9 ᠰᠠᠷ᠎ᠠ᠎ᠶ᠋ᠢᠨ 14 ᠤ᠋ ᠡᠳᠦᠷ᠂ ᠤᠯᠤᠰ᠎ᠤᠨ ᠲᠡᠷᠢᠭᠦᠯᠡᠭ᠌ᠴᠢ ᠰᠢ᠎ᠵᠢᠨ᠎ᠫᠢᠩ ᠪᠣᠯᠤᠨ ᠰᠸᠢᠰ᠎ᠦᠨ ᠬᠣᠯᠪᠣᠭᠠᠨ᠎ᠤ ᠲᠡᠷᠢᠭᠦᠯᠡᠭ᠌ᠴᠢ ᠺᠠᠢ᠌ᠯᠸ — ᠽᠦᠲ᠋ᠸᠷ ᠬᠠᠷᠢᠯᠴᠠᠨ ᠪᠠᠶᠠᠷ᠎ᠤᠨ ᠴᠠᠬᠢᠯᠭᠠᠨ ᠴᠢᠮᠡᠭᠡ ᠶᠠᠪᠤᠭᠤᠯᠵᠤ᠂ ᠬᠣᠶᠠᠷ ᠤᠯᠤᠰ᠎ᠤᠨ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ 75 ᠵᠢᠯ᠎ᠦᠨ ᠣᠶ᠎ᠶ᠋ᠢ ᠪᠡᠯᠭᠡᠯᠡᠪᠡ᠃
ᠰᠢ᠎ᠵᠢᠨ᠎ᠫᠢᠩ᠂ ᠳᠤᠮᠳᠠᠳᠤ ᠤᠯᠤᠰ ᠪᠣᠯᠤᠨ ᠰᠸᠢᠰ ᠪᠣᠯ ᠠᠳᠠᠯᠢ ᠪᠤᠰᠤ ᠨᠡᠢᠭᠡᠮ᠎ᠦᠨ ᠪᠠᠢᠭᠤᠯᠤᠯ᠂ ᠠᠳᠠᠯᠢ ᠪᠤᠰᠤ ᠬᠥᠭ᠌ᠵᠢᠯᠲᠡ᠎ᠶ᠋ᠢᠨ ᠱᠠᠲᠤᠨ᠎ᠳᠠᠬᠢ ᠤᠯᠤᠰ᠎ᠤᠳ᠎ᠤᠨ ᠨᠥᠬᠥᠷᠰᠡᠭ ᠬᠠᠮᠲᠤᠷᠠᠯᠴᠠᠭᠠᠨ᠎ᠤ ᠬᠡᠪ ᠳᠠᠭᠤᠷᠢᠶᠠᠯ ᠮᠥᠨ᠃ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ 75 ᠵᠢᠯ᠎ᠦᠨ ᠲᠤᠷᠰᠢ᠂ ᠬᠣᠶᠠᠷ ᠲᠠᠯ᠎ᠠ᠎ᠪᠠᠷ᠎ᠢᠶᠠᠨ 《ᠡᠷᠬᠡ ᠲᠡᠭ᠌ᠰᠢ᠂ ᠱᠢᠨ᠎ᠡ᠎ᠶ᠋ᠢ ᠡᠭᠦᠳᠬᠦ᠌᠂ ᠬᠠᠮᠲᠤ᠎ᠪᠠᠷ ᠠᠱᠢᠭ ᠬᠦᠷᠳᠡᠬᠦ᠌》 ᠳᠤᠮᠳᠠᠳᠤ ᠰᠸᠢᠰ᠎ᠦᠨ ᠬᠠᠮᠲᠤᠷᠠᠯᠴᠠᠭᠠᠨ᠎ᠤ ᠵᠣᠷᠢᠭ ᠰᠠᠨᠠᠭ᠎ᠠ᠎ᠶ᠋ᠢ ᠭᠠᠷ ᠬᠣᠯᠪᠣᠨ ᠪᠤᠢ ᠪᠣᠯᠭᠠᠵᠤ᠂ ᠬᠣᠶᠠᠷ ᠲᠠᠯ᠎ᠠ᠎ᠶ᠋ᠢᠨ ᠪᠠ ᠤᠯᠠᠨ ᠲᠠᠯ᠎ᠠ᠎ᠶ᠋ᠢᠨ ᠬᠦᠷᠢᠶᠡᠨ᠎ᠦ ᠬᠠᠮᠲᠤᠷᠠᠯᠴᠠᠭ᠎ᠠ ᠡᠯᠪᠡᠭ ᠪᠠᠶᠠᠯᠢᠭ ᠦᠷ᠎ᠡ ᠪᠦᠲᠦᠭᠡᠯ ᠣᠯᠵᠤ᠂ ᠬᠣᠶᠠᠷ ᠤᠯᠤᠰ᠎ᠤᠨ ᠠᠷᠠᠳ ᠲᠦᠮᠡᠨ᠎ᠦ ᠪᠤᠶᠠᠨ ᠵᠢᠷᠭᠠᠯ᠎ᠢ ᠨᠡᠮᠡᠭ᠌ᠳᠡᠭᠦᠯᠵᠦ᠍᠂ ᠤᠯᠠᠨ ᠲᠠᠯᠠᠲᠤ ᠦᠵᠡᠯ ᠪᠣᠯᠤᠨ ᠴᠢᠯᠥᠭᠡᠲᠦ ᠠᠷᠠᠯᠵᠢᠶ᠎ᠠ᠎ᠶ᠋ᠢ ᠬᠠᠮᠠᠭᠠᠯᠠᠬᠤ᠎ᠳᠤ ᠢᠳᠡᠪᠬᠢᠲᠡᠢ ᠬᠤᠪᠢ ᠨᠡᠮᠡᠷᠢ ᠦᠵᠡᠭᠦᠯᠪᠡ᠃ ᠪᠢ ᠳᠤᠮᠳᠠᠳᠤ ᠰᠸᠢᠰ᠎ᠦᠨ ᠬᠠᠷᠢᠯᠴᠠᠭ᠎ᠠ᠎ᠶ᠋ᠢᠨ ᠬᠥᠭ᠌ᠵᠢᠯᠲᠡ᠎ᠶ᠋ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ᠂ ᠳᠤᠷᠠᠲᠠᠶ᠎ᠠ ᠲᠡᠷᠢᠭᠦᠯᠡᠭ᠌ᠴᠢ ᠺᠠᠢ᠌ᠯᠸ — ᠽᠦᠲ᠋ᠸᠷ ᠲᠠᠢ ᠬᠠᠮᠲᠤ᠎ᠪᠠᠷ ᠴᠢᠷᠮᠠᠢᠵᠤ᠂ ᠭᠠᠳᠠᠭᠠᠳᠤ ᠬᠠᠷᠢᠯᠴᠠᠭ᠎ᠠ ᠪᠠᠢᠭᠤᠯᠤᠭ᠍ᠰᠠᠨ 75 ᠵᠢᠯ᠎ᠦᠨ ᠤᠢ᠎ᠪᠠᠷ ᠠᠵᠠ ᠲᠣᠬᠢᠶᠠᠯ ᠪᠣᠯᠭᠠᠵᠤ᠂ ᠠᠵᠤ ᠠᠬᠤᠢ ᠠᠷᠠᠯᠵᠢᠶ᠎ᠠ᠂ ᠡᠳ᠋᠎ᠦᠨ ᠵᠠᠰᠠᠭ ᠮᠥᠩᠭᠥᠨ ᠭᠦᠢᠯᠭᠡᠭᠡᠨ᠎ᠦ ᠬᠠᠮᠲᠤᠷᠠᠯᠴᠠᠭ᠎ᠠ ᠪᠣᠯᠤᠨ ᠰᠣᠶᠣᠯ ᠢᠷᠭᠡᠨᠱᠢᠯ᠎ᠦᠨ ᠰᠣᠯᠢᠯᠴᠠᠭ᠎ᠠ᠎ᠪᠠᠨ ᠭᠦᠨᠵᠡᠭᠡᠢᠷᠡᠭᠦᠯᠵᠦ᠍᠂ ᠳᠤᠮᠳᠠᠳᠤ ᠰᠸᠢᠰ᠎ᠦᠨ ᠱᠢᠨ᠎ᠡ᠎ᠶ᠋ᠢ ᠡᠭᠦᠳᠬᠦ᠌ ᠪᠠᠢᠯᠳᠤᠬᠤ ᠪᠤᠳᠤᠯᠭ᠎ᠠ᠎ᠶ᠋ᠢᠨ ᠬᠠᠨᠢᠲᠠᠨ᠎ᠤ ᠬᠠᠷᠢᠯᠴᠠᠭ᠎ᠠ᠎ᠶ᠋ᠢ ᠱᠢᠨ᠎ᠡ ᠲᠦᠪᠱᠢᠨ᠎ᠳᠦ ᠬᠦᠷᠭᠡᠵᠦ᠍᠂ ᠡᠷᠬᠡ ᠲᠡᠭ᠌ᠰᠢ ᠡᠮᠬᠢ ᠵᠢᠷᠤᠮ᠎ᠲᠠᠶ ᠳᠡᠯᠡᠬᠡᠢ᠎ᠶ᠋ᠢᠨ ᠤᠯᠠᠨ ᠲᠤᠢ᠌ᠯᠵᠢᠯ᠂ ᠲᠦᠭᠡᠮᠡᠯ ᠬᠠᠷᠠᠭᠠᠯᠵᠠᠯᠳᠤ ᠪᠠᠭ᠍ᠲᠠᠭᠠᠮᠵᠢᠲᠠᠢ ᠠᠵᠤ ᠠᠬᠤᠢ ᠶ᠋ᠢᠨ ᠳᠡᠯᠡᠬᠡᠢᠵᠢᠯᠲᠡ᠎ᠶ᠋ᠢ ᠠᠬᠢᠭᠤᠯᠬᠤ᠎ᠳᠤ ᠱᠢᠨ᠎ᠡ ᠬᠤᠪᠢ ᠨᠡᠮᠡᠷᠢ ᠦᠵᠡᠭᠦᠯᠦᠨ᠎ᠡ ᠭᠡᠵᠦ᠍ ᠵᠢᠭᠠᠵᠤ ᠭᠠᠷᠭᠠᠪᠠ᠃
ᠺᠠᠢ᠌ᠯᠸ — ᠽᠦᠲ᠋ᠸᠷ᠂ 75 ᠵᠢᠯ᠎ᠦᠨ ᠲᠤᠷᠰᠢ᠂ ᠰᠸᠢᠰ ᠳᠤᠮᠳᠠᠳᠤ ᠬᠣᠶᠠᠷ ᠤᠯᠤᠰ ᠰᠣᠯᠢᠯᠴᠠᠭ᠎ᠠ ᠶᠠᠷᠢᠯᠴᠠᠭ᠎ᠠ᠂ ᠬᠠᠷᠢᠯᠴᠠᠨ ᠬᠦᠨᠳᠦᠳᠭᠡᠬᠦ᠌ ᠪᠠ ᠪᠣᠳᠠᠲᠠᠢ᠎ᠶ᠋ᠢ ᠡᠷᠬᠢᠮᠯᠡᠭ᠌ᠰᠡᠨ ᠬᠠᠮᠲᠤᠷᠠᠯᠴᠠᠭ᠎ᠠ᠎ᠶ᠋ᠢ ᠪᠠᠷᠢᠮᠲᠠᠯᠠᠵᠤ᠂ ᠤᠯᠠᠨ ᠡᠱᠢᠲᠦ᠂ ᠪᠠᠲᠤ ᠪᠡᠬᠢ ᠬᠠᠨᠢᠲᠠᠨ᠎ᠤ ᠬᠠᠷᠢᠯᠴᠠᠭ᠎ᠠ᠎ᠶ᠋ᠢ ᠪᠠᠢᠭᠤᠯᠪᠠ᠃ 