2024 ᠣᠨ ᠤ ᠪᠥᠬᠦ ᠤᠯᠤᠰ ᠤᠨ ᠣᠯᠠᠨ ᠤᠯᠤᠰ ᠤᠨ ᠮᠠᠶ᠋ᠢᠭ ᠤᠨ ᠪᠥᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠥᠪᠥᠷ ᠮᠣᠩᠭᠤᠯ ᠤᠨ ᠡᠮᠡᠭᠲᠡᠢ ᠶᠢᠨ ᠴᠢᠯᠦᠭᠡᠲᠦ ᠪᠥᠬᠡ ᠶᠢᠨ ᠠᠩᠭᠢ 1 ᠠᠯᠲᠠᠨ ᠮᠧᠳᠠᠯ 1 ᠮᠥᠩᠭᠦᠨ ᠮᠧᠳᠠᠯ 1 ᠬᠦᠷᠡᠯ ᠮᠧᠳᠠᠯ ᠣᠯᠪᠠ
ᠨᠡᠶᠢᠲᠡᠯᠡᠭᠰᠡᠨ ᠴᠠᠭ᠄
2024/5/8
    2024 ᠣᠨ ᠤ ᠪᠥᠬᠦ ᠤᠯᠤᠰ ᠤᠨ ᠣᠯᠠᠨ ᠤᠯᠤᠰ ᠤᠨ ᠮᠠᠶ᠋ᠢᠭ ᠤᠨ ᠪᠥᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ ᠡᠮᠡᠭᠲᠡᠢ ᠶᠢᠨ ᠴᠢᠯᠦᠭᠡᠲᠦ ᠪᠥᠬᠡ ᠶᠢᠨ ᠤᠷᠤᠯᠳᠤᠭᠠᠨ 5 ᠰᠠᠷ᠎ᠠ ᠶᠢᠨ 4 ᠤ ᠡᠳᠦᠷ ᠠᠴᠠ 6 ᠤ ᠡᠳᠦᠷ ᠪᠣᠯᠲᠠᠯ᠎ᠠ ᠵᠧᠵᠢᠶᠠᠩ ᠤᠨ ᠸᠧᠨᠵᠸᠦ ᠳᠤ ᠶᠠᠪᠤᠭᠳᠠᠪᠠ᠃ ᠲᠣᠰ ᠤᠳᠠᠭᠠᠨ ᠤ ᠤᠷᠤᠯᠳᠤᠭᠠᠨ ᠳᠤ ᠨᠡᠶᠢᠲᠡ 43 ᠠᠩᠭᠢ ᠶᠢᠨ 336 ᠲᠠᠮᠢᠷᠴᠢᠨ ᠣᠷᠣᠯᠴᠠᠵᠤ᠂ ᠮᠠᠨ ᠤ ᠣᠷᠣᠨ 21 ᠲᠠᠮᠢᠷᠴᠢᠨ ᠲᠣᠮᠢᠯᠠᠨ 10 ᠲᠠᠰ ᠤᠨ ᠤᠷᠤᠯᠳᠤᠭᠠᠨ ᠳᠤ ᠣᠷᠣᠯᠴᠠᠭᠤᠯᠵᠠᠢ᠃
    3 ᠡᠳᠦᠷ ᠤᠨ ᠰᠢᠷᠦᠭᠦᠨ ᠥᠷᠢᠰᠦᠯᠳᠦᠭᠡᠨ ᠢᠶᠠᠷ ᠳᠠᠮᠵᠢᠭᠠᠳ᠂ ᠮᠠᠨ ᠤ ᠣᠷᠣᠨ ᠤ ᠡᠮᠡᠭᠲᠡᠢ ᠶᠢᠨ ᠴᠢᠯᠦᠭᠡᠲᠦ ᠪᠥᠬᠡ ᠶᠢᠨ ᠠᠩᠭᠢ 1 ᠠᠯᠲᠠᠨ ᠮᠧᠳᠠᠯ᠂ 1 ᠮᠥᠩᠭᠦᠨ ᠮᠧᠳᠠᠯ᠂ 1 ᠬᠦᠷᠡᠯ ᠮᠧᠳᠠᠯ ᠬᠦᠷᠳᠡᠵᠦ᠂ 1 ᠲᠠᠮᠢᠷᠴᠢᠨ ᠳᠣᠯᠣᠳᠤᠭᠠᠷ ᠲᠤ᠂ 1 ᠲᠠᠮᠢᠷᠴᠢᠨ ᠨᠠᠢᠮᠠᠳᠤᠭᠠᠷ ᠲᠤ ᠲᠤᠳᠤᠷᠠᠪᠠ᠂ ᠡᠭᠦᠨ ᠳᠤ ᠴᠢᠨᠳᠠᠭᠠᠨᠴᠠᠭᠠᠨ 76 ᠺᠢᠯᠣᠭ᠍ᠷᠠᠮ ᠤᠨ ᠳᠡᠰ ᠤᠨ ᠤᠷᠤᠯᠳᠤᠭᠠᠨ ᠤ ᠠᠯᠲᠠᠨ ᠮᠧᠳᠠᠯ᠂ ᠪᠦᠦ ᠯᠢᠩ ᠯᠢᠩ 65 ᠺᠢᠯᠣᠭ᠍ᠷᠠᠮ ᠤᠨ ᠳᠡᠰ ᠤᠨ ᠤᠷᠤᠯᠳᠤᠭᠠᠨ ᠤ ᠮᠥᠩᠭᠦᠨ ᠮᠧᠳᠠᠯ᠂ ᠤᠳᠤᠠᠭᠡᠷᠡᠯ 72 ᠺᠢᠯᠣᠭ᠍ᠷᠠᠮ ᠤᠨ ᠳᠡᠰ ᠤᠨ ᠤᠷᠤᠯᠳᠤᠭᠠᠨ ᠤ ᠬᠦᠷᠡᠯ ᠮᠧᠳᠠᠯ ᠢ ᠬᠦᠷᠳᠡᠵᠦ᠂ ᠯᠢᠦ ᡁᠢ ᠫᠢᠩ 72 ᠺᠢᠯᠣᠭ᠍ᠷᠠᠮ ᠤᠨ ᠳᠡᠰ ᠤᠨ ᠤᠷᠤᠯᠳᠤᠭᠠᠨ ᠳᠤ ᠳᠣᠯᠣᠳᠤᠭᠠᠷ ᠲᠤ᠂ ᠰᠤᠷᠤᠨ᠎ᠡ 57 ᠺᠢᠯᠣᠭ᠍ᠷᠠᠮ ᠤᠨ ᠳᠡᠰ ᠤᠨ ᠤᠷᠤᠯᠳᠤᠭᠠᠨ ᠳᠤ ᠨᠠᠢᠮᠠᠳᠤᠭᠠᠷ ᠲᠤ ᠣᠷᠣᠭᠰᠠᠨ ᠪᠥᠭᠡᠳ ᠪᠦᠯᠬᠦᠮ ᠤᠨ ᠤᠷᠤᠯᠳᠤᠭᠠᠨ ᠤ ᠳᠣᠯᠣᠳᠤᠭᠠᠷ ᠲᠤ ᠲᠤᠳᠤᠷᠡᠪᠡ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠡᠶ᠎ᠡ ᠶᠢᠨ ᠲᠠᠮᠢᠷ ᠤᠨ ᠲᠤᠪᠴᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号