ᠠᠷᠤ ᠬᠤᠷᠴᠢᠨ ᠳᠤ᠂ ︽ᠪᠤᠭᠤ ᠵᠢᠷᠭᠢᠭᠡ︾ ᠪᠣᠯᠤᠨ ︽ᠮᠦᠷᠭᠦᠭᠡ︾ ᠭᠡᠬᠦ ᠮᠣᠩᠭᠤᠯ ᠰᠢᠲᠠᠷ᠎ᠠ ᠨᠠᠭᠠᠳᠤᠮ | ᠪᠠᠶᠢᠳᠠᠭ᠃ | ᠲᠤᠰ ᠬᠤᠶᠠᠷ ᠨᠠᠭᠠᠳᠤᠮ ᠢ ᠪᠦᠷ ᠬᠦᠯᠭᠡ ᠶᠢᠨ ᠳᠡᠭᠡᠷ᠎ᠡ ᠬᠤᠶᠠᠷ ᠬᠦᠮᠦᠨ ᠨᠠᠭᠠᠳᠤᠳᠠᠭ᠃ ᠲᠡᠷᠡᠬᠦ ᠬᠦᠯᠭᠡ ᠨᠢ | ᠲᠣᠮᠤ ᠵᠢᠵᠢᠭ ᠭᠤᠷᠪᠠᠨ ᠬᠡᠰᠡᠭ ᠢᠶᠠᠷ ᠪᠦᠷᠢᠯᠳᠦᠨ᠎ᠡ᠃ ᠡᠭᠦᠨ ᠳᠤ᠂ ᠲᠣᠮᠤ ᠬᠦᠯᠭᠡ ᠨᠢ ᠲᠡᠭᠰᠢ ᠳᠦᠷᠪᠡᠯᠵᠢᠨ | ᠪᠠᠶᠢᠵᠤ᠂ ᠬᠦᠨᠳᠡᠯᠡᠨ ᠭᠤᠯᠳᠤ ᠪᠠᠷ ᠪᠦᠷ ᠠᠳᠠᠯᠢ ᠵᠠᠢ ᠲᠠᠢ ᠲᠠᠪᠤᠨ ᠵᠢᠷᠤᠭᠠᠰᠤ ᠲᠠᠢ᠃ ᠲᠡᠳᠡᠭᠡᠷ ᠤᠨ ᠳᠤᠮᠳᠠ | ᠪᠠᠰᠠ ᠤᠷᠲᠤ ᠬᠤᠶᠠᠷ ᠲᠠᠰᠢᠭᠤᠪᠴᠢ ᠪᠣᠯᠤᠨ ᠣᠬᠤᠷ ᠳᠦᠷᠪᠡᠨ ᠲᠠᠰᠢᠭᠤᠪᠴᠢ ᠪᠠᠶᠢᠳᠠᠭ᠃ | ᠬᠦᠨᠳᠡᠯᠡᠨ ᠪᠣᠶᠤ ᠭᠤᠯᠳᠤ ᠭᠤᠣᠯ ᠵᠢᠷᠤᠭᠠᠰᠤ ᠪᠣᠯᠤᠨ ᠲᠡᠭᠦᠨ ᠲᠠᠢ ᠵᠣᠯᠭᠠᠭᠰᠠᠨ ᠣᠬᠤᠷ ᠲᠠᠰᠢᠭᠤᠪᠴᠢ ᠶᠢ | ᠳᠡᠭᠡᠭᠰᠢ ᠳᠣᠷᠤᠭᠰᠢ ᠤᠷᠲᠤᠰᠬᠠᠵᠤ᠂ ᠨᠢᠭᠡ ᠶᠢ ᠨᠢ ᠵᠢᠰᠢᠭᠦᠦ ᠳᠦᠷᠪᠡᠯᠵᠢᠨ᠂ ᠨᠦᠭᠦᠭᠡ ᠶᠢ ᠨᠢ ᠭᠤᠷᠪᠠᠯᠵᠢᠨ | ᠵᠢᠷᠤᠵᠤ᠂ ᠴᠡᠭ ᠲᠤᠮᠳᠠ ᠨᠢ ᠪᠦᠷ ᠬᠦᠨᠳᠡᠯᠡᠨ ᠵᠢᠷᠤᠭᠠᠰᠤ ᠪᠠᠷ ᠲᠤᠱᠠᠪᠠᠯ ᠬᠤᠶᠠᠷ ᠵᠢᠵᠢᠭ ᠬᠦᠯᠭᠡ ᠨᠢ ᠪᠣᠯᠳᠠᠭ᠃ | ᠡᠳᠡ ᠬᠤᠶᠠᠷ ᠢ ᠪᠠᠰᠠ ᠠᠭᠤᠯᠠ ᠭᠡᠵᠤ᠂ ᠵᠢᠰᠢᠭᠦᠦ ᠳᠦᠷᠪᠡᠯᠵᠢᠨ ᠢ ᠨᠢ ︽ᠮᠣᠩᠭᠤᠯ ᠠᠭᠤᠯᠠ︾᠂ ᠭᠤᠷᠪᠠᠯᠵᠢᠨ ᠢ | ᠨᠢ ︽ᠲᠠᠩᠭᠤᠳ ᠠᠭᠤᠯᠠ︾ ᠪᠠᠷ ᠲᠤᠰᠪᠤᠷᠢ ᠨᠡᠷᠡᠯᠡᠳᠡᠭ᠃ ᠬᠡᠷᠪᠡ ᠮᠦᠷᠭᠦᠭᠡ ᠨᠠᠭᠠᠳᠤᠮ ᠨᠠᠭᠠᠳᠤᠪᠠᠯ᠂ | ︽ᠲᠠᠩᠭᠤᠳ ᠠᠭᠤᠯᠠ︾ ᠶᠢ ᠴᠦ ︽ᠮᠣᠩᠭᠤᠯ ᠠᠭᠤᠯᠠ︾ ᠪᠠᠷ ᠪᠣᠳᠤᠳᠠᠭ᠃ ᠡᠳᠡᠭᠡᠷ ᠬᠦᠯᠭᠡᠨ ᠳᠡᠭᠡᠷᠡᠬᠢ | ᠵᠢᠷᠤᠭᠠᠰᠤ ᠵᠣᠯᠭᠠᠭᠰᠠᠨ ᠴᠡᠭ ᠪᠣᠯᠭᠠᠨ ᠢ ᠰᠢᠲᠠᠷ᠎ᠠ ᠶᠢᠨ ᠰᠠᠭᠤᠳᠠᠯ ᠭᠡᠨ᠎ᠡ᠃ | ︽ᠪᠣᠭᠤ ᠵᠢᠷᠭᠢᠭᠡ︾ ᠳᠤ᠂ ᠨᠢᠭᠡ ᠬᠦᠮᠦᠨ ᠨᠢ ᠬᠤᠶᠠᠷ ︽ᠪᠤᠭᠤ︾ ᠶᠢᠨ ᠰᠢᠲᠠᠷ᠎ᠠ ᠠᠪᠴᠤ᠂ ᠨᠦᠭᠦᠭᠡ ᠨᠢᠭᠡ | ᠨᠢ ᠬᠤᠷᠢᠨ ᠳᠦᠷᠪᠡᠨ ︽ᠨᠣᠬᠠᠢ︾ ᠶᠢᠨ ᠰᠢᠲᠠᠷ᠎ᠠ ᠲᠠᠢ᠃ ᠡᠳᠡᠭᠡᠷ ᠰᠢᠲᠠᠷ᠎ᠠ ᠶᠢ ᠴᠢᠯᠠᠭᠤ ᠮᠣᠳᠤ ᠪᠠᠷ ᠴᠦ | ᠣᠷᠤᠯᠠᠭᠤᠯᠵᠤ᠂ ︽ᠪᠣᠭᠤ︾᠂ ︽ᠨᠣᠬᠠᠢ︾ ᠨᠢ ᠢᠯᠭᠠᠭᠳᠠᠪᠠᠯ ᠪᠣᠯᠴᠢᠬᠠᠨ᠎ᠠ᠃ ᠦᠩᠭᠡᠷᠡᠭᠰᠡᠨ ᠳᠤ᠂ ᠪᠠᠭ᠎ᠠ ᠬᠡᠤᠬᠡᠳ | ᠬᠤᠨᠢ ᠢᠮᠠᠭᠠᠨ ᠬᠤᠷᠭᠤᠯ ᠢᠶᠠᠷ ︽ᠨᠣᠬᠠᠢ︾ ᠪᠣᠯᠭᠠᠨ ᠨᠠᠭᠠᠳᠴᠤ ᠪᠠᠶᠢᠵᠠᠢ᠃ ᠬᠤᠨᠲᠤ ᠪᠠᠯᠭᠠᠰᠤ ᠶᠢᠨ ᠣᠩᠭᠤᠨᠮᠣᠳᠤ | ᠭᠠᠴᠠᠭ᠎ᠠ ᠶᠢᠨ ᠰᠠᠭᠠᠳᠠᠸᠠ ᠭᠤᠸᠠᠢ ᠶᠢᠨ ᠤᠤᠯ ᠤᠨ ᠬᠡᠷᠡᠭᠯᠡᠵᠦ ᠪᠠᠶᠢᠭᠰᠠᠨ ᠵᠦᠢᠯᠡᠰ ᠲᠤ ᠪᠤᠭᠤ ᠵᠢᠷᠬᠢᠬᠡ ᠶᠢᠨ | ᠬᠥᠯᠭᠡ ᠠᠴᠠ ᠭᠠᠳᠠᠨ᠎ᠠ ᠬᠤᠨᠢ ᠶᠢᠨ ᠬᠤᠶᠠᠷ ᠱᠠᠭ᠎ᠠ ᠪᠣᠯᠤᠨ ᠬᠤᠨᠢᠨ ᠰᠢᠬᠢᠷ᠎ᠡ ᠶᠢᠨ ᠬᠤᠷᠢᠨ ᠳᠦᠷᠪᠡᠨ ᠲᠢᠲᠢᠮ | ᠶᠠᠰᠤ ᠶᠤᠮ᠃ ᠲᠢᠲᠢᠮ ᠶᠠᠰᠤ ᠨᠤᠭᠤᠳ ᠤᠨ ᠬᠠᠭᠠᠰ ᠢ ᠤᠯᠠᠭᠠᠨ᠂ ᠬᠠᠭᠠᠰ ᠢ ᠨᠢ ᠨᠣᠭᠤᠭᠠᠨ ᠢᠶᠠᠷ | ᠪᠣᠳᠤᠵᠠᠢ᠃ | ᠪᠤᠭᠤ ᠵᠢᠷᠭᠢᠭᠡ ᠨᠠᠭᠠᠳᠬᠤ ᠳᠤ᠂ ᠬᠡᠨ ᠨᠢ ᠶᠠᠮᠠᠷ ᠰᠢᠲᠠᠷ᠎ᠠ ᠠᠪᠬᠤ ᠶᠢ ᠬᠡᠯᠡᠯᠴᠡᠵᠦ ᠪᠠᠶᠢᠭᠠᠳ ᠪᠣᠯᠳᠠᠭ᠃ | ᠡᠬᠢᠯᠡᠵᠦ ᠨᠠᠭᠠᠳᠬᠤ ᠳᠤ᠂ ︽ᠪᠤᠭᠤ︾ ᠤᠷᠢᠳᠠᠪᠠᠷ ᠬᠦᠳᠡᠯᠬᠦ ᠪᠣᠯᠬᠤᠷ ᠡᠨᠡᠬᠦ ᠰᠢᠲᠠᠷ᠎ᠠ ᠶᠢ ᠬᠦᠮᠦᠰ ᠪᠦᠷ ᠠᠪᠬᠤ | ᠳᠤᠷ᠎ᠠ ᠲᠠᠢ ᠶᠤᠮ᠃ ᠬᠠᠷᠢᠨ ︽ᠨᠤᠬᠠᠢ︾ ᠰᠢᠲᠠᠷ᠎ᠠ ᠣᠯᠠᠨ ᠢᠶᠠᠷ ᠢᠶᠠᠨ ᠪᠠᠰᠠ ᠨᠠᠭᠠᠳᠤᠮᠴᠢᠨ ᠳᠤ | ᠲᠠᠭᠠᠰᠢᠶᠠᠭᠳᠠᠳᠠᠭ᠃ ᠭᠡᠪᠡᠴᠦ᠂ ᠬᠡᠷᠪᠡ ᠬᠤᠶᠠᠷ ᠬᠦᠮᠦᠨ ᠪᠦᠷ ᠠᠳᠠᠯᠢ ᠨᠢᠭᠡ ᠰᠢᠲᠠᠷ᠎ᠠ ᠶᠢ ᠠᠪᠬᠤ ᠲᠤᠷ᠎ᠠ ᠲᠠᠢ | ᠪᠣᠯᠴᠢᠬᠠᠪᠠᠯ᠂ ᠨᠢᠭᠡ ᠨᠢ ᠨᠠᠶᠢᠷ ᠲᠠᠯᠪᠢᠬᠤ ᠬᠡᠷᠡᠭᠲᠡᠢ᠃ ᠦᠭᠡᠢ ᠪᠣᠯ ᠨᠠᠭᠠᠳᠤᠮ ᠢᠶᠠᠨ ᠨᠠᠭᠠᠳᠴᠤ ᠳᠡᠶᠢᠯᠬᠦ ᠦᠭᠡᠢ | ᠪᠣᠯᠤᠨ᠎ᠠ᠃ ᠬᠡᠷᠪᠡ ᠬᠤᠶᠠᠷ ᠤᠳᠠᠭ᠎ᠠ ᠨᠠᠭᠠᠳᠬᠤ ᠪᠣᠯ᠂ ᠬᠦᠮᠦᠨ ᠪᠦᠷᠢ ᠨᠢᠭᠡ ᠤᠳᠠᠭ᠎ᠠ ︽ᠪᠤᠭᠤ︾ ᠪᠣᠶᠤ | ︽ᠨᠣᠬᠠᠢ︾ ᠶᠢ ᠠᠪᠬᠤ ᠨᠢ ᠨᠡᠩ ᠡᠷᠬᠡ ᠲᠡᠭᠰᠢ ᠶᠤᠮ᠃ | ᠪᠤᠭᠤ ᠵᠢᠷᠭᠢᠭᠡ ᠶᠢ ᠡᠬᠢᠯᠡᠭᠦᠯᠬᠦ ᠳᠤ᠂ ᠬᠤᠶᠠᠷ ᠪᠤᠭᠤ ᠠᠭᠤᠯᠠ ᠪᠣᠯᠤᠨ ᠶᠡᠭᠡ ᠬᠦᠯᠭᠡ ᠶᠢᠨ ᠠᠭᠤᠯᠵᠠᠷ ᠤᠨ | ᠰᠠᠭᠤᠳᠠᠯ ᠳᠡᠭᠡᠷ᠎ᠡ ᠰᠠᠭᠤᠵᠤ᠂ ᠨᠠᠢᠮᠠᠨ ᠨᠣᠬᠠᠢ ᠶᠡᠭᠡ ᠬᠦᠯᠭᠡ ᠶᠢᠨ ᠳᠤᠮᠳᠠᠬᠢ ᠨᠠᠢᠮᠠᠨ ᠰᠠᠭᠤᠳᠠᠯ ᠢ ᠡᠵᠡᠯᠡᠨ᠎ᠡ᠃ | ᠢᠩᠬᠢᠬᠦ ᠳᠤ᠂ ︽ᠨᠣᠬᠠᠢ︾ ᠠᠪᠤᠭᠰᠠᠨ ᠬᠦᠮᠦᠨ ᠳᠤ ᠪᠠᠰᠠ ᠠᠷᠪᠠᠨ ᠵᠢᠷᠭᠤᠭᠠᠨ ᠰᠢᠲᠠᠷ᠎ᠠ ᠪᠠᠶᠢᠳᠠᠭ᠃ | ᠪᠤᠭᠤ ᠤᠷᠢᠳᠠᠪᠠᠷ ᠶᠠᠪᠤᠬᠤ ᠳᠤ᠂ ᠨᠢᠭᠡ ᠨᠣᠬᠠᠢ ᠶᠢᠨ ᠳᠡᠭᠡᠭᠦᠷ ᠦᠰᠦᠷᠴᠦ᠂ ᠲᠡᠭᠦᠨ ᠢ ︽ᠢᠳᠡᠭᠡᠳ︾ | ᠴᠢᠨᠠᠲᠤ ᠲᠠᠯ᠎ᠠ ᠶᠢᠨ ᠬᠤᠭᠤᠰᠤᠨ ᠰᠠᠭᠤᠳᠠᠯ ᠳᠡᠭᠡᠷ᠎ᠡ ᠰᠠᠭᠤᠳᠠᠭ᠃ ᠡᠶᠢᠮᠦ ᠠᠴᠠ᠂ ᠰᠢᠲᠠᠷ᠎ᠠ ᠪᠠᠨ ᠡᠬᠢᠯᠡᠵᠦ | ᠪᠠᠶᠢᠷᠢᠯᠠᠭᠤᠯᠬᠤ ᠦᠶ᠎ᠡ ᠳᠤ᠂ ᠪᠤᠭᠤ ᠪᠦᠷᠢ ᠳᠤ ᠨᠣᠬᠠᠢ ᠶᠢ ︽ᠢᠳᠡᠬᠦ︾ ᠭᠤᠷᠪᠠᠨ ᠰᠠᠭᠤᠳᠠᠯ ᠪᠠᠶᠢᠳᠠᠭ᠃ ᠳᠡᠳᠡᠭᠡᠷ | ᠨᠢ ᠬᠦᠯᠭᠡ ᠶᠢᠨ ᠭᠤᠣᠯ ᠴᠡᠭ ᠪᠣᠯᠤᠨ ᠭᠤᠣᠯ ᠵᠢᠷᠤᠭᠠᠰᠤ ᠶᠢᠨ ᠵᠡᠭᠦᠨ ᠪᠠᠷᠠᠭᠤᠨ ᠵᠠᠬ᠎ᠠ ᠶᠢᠨ ᠬᠤᠶᠠᠷ ᠴᠡᠭ ᠶᠤᠮ᠃ | ᠨᠠᠭᠠᠳᠤᠮ ᠡᠬᠢᠯᠡᠬᠦ ᠳᠤ᠂ ᠠᠯᠢ ᠨᠢᠭᠡᠨ ᠪᠤᠭᠤ ᠠᠰᠬᠠᠨ ᠪᠣᠶᠤ ᠵᠢᠰᠢᠭᠦᠦ ᠦᠰᠦᠷᠴᠦ᠂ ᠨᠢᠭᠡ ᠨᠣᠬᠠᠢ ᠶᠢ | ︽ᠢᠳᠡᠭᠡᠳ︾ ᠴᠠᠭᠠᠳᠤᠬᠢ ᠰᠠᠭᠤᠳᠠᠯ ᠳᠡᠭᠡᠷ᠎ᠡ ᠨᠢ ᠣᠴᠢᠳᠠᠭ᠃ ᠡᠭᠦᠨ ᠤ ᠬᠠᠮᠲᠤ ︽ᠢᠳᠡᠭᠰᠡᠨ︾ ᠨᠣᠬᠠᠢ ᠪᠠᠨ | ᠬᠠᠵᠠᠭᠤ ᠳᠠᠭᠠᠨ ᠠᠪᠴᠤ ᠲᠠᠯᠪᠢᠨ᠎ᠠ᠃ ᠲᠡᠭᠡᠪᠡᠯ ᠨᠦᠭᠦᠭᠡ ᠲᠠᠯ᠎ᠠ ᠠᠴᠠ ᠨᠢᠭᠡ ᠨᠣᠬᠠᠢ ᠪᠠᠨ ᠠᠪᠴᠤ᠂ ᠪᠣᠭᠤ | ᠦᠰᠦᠷᠦᠨ ᠣᠴᠢᠬᠤ ᠪᠣᠯᠬᠤ ᠨᠢᠭᠡ ᠰᠠᠭᠤᠳᠠᠯ ᠳᠡᠭᠡᠷ᠎ᠡ ᠲᠠᠯᠪᠢᠳᠠᠭ᠃ ᠡᠨᠡ ᠨᠢ ᠪᠣᠭᠤ ᠶᠢᠨ ᠦᠰᠦᠷᠬᠦ ᠵᠠᠮ ᠢ | ᠬᠠᠰᠢᠵᠤ ᠪᠠᠶᠢᠨ᠎ᠠ᠃ ︽ᠪᠣᠭᠤ︾ ᠬᠠᠷᠢᠨ ᠬᠠᠰᠢᠭᠳᠠᠬᠤ ᠦᠭᠡᠢ ᠮᠦᠷᠲᠡᠭᠡᠨ ︽ᠨᠣᠬᠠᠢ︾ ᠶᠢ ᠢᠳᠡᠬᠦ ᠰᠠᠭᠤᠳᠠᠯ ᠢ | ᠪᠣᠳᠤᠯᠬᠢᠯᠠᠨ ᠦᠰᠦᠷᠳᠡᠭ᠃ ᠡᠨᠡ ᠮᠡᠲᠦ ᠪᠠᠷ ᠪᠤᠭᠤ ᠨᠣᠬᠠᠢ ᠶᠢ ︽ᠢᠳᠡᠬᠦ︾ ᠪᠣᠶᠤ ᠨᠣᠬᠠᠢ ᠪᠤᠭᠤ ᠶᠢᠨ ᠦᠰᠦᠷᠬᠦ | ᠰᠠᠭᠤᠳᠠᠯ ᠢ ︽ᠪᠦᠭᠯᠡᠵᠦ︾᠂ ᠬᠠᠮᠤᠭ ᠰᠡᠭᠦᠯ ᠳᠤ ᠪᠤᠭᠤ ᠦᠰᠦᠷᠬᠦ ᠰᠠᠭᠤᠳᠠᠯ ᠦᠭᠡᠢ ᠪᠣᠯᠪᠠᠯ ᠳᠡᠶᠢᠯᠦᠭᠳᠡᠭᠰᠡᠨ | ᠢᠶᠠᠷ ᠪᠣᠳᠣᠳᠠᠭ᠃ ᠨᠦᠭᠦᠭᠡ ᠬᠦᠮᠦᠨ ᠨᠢ ᠴᠦ ᠪᠣᠭᠤ ᠶᠢ ᠬᠠᠰᠢᠬᠤ ᠨᠤᠬᠠᠢ ᠦᠭᠡᠢ ᠪᠣᠯᠪᠠᠯ ᠨᠠᠭᠠᠳᠤᠮ | ᠳᠠᠭᠤᠰᠳᠠᠭ᠃ | ᠠᠳᠡ ᠲᠣᠳᠤᠷᠬᠠᠶᠢᠯᠠᠬᠤ ᠨᠢ᠂ ᠪᠤᠭᠤ ᠬᠠᠰᠢᠭᠳᠠᠬᠤ ᠪᠣᠶᠤ ᠰᠢᠨ᠎ᠡ ᠪᠠᠷ ᠲᠠᠯᠪᠢᠬᠤ ᠨᠣᠬᠠᠢ ᠦᠭᠡᠢ ᠪᠣᠯᠪᠠᠯ᠂ | ᠲᠤᠰ ᠬᠤᠶᠠᠷ ᠰᠢᠲᠠᠷ᠎ᠠ ᠠᠰ ᠵᠢᠷᠤᠭᠠᠰᠤ ᠪᠠᠷ ᠬᠤᠯᠪᠤᠭᠰᠠᠨ ᠰᠠᠭᠤᠳᠠᠯ ᠳᠡᠭᠡᠷ᠎ᠡ ᠨᠢᠭᠡ ᠨᠢᠭᠡ ᠠᠯᠬᠤᠮ ᠢᠶᠠᠷ ᠶᠠᠪᠤᠵᠤ | ᠪᠣᠯᠳᠠᠭ᠃ | ᠮᠦᠷᠭᠦᠭᠡ ᠨᠠᠭᠠᠳᠤᠮ ᠳᠤ᠂ ᠬᠤᠶᠠᠷ ᠬᠦᠮᠦᠨ ᠲᠣᠰᠪᠤᠷᠢ ᠠᠷᠪᠠᠨ ᠬᠤᠶᠠᠷ ᠨᠣᠬᠠᠢ ᠠᠪᠴᠤ᠂ ᠮᠥᠨ ᠰᠢᠲᠠᠷ᠎ᠠ | ᠶᠢᠨ ᠬᠦᠯᠭᠡ ᠳᠡᠭᠡᠷ᠎ᠡ ᠴᠡᠷᠢᠭ ᠪᠠᠶᠢᠷᠢᠯᠠᠭᠤᠯᠤᠨ ᠨᠠᠭᠠᠳᠤᠳᠠᠭ᠃ ᠡᠶᠢᠮᠦ ᠠᠴᠠ᠂ ᠬᠤᠶᠠᠷ ᠲᠠᠯ᠎ᠠ ᠶᠢᠨ ᠰᠢᠲᠠᠷ᠎ᠠ ᠨᠢ | ᠢᠯᠭᠠᠭ᠎ᠠ ᠲᠠᠢ ᠪᠠᠶᠢᠬᠤ ᠬᠡᠷᠡᠭᠲᠡᠢ᠃ | ᠮᠦᠷᠭᠦᠭᠡ ᠶᠢᠨ ᠴᠡᠷᠢᠭ ᠢ ᠲᠠᠯᠪᠢᠬᠤ ᠳᠤ᠂ ᠰᠢᠲᠠᠷ᠎ᠠ ᠶᠢᠨ ᠬᠦᠯᠭᠡ ᠶᠢᠨ ᠭᠤᠣᠯ ᠵᠢᠷᠤᠭᠠᠰᠤ ᠪᠠᠷ ᠵᠠᠭᠠᠭ | ᠪᠣᠯᠭᠠᠵᠤ᠂ ᠲᠡᠭᠦᠨ ᠤ ᠬᠤᠶᠠᠷ ᠲᠠᠯ᠎ᠠ ᠶᠢᠨ ᠠᠷᠪᠠᠨ ᠰᠠᠭᠤᠳᠠᠯ ᠳᠡᠭᠡᠷ᠎ᠡ ᠬᠤᠶᠠᠷ ᠲᠠᠯ᠎ᠠ ᠶᠢᠨ ᠴᠡᠷᠢᠭ ᠢᠶᠠᠨ | ᠰᠠᠭᠤᠯᠭᠠᠵᠤ᠂ ᠦᠯᠡᠳᠡᠭᠰᠡᠨ ᠬᠤᠶᠠᠷ ᠴᠡᠷᠢᠭ ᠢᠶᠠᠨ ᠮᠣᠩᠭᠤᠯ ᠠᠭᠤᠯᠠ ᠪᠣᠯᠤᠨ ᠲᠠᠩᠭᠤᠳ ᠠᠭᠤᠯᠠᠨ ᠤ ᠵᠡᠭᠦᠨ | ᠪᠠᠷᠠᠭᠤᠨ ᠱᠣᠷᠤᠯᠵᠢᠨ ᠰᠠᠭᠤᠳᠠᠯ ᠪᠣᠯᠤᠨ ᠪᠡᠯ ᠳᠡᠭᠡᠷᠡᠬᠢ ᠵᠡᠭᠦᠨ ᠪᠠᠷᠠᠭᠤᠨ ᠴᠡᠭ ᠳᠡᠭᠡᠷ᠎ᠡ ᠲᠠᠯᠪᠢᠳᠠᠭ᠃᠂ | ᠲᠠᠩᠭᠤᠳ ᠠᠭᠤᠯᠠ ᠶᠢ ᠮᠣᠩᠭᠤᠯ ᠠᠭᠤᠯᠠ ᠪᠠᠷ ᠪᠣᠳᠤᠬᠤ ᠶᠢᠨ ᠤᠴᠢᠷ ᠨᠢ ᠡᠶᠢᠮᠦ ᠪᠠᠶᠢᠵᠠᠢ᠃ | ᠬᠤᠶᠠᠷ ᠲᠠᠯ᠎ᠠ ᠶᠢᠨ ᠴᠡᠷᠢᠭ ᠬᠠᠷᠢᠯᠴᠠᠨ ᠮᠦᠷᠭᠦᠯᠳᠦᠬᠦ ᠳᠤ᠂ ᠮᠥᠨ ᠨᠦᠭᠦᠭᠡ ᠲᠠᠯ᠎ᠠ ᠶᠢᠨ ᠨᠢᠭᠡ ᠶᠢᠨ ᠢᠶᠠᠨ | ᠳᠡᠭᠡᠭᠦᠷ ᠵᠢᠷᠤᠭᠠᠰᠤ ᠲᠠᠭᠠᠨ ᠦᠰᠦᠷᠴᠦ᠂ ᠲᠡᠭᠦᠨ ᠢ ᠢᠳᠡᠭᠡᠳ ᠴᠠᠭᠠᠳᠤᠬᠢ ᠬᠤᠭᠤᠰᠤᠨ ᠰᠠᠭᠤᠳᠠᠯ ᠳᠡᠭᠡᠷ᠎ᠡ | ᠰᠠᠭᠤᠳᠠᠭ᠃ ᠵᠠᠷᠢᠮ ᠳᠠᠭᠠᠨ ᠠᠰᠬᠠᠨ ᠪᠠ ᠵᠢᠰᠢᠭᠦᠦ ᠵᠢᠷᠤᠭᠠᠰᠤ ᠳᠠᠮᠵᠢᠵᠤ᠂ ᠵᠠᠯᠭᠠᠪᠠᠷ ᠦᠰᠦᠷᠦᠨ ᠢᠳᠡᠵᠦ ᠪᠣᠯᠳᠠᠭ᠃ | ᠬᠠᠮᠤᠭ ᠰᠡᠭᠦᠯ ᠳᠤ᠂ ᠦᠯᠡᠳᠡᠭᠰᠡᠨ ᠴᠡᠷᠢᠭ ᠤᠨ ᠣᠯᠠᠨ ᠴᠦᠬᠡᠨ ᠢᠶᠠᠷ ᠢᠯᠠᠵᠤ ᠢᠯᠠᠭᠳᠠᠭᠰᠠᠨ ᠢ | ᠲᠣᠭᠲᠠᠭᠠᠳᠠᠭ᠃ | ᠪᠤᠭᠤ ᠵᠢᠷᠭᠢᠭᠡ ᠪᠣᠯᠤᠨ ᠮᠦᠷᠭᠦᠭᠡ ᠪᠣᠯ ᠬᠦᠮᠦᠨ ᠤ ᠣᠶᠤᠨ ᠢ ᠨᠡᠬᠡᠭᠡᠯᠭᠡᠬᠦ ᠨᠠᠭᠠᠳᠤᠮ ᠪᠠᠶᠢᠵᠤ᠂ ᠲᠡᠭᠦᠨ ᠢ | ᠰᠠᠶᠢᠨ ᠨᠠᠭᠠᠳᠬᠤ ᠬᠦᠮᠦᠨ ᠠᠪᠠ ᠶᠢ ᠭᠠᠷᠮᠠᠭᠠᠢ ᠬᠢᠵᠦ᠂ ᠴᠢᠨᠠᠭᠰᠢᠯᠠᠪᠠᠯ ᠴᠡᠷᠢᠭ ᠠᠩᠬᠢ ᠶᠢ ᠴᠦ ᠪᠠᠶᠢᠯᠳᠤᠭᠠᠨ ᠳᠤ | ᠵᠠᠬᠢᠷᠴᠤ ᠴᠢᠳᠠᠨ᠎ᠠ ᠭᠡᠳᠡᠭ᠃ ᠦᠩᠭᠡᠷᠡᠭᠰᠡᠨ ᠳᠤ᠂ ᠬᠦᠮᠦᠰ ᠡᠨᠡᠬᠦ ᠨᠠᠭᠠᠳᠤᠮ ᠢ ᠮᠠᠰᠢ ᠬᠦᠭᠵᠢᠶᠡᠨᠲᠡᠢ ᠨᠠᠭᠠᠳᠴᠤ | ᠪᠠᠶᠢᠵᠠᠢ᠃ ᠡᠶᠢᠮᠦ ᠠᠴᠠ᠂ ᠡᠨᠡᠬᠦ ᠨᠠᠭᠠᠳᠤᠮ 2011 ᠣᠨ ᠤ 4 ᠰᠠᠷ᠎ᠠ ᠳᠤ ᠤᠯᠠᠭᠠᠨᠬᠠᠳᠠ ᠬᠤᠲᠠ ᠶᠢᠨ ᠪᠣᠳᠠᠰ | ᠤᠨ ᠪᠣᠰᠤ ᠰᠣᠶᠣᠯ ᠤᠨ ᠦᠪ ᠲᠤ ᠲᠡᠮᠳᠡᠭᠯᠡᠭᠳᠡᠵᠦ᠂ ᠬᠤᠨᠲᠤ ᠪᠠᠯᠭᠠᠰᠤ ᠶᠢᠨ ᠣᠩᠭᠤᠠᠮᠣᠳᠤ ᠭᠠᠴᠠᠭ᠎ᠠ ᠶᠢᠨ | ᠮᠠᠯᠴᠢᠨ ᠰᠠᠭᠠᠳᠠᠸᠠ ᠪᠣᠯᠤᠨ ᠨᠠᠰᠤᠬᠤᠷᠲᠤ ᠬᠤᠶᠠᠷ ᠴᠦ 2012 ᠣᠨ ᠤ 3 ᠰᠠᠷ᠎ᠠ ᠳᠤ ︽ᠪᠤᠭᠤ ᠵᠢᠷᠭᠢᠭᠡ ᠪᠣᠯᠤᠨ | ᠮᠦᠷᠭᠦᠭᠡ ᠨᠠᠭᠠᠳᠤᠮ︾ ᠤᠨ ᠤᠯᠠᠭᠠᠨᠬᠠᠳᠠ ᠬᠤᠲᠠ ᠶᠢᠨ ᠳᠡᠰ ᠤᠨ ᠲᠦᠯᠦᠭᠡᠯᠡᠬᠦ ᠴᠢᠨᠠᠷᠲᠠᠢ ᠤᠯᠠᠮᠵᠢᠯᠠᠭᠴᠢ ᠪᠠᠷ | ᠨᠡᠷᠡᠶᠢᠳᠦᠭᠳᠡᠪᠡ᠃ ︵ᠪᠠᠭᠠᠪᠣᠯᠤᠳ ᠮᠠᠲ᠋ᠧᠷᠢᠶᠡᠯ ᠬᠠᠩᠭᠠᠪᠠ︶ |