ᠥᠪᠥᠷ ᠮᠣᠩᠭᠤᠯ ᠤᠨ ᠲᠠᠮᠢᠷᠴᠢᠨ ᠬᠠᠨ ᠮᠧᠶ ᠲᠦᠷᠭᠡᠨ ᠲᠡᠰᠢᠯᠲᠡ ᠶᠢᠨ ᠳᠡᠯᠡᠬᠡᠢ ᠶᠢᠨ ᠬᠤᠨᠳᠠᠭᠠᠲᠤ ᠤᠷᠤᠯᠳᠤᠭᠠᠨ ᠳᠤ ᠬᠦᠷᠡᠯ ᠮᠧᠳᠡᠯ ᠭᠠᠷᠳᠠᠪᠠ
ᠨᠡᠶᠢᠲᠡᠯᠡᠭᠰᠡᠨ ᠴᠠᠭ᠄
2023/2/21
    ᠲᠤᠬᠠᠢ ᠶᠢᠨ ᠭᠠᠵᠠᠷ ᠤᠨ ᠴᠠᠭ ᠢᠶᠠᠷ 18 ᠤ ᠡᠳᠦᠷ᠂ 2022 ︱ 2023 ᠤᠷᠤᠯᠳᠤᠭᠠᠨ ᠤ ᠤᠯᠠᠷᠢᠯ ᠤᠨ ᠲᠦᠷᠭᠡᠨ ᠲᠡᠰᠢᠯᠲᠡ ᠶᠢᠨ ᠳᠡᠯᠡᠬᠡᠢ ᠶᠢᠨ ᠬᠤᠨᠳᠠᠭᠠᠲᠤ ᠤᠷᠤᠯᠳᠤᠭᠠᠨ ᠫᠤᠯᠠᠨᠳ᠋ ᠳᠤ ᠶᠠᠪᠤᠭᠳᠠᠪᠠ᠃ ᠡᠮᠡᠭᠲᠡᠢ ᠶᠢᠨ ᠣᠶᠢᠷ᠎ᠠ ᠵᠠᠢ ᠶᠢᠨ ᠬᠠᠮᠲᠤ ᠶᠢᠨ  ᠨᠡᠬᠡᠯᠳᠡ ᠤᠷᠤᠯᠳᠤᠭᠠᠨ ᠳᠤ ᠬᠠᠨ ᠮᠧᠶ᠂ ᠵᠠᠩ ᠯᠢ ᠨᠠ ᠪᠣᠯᠣᠨ ᠶᠢᠨ ᠵᠢᠩ ᠵᠦ ᠭᠤᠷᠪᠠᠭᠤᠯᠠ ᠪᠠᠷ ᠪᠦᠷᠢᠯᠳᠦᠭᠰᠡᠨ ᠳᠤᠮᠳᠠᠳᠤ ᠤᠯᠤᠰ ᠤᠨ ᠠᠩᠭᠢ ᠭᠠᠷᠮᠠᠭᠠᠢ ᠠᠮᠵᠢᠯᠲᠠ ᠭᠠᠷᠭᠠᠵᠤ᠂ 1 ᠮᠢᠨᠦ᠋ᠲ 29 ᠰᠧᠺᠦ᠋ᠨ᠋ᠳ᠋ 51 ᠶᠢᠨ ᠬᠢᠷᠢ ᠪᠦᠲᠦᠮᠵᠢ ᠪᠠᠷ ᠬᠦᠷᠡᠯ ᠮᠧᠳᠠᠯ ᠭᠠᠷᠳᠠᠪᠠ᠃ ᠡᠨᠡ ᠨᠢ ᠮᠥᠨ ᠴᠦ ᠳᠤᠮᠳᠠᠳᠤ ᠤᠯᠤᠰ ᠤᠨ ᠠᠩᠭᠢ ᠶᠢᠨ ᠲᠤᠰ ᠤᠷᠤᠯᠳᠤᠭᠠᠨ ᠳᠤ ᠣᠯᠣᠭᠰᠠᠨ ᠠᠩᠬᠠᠳᠠᠭᠴᠢ ᠱᠠᠩᠨᠠᠯ ᠤᠨ ᠮᠧᠳᠠᠯ ᠪᠣᠯᠣᠨ᠎ᠠ᠃
    ᠬᠠᠨ ᠮᠧᠶ ᠪᠣᠯ ᠥᠪᠥᠷ ᠮᠣᠩᠭᠤᠯ ᠠᠴᠠ ᠴᠤᠯᠭᠤᠷᠠᠭᠰᠠᠨ ᠲᠠᠮᠢᠷᠴᠢᠨ ᠪᠤᠯᠤᠨ᠎ᠡ᠃ ᠬᠠᠨ ᠮᠧᠶ 1998 ᠣᠨ ᠳᠤ ᠬᠥᠬᠡᠬᠤᠲᠠ ᠳᠤ ᠳᠦᠷᠦᠵᠦ᠂ ᠪᠠᠭ᠎ᠠ ᠨᠠᠰᠤᠨ ᠳᠠᠭᠠᠨ ᠬᠦᠷᠳᠦᠲᠦ ᠲᠡᠰᠢᠯᠲᠡ ᠶᠢᠨ ᠪᠤᠯᠪᠠᠰᠤᠷᠠᠯ ᠬᠦᠷᠳᠡᠭᠰᠡᠨ ᠪᠥᠭᠡᠳ ᠬᠥᠬᠡᠬᠤᠲᠠ ᠶᠢᠨ ᠬᠦᠷᠳᠦᠲᠦ ᠲᠡᠰᠢᠯᠲᠡ ᠶᠢᠨ ᠠᠩᠭᠢ ᠳᠤ ᠣᠷᠣᠵᠠᠢ᠃ 2009 ᠣᠨ ᠳᠤ᠂ ᠬᠠᠨ ᠮᠧᠶ  ᠮᠦᠭᠳᠡᠨ ᠤ ᠪᠡᠶ᠎ᠡ ᠶᠢᠨ ᠲᠠᠮᠢᠷ ᠤᠨ ᠳᠡᠭᠡᠳᠦ ᠰᠤᠷᠭᠠᠭᠤᠯᠢ ᠳᠤ ᠣᠷᠣᠵᠤ ᠲᠦᠷᠭᠡᠨ ᠲᠡᠰᠢᠯᠲᠡ ᠶᠢᠨ ᠪᠤᠯᠪᠠᠰᠤᠷᠠᠯ ᠢᠶᠠᠨ ᠡᠬᠢᠯᠡᠭᠦᠯᠪᠡ᠃ 2016 ᠣᠨ ᠤ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠳᠡᠭᠡᠷ᠎ᠡ᠂ ᠬᠠᠨ ᠮᠧᠢ ᠵᠠᠯᠠᠭᠤᠴᠤᠳ ᠶᠢᠨ 1500 ᠮᠧᠲᠷ ᠤᠨ ᠤᠷᠤᠯᠳᠤᠭᠠᠨ ᠳᠤ 1 ᠮᠢᠨᠦ᠋ᠲ 59 ᠰᠧᠺᠦ᠋ᠨ᠋ᠳ᠋ 04 ᠤᠨ ᠬᠢᠷᠢ ᠪᠦᠲᠦᠮᠵᠢ ᠪᠠᠷ ᠰᠦᠩ ᠯᠢ ᠶᠢᠨ 16 ᠵᠢᠯ ᠪᠠᠷᠢᠮᠲᠠᠯᠠᠭᠰᠠᠨ ᠪᠦᠬᠦ ᠤᠯᠤᠰ ᠤᠨ ᠵᠠᠯᠠᠭᠤᠴᠤᠳ ᠤᠨ ᠲᠡᠮᠳᠡᠭᠯᠡᠯ ᠢ ᠰᠢᠨᠡᠳᠬᠡᠪᠡ᠃ 2017 ᠣᠨ ᠤ ᠨᠠᠢᠮᠠᠳᠤᠭᠠᠷ ᠬᠤᠭᠤᠴᠠᠭᠠᠨ ᠤ ᠠᠽᠢᠶ᠎ᠠ ᠲᠢᠪ ᠤᠨ  ᠡᠪᠦᠯ ᠤᠨ ᠤᠯᠠᠷᠢᠯ ᠤᠨ ᠲᠠᠮᠢᠷ ᠶᠢᠨ ᠴᠤᠭᠯᠠᠭᠠᠨ ᠲᠡᠭᠡᠷ᠎ᠡ ᠡᠮᠡᠭᠳᠡᠢ ᠶᠢᠨ 5000 ᠮᠧᠲᠷ ᠤᠨ ᠤᠷᠤᠯᠳᠤᠭᠠᠨ ᠳᠤ ᠮᠦᠩᠭᠦᠨ ᠮᠧᠳᠡᠯ ᠭᠠᠷᠳᠠᠪᠠ᠃
    ᠺᠣᠷᠢᠶᠠ ᠳᠤ ᠶᠠᠪᠤᠭᠳᠠᠭᠰᠠᠨ ᠫᠢᠩᠴᠠᠩ ᠤᠨ ᠡᠪᠦᠯ ᠤᠨ ᠤᠯᠢᠮᠫᠢᠺ ᠤᠨ ᠴᠤᠭᠯᠠᠭᠠᠨ ᠳᠤ ᠬᠠᠨ ᠮᠧᠶ ᠡᠮᠡᠭᠲᠡᠢ ᠶᠢᠨ ᠬᠠᠮᠲᠤ ᠶᠢᠨ  ᠨᠡᠬᠡᠯᠳᠡ ᠤᠷᠤᠯᠳᠤᠭᠠᠨ ᠳᠤ ᠲᠠᠪᠤᠳᠤᠭᠠᠷ ᠲᠤ ᠤᠷᠤᠪᠠ᠃ ᠳᠥᠷᠪᠡᠨ ᠵᠢᠯ ᠤᠨ ᠳᠠᠷᠠᠭᠠᠬᠢ ᠪᠡᠭᠡᠵᠢᠩ ᠤᠨ ᠡᠪᠦᠯ ᠤᠨ ᠤᠯᠠᠷᠢᠯ ᠤᠨ ᠤᠯᠢᠮᠫᠢᠺ ᠤᠨ ᠴᠤᠭᠯᠠᠭᠠᠨ ᠤ ᠦᠶ᠎ᠡ ᠳᠤ᠂ ᠬᠠᠨ ᠮᠧᠶ ᠨᠢᠭᠡᠨᠲᠡ ᠳᠤᠮᠳᠠᠳᠤ ᠤᠯᠤᠰ ᠤᠨ ᠡᠮᠡᠭᠲᠡᠢ ᠶᠢᠨ ᠲᠦᠷᠭᠡᠨ ᠲᠡᠰᠢᠯᠲᠡ ᠶᠢᠨ ᠠᠩᠭᠢ ᠶᠢᠨ ᠭᠤᠣᠯᠳᠠᠯᠭ᠎ᠠ ᠲᠠᠢ ᠲᠠᠮᠢᠷᠴᠢᠨ ᠪᠤᠯᠵᠦ᠂ ᠡᠮᠡᠭᠲᠡᠢ ᠶᠢᠨ 1500 ᠮᠧᠲᠷ᠂ 3000 ᠮᠧᠲᠷ᠂ 5000 ᠮᠧᠲᠷ ᠤᠨ ᠤᠷᠤᠯᠳᠤᠭᠠᠨ ᠳᠤ  ᠤᠷᠤᠯᠴᠠᠪᠠ᠃ ᠡᠭᠦᠨ ᠳᠤ ᠲᠦᠷᠭᠡᠨ ᠲᠡᠰᠢᠯᠲᠡ ᠶᠢᠨ ᠡᠮᠡᠭᠲᠡᠢ ᠶᠢᠨ ᠬᠠᠮᠲᠤ ᠶᠢᠨ  ᠨᠡᠬᠡᠯᠳᠡ ᠤᠷᠤᠯᠳᠤᠭᠠᠨ ᠤᠷᠤᠯᠳᠤᠭᠠᠨ ᠳᠤ ᠬᠠᠨ ᠮᠧᠶ ᠠᠩᠭᠢ ᠶᠢᠨ ᠨᠥᠬᠦᠳ ᠲᠠᠢ ᠪᠠᠨ ᠲᠠᠪᠤᠳᠤᠭᠠᠷ ᠲᠤ ᠣᠷᠣᠵᠠᠢ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号