ᠦᠪᠣᠷ ᠮᠣᠩᠭᠣᠯ᠎ᠤᠨ ᠦᠪᠡᠷᠳᠡᠭᠡᠨ ᠵᠠᠰᠠᠬᠣ ᠣᠷᠣᠨ᠎ᠤ ᠲᠡᠤᠬᠡ ᠵᠢᠨ ᠳᠣᠷᠠᠰᠬᠠᠯᠲᠦ ᠵᠦᠢ᠍ᠯᠡᠰ᠎ᠤᠨ ᠲᠣᠪᠴᠢᠶ᠎ᠠ ᠪᠣᠯ ᠦᠪᠣᠷ ᠮᠣᠩᠭᠣᠯ᠎ᠤᠨ ᠦᠪᠡᠷᠲᠡᠭᠡᠨ ᠵᠠᠰᠠᠬᠣ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠣᠪᠴᠢᠶᠠᠨ᠎ᠤ ᠬᠠᠮᠢᠶᠠᠷᠣᠯᠲᠠ ᠵᠢᠨ ᠪᠠᠢ᠌ᠭᠣᠯᠣᠮᠵᠢ ᠶᠣᠮ᠂ ᠲᠡᠳ᠋ ᠲᠢᠩᠬᠢᠮ᠎ᠤᠨ ᠲᠡᠰ᠃ ᠡᠭᠦᠷᠭᠡ ᠲᠣᠰᠢᠶᠠᠯ᠎ᠨᠢ ᠭᠣᠤᠯᠳᠠᠭᠣ᠄
(ᠨᠢᠭᠡ ) ᠨᠠᠮ ᠤᠨ ᠱᠣᠭᠣᠮ ᠴᠢᠭᠯᠡᠯᠳᠡ᠂ ᠲᠦᠷᠤ ᠵᠢᠨ ᠪᠣᠳᠣᠯᠭ᠎ᠠ ᠵᠢ ᠲᠣᠭᠣᠰᠢᠯᠠᠭᠣᠯᠣᠨ ᠨᠠᠢ᠌ᠳᠠᠪᠣᠷᠢᠵᠢᠭᠣᠯᠵᠤ᠂ ᠣᠯᠣᠰ ᠪᠠ ᠦᠪᠡᠷᠲᠡᠭᠡᠨ ᠵᠠᠰᠠᠬᠣ ᠣᠷᠣᠨ᠎ᠤ ᠲᠡᠤᠬᠡ ᠵᠢᠨ ᠳᠣᠷᠠᠰᠬᠠᠯᠲᠦ ᠵᠦᠢ᠍ᠯᠡᠰ ᠪᠠ ᠮᠦᠽᠸᠸᠢ ᠵᠢᠨ ᠬᠠᠮᠢᠶᠠᠲᠠᠢ ᠬᠠᠤᠯᠢ ᠲᠦᠷᠢᠮ ᠤᠨ ᠵᠣᠬᠢᠶᠠᠨ ᠪᠠᠢ᠌ᠭᠣᠯᠣᠯᠲᠠ᠂ ᠬᠡᠷᠡᠭᠵᠢᠭᠦᠯᠦᠯᠲᠡ ᠪᠣᠯᠣᠨ ᠬᠢᠨᠠᠨ ᠨᠠᠢ᠌ᠳᠠᠪᠦᠷᠢᠵᠢᠭᠣᠯᠣᠯᠲᠠ ᠵᠢ ᠴᠢᠩᠭ᠎ᠠ ᠠᠳᠬᠣᠵᠣ᠂ ᠲᠡᠤᠬᠡ ᠵᠢᠨ ᠳᠣᠷᠠᠰᠬᠠᠯᠲᠦ ᠵᠦᠢ᠍ᠯᠡᠰ᠎ᠤᠨ ᠡᠬᠢ ᠪᠠᠶᠠᠯᠢᠭ᠎ᠤᠨ ᠪᠠᠢ᠌ᠴᠠᠭ᠋ᠠᠯᠲᠠ᠂ ᠪᠦᠬᠦ ᠣᠷᠣᠨ᠎ᠤ ᠲᠡᠤᠬᠡ ᠵᠢᠨ ᠳᠣᠷᠠᠰᠬᠠᠯᠲᠦ ᠵᠦᠢ᠍ᠯᠡᠰ ᠪᠣᠯᠣᠨ ᠮᠦᠽᠸᠸᠢ ᠵᠢᠨ ᠠᠵᠢᠯ ᠦᠢ᠍ᠯᠡᠰ᠎ᠤᠨ ᠬᠦᠭᠵᠢᠯ᠎ᠤᠨ ᠲᠦᠰᠦᠪ᠎ᠢ ᠲᠣᠭᠣᠷᠪᠢᠨ ᠪᠢᠴᠢᠬᠦ ᠠᠵᠢᠯ᠎ᠢ ᠵᠣᠬᠢᠶᠠᠨ ᠪᠠᠢ᠌ᠭᠣᠯᠣᠨ ᠠᠵᠢᠯᠯᠠᠭᠣᠯᠣᠨᠠ᠃
(ᠬᠤᠶᠠᠷ) ᠪᠦᠬᠦ ᠣᠷᠣᠨ᠎ᠤ ᠲᠡᠤᠬᠡ ᠵᠢᠨ ᠳᠣᠷᠠᠰᠬᠠᠯᠲᠦ ᠵᠦᠢ᠍ᠯᠡᠰ᠎ᠤᠨ ᠬᠠᠮᠠᠭ᠋ᠠᠯᠠᠯᠲᠠ ᠵᠢᠨ ᠠᠵᠢᠯ᠎ᠳᠤ ᠬᠠᠮᠵᠢᠯᠴᠠᠨ ᠵᠢᠭ᠋ᠠᠨ ᠵᠢᠯᠣᠭᠣᠳᠴᠤ᠂ ᠲᠡᠤᠬᠡ ᠵᠢᠨ ᠳᠣᠷᠠᠰᠬᠠᠯᠲᠦ ᠵᠦᠢ᠍ᠯᠡᠰ᠎ᠤᠨ ᠵᠠᠰᠠᠭ ᠵᠠᠬᠢᠷᠭ᠋ᠠᠨ᠎ᠤ ᠬᠢᠨᠠᠨ ᠪᠠᠢ᠌ᠴᠠᠭ᠋ᠠᠯᠲᠠ ᠵᠢ ᠭᠦᠢ᠍ᠴᠡᠳᠭᠡᠵᠣ᠂ ᠲᠡᠣᠬᠡ ᠵᠢᠨ ᠳᠣᠷᠠᠰᠬᠠᠯᠲᠦ ᠵᠦᠢ᠍ᠯᠡᠰ᠎ᠤᠨ ᠲᠠᠯ᠎ᠠ᠎ᠪᠠᠷ᠎ᠬᠢ ᠬᠠᠤᠯᠢ ᠵᠢ ᠵᠦᠷᠢᠴᠡᠭᠰᠡᠨ ᠬᠦᠨᠳᠦ ᠴᠢᠬᠣᠯᠠ ᠶᠠᠯᠠᠳᠦ ᠬᠡᠷᠡᠭ᠎ᠢ ᠬᠢᠨᠠᠨ ᠪᠠᠢ᠌ᠴᠠᠭ᠋ᠠᠬᠣ ᠠᠵᠢᠯ᠎ᠢ ᠬᠠᠤᠯᠢ ᠵᠢᠨ ᠳᠠᠭ᠋ᠠᠤ᠎ᠳᠤ ᠵᠣᠬᠢᠶᠠᠨ ᠪᠠᠢ᠌ᠭᠣᠯᠵᠤ᠂ ᠬᠠᠮᠢᠶ᠎ᠠ ᠪᠦᠬᠦᠢ ᠰᠠᠯᠠᠭ᠎ᠠ ᠮᠦᠴᠢᠷ᠎ᠤᠨ᠎ᠬᠢᠨ᠎ᠲᠠᠢ ᠬᠠᠪᠰᠣᠷᠣᠯᠴᠠᠨ ᠲᠡᠤᠬᠡ ᠵᠢᠨ ᠳᠣᠷᠠᠰᠬᠠᠯᠲᠦ ᠵᠦᠢ᠍ᠯᠡᠰ᠎ᠤᠨ ᠲᠠᠯ᠎ᠠ᠎ᠪᠠᠷ ᠭᠠᠷᠤᠭᠰᠡᠨ ᠬᠦᠨᠳᠦ ᠴᠢᠬᠣᠯᠠ ᠶᠠᠯᠠᠲᠦ ᠭᠡᠷᠡᠭ᠎ᠢ ᠪᠠᠢ᠌ᠴᠠᠭ᠋ᠠᠨ ᠢᠯᠡᠷᠡᠭᠦᠯᠦᠨ᠎ᠡ᠃
