ᠠᠮᠤᠷ ᠪᠠᠶᠠᠰᠬᠤᠯᠠᠩᠲᠤ ᠨᠠᠭᠠᠳᠤᠮ
ᠨᠡᠶᠢᠲᠡᠯᠡᠭᠰᠡᠨ ᠴᠠᠭ᠄
2024/10/29
    2007 ᠣᠨ ᠤ 6 ᠰᠠᠷ᠎ᠠ ᠳᠤ᠂ ︽ᠠᠮᠤᠷ ᠪᠠᠶᠠᠰᠬᠤᠯᠠᠩᠲᠤ ᠨᠠᠭᠠᠳᠤᠮ︾ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠠᠩᠬᠠᠳᠤᠭᠠᠷ ᠪᠦᠯᠦᠭ ᠪᠣᠳᠠᠰ ᠤᠨ ᠪᠣᠰᠤ ᠰᠣᠶᠣᠯ ᠤᠨ ᠦᠪ ᠤᠨ ᠲᠦᠷᠦᠯ ᠵᠦᠢᠯ  ᠤᠨ ᠨᠠᠷᠡᠰ ᠲᠤ ᠤᠷᠤᠵᠤ᠂ 2009 ᠣᠨ ᠤ 8 ᠰᠠᠷ᠎ᠠ ᠳᠤ ᠳᠠᠬᠢᠨ ᠤᠯᠠᠭᠠᠨᠬᠠᠳᠠ ᠬᠤᠲᠠ ᠶᠢᠨ ᠨᠢᠭᠡᠳᠦᠭᠡᠷ ᠪᠦᠯᠦᠭ  ᠪᠣᠳᠠᠰ   ᠤᠨ  ᠪᠣᠰᠤ  ᠰᠣᠶᠣᠯ   ᠤᠨ  ᠦᠪ   ᠤᠨ  ᠲᠦᠷᠦᠯ  ᠵᠦᠢᠯ   ᠤᠨ  ᠨᠠᠷᠡᠰ   ᠲᠤ  ᠣᠷᠤᠭᠰᠠᠨ ᠪᠠᠶᠢᠨ᠎ᠠ᠃           ᠠᠮᠤᠷ ᠪᠠᠶᠠᠰᠬᠤᠯᠠᠩᠲᠤ ᠨᠠᠭᠠᠳᠤᠮ   ᠨᠢ ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤᠨ ᠤ ᠪᠠᠶ᠋ᠬᠠᠦ᠋ᠨᠳᠦᠷ ᠰᠤᠮᠤᠨ ᠳᠤ ᠤᠯᠠᠮᠵᠢᠯᠠᠭᠳᠠᠭᠰᠠᠭᠠᠷ ᠢᠷᠡᠵᠡᠢ᠃ ᠲᠤᠰ ᠨᠠᠭᠠᠳᠤᠮ ᠳᠤ ᠨᠡᠶᠢᠲᠡ ᠭᠤᠴᠢᠨ ᠵᠢᠷᠭᠤᠭ᠎ᠠ ᠮᠣᠳᠦ ᠪᠠᠶᠢᠵᠦ᠂ ᠶᠢᠰᠦᠨ ᠶᠠᠩᠵᠤ ᠪᠠᠷ ᠳᠦᠷᠪᠡᠨ ᠳᠤᠭᠤᠶᠢᠯᠠᠩ ᠳᠤ ᠬᠤᠪᠢᠶᠠᠭᠳᠠᠳᠠᠭ᠃ ᠡᠳᠡᠭᠡᠷ ᠶᠢᠰᠦᠨ ᠮᠣᠳᠤ ᠶᠢ ᠶᠡᠭᠡ ᠠᠴᠠ ᠨᠢ ᠪᠠᠭ᠎ᠠ ᠵᠦᠭ ᠲᠤ ᠨᠢ ᠵᠢᠭᠰᠠᠭᠠᠪᠠᠯ᠂ ᠳᠦᠷᠪᠡᠨ ᠬᠦᠴᠦᠲᠡᠨ᠂ ᠴᠢᠨᠳᠠᠮᠤᠨᠢ᠂ ᠮᠣᠷᠢ᠂ ᠳᠤᠩ᠂ ᠳ᠋ᠤᠸᠠᠽᠠ ︵ᠵᠠᠯᠰᠠᠨ︶᠂  ᠵᠡᠭᠡᠷ᠎ᠡ᠂ ᠲᠠᠬᠢᠶ᠎ᠠ᠂ ᠨᠣᠬᠠᠢ ᠪᠣᠯᠤᠨ ᠭᠠᠭ᠋ᠠᠢ ᠪᠣᠯᠤᠨ᠎ᠠ᠃ ᠡᠭᠦᠨ ᠳᠤ᠂ ᠳᠦᠷᠪᠡᠨ ᠬᠦᠴᠦᠲᠡᠨ ᠨᠢ ᠯᠤᠤ᠂ ᠭᠠᠷᠤᠳᠢ᠂ ᠠᠷᠰᠯᠠᠨ ᠪᠠ ᠪᠠᠷᠰ ᠵᠡᠷᠭᠡ ᠶᠤᠮ᠃ ᠡᠳᠡᠭᠡᠷ ᠤᠨ ᠵᠢᠷᠤᠭ ᠳᠦᠷᠰᠦ ᠶᠢ ᠬᠠᠲᠠᠭᠤ ᠮᠣᠳᠤ ᠶᠢᠨ ᠳᠡᠭᠡᠷ᠎ᠡ ᠰᠡᠶᠢᠯᠦᠨ ᠬᠢᠵᠦ᠂ ᠶᠡᠭᠡ ᠪᠠᠭ᠎ᠠ ᠨᠢ ᠡᠩ ᠤᠨ ᠴᠦᠳᠡᠨᠵᠡ ᠶᠢᠨ ᠬᠠᠶᠢᠷᠴᠠᠭ ᠬᠢᠷᠢᠲᠡᠢ᠂ ᠪᠠᠷᠤᠭ ᠲᠠᠪᠤᠨ ᠮᠢᠯᠢᠮᠧᠲᠷ ᠵᠤᠵᠠᠭᠠᠨ ᠪᠠᠶᠢᠳᠠᠭ᠃      ᠪᠠᠶ᠋ᠬᠠᠦ᠋ᠨᠳᠦᠷ ᠰᠣᠮᠤ ᠶᠢᠨ ᠠᠯᠳ᠋ᠬᠠᠦ᠋ᠨᠳᠦᠷ ᠭᠠᠴᠠᠭᠠᠨ ᠤ ᠷᠠᠰᠢᠷᠠᠪᠲᠠᠨ ᠤ ᠬᠠᠳᠠᠭᠠᠯᠠᠵᠤ ᠪᠠᠶᠢᠭ᠎ᠠ ᠠᠮᠤᠷ ᠪᠠᠶᠠᠰᠬᠤᠯᠠᠩᠲᠤ ᠨᠠᠭᠠᠳᠤᠮ ᠨᠢ ᠪᠠᠷᠤᠭ ᠵᠠᠭᠤᠨ ᠵᠢᠯ ᠤᠨ ᠲᠡᠤᠬᠡ ᠲᠠᠢ ᠪᠠᠶᠢᠵᠤ᠂ ᠡᠭᠦᠨ ᠤ ᠬᠠᠮᠤᠭ ᠡᠷᠲᠡᠨ ᠤ ᠡᠵᠡᠨ  ᠨᠢ ᠬᠠᠭᠠᠨ ᠰᠦᠮ᠎ᠡ ᠶᠢᠨ ᠯᠠᠮᠠ ᠪᠠᠶᠢᠭᠰᠠᠨ ᠠᠷᠤ ᠬᠤᠷᠴᠢᠨ ᠤ ᠠᠯᠳᠠᠷᠲᠤ ᠪᠦᠬᠡ ᠭᠤᠮᠪᠤᠵᠠᠪ ᠮᠠᠮᠠ ᠶᠤᠮ᠃ ᠭᠤᠮᠪᠤᠵᠠᠪ ᠨᠢᠭᠡ ᠯᠠ ᠦᠬᠢᠨ ᠳᠡᠭᠦᠦ ᠲᠠᠢ ᠪᠣᠯᠬᠤᠷ᠂ ᠡᠨᠡᠬᠦ ᠨᠠᠭᠠᠳᠤᠮ ᠢᠶᠠᠨ ᠬᠤᠶᠠᠷ ᠵᠢᠭᠡ — ᠮᠥᠨ ᠬᠠᠭᠠᠨ ᠰᠦᠮ᠎ᠡ ᠶᠢᠨ ᠯᠠᠮᠠ ᠰᠣᠳᠪᠣᠵᠠᠮᠰᠤ ᠪᠣᠯᠤᠨ ᠨᠣᠷᠪᠤ ᠳᠠᠭᠠᠨ ᠭᠡᠷᠢᠶᠡᠰᠦᠯᠡᠨ ᠦᠭᠴᠡᠢ᠃ ᠡᠨᠡ ᠨᠢ ᠬᠤᠵᠢᠮ ᠨᠢ ᠭᠤᠮᠪᠤᠵᠠᠪ ᠤᠨ ᠪᠠᠰᠠ ᠨᠢᠭᠡ ᠵᠢᠭᠡ ᠬᠠᠩᠷᠠᠵᠠᠪ ᠤᠨ ᠳᠤ ᠤᠯᠠᠮᠵᠢᠯᠠᠭᠳᠠᠪᠠ᠃ ᠷᠠᠰᠢᠷᠠᠪᠲᠠᠨ ᠪᠣᠯ ᠬᠠᠩᠷᠠᠵᠠᠪ ᠤᠨ ᠬᠤᠶᠠᠳᠤᠭᠠᠷ ᠬᠦᠦ ᠨᠢ ᠶᠤᠮ᠃     ᠠᠮᠤᠷ ᠪᠠᠶᠠᠰᠬᠤᠯᠠᠩᠲᠤ ᠨᠠᠭᠠᠳᠤᠮ ᠢ ᠬᠤᠶᠠᠷ ᠬᠦᠮᠦᠨ᠂ ᠭᠤᠷᠪᠠᠨ ᠬᠦᠮᠦᠨ᠂ ᠳᠦᠷᠪᠡᠨ ᠬᠦᠮᠦᠨ ᠵᠢᠷᠭᠤᠭᠠᠨ ᠬᠦᠮᠦᠨ ᠪᠦᠷ ᠨᠠᠭᠠᠳᠴᠤ ᠪᠣᠯᠳᠠᠭ᠃ ᠡᠭᠦᠨ ᠳᠤ᠂ ᠬᠤᠪᠢ ᠬᠤᠪᠢ ᠪᠠᠷ ᠢᠶᠠᠨ ᠡᠵᠡᠨ ᠪᠣᠯᠬᠤ ᠪᠣᠶᠤ ᠡᠰᠡᠷᠭᠦ ᠲᠠᠯ᠎ᠠ  ᠶᠢᠨ ᠬᠦᠮᠦᠨ ᠲᠠᠢ ᠪᠠᠨ ᠬᠤᠷᠰᠢᠵᠤ ᠴᠦ ᠪᠣᠯᠤᠨ᠎ᠠ᠃ ᠨᠠᠭᠠᠳᠤᠮ ᠤᠨ ᠮᠣᠳᠤ ᠶᠢ ᠡᠬᠢᠯᠡᠨ ᠠᠪᠬᠤ ᠪᠠ ᠲᠠᠯᠪᠢᠬᠤ ᠶᠢ ᠲᠣᠭᠲᠠᠭᠠᠬᠤ ᠳᠤ᠂ ᠶᠠᠮᠠᠷ ᠨᠢᠭᠡ ᠣᠪᠤᠭ᠎ᠠ ᠮᠣᠳᠤ ᠶᠢᠨ ᠬᠠᠮᠤᠭ ᠳᠣᠣᠷ᠎ᠠ ᠮᠣᠳᠤ ᠶᠢ ᠦᠨᠳᠦᠰᠦᠯᠡᠵᠦ᠂ ᠤᠷᠢᠳᠠᠪᠠᠷ ᠠᠪᠤᠭᠰᠠᠨ ᠬᠦᠮᠦᠨ ᠮᠥᠨ ᠤᠷᠢᠳᠠᠪᠠᠷ ᠲᠠᠯᠪᠢᠳᠠᠭ᠃ ᠮᠣᠳᠤ ᠶᠢ ᠭᠠᠭᠴᠠᠭᠠᠷ ᠲᠠᠯᠪᠢᠬᠤ ᠪᠣᠶᠤ ᠬᠤᠷᠰᠢᠶ᠎ᠡ ᠪᠠᠷ ᠲᠠᠯᠪᠢᠵᠤ ᠴᠦ ᠪᠣᠯᠤᠨ᠎ᠠ᠃ ᠶᠡᠷᠦᠩᠬᠡᠢ ᠵᠠᠷᠴᠢᠮ ᠨᠢ ᠶᠡᠭᠡ ᠮᠣᠳᠤ ᠨᠢ ᠪᠠᠭ᠎ᠠ ᠮᠣᠳᠤ ᠪᠠᠨ ᠳᠡᠶᠢᠯᠵᠦ᠂ ᠬᠤᠷᠰᠢᠶ᠎ᠠ ᠮᠣᠳᠤ ᠨᠢ ᠬᠤᠯᠢᠮᠠᠭ ᠮᠣᠳᠤ ᠨᠤᠭᠤᠳ ᠠᠴᠠ ᠳᠠᠪᠠᠭᠤᠯᠢᠭ ᠶᠤᠮ᠃ ᠨᠢᠭᠡ ᠡᠷᠭᠢᠯᠲᠡ ᠮᠣᠳᠤ ᠪᠠᠨ ᠲᠠᠯᠪᠢᠵᠤ ᠪᠠᠷᠠᠪᠠᠯ᠂ ᠳᠡᠶᠢᠯᠦᠭᠰᠡᠨ ᠬᠦᠮᠦᠨ ᠪᠦᠬᠦ ᠮᠣᠳᠤ ᠶᠢ ᠣᠯᠵᠤ᠂ ᠡᠮᠦᠨ᠎ᠡ ᠪᠠᠨ ᠠᠪᠠᠴᠢᠭᠠᠳ ︽ᠭᠡᠷ ᠪᠣᠰᠬᠠᠳᠠᠭ︾᠃ ᠨᠢᠭᠡ ᠤᠳᠠᠭᠠᠨ ᠤ ᠨᠠᠭᠠᠳᠤᠮ ᠳᠤ᠂ ᠡᠶᠢᠮᠦᠷᠬᠦᠦ     ︽ᠭᠡᠷ︾ ᠢ ᠬᠠᠮᠤᠭ ᠣᠯᠠᠨ ᠪᠣᠰᠬᠠᠭᠰᠠᠨ ᠬᠦᠮᠦᠨ ᠨᠢ ᠳᠡᠶᠢᠯᠵᠦ᠂ ︽ᠭᠡᠷ︾  ᠴᠦᠬᠡᠨ  ᠪᠣᠶᠤ  ᠣᠯᠵᠤ  ᠪᠣᠰᠬᠠᠭᠰᠠᠨ  ᠦᠭᠡᠢ  ᠬᠦᠮᠦᠨ   ᠨᠢ  ᠶᠠᠷᠢᠶᠠᠨ  ᠦᠭᠡᠢ  ᠳᠡᠶᠢᠯᠦᠭᠳᠡᠭᠰᠡᠨ  ᠳᠤ ᠣᠷᠤᠨ᠎ᠠ᠃     ᠠᠮᠤᠷ ᠪᠠᠶᠠᠰᠬᠤᠯᠠᠩᠲᠤ ᠨᠠᠭᠠᠳᠤᠮ ᠤᠨ ᠢᠷᠡᠯᠲᠡ ᠪᠣᠯᠤᠨ ᠨᠠᠭᠠᠳᠬᠤ ᠠᠭᠤᠯᠭ᠎ᠠ ᠶᠢᠨ ᠳᠤᠬᠠᠢ ᠲᠡᠮᠳᠡᠭᠯᠡᠯ ᠢ ᠮᠣᠩᠭᠤᠯ ᠲᠡᠤᠬᠡ ᠰᠣᠶᠣᠯ ᠤᠨ ᠪᠢᠴᠢᠭ ᠨᠣᠮ ᠠᠴᠠ ᠬᠠᠷᠠᠬᠠᠨ ᠣᠯᠤᠭᠠᠳᠤᠢ ᠪᠠᠶᠢᠨ᠎ᠠ᠃ ᠨᠤᠲᠤᠭ ᠤᠨ ᠬᠦᠮᠦᠰ ᠤᠨ ᠬᠡᠯᠡᠬᠦ ᠪᠠᠷ᠂ ᠡᠨᠡ ᠪᠣᠯ ᠮᠠᠰᠢ ᠡᠷᠲᠡᠨ ᠤ ᠨᠠᠭᠠᠳᠤᠮ ᠪᠠᠶᠢᠵᠤ᠂ ᠴᠢᠨᠠᠭᠰᠢᠯᠠᠪᠠᠯ ᠤᠮᠠᠷᠠᠳᠤ ᠶᠤᠸᠠᠨ ᠤᠯᠤᠰ ᠤᠨ ᠯᠢᠭᠳᠡᠨ ᠬᠠᠭᠠᠨ ᠲᠠᠢ ᠴᠦ ᠬᠤᠯᠪᠤᠭ᠎ᠠ ᠲᠠᠢ ᠭᠡᠳᠡᠭ᠃ ᠡᠭᠦᠨ ᠳᠤ᠂ ᠯᠢᠭᠳᠡᠨ ᠬᠠᠭᠠᠨ ᠤ ᠸᠴᠢᠷᠲᠤ ᠴᠠᠭᠠᠨ ᠬᠤᠲᠠ  ᠶᠢᠨ ᠪᠠᠭᠤᠷᠢ ᠨᠢ ᠮᠥᠨ ᠬᠠᠨᠰᠦ᠋ᠮ᠎ᠡ ᠰᠣᠮᠤ ᠶᠢᠨ ᠬᠠᠷᠢᠶᠠᠨ ᠳᠤ ᠪᠠᠶᠢᠳᠠᠭ᠃           ᠠᠮᠤᠷ ᠪᠠᠶᠠᠰᠬᠤᠯᠠᠩᠲᠤ ᠨᠠᠭᠠᠳᠤᠮ ᠨᠢ ᠪᠣᠷᠬᠠᠨ ᠱᠠᠰᠢᠨ ᠤ ᠵᠠᠷᠢᠮ ᠠᠭᠤᠯᠭ᠎ᠠ ᠲᠠᠢ ᠪᠣᠯᠬᠤᠷ᠂ ᠠᠷᠠᠳ ᠤᠨ ᠳᠣᠮᠳᠠ ᠦᠷᠭᠡᠨ ᠳᠡᠯᠭᠡᠷᠡᠭᠰᠡᠨ ᠦᠭᠡᠢ᠃ ᠦᠩᠭᠡᠷᠡᠭᠰᠡᠨ ᠳᠤ᠂ ᠵᠦᠪᠬᠡᠨ ᠨᠣᠶᠠᠳ ᠪᠠᠶᠠᠳ ᠪᠣᠶᠤ ᠭᠡᠭᠡᠨ ᠬᠤᠪᠢᠯᠭᠠᠳ ᠨᠠᠭᠠᠳᠤᠳᠠᠭ ᠪᠠᠶᠢᠵᠠᠢ᠃ ᠡᠶᠢᠮᠦ ᠠᠴᠠ᠂ ᠡᠨᠡᠬᠦ ᠨᠠᠭᠠᠳᠤᠮ ᠤᠨ ᠢᠷᠡᠯᠲᠡ ᠪᠣᠯᠤᠨ ᠠᠴᠢ ᠬᠤᠯᠪᠤᠭᠳᠠᠯ  ᠤᠨ ᠲᠠᠯ᠎ᠠ ᠪᠠᠷ ᠰᠣᠷᠪᠤᠯᠵᠢᠯᠠᠨ ᠰᠣᠳᠤᠯᠬᠤ ᠵᠦᠢᠯ ᠣᠯᠠᠨ ᠪᠣᠢ᠃ ᠡᠨᠡ ᠨᠢ ᠮᠣᠩᠭᠤᠯᠴᠤᠳ ᠤᠨ ᠨᠠᠭᠠᠳᠤᠮ ᠤᠨ ᠰᠣᠶᠣᠯ ᠤᠨ ᠵᠠᠷᠢᠮ ᠠᠭᠤᠯᠭ᠎ᠠ ᠶᠢ ᠲᠠᠶᠢᠯᠪᠤᠷᠢᠯᠠᠬᠤ ᠳᠤ ᠵᠣᠬᠢᠬᠤ ᠠᠴᠢ ᠬᠤᠯᠪᠤᠭᠳᠠᠯ ᠲᠠᠢ ᠶᠤᠮ᠃ ︵ᠪᠠᠭᠠᠪᠣᠯᠤᠳ︶
 
ᠢᠷᠡᠯᠲᠡ᠄ ᠠᠷᠤ ᠬᠤᠷᠴᠢᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠣᠩᠭᠤᠯ ᠬᠡᠯᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号