3 ᠰᠠᠷ᠎ᠠ ᠶᠢᠨ 12 ᠤᠨ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ ᠤ ᠪᠥᠬᠦ ᠤᠯᠤᠰ ᠤᠨ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠠᠩᠬᠠᠳᠤᠭᠠᠷ ᠬᠤᠷᠠᠯᠳᠤᠭᠠᠨ ᠤ ᠭᠤᠷᠪᠠᠳᠤᠭᠠᠷ ᠲᠠᠯᠠᠪᠤᠷ ︽ᠰᠠᠶᠢᠳ | ᠨᠠᠷ ᠤᠨ ᠵᠠᠮ︾ ᠤᠨ ᠰᠤᠷᠪᠤᠯᠵᠢᠯᠠᠭ᠎ᠠ ᠶᠠᠪᠤᠠᠠᠳᠠᠵᠦ᠂ ᠤᠯᠤᠰ ᠤᠨ ᠪᠡᠶ᠎ᠡ ᠶᠢᠨ ᠲᠠᠮᠢᠷ ᠤᠨ ᠶᠡᠷᠦᠩᠬᠡᠢ ᠲᠣᠪᠴᠢᠶᠠᠨ ᠤ | ᠳᠠᠷᠤᠭ᠎ᠠ ᠭᠤᠸ ᡁᠢ ᠳ᠋ᠠᠨ ᠮᠥᠰᠥ ᠴᠠᠰᠤᠨ ᠤ ᠲᠠᠮᠢᠷ ᠤᠨ ᠬᠥᠳᠡᠯᠭᠡᠭᠡᠨ ᠤ ᠬᠥᠭᠵᠢᠯᠲᠡ ᠶᠢ ᠲᠦᠯᠬᠢᠨ ᠠᠬᠢᠭᠤᠯᠬᠤ᠂ | ︽ᠭᠤᠷᠪᠠᠨ ᠲᠣᠮᠣ ᠪᠥᠮᠪᠦᠭᠡ︾ ᠶᠢ ᠬᠥᠭᠵᠢᠭᠦᠯᠦᠨ ᠮᠠᠨᠳᠤᠭᠤᠯᠬᠤ᠂ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ | ᠪᠠ ᠵᠠᠯᠠᠭᠤᠴᠤᠳ ᠪᠠᠭᠠᠴᠤᠳ ᠤᠨ ᠪᠡᠶ᠎ᠡ ᠶᠢᠨ ᠲᠠᠮᠢᠷ ᠢ ᠴᠢᠩᠭᠠᠳᠬᠠᠬᠤ ᠵᠡᠷᠭᠡ ᠨᠡᠶᠢᠭᠡᠮ ᠤᠨ ᠠᠩᠬᠠᠷᠤᠯ ᠲᠠᠯᠪᠢᠵᠤ | ᠪᠠᠶᠢᠭ᠎ᠠ ᠠᠰᠠᠭᠤᠳᠠᠯ ᠤᠨ ᠲᠣᠭᠤᠷᠢᠨ ᠳᠤ ᠰᠣᠷᠪᠣᠯᠵᠢᠯᠠᠭᠴᠢᠳ ᠤᠨ ᠠᠰᠠᠭᠤᠯᠲᠠ ᠶᠢ ᠬᠠᠷᠢᠭᠤᠯᠪᠠ᠃ | ︽ᠮᠥᠰᠥ ᠴᠠᠰᠤᠨ ᠤ ᠪᠡᠶ᠎ᠡ ᠶᠢᠨ ᠲᠠᠮᠢᠷ ᠤᠨ ᠬᠥᠳᠡᠯᠭᠡᠭᠡᠨ ᠨᠢ ᠤᠯᠤᠰ ᠤᠷᠤᠨ ᠳᠠᠭᠠᠨ ᠥᠩᠭᠡ ᠭᠡᠷᠡᠯ | ᠨᠡᠮᠡᠷᠢᠯᠡᠬᠦ ᠪᠠᠷ ᠪᠠᠷᠠᠬᠤ ᠦᠭᠡᠢ ᠪᠠᠰᠠ ᠠᠷᠠᠳ ᠲᠦᠮᠡᠨ ᠳᠤ ᠠᠰᠢᠭ ᠲᠤᠰᠠ ᠬᠦᠷᠳᠡᠭᠡᠬᠦ ᠬᠡᠷᠡᠭᠲᠡᠢ︾ | ᠪᠡᠭᠡᠵᠢᠩ ᠤᠨ ᠡᠪᠦᠯ ᠤᠨ ᠤᠯᠢᠮᠫᠢᠺ ᠤᠨ ᠴᠤᠭᠯᠠᠭᠠᠨ᠂ ᠡᠪᠦᠯ ᠤᠨ ᠵᠡᠮᠳᠡᠭᠴᠦᠳ ᠤᠨ ᠤᠯᠢᠮᠫᠢᠺ ᠤᠨ | ᠴᠤᠭᠯᠠᠭᠠᠨ ᠢ ᠠᠮᠵᠢᠯᠲᠠ ᠲᠠᠢ ᠡᠷᠭᠢᠯᠡᠭᠰᠡᠨ ᠵᠢᠯ ᠭᠠᠷᠤᠢ ᠶᠢᠨ ᠲᠤᠷᠰᠢ᠂ ᠪᠡᠭᠡᠵᠢᠩ ᠤᠨ ᠡᠪᠦᠯ ᠤᠨ ᠣᠯᠢᠮᠫᠢᠺ ᠤᠨ | ᠴᠤᠭᠯᠠᠭᠠᠨ ᠤ ᠠᠰᠢᠭ ᠦᠷᠭᠦᠯᠵᠢᠯᠡᠨ ᠭᠠᠷᠴᠤ᠂ ᠪᠡᠭᠡᠵᠢᠩ ᠤᠨ ᠡᠪᠦᠯ ᠤᠨ ᠣᠯᠢᠮᠫᠢᠺ ᠤᠨ ᠴᠤᠭᠯᠠᠭᠠᠨ ᠤ ᠥᠪ | ᠬᠥᠷᠥᠩᠭᠡ ᠶᠢ ᠭᠦᠢᠴᠡᠳ ᠠᠰᠢᠭᠯᠠᠭᠰᠠᠨ ᠪᠠᠶᠢᠨ᠎ᠠ᠃ ᠮᠥᠰᠥ ᠴᠠᠰᠤᠨ ᠤ ᠪᠡᠶ᠎ᠡ ᠶᠢᠨ ᠲᠠᠮᠢᠷ ᠤᠨ ᠬᠥᠳᠡᠯᠭᠡᠭᠡᠨ ᠤ | ᠬᠠᠮᠤᠷᠬᠤ ᠬᠥᠮᠥᠰ ᠨᠠᠩ ᠥᠷᠭᠡᠨ ᠳᠡᠯᠭᠡᠷ ᠪᠣᠯᠵᠤ᠂ ᠠᠵᠢᠯᠯᠠᠭᠠᠨ ᠤ ᠠᠭᠤᠯᠭ᠎ᠠ ᠨᠠᠩ ᠪᠠᠶᠠᠯᠢᠭ ᠪᠣᠯᠵᠤ᠂ | ᠣᠷᠤᠯᠴᠠᠬᠤ ᠠᠷᠭ᠎ᠠ ᠬᠡᠯᠪᠡᠷᠢ ᠨᠠᠩ ᠲᠥᠬᠦᠮ ᠪᠣᠯᠵᠠᠢ᠃ ᠡᠨᠡ ᠵᠢᠯ ᠤᠨ ᠴᠠᠭᠠᠨ ᠰᠠᠷ᠎ᠠ ᠳᠤ᠂ ᠪᠦᠬᠦ ᠤᠯᠤᠰ ᠤᠨ ᠡᠯ᠎ᠡ | ᠶᠡᠭᠡ ᠮᠥᠰᠥᠨ ᠲᠠᠯᠠᠪᠠᠢ᠂ ᠴᠠᠰᠤᠨ ᠤ ᠲᠠᠯᠠᠪᠠᠢ ᠬᠤᠶᠢᠨ᠎ᠠ ᠬᠤᠶᠢᠨ᠎ᠠ ᠠᠴᠠ ᠪᠠᠨ ᠤᠯᠠᠨ ᠤ ᠠᠩᠬᠠᠷᠤᠯ ᠢ ᠲᠠᠲᠠᠵᠤ᠂ | ᠬᠦᠷ ᠬᠥᠭᠵᠢᠶᠡᠨ ᠢᠶᠠᠷ ᠪᠢᠯᠬᠠᠪᠠ᠃ | ᠭᠤᠸ ᡁᠢ ᠳ᠋ᠠᠨ ᠠᠴᠠ ᠡᠨᠡ ᠲᠤᠬᠠᠢ ᠶᠠᠷᠢᠬᠤ ᠳᠠᠭᠠᠨ᠂ ᠡᠪᠦᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠤ | ᠰᠡᠭᠦᠯᠴᠢ ᠶᠢᠨ ᠬᠤᠭᠤᠴᠠᠭᠠᠨ ᠳᠤ᠂ ᠮᠥᠰᠥ ᠴᠠᠰᠤᠨ ᠤ ᠪᠡᠶ᠎ᠡ ᠶᠢᠨ ᠲᠠᠮᠢᠷ ᠤᠨ ᠬᠥᠳᠡᠯᠭᠡᠭᠡᠨ ᠤ ︽ᠡᠮᠦᠨᠡᠰᠢ ᠲᠠᠯᠠᠵᠦ | ᠪᠠᠷᠠᠭᠤᠨᠰᠢ ᠥᠷᠭᠡᠳᠬᠡᠨ ᠵᠡᠭᠦᠨᠰᠢ ᠤᠷᠤᠭᠰᠢᠯᠠᠬᠤ︾ ᠪᠠᠶᠢᠯᠳᠤᠬᠤ ᠪᠣᠳᠣᠯᠭ᠎ᠠ ᠶᠢ ᠦᠷᠭᠦᠯᠵᠢᠯᠡᠨ ᠭᠦᠨᠵᠡᠭᠡᠢ | ᠬᠡᠷᠡᠭᠵᠢᠭᠦᠯᠵᠦ᠂ ︽ᠭᠤᠷᠪᠠᠨ ᠳ᠋ᠦᠩᠰᠢᠭᠤᠷ ᠬᠥᠮᠥᠨ ᠢ ᠳᠠᠶᠢᠴᠢᠯᠠᠨ ᠮᠥᠰᠥ ᠴᠠᠰᠤᠨ ᠤ ᠪᠡᠶ᠎ᠡ ᠶᠢᠨ ᠲᠠᠮᠢᠷ ᠤᠨ | ᠬᠥᠳᠡᠯᠭᠡᠭᠡᠨ ᠳᠤ ᠣᠷᠣᠯᠴᠠᠭᠤᠯᠬᠤ︾ ᠦᠷ᠎ᠡ ᠪᠦᠲᠦᠭᠡᠯ ᠢ ᠦᠷᠭᠦᠯᠵᠢᠯᠡᠨ ᠪᠠᠬᠢᠵᠢᠭᠦᠯᠦᠨ ᠥᠷᠭᠡᠳᠬᠡᠬᠦ ᠬᠡᠷᠡᠭᠲᠡᠢ᠃ | ᠡᠩ ᠲᠡᠷᠢᠭᠦᠨ ᠳᠤ ᠪᠡᠶ᠎ᠡ ᠶᠢᠨ ᠲᠠᠮᠢᠷ ᠪᠠ ᠰᠤᠷᠭᠠᠨ ᠬᠥᠮᠦᠵᠢᠯ ᠤᠨ ᠠᠭᠤᠰᠤᠯᠴᠠᠯ ᠢ ᠭᠦᠨᠵᠡᠭᠡᠶᠢᠷᠡᠭᠦᠯᠵᠦ᠂ ᠳᠥᠷᠪᠡᠨ | ᠶᠠᠮᠤᠨ ᠬᠤᠷᠢᠶ᠎ᠠ ᠶᠢᠨ ︽ᠰᠤᠷᠭᠠᠭᠤᠯᠢ ᠳᠤ ᠰᠤᠷᠭᠠᠭᠴᠢ ᠶᠢᠨ ᠠᠵᠢᠯ ᠤᠨ ᠪᠠᠶᠢᠷᠢ ᠲᠣᠬᠢᠷᠠᠭᠤᠯᠬᠤ ᠲᠤᠬᠠᠢ | ᠬᠡᠷᠡᠭᠵᠢᠭᠦᠯᠬᠦ ᠰᠠᠨᠠᠯ︾ ᠢ ᠭᠦᠨᠵᠡᠭᠡᠢ ᠬᠡᠷᠡᠭᠵᠢᠭᠦᠯᠵᠦ᠂ ᠮᠥᠰᠥ ᠴᠠᠰᠤᠨ ᠤ ᠲᠠᠮᠢᠷ ᠤᠨ ᠬᠥᠳᠡᠯᠭᠡᠭᠡᠨ ᠢ | ᠰᠤᠷᠭᠠᠭᠤᠯᠢ ᠶᠢᠨ ᠬᠦᠷᠢᠶᠡᠨ ᠳᠤ ᠣᠷᠣᠭᠤᠯᠬᠤ ᠰᠢᠨ᠎ᠡ ᠬᠡᠪ ᠵᠠᠭᠪᠤᠷ᠂ ᠰᠢᠨ᠎ᠡ ᠠᠷᠭ᠎ᠠ ᠵᠠᠮ ᠢ ᠬᠠᠶᠢᠨ | ᠰᠦᠪᠡᠭᠴᠢᠯᠡᠨ᠎ᠡ᠃ ᠳᠠᠷᠠᠭᠠᠯᠠᠪᠠᠯ ᠮᠥᠰᠥ ᠴᠠᠰᠤᠨ ᠤ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠤᠯᠠᠨ ᠨᠡᠶᠢᠲᠡ ᠶᠢᠨ | ᠦᠢᠯᠡᠴᠢᠯᠡᠭᠡᠨ ᠤ ᠲᠦᠪᠰᠢᠨ ᠢ ᠴᠢᠨᠠᠭᠰᠢᠳᠠ ᠳᠡᠭᠡᠭᠰᠢᠯᠡᠭᠦᠯᠵᠦ᠂ ᠤᠯᠠᠨ ᠲᠦᠮᠡᠨᠴᠢ ᠮᠥᠰᠥ ᠴᠠᠰᠤᠨ ᠤ ᠤᠯᠠᠷᠢᠯ | ᠵᠡᠷᠭᠡ ᠤᠯᠠᠨ ᠲᠦᠮᠡᠨ ᠤ ᠳᠡᠷᠭᠡᠳᠡᠬᠢ ᠮᠥᠰᠥ ᠴᠠᠰᠤᠨ ᠤ ᠪᠡᠶ᠎ᠡ ᠶᠢᠨ ᠲᠠᠮᠢᠷ ᠤᠨ ᠤᠷᠤᠯᠳᠤᠭᠠᠨ ᠤ ᠠᠵᠢᠯᠯᠠᠭ᠎ᠠ ᠶᠢ | ᠰᠠᠶᠢᠲᠤᠷ ᠡᠷᠬᠢᠯᠡᠵᠦ᠂ ᠤᠯᠠᠨ ᠲᠦᠮᠡᠨ ᠤ ᠳᠡᠷᠭᠡᠳᠡᠬᠢ ᠮᠥᠰᠥ ᠴᠠᠰᠤᠨ ᠤ ᠲᠠᠯᠠᠪᠠᠢ ᠶᠢᠨ ᠲᠥᠬᠦᠭᠡᠷᠦᠮᠵᠢ ᠶᠢ ᠰᠠᠶᠢᠲᠤᠷ | ᠪᠠᠶᠢᠭᠤᠯᠤᠨ᠎ᠠ᠃ ᠭᠤᠷᠪᠠᠳᠤᠭᠠᠷ ᠲᠤ᠂ ᠠᠮᠤᠷ ᠲᠦᠪᠰᠢᠨ ᠤ ᠬᠤᠷᠢᠭ᠎ᠠ ᠱᠤᠭᠤᠮ ᠢ ᠪᠠᠲᠤ ᠰᠠᠬᠢᠵᠤ᠂ ᠠᠷᠠᠳ ᠤᠯᠠᠨ ᠤ | ᠮᠥᠰᠥ ᠴᠠᠰᠤᠨ ᠤ ᠲᠠᠮᠢᠷ ᠤᠨ ᠬᠥᠳᠡᠯᠭᠡᠭᠡᠨ ᠳᠤ ᠣᠷᠤᠯᠴᠠᠬᠤ ᠶᠢᠨ ᠠᠮᠤᠷ ᠲᠦᠪᠰᠢᠨ ᠢ ᠪᠠᠲᠤᠯᠠᠬᠤ ᠬᠡᠷᠡᠭᠲᠡᠢ ᠭᠡᠪᠡ᠃ | ᠭᠤᠸ ᡁᠢ ᠳ᠋ᠠᠨ ᠲᠠᠨᠢᠯᠴᠠᠭᠤᠯᠬᠤ ᠳᠠᠭᠠᠨ᠂ ᠲᠣᠰ ᠤᠷᠤᠯᠳᠤᠭᠠᠨ ᠤ ᠤᠯᠠᠷᠢᠯ ᠠᠴᠠ ᠨᠠᠰᠢ᠂ ᠪᠢᠳᠡ | ᠥᠩᠭᠡᠷᠡᠭᠰᠡᠨ ᠳᠤ ᠴᠥᠭᠡᠨ ᠣᠷᠣᠯᠴᠠᠵᠤ ᠪᠠᠶᠢᠭᠰᠠᠨ ᠮᠥᠰᠥ ᠴᠠᠰᠤᠨ ᠤ ᠣᠯᠠᠨ ᠤᠯᠤᠰ ᠤᠨ ᠤᠷᠤᠯᠳᠤᠭᠠᠨ ᠳᠤ ᠴᠦ | ᠡᠳᠦᠢ ᠲᠡᠳᠦᠢ ᠰᠠᠶᠢᠨ ᠬᠢᠷᠢ ᠪᠦᠲᠦᠮᠵᠢ ᠣᠯᠵᠤ᠂ ᠨᠢᠭᠡ ᠪᠦᠯᠦᠭ ᠵᠠᠯᠠᠭᠤ ᠲᠠᠮᠢᠷᠴᠢᠳ ᠣᠯᠠᠨ ᠤᠯᠤᠰ ᠤᠨ | ᠤᠷᠤᠯᠳᠤᠭᠠᠨ ᠳᠤ ᠠᠪᠢᠶᠠᠰ ᠴᠢᠳᠠᠪᠤᠷᠢ ᠪᠠᠨ ᠭᠠᠶᠢᠬᠠᠭᠤᠯᠵᠤ᠂ ︽ᠮᠢᠯᠠᠨ ᠤ ᠦᠶᠡᠯᠡᠯ ᠤᠨ ᠬᠤᠭᠤᠴᠠᠭ᠎ᠠ︾ ᠶᠢᠨ | ᠡᠪᠦᠯ ᠤᠨ ᠣᠯᠢᠮᠫᠢᠺ ᠤᠨ ᠲᠠᠮᠢᠷ ᠤᠨ ᠴᠤᠭᠯᠠᠭᠠᠨ ᠤ ᠪᠡᠯᠡᠳᠬᠡᠯ ᠪᠠ ᠥᠷᠢᠰᠦᠯᠳᠦᠭᠡᠨ ᠳᠤ ᠣᠷᠤᠯᠴᠠᠬᠤ ᠳᠤ ᠮᠠᠰᠢ | ᠰᠠᠶᠢᠨ ᠰᠠᠭᠤᠷᠢ ᠲᠠᠯᠪᠢᠵᠤ ᠥᠭᠭᠦᠭᠰᠡᠨ ᠪᠠᠶᠢᠨ᠎ᠠ᠃ ᠪᠡᠭᠡᠵᠢᠩ ᠤᠨ ᠡᠪᠦᠯ ᠤᠨ ᠣᠯᠢᠮᠫᠢᠺ ᠤᠨ ᠲᠠᠮᠢᠷ ᠤᠨ | ᠴᠤᠭᠯᠠᠭᠠᠨ ᠤ ᠲᠠᠯᠠᠪᠠᠶ ᠣᠷᠳᠣᠨ ᠢ ᠦᠷᠭᠦᠯᠵᠢᠯᠡᠨ ᠳᠠᠬᠢᠨ ᠠᠰᠢᠭᠯᠠᠬᠤ ᠶᠢ ᠢᠳᠡᠪᠬᠢᠲᠡᠢ ᠠᠬᠢᠭᠤᠯᠵᠤ᠂ ᠥᠨᠳᠥᠷ | ᠲᠦᠪᠰᠢᠨ ᠪᠦᠬᠦᠢ ᠤᠯᠠᠨ ᠤᠯᠤᠰ ᠤᠨ ᠮᠥᠰᠥ ᠴᠠᠰᠤᠨ ᠤ ᠤᠷᠤᠯᠳᠤᠭᠠᠨ ᠢ ᠢᠳᠡᠪᠬᠢᠲᠡᠢ ᠪᠠᠷ ᠡᠷᠡᠮᠡᠯᠵᠡᠯᠡᠨ ᠡᠷᠬᠢᠯᠡᠬᠦ | ᠪᠠ ᠪᠡᠯᠡᠳᠬᠡᠨ ᠡᠷᠬᠢᠯᠡᠵᠦ᠂ ᠤᠯᠠᠨ ᠤᠯᠤᠰ ᠤᠨ ᠮᠥᠰᠥ ᠴᠠᠰᠤᠨ ᠤ ᠲᠠᠮᠢᠷ ᠤᠨ ᠬᠥᠳᠡᠯᠭᠡᠭᠡᠨ ᠤ ᠬᠠᠮᠲᠤᠷᠠᠯᠴᠠᠭ᠎ᠠ ᠶᠢ | ᠴᠢᠩᠭᠠᠳᠬᠠᠵᠤ᠂ ᠮᠥᠰᠥ ᠴᠠᠰᠤᠨ ᠤ ᠲᠠᠮᠢᠷ ᠤᠨ ᠤᠷᠤᠯᠳᠤᠭᠠᠨ ᠤ ᠬᠠᠩᠭᠠᠯᠭ᠎ᠠ ᠶᠢ ᠪᠠᠶᠠᠯᠢᠭᠵᠢᠭᠤᠯᠵᠤ᠂ ᠳᠤᠮᠳᠠᠳᠤ | ᠤᠯᠤᠰ ᠤᠨ ᠮᠥᠰᠥ ᠴᠠᠰᠤᠨ ᠤ ᠲᠠᠮᠢᠷ ᠤᠨ ᠬᠥᠳᠡᠯᠭᠡᠭᠡᠨ ᠤ ᠦᠯᠢᠭᠡᠷ ᠢ ᠨᠡᠩ ᠰᠠᠶᠢᠲᠤᠷ ᠶᠠᠷᠢᠵᠤ᠂ ᠳᠤᠮᠳᠠᠳᠤ | ᠤᠯᠤᠰ ᠤᠨ ᠮᠥᠰᠥ ᠴᠠᠰᠤᠨ ᠤ ᠲᠠᠮᠢᠷ ᠤᠨ ᠬᠥᠳᠡᠯᠭᠡᠭᠡᠨ ᠤ ᠳᠠᠭᠤᠨ ᠢ ᠳᠠᠮᠵᠢᠭᠤᠯᠵᠤ᠂ ᠳᠡᠯᠡᠬᠡᠢ ᠶᠢᠨ ᠮᠥᠰᠥ | ᠴᠠᠰᠤᠨ ᠤ ᠲᠠᠮᠢᠷ ᠤᠨ ᠬᠥᠳᠡᠯᠭᠡᠭᠡᠨ ᠤ ᠲᠠᠪᠴᠠᠩ ᠳᠠᠬᠢ ᠪᠢᠳᠡᠨ ᠤ ᠨᠥᠯᠥᠭᠡᠯᠡᠬᠦ ᠬᠦᠴᠦᠨ ᠪᠠ ᠦᠭᠡ ᠬᠡᠯᠡᠬᠦ | ᠡᠷᠬᠡ ᠶᠢ ᠪᠠᠬᠢᠵᠢᠭᠦᠯᠦᠨ ᠥᠷᠭᠡᠳᠬᠡᠨ᠎ᠡ ᠭᠡᠪᠡ᠃ | ︽ᠮᠥᠰᠥ ᠴᠠᠰᠤᠨ ᠤ ᠪᠡᠶ᠎ᠡ ᠶᠢᠨ ᠲᠠᠮᠢᠷ ᠤᠨ ᠬᠥᠳᠡᠯᠭᠡᠭᠡᠨ ᠨᠢ ᠤᠯᠤᠰ ᠣᠷᠣᠨ ᠳᠠᠭᠠᠨ ᠥᠩᠭᠡ ᠭᠡᠷᠡᠯ | ᠨᠡᠮᠡᠷᠢᠯᠡᠬᠦ ᠪᠠᠷ ᠪᠠᠷᠠᠬᠤ ᠦᠭᠡᠢ ᠪᠠᠰᠠ ᠠᠷᠠᠳ ᠲᠦᠮᠡᠨ ᠳᠤ ᠠᠰᠢᠭ ᠲᠤᠰᠠ ᠬᠦᠷᠳᠡᠭᠡᠬᠦ ᠬᠡᠷᠡᠭᠲᠡᠢ︾᠃ ᠭᠤᠸ ᡁᠢ | ᠳ᠋ᠠᠨ ᠢᠯᠡᠷᠬᠡᠶᠢᠯᠡᠬᠦ ᠳᠡᠭᠡᠨ᠂ ᠣᠳᠣᠬᠠᠨ ᠳᠤ ᠣᠯᠠᠨ ᠲᠦᠮᠡᠨ ᠤ ᠮᠥᠰᠥ ᠴᠠᠰᠤᠨ ᠤ ᠪᠡᠶ᠎ᠡ ᠶᠢᠨ ᠲᠠᠮᠢᠷ ᠤᠨ | ᠬᠥᠳᠡᠯᠭᠡᠭᠡᠨ ᠳᠤ ᠣᠷᠤᠯᠴᠠᠬᠤ ᠬᠠᠯᠠᠭᠤᠨ ᠰᠡᠳᠬᠢᠯᠭᠡ ᠤᠯᠠᠮ ᠠᠴᠠ ᠤᠯᠠᠮ ᠥᠨᠳᠥᠷ ᠪᠣᠯᠵᠤ᠂ ᠮᠥᠰᠥ ᠴᠠᠰᠤᠨ ᠤ | ᠪᠡᠶ᠎ᠡ ᠶᠢᠨ ᠲᠠᠮᠢᠷ ᠤᠨ ᠬᠥᠳᠡᠯᠭᠡᠭᠡᠨ ᠳᠤ ᠥᠪᠡᠷ ᠢᠶᠠᠨ ᠪᠡᠯᠡᠳᠬᠡᠬᠦ ᠬᠥᠮᠥᠨ ᠤ ᠲᠤᠭ᠎ᠠ ᠴᠤ ᠤᠯᠠᠮ ᠠᠴᠠ ᠤᠯᠠᠮ | ᠣᠯᠠᠰᠢᠷᠠᠵᠤ᠂ ᠮᠥᠰᠥ ᠴᠠᠰᠤᠨ ᠤ ᠪᠡᠶ᠎ᠡ ᠶᠢᠨ ᠲᠠᠮᠢᠷ ᠤᠨ ᠬᠥᠳᠡᠯᠭᠡᠭᠡᠨ ᠢ ᠣᠶᠢᠯᠠᠭᠠᠬᠤ ᠱᠠᠭᠠᠷᠳᠠᠯᠭ᠎ᠠ ᠴᠤ | ᠲᠠᠰᠤᠷᠠᠯᠲᠠ ᠦᠭᠡᠢ ᠲᠠᠰ ᠳᠠᠪᠰᠢᠵᠤ ᠪᠠᠶᠢᠨ᠎ᠠ᠃ ︽ᠮᠥᠰᠥ ᠴᠠᠰᠤᠨ ᠳᠤ ᠬᠤᠴᠢᠭᠳᠠᠭᠰᠠᠨ ᠮᠦᠩᠭᠦᠨ ᠴᠠᠭᠠᠨ | ᠲᠡᠯᠡᠬᠡᠢ ᠴᠦ ᠠᠯᠲᠠ ᠮᠥᠩᠭᠦᠨ ᠠᠭᠤᠯᠠ︾ ᠭᠡᠬᠦ ᠣᠶᠢᠯᠠᠭᠠᠭᠳᠠᠬᠤᠨ ᠢ ᠭᠦᠨᠵᠡᠭᠡᠢ ᠦᠢᠯᠡᠳᠦᠯᠭᠡᠵᠢᠭᠦᠯᠵᠦ᠂ | ᠬᠠᠩᠭᠠᠯᠭ᠎ᠠ ᠬᠡᠷᠡᠭᠴᠡᠭᠡᠨ ᠤ ᠬᠤᠶᠠᠷ ᠲᠠᠯ᠎ᠠ ᠳᠤ ᠬᠦᠴᠦᠯᠡᠬᠦ ᠶᠢ ᠪᠠᠷᠢᠮᠲᠠᠯᠠᠵᠤ᠂ ᠡᠯ᠎ᠡ ᠭᠠᠵᠠᠷ ᠤᠨ ᠵᠠᠰᠠᠭ ᠤᠨ | ᠣᠷᠳᠣᠨ ᠤ ᠮᠥᠰᠥ ᠴᠠᠰᠤᠨ ᠤ ᠠᠵᠤ ᠦᠢᠯᠡᠰ ᠤᠨ ᠬᠥᠭᠵᠢᠯᠲᠡ ᠶᠢ ᠳᠡᠮᠵᠢᠬᠦ ᠪᠠ ᠮᠥᠰᠥ ᠴᠠᠰᠤᠨ ᠤ ᠬᠡᠷᠡᠭᠯᠡᠭᠡ ᠶᠢ | ᠠᠬᠢᠭᠤᠯᠬᠤ ᠲᠥᠷᠥ ᠶᠢᠨ ᠪᠣᠳᠣᠯᠭ᠎ᠠ ᠪᠠ ᠠᠷᠭ᠎ᠠ ᠬᠡᠮᠵᠢᠶ᠎ᠡ ᠶᠢ ᠦᠷᠭᠦᠯᠵᠢᠯᠡᠨ ᠨᠡᠶᠢᠲᠡᠯᠡᠨ ᠬᠡᠷᠡᠭᠵᠢᠭᠦᠯᠬᠦ ᠶᠢ | ᠵᠣᠬᠢᠴᠠᠭᠤᠯᠤᠨ ᠠᠬᠢᠭᠤᠯᠵᠤ᠂ ᠤᠯᠤᠰ ᠤᠨ ᠮᠥᠰᠥ ᠴᠠᠰᠤᠨ ᠤ ᠲᠣᠨᠤᠭ ᠲᠥᠬᠦᠭᠡᠷᠦᠮᠵᠢ ᠦᠶᠯᠡᠳᠬᠦ ᠦᠢᠯᠡᠰ ᠤᠨ | ᠬᠥᠭᠵᠢᠯᠲᠡ ᠶᠢ ᠲᠡᠳᠬᠦᠨ ᠬᠥᠲᠥᠯᠥᠨ ᠵᠢᠯᠤᠭᠤᠳᠴᠤ᠂ ᠮᠥᠰᠥ ᠴᠠᠰᠤᠨ ᠤ ᠤᠷᠤᠯᠳᠤᠭᠠᠨ ᠤ ᠲᠣᠭᠯᠠᠯᠲᠠ᠂ ᠮᠥᠰᠥ | ᠴᠠᠰᠤᠨ ᠤ ᠦᠢᠯᠡᠴᠢᠯᠡᠭᠡᠨ ᠤ ᠠᠵᠢᠯ ᠲᠥᠷᠥᠯ ᠵᠡᠷᠭᠡ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ ᠢ ᠪᠣᠶᠢᠵᠢᠭᠤᠯᠤᠨ | ᠪᠤᠵᠠᠭᠠᠶᠢᠷᠠᠭᠤᠯᠵᠤ᠂ ᠮᠥᠰᠥ ᠴᠠᠰᠤᠨ ᠤ ᠪᠡᠶ᠎ᠡ ᠶᠢᠨ ᠲᠠᠮᠢᠷ ᠤᠨ ᠬᠡᠷᠡᠭᠯᠡᠭᠡᠨ ᠤ ᠳᠠᠯᠳᠠ ᠬᠦᠴᠦᠨ ᠢ ᠠᠬᠢᠭᠤᠯᠤᠨ᠂ | ᠮᠥᠰᠥ ᠴᠠᠰᠤᠨ ᠤ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠳᠣᠲᠣᠭᠠᠳᠤ ᠬᠡᠷᠡᠭᠴᠡᠭᠡ ᠶᠢ ᠥᠷᠭᠡᠳᠬᠡᠵᠦ᠂ ᠮᠥᠰᠥ | ᠴᠠᠰᠤᠨ ᠤ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠬᠥᠭᠵᠢᠯᠲᠡ ᠶᠢᠨ ᠦᠷ᠎ᠡ ᠪᠦᠲᠦᠭᠡᠯ ᠢ ᠥᠷᠭᠡᠨ ᠣᠯᠠᠨ ᠠᠷᠠᠳ | ᠲᠦᠮᠡᠨ ᠳᠤ ᠨᠠᠩ ᠰᠠᠶᠢᠨ ᠬᠦᠷᠲᠡᠭᠡᠵᠦ᠂ ᠤᠯᠤᠰ ᠤᠨ ᠠᠵᠤ ᠠᠬᠤᠢ ᠨᠡᠶᠢᠭᠡᠮ ᠤᠨ ᠬᠥᠭᠵᠢᠯᠲᠡ ᠳᠤ ᠨᠠᠩ ᠢᠯᠡᠭᠦᠦ | ᠬᠦᠴᠦᠨ ᠨᠡᠮᠡᠷᠢᠯᠡᠨ᠎ᠡ ᠭᠡᠪᠡ᠃ | ︽ᠤᠷᠳᠤ ᠵᠠᠮ ᠤᠨ ᠠᠶᠠᠨ ᠲᠠᠶᠢᠨ ᠤ ᠵᠠᠮ ᠢᠶᠠᠷ ᠲᠠᠬᠢᠨ ᠵᠠᠮᠨᠠᠬᠤ ᠵᠣᠷᠢᠭ ᠰᠠᠨᠠᠭ᠎ᠠ ᠪᠠᠷ ︿ᠭᠤᠷᠪᠠᠨ ᠶᠡᠭᠡ | ᠪᠥᠮᠪᠦᠭᠡ﹀ ᠶᠢᠨ ᠡᠯ᠎ᠡ ᠵᠦᠢᠯ ᠤᠨ ᠠᠵᠢᠯ ᠢ ᠯᠠᠪᠳᠠᠭᠤᠨ ᠪᠠᠲᠤᠲᠠᠢ ᠰᠠᠶᠢᠲᠤᠷ ᠬᠢᠬᠦ ᠬᠡᠷᠡᠭᠲᠡᠢ︾ | ᠬᠥᠯ ᠪᠥᠮᠪᠦᠭᠡ᠂ ᠰᠠᠭᠰᠤᠨ ᠪᠥᠮᠪᠦᠭᠡ᠂ ᠠᠯᠠᠭᠠᠳᠠᠬᠤ ᠪᠥᠮᠪᠦᠭᠡ ᠵᠡᠷᠭᠡ ᠭᠤᠷᠪᠠᠨ ᠪᠥᠮᠪᠦᠭᠡ ᠶᠢᠨ | ᠤᠷᠤᠯᠳᠤᠭᠠᠨ ᠳᠤ ᠤᠷᠤᠯᠴᠠᠬᠤ ᠬᠥᠮᠥᠨ ᠠᠮᠠ ᠣᠯᠠᠨ᠂ ᠨᠡᠶᠢᠭᠡᠮ ᠤᠨ ᠨᠥᠯᠥᠭᠡ ᠶᠡᠭᠡ ᠪᠠᠶᠢᠵᠤ᠂ ᠥᠷᠭᠡᠨ ᠣᠯᠠᠨ | ᠠᠷᠠᠳ ᠲᠦᠮᠡᠨ ᠢᠯᠠᠩᠭᠤᠶ᠎ᠠ ᠵᠠᠯᠠᠭᠤᠴᠤᠳ ᠪᠠᠭᠠᠴᠤᠳ ᠤᠨ ᠳᠤᠷ᠎ᠠ ᠪᠠᠬ᠎ᠠ ᠶᠢ ᠶᠡᠬᠡᠳᠡ ᠲᠠᠲᠠᠵᠤ ᠪᠠᠶᠢᠨ᠎ᠠ᠃ ᠭᠤᠸ | ᡁᠢ ᠳ᠋ᠠᠨ ᠢᠯᠡᠷᠬᠡᠶᠢᠯᠡᠬᠦ ᠳᠡᠭᠡᠨ᠂ ᠲᠡᠦᠬᠡᠨ ᠳᠡᠭᠡᠷ᠎ᠡ᠂ ᠮᠠᠨ ᠤ ᠤᠯᠤᠰ ᠤᠨ ︽ᠭᠤᠷᠪᠠᠨ ᠲᠣᠮᠣ ᠪᠥᠮᠪᠦᠭᠡ︾᠂ | ᠢᠯᠠᠩᠭᠤᠶ᠎ᠠ ᠡᠮᠡᠭᠲᠡᠢ ᠶᠢᠨ ᠤᠷᠤᠯᠳᠤᠭᠠᠨ ᠴᠥᠮ ᠰᠠᠶᠢᠨ ᠬᠢᠷᠢ ᠪᠦᠲᠦᠮᠵᠢ ᠣᠯᠵᠤ ᠥᠩᠭᠡᠷᠡᠭᠰᠡᠨ ᠶᠤᠮ᠃ ᠳᠤᠮᠳᠠᠳᠤ | ᠤᠯᠤᠰ ᠤᠨ ᠡᠮᠡᠭᠲᠡᠢ ᠶᠢᠨ ᠬᠥᠯ ᠪᠥᠮᠪᠦᠭᠡ ᠶᠢᠨ ᠠᠩᠭᠢ ᠤᠯᠢᠮᠫᠢᠺ ᠤᠨ ᠲᠠᠮᠢᠷ ᠤᠨ ᠴᠤᠭᠯᠠᠭᠠᠨ᠂ ᠳᠡᠯᠡᠬᠡᠢ ᠶᠢᠨ | ᠬᠤᠨᠳᠠᠭᠠᠲᠤ ᠤᠷᠤᠯᠳᠤᠭᠠᠨ ᠳᠤ ᠲᠡᠳ᠋ᠯᠡᠪᠡ᠃ ᠳᠤᠮᠳᠠᠳᠤ ᠤᠯᠤᠰ ᠤᠨ ᠡᠮᠡᠭᠲᠡᠢ ᠶᠢᠨ ᠰᠠᠭᠰᠤᠨ ᠪᠥᠮᠪᠦᠭᠡ ᠶᠢᠨ | ᠠᠩᠭᠢ ᠲᠡᠭᠡᠷ᠎ᠡ ᠵᠠᠭᠤᠨ ᠤ ᠨᠠᠶᠠᠭᠠᠳ ᠣᠨ᠂ ᠶᠡᠷᠡᠭᠡᠳ ᠣᠨ ᠤ ᠦᠶ᠎ᠡ ᠳᠤ ᠤᠯᠢᠮᠫᠢᠺ ᠤᠨ ᠲᠠᠮᠢᠷ ᠤᠨ ᠴᠤᠭᠯᠠᠭᠠᠨ᠂ | ᠳᠡᠯᠡᠬᠡᠢ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠱᠠᠩᠨᠠᠯ ᠤᠨ ᠮᠧᠳᠠᠯ ᠢ ᠣᠯᠵᠤ᠂ ᠨᠢᠳᠤᠨᠤᠨ ᠪᠠᠰᠠ | ᠳᠡᠯᠡᠬᠡᠢ ᠶᠢᠨ ᠬᠤᠨᠳᠠᠭᠠᠲᠤ ᠤᠷᠤᠯᠳᠤᠭᠠᠨ ᠤ ᠳᠡᠳ᠋ ᠲᠤ ᠰᠢᠯᠭᠠᠷᠠᠪᠠ᠃ ᠳᠤᠮᠳᠠᠳᠤ ᠤᠯᠤᠰ ᠤᠨ ᠡᠮᠡᠭᠲᠡᠢ ᠶᠢᠨ | ᠠᠯᠠᠭᠠᠳᠠᠬᠤ ᠪᠥᠮᠪᠦᠭᠡ ᠶᠢᠨ ᠠᠩᠭᠢ ᠳᠡᠯᠡᠬᠡᠢ ᠶᠢᠨ ᠭᠤᠷᠪᠠᠨ ᠶᠡᠭᠡ ᠤᠷᠤᠯᠳᠤᠭᠠᠨ ᠳᠤ ᠠᠷᠪᠠ ᠤᠳᠠᠭ᠎ᠠ ᠳᠡᠯᠡᠬᠡᠢ ᠶᠢᠨ | ᠮᠠᠩᠯᠠᠢ ᠳᠤ ᠰᠢᠯᠭᠠᠷᠠᠵᠤ᠂ ᠡᠬᠡ ᠣᠷᠣᠨ ᠳᠠᠭᠠᠨ ᠢᠷᠠᠭᠤ ᠠᠯᠳᠠᠷ ᠠᠪᠴᠢᠷᠠᠪᠠ᠃ ᠡᠮᠡᠭᠲᠡᠢ ᠶᠢᠨ ᠠᠯᠠᠭᠠᠳᠠᠬᠤ | ᠪᠥᠮᠪᠦᠭᠡ ᠶᠢᠨ ᠵᠣᠷᠢᠭ ᠰᠠᠨᠠᠭ᠎ᠠ ᠨᠢ ᠨᠡᠩ ᠴᠤ ᠦᠶ᠎ᠡ ᠦᠶ᠎ᠡ ᠶᠢᠨ ᠳᠤᠮᠳᠠᠳᠤᠴᠤᠳ ᠢ ᠵᠣᠷᠢᠭᠵᠢᠭᠤᠯᠤᠨ | ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠳᠤᠮᠳᠠᠳᠤ ᠶᠢᠨ ᠵᠡᠭᠦᠳᠦ ᠶᠢ | ᠲᠡᠷᠭᠡᠯᠰᠢᠭᠦᠯᠬᠦ ᠶᠢᠨ ᠲᠥᠯᠥᠭᠡ ᠴᠥᠬᠦᠷᠡᠰᠢ ᠦᠭᠡᠢ ᠲᠡᠮᠡᠴᠡᠭᠦᠯᠵᠡᠢ᠃ ᠭᠡᠪᠡᠴᠦ ᠨᠡᠯᠢᠶᠡᠳ ᠣᠷᠳᠣ ᠬᠤᠭᠤᠴᠠᠭᠠᠨ ᠤ | ᠲᠤᠷᠰᠢ᠂ ᠮᠠᠨ ᠤ ᠤᠯᠤᠰ ᠤᠨ ︽ᠭᠤᠷᠪᠠᠨ ᠲᠣᠮᠣ ᠪᠥᠮᠪᠦᠭᠡ︾᠂ ᠢᠯᠠᠩᠭᠤᠶ᠎ᠠ ᠡᠷᠡᠭᠲᠡᠢ ᠶᠢᠨ ᠤᠷᠤᠯᠳᠤᠭᠠᠨ ᠤ | ᠬᠥᠭᠵᠢᠯᠲᠡ ᠰᠠᠨᠠᠭᠠᠨ ᠳᠤ ᠬᠦᠷᠬᠦ ᠦᠭᠡᠢ ᠪᠠᠶᠢᠵᠤ᠂ ᠡᠷᠡᠭᠲᠡᠢ ᠶᠢᠨ ᠬᠥᠯ ᠪᠥᠮᠪᠦᠭᠡ ᠶᠢᠨ ᠬᠢᠷᠢ ᠲᠦᠪᠰᠢᠨ ᠨᠠᠩ ᠴᠤ | ᠲᠤᠷᠤᠭᠰᠢᠯᠠᠵᠦ᠂ ᠬᠥᠯ ᠪᠥᠮᠪᠦᠭᠡ ᠶᠢᠨ ᠦᠢᠯᠡᠰ ᠤᠨ ᠳᠣᠲᠣᠷ᠎ᠠ ᠮᠠᠰᠢ ᠣᠯᠠᠨ ᠰᠠᠮᠠᠭᠤᠷᠠᠯ ᠤᠨ ᠪᠠᠶᠢᠳᠠᠯ ᠢᠯᠡᠷᠡᠭᠰᠡᠨ | ᠪᠠᠶᠢᠨ᠎ᠠ᠂ ᠡᠨᠡ ᠨᠢ ᠨᠠᠮ ᠤᠨ ᠲᠥᠪ ᠬᠤᠷᠢᠶ᠎ᠠ᠂ ᠪᠥᠬᠦ ᠤᠯᠤᠰ ᠤᠨ ᠠᠷᠠᠳ ᠲᠦᠮᠡᠨ ᠤ ᠪᠢᠳᠡᠨ ᠳᠤ ᠲᠠᠯᠪᠢᠵᠤ | ᠪᠠᠶᠢᠭ᠎ᠠ ᠱᠠᠭᠠᠷᠳᠠᠯᠭ᠎ᠠ ᠪᠠ ᠬᠦᠰᠡᠯ ᠡᠷᠡᠮᠡᠯᠵᠡᠯ ᠲᠠᠢ ᠮᠠᠰᠢ ᠶᠡᠭᠡ ᠵᠥᠷᠢᠶ᠎ᠡ ᠲᠠᠢ ᠪᠣᠯᠵᠠᠢ᠃ ︽ᠭᠤᠷᠪᠠᠨ ᠲᠣᠮᠣ | ᠪᠥᠮᠪᠦᠭᠡ︾ ᠶᠢ ᠰᠠᠶᠢᠲᠤᠷ ᠬᠥᠭᠵᠢᠭᠦᠯᠬᠦ ᠪᠣᠯ ᠪᠡᠶ᠎ᠡ ᠶᠢᠨ ᠲᠠᠮᠢᠷ ᠤᠨ ᠬᠦᠴᠦᠷᠬᠡᠭ ᠤᠯᠤᠰ ᠤᠨ ᠪᠡᠯᠭᠡ ᠲᠡᠮᠳᠡᠭ ᠮᠥᠨ᠂ | ᠪᠠᠰᠠᠴᠤ ᠪᠡᠶ᠎ᠡ ᠶᠢᠨ ᠲᠠᠮᠢᠷ ᠤᠨ ᠬᠦᠴᠦᠷᠬᠡᠭ ᠤᠯᠤᠰ ᠢ ᠲᠦᠷᠭᠡᠨ ᠪᠦᠲᠦᠭᠡᠨ ᠪᠠᠶᠢᠭᠤᠯᠬᠤ ᠳᠤ ᠡᠷᠬᠡᠪᠰᠢ | ᠨᠥᠬᠦᠪᠦᠷᠢᠯᠡᠬᠦ ᠴᠢᠬᠤᠯᠠᠲᠠᠢ ᠳᠤᠲᠠᠭᠤᠳᠠᠯ ᠮᠥᠨ᠃ | ᠣᠶᠢᠷ᠎ᠠ ᠶᠢᠨ ᠬᠤᠭᠤᠴᠠᠭᠠᠨ ᠤ ᠬᠥᠯ ᠪᠥᠮᠪᠦᠭᠡ ᠶᠢᠨ ᠬᠦᠷᠢᠶᠡᠨ ᠳᠤ ᠢᠯᠡᠷᠡᠭᠰᠡᠨ ᠬᠦᠨᠳᠦ ᠨᠣᠴᠢᠲᠠᠢ | ᠠᠰᠠᠭᠤᠳᠠᠯ ᠳᠤ ᠴᠢᠭᠯᠡᠭᠦᠯᠦᠨ᠂ ᠭᠤᠸ ᡁᠢ ᠳ᠋ᠠᠨ ᠢᠯᠡᠷᠬᠡᠶᠢᠯᠡᠬᠦ ᠳᠡᠭᠡᠨ᠂ ᠪᠢᠳᠡ ᠦᠵᠡᠯ ᠰᠠᠨᠠᠭᠠᠨ ᠤ ᠬᠥᠮᠦᠵᠢᠯ᠂ | ᠰᠤᠷᠲᠠᠯ ᠤᠨ ᠪᠠᠶᠢᠭᠤᠯᠤᠯᠲᠠ᠂ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ᠂ ᠣᠳᠣᠬᠠᠨ ᠤ ᠠᠵᠢᠯ ᠢ ᠰᠠᠶᠢᠲᠤᠷ | ᠠᠳᠬᠤᠬᠤ ᠵᠡᠷᠭᠡ ᠲᠠᠯ᠎ᠠ ᠪᠠᠷ ᠰᠢᠰᠲ᠋ᠧᠮ ᠲᠠᠢ ᠵᠠᠰᠠᠯᠲᠠ ᠬᠢᠵᠦ᠂ ᠣᠷᠳᠣ ᠵᠠᠮ ᠤᠨ ᠠᠶᠠᠨ ᠲᠡᠶᠢᠨ ᠤ ᠵᠠᠮ ᠢᠶᠠᠷ | ᠲᠠᠬᠢᠨ ᠵᠠᠮᠨᠠᠬᠤ ᠵᠣᠷᠢᠭ ᠰᠠᠨᠠᠭ᠎ᠠ ᠪᠠᠷ ︽ᠭᠤᠷᠪᠠᠨ ᠲᠣᠮᠣ ᠪᠥᠮᠪᠦᠭᠡ︾ ᠶᠢᠨ ᠡᠯ᠎ᠡ ᠵᠦᠢᠯ ᠤᠨ ᠠᠵᠢᠯ ᠢ ᠯᠠᠪᠳᠠᠭᠤᠨ | ᠪᠠᠲᠤᠲᠠᠢ ᠰᠠᠶᠢᠲᠤᠷ ᠬᠢᠬᠦ ᠪᠠᠷ ᠴᠢᠷᠮᠠᠶᠢᠭᠰᠠᠭᠠᠷ ᠢᠷᠡᠵᠡᠶ᠃ ᠳᠣᠭᠰᠢᠨ ᠡᠮ ᠢᠶᠠᠷ ᠡᠪᠡᠳᠴᠢᠨ ᠵᠠᠰᠠᠬᠤ᠂ ᠬᠦᠨᠳᠦ | ᠡᠷᠡᠭᠦᠦ ᠪᠠᠷ ᠰᠠᠮᠠᠭᠤᠷᠠᠯ ᠢ ᠵᠠᠰᠠᠬᠤ ᠡᠷᠡᠰ ᠵᠣᠷᠢᠭ ᠢᠶᠠᠷ ᠣᠳᠣᠬᠠᠨ ᠤ ︽ᠭᠤᠷᠪᠠᠨ ᠲᠣᠮᠣ ᠪᠥᠮᠪᠦᠭᠡ︾ ᠶᠢᠨ | ᠠᠵᠢᠯ ᠤᠨ ᠳᠤᠮᠳᠠ ᠣᠷᠣᠰᠢᠵᠤ ᠪᠠᠶᠢᠭ᠎ᠠ ᠴᠤᠭ ᠰᠦᠯᠳᠡ ᠦᠭᠡᠢ᠂ ᠲᠥᠪ ᠰᠤᠷᠲᠠᠯ ᠳᠤᠲᠠᠮᠠᠭ᠂ ᠰᠤᠷᠲᠠᠯ ᠴᠢᠩᠭ᠎ᠠ | ᠪᠤᠰᠤ ᠵᠡᠷᠭᠡ ᠲᠣᠪᠣᠶᠢᠮ᠎ᠠ ᠠᠰᠠᠭᠤᠳᠠᠯ ᠳᠤ ᠠᠩᠬᠠᠷᠤᠯ ᠢᠶᠠᠨ ᠲᠥᠪᠯᠡᠷᠡᠭᠦᠯᠵᠦ᠂ ᠰᠤᠷᠲᠠᠯ ᠢᠶᠠᠨ ᠬᠤᠪᠢᠷᠠᠭᠤᠯᠬᠤ ᠶᠢ | ᠤᠷᠲᠤ ᠬᠤᠭᠤᠴᠠᠭ᠎ᠠ ᠪᠠᠷ ᠪᠠᠷᠢᠮᠲᠠᠯᠠᠨ᠂ ᠬᠠᠷᠢᠭᠤᠴᠠᠯᠭ᠎ᠠ ᠶᠢ ᠴᠢᠩᠭᠠᠳᠬᠠᠵᠤ᠂ ᠨᠠᠶᠢᠳᠠᠪᠤᠷᠢᠵᠢᠭᠤᠯᠬᠤ ᠶᠢ | ᠠᠳᠬᠤᠬᠤ ᠬᠡᠷᠡᠭᠲᠡᠢ᠃ ᠬᠥᠯ ᠪᠥᠮᠪᠦᠭᠡ ᠪᠠ ᠪᠤᠰᠤᠳ ᠬᠦᠷᠢᠶᠡᠨ ᠳᠠᠬᠢ ᠢᠯᠵᠢᠷᠡᠯ ᠪᠠ ᠬᠠᠭᠤᠷᠮᠠᠭ ᠲᠤᠭᠯᠠᠬᠤ | ᠵᠣᠭᠤᠰ ᠮᠥᠷᠥᠶᠢᠴᠡᠬᠦ ᠬᠠᠷ᠎ᠠ ᠪᠦᠯᠦᠭᠲᠡᠨ ᠤ ᠠᠰᠠᠭᠤᠳᠠᠯ ᠳᠤ ᠡᠷᠡᠰ ᠴᠣᠬᠢᠯᠲᠠ ᠥᠭᠬᠦ ᠪᠠ ᠴᠢᠩᠭ᠎ᠠ ᠵᠠᠯᠬᠠᠭᠠᠨ | ᠰᠢᠳᠭᠡᠵᠦ᠂ ᠰᠤᠷᠲᠠᠯ ᠢ ᠴᠡᠭᠴᠡᠯᠡᠨ ᠰᠠᠬᠢᠯᠭ᠎ᠠ ᠪᠠᠲᠤ ᠶᠢ ᠴᠢᠩᠳᠠᠯᠠᠵᠤ᠂ ᠰᠠᠬᠢᠯᠭ᠎ᠠ ᠪᠠᠲᠤ ᠶᠢ ᠴᠢᠩᠳᠠᠯᠠᠵᠤ᠂ | ᠳᠦᠷᠢᠮ ᠢ ᠲᠡᠭᠦᠯᠳᠡᠷᠵᠢᠭᠦᠯᠦᠨ᠂ ᠳᠦᠷᠢᠮ ᠲᠣᠭᠲᠠᠭᠠᠯ ᠢ ᠴᠢᠩᠭᠠᠳᠬᠠᠵᠤ᠂ ︽ᠭᠤᠷᠪᠠᠨ ᠲᠣᠮᠣ ᠪᠥᠮᠪᠦᠭᠡ︾ ᠶᠢᠨ | ᠡᠷᠡᠭᠦᠯ ᠢᠶᠠᠷ ᠦᠷᠭᠦᠯᠵᠢᠯᠡᠨ ᠬᠥᠭᠵᠢᠬᠦ ᠰᠠᠶᠢᠨ ᠰᠠᠶᠢᠬᠠᠨ ᠠᠮᠢ ᠠᠬᠤᠢ ᠶᠢ ᠪᠥᠬᠦ ᠲᠠᠯ᠎ᠠ ᠪᠠᠷ ᠰᠡᠷᠭᠦᠭᠡᠨ ᠳᠠᠬᠢᠨ | ᠪᠠᠶᠢᠭᠤᠯᠤᠨ᠎ᠠ᠃ | ᠭᠤᠸ ᡁᠢ ᠳ᠋ᠠᠨ ᠠᠴᠠ᠂ ᠣᠳᠣᠬᠠᠨ ᠳᠤ ᠬᠥᠯ ᠪᠥᠮᠪᠦᠭᠡ᠂ ᠰᠠᠭᠰᠤᠨ ᠪᠥᠮᠪᠦᠭᠡ ᠶᠢᠨ ᠥᠭᠡᠷᠡᠴᠢᠯᠡᠯᠲᠡ | ᠨᠢᠭᠡᠨᠲᠡ ᠲᠦᠭᠰᠢᠭᠦᠷᠢ ᠶᠢ ᠲᠤᠭᠤᠯᠬᠤ ᠱᠠᠲᠤᠨ ᠳᠤ ᠣᠷᠣᠵᠤ᠂ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ᠂ | ᠰᠢᠪᠲᠤᠯᠤᠯᠲᠠ ᠶᠢ ᠪᠡᠶᠡᠯᠡᠭᠦᠯᠬᠦ ᠡᠭᠦᠷᠭᠡ ᠬᠠᠲᠠᠭᠤ ᠪᠡᠷᠬᠡ ᠪᠥᠭᠡᠳ ᠨᠦᠰᠡᠷ ᠬᠦᠨᠳᠦ ᠪᠠᠶᠢᠨ᠎ᠠ᠂ ᠥᠭᠡᠷᠡᠴᠢᠯᠡᠯᠲᠡ | ᠬᠢᠵᠦ ᠰᠢᠨ᠎ᠡ ᠶᠢ ᠡᠭᠦᠳᠬᠦ ᠬᠥᠭᠵᠢᠯᠲᠡ ᠶᠢᠨ ᠵᠠᠮ ᠢᠶᠠᠷ ᠭᠤᠶᠢᠪᠢᠰᠢ ᠦᠭᠡᠢ ᠵᠠᠮᠨᠠᠵᠤ᠂ ᠬᠠᠮᠢᠶᠠᠷᠤᠯᠲᠠ ᠶᠢᠨ | ᠰᠢᠰᠲ᠋ᠧᠮ᠂ ᠴᠢᠳᠠᠪᠤᠷᠢᠲᠠᠨ ᠤ ᠰᠢᠰᠲ᠋ᠧᠮ᠂ ᠪᠣᠯᠪᠠᠰᠤᠷᠠᠯ ᠤᠨ ᠰᠢᠰᠲ᠋ᠧᠮ᠂ ᠤᠷᠤᠯᠳᠤᠭᠠᠨ ᠤ ᠰᠢᠰᠲ᠋ᠧᠮ᠂ ᠪᠠᠲᠤᠯᠠᠭ᠎ᠠ | ᠶᠢᠨ ᠰᠢᠰᠲ᠋ᠧᠮ ᠢ ᠪᠠᠶᠢᠭᠤᠯᠬᠤ ᠠᠴᠠ ᠭᠠᠷᠳᠠᠵᠤ᠂ ᠳᠤᠮᠳᠠᠳᠤ ᠤᠯᠤᠰ ᠤᠨ ᠣᠨᠴᠠᠯᠢᠭ ᠪᠦᠬᠦᠢ | ︽ᠭᠤᠷᠪᠠᠨ ᠲᠣᠮᠣ ᠪᠥᠮᠪᠦᠭᠡ︾ ᠶᠢᠨ ᠬᠥᠭᠵᠢᠯᠲᠡ ᠶᠢᠨ ᠠᠷᠭ᠎ᠠ ᠵᠠᠮ ᠢ ᠲᠠᠰᠤᠷᠠᠯᠲᠠ ᠦᠭᠡᠢ ᠲᠡᠭᠦᠯᠳᠡᠷᠵᠢᠭᠦᠯᠬᠦ | ᠬᠡᠷᠡᠭᠲᠡᠢ᠃ ᠠᠰᠠᠭᠤᠳᠠᠯ ᠳᠤ ᠵᠥᠪ ᠢᠶᠠᠷ ᠬᠠᠨᠳᠤᠵᠤ᠂ ᠢᠲᠡᠭᠡᠯ ᠵᠣᠷᠢᠭ ᠢᠶᠠᠨ ᠪᠠᠲᠤᠳᠬᠠᠨ᠂ ᠬᠦᠴᠢᠷ ᠢ ᠰᠥᠷᠦᠨ | ᠤᠷᠤᠭᠰᠢᠯᠠᠵᠤ᠂ ︽ᠳᠤᠮᠳᠠᠳᠤ ᠤᠯᠤᠰ ᠤᠨ ᠬᠥᠯ ᠪᠥᠮᠪᠦᠭᠡ ᠶᠢᠨ ᠥᠭᠡᠷᠡᠴᠢᠯᠡᠯᠲᠡ ᠬᠥᠭᠵᠢᠯᠲᠡ ᠶᠢᠨ ᠶᠡᠷᠦᠩᠬᠡᠢ | ᠲᠥᠰᠥᠯ︾ ᠵᠡᠷᠭᠡ ᠲᠥᠷᠥ ᠶᠢᠨ ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠣᠨᠣᠪᠴᠢᠲᠠᠶ ᠣᠶᠢᠯᠠᠭᠠᠨ ᠰᠠᠶᠢᠲᠤᠷ | ᠨᠠᠶᠢᠳᠠᠪᠤᠷᠢᠵᠢᠭᠤᠯᠵᠤ᠂ ︽ᠭᠤᠷᠪᠠᠨ ᠲᠣᠮᠣ ᠪᠥᠮᠪᠦᠭᠡ︾ ᠶᠢᠨ ᠵᠠᠰᠠᠯᠲᠠ ᠶᠢᠨ ᠰᠢᠰᠲ᠋ᠧᠮ ᠪᠠ ᠵᠠᠰᠠᠯᠲᠠ ᠶᠢᠨ | ᠴᠢᠳᠠᠪᠤᠷᠢ ᠶᠢᠨ ᠣᠳᠣᠬᠢᠴᠢᠯᠠᠯᠲᠠ ᠶᠢ ᠲᠦᠯᠬᠢᠨ ᠠᠬᠢᠭᠤᠯᠵᠤ᠂ ᠬᠤᠯᠪᠣᠭᠠᠲᠤ ᠤᠷᠤᠯᠳᠤᠭᠠᠨ ᠤ ᠵᠠᠰᠠᠯᠲᠠ ᠶᠢᠨ | ᠰᠢᠰᠲ᠋ᠧᠮ ᠤᠨ ᠵᠢᠷᠤᠮᠵᠢᠭᠤᠨ ᠬᠥᠭᠵᠢᠯᠲᠡ ᠶᠢ ᠲᠦᠯᠬᠢᠨ ᠠᠬᠢᠭᠤᠯᠬᠤ ᠬᠡᠷᠡᠭᠲᠡᠢ ᠭᠡᠵᠦ ᠴᠢᠬᠤᠯᠠᠴᠢᠯᠠᠪᠠ᠃ | ᠭᠤᠸ ᡁᠢ ᠳ᠋ᠠᠨ ᠠᠴᠠ᠂ ᠪᠢᠳᠡ ᠰᠡᠳᠬᠢᠯ ᠰᠢᠭᠤᠳᠤᠨ᠂ ᠬᠡᠦᠬᠡᠳ ᠠᠴᠠ ᠡᠬᠢᠯᠡᠨ ᠠᠳᠬᠤᠵᠤ᠂ ᠪᠥᠬᠦ | ᠤᠯᠤᠰ ᠤᠨ ᠪᠠᠶᠢᠭᠤᠯᠤᠯ ᠤᠨ ᠳᠠᠪᠠᠭᠤᠯᠢᠭ ᠢ ᠪᠠᠳᠠᠷᠠᠭᠤᠯᠤᠨ᠂ ᠵᠠᠬ᠎ᠠ ᠳᠡᠯᠭᠡᠭᠦᠷ ᠤᠨ ᠲᠣᠭᠲᠠᠴᠠ ᠶᠢᠨ ᠠᠮᠢᠵᠢᠷᠠᠯ ᠤᠨ | ᠬᠦᠴᠦᠨ ᠢ ᠰᠠᠶᠢᠲᠤᠷ ᠠᠰᠢᠭᠯᠠᠵᠤ᠂ ᠰᠤᠷᠭᠠᠭᠤᠯᠢ ᠶᠢᠨ ᠬᠦᠷᠢᠶᠡᠨ ᠤ ᠬᠥᠯ ᠪᠥᠮᠪᠦᠭᠡ ᠶᠢᠨ ᠡᠷᠡᠭᠦᠯ ᠬᠥᠭᠵᠢᠯᠲᠡ ᠶᠢ | ᠲᠦᠯᠬᠢᠨ ᠠᠬᠢᠭᠤᠯᠵᠤ᠂ ᠵᠠᠯᠠᠭᠤᠴᠤᠳ ᠪᠠᠭᠠᠴᠤᠳ ᠤᠨ ᠬᠥᠯ ᠪᠥᠮᠪᠦᠭᠡ ᠶᠢᠨ ᠴᠢᠳᠠᠪᠤᠷᠢᠲᠠᠨ ᠤ ᠬᠡᠪᠴᠢᠶᠡᠵᠢᠨ | ᠪᠣᠶᠢᠵᠢᠬᠤ ᠶᠢ ᠠᠬᠢᠭᠤᠯᠤᠨ᠂ ᠪᠡᠯᠡᠳᠬᠡᠯ ᠴᠢᠳᠠᠪᠤᠷᠢᠲᠠᠨ ᠤ ᠰᠠᠭᠤᠷᠢ ᠶᠢ ᠪᠠᠲᠤᠳᠬᠠᠬᠤ ᠬᠡᠷᠡᠭᠲᠡᠢ᠃ ᠦᠨᠳᠦᠰᠦᠨ | ᠱᠠᠲᠤᠨ ᠠᠴᠠ ᠡᠬᠢᠯᠡᠨ ᠠᠳᠬᠤᠵᠤ᠂ ᠵᠠᠯᠠᠭᠤᠴᠤᠳ ᠪᠠᠭᠠᠴᠤᠳ ᠤᠨ ᠬᠥᠯ ᠪᠥᠮᠪᠦᠭᠡ ᠶᠢᠨ ᠺᠯᠦ᠋ᠪ ᠤᠨ | ᠬᠥᠭᠵᠢᠯᠲᠡ ᠶᠢ ᠢᠳᠡᠪᠬᠢᠲᠡᠢ ᠳᠡᠮᠵᠢᠵᠦ᠂ ᠲᠥᠷᠥ ᠶᠢᠨ ᠪᠣᠳᠣᠯᠭ᠎ᠠ᠂ ᠵᠠᠷᠤᠳᠠᠯ᠂ ᠴᠢᠳᠠᠪᠤᠷᠢᠲᠠᠨ ᠵᠡᠷᠭᠡ ᠲᠠᠯ᠎ᠠ ᠪᠠᠷ | ᠨᠡᠶᠢᠭᠡᠮ ᠤᠨ ᠬᠥᠯ ᠪᠥᠮᠪᠦᠭᠡ ᠳᠤ ᠨᠠᠩ ᠣᠯᠠᠨ ᠳᠡᠮᠵᠢᠯᠭᠡ ᠪᠠ ᠪᠠᠲᠤᠯᠠᠭ᠎ᠠ ᠣᠯᠭᠤᠵᠤ᠂ ᠨᠡᠶᠢᠭᠡᠮ ᠤᠨ ᠬᠥᠯ | ᠪᠥᠮᠪᠦᠭᠡ ᠪᠠ ᠠᠵᠢᠯ ᠮᠡᠷᠭᠡᠵᠢᠯ ᠤᠨ ᠬᠥᠯ ᠪᠥᠮᠪᠦᠭᠡ ᠶᠢᠨ ᠰᠠᠶᠢᠨ ᠨᠥᠬᠦᠴᠡᠯᠳᠦᠯ ᠢ ᠠᠬᠢᠭᠤᠯᠬᠤ ᠬᠡᠷᠡᠭᠲᠡᠢ᠃ | ᠰᠠᠭᠤᠷᠢ ᠠᠴᠠ ᠡᠬᠢᠯᠡᠨ ᠠᠳᠬᠤᠵᠤ᠂ ᠬᠥᠯ ᠪᠥᠮᠪᠦᠭᠡ ᠶᠢᠨ ᠤᠷᠤᠯᠳᠤᠭᠠᠨ ᠤ ᠰᠢᠰᠲ᠋ᠧᠮ ᠪᠠ ᠠᠵᠢᠯ ᠮᠡᠷᠭᠡᠵᠢᠯ ᠤᠨ | ᠬᠤᠯᠪᠣᠭᠠᠲᠤ ᠤᠷᠤᠯᠳᠤᠭᠠᠨ ᠤ ᠪᠠᠶᠢᠭᠤᠯᠤᠯ ᠢ ᠲᠠᠰᠤᠷᠠᠯᠲᠠ ᠦᠭᠡᠢ ᠲᠡᠭᠦᠯᠳᠡᠷᠵᠢᠭᠦᠯᠦᠨ᠂ ᠰᠢᠯᠢᠳᠡᠭ ᠬᠡᠦᠬᠡᠳ ᠤᠨ | ᠰᠤᠷᠭᠠᠭᠤᠯᠢ ᠶᠢᠨ ᠬᠦᠷᠢᠶᠡᠨ ᠤ ᠬᠥᠯ ᠪᠥᠮᠪᠦᠭᠡ᠂ ᠨᠡᠶᠢᠭᠡᠮ ᠤᠨ ᠬᠥᠯ ᠪᠥᠮᠪᠦᠭᠡ ᠠᠴᠠ ᠠᠵᠢᠯ ᠮᠡᠷᠭᠡᠵᠢᠯ ᠤᠨ ᠬᠥᠯ | ᠪᠥᠮᠪᠦᠭᠡ ᠬᠦᠷᠲᠡᠯᠡᠬᠢ ᠪᠤᠶᠢᠵᠢᠯᠲᠠ ᠶᠢᠨ ᠵᠠᠮ ᠢ ᠰᠠᠭᠠᠳ ᠦᠭᠡᠢ ᠨᠠᠪᠲᠠᠷᠡᠭᠦᠯᠵᠦ᠂ ᠨᠠᠩ ᠣᠯᠠᠨ ᠰᠢᠯᠢᠳᠡᠭ ᠪᠡᠯᠡᠳᠬᠡᠯ | ᠬᠡᠦᠬᠡᠳ ᠢ ᠬᠥᠮᠥᠵᠢᠭᠦᠯᠦᠨ ᠭᠠᠷᠭᠠᠵᠤ᠂ ᠳᠠᠮᠵᠢᠭᠤᠯᠤᠨ ᠬᠦᠷᠭᠡᠬᠦ ᠬᠡᠷᠡᠭᠲᠡᠢ᠃ ᠠᠪᠤᠨ ᠳᠣᠣᠷ᠎ᠠ ᠪᠠᠨ ᠠᠰᠢᠭ | ᠣᠯᠬᠤ ᠪᠠᠷ ᠶᠠᠭᠠᠷᠠᠬᠤ ᠪᠤᠳᠤᠯ ᠰᠡᠳᠬᠢᠯᠭᠡ ᠶᠢ ᠡᠷᠡᠰ ᠲᠠᠶᠠᠭᠳᠠᠵᠤ᠂ ᠪᠡᠯᠡᠳᠬᠡᠯ ᠴᠢᠳᠠᠪᠤᠷᠢᠲᠠᠨ ᠢ ᠬᠥᠮᠥᠵᠢᠭᠦᠯᠬᠦ ᠪᠠ | ᠦᠰᠦᠨ ᠪᠣᠶᠢᠵᠢᠬᠤ ᠠᠷᠭ᠎ᠠ ᠵᠠᠮ ᠪᠣᠯᠣᠨ ᠵᠠᠮ ᠢ ᠠᠯᠬᠤᠮ ᠠᠯᠬᠤᠮ ᠢᠶᠠᠷ ᠡᠭᠦᠳᠴᠦ᠂ ᠤᠷᠳᠤ ᠬᠤᠭᠤᠴᠠᠭ᠎ᠠ ᠪᠠᠷ | ᠴᠢᠷᠮᠠᠶᠢᠨ ᠠᠵᠢᠯᠯᠠᠵᠤ᠂ ᠳᠤᠮᠳᠠᠳᠤ ᠤᠯᠤᠰ ᠤᠨ ᠬᠥᠯ ᠪᠥᠮᠪᠦᠭᠡ ᠶᠢᠨ ᠦᠢᠯᠡᠰ ᠢ ᠬᠥᠭᠵᠢᠭᠦᠯᠦᠨ ᠮᠠᠨᠳᠤᠭᠤᠯᠬᠤ | ᠬᠡᠷᠡᠭᠲᠡᠢ ᠭᠡᠵᠦ ᠢᠯᠡᠷᠬᠡᠶᠢᠯᠡᠪᠡ᠃ | ︽ᠪᠦᠬᠦ ᠠᠷᠠᠳ ᠤᠨ ᠪᠡᠶ᠎ᠡ ᠴᠢᠭᠢᠷᠠᠭᠵᠢᠭᠤᠯᠬᠤ ᠠᠵᠢᠯᠯᠠᠭ᠎ᠠ ᠨᠢ ᠬᠥᠮᠥᠨ ᠪᠦᠬᠦᠨ ᠲᠠᠢ ᠨᠢᠭᠲᠠ ᠬᠤᠯᠪᠣᠭ᠎ᠠ ᠲᠠᠢ | ᠪᠥᠭᠡᠳ ᠪᠦᠬᠦ ᠦᠨᠳᠦᠰᠦᠲᠡᠨ ᠤ ᠪᠡᠶ᠎ᠡ ᠮᠠᠬᠠᠪᠤᠳ ᠤᠨ ᠬᠡᠪ ᠴᠢᠨᠠᠷ ᠪᠣᠯᠣᠨ ᠡᠷᠡᠭᠦᠯ ᠮᠡᠨᠳᠦ ᠶᠢᠨ ᠲᠦᠪᠰᠢᠨ ᠲᠠᠢ | ᠬᠤᠯᠪᠣᠭᠳᠠᠨ᠎ᠠ︾ | ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ | ᠨᠠᠮ ᠤᠨ ᠲᠥᠪ ᠬᠤᠷᠢᠶ᠎ᠠ ᠠᠷᠠᠳ ᠲᠦᠮᠡᠨ ᠤ ᠪᠡᠶ᠎ᠡ ᠮᠠᠬᠠᠪᠤᠳ ᠪᠣᠯᠣᠨ ᠡᠷᠡᠭᠦᠯ ᠮᠡᠨᠳᠤ ᠶᠢᠨ ᠠᠵᠢᠯ ᠢ ᠳᠡᠭᠡᠳᠦ | ᠬᠡᠮᠵᠢᠶ᠎ᠡ ᠪᠠᠷ ᠴᠢᠬᠤᠯᠠᠴᠢᠯᠠᠵᠤ᠂ ᠪᠦᠬᠦ ᠠᠷᠠᠳ ᠤᠨ ᠪᠡᠶ᠎ᠡ ᠴᠢᠭᠢᠷᠠᠭᠵᠢᠭᠤᠯᠬᠤ ᠶᠢ ᠤᠯᠤᠰ ᠤᠨ ᠪᠠᠶᠢᠯᠳᠤᠬᠤ ᠪᠣᠳᠣᠯᠭ᠎ᠠ | ᠪᠣᠯᠭᠠᠨ ᠳᠡᠭᠡᠭᠰᠢᠯᠡᠭᠦᠯᠵᠦ᠂ ᠪᠦᠬᠦ ᠠᠷᠠᠳ ᠤᠨ ᠪᠡᠶ᠎ᠡ ᠴᠢᠬᠢᠷᠠᠭᠵᠢᠭᠤᠯᠬᠤ ᠪᠣᠯᠣᠨ ᠪᠦᠬᠦ ᠠᠷᠠᠳ ᠤᠨ ᠡᠷᠡᠭᠦᠯ | ᠮᠡᠨᠳᠤ ᠶᠢᠨ ᠭᠦᠨᠵᠡᠭᠡᠢ ᠠᠭᠤᠰᠤᠯᠴᠠᠯ ᠢ ᠠᠬᠢᠭᠤᠯᠵᠤ᠂ ᠥᠷᠭᠡᠨ ᠤᠯᠠᠨ ᠠᠷᠠᠳ ᠲᠦᠮᠡᠨ ᠳᠤ ᠨᠡᠩ ᠤᠯᠠᠨ | ᠬᠦᠷᠲᠡᠮᠵᠢ ᠶᠢᠨ ᠲᠥᠷᠥᠭᠳᠡᠯ ᠪᠠ ᠬᠠᠨᠤᠮᠵᠢᠲᠠᠢ ᠲᠥᠷᠥᠭᠳᠡᠯ ᠣᠯᠭᠤᠵᠠᠢ᠃ ᠭᠤᠸ ᡁᠢ ᠳ᠋ᠠᠨ ᠢᠯᠡᠷᠬᠡᠶᠢᠯᠡᠬᠦ ᠳᠡᠭᠡᠨ᠂ | ᠪᠥᠬᠦ ᠠᠷᠠᠳ ᠤᠨ ᠪᠡᠶ᠎ᠡ ᠴᠢᠬᠢᠷᠠᠭᠵᠢᠭᠤᠯᠬᠤ ᠨᠢ ᠬᠥᠮᠥᠨ ᠪᠦᠬᠦᠨ ᠲᠠᠢ ᠨᠢᠭᠲᠠ ᠬᠤᠯᠪᠣᠭ᠎ᠠ ᠲᠠᠢ ᠪᠥᠭᠡᠳ ᠪᠥᠬᠦ | ᠦᠨᠳᠦᠰᠦᠲᠡᠨ ᠤ ᠪᠡᠶ᠎ᠡ ᠮᠠᠬᠠᠪᠤᠳ ᠤᠨ ᠬᠡᠪ ᠴᠢᠨᠠᠷ ᠪᠠ ᠡᠷᠡᠭᠦᠯ ᠮᠡᠨᠳᠦ ᠶᠢᠨ ᠬᠢᠷᠢ ᠲᠦᠪᠰᠢᠨ ᠲᠠᠢ ᠬᠤᠯᠪᠣᠭᠳᠠᠵᠤ | ᠪᠠᠶᠢᠳᠠᠭ᠂ ᠪᠡᠶ᠎ᠡ ᠶᠢᠨ ᠲᠠᠮᠢᠷ ᠤᠨ ᠬᠥᠳᠡᠯᠭᠡᠭᠡᠨ ᠳᠤ ᠣᠷᠣᠯᠴᠠᠵᠤ᠂ ᠡᠷᠡᠭᠦᠯ ᠮᠡᠨᠳᠦ ᠶᠢ ᠠᠬᠢᠭᠤᠯᠬᠤ ᠨᠢ ᠨᠢᠭᠡᠨᠲᠡ | ᠥᠷᠭᠡᠨ ᠣᠯᠠᠨ ᠠᠷᠠᠳ ᠲᠦᠮᠡᠨ ᠤ ᠤᠬᠠᠮᠰᠠᠷᠲᠤ ᠠᠵᠢᠯᠯᠠᠭ᠎ᠠ ᠪᠣᠯᠤᠭᠰᠠᠨ ᠪᠠᠶᠢᠨ᠎ᠠ᠃ | ᠭᠤᠸ ᡁᠢ ᠳ᠋ᠠᠨ ᠠᠴᠠ ᠣᠯᠠᠨ ᠲᠦᠮᠡᠨ ᠤ ︽ᠬᠠᠮᠢᠭ᠎ᠠ ᠤᠴᠢᠵᠦ ᠪᠡᠶ᠎ᠡ ᠴᠢᠭᠢᠷᠠᠭᠵᠢᠭᠤᠯᠬᠤ︾ ᠠᠰᠠᠭᠤᠳᠠᠯ ᠳᠤ | ᠴᠢᠭᠯᠡᠭᠦᠯᠦᠨ ᠲᠠᠨᠢᠯᠴᠠᠭᠤᠯᠬᠤ ᠳᠠᠭᠠᠨ᠂ ᠣᠳᠣᠬᠠᠨ ᠳᠤ᠂ ᠣᠯᠠᠨ ᠲᠦᠮᠡᠨ ᠤ ᠪᠡᠶ᠎ᠡ ᠴᠢᠭᠢᠷᠠᠭᠵᠢᠭᠤᠯᠬᠤ ᠲᠠᠯᠠᠪᠤᠷ ᠤᠨ | ︽ᠪᠠᠶᠢᠬᠤ ᠡᠰᠡᠬᠦ︾ ᠠᠰᠠᠭᠤᠳᠠᠯ ᠢ ᠠᠯᠬᠤᠮ ᠠᠯᠬᠤᠮ ᠢᠶᠠᠷ ᠰᠢᠢᠳᠪᠦᠷᠢᠯᠡᠵᠦ᠂ ᠪᠡᠶ᠎ᠡ ᠴᠢᠭᠢᠷᠠᠭᠵᠢᠭᠤᠯᠬᠤ | ᠲᠠᠯᠠᠪᠤᠷ ᠤᠨ ᠲᠤᠭ᠎ᠠ ᠬᠡᠮᠵᠢᠶ᠎ᠡ ᠶᠡᠭᠡ ᠪᠠᠷ ᠨᠡᠮᠡᠭᠳᠡᠵᠡᠢ᠃2022 ᠣᠨ ᠤ ᠡᠴᠦᠰ ᠪᠣᠯᠲᠠᠯ᠎ᠠ᠂ ᠬᠥᠮᠥᠨ | ᠳᠤᠮᠳᠠᠴᠢ ᠶᠢᠨ ᠪᠡᠶ᠎ᠡ ᠶᠢᠨ ᠲᠠᠮᠢᠷ ᠤᠨ ᠲᠠᠯᠠᠪᠠᠶ 2.62 ᠲᠡᠭᠰᠢ ᠳᠥᠷᠪᠡᠯᠵᠢᠨ ᠮᠧᠲᠷ ᠲᠤ ᠬᠦᠷᠴᠦ᠂ 10 ᠵᠢᠯ ᠤᠨ | ᠡᠮᠦᠨᠡᠬᠢ ᠠᠴᠠ ᠶᠡᠭᠡ ᠬᠡᠮᠵᠢᠶ᠎ᠡ ᠪᠠᠷ ᠨᠡᠮᠡᠭᠳᠡᠵᠡᠢ᠃ ᠪᠡᠶ᠎ᠡ ᠴᠢᠭᠢᠷᠠᠭᠵᠢᠭᠤᠯᠬᠤ ᠪᠡᠯᠡᠳᠬᠡᠮᠵᠢ ᠶᠢᠨ ︽ᠰᠠᠶᠢᠨ ᠡᠰᠡᠬᠦ︾ | ᠠᠰᠠᠭᠤᠳᠠᠯ ᠢ ᠲᠠᠰᠤᠷᠠᠯᠲᠠ ᠦᠭᠡᠢ ᠰᠠᠶᠢᠵᠢᠷᠠᠭᠤᠯᠵᠤ᠂ ᠪᠡᠶ᠎ᠡ ᠴᠢᠭᠢᠷᠠᠭᠵᠢᠭᠤᠯᠬᠤ ᠪᠡᠯᠡᠳᠬᠡᠮᠵᠢ ᠶᠢᠨ ᠶᠠᠰᠤ ᠴᠢᠨᠠᠷ ᠢ | ᠲᠣᠭᠲᠠᠭᠤᠨ ᠢᠶᠠᠷ ᠳᠡᠭᠡᠭᠰᠢᠯᠡᠭᠦᠯᠦᠨ᠂ ᠬᠤᠲᠠ ᠬᠥᠳᠡᠭᠡ ᠶᠢᠨ ᠦᠨᠳᠦᠰᠦᠨ ᠱᠠᠲᠤᠨ ᠳᠤ ᠨᠢᠭᠡ ᠪᠦᠯᠦᠭ ᠴᠢᠨᠠᠷ | ᠰᠠᠶᠢᠲᠠᠢ ᠪᠥᠭᠡᠳ ᠬᠡᠷᠡᠭᠯᠡᠭᠡᠨ ᠤ ᠪᠡᠶ᠎ᠡ ᠴᠢᠭᠢᠷᠠᠭᠵᠢᠭᠤᠯᠬᠤ ᠪᠡᠯᠡᠳᠬᠡᠮᠵᠢ ᠪᠠ ᠲᠠᠯᠠᠪᠤᠷ ᠭᠠᠵᠠᠷ ᠪᠠᠶᠢᠭᠤᠯᠵᠤ᠂ ᠪᠥᠬᠦ | ᠠᠷᠠᠳ ᠤᠨ ᠪᠡᠶ᠎ᠡ ᠴᠢᠭᠢᠷᠠᠭᠵᠢᠭᠤᠯᠬᠤ ᠪᠡᠯᠡᠳᠬᠡᠮᠵᠢ ᠶᠢᠨ ᠣᠶᠤᠨᠴᠢᠯᠠᠬᠤ ᠬᠢᠷᠢ ᠬᠡᠮᠵᠢᠶ᠎ᠡ ᠶᠢ ᠲᠠᠰᠤᠷᠠᠯᠲᠠ ᠦᠭᠡᠢ | ᠲᠡᠭᠡᠭᠰᠢᠯᠡᠬᠦᠯᠦᠨ᠎ᠡ᠃ ᠪᠡᠶ᠎ᠡ ᠶᠢᠨ ᠲᠠᠮᠢᠷ ᠤᠨ ᠲᠠᠯᠠᠪᠤᠷ ᠣᠷᠳᠣᠨ ᠢ ︽ᠨᠡᠭᠡᠭᠡᠵᠦ ᠳᠡᠶᠢᠯᠬᠦ ᠦᠭᠡᠢ︾ ᠪᠠᠶᠢᠬᠤ ᠬᠦᠴᠢᠷ | ᠠᠰᠠᠭᠤᠳᠠᠯ ᠢ ᠪᠦᠲᠦᠮᠵᠢᠲᠡᠶ ᠠᠷᠭᠠᠴᠠᠵᠤ᠂ 2023 ᠣᠨ ᠳᠤ ᠲᠥᠪ ᠠᠴᠠ ᠪᠠᠷᠤᠭ 2500 ᠪᠡᠶ᠎ᠡ ᠶᠢᠨ ᠲᠠᠮᠢᠷ ᠤᠨ | ᠲᠠᠯᠠᠪᠤᠷ ᠣᠷᠳᠣᠨ ᠳᠤ ᠨᠥᠬᠦᠪᠦᠷᠢ ᠥᠭᠴᠦ᠂ ᠪᠥᠬᠦ ᠤᠯᠤᠰ ᠤᠨ 1400 ᠭᠠᠷᠤᠢ ᠰᠢᠶᠠᠨ︵ᠬᠤᠲᠠ᠂ ᠲᠣᠭᠤᠷᠢᠭ︶ | ᠳᠤ ᠪᠠᠭᠤᠯᠭᠠᠵᠦ᠂ ᠪᠦᠬᠦᠨ ᠢ ᠰᠦᠢᠳᠬᠡᠯ ᠬᠤᠷᠢᠶᠠᠬᠤ ᠦᠭᠡᠢ ᠪᠤᠶᠤ ᠳᠣᠣᠷ᠎ᠠ ᠰᠦᠢᠳᠬᠡᠯ ᠬᠤᠷᠢᠶᠠᠯᠲᠠ ᠪᠠᠷ | ᠨᠡᠶᠢᠭᠡᠮ ᠨᠡᠶᠢᠲᠡ ᠳᠤ ᠨᠡᠭᠡᠭᠡᠨ ᠥᠭᠴᠦ᠂ ᠣᠯᠠᠨ ᠲᠦᠮᠡᠨ ᠤ ᠰᠡᠳᠬᠢᠯ ᠬᠠᠨᠤᠮᠵᠢᠲᠠᠶ ᠪᠠᠶᠢᠬᠤ ᠬᠡᠮᠵᠢᠶ᠎ᠡ | ᠲᠣᠭᠲᠠᠭᠤᠨ ᠢᠶᠠᠷ ᠲᠡᠭᠡᠭᠰᠢᠯᠡᠬᠦᠯᠦᠨ᠎ᠡ᠃ ᠡᠨᠡ ᠵᠢᠯ᠂ ᠪᠡᠶ᠎ᠡ ᠶᠢᠨ ᠲᠠᠮᠢᠷ ᠤᠨ ᠶᠡᠷᠦᠩᠬᠡᠢ ᠲᠣᠪᠴᠢᠶ᠎ᠠ ︽ᠰᠢᠨ᠎ᠡ ᠴᠠᠭ | ᠦᠶ᠎ᠡ ᠶᠢᠨ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠲᠠᠯᠠᠪᠤᠷ ᠤᠨ ᠲᠥᠬᠦᠭᠡᠷᠦᠮᠵᠢ ᠶᠢ ᠳᠡᠭᠡᠭᠰᠢᠯᠡᠭᠦᠯᠬᠦ | ᠢᠨᠵᠧᠨᠧᠷᠢᠩ︾ ᠢ ᠡᠬᠢᠯᠡᠭᠦᠯᠬᠦ ᠪᠠᠷ ᠲᠥᠯᠥᠪᠯᠡᠵᠦ᠂ ᠥᠷᠭᠡᠨ ᠣᠯᠠᠨ ᠠᠷᠠᠳ ᠲᠦᠮᠡᠨ ᠳᠤ ᠨᠠᠩ ᠣᠯᠠᠨ ᠨᠠᠩ | ᠰᠠᠶᠢᠨ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠰᠠᠶᠢᠨ ᠭᠠᠵᠠᠷ ᠬᠠᠩᠭᠠᠬᠤ ᠪᠠᠷ ᠴᠢᠷᠮᠠᠶᠢᠨ᠎ᠠ᠃ | ᠭᠤᠣ ᡁᠢ ᠳ᠋ᠠᠨ ᠠᠴᠠ ᠵᠠᠯᠠᠭᠤᠴᠤᠳ ᠪᠠᠭᠠᠴᠤᠳ ᠤᠨ ᠪᠡᠶ᠎ᠡ ᠶᠢᠨ ᠲᠠᠮᠢᠷ ᠤᠨ ᠠᠵᠢᠯ ᠢ ᠴᠢᠩᠭᠠᠳᠬᠠᠬᠤ ᠲᠤᠬᠠᠢ | ᠢᠯᠡᠷᠬᠡᠶᠢᠯᠡᠬᠦ ᠳᠡᠭᠡᠨ᠂ ᠨᠠᠮ ᠤᠨ ᠬᠤᠷᠢᠳᠤᠭᠠᠷ ᠶᠡᠭᠡ ᠬᠤᠷᠠᠯ ᠤᠨ ᠢᠯᠡᠳᠬᠡᠯ ᠳᠤ ᠵᠠᠯᠠᠭᠤᠴᠤᠳ ᠪᠠᠭᠠᠴᠤᠳ ᠤᠨ | ᠪᠡᠶ᠎ᠡ ᠶᠢᠨ ᠲᠠᠮᠢᠷ ᠤᠨ ᠠᠵᠢᠯ ᠢ ᠴᠢᠩᠭᠠᠳᠬᠠᠬᠤ ᠱᠠᠭᠠᠷᠳᠠᠯᠭ᠎ᠠ ᠲᠤᠷᠠᠳᠪᠠ᠃ ᠪᠢᠳᠡ ᠨᠠᠮ ᠤᠨ ᠬᠤᠷᠢᠳᠤᠭᠠᠷ ᠶᠡᠭᠡ | ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠢ ᠨᠠᠶᠢᠳᠠᠪᠤᠷᠢᠵᠢᠭᠤᠯᠵᠤ᠂ ᠵᠠᠯᠠᠭᠤᠴᠤᠳ ᠪᠠᠭᠠᠴᠤᠳ ᠤᠨ ᠪᠡᠶ᠎ᠡ ᠶᠢᠨ | ᠲᠠᠮᠢᠷ ᠤᠨ ᠲᠡᠭᠡᠳᠦ ᠳᠠᠪᠬᠤᠷᠭ᠎ᠠ ᠶᠢᠨ ᠲᠦᠰᠦᠪᠯᠡᠯ ᠢ ᠴᠢᠩᠭᠠᠳᠬᠠᠵᠦ᠂ ᠪᠡᠶ᠎ᠡ ᠲᠠᠮᠢᠷ ᠪᠠ ᠰᠤᠷᠭᠠᠨ ᠬᠥᠮᠦᠵᠢᠯ ᠤᠨ | ᠠᠭᠤᠰᠤᠯᠴᠠᠯ ᠢ ᠭᠦᠨᠵᠡᠭᠡᠶᠢᠷᠡᠭᠦᠯᠵᠦ᠂ ᠬᠡᠦᠬᠡᠳ ᠪᠠᠭᠠᠴᠤᠳ ᠵᠠᠯᠠᠭᠤᠴᠤᠳ ᠪᠠᠭᠠᠴᠤᠳ ᠤᠨ ᠰᠢᠨᠵᠢᠯᠡᠬᠦ | ᠤᠬᠠᠭᠠᠨᠴᠢ ᠪᠠᠷ ᠪᠡᠶ᠎ᠡ ᠴᠢᠭᠢᠷᠠᠭᠵᠢᠭᠤᠯᠬᠤ ᠶᠢ ᠲᠦᠭᠡᠮᠡᠯᠵᠢᠭᠦᠯᠬᠦ ᠪᠠ ᠪᠡᠶ᠎ᠡ ᠮᠠᠬᠠᠪᠤᠳ ᠤᠨ ᠡᠷᠡᠭᠦᠯ ᠮᠡᠨᠳᠦ ᠳᠤ ᠭᠠᠷ | ᠲᠦᠷᠦᠭᠦ ᠶᠢ ᠦᠷᠬᠡᠨ ᠬᠡᠪᠴᠢᠶ᠎ᠡ ᠪᠠᠷ ᠦᠷᠨᠢᠭᠦᠯᠦᠨ᠎ᠡ᠃ ᠬᠤᠯᠪᠣᠭᠳᠠᠯ ᠪᠦᠬᠦᠢ ᠰᠠᠯᠠᠭ᠎ᠠ ᠮᠥᠴᠢᠷ ᠲᠠᠢ ᠬᠠᠮᠵᠢᠯᠴᠠᠨ | ᠵᠠᠯᠠᠭᠤᠴᠤᠳ ᠪᠠᠭᠠᠴᠤᠳ ᠤᠨ ᠪᠡᠶ᠎ᠡ ᠶᠢᠨ ᠲᠠᠮᠢᠷ ᠤᠨ ᠤᠷᠤᠯᠳᠤᠭᠠᠨ ᠤ ᠠᠵᠢᠯᠯᠠᠭ᠎ᠠ ᠪᠠ ᠭᠤᠣᠯ ᠰᠡᠳᠦᠪᠲᠦ ᠪᠡᠶ᠎ᠡ | ᠴᠢᠭᠢᠷᠠᠭᠵᠢᠭᠤᠯᠬᠤ ᠠᠵᠢᠯᠯᠠᠭ᠎ᠠ ᠶᠢ ᠰᠠᠶᠢᠲᠤᠷ ᠵᠣᠬᠢᠶᠠᠨ ᠪᠠᠶᠢᠭᠤᠯᠵᠤ᠂ ᠨᠡᠩ ᠤᠯᠠᠨ ᠬᠡᠦᠬᠡᠳ ᠢ ᠭᠦᠶᠦᠯᠭᠡᠵᠦ᠂ | ᠬᠥᠳᠡᠯᠭᠡᠵᠦ᠂ ᠦᠰᠦᠷᠦᠭᠦᠯᠵᠦ᠂ ᠬᠡᠦᠬᠡᠳ ᠤᠨ ᠮᠠᠷᠢᠶᠠᠯᠠᠬᠤ ᠪᠠ ᠬᠠᠷᠠᠭ᠎ᠠ ᠮᠠᠭᠤᠳᠠᠬᠤ ᠵᠡᠷᠭᠡ ᠠᠰᠠᠭᠤᠳᠠᠯ ᠢ | ᠰᠢᠢᠳᠪᠦᠷᠢᠯᠡᠬᠦ ᠳᠤ ᠬᠦᠴᠦ ᠨᠡᠮᠡᠷᠢᠯᠡᠵᠦ᠂ ᠵᠠᠯᠠᠭᠤᠴᠤᠳ ᠪᠠᠭᠠᠴᠤᠳ ᠢ ᠰᠠᠶᠢᠨ ᠰᠠᠶᠢᠬᠠᠨ ᠠᠮᠢᠳᠤᠷᠠᠯ ᠤᠨ ᠳᠠᠳᠬᠠᠯ | ᠪᠠ ᠠᠮᠢᠳᠤᠷᠠᠯ ᠤᠨ ᠣᠪᠣᠷ ᠲᠠᠢ ᠪᠣᠯᠭᠠᠵᠤ᠂ ᠵᠠᠯᠠᠭᠤᠴᠤᠳ ᠪᠠᠭᠠᠴᠤᠳ ᠤᠨ ᠪᠦᠬᠦ ᠲᠠᠯ᠎ᠠ ᠪᠠᠷ ᠬᠥᠭᠵᠢᠬᠦ᠂ ᠡᠷᠡᠭᠦᠯ ᠢᠶᠠᠷ | ᠦᠰᠦᠨ ᠪᠣᠶᠢᠵᠢᠬᠤ ᠶᠢ ᠠᠬᠢᠭᠤᠯᠬᠤ ᠬᠡᠷᠡᠭᠲᠡᠢ ᠭᠡᠪᠡ᠃ | |