(ᠭᠣᠷᠪᠠ) ᠳᠡᠯᠡᠬᠡᠢ ᠵᠢᠨ ᠰᠣᠶᠣᠯ᠎ᠤᠨ ᠦᠪ᠎ᠢ ᠬᠠᠮᠠᠭ᠋ᠠᠯᠠᠬᠣ ᠪᠠ ᠬᠠᠮᠢᠶᠠᠷᠬᠣ ᠵᠢ ᠬᠢᠨᠠᠬᠣ ᠠᠵᠢᠯ᠎ᠢ ᠬᠠᠷᠢᠭᠣᠴᠠᠵᠣ᠂ ᠳᠡᠯᠡᠬᠡᠢ ᠵᠢᠨ ᠰᠣᠶᠣᠯ᠎ᠤᠨ ᠦᠪ᠎ᠢ ᠮᠡᠳᠡᠭᠦᠯᠬᠦ ᠠᠵᠢᠯ᠎ᠢ ᠵᠣᠬᠢᠶᠠᠨ ᠪᠠᠢ᠌ᠭᠣᠯᠣᠨ ᠠᠵᠢᠯᠯᠠᠭᠣᠯᠣᠨᠠ᠂ ᠭᠡᠷ ᠪᠠᠷᠢᠯᠭ᠎ᠠ ᠪᠠ ᠬᠣᠲᠠ ᠬᠦᠳᠡᠭᠡ ᠵᠢᠨ ᠪᠦᠳᠦᠭᠡᠨ ᠪᠠᠢ᠌ᠭᠣᠯᠣᠯᠲᠠ ᠵᠢᠨ ᠰᠠᠯᠠᠭ᠎ᠠ ᠮᠦᠴᠢᠷ᠎ᠤᠨ᠎ᠬᠢᠨ᠎ᠲᠠᠢ ᠬᠠᠪᠰᠣᠷᠣᠯᠴᠠᠨ ᠲᠡᠤᠬᠡ ᠵᠢᠨ ᠰᠣᠶᠣᠯ᠎ᠤᠨ ᠨᠡᠷᠡᠳᠦ ᠬᠣᠲᠠ (ᠪᠠᠯᠭ᠋ᠠᠰᠤ᠂ ᠲᠣᠰᠬᠣᠨ)᠂ ᠲᠡᠤᠬᠡ ᠵᠢᠨ ᠣᠯᠠᠮᠵᠢᠯᠡᠯ᠎ᠳᠦ ᠪᠠᠭᠣᠷᠢ ᠲᠣᠰᠬᠣᠨ᠂ ᠲᠡᠤᠬᠡ ᠵᠢᠨ ᠰᠣᠶᠣᠯᠳᠦ ᠵᠡᠭᠡᠯᠢ ᠲᠣᠭᠣᠷᠢᠭ᠎ᠤᠨ ᠬᠠᠮᠠᠭ᠋ᠠᠯᠠᠯᠲᠠ ᠪᠠ ᠬᠢᠨᠠᠨ ᠬᠠᠮᠢᠶᠠᠷᠣᠯᠲᠠ ᠵᠢᠨ ᠠᠵᠢᠯ᠎ᠢ ᠬᠠᠷᠢᠭᠣᠴᠠᠨ᠎ᠠ᠃
(ᠲᠦᠷᠪᠡ) ᠪᠦᠬᠦ ᠣᠷᠣᠨ᠎ᠤ ᠬᠠᠭᠣᠴᠢ ᠰᠣᠳᠣᠯᠣᠯ᠎ᠤᠨ ᠠᠵᠢᠯ᠎ᠢ ᠬᠠᠷᠢᠭᠣᠴᠠᠨ ᠬᠠᠮᠢᠶᠠᠷᠬᠣ ᠪᠣᠯᠣᠨ ᠵᠢᠭ᠋ᠠᠨ ᠵᠢᠯᠣᠭᠣᠳᠴᠤ᠂ ᠬᠦᠨᠳᠦ ᠴᠢᠬᠣᠯᠠ ᠲᠡᠤᠬᠡ ᠵᠢᠨ ᠳᠣᠷᠠᠰᠬᠠᠯᠲᠦ ᠵᠦᠢ᠍ᠯᠡᠰ᠎ᠢ ᠬᠠᠮᠠᠭ᠋ᠠᠯᠠᠬᠣ ᠪᠠ ᠬᠠᠭᠣᠴᠢ ᠰᠣᠳᠣᠯᠣᠯ᠎ᠤᠨ ᠲᠦᠷᠦᠯ ᠵᠦᠢ᠍ᠯᠡᠰ᠎ᠤᠨ ᠬᠡᠷᠡᠭᠵᠢᠭᠦᠯᠦᠯᠲᠡ ᠵᠢ ᠬᠠᠪᠰᠣᠷᠣᠨ ᠵᠣᠬᠢᠶᠡᠨ ᠪᠠᠢ᠌ᠭᠣᠯᠣᠨ᠎ᠠ᠂ ᠪᠦᠬᠦ ᠤᠯᠤᠰ᠎ᠤᠨ ᠭᠣᠣᠯ ᠪᠣᠯᠬᠣ ᠲᠡᠤᠬᠡ ᠵᠢᠨ ᠳᠣᠷᠠᠰᠬᠠᠯᠲᠦ ᠵᠦᠢ᠍ᠯᠡᠰ᠎ᠢ ᠬᠠᠮᠠᠭ᠋ᠠᠯᠠᠬᠣ ᠪᠠᠢ᠌ᠭᠣᠯᠭ᠎ᠠ ᠵᠢ ᠳᠡᠭᠡᠭᠰᠢ ᠳᠡᠪᠰᠢᠭᠦᠯᠬᠦ ᠪᠠ ᠦᠪᠡᠷᠲᠡᠭᠡᠨ ᠵᠠᠰᠠᠬᠣ ᠣᠷᠣᠨ᠎ᠤ ᠭᠣᠤᠯ ᠪᠣᠯᠬᠣ ᠲᠡᠤᠬᠡ ᠵᠢᠨ ᠳᠣᠷᠠᠰᠬᠠᠯᠲᠦ ᠵᠦᠢ᠍ᠯᠡᠰ᠎ᠤᠨ ᠪᠠᠢ᠌ᠭᠣᠯᠭ᠎ᠠ ᠵᠢᠨ ᠬᠠᠮᠢᠶᠠᠲᠠᠢ ᠠᠵᠢᠯ᠎ᠢ ᠬᠢᠨᠠᠨ ᠵᠦᠪᠰᠢᠶᠡᠷᠡᠬᠦ ᠵᠢ ᠳᠠᠭ᠋ᠠᠭ᠋ᠠᠴᠢᠯᠠᠨ ᠬᠢᠨ᠎ᠡ᠃
(ᠳᠠᠪᠣ) ᠪᠦᠬᠦ ᠣᠷᠣᠨ᠎ᠤ ᠲᠡᠤᠬᠡ ᠵᠢᠨ ᠳᠣᠷᠠᠰᠬᠠᠯᠲᠦ ᠵᠦᠢ᠍ᠯᠡᠰ ᠪᠠ ᠮᠦᠽᠸᠸᠢ ᠵᠢᠨ ᠤᠯᠠᠨ ᠨᠡᠢ᠌ᠲᠡ ᠵᠢᠨ ᠦᠢ᠍ᠯᠡᠴᠢᠯᠡᠯᠭᠡᠨᠤ ᠰᠢᠰᠲᠸᠮ᠎ᠤᠨ ᠪᠦᠳᠦᠭᠡᠨ ᠪᠠᠢ᠌ᠭᠣᠯᠣᠯᠲᠡ ᠵᠢ ᠳᠦᠯᠬᠢᠨ ᠠᠬᠢᠭᠣᠯᠬᠣ ᠵᠢ ᠬᠠᠷᠢᠭᠣᠴᠠᠵᠣ᠂ ᠪᠦᠬᠦ ᠤᠷᠣᠨ᠎ᠤ ᠲᠡᠤᠬᠡ ᠵᠢᠨ ᠳᠣᠷᠠᠰᠬᠠᠯᠲᠦ ᠵᠦᠢ᠍ᠯᠡᠰ ᠪᠠ ᠮᠦᠽᠸᠸᠢ ᠵᠢᠨ ᠠᠵᠢᠯ ᠦᠢ᠍ᠯᠡᠰ᠎ᠢ ᠵᠢᠭ᠋ᠠᠨ ᠵᠢᠯᠣᠭᠣᠳᠣᠨ᠂ ᠮᠦᠽᠸᠸᠢᠨᠦᠭᠦᠳᠤᠨ ᠬᠣᠭᠣᠷᠣᠨᠳᠣ ᠵᠢᠨ ᠬᠠᠷᠢᠯᠴᠠᠭ᠎ᠠ ᠬᠠᠪᠰᠣᠷᠣᠯᠴᠠᠭ᠎ᠠ ᠵᠢ ᠵᠦᠪᠳᠡᠯᠴᠡᠨ ᠵᠣᠬᠢᠴᠠᠭᠣᠯᠣᠨᠠ᠃
(ᠵᠢᠷᠭᠣᠭ᠎ᠠ) ᠲᠡᠤᠬᠡ ᠵᠢᠨ ᠳᠣᠷᠠᠰᠬᠠᠯᠲᠦ ᠵᠦᠢ᠍ᠯᠡᠰ ᠪᠠ ᠮᠦᠽᠸᠸᠢ ᠵᠢᠨ ᠬᠠᠮᠢᠶᠠᠲᠠᠢ ᠬᠢᠨᠠᠨ ᠬᠠᠷᠭᠣᠭᠣᠯᠵᠣ ᠮᠡᠳᠡᠭᠦᠯᠬᠦ᠂ ᠬᠢᠨᠠᠨ ᠵᠦᠪᠰᠢᠶᠡᠷᠡᠭᠦᠯᠬᠦ ᠣᠴᠢᠷ ᠶᠠᠪᠣᠳᠠᠯ ᠵᠢᠴᠢ ᠬᠠᠮᠢᠶ᠎ᠠ ᠪᠦᠬᠦᠢ ᠴᠢᠨᠠᠷ ᠴᠢᠨᠰᠠᠭ᠎ᠠ ᠬᠢᠷᠢ ᠬᠡᠮ᠎ᠢ ᠪᠠᠳᠣᠯᠠᠨ ᠲᠣᠭᠲᠠᠭ᠋ᠠᠬᠣ ᠬᠠᠮᠢᠶᠠᠷᠣᠯᠲᠠ ᠵᠢᠨ ᠠᠵᠢᠯ᠎ᠢ ᠬᠠᠷᠢᠭᠣᠴᠠᠨ᠎ᠠ᠃
(ᠳᠣᠯᠣᠭ᠎ᠠ) ᠲᠡᠤᠬᠡ ᠵᠢᠨ ᠳᠣᠷᠠᠰᠬᠠᠯᠲᠦ ᠵᠦᠢ᠍ᠯᠡᠰ᠎ᠢ ᠬᠠᠮᠠᠭ᠋ᠠᠯᠠᠬᠣ ᠣᠬᠠᠭᠣᠯᠭ᠎ᠠ ᠵᠢᠨ ᠠᠵᠢᠯ᠎ᠢ ᠵᠣᠬᠢᠶᠠᠨ ᠪᠠᠢ᠌ᠭᠣᠯᠣᠨ ᠵᠢᠯᠣᠭᠣᠳᠴᠣ᠂ ᠲᠡᠤᠬᠡ ᠵᠢᠨ ᠳᠣᠷᠠᠰᠬᠠᠯᠲᠦ ᠵᠦᠢ᠍ᠯᠡᠰ ᠪᠠ ᠮᠦᠽᠸᠸᠢ ᠵᠢᠨ ᠬᠠᠮᠢᠶ᠎ᠠ ᠪᠦᠬᠦᠢ ᠮᠡᠷᠭᠡᠵᠢᠯᠲᠡᠳ᠎ᠤᠨ ᠡᠩᠨᠡᠭᠡᠨ᠎ᠤ ᠪᠦᠳᠦᠭᠡᠨ ᠪᠠᠢ᠌ᠭᠣᠯᠣᠯᠲᠡ ᠵᠢᠨ ᠲᠦᠯᠦᠪᠯᠡᠯᠭᠡ ᠵᠢ ᠲᠣᠭᠲᠠᠭ᠋ᠠᠨ᠎ᠠ᠃
