ᠭᠤᠪᠢ ᠶᠢᠨ ᠮᠠᠯᠴᠢᠨ ᠭᠡᠷ ᠪᠦᠯᠢ ᠶᠢᠨ ᠲᠡᠮᠡᠭᠡᠨ ᠨᠠᠶᠢᠷ ᠡᠷᠬᠢᠯᠡᠯ᠎ᠡ
ᠨᠡᠶᠢᠲᠡᠯᠡᠭᠰᠡᠨ ᠴᠠᠭ᠄
2023/4/13
   ᠤᠷᠴᠢᠮᠬᠠᠨ ᠪᠠᠶᠠᠨᠨᠠᠭᠤᠷ  ᠬᠤᠳᠠ ᠶᠢᠨ ᠤᠷᠠᠳ ᠤᠨ ᠬᠤᠶᠢᠳᠦ ᠬᠤᠰᠢᠭᠤᠨ ᠳᠤ ᠨᠢᠭᠡᠨ ᠤᠳᠠᠭᠠᠨ ᠤ ᠣᠨᠴᠠᠭᠠᠶ ᠲᠡᠮᠡᠭᠡᠨ ᠤ ᠨᠠᠶᠢᠷ ᠶᠠᠪᠤᠬᠳᠠᠵᠤ᠂ ᠤᠯᠠᠭᠠᠨ ᠲᠡᠮᠡᠭᠡᠨ ᠤ ᠰᠣᠶᠣᠯ ᠢ ᠤᠯᠠᠨ ᠲᠦᠮᠡᠨ ᠳᠡᠭᠡᠨ ᠪᠠᠭ᠋ᠠᠷᠬᠠᠭᠤᠯᠤᠯ᠎ᠠ᠃ ᠲᠤᠰ ᠨᠠᠶᠢᠷ ᠢ ᠴᠤᠬᠠᠦ᠋ᠨᠳᠦᠷ ᠪᠠᠯᠭᠠᠰᠤ ᠶᠢᠨ ᠮᠠᠯᠴᠢᠨ ᠭᠠᠩᠪᠠᠭᠠᠲᠤᠷ ᠤᠨ ᠬᠢᠨ ᠡᠷᠭᠢᠯᠡᠭᠰᠡᠨ ᠪᠠᠶᠢᠵᠠᠢ᠃
    ᠲᠤᠬᠠᠢ ᠶᠢᠨ ᠡᠳᠦᠷ ᠤᠨ ᠥᠷᠯᠥᠭᠡ ᠡᠷᠲᠡ᠂ ᠤᠷᠠᠳ ᠤᠨ ᠲᠠᠯ᠎ᠠ ᠨᠤᠳᠤᠭ ᠤᠨ ᠮᠠᠯᠴᠢᠳ ᠦᠵᠡᠰᠬᠦᠯᠡᠩᠲᠦ  ᠰᠠᠶᠢᠬᠠᠨ ᠦᠨᠳᠦᠰᠦᠳᠠᠨ ᠤ ᠤᠯᠠᠮᠵᠢᠯᠠᠯᠲᠤ ᠬᠤᠪᠴᠠᠰᠤ ᠵᠠᠰᠠᠯ ᠢᠶᠠᠨ ᠡᠮᠦᠰᠴᠦ᠂ ᠲᠡᠮᠡᠭᠡ ᠪᠠᠨ ᠤᠨᠤᠵᠤ ᠭᠠᠩᠪᠠᠭᠠᠲᠤᠷ   ᠤᠨ ᠮᠠᠯᠵᠢᠯ ᠤᠨ ᠲᠠᠯᠠᠪᠠᠢ ᠳᠤ ᠬᠦᠷᠪᠡ᠃ 3 ᠺᠢᠯᠤᠮᠧᠲᠷ᠂ 5  ᠺᠢᠯᠤᠮᠧᠲᠷ᠂ 6 ᠺᠢᠯᠤᠮᠧᠲᠷ᠂ 12 ᠺᠢᠯᠤᠮᠧᠲᠷ ᠤᠨ ᠤᠷᠤᠯᠳᠤᠭᠠᠨ ᠭᠡᠬᠦ ᠲᠦᠷᠪᠡᠨ ᠲᠤᠭᠤᠶᠢᠯᠠᠩ ᠬᠤᠪᠢᠶᠠᠵᠤ ᠬᠤᠷᠲᠤᠨ ᠲᠡᠮᠡᠭᠡᠨ ᠤ ᠤᠷᠤᠯᠳᠤᠭᠠᠨ ᠶᠠᠪᠤᠭᠳᠠᠭᠤᠯᠪᠠ᠂ ᠤᠷᠤᠯᠳᠤᠭᠠᠨ ᠳᠤ ᠣᠷᠣᠯᠴᠠᠭᠰᠠᠨ ᠲᠡᠮᠡᠭᠡᠨ ᠤ ᠪᠡᠶ᠎ᠡ ᠪᠢᠯᠳᠠᠷ  ᠰᠦᠷᠯᠢᠭ ᠰᠠᠶᠢᠬᠠᠨ ᠪᠠᠶᠢᠵᠦ᠂ ᠤᠨᠤᠭᠠᠴᠢᠳ ᠨᠢᠭᠡᠳ ᠨᠢᠭᠡ ᠪᠠᠷ ᠣᠮᠤᠭ ᠲᠡᠭᠦᠯᠳᠡᠷ ᠢᠶᠠᠷ ᠮᠣᠷᠳᠠᠵᠠᠭᠠᠵᠤ ᠭᠤᠪᠢ ᠨᠤᠳᠤᠭ ᠢᠶᠠᠷ ᠬᠤᠷᠳᠤᠨ ᠲᠡᠮᠡᠭᠡ ᠪᠠᠨ ᠬᠦᠶᠦᠯᠬᠡᠵᠤ᠂ ᠰᠢᠷᠤᠩᠬᠠᠢᠯᠠᠨ ᠦᠷᠢᠰᠦᠯᠳᠦᠵᠦ᠂ ᠤᠷᠤᠯᠳᠤᠭᠠᠨ ᠤ ᠠᠭᠤᠷ ᠠᠮᠢᠰᠬᠤᠯ ᠬᠥᠷ ᠬᠦᠭᠵᠢᠶᠡᠨ ᠲᠠᠢ  ᠪᠠᠶᠢᠵᠦ᠂ ᠬᠤᠷᠠᠭᠰᠠᠨ ᠤᠯᠠᠨ ᠤ ᠪᠠᠭ᠋ᠠᠷᠬᠠᠯ ᠢ ᠲᠠᠲᠠᠪᠠ᠃
    ᠲᠡᠮᠡᠭᠡᠨ ᠨᠤᠯᠤᠤᠭᠤᠷ ᠬᠠᠶᠢᠴᠢᠯᠠᠨ᠎ᠠ     ᠲᠡᠮᠡᠭᠡᠨ ᠤ ᠤᠷᠤᠯᠳᠤᠭᠠᠨ ᠬᠤᠷᠴᠠ ᠰᠢᠷᠦᠭᠦᠨ ᠶᠠᠪᠤᠭᠳᠠᠭᠰᠠᠨ ᠤ ᠲᠠᠷᠠᠭ᠎ᠠ᠂ ᠮᠠᠯᠴᠢᠳ ᠨᠢᠭᠡ ᠲᠤᠤᠷ᠎ᠠ ᠴᠤᠭᠯᠠᠷᠠᠵᠤ᠂ ᠬᠠᠷᠢᠯᠴᠠᠨ ᠬᠠᠪᠰᠤᠷᠴᠤ ᠲᠡᠮᠡᠭᠡᠨ ᠤ ᠨᠣᠣᠯᠣᠭᠤᠷ ᠬᠠᠶᠢᠴᠢᠯᠠᠵᠦ᠂ ᠲᠡᠮᠡᠭᠡ ᠪᠠᠨ ᠲᠠᠮᠠᠭᠠᠯᠠᠵᠦ᠂ ᠥᠪᠡᠷ ᠥᠪᠡᠷ ᠤᠨ ᠦᠢᠯᠡᠳᠪᠦᠷᠢᠯᠡᠯ ᠤᠨ ᠤᠷ᠎ᠠ ᠮᠡᠷᠭᠡᠵᠢᠯ ᠢᠶᠠᠨ ᠳᠡᠯᠭᠡᠨ ᠦᠵᠡᠭᠦᠯᠬᠦ ᠶᠢᠨ ᠬᠠᠮᠲᠤ ᠭᠤᠪᠢ ᠶᠢᠨ ᠤᠯᠠᠭᠠᠨ ᠲᠡᠮᠡᠭᠡ ᠮᠠᠯᠵᠢᠬᠤ ᠲᠤᠷᠰᠢᠯᠭ᠎ᠠ ᠪᠠᠨ ᠬᠤᠪᠢᠶᠠᠯᠴᠠᠪᠠ᠃     ᠤᠷᠠᠳ ᠤᠨ ᠬᠤᠶᠢᠳᠦ ᠬᠤᠰᠢᠭᠤ ᠨᠢ ᠳᠤᠮᠳᠠᠳᠤ ᠤᠯᠤᠰ ᠤᠨ ᠭᠤᠪᠢ ᠶᠢᠨ ᠤᠯᠠᠭᠠᠨ ᠲᠡᠮᠡᠭᠡᠨ ᠤ ᠨᠤᠲᠤᠭ ᠬᠡᠮᠡᠭᠳᠡᠵᠦ᠂ ᠭᠠᠩᠪᠠᠭᠠᠲᠤᠷ ᠤᠨ ᠪᠠᠶᠢᠭ᠎ᠠ ᠴᠤᠬᠠᠦ᠋ᠨᠳᠦᠷ ᠪᠠᠯᠭᠠᠰᠤ ᠨᠢ ᠭᠤᠪᠢ ᠶᠢᠨ ᠤᠯᠠᠭᠠᠨ ᠲᠡᠮᠡᠭᠡ ᠲᠡᠵᠢᠭᠡᠨ ᠦᠷᠡᠵᠢᠭᠦᠯᠬᠦ ᠲᠤᠮᠤ ᠪᠠᠯᠭᠠᠰᠤ ᠪᠠᠶᠢᠵᠦ᠂ ᠲᠤᠰ ᠪᠠᠯᠭᠠᠰᠤᠨ ᠤ ᠮᠠᠯᠴᠢᠳ ᠤᠨ ᠣᠯᠠᠩᠬᠢ ᠨᠢ ᠲᠡᠮᠡᠭᠡ ᠮᠠᠯᠵᠢᠵᠤ ᠪᠤᠢ᠃ ᠬᠠᠪᠤᠷ ᠤᠨ ᠤᠯᠠᠷᠢᠯ ᠪᠤᠯ ᠲᠡᠮᠡᠭᠡᠨ ᠨᠤᠤᠯᠤᠭᠤᠷ ᠬᠠᠶᠢᠴᠢᠯᠠᠬᠤ᠂ ᠲᠡᠮᠡᠭᠡ ᠲᠠᠮᠠᠭᠠᠯᠠᠬᠤ ᠶᠠᠭᠠᠷᠠᠯᠳᠠᠢ ᠴᠠᠭ ᠪᠠᠶᠢᠵᠦ᠂ ᠲᠡᠮᠡᠭᠡᠨ ᠨᠠᠶᠢᠷ ᠡᠷᠬᠢᠯᠡᠬᠦ ᠪᠠᠷ ᠲᠠᠮᠵᠢᠨ ᠮᠠᠯᠴᠢᠳ ᠢ ᠬᠠᠷᠢᠯᠴᠠᠨ ᠬᠠᠪᠰᠤᠷᠤᠯᠴᠠᠭᠤᠯᠵᠤ᠂ ᠮᠠᠯ ᠠᠵᠤ ᠠᠬᠤᠶ ᠶᠢᠨ ᠦᠢᠯᠡᠳᠪᠦᠷᠢᠯᠡᠯ ᠤᠨ ᠲᠠᠷᠤᠭᠠᠰᠦ ᠶᠢ ᠨᠢ ᠶᠡᠭᠡ ᠪᠠᠷ ᠬᠥᠩᠭᠡᠯᠡᠭᠰᠡᠨ ᠪᠠᠶᠢᠨ᠎ᠡ᠃
    ᠲᠡᠮᠡᠭᠡ ᠲᠠᠮᠠᠭᠠᠯᠠᠨ᠎ᠠ     ︽ᠲᠠᠯ᠎ᠠ ᠨᠤᠳᠤᠭ ᠤᠨ ᠮᠠᠯᠴᠢᠳ ᠶᠠᠷᠦ ᠠᠴᠠ ᠬᠠᠷᠢᠯᠴᠠᠨ ᠬᠠᠪᠰᠤᠷᠤᠯᠴᠠᠬᠤ ᠰᠠᠶᠢᠬᠠᠨ‌ᠤᠯᠠᠮᠵᠢᠯᠠᠯ ᠲᠠᠢ ᠶᠤᠮ᠂ ᠬᠠᠪᠤᠷ ᠡᠪᠦᠯ ‍ᠤᠨ‌ᠤᠯᠠᠷᠢᠯ ᠳᠤ ᠤᠯᠠᠨ ᠢᠶᠠᠷ ᠢᠶᠠᠨ ᠲᠡᠮᠡᠭᠡᠨ ᠤ ᠨᠠᠶᠢᠷ ᠨᠠᠭᠠᠳᠤᠮ ᠢ ᠡᠭᠡᠯᠵᠢᠯᠡᠨ ᠡᠷᠭᠢᠯᠡᠬᠦ ᠬᠡᠯᠪᠡᠷᠢ  ᠪᠠᠷ ᠦᠢᠯᠡᠳᠪᠦᠷᠢᠯᠡᠯ ᠢ ᠠᠳᠬᠤᠵᠤ᠂ ᠲᠡᠮᠡᠭᠡᠨ ᠰᠣᠶᠣᠯ ᠢ ᠬᠠᠮᠳᠤᠪᠡᠷ ᠤᠯᠠᠮᠵᠢᠯᠠᠨ ᠪᠠᠳᠠᠷᠠᠭᠤᠯᠬᠤ ᠨᠢ ᠮᠠᠰᠢ ᠤᠳᠬ᠎ᠠ ᠠᠭᠤᠯᠭ᠎ᠠ ᠲᠠᠢ ᠶᠤᠮ︕︾ ᠭᠡᠵᠤ ᠭᠠᠩᠪᠠᠭᠠᠳᠤᠷ ᠶᠠᠷᠢᠨ᠎ᠠ᠃
 
ᠢᠷᠡᠯᠲᠡ᠄ ᠦᠪᠦᠷ ᠮᠣᠩᠭᠤᠯ ᠤᠨ ᠡᠳᠤᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号