᠵᠦ ᠪᠤᠯᠬᠤ ᠦᠬᠡᠢ᠂ ᠵᠠᠪᠠᠯ ᠦᠪᠡᠷ ᠤᠨ ᠬᠦᠴᠦᠨ | ᠴᠢᠳᠠᠯ ᠢᠶᠠᠨ ᠦᠵᠡᠭᠦᠯᠬᠦ ᠬᠡᠷᠡᠭᠳᠠᠢ︾ ᠭᠡᠵᠦ ᠶᠠᠷᠢᠵᠦ ᠪᠠᠶᠢᠨ᠎ᠠ᠃ ᠬᠡᠬᠦ ᠳᠤ ᠮᠢᠨᠤ ᠦᠵᠡᠬᠦ ᠪᠠᠷ᠄ ᠤᠳᠤ ᠶᠢᠨ | ᠪᠠᠶᠢᠳᠠᠯ᠂ ᠤᠳᠤ ᠶᠢᠨ ᠵᠠᠷᠢᠮ ᠨᠦᠭᠦᠴᠡᠯ ᠲᠤᠤᠷ᠎ᠠ᠂ ᠬᠤᠷᠢᠳᠤᠭᠠᠷ ᠵᠠᠭᠤᠨ ᠤ ᠲᠠᠯᠠᠭᠠᠳ ᠤᠨ ᠤ ᠦᠶ᠎ᠡ ᠳᠤ ᠮᠠᠤ | ᠽᠧ ᠳ᠋ᠦᠩ ᠲᠡᠷᠢᠭᠦᠯᠡᠭᠴᠢ ᠶᠢᠨ ᠲᠤᠷᠠᠳᠤᠭᠰᠠᠨ ︽ᠨᠦᠬᠦᠷᠯᠡᠯ ᠨᠢᠭᠡᠳᠤᠭᠡᠷ᠂ ᠤᠷᠤᠯᠳᠤᠭᠠᠨ ᠬᠤᠶᠠᠳᠤᠭᠠᠷ︾ ᠭᠡᠰᠡᠨ | ᠵᠢᠭᠠᠪᠤᠷᠢ ᠪᠠᠷ ᠠᠯᠢ ᠤᠯᠠᠨ ᠤᠷᠤᠯᠳᠤᠭᠠᠨ ᠢᠶᠠᠨ ᠡᠷᠬᠢᠯᠡᠨ ᠶᠠᠪᠤᠭᠳᠠᠭᠤᠯᠪᠠᠯ ᠵᠦᠪ ᠪᠠᠶᠢᠬ᠎ᠠ ᠭᠡᠵᠦ ᠪᠤᠳᠤᠳᠠᠭ᠃ | ᠤᠳᠤ ᠰᠢ ᠶᠢᠨ ᠫᠢᠩ ᠲᠡᠷᠢᠭᠦᠯᠡᠭᠴᠢ ︽ᠡᠶ᠎ᠡ ᠵᠤᠬᠢᠴᠠᠯᠳᠤ ᠨᠡᠶᠢᠭᠡᠮ ᠢ ᠪᠦᠳᠤᠭᠡᠨ ᠪᠠᠶᠢᠭᠤᠯᠬᠤ ᠪᠠᠷ ᠪᠦᠭᠦᠳᠡᠭᠡᠷ | ᠬᠠᠮᠳᠤᠷᠠᠨ ᠲᠡᠮᠡᠴᠡᠬᠦ ᠬᠡᠷᠡᠭᠳᠠᠢ︾᠂ ︽ᠪᠦᠬᠦᠶᠢᠯᠡ ᠬᠦᠮᠤᠨ ᠲᠦᠷᠦᠯᠬᠢᠳᠡᠨ ᠤ ᠬᠠᠮᠳᠤ ᠶᠢᠨ ᠴᠤᠭᠴᠠ ᠶᠢᠨ | ᠤᠬᠠᠮᠰᠠᠷ ᠢ ᠪᠤᠢ ᠪᠤᠯᠭᠠᠬᠤ ᠬᠡᠷᠡᠭᠳᠠᠢ︾ ᠭᠡᠵᠦ ᠤᠷᠢᠶᠠᠯᠠᠵᠦ ᠪᠠᠶᠢᠨ᠎ᠠ᠃ ᠦᠩᠭᠡᠷᠡᠭᠰᠡᠨ ᠳᠤ ︽ᠨᠦᠬᠦᠷᠯᠡᠯ | ᠨᠢᠭᠡᠳᠤᠭᠡᠷ᠂ ᠤᠷᠤᠯᠳᠤᠭᠠᠨ ᠬᠤᠶᠠᠳᠤᠭᠠᠷ ︾ ᠭᠡᠰᠡᠨ ᠤᠷᠢᠶᠠᠯᠠᠯ ᠢᠶᠠᠷ ︽ᠪᠠᠭ᠎ᠠ ᠪᠦᠮᠪᠦᠭᠡ ᠪᠠᠷ ᠶᠡᠭᠡ ᠪᠦᠮᠪᠤᠷᠴᠡᠭ︾ | ᠶᠢ ᠡᠷᠭᠢᠭᠦᠯᠵᠦ᠂ ᠲᠤᠮᠳᠠᠳᠤ ᠠᠮᠧᠷᠢᠺᠠ ᠶᠢᠨ ᠬᠠᠷᠢᠴᠠᠭ᠎ᠠ ᠶᠢ ᠰᠠᠶᠢᠵᠢᠷᠠᠭᠤᠯᠤᠭᠰᠠᠨ᠂ ᠠᠯᠢ ᠤᠯᠠᠨ ᠬᠦᠭᠵᠢᠵᠦ | ᠪᠠᠶᠢᠭ᠎ᠠ ᠤᠯᠤᠰ ᠤᠷᠤᠨ ᠲᠠᠢ ᠬᠠᠮᠵᠢᠯᠴᠠᠭ᠎ᠠ ᠪᠠᠨ ᠰᠠᠶᠢᠵᠢᠷᠠᠭᠤᠯᠤᠭᠰᠠᠨ᠂ ᠡᠨᠡ ᠨᠢ ᠮᠦᠨ ᠣᠯᠢᠮᠫᠢᠺ ᠤᠨ ᠵᠤᠷᠢᠭ | ᠰᠠᠨᠠᠭ᠎ᠠ ᠲᠠᠢ ᠴᠦ ᠨᠡᠶᠢᠴᠡᠵᠦ ᠪᠠᠶᠢᠳᠠᠭ᠃ ᠡᠮᠤᠨ᠎ᠡ ᠨᠢᠭᠡ ᠬᠤᠭᠤᠴᠠᠭᠠᠨ ᠳᠤ ᠵᠠᠷᠢᠮ ᠲᠠᠮᠢᠷᠴᠢᠳ ᠨᠠᠶᠢᠷ ᠤᠨ ᠮᠠᠶᠢᠮᠠᠢ | ᠬᠡᠯᠡᠯᠴᠡᠵᠦ᠂ ᠬᠡᠷᠪᠡ ᠪᠠᠭᠤᠵᠦ ᠦᠭᠪᠡᠯ ᠲᠡᠷᠢᠭᠦᠨ ᠱᠠᠩ ᠠᠴᠠ ᠪᠠᠨ ᠬᠡᠳᠤᠨ ᠬᠤᠪᠢ ᠶᠢᠨ ᠬᠠᠷᠢᠴᠠᠯ ᠢᠶᠠᠷ ᠪᠠᠭᠤᠵᠦ | ᠦᠭᠭᠦᠭᠰᠡᠨ ᠡᠳᠡᠭᠡᠳ ᠳᠡᠭᠡᠨ ᠪᠡᠯᠡᠭ ᠪᠤᠯᠭᠠᠨ ᠦᠭᠴᠦ᠂ ᠬᠡᠢ ᠬᠤᠭᠤᠰᠤᠨ ᠨᠡᠷ᠎ᠡ ᠶᠢ ᠲᠡᠮᠡᠴᠡᠨ ᠤᠯᠳᠠᠭ ᠤᠴᠢᠷ | ᠤᠳ ᠭᠠᠷᠴᠦ ᠦᠩᠭᠡᠷᠡᠭᠰᠡᠨ᠃ ᠦᠨᠤ ᠬᠠᠷᠢᠨ ᠡᠨᠡᠬᠦ ᠦᠵᠡᠭᠳᠡᠯ ᠲᠤᠶᠢᠯ ᠢᠶᠠᠷ ᠪᠠᠭᠠᠰᠪᠠ᠃ ᠤᠳᠤ ᠪᠦᠬᠦ ᠦᠪᠤᠷ | ᠮᠤᠩᠭᠤᠯ ᠤᠷᠤᠨ ᠢᠶᠠᠷ ᠴᠦᠷᠬᠡᠯᠡᠭᠡ ᠪᠠᠷᠢᠯᠳᠤᠭᠠᠨ ᠢ ︽ᠱᠠᠳᠤᠯᠵᠢᠨ ᠤᠨᠤᠭ᠎ᠠ︾ ᠪᠤᠶᠤ ᠲᠡᠭᠡᠷ᠎ᠡ 16 ᠠᠴᠠ | ᠲᠡᠭᠡᠭᠰᠢᠭᠢ ᠪᠦᠬᠡᠴᠤᠳ ᠲᠤ ︽ᠢᠯᠡ ᠰᠢᠪᠠᠭ᠎ᠠ︾ ᠪᠠᠷ ᠤᠨᠤᠭ᠎ᠠ ᠲᠤᠯᠭᠠᠵᠦ ᠪᠠᠶᠢᠨ᠎ᠠ᠃ ᠡᠨᠡ ᠨᠢ ᠮᠠᠰᠢ ᠲᠦᠪ | ᠴᠢᠭᠡᠴᠢ᠂ ᠮᠠᠰᠢ ᠰᠠᠶᠢᠨ ᠶᠠᠪᠤᠳᠠᠯ ᠪᠤᠯᠤᠨ᠎ᠠ᠃ ᠭᠡᠬᠦ ᠳᠤ ᠠᠯᠢ ᠨᠢᠭᠡᠨ ᠭᠠᠵᠠᠷ ᠤᠷᠤᠨ ᠤ ᠨᠠᠶᠢᠷ ᠨᠠᠭᠠᠳᠤᠮ ᠴᠦ | ᠪᠤᠯᠤᠭ᠂ ᠲᠡᠷᠡᠬᠦ ᠭᠠᠵᠠᠷ ᠤᠷᠤᠨ ᠤ ᠦᠵᠡᠭᠴᠢᠳ᠂ ᠰᠤᠨᠢᠷᠬᠠᠭᠴᠢᠳ᠂ ᠨᠠᠭᠠᠳᠤᠮᠴᠢᠳ ᠪᠦᠷ ᠦᠪᠡᠷ ᠤᠨ ᠨᠤᠳᠤᠭ | ᠤᠰᠤᠨ ᠤ ᠪᠠᠨ ᠪᠦᠬᠡᠴᠤᠳ᠂ ᠤᠶᠠᠭᠠᠴᠢᠨ᠂ ᠬᠠᠷᠪᠤᠭᠠᠴᠢᠳ ᠢᠶᠠᠨ ᠦᠵᠤᠭᠦᠷ ᠲᠡᠷᠢᠭᠦᠨ ᠳᠤ ᠤᠷᠤᠵᠦ᠂ ᠨᠤᠳᠤᠭ | ᠤᠰᠤᠨ ᠳᠠᠭᠠᠨ ᠠᠯᠳᠠᠷ ᠨᠡᠷ᠎ᠡ ᠠᠪᠴᠢᠷᠠᠵᠦ ᠦᠭᠬᠦ ᠶᠢ ᠬᠦᠰᠡᠵᠦ ᠪᠠᠶᠢᠳᠠᠭ᠃ ᠠᠯᠢ ᠨᠢᠬᠡ ᠬᠤᠰᠢᠭᠤ ᠰᠤᠮᠤ ᠨᠢ | ᠭᠡᠳ ᠨᠢᠭᠡ ᠨᠠᠶᠢᠷ ᠨᠠᠭᠠᠳᠤᠮ ᠡᠷᠬᠢᠯᠡᠬᠦ ᠨᠢ ᠲᠡᠶᠢᠮᠤ ᠠᠮᠤᠷ ᠪᠤᠰᠤ᠂ ᠲᠡᠶᠢᠮᠤ ᠠᠴᠠ ᠠᠯᠢ ᠭᠠᠵᠠᠷ ᠤᠷᠤᠨ ᠨᠢ ᠭᠡᠳ᠂ | ᠨᠠᠶᠢᠷ ᠤᠨ ᠱᠠᠩ ᠢᠶᠠᠨ ᠪᠤᠰᠤᠳ ᠤᠷᠤᠨ ᠳᠤ ᠦᠭᠬᠦ ᠲᠤᠷ᠎ᠠ ᠦᠬᠡᠢ ᠪᠠᠶᠢᠳᠠᠭ ᠨᠢ ᠦᠨᠡᠨ᠃ ᠦᠩᠭᠡᠷᠡᠭᠰᠡᠨ ᠳᠤ | ᠬᠦᠮᠤᠨ ᠤ ᠭᠠᠵᠠᠷ᠂ ᠬᠦᠨᠳᠡᠯᠡᠨ ᠬᠤᠰᠢᠭᠤᠨ ᠳᠤ ᠤᠴᠢᠭᠠᠳ ᠲᠡᠷᠢᠭᠦᠨ ᠱᠠᠩ ᠢ ᠨᠢ ᠠᠪᠴᠢᠷᠠᠵᠦ ᠪᠠᠶᠢᠭᠰᠠᠨ | ᠰᠠᠶᠢᠨ ᠪᠦᠬᠡᠴᠤᠳ ᠪᠠᠶᠢᠯ᠎ᠠ ᠭᠡᠬᠦ ᠳᠤ ᠪᠠᠰᠠ ᠪᠦᠬᠡᠴᠤᠳ ᠬᠤᠭᠤᠷᠤᠨᠳᠤ ᠪᠠᠨ ᠨᠠᠶᠢᠷ ᠵᠢᠷᠤᠮ ᠪᠤᠶᠤ ᠪᠠᠭᠰᠢ ᠱᠠᠪᠢ | ᠶᠢᠨ ᠬᠠᠷᠢᠴᠠᠭ᠎ᠠ᠂ ᠤᠶᠢᠷ᠎ᠠ ᠲᠦᠷᠦᠯ ᠤᠨ ᠬᠠᠷᠢᠴᠠᠭ᠎ᠠ ᠵᠡᠷᠭᠡ ᠤᠯᠠᠨ ᠲᠠᠯ᠎ᠠ ᠶᠢᠨ ᠬᠠᠷᠢᠴᠠᠭ᠎ᠠ ᠬᠤᠯᠪᠤᠭ᠎ᠠ ᠶᠢ | ᠪᠤᠳᠤᠯᠬᠢᠯᠠᠵᠦ᠂ ᠵᠠᠷᠢᠮ ᠳᠠᠭᠠᠨ ᠡᠨᠡ ᠤᠳᠠᠭ᠎ᠠ ᠴᠢ ᠨᠠᠶᠢᠷ ᠲᠠᠯᠪᠢᠭᠰᠠᠨ ᠪᠤᠯ ᠲᠠᠷᠠᠭ᠎ᠠ ᠤᠳᠠᠭ᠎ᠠ ᠪᠢ ᠨᠠᠶᠢᠷ ᠲᠠᠯᠪᠢᠬᠤ | ᠤᠴᠢᠷ ᠶᠠᠪᠤᠳᠠᠯ ᠵᠦᠩᠳᠡᠭᠡᠨ ᠭᠠᠷᠳᠠᠭ᠃ ᠡᠶᠢᠮᠤᠷᠬᠦ ᠪᠤᠯᠪᠠᠰᠤᠨ ᠰᠠᠶᠢᠬᠠᠨ ᠵᠠᠩ ᠰᠤᠷᠳᠠᠯ ᠢ ᠶᠠᠭ ᠲᠠᠭᠠᠷᠠᠬᠤ ᠦᠬᠡᠢ | ᠭᠡᠵᠦ ᠬᠡᠯᠡᠬᠦ ᠶᠢᠨ ᠠᠷᠭ᠎ᠠ ᠦᠬᠡᠢ ᠪᠠᠶᠢᠬ᠎ᠠ᠃ ᠭᠡᠪᠡᠴᠦ ᠨᠠᠶᠢᠷ ᠤᠨ ᠲᠦᠷᠢᠮ ᠠᠴᠠ ᠵᠦᠷᠢᠴᠡᠬᠦ ᠦᠬᠡᠢ ᠪᠠᠶᠢᠳᠠᠯ | ᠲᠤᠤᠷ᠎ᠠ᠂ ᠵᠦᠪ ᠶᠤᠰᠤᠨ ᠤ ᠲᠦᠯᠦᠭᠡ ᠦᠪᠡᠷ ᠤᠨ ᠤᠷ᠎ᠠ ᠮᠡᠷᠭᠡᠵᠢᠯ᠂ ᠬᠦᠴᠦ ᠴᠢᠳᠠᠯ᠂ ᠠᠷᠭ᠎ᠠ ᠰᠠᠮᠪᠠᠭ᠎ᠠ ᠪᠠᠷ | ᠢᠶᠠᠨ ᠨᠡᠷ᠎ᠡ ᠲᠦᠷᠦ᠂ ᠢᠷᠠᠭᠤ ᠠᠯᠳᠠᠷ ᠢ ᠲᠡᠮᠡᠴᠡᠨ ᠣᠯᠬᠤ ᠨᠢ ᠵᠦᠢ ᠶᠤᠰᠤᠨ ᠤ ᠤᠴᠢᠷ ᠪᠢᠯᠡ᠃ | 8 ᠰᠠᠷ᠎ᠠ ᠶᠢᠨ 5 — 6 ᠤ ᠡᠳᠤᠷ ︽ᠤᠯᠠᠭᠠᠨᠬᠠᠳᠠ ᠬᠤᠳᠠ ᠶᠢᠨ ᠮᠠᠯᠴᠢᠨ ᠲᠠᠷᠢᠶᠠᠴᠢᠨ ᠤ ᠰᠤᠶᠤᠯ ᠤᠨ | ᠨᠠᠶᠢᠷ᠂ ᠯᠤᠤ ᠭᠠᠷᠤᠳᠢ ᠶᠢᠨ ᠨᠤᠳᠤᠭ ᠤᠩᠨᠢᠭᠤᠳ ᠤᠨ ᠵᠤᠭᠠᠴᠠᠯ ᠤᠨ ᠨᠠᠶᠢᠷ︾᠂ ᠮᠦᠨᠴᠦ ᠪᠦᠬᠦ ᠤᠷᠤᠨ ᠤ ᠡᠨᠡ | ᠵᠢᠯ ᠤᠨ ᠴᠦᠷᠬᠡᠯᠡᠭᠡ ᠪᠠᠷᠢᠯᠳᠤᠭᠠᠨ ᠤ ᠭᠤᠷᠪᠠᠳᠡᠬᠢ ᠲᠠᠯᠠᠪᠠᠢ ᠤᠷᠤᠯᠳᠤᠭᠠᠨ᠂ ᠤᠩᠨᠢᠭᠤᠳ ᠬᠤᠰᠢᠭᠤᠨ ᠤ ᠭᠡᠷᠰᠡᠩ | ᠰᠤᠮᠤᠨ ᠤ ᠠᠭᠤᠳᠠᠮ ᠰᠠᠷᠠᠭᠤᠯ ᠨᠤᠮᠢᠨ ᠨᠤᠭᠤᠭᠠᠨ ᠲᠡᠨᠵᠢᠨ ᠲᠡᠭᠡᠷ᠎ᠡ ᠦᠪᠡᠳᠡᠭᠰᠢ ᠶᠡᠬᠡᠪᠡᠷ ᠶᠠᠪᠤᠭᠳᠠᠪᠠ᠃ ᠲᠤᠰ | ᠤᠳᠠᠭᠠᠨ ᠤ ᠪᠦᠬᠦ ᠤᠷᠤᠨ ᠤ ᠴᠦᠷᠬᠡᠯᠡᠭᠡ ᠪᠠᠷᠢᠯᠳᠤᠭᠠᠨ ᠤ ᠲᠡᠭᠡᠷ᠎ᠡ ᠨᠠᠢᠮᠠ ᠳᠤ ᠠᠷᠤ ᠬᠤᠷᠴᠢᠨ ᠬᠤᠰᠢᠭᠤᠨ ᠤ | ᠮᠦᠩᠬᠡᠳᠦ᠋ᠭᠦᠷᠡᠩ ᠲᠡᠷᠢᠭᠦᠯᠡᠵᠦ᠂ ᠰᠢᠨ᠎ᠡ ᠪᠠᠷᠭᠤ ᠵᠡᠭᠦᠨ ᠬᠤᠰᠢᠭᠤᠨ ᠤ ᠲᠦᠷᠦᠰᠠᠴᠤᠷᠠᠯ ᠲᠡᠳ᠋ᠯᠡᠵᠦ᠂ ᠰᠢᠯᠤᠭᠤᠨ | ᠬᠦᠬᠡ ᠬᠤᠰᠢᠭᠤᠨ ᠤ ᠨᠠᠷᠬᠢᠶ᠎ᠠ ᠭᠤᠷᠪᠠᠳᠤᠭᠠᠷ ᠲᠤ ᠂ ᠠᠷᠤ ᠬᠤᠷᠴᠢᠨ ᠬᠤᠰᠢᠭᠤᠨ ᠤ ᠰᠢᠨᠢᠨᠢᠭᠡᠨ ᠲᠦᠷᠪᠡᠳᠤᠭᠡᠷ | ᠲᠤ᠂ ᠵᠡᠭᠦᠨ ᠰᠦᠨᠢᠳ ᠬᠤᠰᠢᠭᠤᠨ ᠤ ᠮᠠᠩᠯᠠᠢ ᠲᠠᠪᠤᠳᠤᠭᠠᠷ ᠲᠤ᠂ ᠠᠪᠠᠭ᠎ᠠ ᠶᠢᠨ ᠴᠠᠭᠠᠨᠵᠠᠭᠠᠨ ᠵᠢᠷᠭᠤᠳᠤᠭᠠᠷ ᠲᠤ᠂ | ᠵᠡᠭᠦᠨ ᠦᠵᠦᠮᠦᠴᠢᠨ ᠬᠤᠰᠢᠭᠤᠨ ᠤ ᠰᠡᠴᠡᠨᠪᠢᠯᠢᠭ ᠲᠤᠯᠤᠳᠤᠭᠠᠷ ᠲᠤ᠂ ᠪᠠᠷᠠᠭᠤᠨ ᠦᠵᠦᠮᠦᠴᠢᠨ ᠬᠤᠰᠢᠭᠤᠨ ᠤ | ᠴᠠᠭᠠᠨᠵᠠᠭᠠᠨ ᠨᠠᠢᠮᠠᠳᠦᠭᠠᠷ ᠲᠤ ᠲᠤᠰ ᠲᠤᠰ ᠲᠤᠳᠤᠷᠠᠪᠠ᠃ | 8 ᠰᠠᠷ᠎ᠠ ᠶᠢᠨ19 — 20 ᠪᠤᠯᠳᠠᠯ᠎ᠠ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠬᠠᠷ᠎ᠠ | ᠪᠠᠷᠰ ᠵᠢᠯ ᠤᠨ ᠬᠠᠪᠤᠳᠤ ᠬᠠᠰᠠᠷ ᠤᠨ ᠤᠪᠤᠭᠠᠨ ᠲᠠᠬᠢᠯᠭ᠎ᠠ᠂ ᠪᠠᠶ᠋ᠬᠠᠦ᠋ᠨᠳᠤᠷ ᠰᠤᠮᠤᠨ ᠤ ᠠᠷᠪᠠᠨ ᠲᠦᠷᠪᠡᠳᠤᠭᠡᠷ | ᠤᠳᠠᠭᠠᠨ ᠤ ᠮᠠᠯᠴᠢᠨ ᠨᠠᠭᠠᠳᠤᠮ ᠵᠢᠴᠢ ᠪᠦᠬᠦ ᠤᠷᠤᠨ ᠤ ᠡᠨᠡ ᠵᠢᠯ ᠤᠨ ᠲᠦᠷᠪᠡᠳᠤᠭᠡᠷ ᠲᠠᠯᠠᠪᠠᠢ ᠮᠤᠩᠭᠤᠯ ᠪᠦᠬᠡ | ᠶᠢᠨ ᠴᠦᠷᠬᠡᠯᠡᠭᠡ ᠪᠠᠷᠢᠯᠳᠤᠭᠠᠨ ᠢ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠤᠷ ᠰᠤᠮᠤᠨ ᠤ ᠲᠠᠷᠬᠠᠨ ᠭᠠᠴᠠᠭ᠎ᠠ | ᠶᠢᠨ ᠤᠪᠤᠭᠠᠨ ᠪᠤᠯᠠᠭ ᠤᠨ ᠲᠠᠯ᠎ᠠ᠂ ᠬᠠᠬᠢᠷ ᠤᠨ ᠭᠤᠤᠯ ᠤᠨ ᠲᠤᠷᠭᠠᠨ ᠨᠤᠭᠤᠭᠠᠨ ᠲᠡᠨᠵᠢᠨ ᠲᠡᠭᠡᠷ᠎ᠡ ᠨᠢᠵᠢᠭᠡᠷ | ᠰᠠᠶᠢᠬᠠᠨ ᠬᠢᠯ᠎ᠡ᠃ ᠲᠤᠰ ᠤᠳᠠᠭᠠᠨ ᠤ ᠨᠠᠶᠢᠷ ᠲᠤ ︽ᠮᠤᠩᠭᠤᠯ ᠦᠨᠳᠤᠰᠤᠳᠡᠨ ᠤ ᠴᠠᠭᠠᠨ ᠢᠳᠡᠭᠡ ᠶᠢᠨ | ᠦᠵᠡᠭᠦᠯᠦᠯᠭᠡ︾ ᠢ ᠡᠷᠬᠢᠯᠡᠨ ᠶᠠᠪᠤᠭᠳᠠᠭᠤᠯᠤᠭᠰᠠᠨ ᠪᠦᠭᠡᠳ ᠪᠠᠰᠠ ᠰᠤᠷ ᠬᠠᠷᠪᠤᠯᠳᠠ᠂ ᠨᠠᠢᠮᠠᠨ ᠲᠦᠷᠦᠯ ᠤᠨ | ᠮᠤᠷᠢᠨ ᠤᠷᠤᠯᠳᠤᠭᠠᠨ᠂ 512 ᠪᠦᠬᠡ ᠶᠢᠨ ᠪᠠᠷᠢᠯᠳᠤᠭᠠᠨ ᠵᠡᠷᠭᠡ ᠨᠠᠭᠠᠳᠤᠮ ᠤᠨ ᠠᠭᠤᠯᠭ᠎ᠠ ᠪᠠᠷ ᠶᠠᠪᠤᠭᠳᠠᠭᠤᠯᠵᠠᠢ᠃ | ᠬᠦᠴᠦᠳᠤ ᠪᠦᠬᠡ ᠶᠢᠨ ᠪᠠᠷᠢᠯᠳᠤᠭᠠᠨ ᠳᠤ ᠠᠷᠤ ᠬᠤᠷᠴᠢᠨ ᠬᠤᠰᠢᠭᠤᠨ ᠤ ᠮᠦᠩᠬᠡᠳᠦ᠋ᠭᠦᠷᠡᠩ ᠲᠡᠷᠢᠭᠦᠯᠡᠵᠦ | ᠲᠠᠪᠤᠨ ᠬᠤᠰᠢᠭᠤ ᠮᠠᠯ ᠢᠶᠠᠷ ᠱᠠᠩᠨᠠᠭᠳᠠᠵᠦ᠂ ᠰᠦᠨᠢᠳ ᠵᠡᠭᠦᠨ ᠬᠤᠰᠢᠭᠤᠨ ᠤ ᠰᠢᠯᠤᠭᠤᠨ ᠲᠡᠳ᠋ᠯᠡᠵᠦ᠂ ᠠᠷᠠᠳ ᠤᠨ | ᠵᠤᠭᠤᠰ 2 ᠲᠦᠮᠡᠨ ᠲᠦᠭᠦᠷᠢᠭ ᠢᠶᠠᠷ ᠱᠠᠩᠨᠠᠭᠳᠠᠵᠦ᠂ ᠰᠢᠯᠤᠭᠤᠨ ᠬᠦᠬᠡ ᠬᠤᠰᠢᠭᠤᠨ ᠤ ᠪᠠᠶᠠᠯᠢᠭ | ᠭᠤᠷᠪᠠᠳᠤᠭᠠᠷ ᠲᠤ᠂ ᠠᠷᠤ ᠬᠤᠷᠴᠢᠨ ᠬᠤᠰᠢᠭᠤᠨ ᠤ ᠨᠠᠴᠢᠨ ᠲᠦᠷᠪᠠᠳᠤᠭᠡᠷ ᠲᠤ ᠲᠤᠳᠤᠷᠠᠵᠤ ᠲᠤᠰ ᠪᠦᠷᠢ ᠠᠷᠠᠳ | ᠤᠨ ᠵᠤᠭᠤᠰ ᠲᠦᠮᠡᠨ ᠲᠦᠭᠦᠷᠢᠭ ᠢᠶᠠᠷ ᠱᠠᠩᠨᠠᠭᠳᠠᠪᠠ᠃ ᠰᠢᠨ᠎ᠡ ᠪᠠᠷᠭᠤ ᠪᠠᠷᠠᠭᠤᠨ ᠬᠤᠰᠢᠭᠤᠨ ᠤ ᠰᠧᠩᠭᠡᠭᠠᠷᠪᠤᠤ | ᠲᠠᠪᠤᠳᠤᠭᠠᠷ ᠲᠤ᠂ ᠬᠡᠰᠢᠭᠳᠡᠨ ᠬᠤᠰᠢᠭᠤᠨ ᠤ ᠬᠢᠯᠪᠠᠭ᠎ᠠ ᠵᠢᠷᠭᠤᠳᠤᠭᠠᠷ ᠲᠤ᠂ ᠠᠷᠤ ᠬᠤᠷᠴᠢᠨ ᠬᠤᠰᠢᠭᠤᠨ ᠤ | ᠡᠷᠬᠢᠮᠪᠡᠳᠤ ᠲᠤᠯᠤᠳᠤᠭᠠᠷ ᠲᠤ᠂ ᠵᠡᠭᠦᠨ ᠦᠵᠦᠮᠦᠴᠢᠨ ᠬᠤᠰᠢᠭᠤᠨ ᠤ ᠡᠷᠬᠢᠮᠰᠦ᠋ᠯᠳᠡ ᠨᠠᠢᠮᠠᠳᠤᠭᠠᠷ ᠲᠤ | ᠲᠤᠳᠤᠷᠠᠵᠦ᠂ ᠲᠤᠰ ᠪᠦᠷᠢ 5000 ᠲᠦᠭᠦᠷᠢᠭ ᠢᠶᠠᠷ ᠱᠠᠩᠨᠠᠭᠳᠠᠪᠠ᠃ | ᠮᠦᠩᠬᠡᠳᠦ᠋ᠭᠦᠷᠡᠩ ᠡᠨᠡ ᠵᠢᠯ ᠤᠨ ᠪᠦᠬᠦ ᠤᠷᠤᠨ ᠤ ᠨᠢᠭᠡᠳᠤᠭᠡᠷ ᠲᠠᠯᠠᠪᠠᠢ ᠴᠦᠷᠬᠡᠯᠡᠭᠡ ᠪᠠᠷᠢᠯᠳᠤᠭᠠᠨ ᠳᠤ | ᠤᠷᠤᠯᠴᠠᠭᠰᠠᠨ ᠦᠬᠡᠢ᠂ ᠰᠢᠨ᠎ᠡ ᠪᠠᠷᠭᠤ ᠪᠠᠷᠠᠭᠤᠨ ᠬᠤᠰᠢᠭᠤᠨ ᠳᠤ ᠡᠷᠬᠢᠯᠡᠭᠰᠡᠨ ᠬᠤᠶᠠᠳᠤᠭᠠᠷ ᠲᠠᠯᠠᠪᠠᠢ | ᠤᠷᠤᠯᠳᠤᠭᠠᠨ ᠳᠤ ᠲᠡᠳ᠋ᠯᠡᠵᠦ᠂ ᠤᠩᠨᠢᠭᠤᠳ ᠬᠤᠰᠢᠭᠤᠨ ᠳᠤ ᠪᠤᠯᠤᠭᠰᠠᠨ ᠭᠤᠷᠪᠠᠳᠤᠭᠠᠷ ᠲᠠᠯᠠᠪᠠᠢ | ᠤᠷᠤᠯᠳᠤᠭᠠᠨ ᠳᠤ ᠲᠡᠷᠢᠭᠦᠯᠡᠵᠦ᠂ ᠶᠡᠷᠦᠩᠬᠡᠢ ᠬᠤᠪᠢ ᠪᠠᠷ ᠪᠦᠬᠦ ᠤᠷᠤᠨ ᠳᠤ ᠭᠤᠷᠪᠠᠳᠤᠭᠠᠷ ᠲᠤ ᠵᠢᠭᠰᠠᠭᠠᠭᠳᠠᠵᠦ᠂ | ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠦᠷ ᠰᠤᠮᠤᠨ ᠳᠤ ᠪᠤᠯᠤᠭᠰᠠᠨ ᠲᠦᠷᠪᠡᠳᠤᠭᠡᠷ ᠲᠠᠯᠠᠪᠠᠢ ᠤᠷᠤᠯᠳᠤᠭᠠᠨ ᠳᠤ | ᠮᠦᠨᠴᠦ ᠲᠡᠷᠢᠭᠦᠯᠡᠵᠦ᠂ ᠲᠠᠪᠤᠨ ᠬᠤᠰᠢᠭᠤ ᠮᠠᠯ ᠢᠶᠠᠷ ᠱᠠᠩᠨᠠᠭᠳᠠᠨ᠂ ᠲᠤᠯᠤᠳᠡᠬᠢ ᠤᠳᠠᠭ᠎ᠠ 512 ᠪᠦᠬᠡ ᠶᠢᠨ | ᠮᠠᠩᠯᠠᠢ ᠪᠣᠯᠵᠤ᠂ ᠲᠤᠰ ᠤᠳᠠᠭ᠎ᠠ ᠪᠠᠷ ᠮᠦᠩᠬᠡᠳᠦ᠋ᠭᠦᠷᠡᠩ ᠤᠨ ᠶᠡᠷᠤᠩᠬᠡᠢ ᠬᠤᠪᠢ ᠲᠡᠭᠡᠭᠰᠢᠯᠡᠵᠦ᠂ 26 ᠶᠡᠷᠦᠩᠭᠡᠢ | ᠬᠤᠪᠢ ᠪᠠᠷ ᠴᠦᠷᠬᠡᠯᠡᠭᠡ ᠤᠷᠤᠯᠳᠤᠭᠠᠨ ᠤ ᠲᠡᠷᠢᠭᠦᠨ ᠳᠤ ᠵᠢᠭᠰᠠᠭᠠᠭᠳᠠᠵᠠᠢ᠃ | ᠠᠷᠤ ᠬᠤᠷᠴᠢᠨ ᠬᠤᠰᠢᠭᠤᠨ ᠤ ᠮᠦᠩᠬᠡᠳᠦ᠋ᠭᠦᠷᠡᠩ ᠪᠤᠯ ᠬᠤᠰᠢᠭᠤ ᠨᠤᠳᠤᠭ ᠴᠢᠨᠠᠭᠰᠢᠯᠠᠨ ᠤᠷᠤᠨ ᠬᠤᠳᠠ | ᠶᠢᠨ ᠢᠶᠠᠨ ᠨᠡᠷ᠎ᠡ ᠠᠯᠳᠠᠷ ᠢ ᠲᠠᠶᠠᠭᠠᠷ ᠤᠯᠠᠨ ᠳᠤ ᠮᠠᠨᠳᠤᠭᠤᠯᠤᠨ ᠶᠠᠪᠤᠭ᠎ᠠ ᠮᠠᠭᠳᠠᠭᠠᠯ ᠲᠠᠢ ᠰᠠᠶᠢᠬᠠᠨ ᠰᠤᠳᠤᠨ ᠪᠦᠬᠡ | ᠶᠤᠮ᠃ ᠪᠦᠬᠡᠴᠢᠨ ᠵᠠᠯᠠᠭᠤ ᠶᠢᠨ ᠢᠶᠠᠨ ᠨᠡᠷ᠎ᠡ ᠳᠡᠭᠡᠨ ᠠᠳᠠᠯᠢ ᠮᠦᠩᠭᠡᠳᠡ ᠳᠦᠭᠦᠷᠡᠩ ᠠᠮᠵᠢᠯᠳᠠ ᠲᠠᠢ᠂ | ᠬᠡᠶᠢᠮᠦᠷᠢᠯᠢᠭ ᠵᠢᠪᠬᠤᠭ᠎ᠠ ᠲᠠᠢ ᠶᠠᠪᠤᠬᠤ ᠶᠢ ᠢᠷᠦᠭᠡᠨ ᠵᠦᠩᠨᠡᠶ᠎ᠡ︕ | | 2022 ᠤᠨ ᠤ 8 ᠰᠠᠷ᠎ᠠ ᠶᠢᠨ 20 ᠤ ᠡᠳᠤᠷ ᠬᠦᠬᠡᠬᠤᠳᠠᠨ᠎ᠠ |