ᠬᠥᠬᠡᠬᠤᠲᠠ 2022 ᠣᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠲᠠ ᠶᠢᠨ ᠬᠥᠯ ᠪᠥᠮᠪᠦᠭᠡ ᠶᠢᠨ ᠬᠤᠯᠪᠣᠭᠠᠲᠤ ᠤᠷᠤᠯᠳᠤᠭᠠᠨ ᠵᠢᠴᠢ ︽ᠪᠡᠶ᠎ᠡ ᠶᠢᠨ ᠲᠠᠮᠢᠷ ᠤᠨ ᠶᠡᠷᠦᠩᠬᠡᠢ ᠨᠡᠶᠢᠭᠡᠮᠯᠢᠭ ᠬᠤᠨᠳᠠᠭᠠᠲᠤ︾ ᠳᠤᠮᠳᠠᠳᠤ ᠤᠯᠤᠰ ᠤᠨ ᠬᠤᠲᠠ ᠶᠢᠨ ᠬᠥᠯ ᠪᠥᠮᠪᠦᠭᠡ ᠶᠢᠨ ᠬᠤᠯᠪᠣᠭᠠᠲᠤ ᠤᠷᠤᠯᠳᠤᠭᠠᠨ ᠤ ᠪᠡᠯᠡᠳᠬᠡᠯ ᠤᠷᠤᠯᠳᠤᠭᠠᠨ ᠤ ᠰᠢᠷᠢᠰ ᠤᠷᠤᠯᠳᠤᠭᠠᠨ ᠤ ᠡᠮᠡᠭᠲᠡᠢ ᠶᠢᠨ ᠳᠤᠭᠤᠶᠢᠯᠠᠩ ᠤᠨ ᠮᠠᠩᠯᠠᠢ ᠳᠤ ᠰᠢᠯᠭᠠᠷᠠᠪᠠ
ᠨᠡᠶᠢᠲᠡᠯᠡᠭᠰᠡᠨ ᠴᠠᠭ᠄
2022/9/29
    9 ᠰᠠᠷ᠎ᠠ ᠶᠢᠨ 28 ᠤ ᠡᠳᠦᠷ᠂ 2022 ᠣᠨ ᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠲᠠ ᠶᠢᠨ ᠬᠥᠯ ᠪᠥᠮᠪᠦᠭᠡ ᠶᠢᠨ ᠬᠤᠯᠪᠣᠭᠠᠲᠤ ᠤᠷᠤᠯᠳᠤᠭᠠᠨ ᠵᠢᠴᠢ ︽ᠪᠡᠶ᠎ᠡ ᠶᠢᠨ ᠲᠠᠮᠢᠷ ᠤᠨ ᠶᠡᠷᠦᠩᠬᠡᠢ ᠨᠡᠶᠢᠭᠡᠮᠯᠢᠭ ᠬᠤᠨᠳᠠᠭᠠᠲᠤ︾ ᠳᠤᠮᠳᠠᠳᠤ ᠤᠯᠤᠰ ᠤᠨ ᠬᠤᠲᠠ ᠶᠢᠨ ᠬᠥᠯ ᠪᠥᠮᠪᠦᠭᠡ ᠶᠢᠨ ᠬᠤᠯᠪᠣᠭᠠᠲᠤ ᠤᠷᠤᠯᠳᠤᠭᠠᠨ ᠤ ᠪᠡᠯᠡᠳᠬᠡᠯ ᠤᠷᠤᠯᠳᠤᠭᠠᠨ ᠤ ᠰᠢᠷᠢᠰ ᠤᠷᠤᠯᠳᠤᠭᠠᠨ ᠤ ᠡᠮᠡᠭᠲᠡᠢ ᠶᠢᠨ ᠳᠤᠭᠤᠶᠢᠯᠠᠩ ᠤᠨ ᠰᠢᠢᠳᠪᠦᠷᠢᠲᠦ ᠤᠷᠤᠯᠳᠤᠭᠠᠨ ᠶᠠᠪᠤᠭᠳᠠᠵᠤ᠂ ᠬᠤᠷᠴᠠ ᠰᠢᠷᠦᠭᠦᠨ ᠦᠷᠢᠰᠦᠯᠳᠦᠭᠡᠨ ᠢᠶᠠᠷ ᠳᠠᠮᠵᠢᠭᠠᠳ᠂ ᠬᠥᠬᠡᠬᠤᠲᠠ   ᠶᠢᠨ ᠪᠠᠭ ᠤᠯᠠᠭᠠᠨᠬᠠᠳᠠ ᠶᠢᠨ ᠪᠠᠭ ᠢ ᠢᠯᠠᠵᠤ ᠮᠠᠩᠯᠠᠶᠢᠯᠠᠪᠠ᠃
     ᠡᠷᠡᠭᠳᠡᠢ ᠶᠢᠨ ᠳᠤᠭᠤᠶᠢᠯᠠᠩ ᠤᠨ ᠲᠠᠯ᠎ᠠ ᠪᠠᠷ᠂ ᠤᠯᠠᠭᠠᠨᠴᠠᠪ ᠤᠨ ᠪᠠᠭ ᠬᠥᠬᠡᠬᠤᠲᠠ ᠶᠢᠨ ᠪᠠᠭ ᠢ ᠢᠯᠠᠵᠤ ᠵᠠᠯᠭᠠᠭ᠎ᠠ ᠪᠠᠷ  ᠭᠤᠷᠪᠠᠨ ᠡᠭᠡᠯᠵᠢ ᠶᠢᠨ ᠤᠷᠤᠯᠳᠤᠭᠠᠨ ᠳᠤ ᠢᠯᠠᠯᠲᠠ ᠤᠯᠪᠠ᠂ ᠣᠷᠳᠣᠰ ᠤᠨ ᠪᠠᠭ 5᠄ 1 ᠪᠠᠷ ᠤᠯᠠᠭᠠᠨᠬᠠᠳᠠ  ᠶᠢᠨ ᠪᠠᠭ ᠢ ᠢᠯᠠᠵᠤ᠂ ᠰᠢᠯᠢ ᠶᠢᠨ ᠭᠤᠣᠯ ᠤᠨ ᠪᠠᠭ 4᠄ 6   ᠪᠠᠷ ᠲᠦᠩᠯᠢᠶᠣᠣ ᠶᠢᠨ ᠪᠠᠭ ᠲᠤ ᠢᠯᠠᠭᠳᠠᠭᠰᠠᠨ ᠪᠠᠶᠢᠨ᠎ᠠ᠃
     ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠭᠡᠰᠢᠭᠦᠨ᠂ ᠳᠡᠳ᠋ ᠲᠣᠪᠴᠢᠶᠠᠨ ᠳᠠᠷᠤᠭ᠎ᠠ ᠯᠢ ᡁᠢ ᠶᠢᠤ ᠱᠠᠩᠨᠠᠯ ᠣᠯᠭᠤᠬᠤ ᠶᠣᠰᠣᠯᠠᠯ ᠳᠤ ᠣᠷᠣᠯᠴᠠᠭᠰᠠᠨ ᠪᠥᠭᠡᠳ ᠬᠥᠬᠡᠬᠤᠲᠠ ᠶᠢᠨ ᠪᠠᠭ ᠲᠤ ᠱᠠᠩᠨᠠᠯ ᠤᠨ ᠬᠤᠨᠳᠠᠭ᠎ᠠ ᠭᠠᠷᠳᠠᠭᠤᠯᠵᠤ᠂ ᠪᠠᠶᠢᠭᠤᠯᠭ᠎ᠠ ᠶᠢᠨ ᠬᠠᠮᠢᠶ᠎ᠠ ᠪᠦᠬᠦᠢ ᠭᠠᠵᠠᠷ ᠲᠠᠰᠤᠭ ᠤᠨ ᠬᠠᠷᠢᠭᠤᠴᠠᠯᠭᠠᠲᠠᠨ ᠣᠷᠣᠯᠴᠠᠵᠠᠢ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号