ᠠᠷᠭᠠᠢ ᠬᠠᠷᠪᠤᠬᠤ ᠨᠠᠭᠠᠳᠤᠮ ᠪᠣᠯ ᠮᠣᠩᠭᠤᠯᠴᠤᠳ ᠤᠨ ᠤᠯᠠᠮᠵᠢᠯᠠᠯᠲᠤ ᠮᠦᠰᠦᠨ ᠳᠡᠭᠡᠷᠡᠬᠢ ᠪᠡᠶ᠎ᠡ ᠲᠠᠮᠢᠷ ᠤᠨ | ᠬᠦᠳᠡᠯᠭᠡᠭᠡᠨ ᠶᠤᠮ᠃ ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤ ᠶᠢᠨ ᠤᠤᠯ ᠤᠨ ᠪᠠᠶᠠᠨᠪᠤᠯᠠᠭ | ᠰᠣᠮᠤ ᠶᠢᠨ ᠠᠮᠠᠰᠠᠷ᠂ ᠪᠣᠷᠤᠬᠤᠲᠠ ᠪᠣᠯᠤᠨ ᠴᠠᠭᠠᠬᠤᠪᠤᠭ᠎ᠠ ᠵᠡᠷᠭᠡ ᠭᠠᠴᠠᠭ᠎ᠠ ᠳᠤ ᠣᠳᠣ ᠪᠣᠯᠲᠠᠯ᠎ᠠ ᠤᠯᠠᠮᠵᠢᠯᠠᠭᠳᠠᠵᠤ | ᠪᠣᠢ᠃ | ᠮᠣᠩᠭᠤᠯᠴᠤᠳ ᠦᠬᠡᠷ᠂ ᠲᠡᠮᠡᠭᠡ ᠵᠡᠷᠭᠡ ᠪᠤᠳᠠ ᠮᠠᠯ ᠪᠣᠯᠤᠨ ᠪᠤᠭᠤ ᠵᠡᠷᠭᠡ ᠲᠣᠷᠤᠭ ᠠᠩ ᠤᠨ ᠱᠠᠭ᠎ᠠ ᠶᠢ | ᠵᠠᠰᠠᠵᠤ ᠶᠠᠩᠵᠤᠯᠠᠭᠠᠳ ᠠᠷᠭᠠᠢ ᠭᠡᠳᠡᠭ᠃ ᠡᠳᠡᠭᠡᠷ ᠱᠠᠭ᠎ᠠ ᠶᠢ ᠬᠠᠷᠪᠤᠨ ᠨᠠᠭᠠᠳᠬᠤ ᠠᠷᠭᠠᠢ ᠪᠣᠯᠭᠠᠨ ᠵᠠᠰᠠᠬᠤ ᠳᠤ᠂ | ᠳᠡᠭᠡᠷᠡᠬᠢ ᠰᠢᠷᠪᠦᠰᠦ ᠰᠢᠨᠳᠠᠰᠤ ᠲᠣᠰᠤ ᠪᠤᠷᠲᠠᠭ ᠶᠢ ᠨᠢ ᠴᠡᠪᠡᠷᠯᠡᠨ ᠬᠠᠶᠠᠵᠤ᠂ ᠪᠦᠭᠡ ᠪᠣᠯᠤᠨ ᠴᠡᠭᠡ ᠲᠠᠯ᠎ᠠ ᠶᠢ ᠨᠢ | ᠬᠠᠪᠲᠠᠭᠠᠶᠢᠯᠠᠨ ᠴᠠᠪᠴᠢᠨ᠎ᠠ᠃ ᠪᠠᠷᠤᠭ ᠤᠤᠯ ᠱᠠᠭ᠎ᠠ ᠶᠢᠨ ᠬᠠᠭᠠᠰ ᠢᠯᠡᠭᠦᠦ ᠶᠢ ᠦᠯᠡᠳᠡᠭᠡᠵᠦ᠂ ᠪᠦᠭᠡ ᠲᠠᠯ᠎ᠠ ᠶᠢᠨ | ᠭᠤᠣᠯ ᠳᠤᠮᠳᠠ ᠨᠢ ᠨᠦᠬᠡᠯᠡᠵᠦ᠂ ᠴᠠᠭᠠᠨ ᠲᠤᠭᠤᠯᠭ᠎ᠠ ᠴᠢᠳᠬᠤᠨ ᠣᠷᠤᠭᠤᠯᠳᠠᠭ᠃ ᠡᠨᠡ ᠨᠢ ᠠᠷᠭᠠᠢ ᠶᠢᠨ | ᠬᠦᠨᠳᠦᠴᠡ ᠶᠢ ᠨᠡᠮᠡᠭᠳᠡᠭᠦᠯᠬᠦ ᠦᠢᠯᠡᠳᠦᠯ ᠲᠠᠢ᠃ ᠬᠠᠷᠢᠨ ᠣᠨᠴᠠ ᠵᠠᠷᠢᠮ ᠰᠠᠶᠢᠨ ᠱᠠᠭ᠎ᠠ ᠨᠢ ᠲᠣᠭᠤᠯᠭ᠎ᠠ ᠦᠭᠡᠢ ᠪᠠᠷ | ᠴᠦ ᠠᠷᠭᠠᠢ ᠪᠣᠯᠭᠠᠨ ᠬᠠᠷᠪᠤᠵᠤ ᠪᠣᠯᠳᠠᠭ᠃ | ᠠᠷᠭᠠᠢ ᠶᠢ ᠮᠦᠰᠦᠨ ᠳᠡᠭᠡᠷ᠎ᠡ ᠬᠠᠷᠪᠤᠬᠤ ᠳᠤ᠂ ᠪᠦᠭᠡ ᠲᠠᠯ᠎ᠠ ᠶᠢ ᠨᠢ ᠳᠡᠭᠡᠭᠰᠢ ᠬᠠᠷᠠᠭᠤᠯᠤᠨ ᠪᠠᠷᠢᠵᠤ᠂ ᠡᠷᠡᠬᠡᠢ | ᠪᠣᠯᠤᠨ ᠳᠣᠯᠢᠶᠠᠪᠤᠷ ᠬᠤᠷᠤᠭᠤ ᠶᠢᠨ ᠨᠢᠳᠡᠷᠡᠬᠦ ᠬᠦᠴᠦ ᠪᠠᠷ ᠬᠤᠯᠠ ᠵᠦᠭ ᠡᠷᠭᠢᠯᠳᠦᠭᠦᠯᠦᠨ ᠶᠠᠪᠤᠭᠤᠯᠤᠨ᠎ᠠ᠃ | ᠲᠡᠭᠦᠨ ᠢᠶᠠᠷ ᠬᠠᠷᠠᠯᠲᠠ ᠪᠣᠯᠭᠠᠵᠤ᠂ ᠪᠣᠰᠤᠳ ᠠᠷᠭᠠᠢ ᠪᠠᠷ ᠣᠨᠢᠯᠠᠨ ᠬᠠᠷᠪᠤᠵᠤ᠂ ᠣᠨᠤᠭᠠᠭᠰᠠᠨ ᠪᠣᠯ | ᠳᠡᠶᠢᠯᠦᠭᠰᠡᠨ ᠳᠤ ᠣᠷᠤᠨ᠎ᠠ᠃ ᠡᠶᠢᠮᠦ ᠠᠴᠠ᠂ ᠡᠨᠡᠬᠦ ᠨᠠᠭᠠᠳᠤᠮ ᠢ ᠬᠤᠶᠠᠷ ᠬᠦᠮᠦᠨ ᠴᠦ ᠨᠠᠭᠠᠳᠴᠤ ᠪᠣᠯᠬᠤ ᠪᠦᠭᠡᠳ | ᠤᠷᠤᠯᠴᠠᠬᠤ ᠬᠦᠮᠦᠨ ᠣᠯᠠᠨ ᠪᠣᠯ ᠨᠡᠩ ᠬᠦᠭᠵᠢᠶᠡᠨ ᠲᠠᠢ ᠪᠣᠯᠳᠠᠭ᠃ ᠭᠡᠪᠡᠴᠦ᠂ ᠭᠤᠷᠪᠠ ᠲᠠᠪᠤᠨ ᠬᠦᠮᠦᠨ ᠨᠢᠭᠡ | ᠨᠠᠭᠠᠳᠤᠮ ᠪᠣᠯᠪᠠᠯ ᠬᠠᠮᠤᠭ ᠲᠣᠬᠢᠷᠠᠮᠵᠢᠲᠠᠢ᠃ ᠲᠤᠰ ᠨᠠᠭᠠᠳᠤᠮ ᠤᠨ ᠱᠦᠭᠦᠯᠴᠡᠭᠡᠨ ᠳᠤ ᠬᠤᠨᠢ ᠢᠮᠠᠭᠠᠨ ᠱᠠᠭ᠎ᠠ | ᠲᠠᠯᠪᠢᠨ᠎ᠠ᠃ | ᠡᠷᠲᠡ ᠳᠡᠭᠡᠳᠦ ᠶᠢᠨ ᠠᠷᠤ ᠬᠤᠷᠴᠢᠨ ᠪᠣᠯ ᠬᠤᠷᠴᠢᠨ ᠠᠶᠢᠮᠠᠭ ᠤᠨ ᠨᠢᠭᠡ ᠰᠠᠯᠠᠭ᠎ᠠ ᠨᠢ ᠪᠠᠶᠢᠵᠤ᠂ ᠬᠠᠪᠤᠲᠤ | ᠬᠠᠰᠠᠷ ᠪᠣᠯᠤᠨ ᠲᠡᠭᠦᠨ ᠤ ᠦᠷ᠎ᠡ ᠬᠤᠶᠢᠴᠢᠰ ᠤᠨ ᠬᠠᠷᠢᠶᠠᠲᠤ ᠢᠷᠭᠡᠨ ᠶᠤᠮ᠃ ᠠᠵᠢᠯᠴᠢ ᠪᠣᠷᠤᠭᠵᠢᠭᠤᠨ ᠪᠦᠭᠡᠳ | ᠡᠷᠡᠯᠬᠡᠭ ᠪᠠᠭᠠᠳᠤᠷᠯᠢᠭ ᠠᠷᠤ ᠬᠤᠷᠴᠢᠨ ᠤ ᠠᠷᠠᠳ ᠲᠦᠮᠡᠨ᠂ ᠦᠶ᠎ᠡ ᠶᠢᠨ ᠦᠶ᠎ᠡ ᠳᠡᠭᠡᠨ ᠮᠠᠯᠵᠢᠬᠤ ᠦᠢᠯᠡᠳᠪᠦᠷᠢᠯᠡᠯ | ᠡᠷᠬᠢᠯᠡᠵᠦ᠂ ᠭᠡᠷᠡᠯ ᠰᠠᠴᠤᠷᠠᠩᠭᠤᠢ ᠨᠡᠭᠦᠳᠡᠯ ᠰᠣᠶᠣᠯ ᠤᠨ ᠪᠣᠯᠪᠠᠰᠤᠨ ᠢ ᠪᠦᠲᠦᠭᠡᠵᠦ᠂ ᠡᠷᠲᠡᠨ ᠤ ᠮᠣᠩᠭᠤᠯ | ᠤᠯᠠᠮᠵᠢᠯᠠᠯ ᠢᠶᠠᠨ ᠴᠦ ᠵᠠᠯᠭᠠᠮᠵᠢᠯᠠᠨ ᠢᠷᠡᠵᠡᠢ᠃ ᠡᠭᠦᠨ ᠤ ᠨᠢᠭᠡ ᠵᠢᠱᠢᠶ᠎ᠡ ᠨᠢ ᠠᠷᠭᠠᠢ ᠬᠠᠷᠪᠤᠬᠤ ᠨᠠᠭᠠᠳᠤᠮ ᠪᠣᠯᠤᠨ᠎ᠠ᠃ | ᠡᠭᠦᠨ ᠤ ᠳᠤᠬᠠᠢ᠂ ︽ᠮᠣᠩᠭᠤᠯ ᠤᠨ ᠨᠢᠭᠤᠴᠠ ᠲᠣᠪᠴᠢᠶᠠᠨ︾ ᠪᠣᠯᠤᠨ ︽ᠮᠠᠨᠳᠤᠬᠠᠢ ᠰᠡᠴᠡᠨ︾ ᠵᠡᠷᠭᠡ | ᠲᠡᠤᠬᠡ ᠶᠢᠨ ᠨᠣᠮ ᠵᠣᠬᠢᠶᠠᠯ ᠳᠤ ᠪᠦᠷ ᠲᠡᠮᠳᠡᠭᠯᠡᠯ ᠪᠣᠢ᠃ | ᠠᠷᠭᠠᠢ ᠬᠠᠷᠪᠤᠬᠤ ᠨᠠᠭᠠᠳᠤᠮ ᠨᠢ ᠱᠠᠭ᠎ᠠ ᠨᠢᠰᠠᠯᠬᠤ ᠨᠠᠭᠠᠳᠤᠮ ᠠᠴᠠ ᠡᠭᠦᠰᠦᠯ ᠲᠠᠢ᠃ ᠪᠤᠭ ᠮᠠᠯ ᠤᠨ ᠱᠠᠭ᠎ᠠ | ᠵᠢᠭᠠᠬᠠᠨ ᠪᠣᠯᠬᠤᠷ᠂ ᠬᠦᠮᠦᠰ ᠲᠡᠭᠦᠨ ᠢ ᠨᠢᠰᠠᠯᠠᠨ ᠨᠠᠭᠠᠳᠴᠤ ᠪᠣᠯᠳᠠᠭ᠃ ᠬᠠᠷᠢᠨ ᠦᠬᠡᠷ ᠤᠨ ᠱᠠᠭ᠎ᠠ ᠮᠡᠲᠦ | ᠠᠷᠭᠠᠢ ᠶᠢ ᠨᠢᠰᠠᠯᠠᠭᠠᠳ ᠶᠠᠪᠤᠭᠤᠯᠵᠤ ᠳᠡᠶᠢᠯᠬᠦ ᠦᠭᠡᠢ᠃ ᠡᠶᠢᠮᠦ ᠠᠴᠠ᠂ ᠲᠡᠳᠡᠨ ᠢ ᠮᠦᠰᠦᠨ ᠳᠡᠭᠡᠷ᠎ᠡ | ᠭᠤᠯᠭᠤᠭᠤᠯᠵᠤ᠂ ᠨᠢᠭᠡ ᠶᠢ ᠨᠢ ᠨᠦᠭᠦᠭᠡ ᠪᠠᠷ ᠨᠢ ᠬᠠᠷᠪᠤᠨ ᠣᠨᠤᠭᠠᠬᠤ ᠨᠠᠭᠠᠳᠤᠮ ᠪᠣᠢ ᠪᠣᠯᠵᠠᠢ᠃ | ᠠᠷᠭᠠᠢ ᠬᠠᠷᠪᠤᠬᠤ ᠳᠤ᠂ ᠨᠠᠭᠠᠳᠤᠮ ᠳᠤ ᠣᠷᠤᠯᠴᠠᠭᠴᠢ ᠠᠴᠠ ᠬᠠᠷᠠᠯᠲᠠ ᠶᠢᠨ ᠠᠷᠭᠠᠢ ᠶᠢ ᠦᠵᠡᠵᠦ᠂ | ᠤᠷᠤᠭᠰᠢ ᠪᠠᠨ ᠬᠡᠳᠦᠨ ᠠᠯᠬᠤᠮ ᠭᠦᠶᠦᠵᠦ᠂ ᠭᠠᠷ ᠲᠠᠬᠢ ᠠᠷᠭᠠᠢ ᠪᠠᠷ ᠢᠶᠠᠨ ᠬᠠᠷᠠᠯᠳᠡ ᠪᠠᠨ ᠣᠨᠢᠯᠠᠵᠤ᠂ ᠡᠷᠡᠬᠡᠢ | ᠬᠤᠷᠤᠭᠤ ᠪᠠᠷ ᠢᠶᠠᠨ ᠨᠢᠳᠡᠷᠡᠨ ᠶᠠᠪᠤᠭᠤᠯᠳᠠᠭ᠃ ᠡᠨᠡ ᠦᠶ᠎ᠡ ᠳᠤ᠂ ᠬᠦᠮᠦᠨ ᠤ ᠪᠡᠶ᠎ᠡ ᠶᠢᠨ ᠲᠡᠩᠴᠡᠭᠦᠷᠢ᠂ ᠠᠯᠬᠤᠮ | ᠭᠦᠶᠦᠳᠡᠯ᠂ ᠮᠠᠭᠠᠳᠯᠠᠬᠤ ᠴᠢᠳᠠᠪᠤᠷᠢ᠂ ᠨᠢᠳᠤ ᠪᠣᠯᠤᠨ ᠭᠠᠷ ᠤᠨ ᠳᠡᠮ ᠪᠠ ᠬᠦᠴᠦ ᠵᠡᠷᠭᠡ ᠨᠢ ᠪᠦᠷ ᠤᠶᠠᠯᠳᠤᠭᠰᠠᠨ | ᠪᠠᠶᠢᠬᠤ ᠬᠡᠷᠡᠭᠲᠡᠢ᠃ ᠡᠶᠢᠮᠦ ᠠᠴᠠ᠂ ᠠᠷᠭᠠᠢ ᠨᠠᠭᠠᠳᠤᠮ ᠢ ᠮᠦᠰᠦᠨ ᠳᠡᠭᠡᠷᠡᠬᠢ ᠲᠠᠮᠢᠷ ᠤᠨ ᠬᠦᠳᠡᠯᠭᠡᠭᠡᠨ ᠭᠡᠵᠤ᠂ | ᠡᠭᠦᠨ ᠳᠤ ᠣᠷᠤᠯᠴᠠᠬᠤ ᠬᠦᠮᠦᠰ ᠢ ᠠᠷᠭᠠᠶᠢᠴᠢᠨ ᠭᠡᠳᠡᠭ᠃ | ᠠᠷᠭᠠᠢ ᠨᠠᠭᠠᠳᠤᠮ ᠳᠤ᠂ ᠬᠠᠮᠤᠭ ᠲᠡᠷᠢᠭᠦᠨ ᠤ ᠬᠦᠮᠦᠨ ᠦᠪᠡᠷ ᠤᠨ ᠨᠢᠭᠡ ᠠᠷᠭᠠᠢ ᠪᠠᠨ ᠬᠠᠷᠪᠤᠨ ᠶᠠᠪᠤᠭᠤᠯᠵᠤ᠂ | ᠣᠨᠳᠤᠤ ᠨᠢᠭᠡ ᠠᠷᠭᠠᠢ ᠪᠠᠷ ᠲᠡᠭᠦᠨ ᠢᠶᠠᠨ ᠬᠠᠷᠪᠤᠳᠠᠭ᠃ ᠬᠡᠷᠪᠡ ᠣᠨᠤᠭᠠᠬᠤ ᠳᠤ ᠬᠦᠷᠪᠡᠯ᠂ ᠡᠨᠡ ᠨᠢᠭᠡ | ᠤᠳᠠᠭ᠎ᠠ ᠶᠢᠨ ᠨᠠᠭᠠᠳᠤᠮ ᠳᠠᠭᠤᠰᠴᠤ᠂ ᠪᠣᠰᠤᠳ ᠬᠦᠮᠦᠨ ᠤ ᠱᠠᠭ᠎ᠠ ᠪᠦᠷ ᠲᠡᠭᠦᠨ ᠤ ᠪᠣᠯᠤᠨ᠎ᠠ᠃ ᠲᠡᠷᠢᠭᠦᠨ ᠤ | ᠬᠦᠮᠦᠨ ᠬᠡᠷᠪᠡ ᠣᠨᠤᠭᠠᠭᠰᠠᠨ ᠦᠭᠡᠢ ᠪᠣᠯ᠂ ᠳᠠᠷᠠᠭ᠎ᠠ ᠶᠢᠨ ᠬᠦᠮᠦᠰ ᠬᠦᠮᠦᠨ ᠪᠦᠷᠢ ᠬᠤᠶᠠᠷ ᠤᠳᠠᠭ᠎ᠠ ᠬᠠᠷᠪᠤᠬᠤ | ᠡᠷᠬᠡ ᠲᠠᠢ᠃ ᠣᠨᠤᠭᠠᠭᠰᠠᠨ ᠪᠣᠯ ᠮᠥᠨ ᠪᠦᠭᠦᠳᠡ ᠱᠠᠭ᠎ᠠ ᠶᠢ ᠠᠪᠤᠨ᠎ᠠ᠃ ᠬᠡᠷᠪᠡ ᠬᠠᠷᠠᠯᠲᠠ ᠶᠢᠨ ᠠᠷᠭᠠᠢ ᠶᠢ ᠬᠡᠨ | ᠴᠦ ᠣᠨᠤᠭᠠᠭᠰᠠᠨ ᠦᠭᠡᠢ ᠪᠣᠯ᠂ ᠮᠥᠨ ᠲᠡᠷᠢᠭᠦᠨ ᠤ ᠬᠦᠮᠦᠨ ᠬᠠᠷᠠᠯᠲᠠ ᠶᠢᠨ ᠠᠷᠭᠠᠢ ᠪᠠᠨ ᠪᠤᠴᠠᠨ ᠬᠠᠷᠪᠤᠵᠤ᠂ | ᠨᠠᠭᠠᠳᠤᠮ ᠤᠨ ᠱᠦᠭᠦᠯᠴᠡᠭᠡ ᠳᠤ ᠲᠠᠯᠪᠢᠭᠰᠠᠨ ᠱᠠᠭ᠎ᠠ ᠨᠤᠭᠤᠳ ᠤᠨ ᠬᠠᠪᠢ ᠳᠤ ᠵᠣᠭᠰᠤᠭᠠᠳᠠᠭ᠃ ᠳᠠᠬᠢᠨ ᠨᠦᠭᠦᠭᠡ | ᠠᠷᠭᠠᠢ ᠪᠠᠷ ᠲᠡᠭᠦᠨ ᠢᠶᠠᠨ ᠬᠠᠷᠪᠤᠵᠤ᠂ ᠪᠣᠰᠤᠳ ᠬᠦᠮᠦᠨ ᠬᠠᠷᠪᠤᠬᠤ ᠨᠢ ᠲᠦᠷᠦᠭᠦᠨ ᠤ ᠲᠠᠢ ᠠᠳᠠᠯᠢ᠃ ᠬᠡᠷᠪᠡ ᠬᠡᠨ | ᠴᠦ ᠡᠨᠡᠬᠦ ᠠᠷᠭᠠᠢ ᠶᠢ ᠣᠨᠤᠭᠠᠭᠰᠠᠨ ᠦᠭᠡᠢ ᠪᠣᠯ᠂ ᠲᠡᠷᠢᠭᠦᠨ ᠤ ᠬᠦᠮᠦᠨ ᠲᠡᠭᠦᠨ ᠢᠶᠠᠷ ᠢᠶᠠᠨ ᠱᠦᠭᠦᠯᠴᠡᠭᠡ ᠶᠢᠨ | ᠱᠠᠭ᠎ᠠ ᠶᠢ ᠬᠠᠷᠪᠤᠵᠤ᠂ ᠠᠷᠭᠠᠢ ᠲᠠᠢ ᠨᠢ ᠠᠳᠠᠯᠢ ᠲᠠᠯ᠎ᠠ ᠭᠠᠷᠤᠭᠰᠠᠨ ᠱᠠᠭ᠎ᠠ ᠶᠢ ᠠᠪᠳᠠᠭ᠃ ᠡᠳᠡᠭᠡᠷ ᠪᠣᠯ ᠬᠠᠮᠤᠭ | ᠲᠡᠷᠢᠭᠦᠨ ᠳᠤ ᠬᠠᠷᠪᠤᠬᠤ ᠬᠦᠮᠦᠨ ᠤ ᠠᠰᠢᠭ ᠲᠠᠢ ᠵᠦᠢᠯ ᠶᠤᠮ᠃ | ᠠᠷᠭᠠᠢ ᠬᠠᠷᠪᠤᠬᠤ ᠳᠡᠰ ᠳᠠᠷᠠᠭ᠎ᠠ ᠶᠢ ᠲᠣᠭᠳᠠᠭᠠᠬᠤ ᠳᠤ᠂ ᠬᠦᠮᠦᠨ ᠪᠦᠷᠢ ᠶᠢᠨ ᠨᠢᠭᠡ ᠠᠷᠭᠠᠢ ᠶᠢ ᠨᠡᠶᠢᠯᠡᠭᠦᠯᠦᠨ | ᠪᠠᠷᠢᠵᠤ᠂ ᠵᠣᠬᠢᠬᠤ ᠦᠨᠳᠦᠷ ᠳᠡᠭᠡᠷ᠎ᠡ ᠠᠴᠠ ᠮᠦᠰᠦᠨ ᠳᠡᠭᠡᠷ᠎ᠡ ᠬᠠᠶᠠᠵᠤ᠂ ᠭᠠᠷᠤᠭᠰᠠᠨ ᠲᠠᠯ᠎ᠠ ᠪᠠᠷ ᠨᠢ ᠦᠨᠳᠦᠰᠦ | ᠪᠠᠷᠢᠮᠲᠠ ᠪᠣᠯᠭᠠᠳᠠᠭ᠃ ᠡᠭᠦᠨ ᠳᠤ᠂ ᠣᠯᠠᠨ ᠵᠦᠢᠯ ᠤᠨ ᠠᠷᠭ᠎ᠠ ᠪᠠᠶᠢᠵᠤ᠂ ᠣᠯᠠᠨ ᠢᠶᠠᠷ ᠢᠶᠠᠨ ᠬᠡᠯᠡᠯᠴᠡᠨ ᠪᠠᠶᠢᠵᠤ | ᠲᠣᠭᠲᠠᠭᠠᠳᠠᠭ᠃ ᠶᠡᠷᠦᠳᠡ ᠪᠠᠨ᠂ ᠱᠠᠭ᠎ᠠ ᠶᠢᠨ ᠪᠦᠭᠡ᠂ ᠴᠡᠭᠡ᠂ ᠮᠣᠷᠢ᠂ ᠲᠡᠮᠡᠭᠡ ᠵᠡᠷᠭᠡ ᠲᠠᠯ᠎ᠠ ᠪᠠᠷ ᠳᠡᠰ ᠳᠠᠷᠠᠭᠠᠯᠠᠯ | ᠪᠣᠯᠭᠠᠳᠠᠭ᠃ ᠭᠡᠪᠡᠴᠦ᠂ ᠨᠢᠭᠡ ᠤᠳᠠᠭ᠎ᠠ ᠶᠢᠨ ᠬᠠᠶᠠᠳᠠᠯ ᠳᠤ ᠠᠳᠠᠯᠢ ᠲᠠᠯ᠎ᠠ ᠨᠢ ᠣᠯᠠᠨ ᠭᠠᠷᠴᠤ᠂ ᠣᠨᠴᠠᠭᠠᠢ ᠨᠢᠭᠡ | ᠯᠡ ᠲᠠᠯ᠎ᠠ ᠪᠠᠶᠢᠪᠠᠯ᠂ ᠲᠡᠷᠡ ᠨᠢ ᠬᠠᠮᠤᠭ ᠲᠡᠷᠢᠭᠦᠨ ᠤ ᠠᠷᠭᠠᠢ ᠪᠣᠯᠳᠠᠭ᠃ ᠢᠩᠬᠢᠵᠦ ᠬᠡᠳᠦ ᠤᠳᠠᠭ᠎ᠠ ᠬᠠᠶᠠᠵᠤ᠂ | ᠪᠦᠬᠦ ᠳᠡᠰ ᠳᠠᠷᠠᠭᠠᠯᠠᠯ ᠢᠶᠠᠨ ᠭᠠᠷᠭᠠᠳᠠᠭ᠃ | ᠠᠷᠤ ᠬᠤᠷᠴᠢᠨ ᠳᠤ᠂ ᠨᠡᠯᠢᠶᠡᠳ ᠶᠡᠭᠡ ᠬᠡᠪᠴᠢᠶ᠎ᠡ ᠶᠢᠨ ᠠᠷᠭᠠᠢ ᠬᠠᠷᠪᠤᠬᠤ ᠮᠦᠷᠦᠶᠢᠴᠡᠭᠡᠨ ᠨᠢ ᠨᠠᠶᠢᠷ | ᠨᠠᠭᠠᠳᠤᠮ ᠰᠢᠭ᠋ ᠶᠠᠪᠤᠭᠳᠠᠵᠤ᠂ ᠰᠠᠶᠢᠨ ᠠᠷᠭᠠᠶᠢᠴᠢᠨ ᠨᠢ ᠣᠯᠠᠨ ᠤ ᠳᠤᠮᠳᠠ ᠪᠠᠨ ᠣᠳᠣ ᠪᠣᠯᠵᠤ ᠭᠢᠯᠠᠷᠠᠳᠠᠭ᠃ | ᠮᠦᠷᠦᠶᠢᠴᠡᠭᠡᠨ ᠤ ᠳᠠᠷᠠᠭ᠎ᠠ᠂ ᠨᠠᠭᠠᠳᠤᠮ ᠡᠷᠬᠢᠯᠡᠭᠴᠢ ᠠᠴᠠ ᠮᠦᠰᠦᠨ ᠲᠠᠯᠠᠪᠠᠢ ᠶᠢᠨ ᠣᠶᠢᠷᠠᠯᠴᠠᠭ᠎ᠠ ᠮᠢᠬ᠎ᠠ | ᠱᠦᠯᠦ ᠲᠠᠢ ᠪᠤᠳᠠᠭ᠎ᠠ ᠴᠢᠨᠠᠵᠤ᠂ ᠠᠷᠭᠠᠶᠢᠴᠢᠳ ᠢ ᠳᠠᠶᠢᠯᠠᠳᠠᠭ᠃ ᠡᠨᠡ ᠨᠢ ᠵᠠᠷᠢᠮ ᠲᠠᠯ᠎ᠠ ᠪᠠᠷ ᠢᠶᠠᠨ ᠠᠷᠤ | ᠬᠤᠷᠴᠢᠨ ᠤ ᠪᠣᠰᠤᠳ ᠨᠠᠶᠢᠷ ᠨᠠᠭᠠᠳᠤᠮ ᠲᠠᠢ ᠠᠳᠠᠯᠢ ᠪᠠᠶᠢᠳᠠᠭ᠃ | ᠠᠷᠤ ᠬᠤᠷᠴᠢᠨ ᠤ ᠵᠠᠷᠢᠮ ᠬᠦᠮᠦᠰ ᠤᠨ ᠦᠵᠡᠬᠦ ᠪᠠᠷ᠂ ᠠᠷᠭᠠᠢ ᠬᠠᠷᠪᠤᠬᠤ ᠳᠤ ᠡᠷᠡᠬᠡᠢ ᠪᠠᠷ ᠨᠢᠳᠡᠷᠡᠬᠦ ᠪᠣᠯᠤᠨ | ᠡᠷᠡᠬᠡᠢ ᠬᠤᠷᠤᠭᠤ ᠪᠠᠷ ᠨᠣᠮᠤ ᠶᠢᠨ ᠬᠦᠪᠴᠢ ᠶᠢ ᠲᠠᠲᠠᠬᠤ ᠶᠣᠰᠤ ᠨᠢ ᠠᠳᠠᠯᠢ᠃ ᠡᠶᠢᠮᠦ ᠠᠴᠠ᠂ ᠠᠷᠭᠠᠢ | ᠨᠠᠭᠠᠳᠤᠮ ᠨᠢ ᠬᠠᠷᠪᠤᠵᠤ ᠨᠠᠮᠨᠠᠬᠤ ᠶᠢᠨ ᠦᠨᠳᠦᠰᠦᠨ ᠪᠣᠯᠪᠠᠰᠤᠷᠠᠯ ᠤᠨ ᠨᠢᠭᠡ ᠠᠭᠤᠯᠭ᠎ᠠ ᠭᠡᠳᠡᠭ᠃ ᠴᠢᠩᠬᠢᠰ | ᠬᠠᠭᠠᠨ ᠤ ᠦᠶ᠎ᠡ ᠳᠤ᠂ ᠳᠡᠭᠦᠦ ᠬᠠᠰᠠᠷ ᠨᠢ ᠨᠣᠮᠤ ᠰᠣᠮᠤ ᠬᠠᠷᠪᠤᠬᠤ ᠪᠠᠷ ᠢᠶᠠᠨ ᠨᠡᠷ᠎ᠡ ᠠᠯᠳᠠᠷᠰᠢᠵᠤ᠂ ︽ᠬᠠᠪᠤᠲᠤ︾ | ᠶᠢᠨ ᠴᠤᠯᠠ ᠣᠯᠵᠠᠢ᠃ ᠲᠡᠭᠦᠨ ᠤ ᠵᠠᠬᠢᠷᠤᠭᠰᠠᠨ ᠬᠤᠷᠴᠢᠨ ᠠᠶᠢᠮᠠᠭ ᠴᠦ ᠴᠢᠩᠬᠢᠰ ᠬᠠᠭᠠᠨ ᠢ ᠬᠠᠮᠠᠭᠠᠯᠠᠬᠤ ᠨᠣᠮᠤ | ᠰᠣᠮᠤ ᠶᠢᠨ ᠴᠡᠷᠢᠭ ᠪᠠᠶᠢᠭᠰᠠᠨ ᠶᠤᠮ᠃ | ᠠᠷᠤ ᠬᠤᠷᠴᠢᠨ ᠬᠦᠮᠦᠰ ᠳᠡᠭᠡᠳᠦ ᠶᠢᠨ ᠦᠶ᠎ᠡ ᠶᠢᠨ ᠮᠡᠷᠭᠡᠨ ᠬᠠᠷᠪᠤᠭᠠᠴᠢ ᠶᠢᠨ ᠤᠯᠠᠮᠵᠢᠯᠠᠯ ᠢᠶᠠᠨ | ᠪᠠᠳᠠᠷᠠᠭᠤᠯᠵᠤ᠂ ᠠᠷᠭᠠᠢ ᠬᠠᠷᠪᠤᠬᠤ ᠨᠠᠭᠠᠳᠤᠮ ᠢ ᠴᠦ ᠵᠠᠯᠭᠠᠮᠵᠢᠯᠠᠨ ᠢᠷᠡᠵᠡᠢ᠃ ᠡᠨᠡᠬᠦ ᠨᠠᠭᠠᠳᠤᠮ ᠨᠢ ᠬᠤᠷᠴᠠ | ᠰᠢᠷᠦᠭᠦᠨ ᠦᠷᠢᠰᠦᠯᠳᠦᠭᠡᠨ ᠲᠠᠢ ᠮᠦᠷᠲᠡᠭᠡᠨ ᠤᠷᠮ᠎ᠠ ᠰᠣᠨᠢᠷᠬᠠᠯ ᠬᠦᠷ ᠬᠦᠭᠵᠢᠶᠡᠨ ᠲᠠᠢ ᠪᠠᠶᠢᠵᠤ᠂ ᠢᠯᠡ ᠲᠣᠳᠤ | ᠮᠣᠩᠭᠤᠯ ᠣᠨᠴᠠᠯᠢᠭ ᠪᠣᠯᠤᠨ ᠨᠤᠲᠤᠭ ᠣᠷᠤᠨ ᠤ ᠳᠦᠷᠭᠦ ᠪᠠᠶᠢᠳᠠᠯ ᠲᠠᠢ᠃ ᠲᠡᠭᠦᠨ ᠤ ᠳᠣᠲᠤᠷ᠎ᠠ᠂ ᠤᠭᠰᠠᠭᠠᠳᠠᠨ ᠤ | ᠤᠬᠠᠭᠠᠨ᠂ ᠪᠡᠶ᠎ᠡ ᠲᠠᠮᠢᠷ ᠤᠨ ᠤᠬᠠᠭᠠᠨ ᠪᠣᠯᠤᠨ ᠮᠣᠩᠭᠤᠯ ᠰᠣᠶᠣᠯ ᠤᠨ ᠤᠬᠠᠭᠠᠨ ᠵᠡᠷᠭᠡ ᠣᠯᠠᠨ ᠠᠭᠤᠯᠭ᠎ᠠ | ᠪᠠᠶᠢᠳᠠᠭ᠃ | 2007 ᠣᠨ ᠤ 6 ᠰᠠᠷ᠎ᠠ ᠳᠤ᠂ ︽ᠠᠷᠭᠠᠢ ᠬᠠᠷᠪᠤᠬᠤ ᠨᠠᠭᠠᠳᠤᠮ︾ ᠦᠪᠦᠷ ᠮᠣᠩᠭᠤᠯ ᠤᠨ ᠦᠪᠡᠷᠲᠡᠭᠡᠨ | ᠵᠠᠰᠠᠬᠤ ᠣᠷᠤᠨ ᠤ ᠠᠩᠬᠠᠳᠤᠭᠠᠷ ᠪᠦᠯᠦᠭ ᠪᠣᠳᠠᠰ ᠤᠨ ᠪᠣᠰᠤ ᠰᠣᠶᠣᠯ ᠤᠨ ᠦᠪ ᠤᠨ ᠲᠦᠷᠦᠯ ᠵᠦᠢᠯ ᠤᠨ | ᠨᠠᠷᠡᠰ ᠲᠤ ᠣᠷᠤᠭᠰᠠᠨ ᠶᠤᠮ᠃ 2009 ᠣᠨ ᠤ 8 ᠰᠠᠷ᠎ᠠ ᠳᠤ᠂ ᠲᠤᠰ ᠨᠠᠭᠠᠳᠤᠮ ᠳᠠᠬᠢᠨ ᠤᠯᠠᠭᠠᠨᠬᠠᠳᠠ | ᠬᠤᠲᠠ ᠶᠢᠨ ᠨᠢᠭᠡᠳᠦᠭᠡᠷ ᠪᠦᠯᠦᠭ ᠪᠣᠳᠠᠰ ᠤᠨ ᠪᠣᠰᠤ ᠰᠣᠶᠣᠯ ᠤᠨ ᠦᠪ ᠤᠨ ᠲᠦᠷᠦᠯ ᠵᠦᠢᠯ ᠤᠨ ᠨᠠᠷᠡᠰ ᠲᠤ | ᠣᠷᠤᠭᠰᠠᠨ ᠪᠠᠶᠢᠨ᠎ᠠ᠃ ︵ᠪᠠᠭᠠᠪᠣᠯᠤᠳ︶ | | | | | | | | | | | ᠁ |