ᠠᠷᠪᠠᠨ ᠲᠠᠪᠤᠳᠤᠭᠠᠷ ᠬᠤᠭᠤᠴᠠᠭᠠᠨ ᠤ ᠪᠥᠬᠦ ᠣᠷᠣᠨ ᠤ ᠪᠡᠶ᠎ᠡ ᠶᠢᠨ ᠲᠠᠮᠢᠷ ᠤᠨ ᠴᠤᠭᠯᠠᠭᠠᠨ ᠤ ᠣᠯᠠᠨ ᠲᠦᠮᠡᠨᠴᠢ ᠤᠷᠤᠯᠳᠤᠭᠠᠨ ᠤ ᠫᠢᠩᠫᠠᠩ ᠪᠥᠮᠪᠦᠭᠡ ᠶᠢᠨ ᠤᠷᠤᠯᠳᠤᠭᠠᠨ ᠪᠤᠭᠤᠲᠤ ᠬᠤᠲᠠ ᠳᠤ ᠡᠬᠢᠯᠡᠪᠡ
ᠨᠡᠶᠢᠲᠡᠯᠡᠭᠰᠡᠨ ᠴᠠᠭ᠄
2023/5/9
    5 ᠰᠠᠷ᠎ᠠ ᠶᠢᠨ 8 ᠤ ᠡᠳᠦᠷ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠲᠠᠪᠤᠳᠤᠭᠠᠷ ᠬᠤᠭᠤᠴᠠᠭᠠᠨ ᠤ ᠲᠠᠮᠢᠷ ᠤᠨ ᠴᠤᠭᠯᠠᠭᠠᠨ ᠤ ᠣᠯᠠᠨ ᠲᠦᠮᠡᠨᠴᠢ ᠤᠷᠤᠯᠳᠤᠭᠠᠨ ᠤ ᠫᠢᠩᠫᠠᠩ ᠪᠥᠮᠪᠦᠭᠡ ᠶᠢᠨ ᠤᠷᠤᠯᠳᠤᠭᠠᠨ ᠪᠤᠭᠤᠲᠤ ᠬᠤᠲᠠ ᠳᠤ ᠡᠬᠢᠯᠡᠪᠡ᠃
    ᠤᠷᠤᠯᠳᠤᠭᠠᠨ ᠳᠤ ᠡᠷᠡᠭᠲᠡᠢ᠂ ᠡᠮᠡᠭᠲᠡᠢ ᠶᠢᠨ ᠳ᠋ᠠᠩ ᠢᠶᠠᠷ ᠴᠣᠬᠢᠬᠤ ᠪᠠ ᠡᠷᠡᠭᠲᠡᠢ᠂ ᠡᠮᠡᠭᠲᠡᠢ ᠶᠢᠨ ᠬᠠᠮᠲᠤ ᠶᠢᠨ ᠤᠷᠤᠯᠳᠤᠭᠠᠨ ᠭᠡᠬᠦ ᠲᠦᠷᠪᠡᠨ ᠲᠦᠷᠦᠯ ᠢ ᠲᠤᠬᠢᠷᠠᠭᠤᠯᠵᠦ᠂ 25 — 39 ᠨᠠᠰᠤ᠂ 40 — 49 ᠨᠠᠰᠤ᠂ 50 — 59 ᠨᠠᠰᠤ᠂ 60 — 69 ᠨᠠᠰᠤ᠂ 70 ᠨᠠᠰᠤ ᠵᠢᠴᠢ ᠲᠡᠭᠦᠨ ᠠᠴᠠ ᠳᠡᠭᠡᠭᠰᠢ ᠭᠡᠬᠦ 5 ᠳᠤᠭᠤᠶᠢᠯᠠᠩ ᠬᠤᠪᠢᠶᠠᠪᠠ᠃ ᠤᠷᠤᠯᠳᠤᠭᠠᠨ 5 ᠰᠠᠷ᠎ᠠ ᠶᠢᠨ 11 ᠤ ᠡᠳᠦᠷ ᠪᠣᠯᠲᠠᠯ᠎ᠠ ᠦᠷᠭᠦᠯᠵᠢᠯᠡᠵᠦ᠂ ᠡᠯ᠎ᠡ ᠠᠶᠢᠮᠠᠭ ᠬᠤᠲᠠ ᠪᠠ ᠠᠵᠢᠯ ᠲᠥᠷᠥᠯ ᠤᠨ ᠪᠡᠶ᠎ᠡ ᠶᠢᠨ ᠲᠠᠮᠢᠷ ᠤᠨ ᠨᠡᠶᠢᠭᠡᠮᠯᠢᠭ ᠤᠨ 12 ᠲᠥᠯᠥᠭᠡᠯᠡᠭᠴᠢᠳ ᠤᠨ ᠠᠩᠭᠢ ᠶᠢᠨ 122 ᠲᠠᠮᠢᠷᠴᠢᠨ ᠤᠷᠤᠯᠳᠤᠭᠠᠨ ᠳᠤ ᠣᠷᠣᠯᠴᠠᠵᠠᠢ᠃     ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠳᠠᠷᠤᠭ᠎ᠠ ᠳ᠋ᠦ᠋ ᠪᠥᠸᠧ ᠵᠢᠶᠦ᠋ᠨ ᠤᠷᠤᠯᠳᠤᠭᠠᠨ ᠡᠬᠢᠯᠡᠭᠰᠡᠨ ᠢ ᠵᠠᠷᠯᠠᠵᠤ᠂ ᠥᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠳᠡᠳ᠋ ᠳᠠᠷᠤᠭ᠎ᠠ ᠵᠠᠩ ᡁᠢ᠂ ᠪᠤᠭᠤᠲᠤ ᠬᠤᠲᠠ ᠶᠢᠨ ᠳᠡᠳ᠋ ᠳᠠᠷᠤᠭ᠎ᠠ ᠵᠠᠩ ᠪᠢᠨ ᠨᠠᠷ ᠡᠬᠢᠯᠡᠯᠲᠡ ᠶᠢᠨ ᠶᠣᠰᠣᠯᠠᠯ ᠳᠤ ᠣᠷᠣᠯᠴᠠᠪᠠ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号