2022 ᠣᠨ ᠤ 12 ᠰᠠᠷ᠎ᠠ ᠶᠢᠨ 27 ᠤ ᠡᠳᠦᠷ ᠠᠴᠠ 2023 ᠣᠨ ᠤ 1 ᠰᠠᠷ᠎ᠠ ᠶᠢᠨ 2 ᠤᠨ ᠡᠳᠦᠷ | ᠪᠣᠯᠲᠠᠯ᠎ᠠ ᠪᠥᠬᠦ ᠤᠯᠤᠰ ᠤᠨ ᠵᠠᠯᠠᠭᠤᠴᠤᠳ ᠪᠠᠭᠠᠴᠤᠳ ᠤᠨ ᠥᠨᠳᠥᠷ ᠠᠭᠤᠯᠠ ᠶᠢᠨ ᠴᠠᠰᠤᠨ ᠳᠤ ᠭᠤᠯᠭᠤᠬᠤ | ᠮᠠᠩᠯᠠᠢ ᠰᠢᠯᠭᠠᠷᠠᠭᠤᠯᠬᠤ ᠤᠷᠤᠯᠳᠤᠭᠠᠨ᠂ ᠪᠥᠬᠦ ᠤᠯᠤᠰ ᠤᠨ ᠴᠢᠯᠦᠭᠡᠲᠦ ᠮᠠᠶ᠋ᠢᠭ ᠤᠨ ᠪᠠ ᠳ᠋ᠠᠩ ᠴᠠᠨ᠎ᠠ ᠢᠶᠠᠷ ᠰᠠᠭᠠᠳ | ᠲᠠᠪᠠᠭ᠋ᠤ ᠮᠠᠩᠯᠠᠢ ᠰᠢᠯᠭᠠᠷᠠᠭᠤᠯᠬᠤ ᠤᠷᠤᠯᠳᠤᠭᠠᠨ ᠲᠣᠰ ᠲᠣᠰ ᠲᠦᠩᠬᠤᠸᠠ ᠬᠤᠲᠠ ᠪᠠ ᠴᠢᠭᠤᠯᠤᠯᠲᠤ ᠬᠠᠭᠠᠯᠭ᠎ᠠ | ᠬᠤᠲᠠ ᠳᠤ ᠶᠠᠪᠤᠭᠳᠠᠵᠤ᠂ ᠮᠠᠨ ᠤ ᠣᠷᠣᠨ 8 ᠲᠠᠮᠢᠷᠴᠢᠨ ᠲᠣᠮᠢᠯᠠᠨ ᠲᠣᠰ ᠤᠳᠠᠭᠠᠨ ᠤ ᠤᠷᠤᠯᠳᠤᠭᠠᠨ ᠳᠤ | ᠣᠷᠣᠯᠴᠠᠭᠤᠯᠪᠠ᠃ | | ᠰᠢᠷᠦᠭᠦᠨ ᠦᠷᠢᠰᠦᠯᠳᠦᠭᠡᠨ ᠢᠶᠠᠷ ᠲᠠᠮᠵᠢᠨ᠂ ᠲᠠᠮᠢᠷᠴᠢᠨ ᠸᠠᠩ ᠴᠤᠤ ᠥᠨᠳᠥᠷ ᠠᠭᠤᠯᠠ ᠶᠢᠨ ᠴᠠᠰᠤᠨ ᠳᠤ | ᠭᠤᠯᠭᠤᠬᠤ ᠤᠷᠤᠯᠳᠤᠭᠠᠨ ᠤ ᠵᠠᠯᠠᠭᠤᠴᠤᠳ ᠤᠨ ᠳᠤᠭᠤᠶᠢᠯᠠᠩ ᠤᠨ ᠡᠷᠡᠭᠲᠡᠢ ᠶᠢᠨ ᠡᠷᠭᠢᠯᠲᠡ ᠶᠢᠨ ᠤᠷᠤᠯᠳᠤᠭᠠᠨ ᠤ | ᠮᠠᠩᠯᠠᠢ ᠳᠤ ᠰᠢᠯᠭᠠᠷᠠᠵᠤ᠂ ᠲᠠᠮᠢᠷᠴᠢᠨ ᠵᠠᠩ ᠯᠢ ᠬᠤᠢ ᠳᠥᠷᠪᠡᠳᠦᠭᠡᠷ ᠲᠤ ᠣᠷᠣᠵᠠᠢ︔ ᠵᠠᠯᠠᠭᠤᠴᠤᠳ ᠤᠨ | ᠳᠤᠭᠤᠶᠢᠯᠠᠩ ᠤᠨ ᠡᠷᠡᠭᠲᠡᠢ ᠶᠢᠨ ᠶᠡᠭᠡ ᠡᠷᠭᠢᠯᠲᠡ ᠶᠢᠨ ᠤᠷᠤᠯᠳᠤᠭᠠᠨ ᠳᠤ ᠲᠠᠮᠢᠷᠴᠢᠨ ᠸᠠᠩ ᠴᠤᠤ ᠳᠡᠳ᠋ᠯᠡᠵᠦ᠂ | ᠲᠠᠮᠢᠷᠴᠢᠨ ᠵᠠᠩ ᠶᠤᠸᠠᠢ᠂ ᠵᠠᠩ ᠯᠢ ᠬᠤᠢ ᠳᠥᠷᠪᠡᠳᠦᠭᠡᠷ ᠲᠠᠪᠤᠳᠤᠭᠠᠷ ᠲᠤ ᠣᠷᠣᠵᠠᠢ᠃ ᠳ᠋ᠠᠩ ᠴᠠᠨ᠎ᠠ ᠢᠶᠠᠷ ᠰᠠᠭᠠᠳ | ᠳᠠᠪᠠᠭ᠋ᠤ ᠤᠷᠤᠯᠳᠤᠭᠠᠨ ᠳᠤ ᠲᠠᠮᠢᠷᠴᠢᠨ ᠶᠤᠸᠠᠢ ᠲᠤᠤ ᠶᠤᠸᠠᠨ᠂ ᠯᠢ ᠺᠧ ᠰᠢᠨ ᠬᠦᠢᠰᠦ ᠢᠯᠭᠠᠬᠤ ᠦᠭᠡᠢ ᠪᠠᠭ ᠤᠨ | ᠤᠷᠤᠯᠳᠤᠭᠠᠨ ᠳᠤ ᠲᠡᠳ᠋ᠯᠡᠪᠡ᠃ | | ᠲᠤᠰ ᠬᠤᠶᠠᠷ ᠵᠦᠢᠯ ᠤᠨ ᠤᠷᠤᠯᠳᠤᠭᠠᠨ ᠤ ᠪᠠᠭ ᠪᠠᠶᠢᠭᠤᠯᠤᠭᠳᠠᠭᠰᠠᠨ ᠴᠠᠭ ᠨᠢ ᠨᠡᠯᠢᠶᠡᠳ ᠣᠷᠣᠢ ᠪᠠᠶᠢᠵᠤ᠂ | ᠲᠠᠮᠢᠷᠴᠢᠳ ᠤᠨ ᠪᠡᠯᠡᠳᠬᠡᠯ ᠰᠠᠭᠤᠷᠢ ᠠᠨᠠᠢ᠂ ᠬᠡᠳᠦᠨ ᠵᠢᠯ ᠤᠨ ᠲᠦᠷᠭᠡᠨ ᠬᠥᠭᠵᠢᠯᠲᠡ ᠪᠠᠷ ᠳᠡᠮᠵᠢᠨ᠂ ᠡᠨᠡ | ᠤᠳᠠᠭ᠎ᠠ ᠰᠢᠪᠳᠤᠯᠤᠯᠳᠠ ᠶᠢᠨ ᠴᠢᠨᠠᠷᠳᠠᠢ ᠠᠮᠵᠢᠯᠳᠠ ᠲᠠᠢ ᠪᠣᠯᠤᠭᠰᠠᠨ ᠪᠠᠶᠢᠨ᠎ᠠ᠃ ᠳᠠᠷᠠᠭᠠᠴᠢ ᠶᠢᠨ ᠠᠯᠬᠤᠮ ᠳᠤ | ᠲᠤᠷᠰᠢᠯᠭ᠎ᠠ ᠪᠠᠨ ᠨᠠᠷᠢᠨ ᠬᠢᠨᠠᠮᠠᠭᠠᠢ ᠳ᠋ᠦᠩᠨᠡᠵᠦ᠂ ᠪᠣᠯᠪᠠᠰᠤᠷᠠᠯ ᠳᠤ ᠢᠳᠡᠪᠬᠢᠲᠡᠢ ᠣᠷᠣᠯᠴᠠᠵᠤ᠂ ᠬᠢᠷᠢ ᠲᠦᠪᠰᠢᠨ ᠢᠶᠠᠨ | ᠲᠠᠰᠤᠷᠠᠯᠲᠠ ᠦᠭᠡᠢ ᠳᠡᠭᠡᠭᠰᠢᠯᠡᠭᠦᠯᠵᠦ᠂ ᠨᠡᠩ ᠰᠢᠯᠢᠳᠡᠭ ᠬᠢᠷᠢ ᠪᠦᠲᠦᠮᠵᠢ ᠣᠯᠬᠤ ᠪᠠᠷ ᠴᠢᠷᠮᠠᠶᠢᠵᠤ᠂ ᠤᠯᠤᠰ ᠲᠤ ᠨᠡᠩ | ᠤᠯᠠᠨ ᠰᠢᠯᠢᠳᠡᠭ ᠪᠡᠯᠡᠳᠬᠡᠯ ᠴᠢᠳᠠᠪᠤᠷᠢᠲᠠᠨ ᠢ ᠦᠷᠭᠦᠯᠵᠢᠯᠡᠨ ᠬᠦᠷᠭᠡᠬᠦ ᠪᠣᠯᠣᠨ᠎ᠠ᠃ |