ᠱᠠᠯᠪᠣᠷ ᠪᠥᠭᠡ
ᠨᠡᠶᠢᠲᠡᠯᠡᠭᠰᠡᠨ ᠴᠠᠭ᠄
2024/6/5
    ᠱᠠᠯᠪᠣᠷ ᠪᠥᠭᠡ ᠨᠢ ᠠᠯᠠᠱᠠ ᠬᠤᠱᠣᠳ ᠤᠨ ᠣᠯᠠᠮᠵᠢᠯᠠᠯᠳᠣ ᠨᠠᠭᠠᠳᠣᠮ᠂ ᠡᠷᠳᠡ ᠡᠳᠣᠭᠡ ᠠᠴᠠ ᠣᠯᠠᠮᠵᠢᠯᠠᠭᠳᠠᠨ ᠢᠷᠡᠭᠰᠡᠨ ᠪᠡᠶ᠎ᠡ ᠲᠠᠮᠢᠷ ᠤᠨ ᠬᠥᠳᠡᠯᠭᠡᠭᠡᠨ᠃ ᠮᠥᠨᠴᠣ ᠠᠯᠠᠱᠠ ᠮᠣᠩᠭᠤᠯᠴᠣᠳ ᠤᠨ ᠡᠷᠳᠡᠨ ᠤ ᠥᠷᠡᠰ ᠤᠨ ᠨᠠᠶᠢᠷ ᠠᠴᠠ ᠠᠪᠣᠭᠠᠳ ᠡᠳᠣᠭᠡ ᠶᠢᠨ ᠨᠠᠶᠢᠷ ᠨᠠᠭᠠᠳᠣᠮ ᠳᠠᠬᠢ ᠲᠠᠮᠢᠷ ᠤᠨ ᠮᠥᠷᠥᠶᠢᠴᠡᠭᠡᠨ ᠤ ᠭᠤᠣᠯ ᠨᠠᠭᠠᠳᠣᠮ ᠪᠣᠯᠣᠭᠰᠠᠭᠠᠷ ᠢᠷᠡᠪᠡ᠃ ︽ᠱᠠᠯᠪᠣᠷ ᠪᠥᠭᠡ︾ ᠬᠡᠭᠦ ᠥᠭᠡ ᠶᠢᠨ ᠢᠷᠡᠯ ᠭᠠᠷᠣᠯ ᠤᠨ ᠲᠣᠬᠠᠢ ᠶᠠᠩᠵᠤ ᠶᠠᠩᠵᠤ ᠪᠠᠷ ᠲᠠᠶᠢᠯᠪᠤᠷᠢᠯᠠᠳᠠᠭ᠃ ᠵᠠᠷᠢᠮ ᠨᠢ ︽ᠱᠠᠯᠪᠣᠷ︾ ᠬᠡᠭᠦ ᠥᠬᠡ ᠪᠣᠯ ︽ᠰᠢᠮᠳᠠᠭᠠᠢ︾ ᠶᠢᠨ ᠬᠤᠪᠢᠯᠪᠣᠷᠢ ᠥᠭᠡ᠂ ᠪᠠᠰᠠ ᠵᠠᠷᠢᠮ ᠨᠢ ︽ᠱᠠᠯᠪᠠ︾ ᠪᠣᠯᠣᠨ ︽ᠪᠣᠣᠷ᠎ᠡ︾ ᠭᠡᠬᠦ ᠬᠤᠶᠠᠷ ᠥᠬᠡ ᠠᠴᠠ ᠡᠭᠦᠰᠴᠣ ︽ᠱᠠᠯᠪᠣᠣᠷ᠎ᠡ︾ ᠬᠡᠭᠦ ᠨᠡᠶᠢᠯᠡᠮᠡᠯ ᠥᠭᠡ ᠪᠣᠯᠵᠣ ᠶᠠᠪᠠᠭᠠᠨ ᠳᠠᠭᠠᠨ ︽ᠱᠠᠯᠪᠣᠷ︾ ᠬᠡᠭᠦ ᠪᠥᠭᠡ ᠶᠢᠨ ᠨᠡᠷᠡᠰ ᠪᠣᠯᠣᠨ ᠬᠤᠪᠢᠷᠠᠭᠰᠠᠨ ᠬᠡᠳᠡᠭ᠃ ᠠᠯᠠᠱᠠ ᠠᠮᠠᠨ ᠶᠠᠷᠢᠶᠠᠨ ᠳᠤ ᠱᠠᠯᠪᠣᠷ ᠪᠥᠭᠡ ᠶᠢ ᠪᠣᠣᠷ᠎ᠡ ᠶᠢᠨ ᠲᠡᠮᠡᠴᠡᠭᠡᠨ ᠠᠴᠠ ᠰᠡᠳᠣᠪᠯᠡᠵᠤ ︽ᠪᠣᠣᠷ᠎ᠡ ᠮᠡᠳᠣ ᠨᠥᠷᠢᠯᠴᠡᠵᠤ᠂ ᠪᠣᠬ᠎ᠠ ᠮᠡᠳᠣ ᠲᠥᠯᠬᠢᠯᠳᠣᠭᠡᠳ︾ ᠬᠡᠭᠦ ᠠᠴᠠ ᠥᠵᠡᠪᠡᠯ᠂ ᠡᠨᠡ ︽ᠱᠠᠯᠪᠣᠷ︾ ᠬᠡᠭᠴᠢ ᠥᠭᠡ  ᠨᠢ ︽ᠱᠠᠯᠪᠠ︾ ᠪᠣᠯᠣᠨ ︽ᠪᠣᠣᠷ᠎ᠡ︾ ᠶᠢᠨ ᠨᠠᠶᠢᠯᠠᠪᠣᠷᠢ ᠪᠣᠯᠵᠤ ᠵᠥᠪᠰᠢᠶᠡᠷᠡᠭᠳᠡᠭᠦ ᠪᠣᠯᠤᠮᠵᠢ ᠶᠡᠭᠡ ᠪᠠᠶᠢᠬᠤ ᠮᠡᠳᠣ᠃     ᠥᠩᠭᠡᠷᠡᠭᠰᠡᠨ ᠳᠤ ᠲᠣᠰ ᠨᠤᠳᠤᠭ ᠤᠨ ᠮᠣᠩᠭᠤᠯᠴᠣᠳ ᠪᠥᠬᠡ ᠪᠠᠷᠢᠯᠳᠣᠬᠤ ᠶᠢ ᠪᠣᠣᠷ᠎ᠡ ᠶᠢᠨ ᠨᠥᠷᠢᠯᠴᠡᠭᠡ᠂ ᠪᠣᠬ᠎ᠠ ᠶᠢᠨ ᠲᠥᠯᠬᠢᠯᠳᠡ ᠬᠡᠵᠣ ᠬᠤᠶᠡᠷ ᠵᠥᠢᠯ ᠬᠤᠪᠢᠶᠠᠳᠠᠭ᠃ ᠪᠣᠬ᠎ᠠ ᠶᠢᠨ ᠲᠥᠯᠬᠢᠯᠳᠡ ᠬᠡᠳᠡᠭ ᠨᠢ ᠵᠣᠳᠤᠭ ᠡᠮᠣᠰᠴᠣ ᠪᠠᠷᠢᠯᠳᠣᠬᠤ ᠶᠢ ᠬᠡᠯᠡᠨ᠎ᠡ᠂ ᠪᠣᠣᠷ᠎ᠡ ᠶᠢᠨ ᠨᠥᠷᠢᠯᠳᠡ ᠬᠡᠳᠡᠭ ᠨᠢ ᠱᠠᠯᠪᠣᠷ ᠮᠠᠶ᠋ᠢᠭ ᠢᠶᠠᠷ ᠪᠠᠷᠢᠯᠳᠣᠬᠤ ᠶᠢ ᠬᠡᠯᠡᠨ᠎ᠡ᠃ ᠱᠠᠯᠪᠣᠷ ᠪᠥᠭᠡ ᠳᠤ ᠳᠠᠩ ᠨᠣᠭᠤᠯᠤᠭ᠎ᠠ ᠰᠢᠯᠢᠭᠳᠡᠯ ᠤᠨ ᠲᠥᠷᠢᠮ ᠢ ᠬᠡᠷᠡᠭᠯᠡᠳᠡᠭ᠃ ᠭᠥᠯ ᠤᠨ ᠱᠠᠭ᠎ᠠ  ᠠᠴᠠ ᠳᠡᠭᠡᠭᠰᠢᠬᠢ ᠶᠠᠮᠠᠷ ᠨᠢᠭᠡᠨ ᠬᠡᠰᠡᠭ ᠢ ᠣᠷᠢᠳ ᠢᠶᠠᠷ ᠭᠠᠵᠠᠷ ᠲᠤ ᠡᠰᠡ ᠰᠢᠷᠥᠶᠢᠳᠠᠭᠰᠠᠨ ᠴᠠᠭ ᠲᠤ ᠬᠤᠶᠡᠷ ᠪᠥᠭᠡ ᠶᠢᠨ ᠪᠠᠷᠢᠯᠳᠣᠭᠠᠨ ᠢ ᠥᠯᠣ ᠵᠣᠭᠰᠣᠭᠠᠳᠠᠭ᠃         ᠠᠯᠠᠱᠠ ᠬᠤᠱᠣᠳ ᠤᠨ ᠱᠠᠯᠪᠣᠷ ᠪᠥᠭᠡ ᠶᠢᠨ ᠪᠠᠷᠢᠯᠳᠣᠭᠠᠨ ᠳᠤ ᠬᠡᠣᠭᠡᠳ ᠠᠴᠠ ᠪᠣᠰᠣ ᠨᠠᠰᠣᠨ ᠤ ᠬᠢᠵᠠᠭᠠᠷ ᠪᠠ ᠪᠡᠶ᠎ᠡ ᠶᠢᠨ ᠭᠥᠨᠳᠣ ᠶᠢ ᠥᠯᠣ ᠬᠠᠶᠢᠬᠤᠷᠣᠨ ᠶᠠᠮᠠᠷ ᠬᠥᠮᠥᠨ ᠬᠡᠳ ᠨᠡᠷ᠎ᠡ ᠮᠡᠳᠡᠭᠦᠯᠥᠨ ᠪᠥᠭᠡ ᠶᠢᠨ ᠮᠥᠷᠥᠶᠢᠴᠡᠭᠡᠨ ᠳᠤ ᠣᠷᠣᠯᠴᠠᠵᠤ ᠪᠣᠯᠳᠠᠭ᠃ ᠱᠠᠯᠪᠣᠷ ᠪᠥᠭᠡ ᠪᠠᠷᠢᠯᠳᠣᠬᠤ ᠳᠠᠭᠠᠨ ᠶᠡᠷᠣ ᠳᠡᠭᠡᠨ ᠠᠷᠪᠠᠨ ᠵᠢᠷᠭᠤᠭ᠎ᠠ᠂ ᠭᠤᠴᠢᠨ ᠬᠤᠶᠡᠷ᠂ ᠵᠢᠷᠡᠨ ᠲᠥᠷᠪᠡ ᠪᠣᠶᠣ ᠵᠠᠭᠤᠨ ᠬᠤᠷᠢᠨ ᠨᠠᠢᠮᠠ ᠬᠡᠭᠦ ᠮᠡᠳᠣᠴᠢᠯᠡᠨ ᠬᠤᠣᠰ ᠲᠤᠭ᠎ᠠ ᠪᠠᠷ ᠵᠡᠷᠭᠡ ᠳᠠᠪᠰᠢᠬᠤ ᠬᠡᠯᠪᠡᠷᠢ ᠪᠠᠷ ᠪᠥᠭᠡ ᠶᠢᠨ ᠲᠤᠭ᠎ᠠ ᠶᠢ ᠲᠣᠭᠳᠠᠭᠠᠳᠠᠭ᠃ ᠠᠯᠠᠱᠠ ᠬᠤᠱᠣᠳ ᠤᠨ ᠱᠠᠯᠪᠣᠷ ᠪᠥᠭᠡ ᠶᠢᠨ ᠪᠠᠷᠢᠯᠳᠣᠭᠠᠨ ᠤ ᠮᠡᠷᠭᠡᠵᠢᠯ ᠳᠤ ᠣᠷᠣᠭᠰᠢ ᠳᠣᠭᠳᠠᠷᠣᠯᠳᠠ᠂ ᠣᠭᠵᠣᠮ ᠡᠭᠦᠷᠥᠯᠳᠡ᠂ ᠬᠤᠯᠠᠭᠠᠢ ᠡᠳᠡᠯᠳᠠ᠂ ᠬᠤᠶᠢᠰᠢ ᠲᠥᠯᠬᠢᠯᠳᠡ᠂ ᠬᠤᠶᠡᠷ ᠬᠢᠷᠭᠠᠰ ︵ᠬᠡᠯᠳᠡᠭᠢ︶᠂ ᠬᠤᠶᠡᠷ ᠳᠡᠭᠡᠭᠡ᠂ ᠬᠤᠢ ᠡᠷᠬᠢᠯᠳᠠ᠂ ᠬᠤᠷᠳᠣᠨ ᠳᠠᠰᠢᠯᠳᠠ᠂ ᠪᠣᠣᠷ᠎ᠡ ᠶᠢᠨ ᠰᠢᠯᠢᠳᠡᠯᠳᠡ᠂ ᠪᠣᠬ᠎ᠠ ᠶᠢᠨ ᠰᠠᠵᠢᠯᠳᠠ᠂ ᠥᠰᠥᠭᠡᠢ ᠳᠠᠳᠠᠯᠳᠠ᠂ ᠥᠷᠣᠭᠡᠰᠣᠨ ᠳᠠᠰᠢᠶ᠎ᠡ᠂ ᠡᠭᠡᠮ ᠮᠣᠯᠳᠣᠯᠣᠨ ᠡᠯᠢᠭᠡᠳᠣᠭᠦᠯᠭᠦ᠂ ᠲᠡᠭᠷᠢ ᠬᠢᠯᠥᠶᠢᠯᠭᠠᠬᠤ ᠮᠡᠳᠣ ᠶᠢᠨ ᠠᠷᠭ᠎ᠠ ᠳᠡᠮ ᠪᠠᠶᠢᠳᠠᠭ᠃ ᠱᠠᠯᠪᠣᠷ ᠪᠥᠭᠡ ᠶᠢᠨ ᠡᠳᠡᠭᠡᠷ ᠣᠷᠡᠨ ᠮᠡᠷᠭᠡᠵᠢᠯ᠂ ᠭᠠᠩᠭᠠᠩ ᠮᠡᠭᠡ ᠠᠴᠠ ᠱᠠᠯᠪᠣᠷ ᠪᠥᠭᠡ ᠶᠢᠨ ᠨᠡᠷᠡᠶᠢᠳᠣᠯ ᠡᠭᠦᠰᠴᠠᠢ᠃ ᠣᠷᠴᠢᠮ ᠤᠨ ᠵᠢᠯ  ᠳᠤ᠂ ᠡᠨᠡᠬᠦ ᠰᠢᠯᠢᠳᠡᠭ ᠣᠯᠠᠮᠵᠢᠯᠠᠯᠳᠣ ᠥᠨᠳᠣᠰᠣᠳᠡᠨ ᠤ ᠪᠡᠶ᠎ᠡ ᠲᠠᠮᠢᠷ ᠤᠨ ᠮᠥᠷᠥᠶᠢᠴᠡᠭᠡᠨ ᠨᠢ ᠠᠯᠠᠱᠠ ᠪᠠᠷᠠᠭᠤᠨ ᠬᠤᠰᠢᠭᠤᠨ ᠳᠤ ᠬᠠᠮᠠᠭᠠᠯᠠᠭᠳᠠᠨ ᠣᠯᠠᠮᠵᠢᠯᠠᠭᠳᠠᠵᠤ᠂ ᠨᠢᠬᠡ ᠪᠥᠯᠥᠭ ᠪᠡᠶ᠎ᠡ ᠲᠠᠮᠢᠷ᠂ ᠣᠣᠭᠠᠯ ᠰᠣᠶᠣᠯ ᠢᠶᠠᠨ ᠬᠢᠮᠠᠭᠠᠳᠠᠨ ᠠᠪᠣᠷᠠᠭᠴᠢ ᠶᠢᠨ ᠬᠠᠳᠠᠭᠤᠵᠢᠯᠳᠠᠢ ᠴᠢᠷᠮᠠᠶᠢᠯᠭ᠎ᠠ ᠪᠠᠷ 2006 ᠣᠨ ᠳᠤ ᠵᠢᠷᠭᠤᠳᠣᠭᠠᠷ ᠬᠤᠭᠤᠴᠠᠭᠠᠨ ᠤ ᠪᠥᠭᠦ ᠣᠷᠣᠨ ᠤ ᠴᠥᠭᠡᠨ ᠲᠣᠭᠠᠳᠣ ᠥᠨᠳᠣᠰᠣᠳᠡᠨ ᠤ ᠣᠯᠠᠮᠵᠢᠯᠠᠯᠳᠣ ᠪᠡᠶ᠎ᠡ ᠲᠠᠮᠢᠷ ᠤᠨ ᠬᠤᠷᠠᠯᠳᠣᠭᠠᠨ ᠳᠡᠭᠡᠷ᠎ᠡ ᠱᠠᠯᠪᠣᠷ ᠪᠥᠭᠡ ᠶᠢ ᠣᠷᠣᠯᠳᠣᠭᠠᠨ ᠤ ᠵᠢᠩᠭᠢᠨᠢ ᠲᠥᠷᠥᠯ ᠵᠥᠢᠯ ᠳᠤ ᠣᠷᠣᠭᠤᠯᠣᠭᠰᠠᠨ ᠪᠠᠶᠢᠨ᠎ᠠ᠃
 
ᠢᠷᠡᠯᠲᠡ᠄ ᠠᠯᠠᠱᠠ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号