11 ᠰᠠᠷ᠎ᠠ ᠶᠢᠨ 9 ᠤ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ | ᠤᠯᠠᠷᠢᠯ ᠤᠨ ᠲᠠᠮᠢᠷ ᠤᠨ ᠴᠤᠭᠯᠠᠭᠠᠨ ᠤ ᠬᠠᠷᠠᠴᠢᠨ ᠤ ᠤᠷᠤᠯᠳᠤᠭᠠᠨ ᠤ ᠲᠣᠭᠤᠷᠢᠭ ᠤᠨ ᠡᠬᠢᠯᠡᠲᠡᠯ᠎ᠡ 100 ᠡᠳᠦᠷ | ᠪᠠᠶᠢᠬᠤ ᠭᠤᠤᠯ ᠰᠡᠳᠦᠪᠲᠦ ᠠᠵᠢᠯᠯᠠᠭᠠᠨ ᠤᠯᠠᠭᠠᠨᠬᠠᠳᠠ ᠶᠢᠨ ᠬᠠᠷᠠᠴᠢᠨ ᠤ ᠮᠠᠶᠢᠷᠠᠨ ᠭᠤᠤ ᠶᠢᠨ ᠴᠠᠨᠠᠯᠠᠯᠲᠠ ᠶᠢᠨ | ᠲᠠᠯᠠᠪᠠᠶ ᠳᠤ ᠵᠢᠩᠬᠢᠨᠢ ᠪᠠᠷ ᠡᠬᠢᠯᠡᠪᠡ᠃ | ᠡᠬᠢᠯᠡᠯᠲᠡ ᠶᠢᠨ ᠶᠣᠰᠣᠯᠠᠯ ᠳᠡᠭᠡᠷ᠎ᠡ ᠤᠷᠠᠨ ᠰᠠᠶᠢᠬᠠᠨ ᠤ ᠲᠣᠭᠯᠠᠯᠲᠠ ᠵᠢᠴᠢ ᠳᠡᠪᠦᠷ᠎ᠡ ᠣᠷᠤᠭᠤᠯᠬᠤ | ᠤᠷᠤᠯᠳᠤᠭᠠᠨ᠂ ᠳᠡᠭᠡᠰᠦ ᠲᠠᠲᠠᠬᠤ ᠤᠷᠤᠯᠳᠤᠭᠠᠨ᠂ ᠬᠠᠭᠤᠷᠠᠶ ᠭᠠᠵᠠᠷ ᠤᠨ ᠯᠤᠤᠲᠤ ᠣᠩᠭᠤᠴᠠ ᠵᠡᠷᠭᠡ | ᠤᠷᠤᠯᠳᠤᠭᠠᠨ ᠢᠶᠠᠷ ᠪᠦᠷᠢᠯᠳᠦᠭᠰᠡᠨ ᠪᠦᠬᠦ ᠠᠷᠠᠳ ᠤᠨ ᠲᠠᠮᠢᠷ ᠤᠨ ᠴᠤᠭᠯᠠᠭᠠᠨ ᠶᠠᠪᠤᠭᠤᠯᠪᠠ᠃ ᠣᠶᠢᠯᠠᠭᠠᠭᠰᠠᠨ ᠢᠶᠠᠷ᠂ | ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ | 2024 ᠣᠨ ᠤ 2 ᠰᠠᠷ᠎ᠠ ᠶᠢᠨ 17 ᠤ ᠡᠳᠦᠷ ᠬᠥᠯᠥᠨ ᠪᠤᠶᠢᠷ ᠬᠤᠲᠠ ᠳᠤ ᠡᠬᠢᠯᠡᠵᠦ᠂ ᠲᠣᠰ ᠬᠤᠭᠤᠴᠠᠭᠠᠨ ᠤ | ᠪᠥᠬᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠨᠢ ᠣᠯᠠᠨ ᠤᠯᠤᠰ ᠲᠠᠢ ᠵᠣᠯᠭᠠᠯᠳᠤᠵᠤ᠂ | ᠡᠪᠦᠯ ᠤᠨ ᠤᠯᠠᠷᠢᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠲᠠᠢ ᠪᠥᠬᠦ ᠲᠠᠯ᠎ᠠ ᠪᠠᠷ ᠪᠠᠷᠢᠮᠵᠢᠶᠠᠯᠠᠵᠤ᠂ 2026 | ᠣᠨ ᠤ ᠮᠢᠯᠠᠨ ᠤ ᠡᠪᠦᠯ ᠤᠨ ᠤᠯᠠᠷᠢᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠳᠠᠬᠢ ᠲᠥᠷᠥᠯ ᠵᠦᠢᠯ ᠨᠢ ᠠᠷᠪᠠᠨ | ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠳᠤ ᠪᠥᠭᠦᠳᠡ | ᠣᠷᠤᠰᠢᠨᠡ᠃ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ | ᠴᠤᠭᠯᠠᠭᠠᠨ ᠳᠤ ᠣᠷᠣᠯᠴᠠᠬᠤ ᠲᠠᠮᠢᠷᠴᠢᠳ ᠵᠢᠱᠢᠯᠲᠡ ᠪᠠᠷ 3700 ᠭᠠᠷᠤᠶ ᠬᠥᠮᠦᠨ ᠳᠤ ᠬᠦᠷᠴᠦ᠂ ᠪᠥᠬᠦ | ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠳᠣᠲᠣᠷᠠᠬᠢ ᠬᠡᠪᠴᠢᠶ᠎ᠡ ᠪᠠᠷ ᠬᠠᠮᠤᠭ ᠤᠨ ᠶᠡᠭᠡ᠂ | ᠲᠥᠷᠥᠯ ᠵᠦᠢᠯ ᠢᠶᠠᠷ ᠬᠠᠮᠤᠭ ᠤᠨ ᠪᠦᠷᠢᠨ ᠨᠢᠭᠡ ᠬᠤᠭᠤᠴᠠᠭᠠᠨ ᠤ ᠲᠠᠮᠢᠷ ᠤᠨ ᠦᠪᠡᠳᠡᠭᠰᠢ ᠴᠤᠭᠯᠠᠭᠠᠨ ᠪᠣᠯᠬᠤ | ᠪᠣᠯᠤᠨ᠎ᠠ᠃ ᠳᠠᠩ ᠴᠠᠨ᠎ᠠ ᠶᠢᠨ ᠴᠠᠨᠠᠯᠠᠯᠲᠠ ᠶᠢᠨ ᠵᠡᠷᠭᠡᠴᠡᠭᠡ ᠶᠡᠭᠡ ᠡᠷᠭᠢᠯᠲᠡ ᠶᠢᠨ ᠤᠷᠤᠯᠳᠤᠭᠠᠨ ᠤ ᠲᠥᠷᠥᠯ | ᠵᠦᠢᠯ ᠨᠢ 2024 ᠣᠨ ᠤ 2 ᠰᠠᠷ᠎ᠠ ᠳᠤ ᠤᠯᠠᠭᠠᠨᠬᠠᠳᠠ ᠶᠢᠨ ᠬᠠᠷᠠᠴᠢᠨ ᠤ ᠮᠠᠶᠢᠷᠠᠨ ᠭᠤᠤ ᠶᠢᠨ ᠴᠠᠨᠠᠯᠠᠯᠲᠠ ᠶᠢᠨ | ᠲᠠᠯᠠᠪᠠᠢ ᠳᠤ ᠡᠬᠢᠯᠡᠵᠦ᠂ ᠲᠠᠮᠢᠷᠴᠢᠳ ᠳᠥᠷᠪᠡᠨ ᠠᠯᠲᠠᠨ ᠮᠧᠳᠠᠯ ᠢ ᠥᠷᠢᠰᠦᠯᠳᠦᠬᠦ ᠪᠣᠯᠤᠨ᠎ᠠ᠃ | ᠣᠳᠣᠬᠠᠨ ᠳᠤ᠂ ᠤᠯᠠᠭᠠᠨᠬᠠᠳᠠ ᠶᠢᠨ ᠬᠠᠷᠠᠴᠢᠨ ᠤ ᠮᠡᠶᠢᠷᠡᠨ ᠭᠤᠤ ᠶᠢᠨ ᠴᠠᠨᠠᠯᠠᠯᠲᠠ ᠶᠢᠨ ᠲᠠᠯᠠᠪᠠᠢ ᠳᠠᠬᠢ | ᠡᠮᠴᠢᠯᠡᠭᠡᠨ ᠤ ᠠᠪᠤᠷᠠᠨ ᠲᠤᠰᠠᠯᠠᠬᠤ ᠲᠥᠪ᠂ ᠬᠥᠭᠡᠷᠥᠯᠲᠡ ᠶᠢᠨ ᠡᠮ ᠢ ᠰᠢᠯᠭᠠᠨ ᠪᠠᠶᠢᠴᠠᠭᠠᠬᠤ ᠲᠥᠪ᠂ | ᠴᠠᠭᠳᠠᠭᠠᠨ ᠤ ᠶᠠᠪᠤᠳᠠᠯ ᠤᠨ ᠵᠢᠯᠣᠭᠤᠳᠬᠤ ᠲᠥᠪ ᠵᠡᠷᠭᠡ 20 ᠴᠢᠳᠠᠮᠵᠢᠲᠤ ᠲᠠᠰᠤᠭ ᠤᠨ ᠲᠥᠬᠦᠭᠡᠷᠦᠮᠵᠢ ᠪᠠ | ᠪᠠᠭᠠᠵᠢ ᠬᠡᠷᠡᠭᠰᠡᠯ ᠵᠡᠷᠭᠡ ᠡᠳ᠋ ᠪᠣᠳᠠᠰ ᠢ ᠪᠦᠬᠦᠨ ᠢ ᠲᠣᠬᠢᠷᠠᠭᠤᠯᠵᠤ ᠳᠠᠭᠤᠰᠬᠠᠪᠠ᠃ |