ᠪᠤᠭᠤᠲᠤ ᠬᠤᠳᠠ ᠶᠢᠨ 2024 ᠣᠨ ᠤ ᠬᠠᠮᠤᠭ ᠤᠨ ᠰᠡᠭᠦᠯᠴᠢ ᠶᠢᠨ ᠬᠠᠭᠠᠰ ᠵᠠᠢ ᠶᠢᠨ ᠮᠠᠷᠠᠽᠤᠨ ᠤᠷᠤᠯᠳᠤᠭᠠᠨ ᠪᠣᠷᠣᠭᠠᠨ ᠤ ᠳᠤᠮᠳᠠᠭᠤᠷ ᠶᠠᠪᠤᠭᠳᠠᠯ᠎ᠠ
ᠨᠡᠶᠢᠲᠡᠯᠡᠭᠰᠡᠨ ᠴᠠᠭ᠄
2024/10/22
    10 ᠰᠠᠷ᠎ᠠ ᠶᠢᠨ 20 ᠤ ᠡᠳᠦᠷ᠂ ᠪᠤᠭᠤᠲᠤ ᠬᠤᠳᠠ ᠶᠢᠨ 2024 ᠣᠨ ᠤ ᠬᠠᠮᠤᠭ ᠤᠨ ᠰᠡᠭᠦᠯᠴᠢ ᠶᠢᠨ ᠬᠠᠭᠠᠰ ᠵᠠᠢ ᠶᠢᠨ ᠮᠠᠷᠠᠽᠤᠨ ᠤᠷᠤᠯᠳᠤᠭᠠᠨ ᠪᠣᠷᠣᠭᠠᠨ ᠤ ᠳᠤᠮᠳᠠᠭᠤᠷ ᠶᠠᠪᠤᠭᠳᠠᠵᠤ᠂ ᠲᠤᠰ ᠬᠤᠳᠠ ᠶᠢᠨ ᠡᠨᠡ ᠵᠢᠯ ᠤᠨ ᠪᠦᠭᠦ ᠮᠠᠷᠠᠽᠤᠨ ᠤᠷᠤᠯᠳᠤᠭᠠᠨ ᠠᠮᠵᠢᠯᠲᠠ ᠲᠠᠢ ᠥᠨᠳᠥᠷᠯᠡᠭᠰᠡᠨ ᠪᠠᠶᠢᠨ᠎ᠠ᠃     ᠪᠤᠭᠤᠲᠤ ᠬᠤᠳᠠ ᠶᠢᠨ ᠵᠠᠰᠠᠭ ᠤᠨ ᠣᠷᠳᠣᠨ ᠠᠴᠠ ᠭᠤᠣᠯᠯᠠᠨ ᠡᠷᠭᠢᠯᠡᠵᠦ᠂ ᠪᠤᠭᠤᠲᠤ ᠬᠤᠳᠠ ᠶᠢᠨ ᠪᠡᠶ᠎ᠡ ᠶᠢᠨ ᠲᠠᠮᠢᠷ ᠤᠨ ᠲᠣᠪᠴᠢᠶ᠎ᠠ ᠠᠴᠠ ᠳᠠᠭᠠᠭᠠᠴᠢᠯᠠᠨ ᠡᠷᠭᠢᠯᠡᠭᠰᠡᠨ ᠲᠤᠰ ᠤᠳᠠᠭᠠᠨ ᠤ ᠤᠷᠤᠯᠳᠤᠭᠠᠨ ᠳᠤ ᠬᠠᠭᠠᠰ ᠵᠠᠢ ᠶᠢᠨ ᠮᠠᠷᠠᠽᠤᠨ᠂ ᠡᠷᠡᠭᠦᠯ ᠡᠩᠬᠡ ᠭᠦᠶᠦᠯᠲᠡ᠂ ᠪᠠᠶᠠᠷ ᠪᠠᠶᠠᠰᠤᠯᠳᠤ ᠭᠦᠶᠦᠯᠲᠡ ᠵᠡᠷᠭᠡ ᠭᠤᠷᠪᠠᠨ ᠲᠦᠷᠤᠯ ᠲᠣᠬᠢᠷᠠᠭᠤᠯᠵᠤ᠂ ᠢᠰᠫᠠᠨᠢ᠂ ᠶᠠᠫᠤᠨ ᠵᠡᠷᠭᠡ ᠤᠯᠤᠰ ᠪᠣᠯᠣᠨ ᠪᠦᠭᠦ ᠤᠯᠤᠰ ᠤᠨ 28 ᠭᠠᠵᠠᠷ ᠣᠷᠣᠨ ᠠᠴᠠ ᠢᠷᠡᠭᠰᠡᠨ ᠵᠢᠷᠭᠤᠭᠠᠨ ᠮᠢᠩᠭ᠎ᠠ ᠰᠢᠬᠠᠮ ᠭᠦᠶᠦᠭᠴᠢ ᠣᠷᠣᠯᠴᠠᠵᠠᠢ᠃     ᠰᠥᠨᠢ ᠳᠤᠮᠳᠠ ᠠᠴᠠ ᠡᠬᠢᠯᠡᠨ ᠣᠷᠣᠭᠰᠠᠨ ᠨᠠᠮᠤᠷ ᠤᠨ ᠪᠣᠷᠣᠭᠠᠨ ᠤᠷᠤᠯᠳᠤᠭᠠᠨ ᠤ ᠴᠠᠭ ᠲᠠᠢ ᠪᠦᠷᠢᠮᠦᠰᠦᠨ ᠳᠠᠪᠬᠤᠴᠠᠭᠰᠠᠨ ᠴᠤ᠂ ᠤᠷᠤᠯᠳᠤᠬᠴᠢᠳ ᠤᠨ ᠭᠦᠶᠦᠬᠦ ᠬᠠᠯᠠᠭᠤᠨ ᠤᠷᠮ᠎ᠠ ᠵᠣᠷᠢᠭ ᠢ ᠬᠤᠷᠢᠵᠤ ᠳᠡᠶᠢᠯᠦᠭᠰᠡᠨ ᠦᠭᠡᠢ᠂ ᠤᠷᠤᠯᠳᠤᠭᠠᠨ ᠲᠣᠭᠲᠠᠭᠰᠠᠨ ᠴᠠᠭ ᠥᠷᠯᠥᠭᠡ ᠶᠢᠨ 8 ᠴᠠᠭ ᠲᠤ ᠵᠤᠷᠰᠢᠯ ᠶᠣᠰᠣᠭᠠᠷ ᠡᠬᠢᠯᠡᠭᠰᠡᠨ ᠪᠠᠶᠢᠨ᠎ᠠ᠃ ᠪᠣᠷᠣᠭᠠᠨ ᠨᠥᠮᠥᠷᠭᠡ ᠨᠥᠮᠥᠷᠦᠭᠰᠡᠨ ᠤᠷᠤᠯᠳᠤᠬᠴᠢᠳ ᠠᠴᠠ ᠲᠤᠭᠢᠶᠠᠨ ᠫᠤᠤ ᠶᠢ ᠳᠠᠭᠠᠯᠳᠤᠨ ᠤᠷᠤᠯᠳᠤᠭᠠᠨ ᠤ ᠱᠤᠭᠤᠮ ᠳᠤ ᠪᠠᠨ ᠣᠷᠣᠵᠤ᠂ ᠬᠤᠲᠠᠨ ᠳᠤᠮᠳᠠᠬᠢ ᠲᠠᠯ᠎ᠠ ᠨᠤᠲᠤᠭ ᠰᠠᠶᠢᠬᠠᠨᠲᠠᠯ᠎ᠠ ᠶᠢᠨ ᠳᠤᠮᠳᠠᠭᠤᠷ ᠪᠣᠷᠣᠭᠠᠨ ᠤ ᠤᠰᠤ ᠲᠠᠢ ᠬᠠᠨᠢᠰᠠᠨ ᠭᠦᠶᠦᠵᠦ᠂ ᠮᠠᠷᠠᠽᠤᠨ ᠤᠷᠤᠯᠳᠤᠭᠠᠨ ᠤ ᠮᠢᠲᠠᠷᠠᠰᠢ ᠦᠭᠡᠢ ᠵᠣᠷᠢᠭ ᠰᠠᠨᠠᠭ᠎ᠠ ᠶᠢ ᠭᠦᠢᠴᠡᠳ ᠢᠯᠡᠷᠡᠭᠦᠯᠦᠭᠰᠡᠨ ᠪᠠᠶᠢᠨ᠎ᠠ᠃     ᠤᠷᠤᠯᠳᠤᠭᠠᠨ ᠤ ᠡᠴᠦᠰ ᠲᠤ᠂ ᠭᠦᠭᠡᠬᠤᠳᠠ ᠠᠴᠠ ᠢᠷᠡᠭᠰᠡᠨ ᠼᠦᠢ ᠸᠧᠨ ᠺᠠᠢ 01:11:05 ᠶᠢᠨ ᠬᠢᠷᠢ ᠪᠦᠳᠦᠮᠵᠢ ᠪᠠᠷ ᠬᠠᠭᠠᠰ ᠵᠠᠢ ᠶᠢᠨ ᠮᠠᠷᠠᠽᠤᠨ ᠤᠷᠤᠯᠳᠤᠭᠠᠨ ᠤ ᠡᠷᠡᠭᠲᠡᠢ ᠶᠢᠨ ᠳᠤᠭᠤᠶᠢᠯᠠᠩ ᠳᠤ ᠮᠠᠩᠯᠠᠶᠢᠯᠠᠵᠤ᠂ ᠮᠥᠨ ᠭᠦᠭᠡᠬᠤᠳᠠ ᠠᠴᠠ ᠢᠷᠡᠭᠰᠡᠨ ᠯᠢ ᠵᠢᠶᠠ ᠴᠢᠶᠠᠩ ᠪᠣᠯᠣᠨ ᠯᠢ ᠴᠦᠨ ᠬᠤᠢ ᠲᠤᠰ ᠲᠤᠰ 01:11:09 ᠪᠣᠯᠣᠨ 01:12:04 ᠶᠢᠨ ᠬᠢᠷᠢ ᠪᠦᠳᠦᠮᠵᠢ ᠪᠠᠷ ᠬᠤᠶᠠᠳᠤᠭᠠᠷ ᠪᠣᠯᠣᠨ ᠭᠤᠷᠪᠠᠳᠤᠭᠠᠷ ᠨᠡᠷᠡᠰ ᠲᠤ ᠣᠷᠣᠭᠰᠠᠨ ᠪᠠᠶᠢᠨ᠎ᠠ᠃ ᠬᠠᠭᠠᠰ ᠵᠠᠢ ᠶᠢᠨ ᠮᠠᠷᠠᠽᠤᠨ ᠤᠷᠤᠯᠳᠤᠭᠠᠨ ᠤ ᠡᠮᠡᠭᠲᠡᠢ ᠶᠢᠨ ᠳᠤᠭᠤᠶᠢᠯᠠᠩ ᠳᠤ᠂ ᠣᠷᠳᠣᠰ ᠠᠴᠠ ᠢᠷᠡᠭᠰᠡᠨ ᠭᠤᠤ ᠯᠢ ᠰᠢᠶᠠ 01:22:47 ᠶᠢᠨ ᠬᠢᠷᠢ ᠪᠦᠳᠦᠮᠵᠢ ᠪᠠᠷ ᠮᠠᠩᠯᠠᠶᠢᠯᠠᠵᠤ᠂ ᠪᠤᠭᠤᠲᠤ ᠬᠤᠳᠠ ᠶᠢᠨ ᠵᠧᠦ ᠯᠢ ᠬᠠᠨ ᠪᠣᠯᠣᠨ ᠱᠢ ᠳ᠋ᠠᠨ ᠲᠤᠰ ᠲᠤᠰ 01:27:02 ᠪᠣᠯᠣᠨ 01:27:54 ᠶᠢᠨ ᠬᠢᠷᠢ ᠪᠦᠳᠦᠮᠵᠢ ᠪᠠᠷ ᠬᠤᠶᠠᠳᠤᠭᠠᠷ ᠪᠣᠯᠣᠨ ᠭᠤᠷᠪᠠᠳᠤᠭᠠᠷ ᠨᠡᠷᠡᠰ ᠲᠤ ᠣᠷᠣᠭᠰᠠᠨ ᠪᠠᠶᠢᠨ᠎ᠠ᠃     ᠲᠤᠰ ᠤᠳᠠᠭᠠᠨ ᠤ ᠤᠷᠤᠯᠳᠤᠭᠠᠨ ᠳᠤ ᠪᠠᠰᠠ ︽ᠶᠡᠭᠡ ᠳᠡᠭᠡᠳᠦ ᠰᠤᠷᠭᠠᠭᠤᠯᠢ ᠶᠢᠨ ᠭᠦᠶᠦᠭᠴᠢ ᠶᠢᠨ ᠪᠦᠯᠭᠦᠮ ᠤᠨ ᠤᠷᠤᠯᠳᠤᠭᠠᠨ ᠤ ᠳᠣᠲᠣᠷᠠᠬᠢ ᠤᠷᠤᠯᠳᠤᠭᠠᠨ ᠤ ᠠᠵᠢᠯᠯᠠᠭ᠎ᠠ︾ ᠲᠣᠬᠢᠷᠠᠭᠤᠯᠵᠤ᠂ ᠪᠡᠭᠡᠵᠢᠩ ᠤᠨ ᠪᠡᠶ᠎ᠡ  ᠶᠢᠨ ᠲᠠᠮᠢᠷ ᠤᠨ ᠶᠡᠭᠡ ᠰᠤᠷᠭᠠᠭᠤᠯᠢ᠂ ᠱᠠᠨ ᠱᠢ ᠶᠡᠭᠡ ᠰᠤᠷᠭᠠᠭᠤᠯᠢ᠂ ᠥᠪᠥᠷ ᠮᠣᠩᠭᠤᠯ ᠤᠨ ᠶᠡᠭᠡ ᠰᠤᠷᠭᠠᠭᠤᠯᠢ ᠵᠡᠷᠭᠡ ᠶᠡᠭᠡ ᠰᠤᠷᠭᠠᠭᠤᠯᠢ ᠶᠢᠨ 16 ᠠᠩᠭᠢ ᠨᠡᠷ᠎ᠡ ᠮᠡᠳᠡᠭᠦᠯᠦᠨ ᠤᠷᠤᠯᠴᠠᠬᠰᠠᠨ ᠪᠠᠶᠢᠨ᠎ᠠ᠃     ᠡᠨᠡ ᠵᠢᠯ ᠪᠤᠭᠤᠲᠤ ᠬᠤᠳᠠ ᠦᠷᠭᠦᠯᠵᠢᠯᠡᠨ ︽1+4︾ ᠶᠢᠨ ᠵᠠᠭᠪᠤᠷ ᠢᠶᠠᠷ 1 ᠲᠠᠯᠠᠪᠠᠢ ᠪᠦᠬᠦᠯᠢ ᠵᠠᠢ ᠶᠢᠨ ᠮᠠᠷᠠᠽᠤᠨ ᠪᠣᠯᠣᠨ 4 ᠲᠠᠯᠠᠪᠠᠢ ᠬᠠᠭᠠᠰ ᠵᠠᠢ ᠶᠢᠨ ᠮᠠᠷᠠᠽᠤᠨ ᠤᠷᠤᠯᠳᠤᠭᠠᠨ ᠢ ᠶᠠᠪᠤᠭᠳᠠᠭᠤᠯᠵᠤ᠂ 10 ᠭᠠᠷᠤᠢ ᠤᠯᠤᠰ ᠪᠣᠯᠣᠨ ᠪᠦᠭᠦ ᠤᠯᠤᠰ ᠤᠨ ᠡᠯ᠎ᠡ ᠭᠠᠵᠠᠷ ᠠᠴᠠ ᠢᠷᠡᠭᠰᠡᠨ 6 ᠲᠦᠮᠡ ᠭᠠᠷᠤᠢ ᠲᠠᠮᠢᠷᠴᠢᠨ ᠪᠣᠯᠣᠨ ᠪᠠᠭ᠋ᠠᠲᠠᠳ ᠤᠷᠤᠯᠳᠤᠭᠠᠨ ᠳᠤ ᠤᠷᠤᠯᠴᠠᠬᠰᠠᠨ ᠪᠠᠶᠢᠨ᠎ᠠ᠃
 
ᠢᠷᠡᠯᠲᠡ᠄ ᠦᠪᠦᠷ ᠮᠣᠩᠭᠤᠯ ᠤᠨ ᠡᠳᠤᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号