2014 ᠣᠨ᠎ᠳᠤ ᠬᠣᠶᠠᠷ ᠤᠯᠤᠰ᠎ᠤᠨ ᠴᠢᠯᠥᠭᠡᠲᠦ ᠠᠷᠠᠯᠵᠢᠶᠠᠨ᠎ᠤ ᠬᠡᠯᠡᠯᠴᠡᠭᠡᠷ ᠬᠦᠴᠦᠨ᠎ᠲᠡᠶ ᠪᠤᠯᠵᠤ᠂ 2016 ᠣᠨ᠎ᠳᠤ ᠱᠢᠨ᠎ᠡ᠎ᠶ᠋ᠢ ᠡᠭᠦᠳᠬᠦ᠌ ᠪᠠᠢᠯᠳᠤᠬᠤ ᠪᠤᠳᠤᠯᠭ᠎ᠠ᠎ᠶ᠋ᠢᠨ ᠬᠠᠨᠢᠲᠠᠨ᠎ᠤ ᠬᠠᠷᠢᠯᠴᠠᠭ᠎ᠠ᠎ᠶ᠋ᠢ ᠪᠠᠢᠭᠤᠯᠤᠭ᠍ᠰᠠᠨ ᠨᠢ ᠴᠥᠮ ᠰᠸᠢᠰ ᠳᠤᠮᠳᠠᠳᠤ᠎ᠶ᠋ᠢᠨ ᠬᠠᠷᠢᠯᠴᠠᠭᠠᠨ᠎ᠤ ᠬᠥᠱᠢᠢ᠎ᠡ ᠲᠡᠮᠳᠡᠭ ᠪᠣᠯᠤᠨ᠎ᠠ᠂ ᠡᠨᠡ ᠨᠢ ᠬᠣᠶᠠᠷ ᠲᠠᠯ᠎ᠠ᠎ᠶ᠋ᠢᠨ ᠡᠯ᠎ᠡ ᠬᠦᠷᠢᠶᠡᠨ᠎ᠦ ᠬᠠᠮᠲᠤᠷᠠᠯᠴᠠᠭ᠎ᠠ ᠲᠠᠰᠤᠷᠠᠯᠳᠡ ᠦᠭᠡᠢ ᠥᠷᠭᠡᠵᠢᠨ ᠭᠦᠨᠵᠡᠭᠡᠢᠷᠡᠭ᠌ᠰᠡᠨᠢ ᠬᠠᠷᠠᠭᠤᠯᠵᠤ ᠪᠠᠢᠨ᠎ᠠ᠃ ᠢᠷᠡᠭᠡᠳᠦᠢᠳ᠋ᠸ᠋᠂ ᠰᠸᠢᠰ ᠳᠤᠷᠠᠲᠠᠶ᠎ᠠ ᠳᠤᠮᠳᠠᠳᠤ ᠤᠯᠤᠰ᠎ᠯᠤᠭ᠎ᠠ᠎ᠶ᠋ᠢᠨ ᠰᠣᠯᠢᠯᠴᠠᠭ᠎ᠠ ᠬᠠᠮᠲᠤᠷᠠᠯᠴᠠᠭ᠎ᠠ᠎ᠪᠠᠨ ᠦᠷᠭᠦᠯᠵᠢᠯᠡᠨ ᠭᠦᠨᠵᠡᠭᠡᠢᠷᠡᠭᠦᠯᠵᠦ᠍᠂ ᠬᠣᠶᠠᠷ ᠤᠯᠤᠰ᠎ᠤᠨ ᠤᠷᠳᠤ ᠬᠤᠭᠤᠴᠠᠭᠠᠨ᠎ᠤ ᠨᠥᠬᠥᠷᠯᠡᠯ᠎ᠢ ᠵᠤᠵᠠᠭᠠᠳᠬᠠᠨ᠎ᠠ ᠭᠡᠵᠦ ᠢᠯᠡᠳᠬᠡᠪᠡ᠃
ᠱᠢᠨᠬᠤᠸᠠ ᠬᠤᠷᠢᠶ᠎ᠠ᠎ᠶᠢᠨ ᠪᠡᠭᠡᠵᠢᠩ᠎ᠦᠨ 9 ᠰᠠᠷ᠎ᠠ᠎ᠶ᠋ᠢᠨ 14 ᠤ᠋ ᠴᠠᠬᠢᠯᠭᠠᠨ ᠮᠡᠳᠡᠭᠡ