ᠨᠢᠭᠡ᠂ ᠦᠷᠯᠦᠭᠡ ᠡᠷᠳᠡ ᠵᠠᠮ ᠤᠨ ᠬᠠᠵᠠᠭᠤ ᠪᠠᠷ ᠬᠦᠶᠦᠬᠦ ᠦᠭᠡᠢ ᠪᠤᠯ ᠰᠠᠶᠢᠨ | ᠨᠠᠮᠤᠷ ᠤᠨ ᠦᠷᠯᠦᠭᠡ ᠰᠢᠨ᠎ᠡ ᠰᠣᠷᠭᠤᠭ ᠠᠭᠠᠷ ᠠᠮᠢᠰᠬᠤᠯᠠᠬᠤ ᠨᠢ ᠬᠥᠮᠥᠨ ᠤ ᠪᠡᠶ᠎ᠡ ᠶᠢᠨ ᠡᠷᠡᠭᠦᠯ ᠮᠡᠨᠳᠦ ᠳᠤ | ᠠᠰᠢᠭᠲᠠᠢ᠃ ᠭᠡᠪᠡᠴᠦ ᠬᠤᠳᠠ ᠶᠢᠨ ᠵᠠᠰᠠᠮᠠᠯ ᠵᠠᠮ ᠤᠨ ᠲᠠᠭᠠᠤ ᠬᠦᠶᠦᠬᠦ ᠨᠢ ᠡᠷᠡᠭᠦᠯ ᠮᠡᠨᠳᠦ ᠳᠤ ᠠᠰᠢᠭ ᠦᠭᠡᠢ᠃ | ᠨᠠᠮᠤᠷ ᠤᠨ ᠠᠭᠤᠷ ᠠᠮᠢᠰᠬᠤᠯ ᠬᠠᠭᠤᠷᠠᠢ ᠪᠣᠯᠬᠤᠷ ᠲᠣᠭᠤᠰᠣ ᠰᠢᠷᠣᠢ ᠠᠮᠠᠷᠬᠠᠨ ᠳᠡᠭᠳᠡᠵᠦ᠂ ᠬᠤᠭ ᠲᠣᠭᠤᠰᠣ | ᠪᠣᠯᠤᠨ ᠮᠠᠰᠢᠨ ᠲᠡᠷᠭᠡᠨ ᠤ ᠢᠯᠭᠠᠷᠠᠭᠤᠯᠤᠭᠰᠠᠨ ᠬᠤᠣᠷᠲᠤ ᠬᠡᠢ ᠶᠢ ᠠᠮᠢᠰᠬᠤᠨ ᠣᠷᠣᠭᠤᠯᠵᠤ᠂ ᠪᠡᠶ᠎ᠡ ᠳᠤ ᠬᠤᠬᠢᠷᠠᠯ | ᠤᠴᠠᠷᠠᠭᠤᠯᠳᠠᠭ᠃ ᠡᠶᠢᠮᠦ ᠠᠴᠠ ᠦᠷᠯᠦᠭᠡ ᠬᠦᠶᠦᠬᠦ ᠭᠡᠪᠡᠯ ᠬᠠᠮᠤᠭ ᠤᠨ ᠰᠠᠶᠢᠨ ᠨᠢ ᠨᠠᠮ ᠰᠡᠯᠡᠬᠦᠨ᠂ ᠴᠡᠪᠡᠷ | ᠴᠡᠮᠴᠡᠭᠡᠷ ᠴᠡᠴᠡᠷᠯᠢᠭ ᠲᠤ ᠬᠦᠷᠴᠦ ᠬᠦᠶᠦᠪᠠᠯ ᠰᠠᠶᠢᠨ᠃ | ᠬᠤᠶᠠᠷ᠂ ᠬᠦᠴᠢᠯᠳᠦ᠋ᠷᠦᠭᠴᠢᠳᠦ ᠬᠦᠳᠡᠯᠭᠡᠭᠡᠨ ᠢᠶᠠᠷ ᠭᠤᠤᠯᠯᠠᠭᠤᠯᠤᠨ᠎ᠠ | ᠪᠡᠶ᠎ᠡ ᠪᠣᠯᠪᠠᠰᠤᠷᠠᠬᠤ ᠳᠤ ᠬᠥᠳᠡᠯᠭᠡᠭᠡᠨ ᠤ ᠬᠡᠮᠵᠢᠶ᠎ᠡ ᠨᠢ ᠨᠡᠯᠢᠶᠡᠳ ᠪᠠᠭ᠎ᠠ᠂ ᠢᠯᠴᠢ ᠶᠢᠨ ᠬᠡᠮᠵᠢᠶ᠎ᠡ ᠨᠢ ᠨᠡᠯᠢᠶᠡᠳ | ᠶᠡᠭᠡ ᠬᠦᠴᠢᠯᠲᠦ᠋ᠷᠦᠭᠴᠢᠲᠦ ᠬᠥᠳᠡᠯᠭᠡᠭᠡᠨ ᠢ ᠰᠣᠩᠭᠤᠬᠤ ᠪᠥᠭᠡᠳ ᠨᠠᠰᠤᠨ ᠤ ᠬᠡᠮᠵᠢᠶ᠎ᠡ ᠳᠤ ᠪᠠᠨ ᠲᠤᠬᠢᠷᠠᠭᠤᠯᠤᠨ᠎ᠡ᠄ | ᠵᠠᠯᠠᠭᠤᠴᠤᠳ ᠭᠦᠶᠦᠬᠦ ᠵᠡᠷᠭᠡ ᠥᠨᠳᠥᠷ ᠬᠦᠴᠢᠯᠲᠦ᠋ᠷᠦᠭᠴᠢᠲᠦ ᠬᠥᠳᠡᠯᠭᠡᠭᠡᠨ ᠢ ᠰᠤᠩᠭᠤᠵᠦ ᠪᠣᠯᠤᠨ᠎ᠠ᠂ ᠢᠩᠭᠢᠪᠡᠯ | ᠨᠡᠩ ᠢᠯᠡᠬᠦᠦ ᠢᠯᠴᠢ ᠵᠠᠷᠤᠴᠠᠭᠤᠯᠤᠨᠡ︔ ᠳᠤᠮᠳᠠ ᠨᠠᠰᠤᠨ ᠤ ᠬᠥᠮᠦᠰ ᠲᠦᠷᠭᠡᠨ ᠠᠯᠬᠤᠬᠤ᠂ ᠤᠳᠠᠭᠠᠨ ᠭᠦᠶᠦᠬᠦ᠂ | ᠠᠰᠠᠷ ᠤᠨ ᠱᠠᠲᠤ ᠪᠠᠷ ᠮᠠᠴᠤᠬᠤ ᠵᠡᠷᠭᠡ ᠳᠣᠣᠷ᠎ᠠ ᠬᠦᠴᠢᠯᠲᠦ᠋ᠷᠦᠭᠴᠢᠲᠦ ᠬᠥᠳᠡᠯᠭᠡᠭᠡᠨ ᠰᠤᠩᠭᠤᠵᠦ ᠪᠣᠯᠤᠨ᠎ᠠ︔ | ᠨᠠᠰᠤᠲᠠᠢᠴᠤᠳ ᠰᠤᠯᠠ ᠠᠯᠬᠤᠬᠤ᠂ ᠶᠤᠭ᠎ᠠ᠂ ᠲᠠᠢ ᠵᠢᠢ ᠨᠢᠳᠤᠷᠭ᠎ᠠ ᠵᠡᠷᠭᠡ ᠶᠢ ᠰᠤᠩᠭᠤᠵᠦ ᠪᠤᠯᠤᠨ᠎ᠡ᠃ | ᠭᠤᠷᠪᠠ᠂ ᠡᠮᠦᠰᠬᠦ ᠬᠤᠪᠴᠠᠰᠦ ᠬᠤᠨᠠᠷ ᠢ ᠠᠩᠬᠠᠷᠬᠤ ᠬᠡᠷᠡᠭᠳᠡᠢ | ᠭᠠᠳᠠᠭ᠎ᠠ ᠲᠠᠮᠢᠷ ᠤᠨ ᠬᠦᠳᠡᠯᠭᠡᠭᠡᠨ ᠬᠢᠭᠡᠳ ᠬᠦᠯᠦᠰᠦ ᠭᠠᠷᠤᠭᠰᠠᠨ ᠤ ᠲᠠᠷᠠᠭ᠎ᠠ᠂ ᠭᠠᠳᠠᠷ ᠬᠤᠪᠴᠠᠰᠦ ᠪᠠᠨ | ᠲᠠᠶᠢᠯᠵᠦ᠂ ᠲᠠᠮᠢᠷ ᠤᠨ ᠬᠦᠳᠡᠯᠭᠡᠭᠡᠨ ᠲᠠᠭᠤᠰᠤᠭᠰᠠᠭᠠᠷ ᠲᠠᠷᠤᠶᠢᠬᠠᠨ ᠡᠮᠦᠰᠬᠦ ᠬᠡᠷᠡᠭᠳᠡᠢ᠃ ᠨᠠᠮᠤᠷ ᠬᠦᠯᠦᠰᠦ ᠲᠠᠢ | ᠨᠦᠢᠲᠠᠨ ᠬᠤᠪᠴᠠᠰᠤ ᠪᠠᠷ ᠶᠠᠪᠤᠪᠠᠯ ᠠᠮᠠᠷᠬᠠᠨ ᠬᠢᠮᠦᠷᠡᠨᠡ᠃ ᠲᠠᠮᠢᠷ ᠤᠨ ᠬᠥᠳᠡᠯᠭᠡᠭᠡᠨ ᠤ ᠬᠤᠪᠴᠠᠰᠦ ᠬᠤᠨᠠᠷ ᠢ | ᠰᠤᠩᠭᠤᠬᠤ ᠲᠠᠯ᠎ᠠ ᠪᠠᠷ᠂ ᠤᠯᠠᠨ ᠬᠥᠮᠦᠰ ᠬᠥᠪᠥᠩ ᠬᠤᠪᠴᠠᠰᠤ ᠨᠢ ᠲᠠᠭᠠᠯᠠᠮᠵᠢᠲᠠᠢ᠂ ᠬᠥᠯᠥᠰᠥ ᠰᠢᠩᠭᠡᠭᠡᠨ᠎ᠡ ᠭᠡᠵᠦ | ᠦᠵᠡᠳᠡᠭ᠂ ᠦᠨᠡᠨ ᠳᠡᠭᠡᠨ ᠠᠭᠠᠷ ᠨᠡᠪᠲᠡᠷᠡᠬᠦ ᠴᠢᠨᠠᠷ ᠨᠢ ᠬᠠᠷᠢᠴᠠᠩᠭᠤᠢ ᠰᠠᠶᠢᠨ ᠪᠥᠭᠡᠭᠡᠨᠡᠷᠡᠯ ᠫᠧᠷᠤᠫᠧᠨ ᠮᠠᠲ᠋ᠧᠷᠢᠶᠠᠯ | ᠰᠣᠩᠭᠤᠬᠤ ᠨᠢ ᠨᠡᠩ ᠲᠣᠬᠢᠷᠠᠮᠵᠢᠲᠠᠢ᠃ | ᠲᠦᠷᠪᠡ᠂ ᠪᠡᠶ᠎ᠡ ᠶᠢᠨ ᠲᠠᠮᠢᠷ ᠤᠨ ᠬᠦᠳᠡᠯᠭᠡᠭᠡᠨ ᠢ ᠲᠤᠬᠢᠷᠠᠮᠵᠢᠳᠠᠢ ᠬᠢᠬᠦ ᠬᠡᠷᠡᠭᠳᠡᠢ | ᠨᠠᠮᠤᠷ ᠪᠣᠯ ᠬᠥᠮᠦᠨ ᠤ ᠮᠡᠳᠡᠷᠡᠯ ᠤᠨ ᠰᠢᠰᠲ᠋ᠧᠮ ᠤᠨ ᠬᠥᠭᠡᠷᠦᠯᠲᠡ ᠶᠢᠨ ᠴᠢᠨᠠᠷ ᠨᠡᠮᠡᠭᠳᠡᠵᠦ᠂ ᠹᠢᠽᠢᠣᠯᠣᠭᠢ ᠶᠢᠨ | ᠠᠵᠢᠯᠯᠠᠭ᠎ᠠ ᠬᠥᠭᠵᠢᠶᠡᠨ ᠲᠠᠢ ᠪᠣᠯᠬᠤ ᠬᠠᠨᠳᠤᠰᠢ ᠲᠠᠢ ᠪᠣᠯᠣᠨ᠎ᠠ᠃ ᠡᠨᠡ ᠤᠯᠠᠷᠢᠯ ᠳᠤ ᠬᠦᠮᠦᠰ ᠠᠮᠠᠷᠬᠠᠨ ᠪᠡᠶ᠎ᠡ ᠶᠢᠨ | ᠲᠠᠮᠢᠷ ᠤᠨ ᠬᠦᠳᠡᠯᠭᠡᠭᠡᠨ ᠢ ᠬᠡᠳᠦᠷᠬᠡᠢ ᠬᠢᠬᠦ ᠠᠴᠠ ᠪᠤᠯᠵᠦ ᠶᠠᠳᠠᠷᠠᠨ᠂ ᠠᠵᠢᠯᠯᠠᠬᠤ ᠪᠣᠯᠤᠨ ᠡᠷᠡᠭᠦᠯ ᠮᠡᠨᠳᠦ ᠪᠠᠨ | ᠨᠦᠯᠦᠭᠡᠯᠡᠳᠡᠭ᠃ ᠢᠯᠠᠩᠭᠤᠶ᠎ᠠ ᠢᠳᠡᠷ ᠥᠲᠡᠯᠦᠭᠡ ᠨᠠᠰᠤᠨ ᠤ ᠬᠥᠮᠥᠰ ᠬᠥᠳᠡᠯᠭᠡᠭᠡᠨ ᠤ ᠴᠠᠭ ᠪᠠ ᠬᠥᠳᠡᠯᠭᠡᠭᠡᠨ ᠤ | ᠡᠷᠴᠢᠮ ᠢ ᠰᠠᠶᠢᠲᠤᠷ ᠲᠤᠬᠢᠷᠠᠭᠤᠯᠬᠤ ᠬᠡᠷᠡᠭᠳᠡᠢ᠃ ᠶᠡᠷᠦᠳᠡ ᠶᠢᠨ ᠪᠠᠶᠢᠳᠠᠯ ᠳᠤ᠂ ᠢᠳᠡᠷ ᠨᠠᠰᠤᠲᠠᠶᠢᠴᠤᠳ ᠤᠳᠠᠭ᠎ᠠ | ᠪᠦᠷᠢ 1.5 ᠴᠠᠭ ᠠᠴᠠ ᠢᠯᠡᠭᠦᠦ ᠬᠦᠳᠡᠯᠭᠡᠭᠡᠨ ᠬᠢᠵᠦ ᠪᠣᠯᠬᠤ ᠦᠭᠡᠢ᠃ ᠪᠡᠶ᠎ᠡ ᠶᠢᠨ ᠲᠠᠮᠢᠷ ᠤᠨ ᠬᠦᠳᠡᠯᠭᠡᠭᠡᠨ ᠬᠢᠵᠦ᠂ | ᠲᠠᠭᠠᠳᠠᠢ ᠮᠡᠳᠡᠷᠡᠮᠵᠢ ᠲᠠᠢ ᠪᠤᠯᠪᠠᠯ ᠪᠤᠯᠴᠢᠬᠠᠨ᠎ᠠ᠃ | ᠲᠠᠪᠤ᠂ ᠪᠡᠶ᠎ᠡ ᠶᠢᠨ ᠲᠠᠮᠢᠷ ᠤᠨ ᠬᠦᠳᠡᠯᠭᠡᠭᠡᠨ ᠤ ᠲᠠᠷᠠᠭ᠎ᠠ ᠤᠰᠤ ᠨᠦᠬᠦᠪᠦᠷᠢᠯᠡᠬᠦ ᠶᠢ ᠠᠩᠬᠠᠷᠤᠨᠡ | ᠲᠠᠮᠢᠷ ᠤᠨ ᠬᠥᠳᠡᠯᠭᠡᠭᠡᠨ ᠬᠢᠭᠰᠡᠨ ᠤ ᠳᠠᠷᠠᠭ᠎ᠠ᠂ ᠪᠤᠴᠠᠯᠤᠭᠰᠠᠨ ᠤᠰᠤ ᠢᠯᠡᠭᠦᠬᠡᠨ ᠤᠤᠭᠤᠬᠤ ᠬᠡᠷᠡᠭᠲᠡᠶ᠂ | ᠨᠢᠰᠢᠩᠭᠦ᠂ ᠠᠯᠢᠮ᠎ᠠ᠂ ᠠᠯᠮᠤᠷᠠᠳ᠂ ᠰᠦ᠂ ᠮᠠᠭᠠᠵᠢ᠂ ᠰᠢᠨ᠎ᠡ ᠰᠣᠷᠭᠤᠭ ᠢᠳᠡᠰᠢᠨ ᠨᠣᠭᠤᠭ᠎ᠠ ᠵᠡᠷᠭᠡ ᠶᠢ ᠢᠯᠡᠭᠦᠬᠡᠨ | ᠢᠳᠡᠵᠦ᠂ ᠠᠮᠢᠰᠬᠤᠯ ᠤᠨ ᠵᠠᠮ ᠤᠨ ᠰᠠᠯᠢᠰᠤᠲᠤ ᠪᠦᠷᠬᠦᠪᠴᠢ ᠶᠢᠨ ᠬᠡᠪ ᠤᠨ ᠱᠦᠭᠦᠷᠡᠯ ᠢ ᠪᠠᠲᠤᠯᠠᠵᠤ᠂ ᠬᠤᠭᠤᠯᠠᠢ | ᠬᠠᠪᠤᠳᠵᠦ ᠡᠪᠡᠳᠬᠦ ᠶᠢ ᠰᠡᠷᠭᠡᠶᠢᠯᠡᠨ᠎ᠡ᠃ ᠬᠡᠳᠦ ᠬᠦᠯᠦᠰᠦ ᠭᠠᠷᠤᠭᠰᠠᠨ ᠪᠤᠯ᠂ ᠪᠤᠴᠠᠯᠤᠭᠰᠠᠨ ᠤᠰᠤᠨ ᠳᠤ ᠪᠠᠨ | ᠪᠠᠭ᠎ᠠ ᠬᠡᠮᠵᠢᠶᠡᠨ ᠤ ᠳᠠᠪᠤᠰᠦ ᠨᠡᠮᠡᠵᠦ ᠪᠤᠯᠤᠨ᠎ᠠ᠃ ᠤᠰᠤ ᠤᠤᠭᠤᠬᠤ ᠳᠤ ᠪᠠᠨ ᠪᠠᠭ᠎ᠠ ᠬᠡᠮᠵᠢᠶ᠎ᠡ ᠪᠠᠷ ᠤᠯᠠᠨ | ᠤᠳᠠᠭ᠎ᠠ ᠤᠳᠠᠭᠠᠨ ᠤᠤᠭᠤᠬᠤ ᠶᠢ ᠪᠠᠷᠢᠮᠳᠠᠯᠠᠨ᠎ᠠ᠃ |