(ᠨᠠᠢ᠍ᠮᠠ) ᠲᠡᠤᠬᠡ ᠵᠢᠨ ᠳᠣᠷᠠᠰᠬᠠᠯᠲᠦ ᠵᠦᠢ᠍ᠯᠡᠰ ᠪᠠ ᠮᠦᠽᠸᠸᠢ ᠵᠢᠨ ᠰᠢᠨᠵᠢᠯᠡᠬᠦ ᠮᠡᠷᠭᠡᠵᠢᠯ᠂ ᠰᠣᠷᠠᠭ ᠵᠠᠩᠭᠢᠴᠢᠯᠠᠬᠣ ᠲᠦᠰᠦᠪ᠎ᠢ ᠨᠠᠢ᠌ᠷᠠᠭᠣᠯᠣᠨ ᠵᠣᠬᠢᠶᠠᠬᠣ ᠵᠢᠨ ᠳᠠᠭ᠋ᠠᠤ ᠱᠠᠯᠠᠪᠳᠠᠨ ᠨᠠᠢ᠌ᠳᠠᠪᠦᠷᠢᠵᠢᠭᠣᠯᠣᠨᠨᠠ᠂ ᠬᠦᠨᠳᠦ ᠴᠢᠬᠣᠯᠠ ᠲᠡᠤᠬᠡ ᠵᠢᠨ ᠳᠣᠷᠠᠰᠬᠠᠯᠲᠦ ᠵᠦᠢ᠍ᠯᠡᠰ᠎ᠤᠨ ᠰᠢᠨᠵᠢᠯᠡᠬᠦ ᠣᠬᠠᠭ᠋ᠠᠨᠴᠢ᠎ᠪᠠᠷ ᠰᠢᠨ᠎ᠡ ᠵᠢ ᠪᠦᠳᠦᠭᠡᠬᠦ ᠢᠨᠵᠸᠨ᠋ᠸᠷᠢᠡᠭ᠎ᠢ ᠵᠣᠬᠢᠶᠠᠨ ᠪᠠᠢ᠌ᠭᠣᠯᠣᠨ ᠠᠵᠢᠯᠯᠠᠭᠣᠯᠵᠣ᠂ ᠲᠡᠤᠬᠡ ᠵᠢᠨ ᠳᠣᠷᠠᠰᠬᠠᠯᠲᠦ ᠵᠦᠢ᠍ᠯᠡᠰ᠎ᠤᠨ ᠬᠠᠮᠠᠭ᠋ᠠᠯᠠᠯᠲᠠ ᠵᠢᠨ ᠰᠢᠨᠵᠢᠯᠡᠬᠦ ᠮᠡᠷᠭᠡᠵᠢᠯ᠎ᠤᠨ ᠦᠷ᠎ᠡ ᠠᠰᠢᠭ᠎ᠤᠨ ᠡᠷᠭᠢᠯᠲᠡ ᠪᠠ ᠲᠦᠭᠡᠮᠡᠯᠵᠢᠭᠦᠯᠦᠯᠲᠡ ᠵᠢ ᠠᠬᠢᠭᠣᠯᠣᠨ᠎ᠠ᠃
(ᠶᠢᠰᠣ) ᠲᠡᠤᠬᠡ ᠵᠢᠨ ᠳᠣᠷᠠᠰᠬᠠᠯᠲᠦ ᠵᠦᠢ᠍ᠯᠡᠰ ᠪᠠ ᠮᠦᠽᠸᠸᠢ ᠵᠢᠨ ᠭᠠᠳᠠᠭ᠋ᠠᠳᠦ ᠵᠢᠴᠢ ᠰᠢᠶᠠᠩᠭ᠋ᠠᠩ᠂ ᠣᠤᠮᠸᠨ᠂ ᠲᠠᠢ᠌ᠸᠠᠨ᠎ᠲᠠᠢ ᠬᠠᠷᠢᠯᠴᠠᠬᠣ ᠪᠠ ᠬᠠᠮᠳᠣᠷᠠᠨ ᠠᠵᠢᠯᠯᠠᠬᠣ ᠵᠢ ᠬᠠᠮᠢᠶᠠᠷᠣᠨ ᠵᠢᠭ᠋ᠠᠨ ᠵᠢᠯᠣᠭᠣᠳᠴᠤ᠂ ᠲᠡᠤᠬᠡ ᠵᠢᠨ ᠳᠣᠷᠠᠰᠬᠠᠯᠲᠦ ᠵᠦᠢ᠍ᠯᠡᠰ᠎ᠤᠨ ᠭᠠᠳᠠᠭ᠋ᠠᠳᠦ᠎ᠳᠤ ᠭᠠᠷᠭ᠋ᠠᠬᠣ᠂ ᠭᠠᠳᠠᠭ᠋ᠠᠳᠤ᠎ᠠᠴᠠ ᠣᠷᠣᠭᠣᠯᠬᠣ᠎ᠳᠤ ᠬᠠᠮᠢᠶᠠᠲᠠᠢ ᠵᠦᠪᠰᠢᠶᠡᠷᠡᠯ ᠭᠡᠷᠡᠴᠢ ᠲᠡᠮᠳᠡᠭ ᠪᠣᠯᠣᠨ ᠬᠢᠨᠠᠨ ᠲᠣᠭᠲᠠᠭ᠋ᠠᠬᠣ ᠠᠵᠢᠯ᠎ᠢ ᠬᠠᠷᠢᠭᠣᠴᠠᠨ᠎ᠠ᠃
(ᠠᠷᠪᠠ) ᠦᠪᠡᠷᠲᠡᠭᠡᠨ ᠵᠠᠰᠠᠬᠣ ᠣᠷᠣᠨ᠎ᠤ ᠨᠠᠮ᠎ᠤᠨ ᠬᠣᠷᠢᠶ᠎ᠠ ᠪᠣᠯᠣᠨ ᠵᠠᠰᠠᠭ᠎ᠤᠨ ᠣᠷᠳᠣᠨ ᠵᠢᠴᠢ ᠰᠣᠶᠣᠯ ᠪᠠ ᠵᠢᠭᠣᠴᠢᠯᠠᠯ᠎ᠤᠨ ᠲᠢᠩᠬᠢᠮ᠎ᠠᠴᠠ ᠳᠣᠰᠢᠶᠠᠭᠰᠠᠨ ᠪᠣᠰᠣᠳ ᠠᠵᠢᠯ ᠲᠦᠷᠦᠯ᠎ᠢ ᠳᠠᠭ᠋ᠠᠭ᠋ᠠᠴᠢᠯᠠᠨ ᠪᠡᠶᠡᠯᠡᠭᠦᠯᠦᠨ᠎ᠡ᠃
ᠪᠠᠢ᠌ᠭᠤᠯᠭ᠎ᠠ ᠵᠢᠨ ᠬᠠᠷᠢᠭᠤᠴᠠᠯᠭ᠋ᠠᠲᠠᠨ ᠄ ᠼᠤᠤ ᠵᠢᠶᠠᠨ ᠡᠸᠨ
ᠬᠠᠷᠢᠯᠴᠠᠬᠤ ᠤᠲᠠᠰᠤ ᠄0471-6355751
ᠠᠯᠪᠠᠯᠠᠬᠤ ᠬᠠᠶᠢᠭ ᠄ ᠬᠦᠬᠡᠬᠤᠲᠠ ᠵᠢᠨ ᠰᠠᠢ᠌ᠬᠠᠨ ᠲᠤᠭᠤᠷᠢᠭ᠎ᠤᠨ ᠤᠯᠠᠭ᠋ᠠᠨᠴᠠᠪ ᠪᠠᠷᠠᠭᠤᠨ ᠵᠡᠭᠡᠯᠢ ᠵᠢᠨ 32 ᠳ᠋ᠤᠭ᠋ᠠᠷ ᠨᠤᠮᠸᠷ ᠦᠪᠦᠷ ᠮᠤᠩᠭᠤᠯ᠎ᠤᠨ ᠰᠤᠶᠤᠯ᠎ᠤᠨ ᠲᠣᠮᠣ ᠠᠰᠠᠷ ᠃
ᠠᠯᠪᠠᠯᠠᠬᠤ ᠴᠠᠭ ᠄ ᠠᠵᠢᠯ᠎ᠤᠨ ᠡᠲᠦᠷ ᠄9᠄00-12᠄00 ᠂ 13:30-17:30