ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠲᠥᠪ᠎ᠦᠨ ᠲᠥᠯᠥᠭᠡᠯᠡᠭᠴᠢᠳ᠎ᠦᠨ ᠪᠦᠯᠬᠦᠮ᠎ᠢ ᠳᠠᠭᠠᠭᠤᠯᠤᠨ ᠰᠢᠨᠵᠢᠶᠠᠩ᠎ᠤᠨ ᠤᠢᠭᠤᠷ᠎ᠤᠨ ᠥᠪᠡᠷᠲᠡᠭᠡᠨ ᠵᠠᠰᠠᠬᠤ ᠣᠷᠣᠨ ᠪᠠᠢᠭᠤᠯᠤᠭᠳᠠᠭᠰᠠᠨ 70 ᠣᠢ᠎ᠶᠢ ᠪᠡᠯᠭᠡᠯᠡᠬᠦ ᠠᠵᠢᠯᠯᠠᠭ᠎ᠠ᠎ᠳᠤ ᠣᠷᠣᠯᠴᠠᠬᠤ᠎ᠪᠠᠷ ᠰᠢ᠎ᠵᠢᠨ᠎ᠫᠢᠩ ᠦᠷᠦᠮᠴᠢ᠎ᠳᠦ ᠬᠦᠷᠪᠠ
ᠨᠡᠶᠢᠲᠡᠯᠡᠭᠰᠡᠨ ᠴᠠᠭ᠄ 2025-09-28

ᠸᠠᠩ ᠬᠣ᠌ ᠨᠢᠩ  ᠼᠠᠢ ᠴᠢ ᠨᠢᠰᠭᠡᠯ᠎ᠢᠶᠡᠷ ᠬᠠᠮᠳᠤ ᠬᠦᠷᠴᠠᠢ

ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠶᠡᠷᠦᠩᠬᠡᠶ ᠱᠦᠵᠢ᠂ ᠤᠯᠤᠰ᠎ᠤᠨ ᠲᠡᠷᠢᠭᠦᠯᠡᠭ᠌ᠴᠢ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠲᠡᠷᠢᠭᠦᠯᠡᠭ᠌ᠴᠢ ᠰᠢ᠎ᠵᠢᠨ᠎ᠫᠢᠩ ᠲᠥᠪ᠎ᠦᠨ ᠲᠥᠯᠥᠭᠡᠯᠡᠭ᠌ᠴᠢᠳ᠎ᠦᠨ ᠪᠦᠯᠬᠦᠮ᠎ᠢ ᠳᠠᠭᠠᠭᠤᠯᠤᠨ 23 ᠎ᠤ᠋ ᠦᠳᠡ᠎ᠶ᠋ᠢᠨ ᠬᠣᠢᠨ᠎ᠠ ᠲᠤᠰᠭᠠᠶ ᠨᠢᠰᠭᠡᠯ᠎ᠢᠶᠡᠷ ᠦᠷᠦᠮᠴᠢ᠎ᠳᠦ ᠬᠦᠷᠴᠦ᠍᠂ ᠱᠢᠨᠵᠢᠶᠠᠩ᠎ᠤᠨ ᠤᠢᠭᠤᠷ᠎ᠤᠨ ᠥᠪᠡᠷᠲᠡᠭᠡᠨ ᠵᠠᠰᠠᠬᠤ ᠣᠷᠣᠨ ᠪᠠᠢᠭᠤᠯᠤᠭ᠍ᠳᠠᠭ᠍ᠰᠠᠨ 70 ᠵᠢᠯ᠎ᠦᠨ ᠣᠶ᠎ᠶ᠋ᠢ ᠪᠡᠯᠭᠡᠯᠡᠬᠦ᠌ ᠠᠵᠢᠯᠯᠠᠭ᠎ᠠ᠎ᠳᠤ ᠣᠷᠣᠯᠴᠠᠬᠤ ᠪᠤᠯᠤᠨ᠎ᠠ᠃ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭ᠌ᠴᠢ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠲᠡᠷᠢᠭᠦᠯᠡᠭ᠌ᠴᠢ᠎ᠶᠢᠨ ᠬᠤᠪᠢ᠎ᠪᠡᠷ ᠰᠢ᠎ᠵᠢᠨ᠎ᠫᠢᠩ ᠲᠥᠪ᠎ᠦᠨ ᠲᠥᠯᠥᠭᠡᠯᠡᠭ᠌ᠴᠢᠳ᠎ᠦᠨ ᠪᠦᠯᠬᠦᠮ᠎ᠢ ᠳᠠᠭᠠᠭᠤᠯᠤᠨ ᠱᠢᠨᠵᠢᠶᠠᠩ᠎ᠳᠤ ᠬᠦᠷᠴᠦ᠍ ᠱᠢᠨᠵᠢᠶᠠᠩ᠎ᠤᠨ ᠤᠢᠭᠤᠷ᠎ᠤᠨ ᠥᠪᠡᠷᠲᠡᠭᠡᠨ ᠵᠠᠰᠠᠬᠤ ᠣᠷᠣᠨ ᠪᠠᠢᠭᠤᠯᠤᠭ᠍ᠳᠠᠭ᠍ᠰᠠᠨ᠎ᠢ ᠪᠡᠯᠭᠡᠯᠡᠬᠦ᠌ ᠠᠵᠢᠯᠯᠠᠭ᠎ᠠ᠎ᠳᠤ ᠣᠷᠣᠯᠴᠠᠵᠤ ᠪᠠᠢᠭ᠎ᠠ ᠶᠠᠪᠤᠳᠠᠯ ᠎ᠨᠢ ᠨᠠᠮ ᠪᠠ ᠲᠦᠷᠦ᠎ᠶᠢᠨ ᠲᠡᠦᠬᠡᠨ ᠳᠡᠭᠡᠷ᠎ᠡ ᠠᠩᠬ᠎ᠠ ᠤᠳᠠᠭ᠎ᠠ ᠪᠠᠢᠵᠦ᠂ ᠨᠠᠮ᠎ᠤᠨ ᠲᠥᠪ ᠬᠣᠷᠢᠶ᠎ᠠ᠎ᠡᠴᠡ ᠱᠢᠨᠵᠢᠶᠠᠩ᠎ᠤᠨ ᠠᠵᠢᠯ᠎ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ᠂ ᠱᠢᠨᠵᠢᠶᠠᠩ᠎ᠤᠨ ᠦᠨᠳᠦᠰᠦᠲᠡᠨ ᠎ᠨᠦᠭᠦᠳ᠎ᠦᠨ ᠺᠠᠳ᠋ᠷ ᠤᠯᠠᠨ ᠲᠦᠮᠡᠨ᠎ᠢ ᠳᠣᠲᠣᠨᠣ᠎ᠪᠠᠷ ᠬᠠᠯᠠᠮᠵᠢᠯᠠᠵᠤ ᠪᠠᠢᠬᠤ᠎ᠶ᠋ᠢ ᠭᠦᠢᠴᠡᠳ ᠢᠯᠡᠷᠡᠬᠦᠯᠪᠠ᠃

