2024 ᠣᠨ ᠤ ᠪᠥᠬᠦ ᠤᠯᠤᠰ ᠤᠨ ᠡᠮᠡᠭᠲᠡᠢ ᠶᠢᠨ ᠨᠢᠳᠤᠷᠭᠠᠨ ᠲᠡᠮᠡᠴᠡᠭᠡᠨ ᠤ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠥᠪᠥᠷ ᠮᠣᠩᠭᠤᠯ 2 ᠠᠯᠲᠠᠨ ᠮᠧᠳᠠᠯ 2 ᠮᠥᠩᠭᠦᠨ ᠮᠧᠳᠠᠯ 1 ᠬᠦᠷᠡᠯ ᠮᠧᠳᠠᠯ ᠣᠯᠪᠠ
ᠨᠡᠶᠢᠲᠡᠯᠡᠭᠰᠡᠨ ᠴᠠᠭ᠄
2024/5/27
     2024 ᠣᠨ ᠤ ᠪᠥᠬᠦ ᠤᠯᠤᠰ ᠤᠨ ᠡᠮᠡᠭᠲᠡᠢ ᠶᠢᠨ ᠨᠢᠳᠤᠷᠭᠠᠨ ᠲᠡᠮᠡᠴᠡᠭᠡᠨ ᠤ ᠮᠠᠩᠯᠠᠢ ᠰᠢᠯᠭᠠᠷᠠᠭᠤᠯᠬᠤ ᠤᠷᠤᠯᠳᠤᠭᠠᠨ 5 ᠰᠠᠷ᠎ᠠ ᠶᠢᠨ 20 ᠤ ᠡᠳᠦᠷ ᠠᠴᠠ 25 ᠤ ᠡᠳᠦᠷ ᠪᠣᠯᠲᠠᠯ᠎ᠠ ᠱᠠᠨᠰᠢ ᠶᠢᠨ ᠰᠢ ᠠᠨ ᠳᠤ ᠶᠠᠪᠤᠭᠳᠠᠵᠤ᠂ ᠪᠥᠬᠦ ᠤᠯᠤᠰ ᠤᠨ 38 ᠲᠥᠯᠥᠭᠡᠯᠡᠭᠴᠢᠳ ᠤᠨ ᠠᠩᠭᠢ ᠶᠢᠨ 211 ᠲᠠᠮᠢᠷᠴᠢᠨ ᠣᠷᠣᠯᠴᠠᠵᠤ᠂ ᠮᠠᠨ ᠤ ᠣᠷᠣᠨ 15 ᠲᠠᠮᠢᠷᠴᠢᠨ ᠲᠣᠮᠢᠯᠠᠨ 7 ᠲᠠᠰ ᠤᠨ ᠤᠷᠤᠯᠳᠤᠭᠠᠨ ᠳᠤ ᠣᠷᠣᠯᠴᠠᠭᠤᠯᠪᠠ᠃
     6 ᠡᠳᠦᠷ ᠤᠨ ᠰᠢᠷᠦᠭᠦᠨ ᠥᠷᠢᠰᠦᠯᠳᠦᠭᠡᠨ ᠢᠶᠠᠷ ᠳᠡᠮᠵᠢᠨ᠂ ᠥᠪᠥᠷ ᠮᠣᠩᠭᠤᠯ ᠤᠨ ᠨᠢᠳᠤᠷᠭᠠᠨ ᠲᠡᠮᠡᠴᠡᠭᠡᠨ ᠤ ᠠᠩᠭᠢ ᠨᠡᠶᠢᠲᠡ 2 ᠠᠯᠲᠠᠨ ᠮᠧᠳᠠᠯ᠂ 2 ᠮᠥᠩᠭᠦᠨ ᠮᠧᠳᠠᠯ᠂ 1 ᠬᠦᠷᠡᠯ ᠮᠧᠳᠠᠯ ᠭᠠᠷᠳᠠᠵᠦ᠂ 3 ᠲᠠᠮᠢᠷᠴᠢᠨ ᠲᠠᠪᠤᠳᠤᠭᠠᠷ ᠲᠤ ᠣᠷᠣᠵᠠᠢ᠃ ᠡᠭᠦᠨ ᠳᠤ ᠵᠣᠣ ᠳ᠋ᠠᠨ ᠳ᠋ᠠᠨ 52 ᠺᠢᠯᠣᠭ᠍ᠷᠠᠮ ᠤᠨ ᠲᠠᠰ ᠤᠨ ᠠᠯᠲᠠᠨ ᠮᠧᠳᠠᠯ᠂ ᠵᠣᠣ ᠰᠢᠤᠸᠠᠨ 54 ᠺᠢᠯᠣᠭ᠍ᠷᠠᠮ ᠤᠨ ᠲᠠᠰ ᠤᠨ ᠠᠯᠲᠠᠨ ᠮᠧᠳᠠᠯ᠂ ᠸᠧᠢ ᠰᠧ ᠲᠦᠩ 52 ᠺᠢᠯᠣᠭ᠍ᠷᠠᠮ ᠤᠨ ᠲᠠᠰ ᠤᠨ ᠮᠥᠩᠭᠦᠨ ᠮᠧᠳᠠᠯ᠂ ᠵᠠᠩ ᠵᠢᠩ 81 ᠺᠢᠯᠣᠭ᠍ᠷᠠᠮ ᠤᠨ ᠲᠠᠰ ᠤᠨ ᠮᠥᠩᠭᠦᠨ ᠮᠧᠳᠠᠯ᠂ ᠢᠷᠭᠤᠢ 60 ᠺᠢᠯᠣᠭ᠍ᠷᠠᠮ ᠤᠨ ᠲᠠᠰ ᠤᠨ ᠬᠦᠷᠡᠯ ᠮᠧᠳᠠᠯ ᠤᠯᠵᠦ᠂ ᠭᠤᠸ ᠵᠢᠩ ᠸᠧᠨ 57 ᠺᠢᠯᠣᠭ᠍ᠷᠠᠮ ᠤᠨ ᠲᠠᠰ ᠤᠨ ᠲᠠᠪᠤᠳᠤᠭᠠᠷ ᠲᠤ᠂ ᠯᠢᠦ ᠰᠢᠨ ᠶᠤᠸᠠᠢ 60 ᠺᠢᠯᠣᠭ᠍ᠷᠠᠮ ᠤᠨ ᠲᠠᠰ ᠤᠨ ᠲᠠᠪᠤᠳᠤᠭᠠᠷ ᠲᠤ᠂ ᠯᠢᠦᠢ ᠲᠢᠶᠠᠨ ᠼᠢ 75 ᠺᠢᠯᠣᠭ᠍ᠷᠠᠮ ᠤᠨ ᠲᠠᠰ ᠤᠨ ᠲᠠᠪᠤᠳᠤᠭᠠᠷ ᠲᠤ ᠲᠤᠳᠤᠷᠠᠵᠦ᠂ ᠪᠡᠶ᠎ᠡ ᠶᠢᠨ ᠲᠠᠮᠢᠷ ᠤᠨ ᠶᠣᠰᠣ ᠮᠣᠷᠠᠯ ᠬᠡᠪ ᠰᠤᠷᠲᠠᠯ ᠤᠨ ᠱᠠᠩᠨᠠᠯ ᠭᠥᠷᠳᠡᠪᠡ᠃
     ᠫᠠᠷᠢᠰ ᠤᠨ ᠣᠯᠢᠮᠫᠢᠺ ᠤᠨ ᠲᠠᠮᠢᠷ ᠤᠨ ᠴᠤᠭᠯᠠᠭᠠᠨ ᠤ ᠪᠡᠯᠡᠳᠬᠡᠯ ᠬᠢᠵᠦ ᠪᠠᠶᠢᠭ᠎ᠠ ᠮᠠᠨ ᠤ ᠤᠷᠤᠨ ᠤ ᠲᠠᠮᠢᠷᠴᠢᠨ ᠶᠠᠩ ᠯᠢᠦ᠂ ᠯᠢ ᠴᠢᠶᠠᠨ 2024 ᠣᠨ ᠤ ᠪᠥᠬᠦ ᠤᠯᠤᠰ ᠤᠨ ᠨᠢᠳᠤᠷᠭᠠᠨ ᠲᠡᠮᠡᠴᠡᠭᠡᠨ ᠤ ᠮᠠᠩᠯᠠᠢ ᠰᠢᠯᠭᠠᠷᠠᠭᠤᠯᠬᠤ ᠤᠷᠤᠯᠳᠤᠭᠠᠨ ᠤ 66 ᠺᠢᠯᠣᠭ᠍ᠷᠠᠮ ᠤᠨ ᠲᠠᠰ᠂ 75 ᠺᠢᠯᠣᠭ᠍ᠷᠠᠮ ᠤᠨ ᠲᠠᠰ ᠤᠨ ᠵᠡᠷᠭᠡ ᠪᠠᠷ ᠨᠢᠭᠡᠳᠦᠭᠡᠷ ᠲᠤ ᠵᠢᠭᠰᠠᠭᠠᠭᠳᠠᠵᠠᠢ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号