ᠮᠤᠩᠭᠤᠯ ᠰᠢᠳᠠᠷ᠎ᠠ
ᠨᠡᠶᠢᠲᠡᠯᠡᠭᠰᠡᠨ ᠴᠠᠭ᠄
2023/2/7
                                        ★ ᠲᠡᠮᠤᠷᠵᠢᠷᠦᠬᠡ  ᠠᠷᠣᠣᠬᠠᠨ
     ᠮᠤᠩᠭᠤᠯ ᠰᠢᠳᠠᠷ᠎ᠠ ᠪᠤᠯ ᠮᠤᠩᠭᠤᠯᠴᠤᠳ ᠤᠨ ᠳᠤᠮᠳᠠ ᠤᠷᠳᠤ ᠤᠳᠠᠭᠠᠨ ᠬᠤᠭᠤᠴᠠᠭ᠎ᠠ ᠪᠠᠷ ᠤᠯᠠᠮᠵᠢᠯᠠᠬᠳᠠᠨ ᠢᠷᠡᠭᠰᠡᠨ ᠦᠪᠡᠷᠮᠢᠴᠡ ᠤᠨᠴᠠᠯᠢᠭ ᠲᠠᠢ ᠲᠤᠭᠯᠠᠭᠠᠮ ᠶᠤᠮ᠃ ᠦᠩᠭᠡᠷᠡᠭᠰᠡᠨ ᠳᠤ ᠮᠤᠩᠭᠤᠯ ᠰᠢᠳᠠᠷ᠎ᠠ ᠶᠢᠨ ᠨᠢᠭᠡᠳᠦᠯᠳᠡᠢ ᠲᠦᠷᠢᠮ ᠪᠠᠶᠢᠭᠰᠠᠨ ᠦᠭᠡᠢ ᠪᠤᠯᠬᠤᠷ ᠡᠯ᠎ᠡ ᠠᠶᠢᠮᠠᠭ᠂ ᠬᠤᠰᠢᠭᠤ ᠬᠤᠭᠤᠷᠤᠨᠳᠤ ᠪᠠᠨ ᠬᠠᠷᠢᠯᠴᠠᠨ ᠠᠳᠠᠯᠢ ᠦᠭᠡᠢ ᠲᠦᠷᠢᠮ ᠢ ᠬᠡᠷᠡᠭᠵᠢᠭᠦᠯᠳᠡᠭ ᠪᠠᠶᠢᠪᠠ᠃
     1982 ᠤᠨ ᠤ ᠪᠦᠬᠦ ᠤᠷᠤᠨ ᠤ ᠲᠡᠪᠤᠳᠤᠭᠠᠷ ᠬᠤᠭᠤᠴᠠᠭᠠᠨ ᠤ ᠪᠡᠶ᠎ᠡ ᠶᠢᠨ ᠲᠠᠮᠢᠷ ᠤᠨ ᠴᠤᠭᠯᠠᠭᠠᠨ ᠲᠡᠭᠡᠷ᠎ᠡ ᠮᠤᠩᠭᠤᠯ ᠰᠢᠳᠠᠷ᠎ᠠ ᠶᠢᠨ ᠲᠦᠷᠢᠮ ᠢ ᠲᠡᠯᠡᠬᠡᠢ ᠶᠢᠨ ᠰᠢᠳᠠᠷ᠎ᠠ ᠶᠢᠨ ᠲᠦᠷᠢᠮ ᠯᠦᠭᠡ ᠨᠢᠭᠡᠳᠭᠡᠨ ᠶᠠᠪᠤᠭᠳᠠᠭᠤᠯᠤᠭᠰᠠᠨ ᠪᠠᠶᠢᠨ᠎ᠠ᠃ ᠡᠨᠡ ᠨᠢ ᠬᠤᠵᠢᠮ ᠤᠨ ᠲᠡᠯᠡᠭᠡᠢ ᠶᠢᠨ ᠰᠢᠳᠠᠷ᠎ᠠ ᠶᠢᠨ ᠤᠷᠤᠯᠳᠤᠭᠠᠨ ᠳᠤ ᠤᠷᠤᠯᠴᠠᠬᠤ  ᠳᠤ ᠰᠠᠭᠤᠷᠢ ᠲᠠᠯᠪᠢᠵᠤ ᠦᠭᠭᠦᠭᠰᠡᠨ ᠶᠤᠮ᠃         ᠡᠷ᠎ᠡ ᠶᠢᠨ ᠭᠤᠷᠪᠠᠨ  ᠨᠠᠭᠠᠳᠤᠮ ᠢ ᠶᠠᠪᠤᠭᠳᠠᠭᠤᠯᠬᠤ ᠪᠦᠷᠢ ᠮᠤᠩᠭᠤᠯ ᠰᠢᠳᠠᠷ᠎ᠠ ᠶᠢᠨ ᠤᠷᠤᠯᠳᠤᠭᠠᠨ   ᠢ ᠲᠠᠭᠠᠯᠳᠤᠭᠤᠯᠤᠨ ᠶᠠᠪᠤᠭᠳᠠᠭᠤᠯᠤᠭᠰᠠᠭᠠᠷ ᠢᠷᠡᠵᠡᠢ᠂ ᠮᠤᠩᠭᠤᠯᠴᠤᠳ ᠪᠠᠶᠠᠷ ᠲᠤᠷᠠᠰᠬᠠᠯ  ᠤᠨ ᠡᠳᠦᠷ᠂ ᠬᠤᠷᠢᠮ ᠴᠤᠭᠯᠠᠭᠠᠨ  ᠤ ᠨᠠᠶᠢᠷ ᠲᠤ ᠮᠤᠩᠭᠤᠯ ᠰᠢᠳᠠᠷ᠎ᠠ ᠶᠢᠨ ᠤᠷᠤᠯᠳᠤᠭᠠᠨ  ᠢ ᠦᠷᠭᠦᠯᠵᠢ ᠶᠠᠪᠤᠭᠤᠯᠳᠠᠭ ᠪᠢᠯᠡ ᠃       ᠨᠢᠭᠡ᠂ ᠮᠤᠩᠭᠤᠯ ᠰᠢᠳᠠᠷ᠎ᠠ ᠶᠢᠨ ᠡᠭᠦᠰᠦᠯ ᠪᠠ ᠤᠨᠴᠠᠯᠢᠭ       ᠮᠤᠩᠭᠤᠯ ᠰᠢᠳᠠᠷ᠎ᠠ ᠪᠤᠯᠤᠨ ᠲᠡᠯᠡᠭᠡᠢ ᠶᠢᠨ ᠰᠢᠳᠠᠷ᠎ᠠ ᠶᠢᠨ ᠡᠭᠦᠰᠦᠯ ᠨᠢ ᠠᠳᠠᠯᠢ ᠪᠠᠶᠢᠳᠠᠭ᠃ ᠬᠠᠮᠤᠭ ᠡᠷᠳᠡ  ᠳᠤ ᠡᠷᠳᠡᠨ ᠤ ᠡᠨᠡᠳᠬᠡᠭ ᠲᠤ ᠲᠦᠷᠪᠡᠨ ᠬᠦᠮᠦᠨ  ᠤ ᠨᠠᠭᠠᠳᠬᠤ ︽ ᠱᠠᠳᠠᠷᠠᠰ ︾ ᠭᠡᠵᠦ ᠪᠠᠶᠢᠵᠠᠢ ᠃ ᠡᠨᠡ ᠨᠢ ᠨᠢᠭᠡᠨᠳᠡ ᠬᠤᠶᠠᠷ ᠮᠢᠩᠭᠠᠨ ᠤᠨ  ᠤ ᠲᠡᠤᠬᠡ ᠲᠠᠢ ᠪᠤᠯᠪᠠ ᠃ ᠲᠦᠷᠪᠡᠳᠦᠭᠡᠷ ᠵᠠᠭᠤᠨ ᠤ ᠦᠶ᠎ᠡ ᠳᠤ ᠠᠷᠠᠪ ᠲᠤ ᠤᠯᠠᠮᠵᠢᠯᠠᠭᠳᠠᠨ ᠤᠷᠤᠭᠠᠳ ᠲᠡᠭᠦᠨ  ᠤ ᠨᠡᠷ᠎ᠡ ᠶᠢ ︽ᠰᠢᠳᠠᠷᠠᠰ︾ ᠭᠡᠵᠦ ᠰᠢᠨ᠎ᠡ ᠪᠠᠷ ᠦᠭᠡᠷᠡᠴᠢᠯᠡᠨ ᠲᠠᠭᠤᠳᠠᠬᠤ ᠪᠤᠯᠵᠠᠢ᠃ ᠠᠷᠪᠠᠨ ᠲᠠᠪᠤᠳᠤᠭᠠᠷ ᠵᠠᠭᠤᠨ ᠠᠴᠠ ᠠᠷᠪᠠᠨ ᠵᠢᠷᠭᠤᠳᠤᠭᠠᠷ ᠵᠠᠭᠤᠨ  ᠤ ᠦᠶ᠎ᠡ ᠪᠤᠯᠬᠤ  ᠳᠤ ᠡᠧᠦ᠋ᠷᠤᠫᠡ ᠲᠢᠪ ᠲᠤ ᠤᠯᠠᠮᠵᠢᠯᠠᠭᠳᠠᠨ ᠬᠦᠷᠪᠡ᠃ ᠢᠩᠭᠢᠵᠦ ᠤᠯᠠᠷᠢᠨ ᠲᠠᠷᠬᠠᠵᠤ ᠤᠯᠠᠨᠳᠠ ᠦᠭᠡᠷᠡᠴᠢᠯᠡᠭᠳᠡᠭᠰᠡᠭᠡᠷ ᠪᠠᠶᠢᠭᠠᠳ ᠦᠨᠦ ᠶᠢᠨ ᠲᠡᠯᠡᠭᠡᠢ ᠶᠢᠨ ᠰᠢᠳᠠᠷ᠎ᠠ ᠪᠤᠯᠤᠭᠰᠠᠨ ᠪᠠᠶᠢᠨ᠎ᠠ᠃        ᠲᠡᠯᠡᠬᠡᠢ ᠶᠢᠨ ᠰᠢᠳᠠᠷ᠎ᠠ ᠮᠤᠩᠭᠤᠯ ᠤᠨ ᠲᠠᠯ᠎ᠠ ᠨᠤᠳᠤᠭ ᠲᠤ ᠤᠯᠠᠮᠵᠢᠯᠠᠬᠳᠠᠨ ᠢᠷᠡᠭᠰᠡᠨ ᠨᠢ ᠡᠧᠦ᠋ᠷᠤᠫᠡ ᠲᠢᠪ  ᠠᠴᠠ ᠡᠷᠳᠡ ᠶᠤᠮ᠃ ᠮᠤᠩᠭᠤᠯᠴᠤᠳ ᠠᠷᠪᠠᠨ ᠭᠤᠷᠪᠠᠳᠤᠭᠠᠷ ᠵᠠᠭᠤᠨ  ᠤ ᠭᠤᠴᠢᠭᠠᠳ ᠤᠨ ᠤ ᠦᠶ᠎ᠡ  ᠳᠤ ᠦᠨᠦ ᠶᠢᠨ ᠢᠷᠡᠨ᠂ ᠢᠷᠠᠺ ᠤᠯᠤᠰ ᠲᠠᠢ ᠠᠷᠠᠯᠵᠢᠶ᠎ᠠ ᠮᠠᠶᠢᠮᠠᠢ ᠬᠢᠵᠦ ᠪᠠᠶᠢᠭ᠎ᠠ ᠦᠶᠡᠰ ᠲᠡᠯᠡᠬᠡᠢ ᠶᠢᠨ ᠰᠢᠳᠠᠷ᠎ᠠ ᠮᠤᠩᠭᠤᠯ  ᠤᠨ ᠨᠤᠳᠤᠭ ᠲᠤ ᠤᠯᠠᠮᠵᠢᠯᠠᠬᠳᠠᠨ ᠢᠷᠡᠭᠰᠡᠨ ᠪᠠᠶᠢᠨ᠎ᠠ᠃ ᠲᠡᠷᠡ ᠦᠶ᠎ᠡ ᠠᠴᠠ ᠡᠬᠢᠯᠡᠭᠡᠳ ᠮᠤᠩᠭᠤᠯ  ᠤᠨ ᠲᠠᠯ᠎ᠠ ᠨᠤᠳᠤᠭ ᠲᠤ ᠲᠠᠷᠬᠠᠨ ᠲᠡᠯᠭᠡᠷᠡᠪᠡ ᠃ ᠮᠤᠩᠭᠤᠯ ᠰᠢᠳᠠᠷ᠎ᠠ ᠪᠤᠯᠤᠨ ᠲᠡᠯᠡᠬᠡᠢ ᠶᠢᠨ ᠰᠢᠳᠠᠷ᠎ᠠ  ᠶᠢᠨ ᠬᠦᠯᠭᠡ ᠨᠢ ᠨᠢᠭᠡᠨ ᠠᠳᠠᠯᠢ ᠲᠦᠷᠪᠡᠯᠵᠢᠨ ᠬᠡᠯᠪᠡᠷᠢ ᠲᠠᠢ᠂ ᠬᠦᠯᠭᠡ ᠶᠢ ᠬᠠᠷ᠎ᠠ ᠴᠠᠭᠠᠨ ᠦᠩᠭᠡ ᠶᠢᠨ ᠬᠤᠶᠠᠷ ᠪᠦᠯᠦᠭ ᠬᠤᠪᠢᠶᠠᠨ᠎ᠠ᠃       ᠰᠢᠳᠠᠷ᠎ᠠ ᠶᠢᠨ ᠪᠤᠳᠠ ᠬᠦᠦ ᠨᠦᠭᠦᠳ ᠨᠢ ᠨᠡᠶᠢᠳᠡ 32 ᠪᠠᠶᠢᠨ᠎ᠠ᠂ ᠴᠠᠭᠠᠨ ᠬᠠᠷ᠎ᠠ ᠦᠩᠭᠡ ᠪᠦᠷᠢ ᠳᠤ ᠨᠢᠭᠡ ᠨᠤᠶᠠᠨ᠂ ᠬᠤᠶᠠᠷ ᠬᠠᠰᠠᠭ᠂ ᠬᠤᠶᠠᠷ ᠮᠤᠷᠢ᠂ ᠬᠤᠶᠠᠷ ᠲᠡᠮᠡᠭᠡ᠂ ᠨᠢᠭᠡ ᠪᠠᠷᠰ᠂ ᠨᠠᠢᠮᠠᠨ ᠬᠦᠦ ᠲᠠᠢ᠃ ᠨᠡᠶᠢᠳᠡ 64 ᠰᠠᠭᠤᠳᠠᠯ ᠲᠠᠢ᠂ ᠲᠦᠷᠪᠡᠨ ᠲᠠᠯ᠎ᠠ ᠪᠦᠷᠢ ᠳᠤ ᠨᠠᠢᠮᠨ ᠨᠠᠢᠮᠠᠨ ᠵᠢᠵᠢᠭ ᠲᠦᠷᠪᠡᠯᠵᠢᠨ ᠰᠠᠭᠤᠳᠠᠯ ᠢᠶᠠᠷ ᠬᠦᠯᠭᠡ ᠪᠠᠨ ᠪᠦᠳᠦᠭᠡᠪᠡ  ᠃
     ᠲᠡᠯᠡᠭᠡᠢ ᠶᠢᠨ ᠰᠢᠳᠠᠷ᠎ᠠ ᠮᠤᠩᠭᠤᠯ ᠤᠷᠤᠨ  ᠳᠤ ᠤᠯᠠᠮᠵᠢᠯᠠᠬᠳᠠᠨ ᠢᠷᠡᠭᠰᠡᠨ  ᠤ ᠲᠠᠷᠠᠭ᠎ᠠ ᠮᠤᠩᠭᠤᠯᠴᠤᠳ ᠦᠪᠡᠷ ᠤᠨ ᠨᠡᠭᠦᠳᠡᠯᠯᠡᠨ ᠮᠠᠯᠵᠢᠬᠤ ᠵᠠᠩ ᠳᠠᠳᠬᠠᠯ ᠢᠶᠠᠨ ᠦᠨᠳᠦᠰᠦᠯᠡᠨ ᠬᠦᠯᠭᠡ ᠶᠢᠨ ᠨᠤᠶᠠᠨ  ᠢ ᠨᠤᠶᠠᠨ ᠮᠡᠳᠦ ᠲᠡᠷᠭᠡᠨ᠎ᠡ ᠪᠤᠶᠤ ᠰᠠᠭᠤᠳᠠᠯ  ᠳᠤ ᠰᠠᠭᠤᠯᠭᠠᠵᠤ ᠰᠡᠶᠢᠯᠪᠡ  ᠃ ᠪᠠᠷᠰ  ᠢ ᠨᠤᠶᠠᠨ  ᠤ ᠬᠠᠳᠤᠨ ᠪᠤᠯᠭᠠᠨ ᠴᠢᠮᠡᠭᠯᠡᠨ ᠰᠡᠶᠢᠯᠵᠤ ᠨᠤᠶᠠᠨ ᠢᠶᠠᠨ ᠬᠠᠮᠠᠭᠠᠯᠠᠨ ᠲᠦᠷᠪᠡᠨ ᠵᠦᠭ ᠨᠠᠢᠮᠠᠨ ᠵᠤᠪᠬᠢᠰ ᠲᠤ ᠲᠠᠶᠢᠨ ᠬᠢᠬᠦ ᠬᠠᠮᠤᠭ ᠠᠴᠠ ᠬᠡᠴᠡᠭᠦᠦ ᠵᠠᠩᠵᠤᠨ ᠪᠤᠯᠭᠠᠪᠠ᠃ ᠦᠨᠡᠨ  ᠳᠤ ᠪᠠᠨ ᠵᠢᠨᠤᠩ ᠮᠦᠨ᠃ ᠬᠠᠰᠠᠭ  ᠢ ᠮᠤᠩᠭᠤᠯ ᠤᠷᠤᠨ  ᠤ ᠬᠠᠰᠠᠭ  ᠤᠨ ᠪᠦᠷᠢᠨ ᠬᠡᠯᠪᠡᠷᠢ ᠲᠠᠢ ᠰᠠᠶᠢᠯᠵᠦ ᠭᠠᠷᠭᠠᠪᠠ᠃ ᠮᠤᠷᠢ ᠶᠢ ᠲᠡᠯᠡᠬᠡᠢ ᠶᠢᠨ ᠰᠢᠳᠠᠷ᠎ᠠ ᠲᠠᠢ ᠠᠳᠠᠯᠢ ᠭᠠᠭᠴᠠ ᠬᠦ ᠲᠤᠯᠤᠭᠠᠢ ᠶᠢ ᠨᠢ ᠦᠭᠡᠷᠡᠴᠢᠯᠡᠨ ᠮᠤᠩᠭᠤᠯ ᠮᠤᠷᠢ ᠶᠢᠨ ᠬᠡᠯᠪᠡᠷᠢ ᠪᠠᠷ ᠰᠡᠶᠢᠯᠵᠤ ᠭᠠᠷᠭᠠᠪᠠ᠃ ᠬᠦᠦ ᠶᠢ ᠠᠩ ᠬᠦᠷᠦᠭᠡ ᠳᠤ ᠶᠠᠪᠤᠬᠤ ᠭᠠᠷᠮᠠᠭᠠᠢ ᠨᠤᠬᠠᠢ ᠪᠠᠷ ᠰᠡᠶᠢᠯᠦᠭᠰᠡᠨ ᠪᠠᠶᠢᠨ᠎ᠠ᠃        ᠡᠭᠦᠨ ᠠᠴᠠ ᠭᠠᠳᠠᠨ᠎ᠠ ︽ᠰᠢᠳᠠᠷᠠᠰ︾ ᠭᠡᠳᠡᠭ ᠢ ᠮᠤᠩᠭᠤᠯ ᠬᠡᠯᠡ ᠪᠠᠷ ᠰᠢᠳᠠᠷ᠎ᠠ ᠭᠡᠮᠡᠨ ᠲᠠᠭᠤᠳᠠᠨ ᠨᠡᠷᠡᠯᠡᠵᠡᠢ᠃ ᠡᠨᠡ ᠮᠡᠳᠦᠴᠢᠯᠡᠨ ᠬᠡᠯᠪᠡᠷᠢ ᠨᠢ ᠦᠭᠡᠷᠡᠴᠢᠯᠡᠭᠳᠡᠭᠰᠡᠨ ᠪᠤᠯᠪᠠᠴᠤ ᠲᠡᠭᠦᠨ ᠤ ᠨᠡᠭᠦᠳᠡᠯ ᠪᠠ ᠢᠷᠡᠯᠳᠡ ᠨᠢ ᠦᠨᠳᠦᠰᠦᠨ ᠳᠤ ᠪᠠᠨ ᠠᠳᠠᠯᠢ ᠶᠤᠮ᠃ ᠭᠡᠪᠡᠴᠦ ᠮᠤᠩᠭᠤᠯ ᠰᠢᠳᠠᠷ᠎ᠠ ᠳᠤ ᠢᠰᠯᠠᠮ ᠤᠨ ᠱᠠᠰᠢᠨᠳᠠᠨ ᠢᠷᠡᠨ ᠤᠯᠤᠰ  ᠠᠴᠠ ᠤᠷᠤᠵᠤ ᠢᠷᠡᠭᠰᠡᠨ ᠨᠠᠭᠠᠳᠬᠤ ᠠᠷᠭ᠎ᠠ ᠶᠢ ᠤᠳᠠᠭᠠᠨ ᠵᠢᠯ ᠤᠯᠠᠮᠵᠢᠯᠠᠭᠰᠠᠭᠠᠷ ᠢᠷᠡᠭᠰᠡᠨ ᠲᠤᠯᠠ ᠲᠡᠯᠡᠭᠡᠢ ᠶᠢᠨ ᠰᠢᠳᠠᠷ᠎ᠠ ᠶᠢᠨ ᠤᠷᠤᠯᠳᠤᠭᠠᠨ ᠤ ᠲᠦᠷᠢᠮ ᠠᠴᠠ ᠨᠡᠯᠢᠶᠡᠳ ᠤᠨ ᠬᠤᠵᠢᠮᠳᠠᠭᠰᠠᠨ ᠨᠢ ᠶᠠᠷᠢᠶᠠᠨ ᠦᠭᠡᠢ ᠶᠤᠮ᠃         ᠮᠤᠩᠭᠤᠯᠴᠤᠳ ᠪᠤᠯ ᠡᠷᠳᠡᠨ ᠤ ᠪᠤᠯᠪᠠᠰᠤᠨ ᠦᠨᠳᠦᠰᠦᠳᠡᠨ ᠤ ᠨᠢᠭᠡ ᠪᠤᠯᠬᠤ ᠲᠤᠯᠠ ᠡᠪᠦᠭᠡ ᠲᠡᠭᠡᠳᠦᠰ  ᠤᠨ ᠦᠶ᠎ᠡ ᠠᠴᠠ ᠪᠠᠨ ᠲᠠᠮᠢᠷ ᠤᠷᠠᠯᠢᠭ ᠲᠤ ᠠᠪᠢᠶᠠᠰ ᠲᠠᠢ᠃ ᠡᠷ᠎ᠡ ᠶᠢᠨ ᠭᠤᠷᠪᠠᠨ ᠨᠠᠭᠠᠳᠤᠮ ᠠᠴᠠ ᠭᠠᠳᠠᠨ᠎ᠠ ᠪᠦᠵᠢᠭ ᠪᠦᠵᠢᠭᠯᠡᠬᠦ᠂ ᠬᠤᠯᠠ ᠬᠦᠶᠦᠬᠦ ᠮᠡᠳᠦ ᠶᠢᠨ ᠬᠦᠳᠡᠯᠭᠡᠭᠡᠨ ᠳᠤ ᠪᠦᠷ ᠪᠠᠭ᠋ᠠᠳᠠᠢ ᠶᠤᠮ᠃ ᠲᠡᠷᠡᠴᠢᠯᠡᠨ ᠮᠦᠷᠭᠦᠭᠡ᠂ ᠵᠢᠷᠭᠢᠭᠡ᠂ ᠱᠠᠭ᠎ᠠ ᠮᠡᠳᠦ ᠶᠢᠨ ᠲᠤᠭᠯᠠᠭᠠᠮ  ᠢ ᠴᠦᠮ ᠦᠷᠨᠢᠩᠭᠦᠢ ᠰᠠᠶᠢᠨ ᠨᠠᠭᠠᠳᠴᠤ ᠪᠠᠶᠢᠵᠠᠢ᠃ ᠮᠤᠩᠭᠤᠯ ᠰᠢᠳᠠᠷ᠎ᠠ ᠪᠤᠯ ᠲᠡᠭᠦᠨ  ᠤ ᠲᠤᠳᠤᠷᠠᠬᠢ ᠨᠢᠭᠡ ᠵᠦᠢᠯ ᠪᠤᠯᠬᠤ ᠪᠦᠭᠡᠳ ᠮᠤᠩᠭᠤᠯᠴᠤᠳ ᠤᠨ ᠠᠪᠢᠶᠠᠰ ᠴᠢᠳᠠᠪᠤᠷᠢ ᠪᠠ ᠬᠡᠪ ᠨᠠᠮᠪᠠ ᠶᠢ ᠬᠠᠷᠠᠭᠤᠯᠤᠭᠰᠠᠨ ᠦᠨᠳᠦᠰᠦᠳᠡᠨ ᠤ ᠬᠡᠯᠪᠡᠷᠢ ᠶᠢᠨ ᠤᠶᠤᠨ ᠤ ᠮᠦᠷᠦ᠋ᠢᠴᠡᠭᠡᠨ ᠪᠤᠯᠤᠨ᠎ᠠ᠃ ᠮᠤᠩᠭᠤᠯ ᠰᠢᠳᠠᠷ᠎ᠠ ᠪᠤᠯ ᠮᠤᠩᠭᠤᠯ ᠦᠨᠳᠦᠰᠦᠳᠡᠨ ᠤ ᠨᠡᠶᠢᠭᠡᠮ ᠤᠨ ᠪᠤᠳᠠᠰ  ᠤᠨ ᠠᠮᠢᠳᠤᠷᠠᠯ ᠪᠠ ᠤᠶᠤᠨ ᠤ ᠪᠤᠯᠪᠠᠰᠤᠨ ᠢ ᠪᠦᠬᠦ ᠲᠠᠯ᠎ᠠ ᠪᠠᠷ ᠲᠦᠪᠯᠡᠷᠡᠭᠦᠯᠦᠨ ᠲᠤᠰᠬᠠᠭᠰᠠᠨ ᠦᠪᠡᠷᠮᠢᠴᠡ ᠤᠨᠴᠠᠯᠢᠭ ᠲᠠᠢ ᠪᠠᠶᠢᠳᠠᠭ  ᠠᠴᠠ ᠮᠤᠩᠭᠤᠯ ᠤᠨ ᠦᠨᠳᠦᠷᠯᠢᠭ  ᠤᠨ ᠨᠡᠶᠢᠭᠡᠮ ᠤᠨ ᠠᠮᠢᠳᠤᠷᠠᠯ ᠢ ᠦᠨᠡᠨ ᠪᠤᠳᠠᠳᠠᠢ ᠪᠠᠷ ᠬᠠᠷᠠᠭᠤᠯᠵᠠᠢ᠃
    ᠨᠤᠶᠠᠨ᠄ ᠮᠤᠩᠭᠤᠯ ᠤᠨ ᠦᠨᠳᠦᠷᠯᠢᠭ ᠲᠤ ︽ᠲᠡᠪᠡᠯ ᠵᠠᠬ᠎ᠠ ᠲᠠᠢ᠂ ᠬᠦᠮᠦᠨ ᠠᠬ᠎ᠠ ᠲᠠᠢ ︾ ᠭᠡᠵᠦ ᠰᠠᠶᠢᠨ᠂ ᠮᠡᠷᠭᠡᠨ᠂ ᠪᠠᠭᠠᠳᠤᠷ᠂ ᠬᠠᠨ ᠮᠡᠳᠦ ᠪᠠᠷ ᠠᠶᠢᠮᠠᠭ ᠬᠤᠯᠪᠤᠭᠠᠨ ᠤ ᠪᠠᠨ ᠲᠦᠷᠦᠬᠦᠦ ᠪᠤᠶᠤ ᠴᠡᠷᠢᠭ ᠲᠠᠶᠢᠨ ᠤ ᠤᠳᠤᠷᠢᠳᠤᠭᠴᠢ ᠪᠠᠨ ᠨᠡᠷᠡᠯᠡᠵᠦ᠂ ᠲᠡᠭᠦᠨ ᠤ ᠵᠢᠯᠤᠭᠤᠳᠤᠯᠭ᠎ᠠ ᠪᠠᠷ ᠲᠠᠶᠢᠰᠤᠨ ᠢᠶᠠᠨ ᠲᠠᠷᠤᠵᠤ ᠲᠠᠷᠬᠠᠨ ᠴᠤᠯᠠ ᠪᠠᠨ ᠮᠠᠨᠳᠤᠭᠤᠯᠳᠠᠭ ᠪᠠᠶᠢᠯ᠎ᠠ᠃ ᠡᠶᠢᠮᠦ ᠠᠴᠠ ᠮᠤᠩᠭᠤᠯ ᠰᠢᠳᠠᠷ᠎ᠠ ᠶᠢᠨ ︽ᠨᠤᠶᠠᠨ︾   ᠢ ᠬᠤᠶᠠᠭ ᠲᠤᠭᠤᠯᠠᠭ᠎ᠠ ᠬᠡᠳᠦᠷᠦᠭᠰᠡᠨ ᠮᠤᠷᠢᠳᠠᠢ ᠵᠠᠩᠵᠤᠨ ᠪᠤᠶᠤ ᠠᠷᠠᠯᠳᠤ ᠲᠡᠷᠬᠡᠨ ᠳᠤ ᠲᠦᠪᠯᠡᠨ ᠰᠠᠭᠤᠭᠰᠠᠨ ᠵᠢᠯᠠᠭ᠎ᠠ ᠵᠢᠩᠰᠡ ᠲᠠᠢ ᠨᠤᠶᠠᠨ ᠮᠠᠶ᠋ᠢᠭ ᠢᠶᠠᠷ ᠰᠡᠶᠢᠯᠦᠭᠰᠡᠨ ᠪᠠᠶᠢᠳᠠᠭ᠃ ︽ᠨᠤᠶᠠᠨ︾ ᠨᠢ ᠲᠦᠷᠪᠡᠨ ᠵᠦᠭ ᠨᠠᠢᠮᠠᠨ ᠵᠤᠪᠬᠢᠰ ᠪᠦᠬᠦ ᠤᠯᠤᠰ  ᠤᠨ ᠬᠡᠪᠴᠢᠶᠡᠨ᠎ᠡ 64 ᠰᠠᠭᠤᠳᠠᠯ ᠳᠤ ᠬᠠᠮᠢᠭ᠎ᠠ ᠨᠢ ᠪᠤᠯᠪᠠᠴᠤ ᠬᠦᠷᠴᠤ ᠴᠢᠳᠠᠨ᠎ᠠ᠃         ᠪᠠᠷᠰ᠄ ᠪᠠᠷᠰ ᠪᠤᠯ ᠨᠤᠶᠠᠨ ᠤ ᠬᠠᠳᠤᠨ ᠪᠤᠯᠬᠤᠷ ᠲᠠᠶᠢᠨ ᠪᠠᠶᠢᠯᠳᠤᠭᠠᠨ ᠳᠤ ᠨᠤᠶᠠᠨ ᠤ ᠡᠮᠦᠨ᠎ᠡ ᠠᠴᠠ ᠠᠮᠢ ᠴᠦᠯᠡᠨ ᠪᠠᠶᠢᠯᠳᠤᠳᠠᠭ ᠡᠷᠡᠯᠭᠡᠭ ᠪᠠᠭᠠᠳᠤᠷᠯᠢᠭ ᠡᠮᠡᠭᠳᠡᠢ ᠵᠠᠩᠵᠤᠨ ᠮᠦᠨ᠃ ᠠᠷᠤ ᠭᠠᠵᠠᠷ ᠤᠨ ᠮᠤᠩᠭᠤᠯᠴᠤᠳ ᠠᠩ ᠭᠦᠷᠦᠭᠡ ᠬᠢᠵᠦ ᠠᠷᠢᠶᠠᠳᠠᠨ ᠵᠢᠭᠦᠷᠳᠡᠨ ᠢ ᠬᠠᠷᠪᠤᠵᠤ ᠨᠠᠮᠨᠠᠵᠤ ᠪᠠᠶᠢᠭᠰᠠᠨ ᠪᠤᠯᠬᠤᠷ ᠡᠨᠡ ᠬᠦ ᠡᠮᠡᠭᠳᠡᠢ ᠪᠠᠭᠠᠳᠤᠷ ᠢ ᠪᠠᠷᠳᠠᠭᠠᠳᠤ ᠠᠭᠤᠯᠠᠨ ᠳᠤ ᠤᠷᠤᠰᠢᠳᠠᠭ ᠬᠦᠴᠦᠷᠭᠡᠭ ᠠᠷᠢᠶᠠᠳᠠᠨ ᠪᠠᠷᠰ ᠪᠤᠯᠭᠠᠨ ᠰᠡᠶᠢᠯᠤᠵᠡᠢ᠃ ᠪᠠᠷᠰ ᠨᠢ ᠮᠤᠷᠢᠨ ᠤ ᠨᠡᠭᠦᠳᠡᠯ ᠠᠴᠠ ᠪᠤᠰᠤᠳ ᠨᠡᠭᠦᠳᠡᠯ ᠢ ᠪᠦᠷ ᠶᠠᠪᠤᠵᠤ ᠴᠢᠳᠠᠳᠠᠭ᠃ ᠶᠤᠰᠤᠳᠠᠢ ᠡᠷᠳᠡᠮ ᠴᠢᠳᠠᠯ ᠬᠤᠤᠰᠯᠠᠭᠰᠠᠨ ᠪᠠᠭᠠᠳᠤᠷ ᠪᠠᠶᠢᠵᠤ᠂ ᠬᠦᠨᠳᠡᠯᠡᠨ ᠭᠤᠯᠳᠤ ᠵᠢᠰᠢᠬᠦᠦ ᠪᠠᠷ ᠬᠤᠯᠠ ᠤᠢᠢᠷ᠎ᠠ ᠭᠡᠰᠡᠨ ᠦᠭᠡᠢ ᠰᠢᠪᠳᠤ ᠲᠠᠭᠠᠷᠢᠨ ᠤᠷᠤᠭᠰᠢᠯᠠᠳᠠᠭ᠃ ᠡᠨᠡ ᠨᠢ ᠮᠡᠬᠡᠳᠦ ᠪᠠᠭᠠᠳᠤᠷ ᠮᠡᠷᠬᠡᠨ ᠪᠤᠳᠤᠯᠭᠠᠳᠠᠢ ᠵᠠᠩᠵᠤᠨ  ᠢ ᠵᠦᠢᠷᠯᠡᠭᠰᠡᠨ ᠶᠤᠮ᠃           ᠮᠤᠷᠢ᠄ ᠮᠤᠷᠢ ᠪᠤᠯ ᠮᠤᠩᠭᠤᠯ ᠦᠨᠳᠦᠰᠦᠳᠡᠨ ᠤ ᠮᠤᠯᠤᠷ ᠡᠷᠳᠡᠨᠢ᠂ ᠠᠷᠤ ᠭᠠᠵᠠᠷ  ᠤᠨ ᠠᠵᠢᠨᠠᠢ ᠬᠦᠯᠦᠭ᠂ ᠮᠠᠯᠴᠢᠨ ᠬᠦᠮᠦᠨ ᠤ ᠬᠡᠶᠢᠮᠤᠷᠢ ᠰᠦᠯᠳᠡ᠂ ᠴᠡᠷᠢᠭ ᠡᠷ᠎ᠡ ᠶᠢᠨ ᠲᠠᠶᠢᠴᠢᠨ ᠬᠠᠨᠢ ᠮᠦᠨ᠃ ᠮᠤᠩᠭᠤᠯ ᠰᠢᠳᠠᠷ᠎ᠠ ᠶᠢᠨ ᠮᠤᠷᠢ ᠶᠢ ᠬᠤᠷ ᠲᠡᠯ ᠲᠠᠢ ᠬᠠᠩᠭᠠᠯ ᠠᠵᠢᠷᠭ᠎ᠠ ᠪᠤᠶᠤ ᠬᠤᠷᠳᠤᠨ ᠭᠦᠶᠦᠳᠡᠯ ᠲᠠᠢ ᠰᠦᠳᠦ ᠭᠡᠭᠦᠦ ᠤᠨᠠᠭ᠎ᠠ ᠪᠠᠨ ᠬᠦᠬᠦᠭᠦᠯᠵᠦ ᠪᠠᠶᠢᠬᠤ ᠪᠠᠷ ᠰᠡᠶᠢᠯᠦᠭᠰᠡᠨ ᠪᠠᠶᠢᠳᠠᠭ᠃ ᠡᠨᠡ ᠨᠢ ᠠᠯᠤᠰ ᠬᠤᠯᠠ ᠶᠢᠨ ᠠᠶᠠᠨ ᠲᠠᠶᠢᠨ ᠳᠤ ᠠᠶᠤᠯ ᠲᠦᠭᠰᠢᠭᠦᠷᠢ ᠶᠢ ᠬᠠᠶᠢᠬᠤᠷᠤᠯ ᠦᠭᠡᠢ ᠲᠠᠪᠬᠢᠳᠠᠭ ᠮᠤᠩᠭᠤᠯ ᠮᠤᠷᠢ ᠶᠢᠨ ︽ᠭᠠᠩ ᠲᠤᠭᠤᠷᠠᠢ︾ ᠶᠢᠨ ᠴᠢᠳᠠᠯ ᠢ ᠲᠦᠷᠰᠦᠯᠡᠵᠡᠢ᠃ ᠮᠤᠩᠭᠤᠯ ᠰᠢᠳᠠᠷ᠎ᠠ ᠶᠢᠨ ᠮᠤᠷᠢᠨ ᠤ ᠬᠦᠨ᠎ᠡ ᠤᠷᠤᠵᠤ ᠠᠴᠠ ᠰᠠᠯᠠᠭ᠎ᠠ ᠬᠢᠵᠦ᠂ ᠴᠦᠮᠦᠷᠡᠯᠳᠦᠨ ᠲᠠᠭᠠᠷᠢᠯᠳᠠ ᠬᠢᠬᠦ ᠤᠨᠴᠠᠯᠢᠭ ᠨᠢ ᠮᠤᠩᠭᠤᠯ ᠮᠤᠷᠢᠳᠤ ᠴᠡᠷᠢᠭ ᠤᠨ ᠮᠤᠷᠢᠨ ᠵᠢᠭᠰᠠᠭᠠᠯ ᠤᠨ ᠰᠦᠷ ᠵᠢᠪᠬᠤᠯᠠᠩ ᠲᠠᠢ  ᠪᠠᠷ ᠤᠬᠤᠷᠢᠵᠤ ᠰᠠᠬᠢᠬᠤ᠂ ᠤᠷᠤᠬᠰᠢᠯᠠᠬᠤ᠂ ᠲᠠᠭᠠᠷᠢᠬᠤ ᠬᠦᠳᠡᠯᠭᠡᠭᠡᠨᠳᠤ ᠲᠠᠶᠢᠨ ᠤ ᠪᠤᠳᠤᠯᠭ᠎ᠠ ᠶᠢ ᠲᠦᠪᠯᠡᠷᠡᠭᠦᠯᠦᠨ ᠲᠤᠰᠬᠠᠵᠠᠢ᠃         ᠲᠡᠮᠡᠭᠡ᠄ ᠲᠡᠮᠡᠭᠡ ᠪᠤᠯ ᠮᠤᠩᠭᠤᠯ ᠭᠠᠵᠠᠷ ᠤᠨ ᠨᠡᠭᠦᠳᠡᠯ ᠠᠵᠤ ᠠᠬᠤᠢ ᠳᠤ ᠲᠤᠳᠠᠭᠳᠠᠵᠤ ᠪᠤᠯᠤᠰᠢ ᠦᠭᠡᠢ ᠠᠴᠢᠶ᠎ᠠ ᠵᠦᠭᠡᠭᠡᠪᠦᠷᠢ ᠶᠢᠨ ᠬᠡᠷᠡᠭᠰᠡᠯ ᠮᠦᠨ᠃ ᠮᠤᠩᠭᠤᠯ ᠰᠢᠳᠠᠷ᠎ᠠ ᠶᠢᠨ ᠲᠡᠮᠡᠭᠡ ᠶᠢ ᠰᠢᠯᠢ ᠪᠠᠨ ᠬᠠᠨᠳᠠᠷᠴᠤ ᠰᠡᠭᠦᠯ  ᠢᠶᠠᠨ ᠰᠠᠪᠠᠵᠤ ᠪᠠᠶᠢᠭ᠎ᠠ ᠭᠠᠯᠵᠠᠭᠤ ᠪᠤᠤᠷ᠎ᠠ ᠪᠤᠶᠤ ᠠᠴᠢᠶ᠎ᠠ ᠬᠦᠰᠭᠡ ᠲᠠᠢ ᠠᠯᠤᠰ ᠭᠠᠵᠠᠷ ᠠᠶᠠᠯᠠᠨ ᠶᠠᠪᠤᠳᠠᠭ ᠠᠳᠠᠨ ᠲᠡᠮᠡᠭᠡ ᠪᠠᠷ ᠰᠡᠶᠢᠯᠦᠭᠰᠡᠨ ᠪᠠᠶᠢᠳᠠᠭ᠃ ᠡᠨᠡ ᠨᠢ ᠴᠠᠰᠤ ᠪᠤᠷᠤᠭᠠᠨ ᠬᠦᠢᠳᠡᠨ ᠬᠠᠭᠰᠠᠷᠠᠭ᠎ᠠ ᠪᠠ ᠦᠯᠦᠰᠴᠤ ᠦᠯᠪᠡᠷᠬᠦ  ᠠᠴᠠ ᠠᠶᠤᠬᠤ ᠦᠭᠡᠢ᠂ ᠨᠡᠯᠢᠶᠡᠳ ᠡᠳᠦᠷ ᠬᠤᠨᠤᠭ ᠢᠶᠠᠷ ᠲᠡᠰᠪᠤᠷᠢᠯᠡᠨ ᠶᠠᠪᠤᠵᠤ ᠴᠢᠳᠠᠳᠠᠭ ᠮᠤᠩᠭᠤᠯ ᠤᠷᠤᠨ ᠤ ᠤᠷᠳᠤ ᠬᠦᠯ ᠲᠠᠢ ᠤᠳᠠᠭᠠᠨ ᠲᠠᠭᠠᠭᠠᠮᠠᠭᠠᠢ ᠲᠡᠮᠡᠭᠡ ᠶᠢᠨ ᠲᠦᠷᠢ ᠶᠢ ᠦᠵᠡᠭᠦᠯᠵᠡᠢ᠃         ᠬᠠᠰᠠᠭ᠄ ᠬᠠᠰᠠᠭ ᠲᠡᠷᠭᠡ ᠪᠤᠯ ᠮᠤᠩᠭᠤᠯ ᠤᠨ ᠦᠨᠳᠦᠷᠯᠢᠭ ᠲᠤ ᠠᠯᠢ ᠡᠷᠳᠡᠨ ᠠᠴᠠ ᠬᠡᠷᠡᠭᠯᠡᠭᠰᠡᠭᠡᠷ ᠢᠷᠡᠭᠰᠡᠨ ᠵᠦᠭᠡᠭᠡᠪᠤᠷᠢ ᠶᠢᠨ ᠭᠤᠤᠯ ᠪᠠᠭᠠᠵᠢ ᠮᠦᠨ᠃ ᠬᠠᠩᠭᠠᠢ ᠲᠡᠷᠭᠡ᠂ ᠬᠠᠰᠠᠭ ᠲᠡᠷᠭᠡ᠂ ᠦᠨᠳᠦᠷ ᠲᠡᠷᠭᠡ᠂ ᠦᠵᠢᠶᠡᠨ ᠲᠡᠷᠭᠡ᠂ ᠦᠯᠴᠢᠭᠡᠳᠡᠢ ᠲᠡᠷᠭᠡ ᠪᠤᠯ ᠮᠤᠩᠭᠤᠯ ᠤᠨ ᠨᠡᠭᠦᠳᠡᠯ ᠠᠮᠢᠳᠤᠷᠠᠯ ᠤᠨ ᠪᠦᠳᠦᠭᠡᠯ ᠶᠤᠮ᠃ ᠬᠦᠰᠭᠡ ᠲᠡᠷᠭᠡ  ᠪᠠᠨ ᠬᠦᠳᠦᠯᠵᠦ ᠬᠦᠯᠦᠭ ᠮᠤᠷᠢ ᠪᠠᠨ ᠤᠨᠤᠵᠤ ᠶᠠᠪᠤᠳᠠᠭ ᠮᠤᠩᠭᠤᠯᠴᠤᠳ ᠲᠤ ᠲᠡᠷᠭᠡ ᠪᠤᠯ ᠶᠠᠷᠤ ᠠᠴᠠ ᠲᠤᠳᠠᠭᠳᠠᠵᠤ ᠪᠤᠯᠤᠰᠢ ᠦᠭᠡᠢ ᠦᠢᠯᠡᠳᠪᠦᠷᠢᠯᠡᠯ ᠠᠮᠢᠳᠤᠷᠠᠯ ᠤᠨ ᠬᠡᠷᠡᠭᠰᠡᠯ ᠮᠦᠨ᠃ ᠡᠶᠢᠮᠦ ᠠᠴᠠ ᠮᠤᠩᠭᠤᠯ ᠰᠢᠳᠠᠷ᠎ᠠ ᠳᠤ ᠬᠠᠰᠠᠭ ᠲᠡᠷᠭᠡ ᠪᠤᠶᠤ ᠬᠠᠮ ᠲᠡᠷᠭᠡ ᠶᠢ ᠰᠡᠶᠢᠯᠦᠭᠰᠡᠨ ᠪᠠᠶᠢᠳᠠᠭ᠃         ᠬᠦᠦ᠄ ᠮᠤᠩᠭᠤᠯᠴᠤᠳ ᠦᠷ᠎ᠡ ᠬᠡᠤᠬᠡᠳ ᠢᠶᠠᠨ ᠠᠷᠠᠳ ᠤᠨ ᠦᠨᠳᠦᠰᠦ᠂ ᠠᠮᠢᠳᠤ ᠡᠷᠳᠡᠨᠢ ᠪᠤᠯᠭᠠᠨ ᠦᠵᠡᠳᠡᠭ᠃ ᠡᠶᠢᠮᠦ ᠠᠴᠠ ᠮᠤᠩᠭᠤᠯ ᠰᠢᠳᠠᠷ᠎ᠠ ᠶᠢᠨ ᠨᠠᠢᠮᠠᠨ ᠰᠠᠭᠤᠳᠠᠯ ᠢ ᠲᠦᠭᠦᠷᠡᠩ ᠡᠵᠡᠯᠡᠭᠦᠯᠦᠨ ᠠᠷᠠᠳ ᠢᠷᠭᠡᠳ ᠠᠴᠢ ᠦᠷ᠎ᠡ ᠪᠠᠨ ᠲᠦᠯᠦᠭᠡᠯᠡᠭᠦᠯᠪᠡ᠃ ᠮᠤᠩᠭᠤᠯ ᠰᠢᠳᠠᠷ᠎ᠠ ᠶᠢᠨ ᠬᠦᠦ ᠶᠢ ᠤᠷᠤᠯᠳᠤᠭᠠᠨ  ᠤ ᠮᠤᠷᠢ ᠤᠨᠤᠭᠰᠠᠨ ᠪᠤᠶᠤ ᠪᠦᠬᠡ ᠪᠠᠷᠢᠯᠳᠤᠵᠤ ᠪᠠᠶᠢᠭ᠎ᠠ ᠬᠡᠤᠬᠡᠳ  ᠤᠨ ᠶᠠᠩᠵᠤ ᠪᠠᠷ ᠤᠷᠠᠯᠠᠨ ᠰᠡᠶᠢᠯᠦᠭᠰᠡᠨ ᠶᠤᠮ᠃ ᠡᠳᠡᠭᠡᠷ ᠬᠡᠤᠬᠡᠳ   ᠨᠢ  ᠦᠵᠦᠭᠦᠷ ᠲᠤ  ᠬᠦᠷᠪᠡᠯ᠂ ᠵᠢᠰᠢᠭᠦᠦ  ᠱᠤᠭᠤᠮ   ᠢᠶᠠᠷ  ᠨᠢᠳᠤ   ᠲᠠᠢ  ᠬᠠᠩᠭᠠᠢ  ᠪᠤᠶᠤ  ᠪᠠᠷᠰ  ᠪᠤᠯᠭᠠᠨ ᠬᠤᠪᠢᠷᠠᠭᠤᠯᠳᠠᠭ᠃         ᠮᠤᠩᠭᠤᠯ ᠰᠢᠳᠠᠷ᠎ᠠ ᠶᠢᠨ ᠤᠯᠠᠷᠢᠨ ᠬᠤᠪᠢᠰᠬᠤ ᠨᠢ ᠲᠤᠩ ᠤᠷᠠᠨ ᠨᠠᠷᠢᠨ ᠪᠦᠭᠡᠳ ᠪᠤᠳᠤᠯᠢᠶᠠᠨ ᠲᠠᠢ ᠪᠠᠶᠢᠳᠠᠭ᠃ ᠤᠷᠤᠭᠰᠢᠯᠠᠬᠤ᠂ ᠤᠬᠤᠷᠢᠬᠤ᠂ ᠲᠤᠪᠳᠤᠯᠬᠤ᠂ ᠬᠤᠷᠢᠭᠯᠠᠬᠤ᠂ ᠭᠡᠳᠡᠷᠭᠦ ᠲᠠᠭᠠᠷᠢᠬᠤ᠂ ᠭᠡᠨᠡᠳᠳᠡ ᠪᠠᠷ ᠴᠦᠮᠦᠷᠡᠨ ᠤᠷᠤᠬᠤ᠂ ᠬᠠᠯᠬᠠᠯᠠᠬᠤ᠂ ᠵᠠᠶᠢᠯᠠᠭᠤᠯᠬᠤ᠂ ᠬᠠᠭᠤᠷᠤᠨ ᠮᠡᠭᠡᠯᠡᠵᠦ᠂ ᠪᠤᠴᠠᠵᠤ ᠪᠤᠷᠤᠭᠤᠯᠠᠬᠤ ᠂ ᠪᠠᠬᠢᠯᠠᠵᠦ ᠰᠠᠬᠢᠬᠤ᠂ ᠬᠠᠷᠰᠢ ᠰᠠᠭᠠᠳ ᠬᠢᠬᠦ᠂ ᠪᠤᠭᠤᠭᠳᠠᠭᠤᠯᠬᠤ᠂ ᠪᠤᠳᠠ ᠬᠠᠶᠠᠵᠤ ᠦᠳᠦᠭᠡᠬᠦ᠂ ᠵᠡᠭᠦᠨ ᠢ ᠵᠢᠭᠠᠵᠤ ᠪᠠᠷᠠᠭᠤᠨ  ᠢ ᠴᠤᠬᠢᠬᠤ᠂ ᠤᠷᠤᠨ ᠰᠤᠯᠠᠯᠠᠵᠤ ᠵᠠᠮ ᠨᠡᠭᠡᠭᠡᠬᠦ ᠵᠡᠷᠭᠡ ᠤᠯᠠᠨ ᠠᠷᠭ᠎ᠠ ᠰᠠᠮᠪᠠᠭ᠎ᠠ ᠶᠢ ᠬᠡᠷᠡᠭᠯᠡᠵᠦ ᠪᠠᠶᠢᠭᠠᠳ ᠨᠦᠬᠦᠭᠡ ᠡᠳᠡᠭᠡᠳ ᠤᠨ ᠪᠤᠳᠠ ᠬᠦᠦ ᠶᠢ ᠤᠰᠠᠳᠬᠠᠨ᠂ ᠪᠠᠬᠢᠯᠡᠯᠳᠡ ᠶᠢ ᠡᠪᠳᠡᠵᠦ᠂ ᠪᠤᠭᠤᠮᠳᠠ ᠶᠢ ᠡᠵᠡᠯᠡᠨ ᠢᠯᠠᠯᠳᠠ ᠤᠯᠬᠤ  ᠳᠤ ᠬᠦᠷᠭᠡᠳᠡᠭ᠃ ᠲᠡᠭᠦᠨ ᠤ ᠰᠤᠨᠢᠨ ᠨᠢᠭᠤᠴᠠ ᠠᠷᠭ᠎ᠠ ᠪᠤᠳᠤᠯᠭ᠎ᠠ ᠶᠢ ᠰᠦᠪᠡᠭᠴᠢᠯᠡᠨ ᠪᠤᠳᠤᠳᠠᠭ ᠨᠢ ᠬᠦᠮᠦᠰ ᠲᠤ ᠲᠠᠷᠤᠤ ᠬᠢᠴᠢᠶᠡᠩᠭᠦᠢ ᠪᠠᠷᠳᠠᠮᠨᠠᠬᠤ ᠦᠭᠡᠢ᠂ ᠪᠠᠰᠤᠬᠤ ᠦᠭᠡᠢ᠂ ᠪᠠᠭᠠᠳᠤᠷᠯᠢᠭ ᠪᠦᠭᠡᠳ ᠪᠤᠳᠠᠰᠴᠢ ᠬᠤᠪᠢᠰᠤᠩᠭᠤᠢ ᠦᠵᠡᠯ ᠢᠶᠠᠷ ᠠᠰᠠᠭᠤᠳᠠᠯ ᠢ ᠦᠵᠡᠬᠦ ᠠᠷᠭ᠎ᠠ ᠶᠢ ᠡᠵᠡᠮᠰᠢᠭᠦᠯᠬᠦ᠂ ᠪᠤᠳᠤᠯᠢᠶᠠᠨ ᠲᠠᠢ ᠪᠠᠶᠢᠳᠠᠯ ᠢ ᠠᠵᠢᠭᠯᠠᠨ ᠰᠢᠨᠵᠢᠬᠦ᠂ ᠵᠦᠢᠴᠢᠯᠡᠨ ᠮᠠᠭᠠᠳᠯᠠᠬᠤ ᠴᠢᠳᠠᠪᠤᠷᠢ ᠶᠢ ᠨᠢ ᠲᠡᠭᠡᠭᠰᠢᠯᠡᠭᠦᠯᠳᠡᠭ᠃       ᠮᠤᠩᠭᠤᠯ ᠰᠢᠳᠠᠷ᠎ᠠ ᠶᠢᠨ ᠬᠦᠦ ᠲᠠᠶᠢᠰᠤᠨ ᠤ ᠠᠷᠤ ᠬᠠᠯᠬᠠᠪᠴᠢ ᠳᠤ ᠭᠠᠷᠤᠭᠰᠠᠨ ᠤ ᠰᠡᠭᠦᠯᠡᠷ ᠬᠠᠮᠤᠭ ᠡᠴᠦᠰ  ᠤᠨ ᠬᠦᠨᠳᠡᠯᠡᠨ ᠱᠤᠭᠤᠮ ᠳᠤ ᠬᠦᠷᠪᠡᠯ ᠲᠡᠷᠡ ᠲᠤᠤᠷ᠎ᠠ ᠪᠠᠨ ᠶᠠᠮᠠᠷ ᠨᠢᠭᠡᠨ ᠪᠤᠳᠠ ᠦᠭᠡᠢ ᠭᠠᠵᠠᠷ ᠪᠠᠶᠢᠪᠠᠯ ᠲᠡᠭᠦᠨ ᠢ ᠨᠦᠬᠦᠪᠦᠷᠢᠯᠡᠨ᠎ᠡ᠃ ᠡᠨᠡ ᠨᠢ ᠰᠤᠯᠠ ᠴᠡᠷᠢᠭ ᠪᠤᠯᠪᠠᠴᠤ ᠭᠠᠪᠢᠶ᠎ᠠ ᠪᠠᠶᠢᠭᠤᠯᠵᠤ ᠲᠠᠶᠢᠰᠤᠨ ᠤ ᠠᠷᠤ ᠪᠠᠬᠢᠯᠡᠯᠳᠡ ᠳᠤ ᠬᠦᠷᠦᠭᠰᠡᠨ ᠲᠤᠯᠠ ᠲᠠᠶᠢᠨ ᠪᠠᠶᠢᠯᠳᠤᠭᠠᠨ  ᠤ ᠲᠤᠮᠳᠠ ᠶᠠᠮᠠᠷ ᠨᠢᠭᠡᠨ ᠦᠬᠦᠭᠰᠡᠨ ᠵᠠᠩᠵᠤᠨ ᠢ ᠤᠷᠤᠯᠠᠵᠤ ᠲᠠᠶᠢᠨ ᠪᠠᠶᠢᠯᠳᠤᠭᠠᠨ ᠢ ᠤᠳᠤᠷᠢᠳᠤᠨ ᠶᠠᠪᠤᠭᠤᠯᠵᠤ ᠪᠠᠶᠢᠭ᠎ᠠ ᠶᠠᠪᠤᠳᠠᠯ ᠪᠤᠯᠤᠨ᠎ᠠ᠃       ᠮᠤᠩᠭᠤᠯ ᠰᠢᠳᠠᠷ᠎ᠠ ᠶᠢᠨ ᠢᠯᠠᠭᠰᠠᠨ ᠡᠳᠡᠭᠡᠳ ᠨᠢ ᠶᠠᠮᠠᠷ ᠶᠡᠭᠡ ᠱᠦᠭᠦᠳᠡᠯ ᠢᠶᠠᠷ ᠢᠯᠠᠭᠰᠠᠨ ᠪᠤᠯᠪᠠᠴᠤ ᠨᠦᠭᠦᠬᠡ ᠡᠳᠡᠭᠡᠳ ᠲᠤ ᠪᠠᠨ ᠵᠠᠪᠠᠯ ᠨᠢᠭᠡ ᠬᠦᠦ ᠦᠯᠡᠳᠡᠭᠡᠨ ᠦᠭᠬᠦ ᠶᠤᠰᠤᠳᠠᠢ᠂ ᠡᠨᠡ ᠨᠢ ᠮᠤᠩᠭᠤᠯᠴᠤᠳ ᠠᠮᠢᠳᠤᠷᠠᠯ ᠪᠠ ᠲᠠᠶᠢᠨ ᠪᠠᠶᠢᠯᠳᠤᠭᠠᠨ ᠤ ᠲᠤᠮᠳᠠ ᠪᠠᠨ ᠡᠰᠡᠷᠬᠦ ᠲᠠᠶᠢᠰᠤᠨ ᠳᠤ ᠪᠠᠨ ᠵᠠᠪᠠᠯ ᠨᠢᠭᠡ ᠬᠦᠦ ᠦᠯᠡᠳᠡᠭᠡᠨ ᠦᠭᠬᠦ ᠶᠤᠰᠤ ᠶᠢ ᠵᠢᠷᠤᠮᠯᠠᠨ ᠬᠦᠮᠦᠨ ᠢ ᠦᠷ᠎ᠡ ᠠᠴᠢ ᠨᠠᠷ ᠦᠭᠡᠢ  ᠪᠤᠯᠳᠠᠯ᠎ᠠ ᠦᠨᠳᠦᠰᠦ ᠶᠢ ᠨᠢ ᠲᠠᠰᠤᠯᠬᠤ ᠶᠢ ᠤᠨᠴᠠ ᠴᠡᠭᠡᠷᠯᠡᠳᠡᠭ ᠵᠠᠩᠰᠢᠯ ᠠᠴᠠ ᠢᠷᠡᠭᠰᠡᠨ ᠲᠦᠷᠢᠮ ᠪᠤᠯᠤᠨ᠎ᠠ  ᠃       ᠮᠤᠷᠢ ᠪᠠᠷ ᠱᠦᠭᠦᠳᠡᠯ ᠤᠨ ᠨᠢᠭᠡᠨ ᠪᠠᠭᠠᠵᠢ ᠪᠤᠯᠭᠠᠨ ᠱᠠᠯᠠᠵᠤ ᠦᠩᠭᠡᠷᠡᠭᠦᠯᠬᠦ ᠠᠴᠠ ᠪᠢᠰᠢ ᠬᠠᠮᠤᠭ ᠲᠡᠭᠦᠰᠭᠡᠯ  ᠤᠨ ᠱᠠᠯᠠᠭ᠎ᠠ ᠬᠢᠬᠦ ᠶᠢ ᠴᠡᠭᠡᠷᠯᠡᠨ᠎ᠡ᠃ ᠡᠨᠡ ᠨᠢ ᠮᠤᠩᠭᠤᠯ ᠤᠨ ᠠᠮᠢᠳᠤᠷᠠᠯ ᠤᠨ ᠲᠤᠮᠳᠠ᠂ ᠬᠦᠮᠦᠨ ᠢ ᠮᠤᠷᠢᠨ ᠴᠢᠳᠤᠷ ᠢᠶᠠᠷ ᠴᠢᠳᠦᠷᠯᠡᠬᠦ ᠦᠭᠡᠢ ᠵᠠᠩᠰᠢᠯ ᠠᠴᠠ ᠢᠷᠡᠯ ᠲᠠᠢ ᠪᠠᠶᠢᠵᠤ ᠮᠡᠳᠡᠨ᠎ᠡ  ᠃           ᠮᠤᠩᠭᠤᠯ ᠰᠢᠳᠠᠷ᠎ᠠ ᠶᠢᠨ ᠬᠠᠮᠤᠭ ᠶᠡᠭᠡ ᠱᠦᠭᠦᠳᠡᠯ ᠳ᠋ᠠᠮᠳᠠᠭᠠᠷ ᠪᠤᠯ ᠨᠡᠶᠢᠳᠡ ᠲᠠᠪᠤᠨ ᠱᠠᠯᠠᠭ᠎ᠠ ᠪᠠᠷ ᠱᠠᠯᠠᠵᠤ ᠲᠡᠭᠦᠰᠬᠡᠨ᠎ᠡ᠃ ᠱᠠᠯᠠᠭ᠎ᠠ ᠪᠦᠷᠢ ᠶᠢᠨ ᠲᠤᠭᠳᠠᠭᠰᠠᠨ ᠦᠭᠡᠰ ᠨᠢ  ᠄           ᠲᠡᠭᠷᠢ ᠶᠢᠨ ᠬᠦᠦ ᠳ᠋ᠠᠮᠳᠠᠭᠠᠷ ᠲᠡᠷᠢᠭᠦᠨ           ᠲᠡᠭᠡᠷ᠎ᠡ ᠴᠢᠨᠢ ᠨᠢᠷᠭᠢᠨ᠎ᠡ ᠱᠠ ᠂           ᠬᠠᠰᠠᠭ ᠲᠡᠷᠭᠡ ᠪᠠᠷ ᠲᠠᠭᠠᠷᠢᠭᠤᠯᠤᠨ᠎ᠠ ᠱᠠ᠂           ᠬᠠᠷ᠎ᠠ ᠪᠤᠤᠷ᠎ᠠ ᠪᠠᠷ ᠲᠡᠪᠰᠡᠭᠦᠯᠦᠨ᠎ᠡ ᠱᠠ ᠂           ᠦᠷᠦᠭᠡᠯᠳᠦ ᠮᠤᠷᠢ ᠪᠠᠷ ᠢᠰᠭᠦᠯᠦᠭᠦᠯᠦᠨ᠎ᠡ ᠱᠠ ᠂           ᠦᠨᠦᠴᠢᠨ ᠬᠦᠦ ᠪᠠᠷ ᠦᠬᠦᠬᠦᠯᠦᠨ᠎ᠡ ᠱᠠ ᠭᠡᠮᠡᠨ ᠲᠡᠭᠦᠰᠭᠡᠨ᠎ᠡ ᠃         ︽ᠱᠠ︾ ᠭᠡᠭᠴᠢ ᠨᠢ ᠱᠠᠯᠠᠭ᠎ᠠ ᠶᠢ ᠲᠦᠭᠦᠮᠴᠢᠯᠡᠭᠰᠡᠨ ᠮᠤᠩᠭᠤᠯ ᠰᠢᠳᠠᠷ᠎ᠠ ᠶᠢᠨ ᠲᠤᠰᠬᠠᠢ ᠨᠡᠷᠡᠰ᠃       ᠬᠤᠶᠠᠷ᠂ ᠮᠤᠩᠭᠤᠯ ᠰᠢᠳᠠᠷ᠎ᠠ ᠪᠤᠯᠤᠨ ᠲᠡᠯᠡᠭᠡᠢ ᠶᠢᠨ ᠰᠢᠳᠠᠷ᠎ᠠ ᠶᠢᠨ ᠵᠦᠷᠢᠶ᠎ᠡ       ᠮᠤᠩᠭᠤᠯ ᠰᠢᠳᠠᠷ᠎ᠠ 800 ᠤᠨ ᠤ ᠲᠡᠤᠬᠡ ᠲᠠᠢ᠂ ᠲᠡᠯᠡᠭᠡᠢ ᠶᠢᠨ ᠰᠢᠳᠠᠷ᠎ᠠ 13 ᠳ᠋ᠤᠭᠠᠷ ᠵᠠᠭᠤᠨ  ᠤ ᠦᠶ᠎ᠡ ᠠᠴᠠ ᠡᠭᠦᠰᠦᠭᠰᠡᠨ ᠲᠡᠤᠬᠡ ᠲᠠᠢ᠂ ᠮᠤᠩᠭᠤᠯ ᠰᠢᠳᠠᠷ᠎ᠠ ᠪᠤᠯᠤᠨ ᠲᠡᠯᠡᠭᠡᠢ ᠶᠢᠨ ᠰᠢᠳᠠᠷ᠎ᠠ ᠶᠢᠨ ᠬᠦᠯᠬᠡ᠂ ᠰᠠᠭᠤᠳᠠᠯ᠂ ᠬᠦᠦ ᠪᠤᠳᠠ ᠶᠢᠨ ᠲᠤᠭ᠎ᠠ ᠨᠢᠭᠡᠨ ᠠᠳᠠᠯᠢ ᠵᠦᠪᠬᠡᠨ ᠨᠡᠭᠦᠳᠡᠯᠯᠡᠬᠦ ᠠᠷᠭ᠎ᠠ ᠨᠢ ᠵᠦᠷᠢᠶ᠎ᠡ ᠲᠠᠢ᠃ ᠲᠡᠯᠡᠬᠡᠢ  ᠶᠢᠨ ᠰᠢᠳᠠᠷ᠎ᠠ  ᠪᠤᠯ  ᠨᠤᠶᠠᠨ  ᠪᠠ   ᠲᠡᠷᠭᠡ ᠬᠦᠳᠡᠯᠦᠭᠰᠡᠨ  ᠦᠭᠡᠢ  ᠪᠤᠯ  ᠬᠤᠶᠠᠭᠤᠯᠠ  ᠰᠠᠭᠤᠳᠠᠯ ᠢᠶᠠᠨ ᠰᠤᠯᠢᠵᠤ ᠪᠤᠯᠤᠨ᠎ᠠ᠃       ᠮᠤᠩᠭᠤᠯ ᠰᠢᠳᠠᠷ᠎ᠠ ᠬᠦᠳᠡᠯᠭᠦ ᠡᠰᠡᠬᠦ ᠶᠢ ᠬᠠᠮᠢᠶᠠᠷᠬᠤ ᠦᠭᠡᠢ᠂ ᠨᠤᠶᠠᠨ᠂ ᠲᠡᠷᠭᠡ ᠶᠢᠨ ᠰᠠᠭᠤᠳᠠᠯ  ᠢ ᠶᠠᠷᠦ ᠰᠤᠯᠢᠵᠤ ᠪᠤᠯᠬᠤ ᠦᠭᠡᠢ᠃         ᠲᠡᠯᠡᠬᠡᠢ ᠶᠢᠨ ᠰᠢᠳᠠᠷ᠎ᠠ ᠡᠬᠢᠯᠡᠨ ᠨᠡᠭᠦᠭᠦ ᠦᠶ᠎ᠡ ᠳᠤ ᠪᠤᠳᠠ ᠪᠤᠶᠤ ᠬᠦᠦ ᠶᠢᠨ ᠠᠯᠢ ᠨᠢ ᠴᠤ ᠪᠦᠷ ᠤᠷᠢᠳᠴᠢᠯᠡᠨ ᠨᠡᠭᠦᠵᠦ ᠪᠤᠯᠤᠨ᠎ᠠ᠃ ᠮᠤᠩᠭᠤᠯ ᠰᠢᠳᠠᠷ᠎ᠠ ᠶᠢᠨ ᠡᠬᠢᠯᠡᠯ ᠤᠨ ᠨᠡᠭᠦᠳᠡᠯ ᠡᠷᠬᠡᠪᠰᠢ ᠪᠠᠷᠰ ᠤᠨ ᠡᠮᠦᠨᠡᠬᠢ ᠬᠦᠦ ᠤᠷᠤᠭᠰᠢ ᠨᠡᠬᠦᠬᠦ ᠪᠤᠶᠤ ᠬᠤᠶᠠᠷ ᠡᠳᠡᠭᠡᠳ ᠬᠠᠷᠢᠯᠴᠠᠨ ᠲᠤᠭᠳᠠᠭᠰᠠᠨ ᠪᠠᠶᠢᠪᠠᠯ ᠨᠤᠶᠠᠨ ᠤ ᠡᠮᠦᠨᠡᠬᠢ ᠬᠦᠦ  ᠠᠴᠠ  ᠡᠬᠢᠯᠡᠨ  ᠨᠡᠬᠦᠬᠦ  ᠵᠠᠩᠰᠢᠯ   ᠲᠠᠢ᠃ ᠭᠡᠪᠡᠴᠦ  ᠪᠤᠰᠤᠳ  ᠪᠤᠳᠠ  ᠪᠠ  ᠬᠦᠦ   ᠠᠴᠠ  ᠡᠬᠢᠯᠡᠨ  ᠨᠡᠭᠦᠵᠦ ᠪᠤᠯᠬᠤ ᠦᠭᠡᠢ᠃         ᠲᠡᠯᠡᠭᠡᠢ ᠶᠢᠨ ᠰᠢᠳᠠᠷ᠎ᠠ ᠶᠢᠨ ᠬᠦᠦ ᠡᠬᠢᠯᠡᠨ ᠤᠷᠤᠭᠰᠢ ᠨᠡᠭᠦᠭᠦ ᠳᠤ ᠪᠠᠨ ᠨᠢᠭᠡ ᠪᠤᠶᠤ ᠬᠤᠶᠠᠷ ᠰᠠᠭᠤᠳᠠᠯ ᠢᠶᠠᠷ ᠪᠦᠷ ᠤᠷᠤᠭᠰᠢ ᠨᠡᠭᠦᠵᠦ ᠪᠤᠯᠤᠨ᠎ᠠ᠃ ᠮᠤᠩᠭᠤᠯ ᠰᠢᠳᠠᠷ᠎ᠠ ᠶᠢᠨ ᠨᠤᠶᠠᠨ ᠪᠤᠶᠤ ᠪᠠᠷᠰ ᠤᠨ ᠡᠮᠦᠨᠡᠬᠢ ᠬᠦᠦ ᠡᠬᠢᠯᠡᠨ ᠨᠡᠭᠦᠭᠦ ᠳᠤ ᠪᠠᠨ ᠨᠢᠭᠡ ᠪᠤᠶᠤ ᠬᠤᠶᠠᠷ ᠰᠠᠭᠤᠳᠠᠯ ᠨᠡᠭᠦᠵᠤ ᠪᠤᠯᠬᠤ ᠠᠴᠠ ᠭᠠᠳᠠᠨ᠎ᠠ᠂ ᠪᠤᠰᠤᠳ ᠬᠦᠦ ᠨᠢ ᠪᠦᠷ ᠨᠢᠭᠡ ᠨᠢᠭᠡ ᠰᠠᠭᠤᠳᠠᠯ ᠢᠶᠠᠷ ᠨᠡᠬᠦᠬᠦ ᠶᠤᠰᠤ ᠲᠠᠢ᠃       ᠲᠡᠯᠡᠬᠡᠢ ᠶᠢᠨ ᠰᠢᠳᠠᠷ᠎ᠠ ᠳᠤ ᠮᠤᠷᠢ ᠪᠤᠶᠤ ᠲᠡᠮᠡᠭᠡ ᠲᠤᠬᠢᠶᠠᠯ ᠲᠠᠢ ᠪᠤᠯ ᠰᠢᠭᠤᠳ ᠨᠤᠶᠠᠨ ᠢ ᠱᠠᠯᠠᠵᠤ ᠲᠡᠭᠦᠰᠬᠡᠨ᠎ᠡ᠃ ᠮᠤᠩᠭᠤᠯ ᠰᠢᠳᠠᠷ᠎ᠠ ᠶᠢᠨ ᠮᠤᠷᠢ ᠲᠡᠮᠡᠭᠡ ᠵᠦᠪᠬᠡᠨ ᠱᠠᠯᠠᠵᠤ ᠦᠩᠭᠡᠷᠡᠬᠦᠯᠬᠦ ᠠᠴᠠ ᠪᠢᠰᠢ ᠰᠢᠭᠤᠳ ᠱᠠᠯᠠᠵᠤ ᠦᠬᠦᠬᠦᠯᠵᠦ ᠪᠤᠯᠬᠤ ᠦᠭᠡᠢ᠃ ᠡᠨᠡ ᠨᠢ ᠠᠮᠢᠳᠠᠨ ᠬᠦᠮᠦᠨ ᠢ ᠠᠯᠠᠵᠤ ᠪᠤᠯᠬᠤ ᠦᠭᠡᠢ ᠭᠡᠰᠡᠨ ᠵᠠᠩᠰᠢᠯ  ᠠᠴᠠ ᠢᠷᠡᠭᠰᠡᠨ ᠪᠠᠶᠢᠨ᠎ᠠ᠃         ᠲᠡᠯᠡᠬᠡᠢ ᠶᠢᠨ ᠰᠢᠳᠠᠷ᠎ᠠ ᠳᠤ ᠵᠠᠪᠰᠢᠶᠠᠨ ᠲᠠᠢ ᠪᠤᠯ ᠪᠤᠳᠠ ᠪᠠ ᠬᠦᠦ ᠶᠢ ᠪᠦᠷ ᠢᠳᠡᠬᠦ ᠶᠢ ᠬᠢᠵᠠᠭᠠᠷᠯᠠᠬᠤ ᠦᠭᠡᠢ᠂ ᠮᠤᠩᠭᠤᠯ ᠰᠢᠳᠠᠷ᠎ᠠ ᠳᠤ ᠪᠤᠯ ᠨᠢᠭᠡ ᠪᠤᠳᠠ ᠪᠤᠶᠤ ᠨᠢᠭᠡ ᠬᠦᠦ ᠦᠯᠡᠳᠡᠭᠡᠬᠦ ᠶᠤᠰᠤ ᠲᠠᠢ᠃ ᠨᠢᠭᠡ ᠪᠤᠳᠠ ᠦᠯᠡᠳᠡᠭᠡᠬᠦ  ᠨᠢ ᠬᠦᠮᠦᠨ ᠤ ᠠᠮᠢᠳᠤᠷᠠᠯ ᠢ ᠬᠤᠭᠤᠰᠤᠷᠠᠳᠠᠯ᠎ᠠ ᠦᠭᠡᠢ ᠪᠤᠯᠭᠠᠬᠤ ᠶᠢ ᠴᠡᠭᠡᠷᠯᠡᠭᠰᠡᠨ ᠮᠤᠩᠭᠤᠯ ᠵᠠᠩᠰᠢᠯ ᠠᠴᠠ ᠢᠷᠡᠭᠰᠡᠨ ᠪᠠᠶᠢᠨ᠎ᠠ᠃                                            
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号