9 ᠰᠠᠷ᠎ᠠ᠎ᠶᠢᠨ 23 ᠎ᠤ᠋ ᠦᠳᠡ᠎ᠶᠢᠨ ᠬᠤᠢᠨ᠎ᠠ᠂ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠶᠡᠷᠦᠩᠬᠡᠶ ᠱᠦᠵᠢ᠂ ᠤᠯᠤᠰ᠎ᠤᠨ ᠲᠡᠷᠢᠭᠦᠯᠡᠭ᠌ᠴᠢ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠲᠡᠷᠢᠭᠦᠯᠡᠭ᠌ᠴᠢ ᠰᠢ᠎ᠵᠢᠨ᠎ᠫᠢᠩ ᠲᠥᠪ᠎ᠦᠨ ᠲᠥᠯᠥᠭᠡᠯᠡᠭ᠌ᠴᠢᠳ᠎ᠦᠨ ᠪᠦᠯᠬᠦᠮ᠎ᠢ ᠳᠠᠭᠠᠭᠤᠯᠤᠨ  ᠲᠤᠰᠭᠠᠶ ᠨᠢᠰᠭᠡᠯ᠎ᠢᠶᠡᠷ ᠦᠷᠦᠮᠴᠢ᠎ᠳᠦ ᠬᠦᠷᠴᠦ᠍᠂ ᠱᠢᠨᠵᠢᠶᠠᠩ᠎ᠤᠨ ᠤᠢᠭᠤᠷ᠎ᠤᠨ ᠥᠪᠡᠷᠲᠡᠭᠡᠨ ᠵᠠᠰᠠᠬᠤ ᠣᠷᠣᠨ ᠪᠠᠢᠭᠤᠯᠤᠭ᠍ᠳᠠᠭ᠍ᠰᠠᠨ 70 ᠵᠢᠯ᠎ᠦᠨ ᠣᠶ᠎ᠶᠢ ᠪᠡᠯᠭᠡᠯᠡᠬᠦ᠌ ᠠᠵᠢᠯᠯᠠᠭ᠎ᠠ᠎ᠳᠤ ᠣᠷᠣᠯᠴᠠᠬᠤ ᠪᠤᠯᠤᠨ᠎ᠠ᠃ ᠵᠢᠷᠤᠭ ᠪᠤᠯ ᠰᠢ᠎ᠵᠢᠨ᠎ᠫᠢᠩ ᠤᠭᠲᠤᠬᠤ ᠪᠡᠷ ᠢᠷᠡᠭᠰᠡᠨ ᠤᠯᠠᠨ᠎ᠤ ᠵᠦᠭ ᠭᠠᠷ ᠳᠠᠯᠠᠯᠤᠨ ᠮᠠᠨᠳᠤᠴᠢᠯᠠᠵᠦ ᠪᠠᠢᠭ᠎ᠠ ᠨᠢ᠃

ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠤᠯᠤᠰ ᠲᠦᠷᠦ᠍᠎ᠶ᠋ᠢᠨ ᠲᠣᠪᠴᠢᠶᠠᠨ᠎ᠤ ᠪᠠᠢᠩᠭᠤ᠎ᠶ᠋ᠢᠨ ᠭᠡᠱᠢᠭᠦᠨ᠂ ᠪᠦᠬᠦ᠌ ᠤᠯᠤᠰ᠎ᠤᠨ ᠤᠯᠤᠰ ᠲᠦᠷᠦ᠍᠎ᠶᠢᠨ ᠵᠥᠪᠯᠡᠯᠭᠡᠨ ᠎ᠦ ᠲᠡᠷᠢᠭᠦᠯᠡᠭ᠌ᠴᠢ᠂ ᠲᠥᠪ᠎ᠦᠨ ᠲᠥᠯᠥᠭᠡᠯᠡᠭ᠌ᠴᠢᠳ᠎ᠦᠨ ᠪᠦᠯᠬᠦᠮ᠎ᠦᠨ ᠳᠠᠷᠤᠭ᠎ᠠ ᠸᠠᠩ ᠬ᠍ᠤ ᠨᠢᠩ᠂ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠤᠯᠤᠰ ᠲᠦᠷᠦ᠍᠎ᠶ᠋ᠢᠨ ᠲᠣᠪᠴᠢᠶᠠᠨ᠎ᠤ ᠪᠠᠢᠩᠭᠤ᠎ᠶᠢᠨ ᠭᠡᠱᠢᠭᠦᠨ᠂ ᠨᠠᠮ᠎ᠤᠨ ᠲᠥᠪ ᠬᠤᠷᠢᠶ᠎ᠠ ᠵᠢᠨ ᠠᠯᠪᠠᠨ ᠲᠢᠩᠬᠢᠮ᠎ᠦᠨ ᠡᠷᠬᠢᠯᠡᠭ᠌ᠴᠢ ᠼᠠᠢ ᠴᠢ ᠨᠢᠰᠭᠡᠯ ᠵᠢᠡᠷ ᠬᠠᠮᠲᠤ ᠬᠦᠷᠪᠡ᠃

ᠠᠯᠲᠠᠨ ᠨᠠᠮᠤᠷ᠎ᠤᠨ ᠤᠯᠠᠷᠢᠯ᠎ᠳᠤ ᠱᠢᠨᠵᠢᠶᠠᠩ᠎ᠤᠨ ᠡᠬᠡ ᠭᠠᠵᠠᠷ᠎ᠲᠤ ᠡᠯᠪᠡᠭ ᠬᠤᠷᠢᠶᠠᠯᠲᠠ᠎ᠶ᠋ᠢᠨ ᠪᠠᠶᠠᠷ ᠪᠠᠬᠠᠳᠤᠯ᠎ᠢᠶᠠᠷ ᠪᠢᠯᠬᠠᠨ᠎ᠠ᠃ ᠦᠷᠦᠮᠴᠢ᠎ᠶ᠋ᠢᠨ ᠲᠩᠷᠢ ᠠᠭᠤᠯᠠ ᠎ᠣᠯᠠᠨ ᠤᠯᠤᠰ᠎ᠤᠨ ᠨᠢᠰᠭᠡᠯ᠎ᠦᠨ ᠪᠠᠭᠤᠳᠠᠯ᠎ᠳ᠋ᠤ ᠬᠡᠩᠭᠡᠷᠭᠡ ᠨᠢᠵᠢᠭᠢᠨᠡᠵᠦ᠍᠂ ᠬᠥᠷ ᠬᠥᠭ᠌ᠵᠢᠶᠡᠨ᠎ᠢᠶᠡᠷ ᠪᠢᠯᠬᠠᠨ᠎ᠠ᠃

14 ᠴᠠᠭ 20 ᠮᠢᠨᠦ᠋ᠲ᠎ᠦᠨ ᠦᠶ᠎ᠡ᠎ᠪᠡᠷ᠂ ᠰᠢ᠎ᠵᠢᠨ᠎ᠫᠢᠩ᠎ᠦᠨ ᠰᠠᠭᠤᠭ᠍ᠰᠠᠨ ᠲᠤᠰᠭᠠᠢ ᠨᠢᠰᠭᠡᠯ ᠲᠩᠷᠢ ᠠᠭᠤᠯᠠ ᠤᠯᠠᠨ ᠤᠯᠤᠰ᠎ᠤᠨ ᠨᠢᠰᠭᠡᠯ᠎ᠦᠨ ᠪᠠᠭᠤᠳᠠᠯ᠎ᠳᠤ ᠭᠠᠵᠠᠷᠳᠠᠪᠠ᠃ ᠨᠢᠰᠭᠡᠯ᠎ᠦᠨ ᠵᠣᠭ᠍ᠰᠣᠭᠠᠯ ᠳᠡᠭᠡᠷ᠎ᠡ ᠬᠦᠯᠢᠶᠡᠵᠦ᠍ ᠪᠠᠢᠭ᠍ᠰᠠᠨ ᠱᠢᠨᠵᠢᠶᠠᠩ᠎ᠤᠨ ᠡᠯ᠎ᠡ ᠦᠨᠳᠦᠰᠦᠲᠡᠨ ᠡᠯ᠎ᠡ ᠡᠲᠡᠭᠡᠳ᠎ᠦᠨ ᠤᠯᠠᠨ ᠲᠦᠮᠡᠨ ᠪᠠᠶᠠᠷᠯᠠᠯᠳᠤᠨ ᠤᠤᠬᠠᠢᠯᠠᠯᠳᠤᠵᠤ ᠬᠠᠯᠠᠭᠤᠨ ᠵᠢᠡᠷ ᠤᠬᠳᠤᠪᠠ᠃ ᠰᠢ᠎ᠵᠢᠨ᠎ᠫᠢᠩ ᠨᠢᠰᠭᠡᠯ᠎ᠦᠨ ᠦᠷᠦᠬᠡ᠎ᠡᠴᠡ ᠭᠠᠷᠴᠤ᠌ ᠤᠯᠠᠨ ᠲᠦᠮᠡᠨ᠎ᠦ ᠵᠦᠭ ᠭᠠᠷ ᠳᠠᠯᠠᠯᠤᠨ ᠮᠡᠨᠳᠦᠴᠢᠯᠡᠯ ᠳᠡᠪᠱᠢᠭᠦᠯᠪᠡ᠃

ᠱᠢᠨᠵᠢᠶᠠᠩ᠎ᠤᠨ ᠤᠢᠭᠤᠷ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠱᠦᠵᠢ ᠴᠧᠨ ᠱᠢᠶᠤᠤ ᠵᠢᠶᠠᠩ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭ᠌ᠴᠢ ᠠᠢ᠌ᠷᠺᠸᠨ · ᠲᠦᠨᠢᠶᠠᠽᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠎ᠶᠢᠨ ᠡᠷᠬᠢᠯᠡᠭ᠌ᠴᠢ ᠽᠦᠮᠦ᠋ᠷᠸᠲ · ᠦᠪᠦ᠋ᠯᠢ᠂ ᠥᠪᠡᠷᠲᠡᠭᠡᠨ ᠵᠠᠰᠠᠬᠤ ᠣᠷᠣᠨ᠎ᠤ ᠤᠯᠤᠰ ᠲᠦᠷᠦ᠍᠎ᠶᠢᠨ ᠵᠥᠪᠯᠡᠯᠭᠡᠨ᠎ᠦ ᠲᠡᠷᠢᠭᠦᠯᠡᠭ᠌ᠴᠢ ᠨᠦᠷᠯᠠᠨ · ᠠᠪᠦ᠋ᠳᠦᠮᠠᠨᠵᠢᠨ᠂ ᠱᠢᠨᠵᠢᠶᠠᠩ᠎ᠤᠨ ᠦᠢᠯᠡᠳᠪᠦᠷᠢᠯᠡᠯ ᠪᠦᠳᠦᠭᠡᠨ ᠪᠠᠢᠭᠤᠯᠤᠯᠲᠠ᠎ᠶ᠋ᠢᠨ ᠪᠢᠩᠲ᠋ᠤᠸᠠᠨ᠎ᠤ ᠺᠣᠮᠢᠰᠰᠠᠷ ᠾᠧ ᠵᠦᠩ ᠶᠢᠦ ᠨᠠᠷ ᠨᠢᠰᠭᠡᠯ᠎ᠡᠴᠡ ᠪᠠᠭᠤᠬᠤ ᠱᠠᠲᠤᠨ᠎ᠤ ᠳᠣᠣᠷ᠎ᠠ ᠵᠤᠬᠰᠤᠨ ᠤᠭ᠍ᠲᠤᠪᠠ᠃ ᠰᠢ᠎ᠵᠢᠨ᠎ᠫᠢᠩ ᠨᠢᠰᠭᠡᠯ᠎ᠦᠨ ᠱᠠᠲᠤᠨ᠎ᠡᠴᠡ ᠪᠠᠭᠤᠵᠤ ᠢᠷᠡᠬᠦ ᠦᠶ᠎ᠡ᠎ᠳᠦ ᠪᠠᠭᠠᠴᠤᠳ᠎ᠤᠨ ᠬᠣᠱᠢᠭᠤᠴᠢ ᠠᠩᠭᠢ᠎ᠶ᠋ᠢᠨ ᠭᠡᠱᠢᠭᠦᠳ ᠰᠣᠷᠭᠣᠭ ᠴᠡᠴᠡᠭ ᠬᠦᠷᠭᠡᠪᠡ᠃ ᠦᠨᠳᠦᠰᠦᠲᠡᠨ ᠎ᠨᠦᠭᠦᠳ᠎ᠦᠨ ᠤᠯᠠᠨ ᠲᠦᠮᠡᠨ ᠦᠨᠳᠦᠰᠦᠲᠡᠨ᠎ᠦ ᠬᠤᠪᠴᠠᠰᠤ ᠵᠠᠰᠠᠯ᠎ᠢᠶᠠᠷ᠎ᠢᠶᠠᠨ ᠭᠤᠶᠤᠯᠠᠵᠤ᠂ ᠳᠠᠭᠤᠯᠠᠨ ᠪᠥᠵᠢᠭ᠌ᠯᠡᠵᠦ᠍᠂ ᠶᠡᠷᠦᠩᠬᠡᠢ ᠱᠦᠵᠢ᠎ᠶ᠋ᠢᠨ ᠬᠦᠷᠴᠦ᠍ ᠢᠷᠡᠭ᠌ᠰᠡᠨ᠎ᠢ ᠪᠠᠶᠠᠷᠯᠠᠨ ᠤᠭ᠍ᠲᠤᠵᠤ᠂ ᠶᠡᠷᠦᠩᠬᠡᠢ ᠱᠦᠵᠢ᠎ᠳᠦ ᠴᠢᠩ ᠰᠡᠳᠭᠢᠯ᠎ᠦᠨ ᠵᠥᠩᠨᠡᠯ ᠳᠡᠪᠱᠢᠭᠦᠯᠵᠦ᠍ ᠪᠠᠢᠬᠤ᠎ᠪᠠᠨ ᠢᠯᠡᠳᠭᠡᠪᠡ᠃

ᠦᠷᠦᠮᠴᠢ ᠬᠣᠲᠠ ᠪᠠᠶᠠᠷ᠎ᠤᠨ ᠡᠳᠦᠷ᠎ᠦᠨ ᠠᠭᠤᠷ ᠠᠮᠢᠰᠭᠤᠯ ᠎ᠢᠶᠠᠷ ᠪᠢᠯᠬᠠᠨ᠎ᠠ᠃ ᠨᠢᠰᠭᠡᠯ᠎ᠦᠨ ᠪᠠᠭᠤᠳᠠᠯ ᠎ᠡᠴᠡ ᠰᠠᠭᠤᠬᠤ ᠭᠠᠵᠠᠷ᠎ᠤᠨ ᠭᠣᠣᠯ ᠵᠡᠭᠡᠯᠢ ᠭᠤᠳᠤᠮᠵᠢ ᠎ᠬᠦᠷᠳᠡᠯ᠎ᠠ ᠵᠡᠭᠡᠯᠢ ᠵᠢᠨ ᠬᠣᠶᠠᠷ ᠬᠠᠵᠠᠭᠤ ᠪᠡᠷ ᠴᠡᠴᠡᠭ ᠬᠤᠸᠠᠷ ᠮᠢᠷᠠᠯᠵᠠᠨ ᠳᠡᠯᠭᠡᠷᠡᠵᠦ᠍᠂ ᠥᠩᠭᠡᠲᠦ ᠲᠤᠭ ᠨᠠᠮᠢᠷᠠᠨ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ ᠭᠠᠷ᠎ᠲᠠᠭᠠᠨ ᠤᠯᠠᠭᠠᠨ ᠲᠤᠭ ᠠᠳᠭᠤᠵᠤ᠂ ᠬᠠᠮᠳᠤ᠎ᠪᠠᠷ ᠪᠠᠶᠠᠷᠯᠠᠯᠳᠤᠨ ᠤᠤᠬᠠᠢᠯᠠᠯᠳᠤᠵᠤ᠂ ᠬᠠᠯᠠᠭᠤᠨ᠎ᠢᠶᠠᠷ ᠤᠭ᠍ᠲᠤᠵᠤ ᠪᠠᠢᠬᠤ ᠪᠠ ᠲᠠᠯᠠᠷᠬᠠᠵᠤ ᠪᠠᠢᠬᠤ ᠰᠡᠳᠭᠢᠯᠭᠡ᠎ᠪᠡᠨ ᠢᠯᠡᠳᠭᠡᠪᠡ᠃ ᠰᠢ᠎ᠵᠢᠨ᠎ᠫᠢᠩ ᠲᠡᠷᠭᠡᠨ ᠴᠤᠨᠭᠬᠤ᠎ᠪᠠᠨ ᠨᠡᠭᠡᠭᠡᠵᠤ᠂ ᠵᠠᠮ ᠳᠠᠭᠠᠤ᠎ᠶᠢᠨ ᠤᠯᠠᠨ ᠲᠦᠮᠡᠨ᠎ᠦ ᠵᠦᠭ ᠲᠠᠬᠢᠨ ᠲᠠᠬᠢᠨ ᠭᠠᠷ ᠳᠠᠯᠠᠯᠤᠨ ᠲᠤᠳᠤᠨᠤ᠎ᠪᠠᠷ ᠮᠡᠨᠳᠤᠴᠢᠯᠡᠪᠠ᠃

ᠲᠥᠪ᠎ᠦᠨ ᠲᠥᠯᠥᠭᠡᠯᠡᠭ᠌ᠴᠢᠳ᠎ᠦᠨ ᠪᠦᠯᠬᠦᠮ᠎ᠦᠨ ᠳᠡᠳ᠋ ᠳᠠᠷᠤᠭ᠎ᠠ᠎ᠶ᠋ᠢᠨ ᠲᠤᠱᠢᠶᠠᠯ᠎ᠢ ᠡᠭᠦᠷᠭᠡᠯᠡᠵᠦ᠍ ᠪᠠᠢᠭ᠎ᠠ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠤᠯᠤᠰ ᠲᠦᠷᠦ᠍᠎ᠶ᠋ᠢᠨ ᠲᠣᠪᠴᠢᠶᠠᠨ᠎ᠤ ᠭᠡᠱᠢᠭᠦᠨ᠂ ᠲᠥᠪ᠎ᠦᠨ ᠨᠢᠭᠡᠳᠦᠮᠡᠯ ᠹᠷᠣᠨᠲ᠎ᠤᠨ ᠬᠡᠯᠲᠡᠰ᠎ᠦᠨ ᠳᠠᠷᠤᠭ᠎ᠠ ᠯᠢ ᠭᠠᠨ ᠵᠢᠶ᠍ᠸ᠂ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶ᠎ᠠ᠎ᠶᠢᠨ ᠳᠡᠳ᠋ ᠬᠤᠷᠢᠶᠠᠨ ᠳᠠᠷᠤᠭ᠎ᠠ ᠱᠢᠤᠸᠠᠢ᠌ᠺᠸᠯᠠᠢ᠌ᠲ · ᠵᠠᠺᠸᠯ᠂ ᠲᠦᠷᠦ᠍᠎ᠶ᠋ᠢᠨ ᠶᠠᠪᠤᠳᠠᠯ᠎ᠤᠨ ᠭᠡᠱᠢᠭᠦᠨ ᠱᠸᠨ ᠢ ᠴᠢᠨ᠂ ᠪᠦᠬᠦ᠌ ᠤᠯᠤᠰ᠎ᠤᠨ ᠤᠯᠤᠰ ᠲᠦᠷᠦ᠍᠎ᠶᠢᠨ ᠵᠥᠪᠯᠡᠯᠭᠡᠨ᠎ᠦ ᠳᠡᠳ᠋ ᠲᠡᠷᠢᠭᠦᠯᠡᠭ᠌ᠴᠢ ᠸᠠᠩ ᠳ᠋ᠦᠩ ᠹᠸᠩ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠭᠡᠱᠢᠭᠦᠨ ᠯᠢᠦ ᠵᠧᠨ ᠯᠢ᠂ ᠪᠠᠷ᠎ᠠ ᠪᠤᠯᠵᠤ ᠠᠵᠢᠯᠯᠠᠭ᠎ᠠ᠎ᠳᠤ ᠣᠷᠣᠯᠴᠠᠬᠤ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠤᠯᠤᠰ ᠲᠦᠷᠦ᠍᠎ᠶ᠋ᠢᠨ ᠲᠣᠪᠴᠢᠶᠠᠨ᠎ᠤ ᠭᠡᠱᠢᠭᠦᠨ᠂ ᠲᠦᠷᠦ᠍᠎ᠶ᠋ᠢᠨ ᠶᠠᠪᠤᠳᠠᠯ᠎ᠤᠨ ᠬᠣᠷᠢᠶ᠎ᠠ᠎ᠶᠢᠨ ᠳᠡᠳ᠋ ᠶᠡᠷᠦᠩᠬᠡᠢ ᠰᠠᠢᠳ ᠾᠧ ᠯᠢ ᠹᠸᠩ᠂ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠱᠦᠵᠢ᠎ᠨᠡᠷ᠎ᠦᠨ ᠭᠠᠵᠠᠷ᠎ᠤᠨ ᠱᠦᠵᠢ᠂ ᠲᠦᠷᠦ᠍᠎ᠶ᠋ᠢᠨ ᠶᠠᠪᠤᠳᠠᠯ᠎ᠤᠨ ᠭᠡᠱᠢᠭᠦᠨ ᠸᠠᠩ ᠱᠢᠶᠤᠤ ᠬᠣᠩ᠎ᠨᠠᠷ ᠨᠢᠰᠭᠡᠯ᠎ᠢᠶᠡᠷ ᠬᠠᠮᠲᠤ ᠬᠦᠷᠪᠡ᠃

ᠲᠥᠪ᠎ᠦᠨ ᠲᠥᠯᠥᠭᠡᠯᠡᠭ᠌ᠴᠢᠳ᠎ᠦᠨ ᠪᠦᠯᠬᠦᠮ᠎ᠦᠨ ᠪᠦᠷᠢᠯᠳᠦᠬᠦᠨ ᠨᠠᠷ ᠬᠠᠮᠳᠤ ᠪᠡᠷ ᠬᠦᠷᠪᠡ᠂ ᠪᠦᠷᠢᠯᠳᠦᠬᠦᠨ᠎ᠳᠦ ᠲᠥᠪ᠎ᠦᠨ ᠪᠠ ᠲᠦᠷᠦ᠍᠎ᠶᠢᠨ ᠪᠠᠢᠭᠤᠯᠭ᠎ᠠ᠎ᠶ᠋ᠢᠨ ᠬᠣᠯᠪᠣᠭ᠍ᠳᠠᠯ ᠪᠦᠬᠦᠢ ᠰᠠᠯᠠᠭ᠎ᠠ ᠮᠥᠴᠢᠷ᠂ ᠴᠡᠷᠢᠭ ᠠᠩᠭᠢ᠎ᠶᠢᠨ ᠬᠣᠯᠪᠣᠭ᠍ᠳᠠᠯ ᠪᠦᠬᠦᠢ ᠨᠢᠭᠡᠴᠢ᠂ ᠥᠪᠥᠷ ᠮᠣᠩᠭᠣᠯ᠂ ᠭᠤᠸᠠᠩᠰᠢ᠂ ᠲᠥᠪᠡᠳ᠂ ᠨᠢᠩᠱᠢᠶᠠ ᠵᠡᠷᠭᠡ 4 ᠥᠪᠡᠷᠲᠡᠭᠡᠨ ᠵᠠᠰᠠᠬᠤ ᠣᠷᠣᠨ ᠪᠣᠯᠤᠨ ᠠᠵᠢᠯ ᠲᠦᠷᠦᠯ᠎ᠢᠶᠡᠷ ᠱᠢᠨᠵᠢᠶᠠᠩ᠎ᠢ ᠲᠤᠰᠠᠯᠠᠨ ᠲᠡᠮᠵᠢᠵᠤ ᠪᠠᠢᠭ᠎ᠠ ᠬᠣᠯᠪᠣᠭ᠍ᠳᠠᠯ ᠪᠦᠬᠦᠢ ᠮᠤᠵᠢ ᠬᠤᠲᠠ᠎ᠶ᠋ᠢᠨ ᠬᠠᠷᠢᠭᠤᠴᠠᠯᠭᠠᠲᠠᠨ ᠨᠥᠬᠥᠳ ᠵᠡᠷᠭᠡ ᠪᠠᠭ᠍ᠲᠠᠨ᠎ᠠ᠃

ᠱᠢᠨᠬᠤᠸᠠ ᠬᠣᠷᠢᠶ᠎ᠠ᠎ᠶᠢᠨ ᠦᠷᠦᠮᠴᠢ᠎ᠶᠢᠨ 9 ᠰᠠᠷ᠎ᠠ᠎ᠶᠢᠨ 23 ᠎ᠤ᠋ ᠴᠠᠬᠢᠯᠭᠠᠨ ᠮᠡᠳᠡᠭᠡ

 

ᠢᠷᠡᠯᠲᠡ᠄ ᠥᠪᠥᠷ ᠮᠣᠩᠭᠣᠯ᠎ᠤᠨ ᠦᠪᠡᠷᠲᠡᠭᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
 
            